ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠬ ᠶᠢᠨ ᠠᠢᠮᠠᠭ –2>Монгол зүйр цэцэн үгийн гураван мянган дээж – Д᠂Заяабаатар эмхэтгэв <Хийн аймаг 2> ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠬ ᠶᠢᠨ ᠠᠢᠮᠠᠭ –2>Монгол зүйр цэцэн үгийн гураван мянган дээж – Д᠂Заяабаатар эмхэтгэв <Хийн аймаг 2>

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠬ ᠶᠢᠨ ᠠᠢᠮᠠᠭ –2>Монгол зүйр цэцэн үгийн гураван мянган дээж – Д᠂Заяабаатар эмхэтгэв <Хийн аймаг 2>

2024-09-05

1302

ᠬ (x)  ᠶ᠋ᠢᠨ ᠠᠢᠮᠠᠭ - 2


           –  ᠬ (X) – 

2205 ᠬᠠᠷᠠᠢᠬᠤ ᠳ᠋ᠤ᠌ ᠬᠥᠯ ᠪᠣᠯᠵᠤ 
         ᠬᠠᠵᠠᠢᠬᠤ ᠳ᠋ᠤ᠌ ᠲᠦᠰᠢᠭ ᠪᠣᠯᠬᠤ 

2206 ᠬᠠᠷᠠᠮᠯᠠᠭᠰᠠᠨ( ᠬᠠᠷᠠᠮᠨᠠᠭᠰᠠᠨ) ᠶᠠᠭᠤᠮ᠎ᠠ  
         ᠬᠠᠷ᠎ᠠ ᠨᠣᠬᠠᠢ ᠶ᠋ᠢᠨ ᠬᠣᠭᠣᠯᠠ ᠪᠣᠯᠬᠤ 

2207 ᠬᠠᠷᠠᠮᠯᠠᠭᠰᠠᠨ( ᠬᠠᠷᠠᠮᠨᠠᠭᠰᠠᠨ) ᠢ᠋ 
         ᠬᠠᠷ᠎ᠠ ᠨᠣᠬᠠᠢ ᠳᠣᠯᠢᠶᠠᠵᠤ 
         ᠬᠠᠢᠷᠠᠯᠠᠭᠰᠠᠨ ᠢ᠋ 
         ᠰᠢᠷ᠎ᠠ ᠨᠣᠬᠠᠢ ᠬᠤᠯᠠᠭᠠᠢᠯᠠᠬᠤ

2208 ᠬᠠᠷᠠᠮᠴᠢ ᠪᠠᠶᠠᠨ ᠬᠣᠭᠣᠰᠣᠨ ᠠ᠋ᠴᠠ ᠳᠣᠣᠷ᠎ᠠ 
         ᠬᠠᠷᠠᠲᠠᠢ ᠰᠡᠴᠡᠨ ᠲᠡᠨᠡᠭ ᠡᠴᠡ ᠳᠣᠣᠷ᠎ᠠ

2209 ᠬᠠᠷᠠᠮᠴᠢ ᠰᠡᠳᠬᠢᠯ ᠬᠣᠪᠳᠣᠭ ᠰᠠᠨᠠᠭ᠎ᠠ 
         ᠬᠠᠷ᠎ᠠ ᠲᠣᠯᠣᠭᠠᠢ ᠳ᠋ᠤ᠌ ᠳᠠᠷᠤᠯᠲᠠ ᠪᠣᠯᠬᠤ

2210 ᠬᠠᠷᠠᠮᠴᠢ ᠬᠥᠮᠦᠨ ᠪᠠᠶᠠᠨ ᠪᠣᠯᠳᠠᠭ 
         ᠬᠠᠲᠠᠭᠤ ᠬᠥᠮᠦᠨ ᠨᠣᠶᠠᠨ ᠪᠣᠯᠳᠠᠭ

2211 ᠬᠠᠷᠠᠮᠴᠢ ᠬᠥᠮᠦᠨ ᠬᠠᠨᠢ ᠳ᠋ᠠᠭᠠᠨ ᠬᠠᠯᠠ ᠲᠠᠢ 
         ᠬᠠᠳᠤᠷᠭᠠᠴᠢ ᠭᠠᠬᠠᠢ ᠵᠤᠯᠵᠠᠭᠠᠨ ᠳ᠋ᠠᠭᠠᠨ ᠬᠠᠯᠠ ᠲᠠᠢ

2212 ᠬᠠᠷᠠᠮᠴᠢ ᠬᠥᠮᠦᠨ ᠳ᠋ᠦ᠍ ᠬᠠᠨᠢ ᠬᠣᠯᠠ 
         ᠬᠠᠱᠠᠩ ᠮᠣᠷᠢᠨ ᠳ᠋ᠤ᠌ ᠭᠠᠵᠠᠷ ᠬᠣᠯᠠ

2213 ᠬᠠᠷᠠᠮᠴᠢ ᠬᠥᠮᠦᠨ ᠳ᠋ᠦ᠍ ᠬᠠᠨᠢ ᠦᠭᠡᠢ 
         ᠬᠠᠷ᠎ᠠ ᠤᠰᠤᠨ ᠳ᠋ᠤ᠌ ᠥᠷᠥᠮ᠎ᠡ ᠦᠭᠡᠢ

2214 ᠬᠠᠷᠠᠮᠴᠢ ᠬᠥᠮᠦᠨ ᠦ᠌ ᠰᠠᠨᠠᠭ᠎ᠠ ᠳᠦᠭᠦᠷᠳᠡᠭ ᠦᠭᠡᠢ 
         ᠬᠠᠷ᠎ᠠ ᠨᠣᠬᠠᠢ ᠶ᠋ᠢᠨ ᠭᠡᠳᠡᠰᠦ ᠴᠠᠳᠳᠠᠭ ᠦᠭᠡᠢ

2215 ᠬᠠᠷᠠᠮᠴᠢ ᠬᠥᠮᠦᠨ ᠦ᠌ ᠦᠭᠡᠢ ᠣᠯᠠᠨ 
         ᠬᠣᠣᠷᠲᠤ ᠬᠥᠮᠦᠨ ᠦ᠌ ᠮᠡᠬᠡ ᠣᠯᠠᠨ

2216 ᠬᠠᠷᠠᠮᠴᠢ ᠡᠵᠡᠨ ᠦ᠌ 
         ᠬᠢᠲᠤᠭ᠎ᠠ ᠮᠣᠬᠣᠭᠣ

2217 ᠬᠠᠷᠠᠩᠭᠤᠢ ᠰᠥᠨᠢ ᠭᠠᠵᠠᠷ ᠬᠣᠯᠠ 
         ᠬᠠᠷᠠᠮᠴᠢ ᠬᠥᠮᠦᠨ ᠳ᠋ᠦ᠍ ᠨᠥᠬᠥᠷ ᠬᠣᠯᠠ

2218 ᠬᠠᠷᠠᠩᠭᠤᠢ ᠰᠥᠨᠢ ᠶ᠋ᠢᠨ ᠵᠡᠭᠦᠳᠦ 
         ᠭᠡᠭᠡᠨ ᠡᠳᠦᠷ ᠦ᠋ᠨ ᠪᠣᠳᠣᠯ ᠪᠣᠯᠬᠤ

2219 ᠬᠠᠷᠠᠩᠭᠤᠢ ᠶ᠋ᠢ ᠭᠡᠷᠡᠯ ᠢᠳᠡᠳᠡᠭ 
         ᠬᠠᠲᠠᠭᠤ ᠶ᠋ᠢ ᠵᠥᠭᠡᠯᠡᠨ ᠢᠳᠡᠳᠡᠭ

2220 ᠬᠠᠷᠠᠩᠭᠤᠢ ᠶ᠋ᠢ ᠲᠤᠭᠤᠯᠪᠠᠯ 
         ᠭᠡᠭᠡ ᠶ᠋ᠢ ᠦᠵᠡᠨ᠎ᠡ 
         ᠬᠠᠲᠠᠭᠤ ᠶ᠋ᠢ ᠲᠤᠭᠤᠯᠪᠠᠯ 
         ᠵᠢᠷᠭᠠᠯ ᠢ᠋ ᠡᠳ᠋ᠯᠡᠨ᠎ᠡ

2221 ᠬᠠᠷᠠᠩᠭᠤᠢ ᠳ᠋ᠤ᠌ ᠵᠤᠯᠠ ᠪᠣᠯᠵᠤ 
         ᠬᠠᠯᠠᠭᠤᠨ ᠳ᠋ᠤ᠌ ᠰᠡᠭᠦᠳᠡᠷ ᠪᠣᠯᠬᠤ

2222 ᠬᠠᠷᠠᠬᠤ ᠨᠢᠳᠦᠨ ᠦ᠌ ᠴᠡᠴᠡᠭᠡᠢ ᠮᠡᠲᠦ 
         ᠬᠠᠯᠠᠭᠤᠨ ᠵᠢᠷᠦᠬᠡᠨ ᠦ᠌ ᠲᠣᠯᠢ ᠮᠡᠲᠦ 

2223 ᠬᠠᠷᠪᠤᠭ᠎ᠠ ᠦᠭᠡᠢ ᠪᠠᠢᠬᠤ ᠳ᠋ᠤ᠌ ᠮᠡᠷᠭᠡᠨ ᠣᠯᠠᠨ  
         ᠪᠠᠷᠢᠯᠳᠤᠭ᠎ᠠ ᠦᠭᠡᠢ ᠪᠠᠢᠬᠤ ᠳ᠋ᠤ᠌ ᠪᠥᠬᠡ ᠣᠯᠠᠨ

2224 ᠬᠠᠷᠪᠤᠭᠰᠠᠨ ᠰᠤᠮᠤ  
         ᠬᠠᠷᠢᠵᠤ ᠢᠷᠡᠳᠡᠭ ᠦᠭᠡᠢ

2225 ᠬᠠᠷᠭᠢᠰ ᠭᠡᠭᠴᠢ ᠮᠠᠭᠤ ᠡᠷ᠎ᠡ ᠶ᠋ᠢᠨ ᠶᠠᠪᠤᠳᠠᠯ  
         ᠰᠢᠳᠤᠷᠭᠤ ᠭᠡᠭᠴᠢ ᠴᠢᠳᠠᠯᠲᠠᠢ ᠬᠥᠮᠦᠨ ᠦ᠌ ᠶᠣᠰᠣ

2226 ᠬᠠᠷᠢᠮᠠᠲᠠᠭᠠᠢ ᠬᠥᠮᠦᠨ ᠦ᠌ ᠬᠠᠯᠠᠰᠢᠷᠠᠬᠤ ᠨᠢ ᠣᠯᠠᠨ  
         ᠬᠠᠵᠢᠭ ᠬᠥᠮᠦᠨ ᠦ᠌ ᠤᠴᠠᠭᠠᠷᠯᠠᠬᠤ ᠨᠢ ᠣᠯᠠᠨ

2227 ᠬᠠᠷᠢᠬᠤ ᠰᠢᠪᠠᠭᠤᠨ ᠤ᠋ ᠨᠢᠰᠬᠦ ᠨᠢ ᠣᠨᠳᠣᠣ 
         ᠬᠠᠨᠢᠯᠠᠬᠤ ᠬᠥᠮᠦᠨ ᠦ᠌ ᠬᠠᠷᠠᠬᠤ ᠨᠢ ᠣᠨᠳᠣᠣ

2228 ᠬᠠᠷᠠᠴᠤ ᠬᠥᠮᠦᠨ ᠠᠷᠢᠬᠢ ᠤᠤᠭᠤᠪᠠᠯ  
         ᠬᠠᠭᠠᠨ ᠲᠠᠢ ᠠᠳᠠᠯᠢ ᠠᠭᠠᠰᠢᠯᠠᠬᠤ

2229 ᠬᠠᠷ᠎ᠠ ᠶ᠋ᠢ ᠴᠠᠭᠠᠨ ᠪᠣᠯᠭᠠᠵᠤ 
         ᠬᠤᠯᠤᠭᠠᠨ᠎ᠠ ᠶ᠋ᠢ ᠵᠠᠭᠠᠨ ᠪᠣᠯᠭᠠᠬᠤ

2230 ᠬᠠᠷᠢ ᠳ᠋ᠤ᠌ ᠥᠭᠭᠦᠭᠰᠡᠨ ᠬᠡᠦᠬᠡᠨ 
         ᠬᠠᠳᠠᠨ ᠳ᠋ᠤ᠌ ᠬᠠᠷᠪᠤᠭᠰᠠᠨ ᠰᠤᠮᠤ

2231 ᠬᠠᠳᠬᠤᠯᠳᠤᠬᠤ ᠳᠠᠢᠰᠤᠨ ᠳ᠋ᠤ᠌ 
         ᠠᠮᠢ ᠪᠠᠨ ᠪᠤᠤ ᠬᠠᠢᠷᠠᠯᠠ 
         ᠬᠠᠯᠠᠮᠵᠢᠯᠠᠬᠤ ᠬᠥᠮᠦᠨ ᠳ᠋ᠦ᠍ 
         ᠶᠠᠭᠤᠮ᠎ᠠ ᠪᠠᠨ ᠪᠤᠤ ᠬᠠᠢᠷᠠᠯᠠ

2232 ᠬᠠᠲᠠᠷᠢᠶᠠᠴᠢ ᠮᠣᠷᠢᠨ ᠤ᠋ ᠬᠣᠨᠳᠣᠯᠠᠢ ᠨᠣᠢᠲᠠᠨ 
         ᠬᠠᠷᠢᠶᠠᠯᠴᠢ ᠡᠬᠡᠨᠡᠷ ᠦ᠋ᠨ ᠠᠮᠠ ᠨᠣᠢᠲᠠᠨ

2233 ᠬᠠᠲᠠᠭᠰᠠᠨ ᠲᠣᠭᠣᠷᠢᠮ ᠠ᠋ᠴᠠ ᠬᠠᠮᠤᠭ ᠰᠢᠪᠠᠭᠤ ᠵᠠᠢᠯᠠᠨ᠎ᠠ 
         ᠬᠠᠷ᠎ᠠ ᠳᠣᠲᠣᠷᠠᠲᠠᠨ ᠠ᠋ᠴᠠ ᠬᠠᠨᠢ ᠨᠥᠬᠥᠷ ᠵᠠᠢᠯᠠᠨ᠎ᠠ

2234 ᠬᠠᠲᠠᠭᠰᠠᠨ ᠨᠠᠪᠴᠢ ᠱᠠᠷᠴᠢᠭᠢᠨᠠᠪᠠᠯ 
         ᠬᠠᠷ᠎ᠠ ᠰᠠᠯᠬᠢ ᠭᠠᠷᠤᠨ᠎ᠠ 
         ᠬᠠᠷ᠎ᠠ ᠰᠢᠷᠭᠤᠯᠵᠢ ᠣᠪᠣᠭᠠᠷᠠᠯᠳᠤᠪᠠᠯ  
         ᠬᠤᠷ᠎ᠠ ᠪᠣᠷᠣᠭ᠎ᠠ ᠣᠷᠣᠨ᠎ᠠ

2235 ᠬᠠᠲᠠᠭᠤ ᠭᠠᠵᠠᠷ ᠪᠠᠭᠤᠪᠠᠯ  
         ᠣᠷᠣᠬᠤ ᠭᠠᠷᠬᠤ ᠳ᠋ᠤ᠌ ᠮᠠᠲᠠᠯ ᠲᠠᠢ  
         ᠬᠠᠷᠠᠮᠴᠢ ᠪᠡᠷᠢ ᠲᠡᠢ ᠪᠣᠯᠪᠠᠯ  
         ᠬᠤᠷᠢᠮ ᠬᠢᠬᠦ ᠳ᠋ᠦ᠍ ᠶᠠᠪᠤᠳᠠᠯ ᠲᠠᠢ

2236 ᠬᠠᠲᠠᠭᠤ ᠰᠡᠳᠬᠢᠯ ᠵᠢᠳᠠ  
         ᠬᠠᠷ᠎ᠠ ᠰᠠᠨᠠᠭ᠎ᠠ ᠬᠣᠣᠷ

2237 ᠬᠠᠲᠠᠭᠤᠵᠢᠵᠤ ᠶᠠᠪᠤᠪᠠᠯ ᠠᠰᠢᠳᠠ ᠲᠤᠰᠠᠲᠠᠢ  
         ᠦᠨᠡᠨᠴᠢ ᠶᠠᠪᠤᠪᠠᠯ ᠡᠭᠦᠷᠢᠳᠡ ᠲᠤᠰᠠᠲᠠᠢ

2238 ᠬᠠᠬᠠᠭᠰᠠᠨ ᠳᠡᠭᠡᠷ᠎ᠡ ᠨᠢ ᠨᠢᠳᠤᠷᠴᠤ  
         ᠬᠠᠵᠠᠢᠭᠰᠠᠨ ᠳᠡᠭᠡᠷ᠎ᠡ ᠨᠢ ᠲᠦᠯᠬᠢᠬᠦ

2239 ᠬᠠᠴᠠᠷ ᠤ᠋ᠨ ᠭᠬᠢᠷ ᠢ᠋ ᠤᠬᠢᠶᠠᠬᠤ ᠳ᠋ᠤ᠌ ᠠᠷᠢᠯᠤᠨ᠎ᠠ  
         ᠬᠠᠷ᠎ᠠ ᠰᠠᠨᠠᠭ᠎ᠠ ᠶ᠋ᠢ ᠬᠤᠰᠤᠪᠠᠴᠤ ᠠᠷᠢᠯᠬᠤ ᠦᠭᠡᠢ

2240 ᠬᠠᠰᠢᠶ᠎ᠠ ᠮᠠᠭᠤᠲᠠᠢ ᠪᠣᠯ 
         ᠮᠠᠯ ᠢ᠋ᠶ᠋ᠠᠨ ᠠᠯᠳᠠᠬᠤ ᠶ᠋ᠢᠨ ᠲᠡᠮᠳᠡᠭ

2241 ᠬᠠᠨᠢ ᠮᠠᠭᠤᠲᠠᠢ ᠪᠣᠯ 
         ᠬᠥᠮᠦᠨ ᠢ᠋ᠶ᠋ᠡᠨ ᠠᠯᠳᠠᠬᠤ ᠶ᠋ᠢᠨ ᠲᠡᠮᠳᠡᠭ

2242 ᠬᠢᠪᠡᠯ ᠪᠤᠤ ᠠᠶᠤ  
         ᠠᠶᠤᠪᠠᠯ ᠪᠤᠤ ᠬᠢ

2243 ᠬᠡᠢᠮᠣᠷᠢ ᠨᠢ ᠳᠣᠷᠣᠢᠲᠠᠵᠤ  
         ᠬᠡᠰᠢᠭ ᠪᠤᠶᠠᠨ ᠨᠢ ᠵᠠᠢᠯᠠᠬᠤ

2244 ᠬᠢᠭᠰᠡᠨ ᠠᠵᠢᠯ ᠢ᠋ᠶ᠋ᠠᠨ ᠡᠷᠭᠢᠵᠦ ᠬᠠᠷᠠ  
         ᠬᠡᠯᠡᠭᠰᠡᠨ ᠦᠭᠡ ᠪᠡᠨ ᠡᠷᠭᠢᠭᠦᠯᠵᠦ ᠪᠣᠳᠣ

2245 ᠬᠢᠬᠦ ᠦᠭᠡᠢ ᠬᠥᠮᠦᠨ ᠦ᠌ ᠦᠭᠡ ᠨᠢ ᠣᠯᠠᠨ 
         ᠬᠥᠭᠵᠢᠬᠦ ᠦᠭᠡᠢ ᠭᠠᠯ ᠤ᠋ᠨ ᠤᠲᠤᠭ᠎ᠠ ᠨᠢ ᠶᠡᠬᠡ

2246 ᠬᠢᠬᠦ ᠳ᠋ᠦ᠍ ᠪᠤᠤ ᠵᠠᠯᠬᠠᠭᠤᠷᠠ 
         ᠰᠤᠷᠬᠤ ᠳ᠋ᠤ᠌ ᠪᠤᠤ ᠮᠡᠳᠡᠮᠡᠬᠡᠢᠷᠡ 

2247 ᠬᠢᠯᠢᠩ ᠶᠡᠬᠡᠲᠦ ᠶ᠋ᠢ ᠠᠷᠭ᠎ᠠ ᠪᠠᠷ  
         ᠬᠢᠯᠢᠨᠴᠡ ᠶᠡᠬᠡᠲᠦ ᠶ᠋ᠢ ᠨᠣᠮ ᠢ᠋ᠶ᠋ᠠᠷ

2248 ᠬᠢᠯᠢᠩ ᠬᠣᠷᠣᠰᠤᠯ ᠠ᠋ᠴᠠ ᠭᠠᠷᠤᠨ᠎ᠠ  
         ᠬᠢᠯᠢᠰ ᠪᠤᠷᠤᠭᠤ ᠠ᠋ᠴᠠ ᠭᠠᠷᠤᠨ᠎ᠠ

2249 ᠬᠢᠷᠢ ᠪᠡᠨ ᠮᠡᠳᠡᠵᠦ 
         ᠪᠢᠷ᠎ᠠ ᠪᠠᠨ ᠲᠠᠨᠢ

2250 ᠬᠢᠷᠢ ᠪᠡᠨ ᠮᠡᠳᠡᠬᠦ ᠦᠭᠡᠢ ᠳᠡᠭᠡᠷᠡᠩᠭᠦᠢ ᠵᠠᠩ  
         ᠬᠢᠭᠰᠡᠨ ᠢ᠋ᠶ᠋ᠡᠨ ᠮᠡᠳᠡᠬᠦ ᠦᠭᠡᠢ ᠮᠡᠯᠵᠢᠬᠦ ᠵᠠᠩ

2251 ᠬᠢᠷᠢ ᠪᠡᠨ ᠮᠡᠳᠡᠬᠦ ᠦᠭᠡᠢ ᠬᠡᠷᠢᠶ᠎ᠡ  
         ᠯᠤᠤ ᠶ᠋ᠢᠨ ᠮᠢᠬᠠᠨ ᠳ᠋ᠤ᠌ ᠳᠤᠷᠠᠯᠠᠬᠤ

2252 ᠬᠢᠷᠢ ᠡᠴᠡ ᠪᠡᠨ ᠢᠯᠡᠭᠦᠦ ᠬᠡᠲᠦᠷᠡᠳᠡᠭ ᠦᠭᠡᠢ  
         ᠬᠡᠮᠵᠢᠶ᠎ᠡ ᠡᠴᠡ ᠪᠡᠨ ᠢᠯᠡᠭᠦᠦ ᠥᠭᠳᠡᠭ ᠦᠭᠡᠢ

2253 ᠬᠢᠴᠢᠶᠡᠭᠰᠡᠨ ᠬᠥᠮᠦᠨ ᠦ᠌ ᠭᠡᠳᠡᠰᠦ ᠴᠠᠳᠬᠤᠯᠠᠩ 
         ᠵᠠᠯᠬᠠᠭᠤᠷᠠᠭᠰᠠᠨ ᠬᠥᠮᠦᠨ ᠦ᠌ ᠭᠡᠳᠡᠰᠦ ᠥᠯᠥᠰᠬᠦᠯᠡᠩ

2254 ᠬᠡᠰᠢᠭ ᠦᠭᠡᠢ ᠬᠥᠮᠦᠨ ᠦ᠌ ᠠᠮᠠᠨ ᠳ᠋ᠤ᠌  
         ᠬᠡᠰᠢᠭ ᠲᠡᠢ ᠬᠣᠭᠣᠯᠠ ᠣᠷᠣᠳᠠᠭ ᠦᠭᠡᠢ

2255 ᠬᠣᠪ ᠵᠥᠭᠡᠭᠡᠭᠰᠡᠨ ᠬᠥᠮᠦᠨ ᠦ᠌ ᠠᠮᠠ ᠵᠠᠪ ᠦᠭᠡᠢ  
         ᠬᠣᠮᠣᠯ ᠲᠡᠭᠦᠭᠰᠡᠨ ᠬᠥᠮᠦᠨ ᠦ᠌ ᠭᠠᠷ ᠵᠠᠪ ᠦᠭᠡᠢ

2256 ᠬᠣᠪ ᠦᠭᠡ ᠲᠤᠰᠠ ᠦᠭᠡᠢ  
         ᠬᠣᠨᠢᠨ ᠤ᠋ ᠪᠦᠯᠡᠬᠡ ᠱᠥᠯᠥ ᠦᠭᠡᠢ

2257 ᠬᠣᠪᠳᠣᠭ ᠬᠥᠮᠦᠨ ᠬᠡᠷᠢᠶ᠎ᠡ ᠲᠡᠢ ᠠᠳᠠᠯᠢ  
         ᠬᠣᠪᠴᠢ ᠬᠥᠮᠦᠨ ᠨᠣᠬᠠᠢ ᠲᠠᠢ ᠠᠳᠠᠯᠢ

2258 ᠬᠣᠪᠳᠣᠭ ᠬᠥᠮᠦᠨ ᠦ᠌  
         ᠬᠦᠰᠡᠯ ᠨᠢ ᠬᠠᠨᠳᠠᠭ ᠦᠭᠡᠢ

2259 ᠬᠣᠪᠳᠣᠭ ᠬᠥᠮᠦᠨ ᠦ᠌ 
         ᠰᠠᠨᠠᠭ᠎ᠠ ᠬᠠᠩᠬᠤ ᠦᠭᠡᠢ  
         ᠬᠣᠣᠷᠲᠤ ᠬᠥᠮᠦᠨ ᠦ᠌ 
         ᠰᠡᠳᠬᠢᠯ ᠵᠥᠭᠡᠯᠡᠷᠡᠬᠦ ᠦᠭᠡᠢ

2260 ᠬᠣᠪᠳᠣᠭ ᠬᠥᠮᠦᠨ ᠦ᠌ ᠬᠣᠳᠣᠭᠣᠳᠣ 
         ᠬᠣᠪᠴᠢ ᠬᠥᠮᠦᠨ ᠦ᠌ ᠬᠣᠩᠰᠢᠶᠠᠷ

2261 ᠬᠣᠪ ᠲᠤ ᠠᠰᠢᠭ ᠦᠭᠡᠢ 
         ᠬᠤᠳᠠᠯ ᠳ᠋ᠤ᠌ ᠦᠨ᠎ᠡ ᠦᠭᠡᠢ

2262 ᠬᠣᠪ ᠢ᠋ᠶ᠋ᠠᠷ ᠬᠣᠭᠣᠯᠠ ᠬᠢᠬᠦ  
         ᠬᠣᠣᠷᠠᠵᠠ ᠪᠠᠷ ᠤᠮᠳᠠ ᠬᠢᠬᠦ

2263 ᠬᠣᠪᠴᠢ ᠬᠥᠮᠦᠨ ᠠᠢᠯ ᠡᠪᠳᠡᠨ᠎ᠡ  
         ᠬᠣᠪᠳᠣᠭ ᠨᠣᠬᠠᠢ ᠭᠡᠷ ᠪᠤᠵᠠᠷᠯᠠᠨ᠎ᠠ

2264 ᠬᠣᠪᠴᠢ ᠬᠥᠮᠦᠨ ᠬᠣᠰᠢᠭᠤ ᠪᠠᠨ ᠴᠢᠰᠤᠳᠠᠳᠠᠭ  
         ᠢᠷᠦᠭᠡᠯᠴᠢ ᠬᠥᠮᠦᠨ ᠬᠣᠰᠢᠭᠤ ᠪᠠᠨ ᠲᠣᠰᠣᠳᠠᠳᠠᠭ

2265 ᠬᠣᠪᠴᠢ ᠬᠥᠮᠦᠨ ᠳ᠋ᠦ᠍ ᠨᠣᠶᠠᠨ ᠠᠮᠠᠷᠠᠭ 
         ᠪᠠᠭᠠᠷᠠᠩ ᠬᠥᠮᠦᠨ ᠳ᠋ᠦ᠍ ᠨᠣᠬᠠᠢ ᠠᠮᠠᠷᠠᠭ

2266 ᠬᠣᠪᠴᠢ ᠬᠥᠮᠦᠨ ᠦ᠌ ᠬᠣᠩᠰᠢᠶᠠᠷ 
         ᠬᠣᠣᠷᠲᠤ ᠮᠣᠭᠠᠢ ᠶ᠋ᠢᠨ ᠰᠢᠳᠦ

2267 ᠬᠣᠪᠴᠢ ᠬᠥᠮᠦᠨ ᠲᠡᠢ ᠶᠠᠷᠢᠯᠴᠠᠪᠠᠯ  
         ᠬᠥᠮᠦᠨ ᠦ᠌ ᠮᠠᠭᠤ ᠶᠢ ᠲᠤᠭᠤᠯᠬᠤ  
         ᠬᠤᠳᠠᠯᠴᠢ ᠬᠥᠮᠦᠨ ᠲᠡᠢ ᠠᠭᠤᠯᠵᠠᠪᠠᠯ  
         ᠥᠪᠡᠷ ᠦ᠋ᠨ ᠢᠶᠠᠨ ᠮᠠᠭᠤ ᠶ᠋ᠢ ᠮᠡᠳᠡᠬᠦ

2268 ᠬᠣᠭ ᠨᠣᠪᠰᠢ ᠦᠭᠡᠢ ᠪᠣᠯ ᠭᠡᠷ ᠴᠡᠪᠡᠷ  
         ᠬᠡᠷᠡᠭᠦᠯ ᠱᠤᠤᠭᠢᠶᠠᠨ ᠦᠭᠡᠢ ᠪᠣᠯ ᠰᠡᠳᠬᠢᠯ ᠠᠮᠤᠷ

2269 ᠬᠣᠳᠣᠭᠣᠳᠣ ᠨᠢ ᠴᠠᠳᠪᠠᠴᠤ  
         ᠬᠣᠮᠣᠬᠠᠢ ᠰᠡᠳᠬᠢᠯ ᠨᠢ ᠴᠠᠳᠬᠤ ᠦᠭᠡᠢ

2270 ᠬᠣᠶᠠᠷ ᠪᠡᠶ᠎ᠡ ᠲᠠᠭᠠᠷᠠᠬᠤ ᠦᠭᠡᠢ ᠪᠣᠯ 
         ᠰᠠᠯᠬᠤ ᠶ᠋ᠢᠨ ᠲᠡᠮᠳᠡᠭ  
         ᠬᠣᠭᠣᠯᠠ ᠤᠮᠳᠠ ᠪᠠᠨ ᠭᠣᠯᠣᠪᠠᠯ 
         ᠥᠯᠥᠰᠬᠦ ᠶ᠋ᠢᠨ ᠲᠡᠮᠳᠡᠭ

2271 ᠬᠣᠶᠠᠷ ᠳᠠᠯᠠᠢ ᠬᠣᠯᠠ ᠣᠷᠣᠰᠢᠪᠠᠴᠤ  
         ᠠᠭᠤᠷ ᠮᠠᠨᠠᠨ ᠢ᠋ᠶ᠋ᠠᠷ ᠨᠡᠢᠯᠡᠳᠡᠭ  
         ᠬᠣᠶᠠᠷ ᠬᠥᠮᠦᠨ ᠬᠣᠯᠠ ᠲᠥᠷᠥᠪᠡᠴᠦ  
         ᠶᠠᠪᠤᠳᠠᠯ ᠵᠠᠮ ᠳ᠋ᠠᠭᠠᠨ ᠤᠴᠠᠷᠠᠳᠠᠭ

2272 ᠬᠣᠶᠠᠷ ᠨᠠᠷᠠ ᠭᠠᠷᠪᠠᠯ 
         ᠬᠤᠳᠳᠤᠭ ᠤ᠋ᠨ ᠤᠰᠤ ᠰᠢᠷᠭᠢᠨ᠎ᠡ  
         ᠬᠣᠶᠠᠷ ᠬᠠᠭᠠᠨ ᠰᠠᠭᠤᠪᠠᠯ 
         ᠬᠠᠮᠤᠭ ᠤᠯᠤᠰ ᠮᠥᠬᠥᠨ᠎ᠡ

2273 ᠬᠣᠶᠠᠷ ᠨᠣᠬᠠᠢ ᠶ᠋ᠢᠨ ᠬᠣᠭᠣᠷᠣᠨᠳᠣ  
         ᠶᠠᠰᠤ ᠪᠢᠲᠡᠭᠡᠢ ᠬᠠᠶᠠ  
         ᠬᠣᠶᠠᠷ ᠨᠥᠬᠥᠷ ᠦ᠋ᠨ ᠬᠣᠭᠣᠷᠣᠨᠳᠣ  
         ᠬᠣᠪ ᠪᠢᠲᠡᠭᠡᠢ ᠵᠥᠭᠡᠭᠡ

2274 ᠬᠣᠶᠠᠷ ᠰᠠᠢᠨ ᠬᠥᠮᠦᠨ ᠬᠠᠷᠰᠢ ᠪᠣᠯᠤᠯᠴᠠᠬᠤ ᠦᠭᠡᠢ  
        ᠬᠣᠶᠠᠷ ᠮᠠᠭᠤ ᠬᠥᠮᠦᠨ ᠬᠦᠷᠰᠢ ᠪᠣᠯᠤᠯᠴᠠᠬᠤ ᠦᠭᠡᠢ

2275 ᠬᠣᠶᠠᠷ ᠰᠡᠯᠡᠮ᠎ᠡ  
         ᠨᠢᠭᠡ ᠬᠤᠢ ᠳ᠋ᠤ᠌ ᠪᠠᠭᠲᠠᠬᠤ ᠦᠭᠡᠢ

2276 ᠬᠣᠶᠠᠷ ᠬᠥᠮᠦᠨ ᠬᠡᠷᠡᠯᠳᠦᠬᠦ ᠳ᠋ᠦ᠍  
        ᠬᠣᠷᠢᠨ ᠬᠥᠮᠦᠨ ᠰᠠᠯᠭᠠᠳᠠᠭ

2277 ᠬᠣᠶᠠᠷ ᠬᠥᠮᠦᠨ ᠡᠪᠲᠡᠢ ᠪᠣᠯ  
         ᠲᠡᠮᠦᠷ ᠬᠡᠷᠡᠮ ᠮᠡᠲᠦ ᠪᠠᠲᠤ  
         ᠬᠣᠷᠢᠨ ᠬᠥᠮᠦᠨ ᠡᠪ ᠦᠭᠡᠢ ᠪᠣᠯ  
         ᠡᠪᠳᠡᠷᠬᠡᠢ ᠬᠡᠷᠡᠮ ᠮᠡᠲᠦ ᠬᠡᠪᠡᠷᠡᠭ

2278 ᠬᠣᠶᠠᠷ ᠰᠡᠴᠡᠨ ᠨᠢᠭᠡᠳᠪᠡᠯ 
         ᠰᠠᠢᠨ ᠦᠢᠯᠡ ᠬᠢᠬᠦ  
         ᠬᠣᠶᠠᠷ ᠲᠡᠨᠡᠭ ᠨᠢᠭᠡᠳᠪᠡᠯ 
         ᠮᠠᠭᠤ ᠪᠠᠯᠠᠭ ᠲᠠᠷᠢᠬᠤ

2279 ᠬᠣᠢᠲᠤ ᠤᠷᠲᠤ ᠵᠦᠭ ᠮᠡᠳᠡᠬᠦ ᠦᠭᠡᠢ  
         ᠬᠣᠶᠠᠷ ᠭᠤᠷᠪᠠ ᠶ᠋ᠢᠨ ᠲᠣᠭ᠎ᠠ ᠮᠡᠳᠡᠬᠦ ᠦᠭᠡᠢ

2280 ᠬᠣᠢᠲᠤ ᠬᠣᠷᠮᠣᠢ ᠪᠠᠨ ᠠᠪᠴᠤ  
         ᠤᠷᠲᠤ ᠬᠣᠷᠮᠣᠢ ᠪᠠᠨ ᠨᠥᠬᠥᠬᠦ

2281 ᠬᠣᠢᠲᠤᠬᠢ ᠪᠠᠨ ᠪᠣᠳᠣᠪᠠᠯ ᠰᠡᠴᠡᠨ  
         ᠬᠣᠣᠷᠲᠠᠨ ᠢ᠋ᠶ᠋ᠠᠨ ᠳᠠᠷᠤᠪᠠᠯ ᠪᠠᠭᠠᠲᠤᠷ

2282 ᠬᠣᠢᠨ᠎ᠠ ᠢᠷᠡᠭᠰᠡᠨ ᠨᠢ ᠬᠣᠢᠮᠣᠷ ᠲᠤ 
         ᠤᠷᠢᠳ ᠢᠷᠡᠭᠰᠡᠨ ᠨᠢ ᠡᠭᠦᠳᠡᠨ ᠳ᠋ᠦ᠍

2283 ᠬᠣᠢᠨ᠎ᠠ ᠠ᠋ᠴᠠ ᠢᠷᠡᠭᠡᠳ ᠬᠣᠲᠠ ᠮᠠᠨ ᠤ ᠬᠢ 
         ᠬᠣᠲᠠᠨ ᠳ᠋ᠤ᠌ ᠣᠷᠣᠭᠠᠳ ᠬᠣᠨᠢ ᠮᠠᠨ ᠤ ᠬᠢ ᠭᠡᠬᠦ

2284 ᠬᠣᠯᠠ ᠭᠠᠵᠠᠷ ᠲᠤ ᠮᠣᠷᠢ ᠪᠠᠨ ᠬᠠᠢᠷᠠᠯᠠ  
         ᠬᠣᠪᠣᠷ ᠴᠠᠭ ᠲᠤ ᠬᠦᠨᠡᠰᠦ ᠪᠡᠨ ᠭᠠᠮᠨᠠ

2285 ᠬᠣᠯᠠ ᠣᠢᠷ᠎ᠠ ᠬᠣᠶᠠᠷ ᠤ᠋ᠨ ᠬᠣᠭᠣᠷᠣᠨᠳᠣ  
         ᠬᠣᠩᠬᠣᠨ ᠤ᠋ ᠬᠡᠯᠡ ᠰᠢᠭ ᠪᠥᠩᠵᠢᠭᠡᠨᠡᠬᠦ

2286 ᠬᠣᠯᠠ ᠬᠠᠷᠪᠤᠵᠤ ᠮᠡᠷᠭᠡᠨ ᠪᠣᠯᠳᠠᠭ ᠦᠭᠡᠢ 
         ᠬᠤᠳᠠᠯ ᠬᠡᠯᠡᠵᠦ ᠰᠡᠴᠡᠨ ᠪᠣᠯᠳᠠᠭ ᠦᠭᠡᠢ

2287 ᠬᠣᠯᠠ ᠶᠠᠪᠤᠬᠤ ᠳ᠋ᠤ᠌ ᠣᠢᠷ᠎ᠠ ᠠ᠋ᠴᠠ  
         ᠶᠡᠬᠡ ᠶ᠋ᠢ ᠬᠢᠬᠦ ᠳ᠋ᠦ᠍ ᠪᠠᠭ᠎ᠠ ᠠ᠋ᠴᠠ

2288 ᠬᠣᠯᠠ ᠶ᠋ᠢ ᠴᠢᠬᠢ ᠪᠡᠷ ᠢ᠋ᠶ᠋ᠡᠨ ᠳᠣᠭᠣᠯᠳᠠᠭ  
         ᠣᠢᠷ᠎ᠠ ᠶ᠋ᠢ ᠨᠢᠳᠦ ᠪᠡᠷ ᠢ᠋ᠶ᠋ᠡᠨ ᠦᠵᠡᠳᠡᠭ

2289 ᠬᠣᠯᠠ ᠶ᠋ᠢᠨ ᠬᠥᠮᠦᠨ ᠳ᠋ᠦ᠍ ᠬᠣᠭᠣᠯᠠ ᠬᠢ  
         ᠣᠢᠷ᠎ᠠ ᠶ᠋ᠢᠨ ᠬᠥᠮᠦᠨ ᠳ᠋ᠦ᠍ ᠣᠷᠣ ᠵᠠᠰᠠ

2290 ᠬᠣᠮᠣᠬᠠᠢ ᠨᠢᠳᠦ ᠬᠣᠷᠣᠬᠠᠢ ᠳ᠋ᠤ᠌ ᠴᠠᠳᠬᠤ  
         ᠬᠣᠯᠠᠴᠢ ᠰᠠᠨᠠᠭ᠎ᠠ ᠴᠡᠩᠭᠡᠯ ᠳ᠋ᠦ᠍ ᠴᠠᠳᠬᠤ

2291 ᠬᠣᠮᠣᠬᠠᠢ ᠬᠥᠮᠦᠨ 
         ᠬᠣᠶᠠᠷ ᠪᠡᠶ᠎ᠡ ᠲᠡᠢ ᠪᠣᠯᠬᠤ ᠠ᠋ᠴᠠ ᠪᠤᠴᠠᠬᠤ ᠦᠭᠡᠢ

2292 ᠬᠣᠩ ᠬᠡᠷᠢᠶ᠎ᠡ ᠳᠤᠤᠭᠠᠷᠪᠠᠯ  
         ᠬᠣᠪᠳᠣᠭ ᠴᠢᠨᠣ᠎ᠠ ᠢᠷᠡᠳᠡᠭ

2293 ᠬᠣᠩ ᠬᠡᠷᠢᠶ᠎ᠡ ᠬᠣᠭᠣᠰᠣᠨ ᠬᠠᠰᠬᠢᠷᠳᠠᠭ ᠦᠭᠡᠢ  
         ᠬᠣᠨᠢ ᠮᠠᠯ ᠬᠣᠭᠣᠰᠣᠨ ᠦᠷᠭᠦᠳᠡᠭ ᠦᠭᠡᠢ

2294 ᠬᠣᠩ ᠬᠡᠷᠢᠶ᠎ᠡ ᠤᠯᠠᠢᠴᠢ  
         ᠬᠣᠶᠠᠷ ᠬᠡᠦᠬᠡᠨ ᠵᠢᠲᠥᠭᠡᠴᠢ

2295 ᠬᠣᠨᠵᠢᠩ ᠤ᠋ᠨ ᠡᠴᠦᠰ ᠥᠪᠡᠷ ᠲᠡᠭᠡᠨ  
         ᠬᠣᠪ ᠤ᠋ᠨ ᠡᠴᠦᠰ ᠡᠵᠡᠨ ᠳ᠋ᠡᠭᠡᠨ

2296 ᠬᠣᠨᠢᠨ ᠤ᠋ ᠠᠷᠠᠰᠤ ᠨᠥᠮᠥᠷᠦᠭᠰᠡᠨ ᠴᠢᠨᠣ᠎ᠠ  
         ᠬᠣᠶᠠᠷ ᠨᠢᠭᠤᠷ ᠭᠠᠷᠭᠠᠭᠰᠠᠨ ᠬᠥᠮᠦᠨ

2297 ᠬᠣᠨᠢᠨ ᠤ᠋ ᠲᠣᠯᠣᠭᠠᠢ ᠡᠯᠭᠦᠭᠡᠳ 
         ᠨᠣᠬᠠᠢ ᠶ᠋ᠢᠨ ᠮᠢᠬ᠎ᠠ ᠬᠤᠳᠠᠯᠳᠤᠬᠤ

2298 ᠬᠣᠨᠣᠴᠠ ᠬᠣᠨᠣᠴᠠ ᠳ᠋ᠠᠭᠠᠨ 
                        ᠳᠤᠷ᠎ᠠ ᠦᠭᠡᠢ  
         ᠬᠣᠨᠣᠭᠤᠯᠤᠭᠰᠠᠨ ᠠᠢᠯ ᠬᠣᠶᠠᠭᠤᠯᠠ ᠳ᠋ᠤᠨᠢ 
                        ᠳᠤᠷ᠎ᠠ ᠦᠭᠡᠢ

2299 ᠬᠣᠨᠢ ᠭᠠᠲᠤᠯᠤᠭᠰᠠᠨ ᠤᠰᠤ ᠶ᠋ᠢ  
         ᠴᠢᠨᠣ᠎ᠠ ᠰᠢᠨᠤᠨ ᠳᠣᠯᠢᠶᠠᠬᠤ

2300 ᠬᠣᠨᠢ ᠭᠡᠬᠦ ᠳ᠋ᠦ᠍ ᠬᠣᠢᠰᠢ ᠤᠬᠤᠷᠢᠳᠠᠭ  
         ᠬᠣᠪ ᠬᠢᠬᠦ ᠳ᠋ᠦ᠍ ᠣᠷᠣᠭᠰᠢ ᠳᠠᠪᠰᠢᠳᠠᠭ

2301 ᠬᠣᠨᠢ ᠨᠢᠭᠡ ᠲᠥᠷᠥᠭᠡᠳ  
         ᠮᠢᠩᠭ᠎ᠠ ᠪᠠᠷ ᠦᠷᠡᠵᠢᠨ᠎ᠡ  
         ᠴᠢᠨᠣ᠎ᠠ ᠠᠷᠪᠠ ᠪᠠᠷ ᠲᠥᠷᠥᠭᠡᠳ ᠴᠦ᠍  
         ᠰᠦᠷᠦᠭ ᠪᠣᠯᠬᠤ ᠦᠭᠡᠢ

2302 ᠬᠣᠨᠢ ᠨᠢ ᠴᠦ᠍ ᠮᠡᠨᠳᠦ  
         ᠴᠢᠨᠣ᠎ᠠ ᠨᠢ ᠴᠦ᠍ ᠴᠠᠳᠬᠤᠯᠠᠩ

2303 ᠬᠣᠨᠢᠨ ᠤ᠋ ᠬᠡᠰᠢᠭ ᠳᠠᠭᠠᠷᠢᠵᠤ  
         ᠬᠣᠨᠣᠴᠠ ᠶ᠋ᠢᠨ ᠡᠭᠡᠯᠵᠢ ᠢᠷᠡᠬᠦ

2304 ᠬᠣᠭᠣᠯᠠ ᠪᠣᠯᠲᠠᠯ᠎ᠠ 
         ᠰᠢᠭᠢᠷ᠎ᠡ ᠵᠤᠭ᠎ᠠ

           ᠦᠰᠦᠭ ᠠᠮᠢᠯᠠᠭᠤᠯᠤᠭᠴᠢ᠄ ᠪᠠᠳᠮᠠᠰᠡᠴᠡᠨ᠂ ᠣᠶᠤᠨᠪᠠᠲᠤ᠂  ᠠᠯᠲᠠᠨᠱᠠ
               ᠬᠢᠨᠠᠭᠴᠢ᠄ ᠳᠣᠷᠵᠢ᠂ ᠠᠯᠲᠠᠨᠱᠠ᠂ ᠤᠢᠭᠤᠷᠵᠢᠨ ᠣᠳᠬᠣᠨ᠂ ᠪᠤᠯᠤᠳ᠂ 
                          ᠣᠳᠬᠣᠨᠴᠡᠴᠡᠭ᠂ ᠲ ᠬᠦᠮᠦᠵᠢᠯᠲᠦ᠂ ᠪᠠᠯ