ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠦ‍ 7 ᠶᠢᠨ ᠠᠢᠮᠠᠭ –1>Монгол зүйр цэцэн үгийн гураван мянган дээж – Д᠂Заяабаатар эмхэтгэв <Үгийн аймаг 1> ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠦ‍ 7 ᠶᠢᠨ ᠠᠢᠮᠠᠭ –1>Монгол зүйр цэцэн үгийн гураван мянган дээж – Д᠂Заяабаатар эмхэтгэв <Үгийн аймаг 1>

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠦ‍ 7 ᠶᠢᠨ ᠠᠢᠮᠠᠭ –1>Монгол зүйр цэцэн үгийн гураван мянган дээж – Д᠂Заяабаатар эмхэтгэв <Үгийн аймаг 1>

2024-09-04

888

 
        – ᠦ᠊ (Ү) – 
  
1937 ᠦᠭᠡ ᠠᠯᠳᠠᠭᠰᠠᠨ ᠠ᠋ᠴᠠ  
         ᠦᠬᠡᠷ ᠠᠯᠳᠠᠭᠰᠠᠨ ᠨᠢ ᠳᠡᠭᠡᠷ᠎ᠡ 

1938 ᠦᠭᠡ ᠪᠦᠷᠢ ᠤᠳᠬ᠎ᠠ ᠲᠠᠢ 
         ᠤᠳᠬ᠎ᠠ ᠪᠦᠷᠢ ᠤᠴᠢᠷ ᠲᠠᠢ

1939 ᠦᠭᠡ ᠳᠠᠪᠲᠠᠪᠠᠯ ᠣᠯᠢᠭ 
         ᠨᠣᠮ ᠳᠠᠪᠲᠠᠪᠠᠯ ᠪᠢᠯᠢᠭ

1940 ᠦᠭᠡ ᠳᠠᠭᠠᠪᠠᠯ ᠤᠬᠠᠭᠠᠨ ᠲᠠᠢ ᠪᠣᠯᠳᠠᠭ 
         ᠦᠯᠢᠭᠡᠷ ᠳᠠᠭᠠᠪᠠᠯ ᠰᠡᠴᠡᠨ ᠪᠣᠯᠳᠠᠭ 

1941 ᠦᠭᠡ ᠢᠯᠡᠭᠦᠦ ᠲᠡᠢ ᠶ᠋ᠢᠨ 
         ᠡᠷᠡᠦ ᠬᠤᠭᠤᠷᠬᠠᠢ

1942 ᠦᠭᠡ ᠮᠡᠳᠡᠬᠦ ᠦᠭᠡᠢ ᠬᠥᠮᠦᠨ ᠣᠯᠬᠤ ᠪᠠᠷ 
         ᠦᠢᠯᠡ ᠮᠡᠳᠡᠬᠦ ᠦᠭᠡᠢ ᠡᠮ᠎ᠡ ᠣᠯᠤᠭᠰᠠᠨ ᠨᠢ ᠳᠡᠭᠡᠷ᠎ᠡ

1943 ᠦᠭᠡ ᠮᠡᠳᠡᠬᠦ ᠦᠭᠡᠢ ᠬᠥᠮᠦᠨ ᠳ᠋ᠦ᠍ ᠦᠭᠡ ᠪᠦᠦ ᠬᠡᠯᠡ 
         ᠦᠬᠡᠷ ᠦ᠋ᠨ ᠬᠠᠮᠠᠷ ᠲᠤ᠌ ᠽᠠᠨᠳᠠᠨ ᠪᠦᠦ ᠠᠰᠠᠭ᠎ᠠ

1944 ᠦᠭᠡ ᠮᠡᠳᠡᠬᠦ ᠦᠭᠡᠢ ᠬᠥᠮᠦᠨ ᠳ᠋ᠦ᠍ ᠬᠡᠯᠡᠭᠰᠡᠨ ᠦᠭᠡ 
         ᠦᠨᠡᠰᠦᠨ ᠳ᠋ᠦ᠍ ᠬᠠᠶᠠᠭᠰᠠᠨ ᠰᠤᠪᠤᠳ ᠠᠳᠠᠯᠢ

1945 ᠦᠭᠡ ᠨᠢ ᠵᠥᠭᠡᠯᠡᠨ 
         ᠦᠢᠯᠡ ᠨᠢ ᠬᠠᠲᠠᠭᠤ

1946 ᠦᠭᠡ ᠨᠢ ᠲᠦᠷᠭᠡᠨ 
         ᠦᠢᠯᠡ ᠨᠢ ᠤᠳᠠᠭᠠᠨ

1947 ᠦᠭᠡ ᠣᠯᠠᠳᠠᠵᠤ 
         ᠦᠬᠡᠷ ᠬᠣᠯᠠᠳᠠᠬᠤ

1948 ᠦᠭᠡ ᠣᠯᠠᠨ ᠳᠠᠪᠲᠠᠬᠤ ᠨᠣᠢᠷ ᠲᠤ ᠰᠠᠭᠠᠳ 
         ᠨᠣᠮ ᠣᠯᠠᠨ ᠳᠠᠪᠲᠠᠬᠤ ᠴᠡᠭᠡᠵᠢᠨ ᠳ᠋ᠦ᠍ ᠴᠢᠮᠡᠭ 

1949 ᠦᠭᠡ ᠰᠥᠷᠪᠡᠯ ᠬᠡᠷᠡᠭᠦᠯ 
         ᠡᠭᠦᠯᠡ ᠬᠤᠷᠠᠪᠠᠯ ᠬᠤᠷ᠎ᠠ

1450 ᠦᠭᠡ ᠤᠴᠢᠷ ᠲᠠᠢ 
         ᠡᠪᠡᠰᠦ ᠦᠨᠳᠦᠰᠦ ᠲᠡᠢ

1951 ᠦᠭᠡ ᠬᠡᠯᠡᠬᠦ ᠬᠠᠷᠢᠭᠤ ᠲᠠᠢ 
         ᠦᠨᠡᠨ ᠢ᠋ᠶ᠋ᠡᠨ ᠬᠡᠯᠡᠬᠦ ᠵᠣᠷᠢᠭᠲᠠᠢ

1952 ᠦᠭᠡ ᠬᠡᠯᠡᠬᠦ ᠳ᠋ᠡᠭᠡᠨ ᠦᠨᠡᠨ ᠢ᠋ 
         ᠦᠯᠢᠭᠡᠷ ᠬᠡᠯᠡᠬᠦ ᠳ᠋ᠡᠭᠡᠨ ᠤᠳᠬ᠎ᠠ ᠶ᠋ᠢ ᠨᠢ

1953 ᠦᠭᠡ ᠬᠡᠯᠡᠬᠦ ᠳ᠋ᠦ᠍ ᠦᠭᠡ ᠲᠤᠭᠤᠯᠬᠤ 
         ᠬᠣᠷᠣᠭ᠎ᠠ ᠨᠡᠭᠡᠭᠡᠬᠦ ᠳ᠋ᠦ᠍ ᠮᠠᠯ ᠪᠡᠯᠴᠢᠬᠦ

1954 ᠦᠭᠡ ᠦᠭᠡᠢ ᠮᠥᠷᠲᠡᠭᠡᠨ ᠵᠠᠷᠭᠤᠰᠠᠭ 
         ᠥᠮᠥᠳᠥ ᠦᠭᠡᠢ ᠮᠥᠷᠲᠡᠭᠡᠨ ᠶᠡᠬᠡᠮᠰᠦᠭ

1955 ᠦᠭᠡ ᠶ᠋ᠢ ᠦᠭᠡ ᠠᠯᠠᠳᠠᠭ 
         ᠦᠨᠡᠭᠡ ᠶ᠋ᠢ ᠬᠥᠮᠦᠨ ᠠᠯᠠᠳᠠᠭ

1956 ᠦᠭᠡ ᠶ᠋ᠢ ᠦᠭᠡ ᠪᠣᠯᠭᠠᠵᠤ 
         ᠦᠭᠡᠢ ᠶ᠋ᠢ ᠪᠣᠢ ᠪᠣᠯᠭᠠᠬᠤ

1957 ᠦᠭᠡᠯᠡᠭᠡ ᠬᠥᠮᠦᠨ ᠦ᠌ ᠦᠭᠡ ᠦᠨ᠎ᠡ ᠦᠭᠡᠢ 
         ᠦᠷᠭᠦᠳᠡᠭ ᠮᠣᠷᠢᠨ ᠤ᠋ ᠶᠠᠪᠤᠳᠠᠯ ᠡᠪ ᠦᠭᠡᠢ 

1958 ᠦᠭᠡᠨ ᠦ᠌ ᠪᠣᠭᠣᠨᠢ ᠨᠢ 
         ᠲᠥᠷᠥ ᠶ᠋ᠢᠨ ᠰᠢᠳᠤᠷᠭᠤ ᠨᠢ 

1959 ᠦᠭᠡᠨ ᠦ᠌ ᠳᠣᠲᠣᠷ᠎ᠠ ᠠ᠋ᠴᠠ ᠦᠨᠡᠨ ᠢ᠋ ᠡᠷᠢ 
         ᠥᠩᠭᠡᠨ ᠦ᠌ ᠳᠣᠲᠣᠷ᠎ᠠ ᠠ᠋ᠴᠠ ᠴᠢᠨᠠᠷ ᠢ᠋ ᠡᠷᠢ

1960 ᠦᠭᠡᠨ ᠦ᠌ ᠶᠥᠭᠡᠬᠦ ᠨᠢ 
         ᠵᠣᠳᠣᠬᠤ ᠶ᠋ᠢᠨ ᠴᠢᠮᠬᠢᠬᠦ ᠨᠢ

1961 ᠦᠭᠡᠨ ᠦ᠌ ᠢᠯᠡ ᠨᠢ 
         ᠦᠨᠡᠭᠡᠨ ᠦ᠌ ᠤᠯᠠᠭᠠᠨ ᠨᠢ 

1962 ᠦᠭᠡᠨ ᠦ᠌ ᠶᠡᠬᠡ ᠦᠨ᠎ᠡ ᠪᠡᠨ ᠪᠠᠷᠠᠨ᠎ᠠ 
         ᠡᠪᠡᠳᠴᠢᠨ ᠦ᠌ ᠶᠡᠬᠡ ᠪᠡᠶ᠎ᠡ ᠪᠡᠨ ᠪᠠᠷᠠᠨ᠎ᠠ

1963 ᠦᠭᠡᠨ ᠡᠴᠡ ᠦᠭᠡ ᠠᠪᠳᠠᠭ 
         ᠤᠬᠠᠭᠠᠨ ᠠ᠋ᠴᠠ ᠤᠬᠠᠭᠠᠨ ᠰᠤᠷᠳᠠᠭ

1964 ᠦᠭᠡ ᠲᠡᠢ ᠪᠣᠯ ᠥᠴᠢ 
         ᠬᠣᠰᠢᠶ᠎ᠠ ᠲᠠᠢ ᠪᠣᠯ ᠬᠣᠯᠪᠣ

1965 ᠦᠭᠡᠢ ᠭᠡᠵᠦ ᠦᠭᠡᠨ ᠦ᠌ ᠮᠤᠬᠤᠷ  
         ᠦᠬᠦᠨ᠎ᠡ ᠭᠡᠵᠦ ᠠᠮᠢᠨ ᠤ᠋ ᠮᠤᠬᠤᠷ

1966 ᠦᠭᠡᠢᠷᠡᠭᠰᠡᠨ ᠬᠣᠢᠨ᠎ᠠ ᠪᠠᠨ ᠪᠠᠶᠠᠨ ᠢ᠋ ᠪᠢᠲᠡᠭᠡᠢ ᠳᠤᠷᠠᠳ 
         ᠦᠬᠦᠭᠰᠡᠨ ᠬᠣᠢᠨ᠎ᠠ ᠰᠠᠢᠨ ᠢ᠋ ᠪᠢᠲᠡᠭᠡᠢ ᠳᠤᠷᠠᠳ

1967 ᠦᠭᠡᠢᠷᠡᠲᠡᠯ᠎ᠡ ᠥᠪ ᠬᠠᠷᠠᠮ 
         ᠦᠬᠦᠲᠡᠯ᠎ᠡ ᠦᠷ᠎ᠡ ᠬᠠᠷᠠᠮ

1968 ᠦᠭᠡᠢᠷᠡᠰᠢ ᠦᠭᠡᠢ ᠪᠠᠶᠠᠨ ᠭᠡᠵᠦ ᠦᠭᠡᠢ
         ᠦᠬᠦᠰᠢ ᠦᠭᠡᠢ ᠮᠥᠩᠬᠡ ᠭᠡᠵᠦ ᠦᠭᠡᠢ

1969 ᠦᠭᠡᠨ ᠳ᠋ᠦ᠍ ᠠᠪᠢᠶ᠎ᠠ ᠪᠠᠢᠳᠠᠭ 
         ᠦᠯᠢᠭᠡᠷ ᠲᠦ᠍ ᠠᠶᠠᠯᠭᠤ ᠪᠠᠢᠳᠠᠭ

1970 ᠦᠭᠡᠨ ᠳ᠋ᠦ᠍ ᠲᠠᠰᠢᠶ᠎ᠠ ᠪᠣᠢ 
         ᠦᠬᠡᠷ ᠲᠤ ᠠᠯᠠᠭ ᠪᠣᠢ

1971 ᠦᠭᠡᠨ ᠳ᠋ᠦ᠍ ᠤᠨᠠᠬᠤ ᠪᠠᠷ
         ᠨᠦᠬᠡᠨ ᠳ᠋ᠦ᠍ ᠤᠨᠠ 

1972 ᠦᠭᠡᠨ ᠳ᠋ᠡᠭᠡᠨ ᠡᠵᠡᠨ ᠪᠣᠯᠬᠤ ᠦᠭᠡᠢ ᠪᠣᠯ 
         ᠦᠭᠡ ᠶ᠋ᠢᠨ ᠢ᠋ᠶ᠋ᠡᠨ ᠪᠣᠭᠣᠯ ᠪᠣᠯᠳᠠᠭ

1973 ᠦᠭᠡ ᠪᠡᠷ ᠨᠢ ᠦᠨᠡᠮᠰᠢᠬᠦ ᠪᠡᠷ 
         ᠦᠢᠯᠡ ᠪᠡᠷ ᠨᠢ ᠦᠨᠡᠮᠰᠢ 

1974 ᠦᠭᠡ ᠪᠡᠷ ᠴᠣᠬᠢᠬᠤ ᠪᠠᠷ 
         ᠰᠦᠬᠡ ᠪᠡᠷ ᠴᠣᠬᠢ

1975 ᠦᠳᠡ ᠪᠣᠯᠲᠠᠯ᠎ᠠ ᠤᠨᠲᠠᠵᠤ 
         ᠦᠬᠡᠷ ᠦ᠋ᠨ ᠳᠠᠭᠤᠨ ᠢ᠋ᠶ᠋ᠠᠷ ᠰᠡᠷᠡᠬᠦ 

1976 ᠦᠳᠡ ᠪᠣᠯᠲᠠᠯ᠎ᠠ ᠤᠨᠲᠠᠭᠠᠳ 
         ᠦᠶᠡᠷ ᠪᠣᠯᠲᠠᠯ᠎ᠠ ᠰᠢᠭᠡᠬᠦ

1977 ᠦᠳᠡᠰᠢ ᠶ᠋ᠢᠨ ᠠᠮᠤᠷ ᠢ᠋ ᠥᠷᠯᠥᠭᠡᠨ ᠡᠴᠡ ᠪᠡᠨ 
         ᠥᠲᠡᠯᠬᠦ ᠶ᠋ᠢᠨ ᠠᠮᠤᠷ ᠢ᠋ ᠵᠠᠯᠠᠭᠤ ᠠ᠋ᠴᠠ ᠪᠠᠨ

1978 ᠦᠳᠡ ᠡᠴᠡ ᠢᠯᠡᠭᠦᠦ ᠬᠠᠯᠠᠭᠤᠨ ᠦᠭᠡᠢ 
         ᠦᠬᠦᠯ ᠡᠴᠡ ᠢᠯᠡᠭᠦᠦ ᠠᠶᠤᠮᠰᠢᠭ ᠦᠭᠡᠢ

1979 ᠦᠶᠡᠷ ᠦ᠋ᠨ ᠤᠰᠤ ᠢᠷᠡᠪᠡᠯ  
         ᠡᠭᠦᠳᠡ ᠬᠣᠢᠮᠣᠷ ᠢᠯᠭᠠᠭ᠎ᠠ ᠦᠭᠡᠢ 
         ᠦᠬᠦᠯ ᠦ᠋ᠨ ᠡᠵᠡᠳ ᠢᠷᠡᠪᠡᠯ  
         ᠬᠥᠭᠰᠢᠨ ᠵᠠᠯᠠᠭᠤ ᠢᠯᠭᠠᠭ᠎ᠠ ᠦᠭᠡᠢ

1980 ᠦᠵᠡᠭᠳᠡᠭᠰᠡᠨ ᠶᠠᠭᠤᠮ᠎ᠠ ᠬᠣᠯᠠ ᠪᠢᠰᠢ 
         ᠡᠷᠭᠦᠭᠰᠡᠨ ᠶᠠᠭᠤᠮ᠎ᠠ ᠬᠦᠨᠳᠦ ᠪᠢᠰᠢ 

1981 ᠦᠵᠡᠯ ᠪᠣᠳᠣᠯ ᠰᠠᠨᠠᠭ᠎ᠠ ᠲᠠᠭᠠᠷᠠᠪᠠᠯ 
         ᠭᠠᠭᠴᠠ ᠬᠥᠮᠦᠨ ᠴᠦ᠍ ᠭᠡᠰᠡᠨ ᠨᠥᠬᠥᠷ 
         ᠦᠭᠡ ᠦᠭᠡ ᠪᠡᠨ ᠡᠰᠡ ᠳᠠᠭᠠᠪᠠᠯ 
         ᠦᠢ ᠣᠯᠠᠭᠤᠯᠠ ᠪᠠᠨ ᠴᠦ᠍ ᠳᠠᠢᠰᠤᠨ

1982 ᠦᠵᠡᠬᠦ ᠦᠭᠡᠢ ᠪᠣᠯ ᠲᠠᠨᠢᠬᠤ ᠦᠭᠡᠢ 
         ᠰᠣᠨᠣᠰᠬᠤ ᠦᠭᠡᠢ ᠪᠣᠯ ᠮᠡᠳᠡᠬᠦ ᠦᠭᠡᠢ

1983 ᠦᠵᠡᠬᠦ ᠡᠴᠡ ᠪᠡᠨ ᠡᠮᠦᠨ᠎ᠡ ᠡᠪᠦᠷᠲᠦᠯᠡᠬᠦ ᠶ᠋ᠢ ᠪᠣᠳᠣᠵᠤ 
         ᠡᠮᠬᠦᠬᠦ ᠡᠴᠡ ᠡᠮᠦᠨ᠎ᠡ ᠵᠠᠯᠭᠢᠬᠤ ᠶ᠋ᠢ ᠪᠣᠳᠣᠬᠤ

1984 ᠦᠢᠯᠡ ᠢᠷᠡᠬᠦᠯᠡᠷ ᠤᠬᠠᠭᠠᠨ ᠰᠤᠷᠳᠠᠭ
         ᠭᠡᠮ ᠢᠷᠡᠬᠦᠯᠡᠷ ᠰᠦᠰᠦᠭ ᠲᠥᠷᠥᠳᠡᠭ

1985 ᠦᠢᠯᠡ ᠢᠷᠡᠬᠦ ᠳ᠋ᠦ᠍ 
         ᠠᠭᠤᠯᠠ ᠨᠤᠷᠠᠬᠤ

1986 ᠦᠢᠯᠡ ᠨᠢ ᠢᠷᠡᠭᠰᠡᠨ ᠬᠤᠯᠤᠭᠠᠨ᠎ᠠ 
         ᠮᠤᠤᠷ ᠤ᠋ᠨ ᠬᠠᠮᠠᠷ ᠮᠠᠭᠠᠵᠢᠬᠤ 

1987 ᠦᠢᠯᠡ ᠨᠢ ᠡᠮᠦᠨ᠎ᠡ ᠪᠡᠨ 
         ᠦᠷ᠎ᠡ ᠨᠢ ᠬᠣᠢᠨ᠎ᠠ ᠪᠠᠨ

1988 ᠦᠢᠯᠡ ᠦᠢᠯᠡ ᠪᠡᠨ ᠳᠠᠭᠠᠬᠤ 
         ᠦᠨᠢᠶ᠎ᠡ ᠲᠤᠭᠤᠯ ᠢ᠋ᠶ᠋ᠠᠨ ᠳᠠᠭᠠᠬᠤ

1989 ᠦᠢᠯᠡ ᠦᠭᠡᠢ ᠬᠡᠦᠬᠡᠨ ᠳᠠᠭᠤᠯᠠᠮᠠᠲᠠᠭᠠᠢ 
         ᠰᠦ ᠦᠭᠡᠢ ᠦᠨᠢᠶ᠎ᠡ ᠮᠥᠭᠡᠷᠡᠮᠡᠳᠡᠭᠡᠢ

1990 ᠦᠢᠯᠡᠲᠦ ᠬᠥᠮᠦᠨ ᠦ᠌ ᠦᠢᠯᠡ ᠪᠠᠷᠠᠭᠳᠠᠬᠤ ᠦᠭᠡᠢ 
         ᠦᠰᠦᠲᠦ ᠠᠳᠠᠰᠬ᠎ᠠ ᠶ᠋ᠢᠨ ᠰᠢᠷᠣᠢ ᠪᠠᠷᠠᠭᠳᠠᠬᠤ ᠦᠭᠡᠢ

1991 ᠦᠢᠯᠡ ᠳ᠋ᠦ᠍ ᠤᠷᠠᠨ 
         ᠦᠭᠡᠨ ᠳ᠋ᠦ᠍ ᠰᠡᠴᠡᠨ

1992 ᠦᠢᠯᠡ ᠪᠡᠨ ᠦᠵᠡᠵᠦ  
         ᠲᠠᠮᠤ ᠪᠠᠨ ᠴᠠᠢᠬᠤ 

1993 ᠦᠢᠯᠡ ᠪᠡᠷ ᠨᠡᠢᠯᠡᠳᠡᠭ  
         ᠦᠨᠳᠦᠰᠦ ᠪᠡᠷ ᠤᠷᠭᠤᠳᠠᠭ

1994 ᠦᠯᠦ ᠮᠡᠳᠡᠭᠴᠢ ᠬᠥᠮᠦᠨ ᠳ᠋ᠦ᠍  
         ᠰᠤᠷᠭᠠᠯ ᠬᠡᠷᠡᠭ ᠦᠭᠡᠢ  
         ᠦᠬᠡᠷ ᠬᠠᠷᠢᠭᠤᠯᠬᠤ ᠬᠥᠮᠦᠨ ᠳ᠋ᠦ᠍ 
         ᠤᠨᠤᠭ᠎ᠠ ᠬᠡᠷᠡᠭ ᠦᠭᠡᠢ

1995 ᠦᠯᠢᠭᠡᠷ ᠲᠡᠦᠬᠡ ᠶ᠋ᠢᠨ ᠶᠠᠭᠤᠮ᠎ᠠ 
         ᠦᠨᠡᠨ ᠲᠡᠢ ᠬᠤᠳᠠᠯ ᠲᠠᠢ

1996 ᠦᠯᠢᠭᠡᠷ ᠰᠡᠴᠡᠨ ᠢ᠋ᠶ᠋ᠡᠨ ᠳᠠᠭᠠᠨ᠎ᠠ 
         ᠦᠬᠡᠷ ᠲᠤᠭᠤᠯ ᠢ᠋ᠶ᠋ᠠᠨ ᠳᠠᠭᠠᠨ᠎ᠠ

1997 ᠦᠯᠢᠭᠡᠷ ᠲᠦ᠍ ᠦᠨᠡᠨ ᠤᠴᠢᠷ ᠣᠯᠠᠨ
         ᠬᠤᠳᠠᠯ ᠳ᠋ᠤ᠌ ᠬᠤᠯᠠᠭᠠᠢ ᠶ᠋ᠢᠨ ᠤᠳᠬ᠎ᠠ ᠣᠯᠠᠨ

1998 ᠦᠯᠡᠳᠡᠬᠦ ᠬᠥᠮᠦᠨ ᠢ᠋ᠶ᠋ᠡᠷ ᠠᠴᠢᠶ᠎ᠠ ᠪᠦᠦ ᠲᠠᠲᠠᠭᠤᠯ 
         ᠦᠷᠭᠦᠬᠦ ᠮᠣᠷᠢ ᠪᠠᠨ ᠭᠡᠷ ᠡᠴᠡ ᠪᠦᠦ ᠤᠶᠠ 

1999 ᠦᠨᠳᠦᠰᠦ ᠰᠠᠢᠲᠤ ᠶ᠋ᠢᠨ ᠨᠠᠪᠴᠢ ᠴᠡᠴᠡᠭ ᠶᠡᠬᠡ 
         ᠦᠨᠡᠨ ᠰᠠᠢᠲᠤ ᠶ᠋ᠢᠨ ᠦᠭᠡ ᠶᠠᠷᠢᠶ᠎ᠠ ᠴᠥᠭᠡᠨ

2000 ᠦᠨᠡᠰᠦ ᠶᠡᠬᠡᠳᠡᠪᠡᠯ ᠭᠠᠯ ᠤ᠋ᠨ ᠵᠤᠳ 
         ᠬᠡᠦᠬᠡᠨ ᠶᠡᠬᠡᠳᠡᠪᠡᠯ ᠭᠡᠷ ᠦ᠋ᠨ ᠵᠤᠳ 

2001 ᠦᠨᠡᠰᠦ ᠶᠡᠬᠡᠲᠡᠪᠡᠯ ᠲᠤᠯᠭᠠᠨ ᠪᠤᠭ  
         ᠬᠡᠦᠬᠡᠨ ᠶᠡᠬᠡᠲᠡᠪᠡᠯ ᠭᠡᠷ ᠦ᠋ᠨ ᠪᠤᠭ

2002 ᠦᠨᠡᠰᠦ ᠪᠡᠨ ᠭᠠᠷᠭᠠᠭᠰᠠᠨ ᠲᠤᠯᠭ᠎ᠠ ᠴᠡᠮᠴᠡᠭᠡᠷ 
         ᠦᠰᠦ ᠪᠡᠨ ᠰᠠᠮᠨᠠᠭᠰᠠᠨ ᠠᠪᠠᠭᠠᠢ ᠴᠡᠮᠴᠡᠭᠡᠷ 

2003 ᠦᠨ᠎ᠡ ᠭᠡᠵᠦ ᠬᠦᠴᠦᠲᠡᠢ 
         ᠦᠢᠯᠡ ᠭᠡᠵᠦ ᠬᠠᠯᠠ ᠲᠠᠢ 

2004 ᠦᠨ᠎ᠡ ᠶᠡᠬᠡᠲᠡᠢ ᠴᠢᠯᠠᠭᠤᠨ ᠠ᠋ᠴᠠ  
         ᠦᠨᠡᠨᠴᠢ ᠨᠥᠬᠥᠷ ᠦᠨᠡᠲᠡᠢ

2005 ᠦᠨ᠎ᠡ ᠮᠡᠳᠡᠬᠦ ᠦᠭᠡᠢ ᠪᠠᠢᠵᠤ 
         ᠦᠨᠡᠭᠡᠨ ᠮᠠᠯᠠᠭᠠᠢ ᠡᠮᠦᠰᠬᠦ 

2006 ᠦᠨᠡᠭᠡ ᠰᠡᠭᠦᠯ ᠢ᠋ᠶ᠋ᠡᠷ ᠢ᠋ᠶ᠋ᠡᠨ ᠬᠠᠭᠤᠷᠳᠠᠭ  
         ᠦᠢᠯᠡ ᠯᠠᠢ ᠳᠦᠭᠡᠷᠭᠡ ᠪᠡᠷ ᠢᠷᠡᠳᠡᠭ 

2007 ᠦᠨᠡᠭᠡ ᠦᠰᠦᠨ ᠳ᠋ᠡᠭᠡᠨ ᠦᠬᠦᠨ᠎ᠡ  
         ᠬᠥᠮᠦᠨ ᠦᠭᠡᠨ ᠳ᠋ᠡᠭᠡᠨ ᠦᠬᠦᠨ᠎ᠡ

2008 ᠦᠨᠡᠭᠡ ᠦᠰᠦ ᠪᠡᠨ ᠤᠨᠠᠭᠠᠪᠠᠴᠤ  
         ᠴᠢᠬᠢ ᠪᠡᠨ ᠬᠡᠭᠡᠳᠡᠭ ᠦᠭᠡᠢ 
         ᠦᠨᠡᠨ ᠥᠩᠭᠡᠨ ᠳ᠋ᠡᠭᠡᠨ ᠬᠠᠲᠠᠭᠤ ᠴᠦ᠍
         ᠴᠠᠨ᠎ᠠ ᠪᠠᠨ ᠠᠯᠳᠠᠬᠤ ᠦᠭᠡᠢ

2009 ᠦᠨᠡᠭᠡᠨ ᠦᠭᠡ ᠪᠡᠷ ᠲᠥᠷᠥ ᠪᠠᠷᠢᠬᠤ 
         ᠦᠬᠡᠷ ᠲᠡᠷᠭᠡ ᠪᠡᠷ ᠦᠨᠡᠭᠡ ᠭᠦᠢᠴᠡᠬᠦ

2010 ᠦᠨᠡᠭᠡᠨ ᠬᠠᠷᠠᠩᠭᠤᠢ ᠥᠩᠭᠡᠷᠡᠪᠡᠯ 
         ᠦᠷ ᠴᠠᠢᠬᠤ ᠬᠣᠯᠠ ᠦᠭᠡᠢ  

2011 ᠦᠨᠡᠭᠡᠨ ᠳ᠋ᠦ᠍ ᠳᠤᠷᠠᠯᠠᠵᠤ ᠮᠣᠷᠢ ᠪᠠᠨ  
         ᠴᠢᠮᠤᠭᠡᠨ ᠳ᠋ᠦ᠍ ᠳᠤᠷᠠᠯᠠᠵᠤ ᠬᠢᠲᠤᠭ᠎ᠠ ᠪᠠᠨ

2912 ᠦᠨᠡᠨ ᠪᠠᠢᠭᠠᠳ ᠵᠥᠪ ᠢ᠋ᠶ᠋ᠡᠨ ᠣᠯᠬᠤ ᠦᠭᠡᠢ  
         ᠦᠭᠡ ᠪᠠᠢᠭᠠᠳ ᠬᠡᠯᠡᠬᠦ ᠭᠠᠵᠠᠷ ᠦᠭᠡᠢ 

2013 ᠦᠨᠡᠨ ᠭᠡᠭᠴᠢ ᠲᠦᠮᠡᠨ ᠰᠠᠢᠨ ᠤ᠋ ᠦᠨᠳᠦᠰᠦ 
         ᠬᠤᠳᠠᠯ ᠭᠡᠭᠴᠢ ᠲᠦᠮᠡᠨ ᠮᠠᠭᠤ ᠶ᠋ᠢᠨ ᠲᠤᠢᠯ 

2014 ᠦᠨᠡᠨ ᠮᠡᠷᠭᠡᠳ ᠮᠡᠳᠡᠵᠦ ᠬᠢᠨ᠎ᠡ  
         ᠥᠴᠦᠬᠡᠨ ᠤᠬᠠᠭᠠᠨᠲᠠᠨ ᠳᠠᠭᠤᠷᠢᠶᠠᠵᠤ ᠬᠢᠨ᠎ᠡ  

2015 ᠦᠨᠡᠨ ᠰᠠᠢᠨ ᠬᠥᠮᠦᠨ ᠦ᠌ ᠰᠡᠳᠬᠢᠯ ᠦᠯᠦ ᠠᠮᠠᠷᠠᠬᠤ 
         ᠤᠷᠠᠨ ᠰᠠᠢᠨ ᠡᠮ᠎ᠡ ᠶ᠋ᠢᠨ ᠭᠠᠷ ᠦᠯᠦ ᠠᠮᠠᠷᠠᠬᠤ 

2016 ᠦᠨᠡᠨ ᠰᠠᠨᠠᠭᠠᠨ ᠠ᠋ᠴᠠ ᠪᠤᠤ ᠬᠣᠯᠠᠳᠠ 
         ᠦᠨᠡᠨᠴᠢ ᠶᠠᠪᠤᠳᠠᠯ ᠢ᠋ ᠪᠤᠤ ᠮᠠᠷᠲᠠ

2017 ᠦᠨᠡᠨ ᠰᠡᠳᠬᠢᠯ ᠥᠯᠵᠡᠢ ᠶ᠋ᠢᠨ ᠡᠭᠦᠰᠦᠯ 
         ᠰᠠᠢᠨ ᠰᠠᠨᠠᠭ᠎ᠠ ᠰᠡᠳᠬᠢᠯ ᠦ᠋ᠨ ᠡᠬᠡ

2018 ᠦᠨᠡᠨ ᠦᠭᠡ ᠠᠷᠰᠯᠠᠨ ᠠ᠋ᠴᠠ ᠬᠦᠴᠦᠲᠡᠢ 
         ᠦᠨᠡᠨᠴᠢ ᠦᠭᠡ ᠠᠯᠲᠠᠨ ᠠ᠋ᠴᠠ ᠦᠨᠡᠲᠡᠢ

2019 ᠦᠨᠡᠨ ᠦᠭᠡ ᠤᠷᠢᠳᠤ ᠪᠠᠨ ᠴᠣᠭᠲᠠᠢ  
         ᠬᠤᠳᠠᠯ ᠦᠭᠡ ᠬᠣᠢᠨ᠎ᠠ ᠪᠠᠨ ᠴᠣᠭᠲᠠᠢ 

2020 ᠦᠨᠡᠨ ᠦᠭᠡ ᠲᠤᠰᠠ ᠬᠦᠷᠭᠡᠨ᠎ᠡ 
         ᠬᠤᠳᠠᠯ ᠦᠭᠡ ᠬᠣᠣᠷ ᠬᠦᠷᠭᠡᠨ᠎ᠡ 

2021 ᠦᠨᠡᠨ ᠦᠭᠡ ᠬᠠᠲᠠᠭᠤ ᠪᠣᠯᠪᠠᠴᠤ   
         ᠬᠡᠳᠦ ᠶ᠋ᠢᠨ ᠠᠮᠢᠳᠤᠷᠠᠯ ᠳ᠋ᠤ᠌ ᠲᠤᠰᠠᠲᠠᠢ 
         ᠳᠠᠪᠤᠰᠤ ᠱᠣᠷᠪᠣᠭ ᠪᠣᠯᠪᠠᠴᠤ 
         ᠢᠳᠡᠭᠡᠨ ᠦ᠌ ᠠᠮᠲᠠᠨ ᠳ᠋ᠤ᠌ ᠨᠠᠢᠷᠲᠠᠢ

2022 ᠦᠨᠡᠨ ᠦᠭᠡ ᠬᠡᠯᠡᠭᠰᠡᠨ ᠬᠥᠮᠦᠨ ᠳ᠋ᠦ᠍ 
         ᠬᠥᠮᠦᠨ ᠥᠰᠢᠶ᠎ᠡ ᠲᠡᠢ  
         ᠥᠨᠳᠥᠷ ᠮᠣᠳᠣ ᠪᠠᠷᠢᠭᠰᠠᠨ ᠬᠥᠮᠦᠨ ᠳ᠋ᠦ᠍  
         ᠨᠣᠬᠠᠢ ᠥᠰᠢᠶ᠎ᠡ ᠲᠡᠢ

2023 ᠦᠨᠡᠨ ᠦᠭᠡ ᠴᠢᠬᠢᠨ ᠳ᠋ᠦ᠍ ᠬᠠᠲᠠᠭᠤ 
         ᠦᠬᠡᠷ ᠦ᠋ᠨ ᠰᠢᠯᠢ ᠰᠢᠳᠦᠨ ᠳ᠋ᠦ᠍ ᠬᠠᠲᠠᠭᠤ

2024 ᠦᠨᠡᠨ ᠦᠭᠡ ᠰᠢᠷ᠎ᠠ ᠲᠣᠰᠣ 
         ᠬᠤᠳᠠᠯ ᠦᠭᠡ ᠬᠠᠷ᠎ᠠ ᠤᠰᠤ

2025 ᠦᠨᠡᠨ ᠦᠭᠡᠨ ᠦ᠌ 
         ᠦᠵᠦᠭᠦᠷ ᠰᠢᠷᠦᠭᠦᠨ

2026 ᠦᠨᠡᠨ ᠦᠭᠡᠲᠡᠨ ᠣᠮᠣᠭᠳᠠᠨ ᠳ᠋ᠤ᠌ ᠲᠣᠭᠠᠴᠠᠭᠳᠠᠵᠤ 
         ᠪᠠᠰᠢᠷ ᠦᠭᠡᠲᠡᠨ ᠰᠡᠴᠡᠨ ᠦ᠌ ᠰᠠᠭᠤᠳᠠᠯ ᠳ᠋ᠤ᠌ ᠰᠠᠭᠤᠬᠤ

2027 ᠦᠨᠡᠨ ᠦᠭᠡ ᠪᠡᠨ ᠨᠢᠭᠤᠵᠤ  
         ᠦᠨᠡᠭᠡᠨ ᠪᠠᠴᠢ ᠪᠠᠨ ᠭᠠᠷᠭᠠᠬᠤ 

2028 ᠦᠨᠡᠨ ᠦᠭᠡ ᠪᠡᠷ ᠬᠡᠷᠡᠭ ᠢ᠋ᠶ᠋ᠡᠨ ᠪᠦᠲᠦᠭᠡ  
         ᠥᠷᠦᠪᠴᠢ ᠰᠡᠳᠬᠢᠯ ᠢ᠋ᠶ᠋ᠡᠷ ᠪᠤᠰᠤᠳ ᠢ᠋ ᠡᠨᠡᠷᠢ

2029 ᠦᠨᠡᠨ ᠬᠤᠳᠠᠯ ᠬᠣᠶᠠᠷ 
         ᠳᠥᠷᠪᠡᠨ ᠬᠤᠷᠤᠭᠤ ᠵᠠᠢᠲᠠᠢ

2030 ᠦᠨᠡᠨ ᠬᠤᠳᠠᠯ ᠬᠣᠶᠠᠷ 
         ᠦᠬᠡᠷ ᠴᠢᠨᠣ᠎ᠠ ᠬᠣᠶᠠᠷ

       ᠦᠰᠦᠭ ᠠᠮᠢᠯᠠᠭᠤᠯᠤᠭᠴᠢ᠄ ᠠᠯᠲᠠᠨᠱᠠ᠂ ᠰᠠᠷᠠᠨᠲᠤᠶᠠᠭ᠎ᠠ᠂ ᠴᠡᠩᠬᠡᠯᠴᠡᠴᠡᠭ᠂ ᠣᠶᠤᠨᠪᠠᠲᠤ 
           ᠬᠢᠨᠠᠭᠴᠢ᠄ ᠣᠳᠬᠣᠨᠴᠡᠴᠡᠭ᠂ ᠠᠯᠲᠠᠨᠱᠠ᠂ ᠪᠠᠯ