ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠦ 7 ᠶᠢᠨ ᠠᠢᠮᠠᠭ –2>Монгол зүйр цэцэн үгийн гураван мянган дээж – Д᠂Заяабаатар эмхэтгэв <Үгийн аймаг 2>
ᠦ 7 (Ү) ᠶᠢᠨ ᠠᠢᠮᠠᠭ
– ᠦ 7 (Ү) –
ᠭᠠᠯ ᠳ᠋ᠤ᠌ ᠴᠦ᠍ ᠰᠢᠲᠠᠳᠠᠭ ᠦᠭᠡᠢ
2032 ᠦᠨᠡᠨ ᠶᠠᠭᠤᠮ᠎ᠠ ᠦᠨᠡᠨ ᠳ᠋ᠡᠭᠡᠨ ᠰᠠᠢᠬᠠᠨ
ᠦᠨᠡᠭᠡᠨ ᠮᠠᠯᠠᠭᠠᠢ ᠡᠪᠦᠯ ᠳ᠋ᠡᠭᠡᠨ ᠰᠠᠢᠬᠠᠨ
2033 ᠦᠨᠡᠨ ᠶᠠᠭᠤᠮ᠎ᠠ ᠦᠨᠡᠲᠡᠢ
ᠪᠤᠷᠤᠭᠤ ᠶᠠᠭᠤᠮ᠎ᠠ ᠪᠤᠯᠢᠬᠠᠢ ᠲᠠᠢ
2034 ᠦᠨᠡᠨ ᠦ᠌ ᠬᠡᠯᠡ ᠰᠢᠷᠦᠭᠦᠨ
ᠬᠤᠳᠠᠯ ᠤ᠋ᠨ ᠬᠡᠯᠡ ᠵᠥᠭᠡᠯᠡᠨ
2035 ᠦᠨᠡᠨ ᠢ᠋ ᠮᠥᠩᠭᠥ ᠳᠠᠷᠤᠵᠤ
ᠡᠪᠡᠰᠦ ᠶ᠋ᠢ ᠴᠠᠰᠤ ᠳᠠᠷᠤᠬᠤ
2036 ᠦᠨᠡᠨ ᠢ᠋ ᠣᠯᠤᠭᠴᠢ ᠬᠠᠤᠯᠢ
ᠦᠶ᠎ᠡ ᠶ᠋ᠢ ᠣᠯᠤᠭᠴᠢ ᠬᠢᠲᠤᠭ᠎ᠠ
2037 ᠦᠨᠡᠨ ᠢ᠋ ᠬᠡᠯᠡᠪᠡᠯ ᠦᠰᠦ ᠴᠠᠢᠬᠤ
ᠬᠤᠳᠠᠯ ᠢ᠋ ᠬᠡᠯᠡᠪᠡᠯ ᠬᠣᠰᠢᠭᠤ ᠴᠠᠢᠬᠤ
2038 ᠦᠨᠡᠨᠴᠢ ᠨᠥᠬᠥᠷ ᠮᠢᠩᠭ᠎ᠠ ᠪᠣᠯᠪᠠᠴᠤ ᠢᠯᠡᠭᠦᠳᠡᠬᠦ ᠦᠭᠡᠢ
ᠥᠰᠢᠶᠡᠲᠡᠨ ᠭᠠᠭᠴᠠ ᠪᠣᠯᠪᠠᠴᠤ ᠴᠥᠭᠡᠳᠡᠬᠦ ᠦᠭᠡᠢ
2039 ᠦᠨᠡᠨᠴᠢ ᠰᠡᠳᠬᠢᠯ ᠳ᠋ᠦ᠍
ᠦᠬᠡᠷ ᠴᠢᠯᠠᠭᠤ ᠴᠦ᠍ ᠤᠶᠠᠷᠠᠳᠠᠭ
2040 ᠦᠨᠡᠨᠴᠢ ᠬᠥᠮᠦᠨ ᠡᠭᠦᠳᠡᠨ ᠳ᠋ᠦ᠍
ᠬᠤᠳᠠᠯᠴᠢ ᠬᠥᠮᠦᠨ ᠬᠣᠢᠮᠣᠷ ᠲᠤ
2041 ᠦᠨᠡᠨᠴᠢ ᠶᠠᠪᠤᠪᠠᠯ
ᠡᠭᠦᠷᠢᠳᠡ ᠬᠦᠨᠳᠦᠲᠡᠢ
2042 ᠦᠨᠡᠨ ᠢ᠋ᠶ᠋ᠡᠨ ᠬᠡᠯᠡᠵᠦ
ᠦᠵᠡᠭᠰᠡᠨ ᠢ᠋ᠶ᠋ᠡᠨ ᠲᠣᠭᠠᠴᠢᠬᠤ
2043 ᠦᠨᠡᠨ ᠢ᠋ᠶ᠋ᠡᠷ ᠶᠠᠪᠤᠭᠴᠢᠳ ᠢ᠋ ᠡᠷᠭᠦᠵᠦ ᠬᠥᠭᠵᠢᠭᠡᠬᠦ
ᠦᠨᠡᠨ ᠭᠡᠮᠲᠦ ᠬᠥᠮᠦᠨ ᠢ᠋ ᠭᠡᠰᠬᠡᠵᠦ ᠵᠠᠰᠠᠬᠤ
2044 ᠦᠨᠡᠨ ᠢ᠋ᠶ᠋ᠡᠷ ᠶᠠᠪᠤᠪᠠᠯ ᠦᠰᠦ ᠴᠠᠢᠵᠤ
ᠬᠤᠳᠠᠯ ᠢ᠋ᠶ᠋ᠠᠷ ᠶᠠᠪᠤᠪᠠᠯ ᠶᠠᠰᠤ ᠴᠠᠢᠨᠠ
2045 ᠦᠨᠡᠨ ᠢ᠋ᠶ᠋ᠡᠷ ᠶᠠᠪᠤᠪᠠᠯ
ᠦᠬᠡᠷ ᠲᠡᠷᠭᠡ ᠪᠡᠷ ᠲᠠᠤᠯᠠᠢ ᠭᠦᠢᠴᠡᠨ᠎ᠡ
2046 ᠦᠨᠡᠲᠦ ᠡᠷᠳᠡᠨᠢ ᠭᠠᠵᠠᠷ ᠠ᠋ᠴᠠ
ᠥᠩᠭᠡᠲᠦ ᠣᠳᠣ ᠲᠩᠷᠢ ᠡᠴᠡ
2047 ᠦᠨᠢᠶ᠎ᠡ ᠨᠢ ᠬᠠᠷ᠎ᠠ ᠪᠣᠯᠪᠠᠴᠤ
ᠰᠦ ᠨᠢ ᠴᠠᠭᠠᠨ
2048 ᠦᠨᠢᠶᠡᠨ ᠦ᠌ ᠰᠢᠮ᠎ᠡ ᠠᠷᠪᠢᠨ
ᠬᠣᠨᠢᠨ ᠤ᠋ ᠠᠰᠢᠭ ᠦᠯᠡᠮᠵᠢ
2049 ᠦᠷ᠎ᠡ ᠡᠪᠦᠷ ᠲᠦ᠍ ᠠᠰᠠᠳᠠᠭ
ᠦᠭᠡ ᠵᠢᠷᠦᠬᠡᠨ ᠳ᠋ᠦ᠍ ᠠᠰᠠᠳᠠᠭ
2050 ᠦᠷ᠎ᠡ ᠥᠰᠴᠦ ᠡᠷ᠎ᠡ ᠪᠣᠯᠬᠤ
ᠦᠷᠢᠶ᠎ᠡ ᠥᠰᠴᠦ ᠬᠦᠯᠦᠭ ᠪᠣᠯᠬᠤ
2051 ᠦᠷ᠎ᠡ ᠬᠡᠦᠬᠡᠳ ᠡᠴᠡ ᠪᠡᠨ ᠬᠥᠨᠳᠡᠢᠷᠡᠪᠡᠯ
ᠥᠲᠡᠯᠬᠦ ᠦᠶ᠎ᠡ ᠳ᠋ᠡᠭᠡᠨ ᠵᠣᠪᠠᠨ᠎ᠠ
2052 ᠦᠷ᠎ᠡ ᠦᠭᠡᠢ ᠪᠣᠯ ᠥᠰᠬᠦ ᠦᠭᠡᠢ
ᠦᠨᠳᠦᠰᠦ ᠦᠭᠡᠢ ᠪᠣᠯ ᠤᠷᠭᠤᠬᠤ ᠦᠭᠡᠢ
2053 ᠦᠷ᠎ᠡ ᠦᠭᠡᠢ ᠬᠥᠮᠦᠨ ᠪᠠᠢᠳᠠᠭ ᠦᠭᠡᠢ
ᠦᠨᠳᠦᠰᠦ ᠦᠭᠡᠢ ᠴᠡᠴᠡᠭ ᠪᠠᠢᠳᠠᠭ ᠦᠭᠡᠢ
2054 ᠦᠷ᠎ᠡ ᠦᠭᠡᠢ ᠬᠥᠮᠦᠨ ᠦ᠌ ᠨᠢᠳᠦ ᠨᠣᠢᠲᠠᠨ
ᠦᠷ᠎ᠡ ᠲᠡᠢ ᠬᠥᠮᠦᠨ ᠦ᠌ ᠡᠪᠦᠷ ᠨᠣᠢᠲᠠᠨ
2055 ᠥᠷᠡᠵᠦ ᠰᠦᠢᠳᠬᠡᠬᠦ ᠳ᠋ᠦ᠍ ᠬᠢᠯᠪᠠᠷ
ᠦᠢᠯᠡᠳᠴᠦ ᠪᠦᠲᠦᠭᠡᠬᠦ ᠳ᠋ᠦ᠍ ᠪᠡᠷᠬᠡ
2056 ᠦᠷ᠎ᠡ ᠶ᠋ᠢ ᠨᠢ ᠠᠪᠤᠭᠠᠳ
ᠡᠬᠡ ᠶ᠋ᠢ ᠨᠢ ᠭᠡᠭᠡᠬᠦ
2057 ᠦᠷᠡᠲᠦ ᠬᠥᠮᠦᠨ
ᠬᠥᠮᠦᠨ ᠦ᠌ ᠦᠷ᠎ᠡ ᠶ᠋ᠢ ᠬᠠᠷᠢᠶᠠᠳᠠᠭ ᠦᠭᠡᠢ
2058 ᠦᠷᠡᠲᠦ ᠬᠥᠮᠦᠨ ᠦᠷ᠎ᠡ ᠪᠡᠷ ᠢ᠋ᠶ᠋ᠡᠨ ᠵᠦᠢᠷᠯᠡ
ᠪᠡᠶᠡᠲᠦ ᠬᠥᠮᠦᠨ ᠪᠡᠶ᠎ᠡ ᠪᠡᠷ ᠢ᠋ᠶ᠋ᠡᠨ ᠵᠦᠢᠷᠯᠡ
2059 ᠦᠷ᠎ᠡ ᠲᠡᠢ ᠬᠥᠮᠦᠨ ᠵᠤᠯᠠ
ᠦᠷ᠎ᠡ ᠦᠭᠡᠢ ᠬᠥᠮᠦᠨ ᠤᠯᠠ
2060 ᠦᠷ᠎ᠡ ᠲᠡᠢ ᠬᠥᠮᠦᠨ ᠦᠳᠡᠵᠦ ᠠᠮᠠᠷᠠᠳᠠᠭ
ᠡᠪᠡᠳᠴᠢᠲᠡᠢ ᠬᠥᠮᠦᠨ ᠡᠳᠡᠭᠡᠵᠦ ᠠᠮᠠᠷᠠᠳᠠᠭ
2061 ᠦᠷ᠎ᠡ ᠲᠡᠢ ᠬᠥᠮᠦᠨ ᠱᠤᠤᠭᠢᠳᠠᠭ
ᠦᠨᠳᠦᠰᠦ ᠲᠡᠢ ᠮᠣᠳᠣ ᠨᠠᠢᠭᠤᠳᠠᠭ
2062 ᠦᠷᠦᠬᠦ ᠦᠭᠡᠢ ᠪᠣᠯ ᠬᠤᠷᠴᠠ ᠪᠣᠯᠳᠠᠭ ᠦᠭᠡᠢ
ᠬᠡᠯᠡᠬᠦ ᠦᠭᠡᠢ ᠪᠣᠯ ᠰᠡᠴᠡᠨ ᠪᠣᠯᠳᠠᠭ ᠦᠭᠡᠢ
2063 ᠦᠷ᠎ᠡ ᠪᠡᠨ ᠭᠡᠪᠡᠯ ᠰᠤᠷᠭᠠᠵᠤ ᠪᠠᠢ
ᠮᠣᠷᠢ ᠪᠠᠨ ᠭᠡᠪᠡᠯ ᠢᠳᠡᠭᠦᠯᠵᠦ ᠪᠠᠢ
2064 ᠦᠷᠢᠶ᠎ᠡ ᠳᠠᠭ᠎ᠠ ᠥᠰᠴᠦ ᠤᠨᠤᠭ᠎ᠠ ᠵᠠᠯᠭᠠᠬᠤ
ᠦᠷ᠎ᠡ ᠬᠡᠦᠬᠡᠳ ᠪᠣᠢᠵᠢᠵᠤ ᠡᠷᠦᠬᠡ ᠵᠠᠯᠭᠠᠮᠵᠢᠯᠠᠬᠤ
2065 ᠦᠷᠢᠶ᠎ᠡ ᠳᠠᠭ᠎ᠠ ᠨᠢ ᠲᠠᠨᠢᠭᠳᠠᠬᠤ ᠦᠭᠡᠢ
ᠥᠩᠭᠡ ᠵᠢᠰᠦ ᠨᠢ ᠢᠯᠭᠠᠭᠳᠠᠬᠤ ᠦᠭᠡᠢ
2066 ᠦᠷᠢᠶ᠎ᠡ ᠮᠣᠷᠢ ᠢᠵᠢᠯᠢ ᠪᠡᠨ ᠣᠯᠬᠤ
ᠦᠷ᠎ᠡ ᠬᠡᠦᠬᠡᠳ ᠬᠠᠨᠢ ᠪᠠᠨ ᠣᠯᠬᠤ
2067 ᠦᠷᠢᠶ᠎ᠡ ᠮᠣᠷᠢᠨ ᠤ᠋ ᠪᠠᠨ ᠬᠤᠷᠳᠤᠨ ᠢ᠋ ᠦᠵᠡᠬᠦ
ᠦᠷ᠎ᠡ ᠬᠡᠦᠬᠡᠳ ᠦ᠋ᠨ ᠢ᠋ᠶ᠋ᠡᠨ ᠰᠠᠢᠨ ᠢ᠋ ᠬᠠᠷᠠᠬᠤ
2068 ᠦᠷ᠎ᠡ ᠪᠡᠨ ᠬᠥᠮᠦᠨ ᠪᠣᠯᠭᠠᠵᠤ
ᠦᠷᠢᠶ᠎ᠡ ᠪᠡᠨ ᠮᠣᠷᠢ ᠪᠣᠯᠭᠠᠬᠤ
2069 ᠦᠷ᠎ᠡ ᠪᠡᠷ ᠪᠠᠶᠠᠨ ᠡᠭᠦᠳᠡᠨ ᠳ᠋ᠦ᠍
ᠦᠬᠡᠷ ᠢ᠋ᠶ᠋ᠡᠷ ᠪᠠᠶᠠᠨ ᠬᠣᠢᠮᠣᠷ ᠲᠤ
2070 ᠦᠰᠦᠨ ᠦ᠌ ᠬᠠᠷ᠎ᠠ ᠨᠢ
ᠰᠢᠳᠦᠨ ᠦ᠌ ᠴᠠᠭᠠᠨ ᠨᠢ
2071 ᠦᠰᠦᠲᠡᠢ ᠳᠡᠪᠡᠯ ᠬᠦᠢᠲᠡᠨ ᠳ᠋ᠦ᠍
ᠦᠨᠡᠨ ᠦᠭᠡ ᠲᠦᠮᠡᠨ ᠳ᠋ᠦ᠍
2072 ᠦᠰᠦᠨ ᠲᠡᠳᠦᠢ ᠡᠨᠳᠡᠭᠦᠷᠡᠯ ᠡᠴᠡ
ᠦᠬᠡᠷ ᠦ᠋ᠨ ᠴᠢᠨᠡᠭᠡ ᠬᠡᠷᠡᠭ ᠭᠠᠷᠤᠨ᠎ᠠ
2073 ᠡᠭᠦᠳᠡ ᠮᠠᠨᠠᠬᠤ ᠬᠦᠦ ᠲᠡᠢ
ᠤᠷᠤᠭ ᠲᠡᠯᠡᠬᠦ ᠬᠡᠦᠬᠡᠨ ᠲᠡᠢ
2074 ᠡᠭᠦᠯᠡᠨ ᠡᠴᠡ ᠪᠣᠷᠣᠭ᠎ᠠ
ᠡᠪᠡᠳᠴᠢᠨ ᠡᠴᠡ ᠦᠬᠦᠯ
2075 ᠡᠭᠦᠯᠡ ᠶᠡᠬᠡᠲᠦ ᠪᠣᠷᠣᠭ᠎ᠠ ᠦᠭᠡᠢ
ᠡᠭᠦᠳᠡ ᠰᠠᠢᠲᠤ ᠬᠣᠪ ᠦᠭᠡᠢ
2076 ᠡᠭᠦᠯᠡ ᠮᠠᠨᠠᠨ ᠰᠠᠯᠬᠢ ᠳᠠᠭᠠᠭᠠᠬᠤ ᠦᠭᠡᠢ
ᠥᠷᠯᠥᠭᠡᠨ ᠦ᠌ ᠰᠢᠭᠦᠳᠡᠷᠢ ᠨᠠᠷᠠ ᠳᠠᠭᠠᠭᠠᠬᠤ ᠦᠭᠡᠢ
2077 ᠡᠭᠦᠯᠡ ᠨᠠᠷᠠ ᠶ᠋ᠢ ᠬᠠᠭᠠᠬᠤ
ᠦᠢᠯᠡ ᠶ᠋ᠢᠨ ᠦᠷ᠎ᠡ ᠪᠤᠶᠠᠨ ᠢ᠋ ᠬᠠᠭᠠᠬᠤ
2078 ᠡᠭᠦᠯᠡ ᠬᠤᠷᠠᠪᠠᠯ ᠬᠤᠷ᠎ᠠ
ᠬᠥᠮᠦᠨ ᠬᠤᠷᠠᠯᠳᠤᠪᠠᠯ ᠬᠦᠴᠦ
2079 ᠡᠭᠦᠯᠡ ᠦᠭᠡᠢ ᠡᠳᠦᠷ ᠴᠡᠯᠮᠡᠭ
ᠡᠪᠡᠳᠴᠢᠨ ᠦᠭᠡᠢ ᠪᠡᠶ᠎ᠡ ᠰᠠᠷᠠᠭᠤᠯᠬᠠᠨ
2080 ᠡᠭᠦᠯᠡᠨ ᠡᠴᠡ ᠪᠣᠷᠣᠭ᠎ᠠ
ᠦᠨᠡᠨ ᠡᠴᠡ ᠵᠥᠪ
2081 ᠡᠭᠦᠯᠡ ᠲᠡᠢ ᠵᠤᠨ ᠡᠪᠡᠰᠦᠨ ᠳ᠋ᠦ᠍ ᠰᠠᠢᠨ
ᠨᠠᠷᠠ ᠲᠠᠢ ᠡᠳᠦᠷ ᠨᠠᠮᠤᠷ ᠲᠠᠭᠠᠨ ᠰᠠᠢᠨ
2082 ᠦᠦᠷ(ᠦᠷ) ᠴᠡᠢᠪᠡᠯ ᠡᠳᠦᠷ ᠪᠣᠯᠬᠤ ᠶ᠋ᠢᠨ ᠲᠡᠮᠳᠡᠭ
ᠡᠪᠡᠰᠦ ᠴᠠᠢᠪᠠᠯ ᠨᠠᠮᠤᠷ ᠪᠣᠯᠬᠤ ᠶ᠋ᠢᠨ ᠲᠡᠮᠳᠡᠭ
2083 ᠦᠦᠷ(ᠦᠷ) ᠴᠠᠢᠭᠰᠠᠨ ᠬᠣᠢᠨ᠎ᠠ
ᠥᠨᠳᠥᠷ ᠴᠠᠭᠠᠨ ᠮᠠᠨᠠᠭᠤᠬᠠᠢ ᠪᠣᠰᠬᠠᠬᠤ
2084 ᠦᠦᠷ (ᠦᠷ) ᠴᠠᠢᠭᠰᠠᠨ ᠬᠣᠢᠨ᠎ᠠ
ᠠᠩ ᠪᠣᠳᠣᠭᠰᠠᠨ ᠤ᠋ ᠬᠡᠷᠡᠭ ᠦᠭᠡᠢ
ᠡᠭᠦᠳᠡᠨ ᠰᠢᠲᠦ ᠤᠨᠠᠭᠰᠠᠨ ᠤ᠋ ᠬᠣᠢᠨ᠎ᠠ
ᠵᠠᠯᠠᠭᠤ ᠭᠡᠰᠡᠨ ᠦ᠌ ᠬᠡᠷᠡᠭ ᠦᠭᠡᠢ
2085 ᠡᠭᠦᠷᠬᠦ ᠬᠡᠷᠡᠭ ᠢ᠋
ᠦᠬᠦᠭᠰᠡᠨ ᠬᠥᠮᠦᠨ ᠳᠡᠭᠡᠷ᠎ᠡ
2086 ᠡᠭᠦᠰᠬᠡᠯ ᠪᠠᠢᠪᠠᠯ
ᠲᠡᠭᠦᠰᠬᠡᠯ ᠪᠣᠢ
2087 ᠡᠭᠦᠰᠦᠭᠰᠡᠨ ᠰᠢᠷᠬ᠎ᠠ ᠡᠳᠡᠭᠡᠷᠡᠳᠡᠭ
ᠦᠭᠡᠨ ᠦ᠌ ᠰᠢᠷᠬ᠎ᠠ ᠡᠳᠡᠭᠡᠷᠡᠬᠦ ᠦᠭᠡᠢ
2088 ᠲᠤᠭᠤᠯ ᠡᠬᠡ ᠪᠡᠨ ᠳᠠᠭᠠᠳᠠᠭ
ᠦᠨᠡᠨ ᠦᠭᠡ ᠵᠦᠢ ᠪᠡᠨ ᠳᠠᠭᠠᠳᠠᠭ
2089 ᠦᠬᠡᠷ ᠦ᠋ᠨ ᠡᠪᠡᠷ ᠳᠡᠭᠡᠷ᠎ᠡ ᠭᠠᠷᠤᠭᠰᠠᠨ ᠰᠢᠷᠭᠤᠯᠵᠢ
ᠠᠭᠤᠯᠠᠨ ᠳᠡᠭᠡᠷ᠎ᠡ ᠭᠠᠷᠤᠯ᠎ᠠ ᠭᠡᠵᠦ ᠪᠠᠶᠠᠷᠯᠠᠬᠤ
2090 ᠦᠬᠦᠭᠰᠡᠨ ᠪᠤᠤᠷ᠎ᠠ ᠶ᠋ᠢᠨ ᠲᠣᠯᠣᠭᠠᠢ ᠠ᠋ᠴᠠ
ᠠᠮᠢᠳᠤ ᠠᠳᠠ ᠠᠶᠤᠨ᠎ᠠ
2091 ᠦᠬᠦᠭᠰᠡᠨ ᠨᠢ ᠦᠢᠯᠡ ᠪᠡᠨ
ᠠᠮᠢᠳᠤ ᠨᠢ ᠠᠵᠢᠯ ᠢ᠋ᠶ᠋ᠠᠨ
2092 ᠦᠬᠦᠭᠰᠡᠨ ᠬᠣᠢᠨ᠎ᠠ ᠨᠢ ᠡᠮ ᠠᠪᠴᠤ
ᠠᠷᠢᠯᠤᠭᠰᠠᠨ ᠬᠣᠢᠨ᠎ᠠ ᠨᠢ ᠠᠷᠭ᠎ᠠ ᠣᠯᠬᠤ
2093 ᠦᠬᠦᠭᠰᠡᠨ ᠬᠥᠮᠦᠨ ᠵᠢᠷᠭᠠᠯ ᠲᠠᠢ
ᠦᠯᠡᠳᠡᠭᠰᠡᠨ ᠬᠥᠮᠦᠨ ᠵᠣᠪᠠᠯᠠᠩ ᠲᠠᠢ
2094 ᠦᠬᠦᠭᠰᠡᠨ ᠬᠥᠮᠦᠨ ᠳ᠋ᠦ᠍ ᠨᠠᠷᠠ ᠬᠣᠯᠠ
ᠡᠴᠡᠭᠰᠡᠨ ᠮᠣᠷᠢᠨ ᠳ᠋ᠤ᠌ ᠭᠠᠵᠠᠷ ᠬᠣᠯᠠ
2095 ᠦᠬᠦᠭᠰᠡᠨ ᠢ᠋ ᠱᠣᠭᠯᠠᠳᠠᠭ ᠦᠭᠡᠢ
ᠦᠶᠡᠷᠬᠡᠭᠰᠡᠨ ᠢ᠋ ᠮᠠᠭᠤᠯᠠᠳᠠᠭ ᠦᠭᠡᠢ
2096 ᠦᠬᠡᠷ ᠢᠳᠡᠭᠰᠡᠨ ᠢ᠋ᠶ᠋ᠡᠨ ᠬᠡᠪᠢᠳᠡᠭ
ᠬᠥᠮᠦᠨ ᠰᠤᠷᠤᠭᠰᠠᠨ ᠢ᠋ᠶ᠋ᠠᠨ ᠳᠠᠪᠲᠠᠳᠠᠭ
2097 ᠦᠬᠡᠷ ᠬᠡᠯᠡᠨ ᠦ᠌ ᠪᠡᠨ ᠤᠭ ᠢ᠋ᠶ᠋ᠠᠷ
ᠡᠪᠡᠰᠦ ᠣᠷᠢᠶᠠᠳᠠᠭ
ᠬᠣᠪᠴᠢ ᠬᠡᠯᠡᠨ ᠦ᠌ ᠪᠡᠨ ᠤᠷᠲᠤ ᠪᠠᠷ
ᠲᠣᠯᠣᠭᠠᠢ ᠪᠠᠨ ᠣᠷᠢᠶᠠᠳᠠᠭ
2098 ᠦᠬᠦᠬᠦ ᠬᠥᠮᠦᠨ ᠰᠠᠢᠨ ᠡᠮᠴᠢ ᠡᠴᠡ ᠤᠢᠳᠬᠤ
ᠦᠭᠡᠢᠷᠡᠬᠦ ᠬᠥᠮᠦᠨ ᠰᠠᠢᠨ ᠨᠣᠬᠠᠢ ᠠ᠋ᠴᠠ ᠤᠢᠳᠬᠤ
2099 ᠦᠬᠦᠬᠦ ᠬᠥᠮᠦᠨ ᠳ᠋ᠦ᠍ ᠦᠭᠡ ᠪᠦᠦ ᠬᠡᠯᠡ
ᠤᠨᠲᠠᠬᠤ ᠬᠥᠮᠦᠨ ᠳ᠋ᠦ᠍ ᠤᠰᠤ ᠪᠦᠦ ᠥᠭ
2100 ᠦᠬᠦᠬᠦ ᠬᠥᠮᠦᠨ ᠦ᠌ ᠨᠢᠳᠦ ᠬᠤᠷᠴᠠ
ᠦᠭᠡᠢᠷᠡᠬᠦ ᠬᠥᠮᠦᠨ ᠦ᠌ ᠰᠢᠳᠦ ᠬᠤᠷᠴᠠ
2101 ᠦᠬᠦᠬᠦ ᠬᠥᠮᠦᠨ ᠦ᠌ ᠦᠭᠡ ᠶ᠋ᠢ ᠠᠪᠳᠠᠭ
ᠦᠬᠦᠭᠰᠡᠨ ᠮᠠᠯ ᠤ᠋ᠨ ᠬᠦᠵᠦᠭᠦᠪᠴᠢ ᠶ᠋ᠢ ᠠᠪᠳᠠᠭ ᠦᠭᠡᠢ
2102 ᠦᠬᠦᠬᠦ ᠡᠷᠪᠡᠬᠡᠢ
ᠳ᠋ᠧᠩ ᠦ᠋ᠨ ᠵᠦᠭ ᠲᠡᠮᠡᠦᠯᠳᠡᠭ
2103 ᠦᠬᠦᠬᠦ ᠳ᠋ᠦ᠍ ᠦᠭᠡ ᠬᠡᠷᠡᠭᠲᠡᠢ
ᠤᠨᠲᠠᠬᠤ ᠳ᠋ᠤ᠌ ᠤᠰᠤ ᠬᠡᠷᠡᠭᠲᠡᠢ
2104 ᠦᠬᠦᠬᠦ ᠡᠴᠡ ᠠᠶᠤᠬᠤ ᠦᠭᠡᠢ
ᠦᠭᠡᠢᠷᠡᠬᠦ ᠡᠴᠡ ᠠᠶᠤᠬᠤ
ᠦᠰᠦᠭ ᠠᠮᠢᠯᠠᠭᠤᠯᠤᠭᠴᠢ᠄ ᠪᠠᠳᠮᠠᠰᠡᠴᠡᠨ᠂ ᠣᠶᠤᠨᠪᠠᠲᠤ᠂ ᠰᠠᠷᠠᠨᠲᠤᠶᠠᠭ᠎ᠠ
ᠬᠢᠨᠠᠭᠴᠢ᠄ ᠳᠣᠷᠵᠢ᠂ ᠣᠳᠬᠣᠨᠴᠡᠴᠡᠭ᠂ ᠠᠯᠲᠠᠨᠱᠠ᠂ ᠤᠢᠭᠤᠷᠵᠢᠨ ᠤᠳᠬᠤᠨ᠂ ᠲ ᠬᠦᠮᠦᠵᠢᠯᠲᠦ᠂ ᠪᠠᠯ
