ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠬ ᠶᠢᠨ ᠠᠢᠮᠠᠭ –1>Монгол зүйр цэцэн үгийн гураван мянган дээж – Д᠂Заяабаатар эмхэтгэв <Хийн аймаг 1>
ᠬ (Х) ᠶᠢᠨ ᠠᠢᠮᠠᠭ –1
2105 ᠬᠠ ᠬᠦᠷᠦᠭᠰᠡᠨ ᠭᠠᠵᠠᠷ ᠭᠤᠶ᠎ᠠ ᠬᠦᠷᠦᠨ᠎ᠡ
ᠬᠥᠯ ᠬᠦᠷᠦᠭᠰᠡᠨ ᠭᠠᠵᠠᠷ ᠭᠠᠷ ᠬᠦᠷᠦᠨ᠎ᠡ
2106 ᠬᠠᠮᠢᠭᠠᠭᠤᠷ ᠶᠠᠪᠤᠬᠤ ᠶ᠋ᠢ ᠭᠠᠵᠠᠷᠴᠢ ᠮᠡᠳᠡᠨ᠎ᠡ
ᠬᠠᠮᠢᠭ᠎ᠠ ᠬᠦᠷᠬᠦ ᠶ᠋ᠢ ᠨᠣᠶᠠᠨ ᠮᠡᠳᠡᠨ᠎ᠡ
2107 ᠬᠠᠭᠠᠳ ᠨᠣᠶᠠᠳ ᠬᠠᠷᠠᠳᠠᠪᠠᠯ
ᠬᠠᠷᠠᠴᠤ ᠢᠷᠭᠡᠳ ᠤᠷᠪᠠᠬᠤ
2108 ᠬᠠᠭᠠᠳ ᠢ᠋ ᠵᠣᠳᠣᠯᠳᠤᠬᠤ ᠳ᠋ᠤ᠌
ᠬᠠᠷᠠᠴᠤ ᠠᠷᠠᠳ ᠬᠣᠬᠢᠷᠠᠳᠠᠭ
2109 ᠬᠠᠭᠠᠨ ᠪᠣᠯᠤᠭᠰᠠᠨ ᠴᠤ᠌
ᠬᠠ ᠶ᠋ᠢᠨ ᠪᠤᠯᠴᠢᠷᠬᠠᠢ ᠪᠦᠦ ᠬᠠᠶᠠ
2110 ᠭᠤᠶᠤᠯᠭᠠᠴᠢᠨ ᠪᠣᠯᠤᠭᠰᠠᠨ ᠴᠤ᠌
ᠭᠤᠶᠠᠨ ᠤ᠋ ᠪᠤᠯᠴᠢᠷᠬᠠᠢ ᠪᠦᠦ ᠢᠳᠡ
2111 ᠬᠠᠭᠠᠨ ᠥᠪᠡᠷ ᠦ᠋ᠨ ᠣᠷᠣᠨ ᠳ᠋ᠤ᠌ ᠬᠦᠨᠳᠦᠯᠡᠭᠳᠡᠳᠡᠭ
ᠮᠡᠷᠭᠡᠳ ᠣᠷᠣᠨ ᠪᠦᠬᠦᠨ ᠳ᠋ᠦ᠍ ᠬᠦᠨᠳᠦᠯᠡᠭᠳᠡᠳᠡᠭ
2112 ᠬᠠᠭᠠᠨ ᠤᠯᠤᠰ ᠲᠠᠭᠠᠨ ᠡᠷᠭᠦᠭᠳᠡᠬᠦ
ᠡᠷᠳᠡᠮᠲᠡᠨ ᠬᠣᠲᠠᠯᠠ ᠳ᠋ᠤ᠌ ᠡᠷᠭᠦᠭᠳᠡᠬᠦ
2113 ᠬᠠᠭᠠᠨ ᠬᠢᠯᠢᠩᠯᠡᠪᠡᠰᠦ ᠲᠥᠷᠥ ᠪᠡᠨ ᠡᠪᠳᠡᠬᠦ
ᠵᠠᠭᠠᠨ ᠬᠢᠯᠢᠩᠯᠡᠪᠡᠰᠦ ᠬᠣᠲᠠ ᠶ᠋ᠢ ᠡᠪᠳᠡᠬᠦ
2114 ᠬᠠᠭᠠᠨ ᠬᠥᠮᠦᠨ ᠬᠠᠷᠠᠴᠤ ᠤᠷᠤᠭ ᠲᠠᠢ
ᠪᠣᠭᠣᠯ ᠬᠥᠮᠦᠨ ᠨᠣᠶᠠᠨ ᠤᠷᠤᠭ ᠲᠠᠢ
2115 ᠬᠠᠭᠠᠨ ᠬᠥᠮᠦᠨ ᠳ᠋ᠦ᠍ ᠬᠠᠨᠢ ᠦᠭᠡᠢ
ᠬᠠᠷᠠᠴᠤ ᠬᠥᠮᠦᠨ ᠳ᠋ᠦ᠍ ᠬᠠᠯᠠ ᠦᠭᠡᠢ
2116 ᠬᠠᠭᠠᠨ ᠠ᠋ᠴᠠ ᠬᠠᠭᠠᠯᠭᠠᠴᠢ ᠨᠢ
ᠳᠡᠭᠡᠳᠦ ᠡᠴᠡ ᠳᠡᠷᠭᠡᠳᠡᠬᠢ ᠨᠢ
2117 ᠬᠠᠭᠠᠨᠲᠤ ᠭᠠᠵᠠᠷ ᠲᠤ
ᠬᠠᠷᠠᠴᠤ ᠣᠯᠠᠨ
2118 ᠬᠠᠭᠠᠨ ᠤ᠋ ᠠᠯᠪᠠ ᠬᠠᠯᠠᠭ᠎ᠠ ᠲᠠᠢ
ᠡᠵᠡᠨ ᠦ᠌ ᠠᠯᠪᠠ ᠡᠭᠡᠯᠵᠢ ᠲᠡᠢ
2119 ᠬᠠᠭᠠᠨ ᠢ᠋ ᠨᠢ ᠠᠷᠭᠠᠳᠠᠬᠤ ᠪᠠᠷ
ᠬᠠᠭᠠᠯᠭᠠᠴᠢ ᠶ᠋ᠢ ᠨᠢ ᠠᠷᠭᠠᠳᠠ
2120 ᠬᠠᠭᠠᠨ ᠤ᠋ ᠡᠮᠦᠨ᠎ᠡ ᠡᠴᠡ
ᠭᠤᠢᠷᠠᠨᠴᠢ ᠵᠣᠪᠠᠨ᠎ᠠ
2121 ᠬᠠᠭᠠᠨ ᠤ᠋ ᠰᠠᠢᠨ ᠳ᠋ᠤ᠌ ᠤᠯᠤᠰ ᠵᠢᠷᠭᠠᠨ᠎ᠠ
ᠡᠴᠢᠭᠡ ᠶ᠋ᠢᠨ ᠰᠠᠢᠨ ᠳ᠋ᠤ᠌ ᠬᠥᠪᠡᠭᠦᠨ ᠵᠢᠷᠭᠠᠨ᠎ᠠ
2122 ᠬᠠᠭᠠᠨ ᠤ᠋ ᠬᠦᠦ ᠵᠠᠭᠠᠨ ᠢ᠋ᠶ᠋ᠠᠨ ᠤᠨᠤᠵᠤ
ᠬᠠᠷᠠᠴᠤ ᠶ᠋ᠢᠨ ᠬᠦᠦ ᠲᠠᠶᠠᠭ ᠢ᠋ᠶ᠋ᠠᠨ ᠲᠤᠯᠬᠤ
2123 ᠬᠠᠭᠠᠨ ᠢ᠋ ᠬᠠᠷᠠᠴᠤ ᠰᠤᠷᠭᠠᠨ᠎ᠠ
ᠪᠤᠷᠬᠠᠨ ᠢ᠋ ᠱᠤᠯᠤᠮ ᠰᠤᠷᠭᠠᠨ᠎ᠠ
2124 ᠬᠠᠪᠤᠷ ᠪᠠᠢᠭᠰᠠᠨ ᠴᠤ᠌ ᠨᠠᠮᠤᠷ ᠠᠳᠠᠯᠢ ᠠᠭᠠᠰᠢᠯᠠᠬᠤ
ᠬᠠᠪᠤᠳᠠᠷ ᠪᠠᠢᠭᠰᠠᠨ ᠴᠤ᠌ ᠲᠠᠷᠭᠤᠨ ᠠᠳᠠᠯᠢ ᠣᠪᠯᠠᠬᠤ
2125 ᠬᠠᠪᠤᠷ ᠭᠠᠴᠢᠭ
ᠨᠠᠮᠤᠷ ᠥᠶᠥᠭ
2126 ᠬᠠᠪᠤᠷ ᠨᠠᠮᠤᠷ ᠬᠠᠪᠴᠢᠵᠤ ᠵᠤᠨ ᠦᠭᠡᠢ ᠪᠣᠯᠬᠤ
ᠥᠩᠭᠡ ᠮᠥᠩᠭᠥ ᠲᠠᠢᠯᠵᠤ ᠬᠠᠤᠯᠢ ᠦᠭᠡᠢ ᠪᠣᠯᠬᠤ
2127 ᠬᠠᠪᠤᠷ ᠨᠢᠭᠡ ᠡᠳᠦᠷ ᠡᠷᠲᠡ ᠲᠠᠷᠢᠪᠠᠯ
ᠨᠠᠮᠤᠷ ᠠᠷᠪᠠᠨ ᠡᠳᠦᠷ ᠡᠷᠲᠡ ᠬᠤᠷᠢᠶᠠᠨ᠎ᠠ
2128 ᠬᠠᠪᠤᠷ ᠥᠩᠭᠡᠷᠡᠪᠡᠯ ᠵᠤᠨ ᠢᠷᠡᠨ᠎ᠡ
ᠬᠠᠷᠠᠩᠭᠤᠢ ᠥᠩᠭᠡᠷᠡᠪᠡᠯ ᠭᠡᠭᠡ ᠢᠷᠡᠨ᠎ᠡ
2129 ᠬᠠᠪᠤᠷ ᠲᠠᠷᠢᠬᠤ ᠦᠭᠡᠢ ᠪᠣᠯ
ᠨᠠᠮᠤᠷ ᠬᠤᠷᠢᠶᠠᠬᠤ ᠦᠭᠡᠢ
2130 ᠬᠠᠪᠤᠷ ᠲᠠᠷᠢᠭᠰᠠᠨ ᠢ᠋ᠶ᠋ᠠᠨ ᠨᠠᠮᠤᠷ ᠬᠤᠷᠢᠶᠠᠬᠤ
ᠬᠠᠳᠠᠭᠠᠯᠠᠵᠤ ᠨᠥᠭᠡᠴᠡᠯᠡᠭᠰᠡᠨ ᠢ᠋ᠶ᠋ᠡᠨ ᠬᠣᠵᠢᠮ ᠵᠠᠷᠤᠬᠤ
2131 ᠬᠠᠪᠤᠷ ᠤᠷᠤᠰᠬᠠᠭᠰᠠᠨ ᠬᠥᠯᠥᠰᠥ ᠲᠡᠢ ᠪᠣᠯ
ᠨᠠᠮᠤᠷ ᠲᠠᠷᠭᠤᠯᠠᠭᠰᠠᠨ ᠮᠢᠬ᠎ᠠ ᠲᠠᠢ
2132 ᠬᠠᠪᠤᠷ ᠴᠠᠭ ᠤ᠋ᠨ ᠰᠢᠭᠤᠷᠭ᠎ᠠ ᠬᠡᠴᠡᠭᠦᠦ
ᠬᠣᠢᠲᠤ ᠡᠬᠡ ᠶ᠋ᠢᠨ ᠨᠢᠳᠤᠷᠭ᠎ᠠ ᠬᠡᠴᠡᠭᠦᠦ
2133 ᠬᠠᠪᠤᠷ ᠦᠭᠡᠢ ᠵᠤᠨ ᠦᠭᠡᠢ
ᠬᠠᠭᠠᠴᠠᠯ ᠦᠭᠡᠢ ᠮᠥᠩᠬᠡ ᠦᠭᠡᠢ
2134 ᠬᠠᠪᠤᠷ ᠤ᠋ᠨ ᠡᠳᠦᠷ ᠬᠠᠭᠠᠰ ᠲᠠᠢ ᠬᠤᠭᠤᠰ ᠲᠠᠢ
ᠬᠠᠲᠤᠨ ᠤ᠋ ᠴᠢᠷᠠᠢ ᠬᠠᠯᠠᠭᠤᠨ ᠲᠠᠢ ᠬᠦᠢᠲᠡᠨ ᠲᠡᠢ
2135 ᠬᠠᠪᠤᠷ ᠤ᠋ᠨ ᠰᠠᠯᠬᠢ ᠬᠠᠪᠢᠷᠭ᠎ᠠ ᠨᠡᠪᠲᠡ
ᠡᠪᠦᠯ ᠦ᠋ᠨ ᠵᠢᠪᠠᠷ ᠡᠪᠦᠷ ᠨᠡᠪᠲᠡ
2136 ᠬᠠᠪᠤᠷ ᠤ᠋ᠨ ᠲᠩᠷᠢ ᠬᠠᠷᠠᠲᠠᠢ
ᠬᠠᠰᠢ ᠬᠡᠷᠡᠭ ᠬᠣᠣᠷᠲᠠᠢ
2137 ᠬᠠᠪᠤᠷ ᠤ᠋ᠨ ᠬᠠᠬᠢᠷ ᠲᠤ ᠮᠠᠯ ᠢ᠋ᠶ᠋ᠠᠨ
ᠬᠠᠷᠢ ᠭᠠᠵᠠᠷ ᠲᠤ ᠦᠭᠡ ᠪᠡᠨ
2138 ᠬᠠᠪᠤᠷ ᠤ᠋ᠨ ᠬᠦᠢᠲᠡᠨ ᠬᠠᠨᠢᠶᠠᠳᠤ ᠬᠦᠷᠭᠡᠬᠦ
ᠨᠠᠮᠤᠷ ᠤ᠋ᠨ ᠬᠦᠢᠲᠡᠨ ᠨᠠᠰᠤ ᠤᠷᠲᠤᠰᠬᠠᠬᠤ
2139 ᠬᠠᠪᠤᠷ ᠤ᠋ᠨ ᠴᠠᠰᠤ ᠶ᠋ᠢ
ᠬᠠᠷ᠎ᠠ ᠨᠣᠬᠠᠢ ᠭᠦᠢᠴᠡᠬᠦ ᠦᠭᠡᠢ
2140 ᠬᠠᠭᠠᠷᠬᠠᠢ ᠬᠡᠩᠭᠡᠷᠭᠡ
ᠴᠣᠭᠣᠷᠬᠠᠢ ᠴᠠᠩ
2141 ᠬᠠᠭᠠᠷᠬᠠᠢ ᠪᠠᠨ ᠬᠠᠳᠬᠤᠭᠰᠠᠨ ᠨᠢ ᠤᠷᠠᠨ
ᠬᠣᠢᠲᠤᠬᠢ ᠪᠠᠨ ᠪᠣᠳᠣᠭᠰᠠᠨ ᠨᠢ ᠰᠡᠴᠡᠨ
2142 ᠬᠠᠭᠠᠴᠠᠰᠢ ᠦᠭᠡᠢ ᠬᠠᠨᠢ ᠨᠥᠬᠥᠷ ᠲᠦ᠍
ᠮᠠᠷᠲᠠᠭᠳᠠᠰᠢ ᠦᠭᠡᠢ ᠮᠠᠭᠤ ᠦᠭᠡ ᠪᠤᠤ ᠬᠡᠯᠡ
2143 ᠬᠠᠳᠠ ᠶᠡᠬᠡᠲᠡᠢ ᠠᠭᠤᠯᠠ ᠰᠦᠷᠲᠡᠢ
ᠬᠠᠮᠠᠭᠠᠯᠠᠯ ᠶᠡᠬᠡᠲᠦ ᠤᠯᠤᠰ ᠬᠦᠴᠦᠲᠡᠢ
2144 ᠬᠠᠳᠠ ᠰᠠᠢᠲᠤ ᠶ᠋ᠢᠨ ᠦᠨᠡᠭᠡ ᠪᠠᠷᠳᠠᠮ
ᠬᠠᠳᠠᠮ ᠰᠠᠢᠲᠤ ᠶ᠋ᠢᠨ ᠬᠦᠷᠭᠡᠨ ᠪᠠᠷᠳᠠᠮ
2145 ᠬᠠᠳᠠᠮ ᠡᠬᠡ ᠬᠠᠯᠠᠲᠠᠢ
ᠬᠣᠢᠲᠤ ᠡᠬᠡ ᠬᠣᠣᠷᠲᠠᠢ
2146 ᠬᠠᠳᠤᠯᠠᠩ ᠦᠭᠡᠢ ᠮᠠᠯᠴᠢᠳ
ᠡᠪᠦᠯ ᠳ᠋ᠡᠭᠡᠨ ᠵᠦᠳᠡᠷᠡᠨ᠎ᠡ
ᠬᠠᠨᠢ ᠦᠭᠡᠢ ᠬᠥᠮᠦᠨ
ᠥᠲᠡᠯᠬᠦ ᠳ᠋ᠡᠭᠡᠨ ᠵᠦᠳᠡᠷᠡᠨ᠎ᠡ
2147 ᠬᠠᠵᠠᠢᠭᠰᠠᠨ ᠳᠡᠭᠡᠷ᠎ᠡ ᠨᠢ ᠲᠦᠯᠬᠢᠬᠦ
ᠤᠨᠠᠭᠰᠠᠨ ᠳᠡᠭᠡᠷ᠎ᠡ ᠨᠢ ᠨᠢᠳᠤᠷᠭᠠᠳᠠᠬᠤ
2148 ᠬᠠᠵᠠᠢᠬᠤ ᠳ᠋ᠤᠨᠢ ᠲᠤᠯᠬᠤ
ᠬᠡᠯᠪᠡᠢᠬᠦ ᠳ᠋ᠦ᠍ᠨᠢ ᠲᠦᠰᠢᠬᠦ
2149 ᠬᠠᠵᠠᠭᠠᠷ ᠬᠦᠷᠭᠡᠨ ᠬᠠᠳᠠᠮᠰᠠᠭ
ᠬᠠᠯᠲᠠᠷ ᠨᠣᠬᠠᠢ ᠬᠣᠲᠠᠰᠠᠭ
2150 ᠬᠠᠢᠯᠬᠤ ᠳ᠋ᠤ᠌ ᠭᠠᠯ ᠬᠡᠷᠡᠭ ᠲᠡᠢ
ᠬᠠᠨᠢᠯᠠᠬᠤ ᠳ᠋ᠤ᠌ ᠰᠡᠳᠬᠢᠯ ᠬᠡᠷᠡᠭ ᠲᠡᠢ
2151 ᠬᠠᠢᠯᠭᠠᠨ ᠴᠠᠭ ᠤ᠋ᠨ ᠮᠠᠯ ᠢ᠋ ᠡᠳ᠋ᠯᠡᠪᠡᠯ
ᠬᠠᠪᠤᠷ ᠴᠠᠭ ᠤ᠋ᠨ ᠴᠠᠰᠤ ᠬᠠᠢᠯᠬᠤ ᠲᠠᠢ ᠠᠳᠠᠯᠢ
2152 ᠬᠠᠢᠷ᠎ᠠ ᠪᠠᠢᠪᠠᠯ ᠬᠠᠯᠠᠮᠵᠢ ᠪᠠᠢᠳᠠᠭ
ᠬᠠᠯᠠᠮᠵᠢ ᠪᠠᠢᠪᠠᠯ ᠬᠠᠢᠷ᠎ᠠ ᠪᠠᠢᠳᠠᠭ
2153 ᠬᠠᠢᠷ᠎ᠠ ᠶᠡᠬᠡᠳᠡᠪᠡᠯ ᠬᠠᠷ᠎ᠠ ᠶᠡᠬᠡᠳᠡᠨᠡ
ᠬᠦᠰᠡᠯ ᠶᠡᠬᠡᠲᠡᠪᠡᠯ ᠬᠢᠰᠠᠯ ᠶᠡᠬᠡᠲᠡᠨᠡ
2154 ᠬᠠᠢᠷ᠎ᠠ ᠨᠢ ᠳᠣᠲᠣᠷ᠎ᠠ ᠪᠠᠨ
ᠬᠠᠯᠠ ᠨᠢ ᠭᠠᠳᠠᠨ᠎ᠠ ᠪᠠᠨ
2155 ᠬᠠᠢᠷ ᠴᠢᠯᠠᠭᠤ ᠬᠠᠭᠠᠷᠠᠪᠠᠯ
ᠬᠠᠳᠠ ᠪᠣᠯᠬᠤ ᠳ᠋ᠤ᠌ ᠪᠡᠷᠬᠡ
2156 ᠬᠠᠢᠷ᠎ᠠ ᠠ᠋ᠴᠠ ᠬᠠᠷᠠᠮ
ᠬᠠᠷᠠᠮ ᠠ᠋ᠴᠠ ᠬᠣᠷᠣᠰᠤᠯ
2157 ᠬᠠᠭᠠᠷᠠᠮ᠎ᠠ ᠬᠦᠢᠲᠡᠨ ᠳ᠋ᠦ᠍ ᠬᠠᠴᠠᠷ ᠢ᠋ᠶ᠋ᠠᠨ ᠬᠠᠮᠠᠭᠠᠯᠠ
ᠬᠠᠯᠠᠭᠤᠨ ᠨᠠᠷᠠᠨ ᠳ᠋ᠤ᠌ ᠲᠣᠯᠣᠭᠠᠢ ᠪᠠᠨ ᠬᠠᠮᠠᠭᠠᠯᠠ
2158 ᠬᠠᠢᠷᠠᠨ ᠨᠡᠷ᠎ᠡ ᠶ᠋ᠢ ᠠᠯᠳᠠᠪᠠᠯ
ᠡᠷᠭᠢᠭᠦᠯᠵᠦ ᠠᠪᠬᠤ ᠳ᠋ᠤ᠌ ᠪᠡᠷᠬᠡ
2159 ᠬᠠᠢᠷᠳᠠᠭ ᠮᠣᠷᠢᠨ ᠤ᠋ ᠬᠣᠢᠭᠤᠷ ᠪᠤᠤ ᠭᠠᠷ
ᠬᠠᠯᠠᠮᠵᠢ ᠦᠭᠡᠢ ᠨᠣᠶᠠᠨ ᠤ᠋ ᠡᠮᠦᠨ᠎ᠡ ᠪᠤᠤ ᠵᠢᠳᠬᠦ
2160 ᠬᠠᠢᠷᠠᠯᠠᠬᠤ ᠳ᠋ᠤ᠌ ᠬᠠᠮᠠᠷ ᠰᠢᠭᠠᠬᠤ
ᠡᠪᠦᠷᠯᠡᠬᠦ ᠳ᠋ᠦ᠍ ᠦᠷᠦ ᠢᠰᠬᠦᠯᠬᠦ
2161 ᠬᠠᠢᠷᠠᠲᠠᠢ ᠪᠣᠯ ᠬᠠᠨᠢ ᠲᠠᠢ
ᠬᠠᠷᠠᠲᠠᠢ ᠪᠣᠯ ᠬᠣᠣᠷ ᠲᠠᠢ
2162 ᠬᠠᠢᠷᠠᠲᠠᠢ ᠪᠣᠯᠪᠠᠴᠤ
ᠬᠠᠢᠴᠢ ᠪᠠᠷ ᠪᠤᠤ ᠲᠣᠭᠯᠠᠭᠤᠯ
2163 ᠬᠠᠢᠷᠬᠠᠨ ᠠᠭᠤᠯᠠ ᠶ᠋ᠢ ᠴᠠᠰᠤ ᠳᠠᠷᠤᠳᠠᠭ
ᠬᠠᠢᠷᠠᠨ ᠪᠡᠶ᠎ᠡ ᠶ᠋ᠢ ᠨᠠᠰᠤ ᠳᠠᠷᠤᠳᠠᠭ
2164 ᠬᠠᠢᠬᠤᠷᠬᠤ ᠦᠭᠡᠢ ᠬᠦᠨᠳᠦ ᠦᠭᠡ ᠬᠡᠯᠡᠭᠰᠡᠨ ᠡᠴᠡ
ᠬᠠᠯᠠᠭᠤᠨ ᠨᠣᠷᠮ᠎ᠠ ᠳ᠋ᠤ᠌ ᠤᠰᠤ ᠠᠰᠬᠠᠭᠰᠠᠨ ᠠᠳᠠᠯᠢ
2165 ᠬᠠᠯᠠ ᠦᠵᠡᠪᠡᠯ ᠤᠬᠠᠭᠠᠷᠠᠨ᠎ᠠ
ᠭᠠᠯ ᠦᠵᠡᠪᠡᠯ ᠤᠶᠠᠷᠠᠨ᠎ᠠ
2166 ᠬᠠᠯᠠ ᠦᠵᠡᠵᠦ
ᠬᠠᠯᠠᠭᠤᠨ ᠴᠢᠯᠠᠭᠤ ᠳᠣᠯᠢᠶᠠᠬᠤ
( ᠬᠠᠯᠠ ᠦᠵᠡᠵᠦ ᠬᠠᠰᠢᠷ ᠰᠠᠭᠤᠬᠤ)
2167 ᠬᠠᠯᠠᠮᠵᠢ ᠮᠠᠭᠤᠲᠠᠢ ᠨᠥᠬᠥᠷ
ᠬᠠᠷ᠎ᠠ ᠡᠷᠢᠶᠡᠨ ᠮᠣᠭᠠᠢ ᠲᠠᠢ ᠠᠳᠠᠯᠢ
2168 ᠬᠠᠯᠠᠮᠵᠢ ᠦᠭᠡᠢ ᠰᠠᠳᠤᠨ ᠠ᠋ᠴᠠ
ᠬᠠᠷ᠎ᠠ ᠡᠯᠢᠭᠡ ᠶ᠋ᠢᠨ ᠬᠥᠮᠦᠨ ᠳᠡᠭᠡᠷ᠎ᠡ
2169 ᠬᠠᠯᠠᠮᠵᠢᠲᠠᠢ ᠬᠥᠮᠦᠨ ᠳ᠋ᠦ᠍ ᠨᠥᠬᠥᠷ ᠣᠢᠷ᠎ᠠ
ᠬᠠᠵᠢᠭ ᠬᠥᠮᠦᠨ ᠳ᠋ᠦ᠍ ᠨᠥᠬᠥᠷ ᠬᠣᠯᠠ
2170 ᠬᠣᠵᠢᠭᠢᠷ ᠨᠢ ᠬᠠᠯᠵᠠᠨ ᠢ᠋ᠶ᠋ᠠᠨ
ᠬᠥᠯ ᠦᠭᠡᠢ ᠨᠢ ᠬᠠᠵᠠᠭᠠᠷ ᠢ᠋ᠶ᠋ᠠᠨ
2171 ᠬᠠᠯᠠᠭᠤᠨ ᠵᠠᠭᠤᠷ᠎ᠠ ᠪᠠᠨ ᠡᠪ ᠢ᠋ᠶ᠋ᠡᠨ ᠬᠢᠴᠢᠶᠡ
ᠬᠣᠲᠠ ᠵᠠᠭᠤᠷ᠎ᠠ ᠪᠠᠨ ᠮᠠᠯ ᠢ᠋ᠶ᠋ᠠᠨ ᠬᠢᠴᠢᠶᠡ
2172 ᠬᠠᠯᠠᠭᠤᠨ ᠨᠠᠷᠠᠨ ᠳ᠋ᠤ᠌ ᠬᠠᠭᠠᠯᠲᠠ
ᠬᠦᠢᠲᠡᠨ ᠵᠢᠪᠠᠷ ᠲᠤ ᠬᠥᠨᠵᠢᠯᠡ ᠪᠣᠯᠬᠤ
2173 ᠬᠠᠮᠠᠷ ᠮᠠᠭᠤ ᠥᠪᠡᠷ ᠦ᠋ᠨ ᠬᠢ
ᠬᠠᠯᠠᠮᠵᠢ ᠮᠠᠭᠤ ᠬᠠᠨᠢ ᠶ᠋ᠢᠨ ᠬᠢ
2174 ᠬᠠᠮᠪᠤ ᠯᠠᠮᠠ ᠪᠠᠨ ᠳᠣᠭᠣᠭᠰᠢ ᠪᠠᠨ ᠲᠦᠯᠬᠢᠵᠦ
ᠬᠠᠷᠢ ᠶ᠋ᠢᠨ ᠳᠠᠩᠵᠢᠶᠠᠳ ᠢ ᠳᠡᠭᠡᠭᠰᠢ ᠨᠢ ᠵᠠᠯᠠᠬᠤ
2175 ᠬᠠᠮᠠᠷ ᠤ᠋ᠨ ᠨᠢᠰᠦ ᠴᠢᠷᠠᠢ ᠳᠠᠷᠤᠨ᠎ᠠ
ᠪᠡᠶ᠎ᠡ ᠶ᠋ᠢᠨ ᠪᠣᠬᠢᠷ ᠨᠡᠷ᠎ᠡ ᠳᠠᠷᠤᠨ᠎ᠠ
2176 ᠬᠠᠮᠠᠷ ᠤ᠋ᠨ ᠨᠢᠰᠦ ᠡᠵᠡᠨ ᠢ᠋ᠶ᠋ᠡᠨ ᠳᠠᠭᠠᠨ᠎ᠠ
ᠬᠠᠷᠠᠯᠠᠭ ᠪᠤᠬ᠎ᠠ ᠦᠨᠢᠶ᠎ᠡ ᠪᠡᠨ ᠳᠠᠭᠠᠨ᠎ᠠ
2177 ᠬᠠᠮᠲᠤᠷᠠᠵᠤ ᠬᠢᠪᠡᠯ ᠴᠢᠨᠠᠷᠲᠠᠢ
ᠬᠠᠨᠢᠯᠠᠵᠤ ᠶᠠᠪᠤᠪᠠᠯ ᠬᠥᠭᠵᠢᠯ ᠲᠡᠢ
2178 ᠬᠠᠮᠲᠤᠳᠬᠠᠭᠰᠠᠨ ᠤ᠋ ᠪᠤᠶᠠᠨ ᠶᠡᠬᠡ
ᠬᠠᠭᠠᠴᠠᠭᠤᠯᠤᠭᠰᠠᠨ ᠤ᠋ ᠬᠢᠯᠢᠨᠴᠡ ᠶᠡᠬᠡ
2179 ᠬᠠᠮᠠᠭᠤ ᠲᠠᠢ ᠮᠠᠯ ᠢᠵᠢᠯᠢ ᠪᠡᠨ ᠪᠠᠷᠠᠳᠠᠭ
ᠬᠠᠷ᠎ᠠ ᠰᠠᠨᠠᠭ᠎ᠠ ᠪᠡᠶ᠎ᠡ ᠪᠡᠨ ᠪᠠᠷᠠᠳᠠᠭ
2180 ᠬᠠᠮᠠᠭᠤᠲᠠᠢ ᠬᠥᠮᠦᠨ
ᠬᠠᠳᠠ ᠬᠠᠷᠠᠭᠠᠳ ᠢᠨᠢᠶᠡᠬᠦ
2181 ᠬᠠᠮᠬᠤᠤᠯ ᠳᠡᠭᠡᠷ᠎ᠡ ᠰᠠᠭᠤᠵᠤ
ᠬᠠᠯᠠᠭᠠᠢ ᠳᠡᠭᠡᠷ᠎ᠡ ᠬᠡᠪᠲᠡᠬᠦ
2182 ᠬᠠᠨ᠎ᠠ ᠪᠠᠷ ᠣᠷᠣᠭᠠᠳ ᠬᠠᠭᠠᠯᠭ᠎ᠠ ᠪᠠᠷ ᠪᠠᠭᠲᠠᠬᠤ ᠦᠭᠡᠢ
ᠬᠠᠭᠠᠯᠭ᠎ᠠ ᠪᠠᠷ ᠣᠷᠣᠭᠠᠳ ᠭᠡᠷ ᠲᠦ᠍ ᠪᠠᠭᠲᠠᠬᠤ ᠦᠭᠡᠢ
2183 ᠬᠠᠨᠠᠲᠤ ᠭᠡᠷ ᠬᠣᠯᠠᠳᠴᠤ
ᠬᠠᠳᠠᠨ ᠭᠡᠷ ᠣᠢᠷᠠᠳᠬᠤ
2184 ᠬᠠᠨᠢ ᠪᠠᠨ ᠪᠠᠷᠢᠵᠤ
ᠢᠵᠢᠯᠢ ᠪᠡᠨ ᠢᠳᠡᠬᠦ
2185 ᠬᠠᠨᠢ ᠠ᠋ᠴᠠ ᠪᠠᠨ ᠬᠠᠭᠠᠴᠠᠬᠤ ᠪᠠᠷ
ᠬᠠᠷ᠎ᠠ ᠲᠣᠯᠣᠭᠠᠢ ᠠ᠋ᠴᠠ ᠪᠠᠨ ᠬᠠᠭᠠᠴᠠ
2186 ᠬᠠᠨᠢᠯᠠᠭᠠᠳ ᠨᠥᠬᠥᠷ ᠢ᠋ᠶ᠋ᠡᠨ ᠪᠦᠦ ᠮᠠᠭᠤᠯᠠ
ᠬᠠᠯᠲᠤᠷᠢᠭᠠᠳ ᠵᠠᠮ ᠢ᠋ᠶ᠋ᠠᠨ ᠪᠦᠦ ᠮᠠᠭᠤᠯᠠ
2187 ᠬᠠᠨᠢᠯᠠᠪᠠᠯ ᠥᠲᠡᠯᠲᠡᠯ᠎ᠡ ᠪᠡᠨ
ᠬᠠᠢᠷᠠᠯᠠᠪᠠᠯ ᠥᠰᠬᠡᠲᠡᠯᠡ ᠪᠡᠨ
2188 ᠬᠠᠨᠢᠯᠠᠭᠰᠠᠨ ᠢ᠋ᠶ᠋ᠠᠨ ᠬᠠᠭᠤᠷᠪᠠᠯ
ᠬᠠᠷ᠎ᠠ ᠪᠡᠶ᠎ᠡ ᠪᠡᠨ ᠬᠠᠭᠤᠷᠤᠨ᠎ᠠ
2189 ᠬᠠᠩᠭᠢᠷᠴᠠᠭ ᠡᠮᠡᠭᠡᠯ ᠮᠣᠷᠢ ᠪᠠᠨ ᠪᠠᠷᠠᠬᠤ
ᠬᠠᠷᠢᠶᠠᠯᠴᠢ ᠡᠬᠡᠨᠡᠷ ᠬᠠᠨᠢ ᠪᠠᠨ ᠵᠣᠪᠠᠭᠠᠬᠤ
2190 ᠬᠠᠨ᠎ᠠ ᠶ᠋ᠢᠨ ᠢᠷᠣᠭᠠᠷ ᠲᠤ ᠲᠥᠷᠥᠵᠦ
ᠬᠠᠳᠠᠨ ᠤ᠋ ᠢᠷᠣᠭᠠᠷ ᠲᠤ᠌ ᠬᠡᠪᠲᠡᠳᠡᠭ
2191 ᠬᠠᠷ᠎ᠠ ᠭᠡᠷ ᠲᠡᠭᠡᠨ ᠬᠠᠭᠠᠨ
ᠪᠣᠷᠣ ᠭᠡᠷ ᠲᠡᠭᠡᠨ ᠪᠣᠭᠳᠠ
2192 ᠬᠠᠷ᠎ᠠ ᠨᠣᠬᠠᠢ ᠡᠭᠦᠳᠡᠨ ᠳ᠋ᠦ᠍ ᠪᠤᠭ
ᠬᠠᠷᠠᠮᠴᠢ ᠡᠬᠡᠨᠡᠷ ᠭᠡᠢᠴᠢᠨ ᠳ᠋ᠦ᠍ ᠪᠤᠭ
2193 ᠬᠠᠷ᠎ᠠ ᠨᠣᠬᠠᠢ ᠬᠣᠲᠠ ᠶ᠋ᠢᠨ ᠶᠠᠩᠰᠢᠶ᠎ᠠ
ᠬᠠᠷᠠᠮᠴᠢ ᠡᠷ᠎ᠡ ᠭᠡᠷ ᠦ᠋ᠨ ᠶᠠᠩᠰᠢᠶ᠎ᠠ
2194 ᠬᠠᠷ᠎ᠠ ᠰᠠᠨᠠᠭ᠎ᠠ ᠪᠡᠶ᠎ᠡ ᠪᠡᠨ ᠣᠳᠤᠨ᠎ᠠ
ᠬᠠᠰᠠᠭ ᠲᠡᠷᠭᠡ ᠪᠤᠬ᠎ᠠ ᠪᠠᠨ ᠢᠳᠡᠨ᠎ᠡ
2195 ᠬᠠᠷ᠎ᠠ ᠰᠠᠨᠠᠭ᠎ᠠ ᠬᠣᠣᠷ
ᠬᠠᠷᠠᠮᠴᠢ ᠰᠡᠳᠬᠢᠯ ᠲᠤᠱᠠ (ᠲᠤᠰᠢᠶ᠎ᠠ)
2196 ᠬᠠᠷ᠎ᠠ ᠦᠬᠡᠷ ᠡᠴᠡ ᠴᠠᠭᠠᠨ ᠲᠤᠭᠤᠯ ᠭᠠᠷᠬᠤ
ᠬᠤᠷᠴᠠ ᠬᠥᠮᠦᠨ ᠡᠴᠡ ᠡᠷᠳᠡᠮᠲᠦ ᠬᠦᠦ ᠲᠥᠷᠥᠬᠦ
2197 ᠬᠠᠷ᠎ᠠ ᠬᠥᠮᠦᠨ ᠦ᠌ ᠲᠥᠯᠥᠭᠡ
ᠰᠢᠷ᠎ᠠ ᠬᠥᠮᠦᠨ ᠵᠢᠳᠬᠦᠬᠦ
2198 ᠬᠠᠷ᠎ᠠ ᠬᠡᠷᠢᠶ᠎ᠡ ᠮᠢᠬᠠᠨ ᠳ᠋ᠤ᠌ ᠳᠤᠷᠠᠲᠠᠢ
ᠬᠠᠷᠭᠢᠰ ᠨᠣᠶᠠᠨ ᠵᠢᠩᠰᠡᠨ ᠳ᠋ᠦ᠍ ᠳᠤᠷᠠᠲᠠᠢ
2199 ᠬᠠᠷ᠎ᠠ ᠬᠡᠷᠢᠶ᠎ᠡ ᠤᠯᠠᠢ ᠳᠡᠭᠡᠷ᠎ᠡ
ᠬᠠᠭᠠᠳ ᠨᠣᠶᠠᠳ ᠬᠠᠤᠯᠢ ᠳᠡᠭᠡᠷ᠎ᠡ
2200 ᠬᠠᠷ᠎ᠠ ᠬᠡᠷᠢᠶ᠎ᠡ ᠴᠠᠭᠠᠨ ᠪᠣᠯᠬᠤ ᠦᠭᠡᠢ
ᠬᠠᠮᠤᠭ ᠠᠮᠢᠲᠠᠨ ᠪᠤᠷᠬᠠᠨ ᠪᠣᠯᠬᠤ ᠦᠭᠡᠢ
2201 ᠬᠠᠷ᠎ᠠ ᠢᠮᠠᠭᠠᠨ ᠠ᠋ᠴᠠ ᠬᠠᠯᠲᠠᠷ ᠢᠰᠢᠭᠡ
ᠬᠠᠷᠢᠶᠠᠯᠴᠢ ᠡᠮ᠎ᠡ ᠡᠴᠡ ᠬᠡᠷᠡᠭᠦᠯᠴᠢ ᠥᠬᠢᠨ
2202 ᠬᠠᠷᠢᠶᠠᠯ ᠬᠠᠷᠢᠭᠤ ᠦᠭᠡᠢ
ᠢᠷᠦᠭᠡᠯ ᠦᠷ᠎ᠡ ᠲᠡᠢ
2203 ᠬᠠᠷᠢᠶᠠᠯᠴᠢ ᠡᠬᠡᠨᠡᠷ ᠡᠴᠡ
ᠬᠠᠪᠠ ᠨᠣᠬᠠᠢ ᠳᠡᠭᠡᠷ᠎ᠡ᠃
2204 ᠬᠠᠷᠢᠶᠠᠯ ᠤ᠋ᠨ ᠦᠵᠦᠭᠦᠷ ᠲᠦ᠍ ᠴᠢᠰᠤ
ᠢᠷᠦᠭᠡᠯ ᠦ᠋ᠨ ᠦᠵᠦᠭᠦᠷ ᠲᠦ᠍ ᠲᠣᠰᠣ
ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠣᠶᠤᠨᠪᠠᠲᠤ᠂ ᠴᠡᠩᠬᠡᠯᠴᠡᠴᠡᠭ᠂ ᠪᠠᠳᠮᠠᠰᠡᠴᠡᠨ
ᠬᠢᠨᠠᠭᠴᠢ᠄ ᠣᠳᠬᠣᠨᠴᠡᠴᠡᠭ᠂ ᠳᠣᠷᠵᠢ᠂ ᠪᠣᠯᠣᠳ᠂ ᠲ ᠬᠦᠮᠦᠵᠢᠯᠲᠦ᠂ ᠤᠢᠭᠤᠷᠵᠢᠨ ᠣᠳᠬᠣᠨ᠂ ᠪᠠᠯ
