ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠤ 5 ᠶᠢᠨ ᠠᠢᠮᠠᠭ –2>Монгол зүйр цэцэн үгийн гураван мянган дээж – Д᠂Заяабаатар эмхэтгэв <Угийн аймаг 2>
– ᠣ (У) –
1851 ᠤᠰᠤᠨ ᠤ᠋ ᠭᠦᠨ ᠢ᠋ ᠤᠷᠭ᠎ᠠ ᠪᠠᠷ ᠮᠡᠳᠡᠬᠦ
ᠤᠬᠠᠭᠠᠨ ᠤ᠋ ᠭᠦᠨ ᠢ᠋ ᠦᠭᠡ ᠪᠡᠷ ᠮᠡᠳᠡᠬᠦ
1852 ᠤᠰᠤᠨ ᠤ᠋ ᠤᠷᠲᠤ ᠶ᠋ᠢ ᠲᠤᠭᠤᠯᠵᠤ
ᠠᠭᠤᠯᠠ ᠶ᠋ᠢᠨ ᠥᠨᠳᠥᠷ ᠢ᠋ ᠲᠠᠪᠠ
1853 ᠤᠰᠤᠨ ᠤ᠋ ᠡᠬᠢ ᠪᠤᠯᠠᠭ
ᠤᠯᠤᠰ ᠤ᠋ᠨ ᠡᠬᠢ ᠠᠷᠠᠳ
1854 ᠤᠰᠤ ᠶ᠋ᠢ ᠪᠣᠭᠣᠪᠠᠯ ᠨᠠᠭᠤᠷ ᠪᠣᠯᠤᠨ᠎ᠠ
ᠠᠭᠤᠷᠠᠰᠤ ᠶ᠋ᠢ ᠬᠤᠷᠢᠶᠠᠪᠠᠯ ᠡᠯᠪᠡᠭ ᠪᠣᠯᠤᠨ᠎ᠠ
1855 ᠤᠰᠤ ᠲᠠᠢ ᠭᠠᠵᠠᠷ ᠰᠢᠪᠠᠷ ᠲᠠᠢ
ᠰᠢᠪᠠᠷ ᠲᠠᠢ ᠭᠠᠵᠠᠷ ᠨᠠᠮᠤᠭ ᠲᠠᠢ
1856 ᠤᠰᠤ ᠶ᠋ᠢ ᠨᠢ ᠤᠤᠭᠤᠵᠤ
ᠶᠣᠰᠣ ᠶ᠋ᠢ ᠨᠢ ᠳᠠᠭᠠᠳᠠᠭ
1857 ᠤᠲᠤᠭ᠎ᠠ ᠭᠠᠷᠤᠭᠰᠠᠨ ᠭᠠᠵᠠᠷ ᠭᠠᠯ ᠲᠠᠢ
ᠤᠯᠤᠰ ᠪᠠᠢᠭᠰᠠᠨ ᠭᠠᠵᠠᠷ ᠠᠵᠢᠯ ᠲᠠᠢ
1858 ᠤᠲᠠᠰᠤ ᠵᠡᠭᠦᠦ ᠪᠡᠨ ᠳᠠᠭᠠᠳᠠᠭ
ᠤᠴᠢᠷ ᠵᠦᠢ ᠪᠡᠨ ᠲᠠᠨᠢᠳᠠᠭ
1859 ᠤᠳᠬ᠎ᠠ ᠦᠭᠡᠢ ᠦᠭᠡ ᠴᠠᠭ ᠤ᠋ᠨ ᠳᠠᠢᠰᠤᠨ
ᠣᠷᠣᠭᠰᠢ ᠦᠭᠡᠢ ᠬᠥᠮᠦᠨ ᠠᠵᠢᠯ ᠤ᠋ᠨ ᠳᠠᠢᠰᠤᠨ
1860 ᠤᠤᠭᠤᠭᠠᠳ ᠤᠬᠠᠭᠠᠨ ᠨᠡᠮᠡᠬᠦ ᠦᠭᠡᠢ
ᠪᠠᠯᠭᠤᠭᠠᠳ ᠪᠠᠭᠠᠲᠤᠷ ᠪᠣᠯᠬᠤ ᠦᠭᠡᠢ
1861 ᠤᠤᠭᠠᠨ ᠬᠦᠦ ᠣᠮᠣᠭᠯᠠᠩ
ᠤᠳᠬᠤᠨ ᠬᠦᠦ ᠨᠠᠭᠠᠯᠢᠩᠬᠠᠢ
1862 ᠤᠤᠭᠤᠵᠤ ᠢᠳᠡᠬᠦ ᠳ᠋ᠡᠭᠡᠨ ᠤᠷᠭ᠎ᠠ ᠶ᠋ᠢᠨ ᠮᠣᠷᠢ
ᠣᠷᠣᠭᠰᠢ ᠭᠢᠰᠬᠢᠬᠦ ᠳ᠋ᠡᠭᠡᠨ ᠤᠷᠭᠤᠭ᠎ᠠ ᠬᠠᠳᠠ
1863 ᠠᠭᠤᠵᠢᠮ ᠳᠠᠯᠠᠢ ᠳ᠋ᠤ᠌ ᠣᠩᠭᠣᠴᠠ ᠬᠡᠷᠡᠭ ᠲᠡᠢ
ᠠᠭᠤᠯᠵᠠᠭᠰᠠᠨ ᠬᠥᠮᠦᠨ ᠳ᠋ᠦ᠍ ᠮᠡᠨᠳᠦ ᠬᠡᠷᠡᠭ ᠲᠡᠢ
1864 ᠠᠭᠤᠵᠢᠮ ᠳᠣᠲᠣᠷ᠎ᠠ ᠲᠠᠢ ᠬᠥᠮᠦᠨ ᠳ᠋ᠦ᠍
ᠠᠭᠤᠯᠠ ᠶ᠋ᠢᠨ ᠥᠨᠳᠥᠷ ᠰᠠᠭᠠᠳ ᠦᠭᠡᠢ
1865 ᠠᠭᠤᠵᠢᠮ ᠰᠠᠨᠠᠭ᠎ᠠ ᠪᠡᠶ᠎ᠡ ᠶ᠋ᠢᠨ ᠵᠢᠷᠭᠠᠯ
ᠣᠭᠵᠣᠮ ᠠᠭᠤᠷ ᠣᠷᠴᠢᠯᠠᠩ ᠤ᠋ᠨ ᠵᠣᠪᠠᠯᠠᠩ
1866 ᠠᠭᠤᠯᠠ ᠪᠦᠬᠦᠨ ᠣᠷᠣᠢ ᠲᠠᠢ
ᠤᠯᠤᠰ ᠪᠦᠬᠦᠨ ᠵᠠᠰᠠᠭ ᠲᠠᠢ
1867 ᠠᠭᠤᠯᠠ ᠪᠦᠬᠦᠨ ᠡᠷᠳᠡᠨᠢ ᠦᠭᠡᠢ
ᠣᠢ ᠪᠦᠬᠦᠨ ᠽᠠᠨᠳᠠᠨ ᠦᠭᠡᠢ
1868 ᠠᠭᠤᠯᠠ ᠶᠡᠬᠡᠲᠡᠢ ᠨᠤᠲᠤᠭ ᠡᠭᠦᠯᠡ ᠲᠠᠲᠠᠬᠤ
ᠤᠬᠠᠭᠠᠨ ᠰᠠᠢᠲᠠᠢ ᠬᠥᠮᠦᠨ ᠨᠥᠬᠥᠷ ᠲᠠᠲᠠᠬᠤ
1869 ᠠᠭᠤᠯᠠ ᠮᠣᠷᠢ ᠶ᠋ᠢ ᠵᠣᠪᠠᠭᠠᠨ᠎ᠠ
ᠠᠭᠤᠷ ᠪᠡᠶ᠎ᠡ ᠶ᠋ᠢ ᠵᠣᠪᠠᠭᠠᠨ᠎ᠠ
1870 ᠠᠭᠤᠯᠠ ᠣᠷᠣᠢ ᠲᠠᠢ
ᠤᠰᠤ ᠡᠷᠭᠢ ᠲᠡᠢ
1871 ᠠᠭᠤᠯᠠ ᠥᠨᠳᠥᠷ ᠪᠣᠯᠪᠠᠴᠤ
ᠨᠠᠷᠠ ᠶ᠋ᠢ ᠬᠠᠯᠬᠠᠯᠠᠵᠤ ᠴᠢᠳᠠᠬᠤ ᠦᠭᠡᠢ
1872 ᠠᠭᠤᠯᠠ ᠰᠠᠪᠳᠠᠭ ᠲᠠᠢ
ᠤᠰᠤ ᠡᠵᠡᠨ ᠲᠡᠢ
1873 ᠠᠭᠤᠯᠠ ᠦᠵᠡᠭᠡ ᠦᠭᠡᠢ ᠬᠣᠷᠮᠣᠢ ᠰᠢᠭᠤᠵᠤ
ᠤᠰᠤ ᠦᠵᠡᠭᠡ ᠦᠭᠡᠢ ᠭᠤᠲᠤᠯ ᠲᠠᠢᠯᠬᠤ
1874 ᠠᠭᠤᠯᠠ ᠬᠠᠳᠠᠨ ᠳ᠋ᠤ᠌ ᠮᠣᠳᠣ ᠴᠢᠮᠡᠭ
ᠠᠭᠤᠳᠠᠮ ᠲᠠᠯ᠎ᠠ ᠳ᠋ᠤ᠌ ᠮᠠᠯ ᠴᠢᠮᠡᠭ
1875 ᠠᠭᠤᠯᠠ ᠬᠡᠳᠦᠢ ᠥᠨᠳᠥᠷ ᠪᠣᠯᠪᠠᠴᠤ
ᠬᠢᠷ᠎ᠠ ᠪᠠᠷ ᠢ᠋ᠶ᠋ᠠᠨ ᠵᠠᠮ ᠲᠠᠢ
ᠬᠠᠳᠠ ᠬᠡᠳᠦᠢ ᠥᠨᠳᠥᠷ ᠪᠣᠯᠪᠠᠴᠤ
ᠣᠷᠣᠢ ᠪᠠᠷ ᠢ᠋ᠶ᠋ᠠᠨ ᠮᠥᠷ ᠲᠡᠢ
1876 ᠠᠭᠤᠯᠠ ᠰᠢᠭ᠋ ᠲᠦᠰᠢᠭ ᠲᠡᠢ
ᠲᠠᠯ᠎ᠠ ᠰᠢᠭ᠋ ᠰᠡᠳᠬᠢᠯ ᠲᠡᠢ
1877 ᠠᠭᠤᠯᠠᠨ ᠳ᠋ᠤ᠌ ᠠᠪᠠᠷᠢᠬᠤ ᠦᠭᠡᠢ ᠪᠣᠯ
ᠭᠠᠵᠠᠷ ᠤ᠋ᠨ ᠲᠡᠭᠰᠢ ᠶ᠋ᠢ ᠮᠡᠳᠡᠬᠦ ᠦᠭᠡᠢ
1878 ᠠᠭᠤᠯᠠᠨ ᠳ᠋ᠤ᠌ ᠠᠳᠤᠭᠤ ᠦᠷᠭᠦᠬᠦ ᠳ᠋ᠦ᠍
ᠤᠶᠠᠭᠠᠨ ᠳᠡᠭᠡᠷᠡᠬᠢ ᠡᠯᠵᠢᠭᠡ ᠳᠠᠭᠤᠷᠢᠶᠠᠬᠤ
1879 ᠠᠭᠤᠯᠠᠨ ᠳ᠋ᠤ᠌ ᠪᠤᠭᠤ ᠣᠷᠣᠮᠳᠠᠬᠤ ᠳ᠋ᠤ᠌
ᠤᠶᠠᠷᠠᠭᠰᠠᠨ ᠬᠥᠮᠦᠨ ᠤᠬᠢᠯᠠᠳᠠᠭ
1880 ᠤᠤᠯᠭᠠᠮᠵᠢ ᠨᠢ ᠠᠭᠤᠯᠠ ᠰᠢᠭ᠋
ᠤᠬᠠᠭᠠᠨ ᠪᠣᠳᠣᠯ ᠨᠢ ᠮᠠᠨᠠᠨ ᠰᠢᠭ᠋᠃
1881 ᠠᠭᠤᠯᠵᠠᠭᠠᠳ ᠰᠠᠯᠤᠰᠢ ᠦᠭᠡᠢ
ᠤᠬᠠᠭᠠᠨ ᠳ᠋ᠤ᠌ ᠮᠠᠷᠲᠠᠭᠳᠠᠰᠢ ᠦᠭᠡᠢ᠃
1882 ᠠᠭᠤᠯᠵᠠᠬᠤ ᠪᠠᠷ ᠨᠢ ᠨᠡᠢᠯᠡᠳᠡᠭ
ᠤᠢᠳᠬᠤ ᠪᠠᠷ ᠢ᠋ᠶ᠋ᠠᠨ ᠰᠠᠯᠳᠠᠭ
1883 ᠠᠭᠤᠯᠠ ᠶ᠋ᠢ ᠥᠨᠳᠥᠷ ᠭᠡᠵᠦ ᠪᠤᠤ ᠨᠢᠴᠦ
ᠶᠠᠪᠤᠪᠠᠯ ᠳᠠᠪᠠᠨ᠎ᠠ
ᠠᠵᠢᠯ ᠢ᠋ ᠶᠡᠬᠡ ᠭᠡᠵᠦ ᠪᠤᠤ ᠰᠢᠨᠲᠠᠷᠠ
ᠬᠢᠪᠡᠯ ᠳᠠᠭᠤᠰᠤᠨ᠎ᠠ
1884 ᠠᠭᠤᠯᠠ ᠶ᠋ᠢ ᠡᠷᠭᠦᠮᠡᠷ ᠡᠷᠡᠰ ᠣᠯᠠᠨ
ᠠᠭᠤᠷ ᠢ᠋ᠶ᠋ᠠᠨ ᠳᠠᠷᠤᠬᠤ ᠨᠢ ᠲᠤᠩ ᠴᠥᠭᠡᠨ
1885 ᠠᠭᠤᠯᠠ ᠶ᠋ᠢ ᠴᠠᠰᠤ ᠳᠠᠷᠤᠳᠠᠭ
ᠬᠥᠮᠦᠨ ᠢ᠋ ᠨᠠᠰᠤ ᠳᠠᠷᠤᠳᠠᠭ
1886 ᠠᠭᠤᠯᠠ ᠶ᠋ᠢᠨ ᠪᠠᠷᠰ ᠢ᠋ ᠪᠠᠷᠢᠬᠤ ᠳ᠋ᠤ᠌ ᠬᠢᠯᠪᠠᠷ
ᠣᠯᠠᠨ ᠤ᠋ ᠠᠮᠠ ᠶ᠋ᠢ ᠬᠣᠷᠢᠬᠤ ᠳ᠋ᠤ᠌ ᠪᠡᠷᠬᠡ
1887 ᠠᠭᠤᠯᠠ ᠶ᠋ᠢᠨ ᠪᠠᠷᠲᠠᠭ᠎ᠠ ᠶ᠋ᠢ ᠶᠠᠪᠤᠵᠤ ᠮᠡᠳᠡᠨ᠎ᠡ
ᠤᠰᠤᠨ ᠤ᠋ ᠭᠦᠨ ᠢ᠋ ᠭᠠᠲᠤᠯᠵᠤ ᠮᠡᠳᠡᠨ᠎ᠡ
1888 ᠠᠭᠤᠯᠠ ᠶ᠋ᠢᠨ ᠪᠤᠭᠤ ᠶᠢ ᠦᠵᠡᠭᠡᠳ
ᠤᠨᠤᠭᠰᠠᠨ ᠢ᠋ᠶ᠋ᠠᠨ ᠲᠠᠯᠪᠢᠵᠤ ᠲᠠᠭᠤᠬᠤ
1889 ᠠᠭᠤᠯᠠ ᠶ᠋ᠢᠨ ᠳᠠᠪᠠᠭ᠎ᠠ ᠶ᠋ᠢ ᠳᠠᠪᠠᠵᠤ ᠪᠣᠯᠳᠠᠭ
ᠣᠷᠴᠢᠯᠠᠩ ᠤ᠋ᠨ ᠳᠠᠪᠠᠭ᠎ᠠ ᠶ᠋ᠢ ᠳᠠᠪᠠᠵᠤ ᠪᠣᠯᠳᠠᠭ ᠦᠭᠡᠢ
1890 ᠠᠭᠤᠯᠠ ᠶ᠋ᠢᠨ ᠴᠡᠴᠡᠭ ᠪᠠᠢᠭᠠᠯᠢ ᠶ᠋ᠢᠨ ᠴᠢᠮᠡᠭ
ᠡᠪᠦᠭᠡᠳ ᠬᠥᠭᠰᠢᠳ ᠨᠠᠢᠷ ᠤ᠋ᠨ ᠴᠢᠮᠡᠭ
1891 ᠠᠭᠤᠯᠠ ᠶ᠋ᠢᠨ ᠴᠠᠭᠠᠨ᠎ᠠ ᠠ᠋ᠴᠠ ᠤᠷᠤᠭ ᠪᠣᠯᠤᠯᠴᠠᠬᠤ
ᠤᠰᠤᠨ ᠤ᠋ ᠴᠠᠭᠠᠨ᠎ᠠ ᠠ᠋ᠴᠠ ᠬᠣᠲᠠ ᠪᠣᠯᠤᠯᠴᠠᠬᠤ
1892 ᠠᠭᠤᠯᠠ ᠶ᠋ᠢᠨ ᠴᠢᠮᠡᠭ ᠮᠣᠳᠣ
ᠤᠯᠤᠰ ᠤ᠋ᠨ ᠴᠢᠮᠡᠭ ᠡᠷᠳᠡᠮᠲᠡᠨ
1893 ᠠᠭᠤᠯᠠ ᠶ᠋ᠢᠨ ᠴᠢᠮᠡᠭ ᠤᠷᠭᠤᠮᠠᠯ
ᠤᠬᠠᠭᠠᠨ ᠤ᠋ ᠴᠢᠮᠡᠭ ᠡᠷᠳᠡᠮ
1894 ᠠᠭᠤᠯᠠ ᠶ᠋ᠢᠨ ᠴᠢᠨᠡᠭᠡ ᠠᠯᠲᠠᠨ ᠠ᠋ᠴᠠ
ᠤᠲᠠᠰᠤᠨ ᠴᠢᠨᠡᠭᠡ ᠠᠮᠢ ᠪᠠᠨ ᠠᠯᠳᠠᠬᠤ
1895 ᠠᠭᠤᠯᠠ ᠶ᠋ᠢᠨ ᠴᠢᠨᠡᠭᠡ ᠬᠠᠷ᠎ᠠ ᠶ᠋ᠢ
ᠲᠠᠤᠯᠠᠢ ᠶ᠋ᠢᠨ ᠴᠢᠨᠡᠭᠡ ᠴᠠᠭᠠᠨ ᠳᠡᠢᠯᠦᠨ᠎ᠡ
1896 ᠠᠭᠤᠷ ᠶᠡᠬᠡᠲᠦ ᠶ᠋ᠢᠨ ᠤᠬᠠᠭᠠᠨ ᠴᠢᠬᠤᠯ
ᠤᠬᠠᠭᠠᠨ ᠰᠠᠢᠲᠤ ᠶ᠋ᠢᠨ ᠰᠡᠳᠬᠢᠯ ᠠᠭᠤᠵᠢᠮ
1897 ᠠᠭᠤᠷ ᠮᠤᠩᠬᠠᠭ ᠢ᠋ᠶ᠋ᠠᠷ ᠡᠬᠢᠯᠡᠵᠦ
ᠭᠡᠮᠰᠢᠯ ᠢ᠋ᠶ᠋ᠡᠷ ᠲᠡᠭᠦᠰᠬᠦ
1898 ᠠᠭᠤᠷ ᠮᠠᠭᠤᠲᠤ ᠤᠷᠤᠭᠤᠯ ᠢ᠋ᠶ᠋ᠠᠨ ᠴᠣᠭᠣ ᠲᠠᠲᠠᠵᠤ
ᠠᠮᠠ ᠮᠠᠭᠤᠲᠤ ᠠᠶᠠᠭ᠎ᠠ ᠪᠠᠨ ᠬᠠᠭᠠᠯᠬᠤ
1899 ᠠᠭᠤᠷ ᠣᠮᠣᠭ ᠶᠡᠬᠡᠳᠡᠪᠡᠯ ᠳᠣᠷᠣᠢᠲᠠᠬᠤ ᠶ᠋ᠢᠨ ᠲᠡᠮᠳᠡᠭ
ᠠᠷᠢᠬᠢ ᠲᠠᠮᠠᠬᠢᠨ ᠳ᠋ᠤ᠌ ᠰᠢᠨᠤᠪᠠᠯ ᠦᠭᠡᠢᠷᠡᠬᠦ ᠶ᠋ᠢᠨ ᠲᠡᠮᠳᠡᠭ
1900 ᠠᠭᠤᠷ ᠢ᠋ᠶ᠋ᠠᠨ ᠮᠡᠳᠡᠭᠴᠢ ᠨᠢ ᠮᠡᠷᠭᠡᠨ
ᠤᠴᠢᠷ ᠢ᠋ᠶ᠋ᠠᠨ ᠮᠡᠳᠡᠭᠴᠢ ᠨᠢ ᠦᠨᠡᠨᠴᠢ
1901 ᠠᠭᠤᠷ ᠠ᠋ᠴᠠ ᠬᠡᠷᠡᠭᠦᠯ
ᠤᠰᠤᠨ ᠠ᠋ᠴᠠ ᠠᠶᠤᠯ
1902 ᠤᠷᠭ᠎ᠠ ᠪᠠᠷ ᠮᠣᠷᠢ ᠪᠠᠷᠢᠬᠤ
ᠤᠯᠠᠭᠠᠨ ᠭᠠᠷ ᠤ᠋ᠨ ᠬᠦᠴᠦ
ᠤᠷᠠᠨ ᠰᠠᠢᠨ ᠶᠠᠪᠤᠬᠤ
ᠤᠬᠠᠭᠠᠨ ᠪᠢᠯᠢᠭ ᠦ᠋ᠨ ᠬᠦᠴᠦ
1903 ᠤᠷᠭᠠᠴᠢ ᠮᠣᠷᠢ ᠪᠠᠨ
ᠤᠳᠠᠭᠠᠨ ᠪᠢᠲᠡᠭᠡᠢ ᠣᠨᠣ
ᠤᠴᠠᠷᠠᠭᠰᠠᠨ ᠨᠥᠬᠥᠷ ᠲᠡᠭᠡᠨ
ᠤᠢᠳᠬᠤ ᠦᠭᠡ ᠪᠦᠦ ᠬᠡᠯᠡ
1904 ᠤᠭᠤᠷ ᠦᠭᠡᠢ ᠴᠠᠢ ᠨᠦᠳᠦᠵᠦ ᠪᠣᠯᠳᠠᠭ ᠦᠭᠡᠢ
ᠤᠲᠤᠭ᠎ᠠ ᠦᠭᠡᠢ ᠭᠠᠯ ᠲᠦᠯᠡᠵᠦ ᠪᠣᠯᠳᠠᠭ ᠦᠭᠡᠢ
1905 ᠠᠭᠤᠷᠯᠠᠭᠰᠠᠨ ᠢ᠋ᠶ᠋ᠠᠷ ᠢ᠋ᠶ᠋ᠠᠨ ᠡᠪᠦᠭᠡᠷᠡᠬᠦ
ᠢᠨᠢᠶᠡᠭᠰᠡᠨ ᠢ᠋ᠶ᠋ᠡᠷ ᠢ᠋ᠶ᠋ᠡᠨ ᠢᠳᠡᠷᠰᠢᠬᠦ
1906 ᠠᠭᠤᠷ ᠲᠠᠢ ᠬᠥᠮᠦᠨ
ᠥᠪᠡᠷ ᠢ᠋ ᠪᠡᠨ ᠲᠠᠮᠤᠯᠠᠬᠤ
1907 ᠠᠭᠤᠷ ᠲᠠᠢ ᠬᠥᠮᠦᠨ ᠢ᠋ᠶ᠋ᠡᠷ
ᠤᠰᠤ ᠵᠥᠭᠡᠭᠡᠯᠭᠡᠳᠡᠭ
ᠤᠬᠠᠭᠠᠨ ᠲᠠᠢ ᠬᠥᠮᠦᠨ ᠢ᠋ᠶ᠋ᠡᠷ
ᠲᠣᠰᠣ ᠵᠥᠭᠡᠭᠡᠯᠭᠡᠳᠡᠭ
1908 ᠠᠭᠤᠷ ᠢ᠋ ᠲᠠᠲᠠᠵᠤ ᠪᠣᠯᠳᠠᠭ
ᠠᠭᠤᠯᠠ ᠶ᠋ᠢ ᠲᠠᠲᠠᠵᠤ ᠪᠣᠯᠳᠠᠭ ᠦᠭᠡᠢ
1909 ᠠᠭᠤᠷ ᠤ᠋ᠨ ᠮᠤᠩᠬᠠᠭ
ᠪᠡᠶ᠎ᠡ ᠶ᠋ᠢ ᠵᠣᠪᠠᠭᠠᠬᠤ
ᠠᠭᠤᠯᠠ ᠶ᠋ᠢᠨ ᠥᠨᠳᠥᠷ
ᠤᠨᠤᠭ᠎ᠠ ᠶ᠋ᠢ ᠵᠣᠪᠠᠭᠠᠬᠤ
1910 ᠤᠤᠭᠤᠬᠤ ᠶ᠋ᠢ ᠨᠢ ᠤᠤᠭᠤ
ᠤᠬᠠᠭᠠᠨ ᠢ᠋ᠶ᠋ᠠᠨ ᠪᠦᠦ ᠠᠯᠲᠠ
1911 ᠠᠭᠤᠰᠬᠢ ᠵᠢᠷᠦᠬᠡ ᠬᠣᠶᠠᠷ
ᠤᠯᠠᠭᠠᠨ ᠰᠤᠳᠠᠰᠤᠨ ᠤ᠋ ᠬᠣᠯᠪᠣᠭ᠎ᠠ ᠲᠠᠢ
ᠤᠷᠤᠭ ᠰᠠᠳᠤᠨ ᠬᠣᠶᠠᠷ
ᠤᠴᠢᠷ ᠶᠣᠰᠣᠨ ᠤ᠋ ᠪᠠᠷᠢᠯᠳᠤᠯᠭ᠎ᠠ ᠲᠠᠢ
1912 ᠠᠭᠤᠰᠬᠢ ᠮᠡᠩᠭᠡᠷᠲᠦᠬᠦ ᠲᠠᠮᠠᠬᠢᠨ ᠤ᠋ ᠬᠢ
ᠤᠬᠠᠭᠠᠨ ᠪᠠᠯᠠᠷᠳᠤᠬᠤ ᠠᠷᠢᠬᠢᠨ ᠤ᠋ ᠬᠢ
1913 ᠤᠬᠠᠭᠠᠨ ᠳᠠᠯᠠᠢ ᠨᠣᠮ ᠠ᠋ᠴᠠ ᠡᠬᠢ ᠲᠡᠢ
ᠤᠰᠤᠨ ᠳᠠᠯᠠᠢ ᠪᠤᠯᠠᠭ ᠠ᠋ᠴᠠ ᠡᠬᠢ ᠲᠡᠢ
1914 ᠤᠬᠠᠭᠠᠨ ᠮᠠᠭᠤᠲᠤ ᠡᠷᠳᠡᠮ ᠰᠤᠷᠪᠠᠯ ᠭᠠᠯᠵᠠᠭᠤᠷᠠᠬᠤ
ᠳᠣᠲᠣᠷ ᠮᠠᠭᠤᠲᠤ ᠠᠷᠢᠬᠢ ᠤᠤᠭᠤᠪᠠᠯ ᠪᠥᠭᠡᠯᠵᠢᠬᠦ
1915 ᠤᠬᠠᠭᠠᠨ ᠮᠠᠭᠤᠲᠠᠢ ᠪᠣᠯ ᠣᠯᠠᠨ ᠤ᠋ ᠰᠢᠪᠰᠢᠭ
ᠣᠩᠭᠣᠴᠠ ᠮᠠᠭᠤᠲᠠᠢ ᠪᠣᠯ ᠤᠰᠤᠨ ᠤ᠋ ᠰᠢᠪᠰᠢᠭ
1916 ᠤᠬᠠᠭᠠᠨ ᠣᠷᠣᠵᠤ
ᠤᠷᠤᠭ ᠢ᠋ᠶ᠋ᠠᠨ ᠲᠠᠨᠢᠬᠤ
1917 ᠤᠬᠠᠭᠠᠨ ᠰᠠᠢᠲᠤ ᠶ᠋ᠢᠨ ᠦᠵᠦᠭ ᠬᠤᠷᠴᠠ
ᠤᠳᠤᠮ ᠰᠠᠢᠲᠤ ᠶ᠋ᠢᠨ ᠤᠨᠠᠭ᠎ᠠ ᠬᠤᠷᠳᠤᠨ
1918 ᠤᠬᠠᠭᠠᠨ ᠳ᠋ᠤᠨᠢ ᠤᠬᠤᠨ᠎ᠠ ᠦᠬᠦᠭᠰᠡᠨ
ᠰᠡᠳᠬᠢᠯ ᠳ᠋ᠦ᠍ᠨᠢ ᠰᠡᠷᠬᠡ ᠦᠬᠦᠭᠰᠡᠨ
1919 ᠤᠬᠠᠭᠠᠨ ᠳ᠋ᠤ᠌ ᠤᠬᠠᠭᠠᠨ ᠨᠡᠢᠯᠡᠵᠦ
ᠦᠭᠡᠨ ᠳ᠋ᠦ᠍ ᠦᠭᠡ ᠨᠡᠢᠯᠡᠬᠦ
1920 ᠤᠬᠠᠭᠠᠨ ᠲᠠᠢ ᠬᠥᠮᠦᠨ ᠣᠢᠯᠠᠭᠠᠭᠤᠯᠬᠤ
ᠠᠭᠤᠷ ᠲᠠᠢ ᠬᠥᠮᠦᠨ ᠴᠢᠬᠤᠯᠳᠠᠭᠤᠯᠬᠤ
1921 ᠤᠬᠠᠭᠠᠨ ᠲᠠᠢ ᠬᠥᠮᠦᠨ ᠦᠭᠡ ᠪᠡᠷ ᠢ᠋ᠶ᠋ᠡᠨ ᠰᠤᠷᠭᠠᠬᠤ
ᠠᠭᠤᠷ ᠲᠠᠢ ᠬᠥᠮᠦᠨ ᠨᠢᠳᠤᠷᠭ᠎ᠠ ᠪᠠᠷ ᠢ᠋ᠶ᠋ᠠᠨ ᠰᠤᠷᠭᠠᠬᠤ
1922 ᠤᠬᠠᠭᠠᠨ ᠲᠠᠢ ᠬᠥᠮᠦᠨ ᠳ᠋ᠦ᠍ ᠨᠣᠮ ᠰᠤᠷᠭᠠᠪᠠᠯ
ᠣᠭᠲᠠᠷᠭᠤᠢ ᠶ᠋ᠢᠨ ᠣᠳᠣᠨ ᠭᠠᠷᠠᠭ ᠠᠳᠠᠯᠢ
1923 ᠤᠬᠠᠭᠠᠨᠲᠠᠨ ᠤ᠋ ᠴᠠᠭᠠᠨ᠎ᠠ ᠤᠬᠠᠭᠠᠨᠲᠠᠨ ᠪᠣᠢ
ᠠᠭᠤᠯᠠ ᠶ᠋ᠢᠨ ᠴᠠᠭᠠᠨ᠎ᠠ ᠠᠭᠤᠯᠠ ᠪᠣᠢ
1924 ᠤᠬᠠᠭᠠᠨ ᠢ᠋ ᠨᠢ ᠣᠯᠪᠠᠯ
ᠤᠴᠢᠷ ᠦᠭᠡᠢ ᠶᠠᠭᠤᠮ᠎ᠠ ᠪᠠᠢᠳᠠᠭ ᠦᠭᠡᠢ
ᠤᠴᠢᠷ ᠢ᠋ ᠨᠢ ᠣᠯᠪᠠᠯ
ᠪᠣᠯᠬᠤ ᠦᠭᠡᠢ ᠶᠠᠭᠤᠮ᠎ᠠ ᠪᠠᠢᠳᠠᠭ ᠦᠭᠡᠢ
1925 ᠤᠬᠠᠭᠠᠨ ᠤ᠋ ᠪᠠᠨ ᠰᠠᠢᠨ ᠢ᠋
ᠤᠷᠲᠤ ᠵᠠᠮ ᠳ᠋ᠤ᠌ ᠮᠡᠳᠡᠬᠦ
ᠤᠴᠠᠷᠠᠭᠰᠠᠨ ᠤ᠋ ᠪᠠᠨ ᠰᠠᠢᠨ ᠢ᠋
ᠶᠠᠳᠠᠷᠠᠬᠤ ᠴᠠᠭ ᠲᠤ᠌ ᠮᠡᠳᠡᠬᠦ
1926 ᠤᠬᠤᠨ᠎ᠠ ᠳ᠋ᠤ᠌ ᠶᠠᠪᠤᠭᠰᠠᠨ ᠬᠦᠦ
ᠢᠮᠠᠭ᠎ᠠ ᠢᠰᠢᠭᠡᠯᠡᠭᠰᠡᠨ ᠬᠣᠢᠨ᠎ᠠ ᠢᠷᠡᠬᠦ
1927 ᠤᠴᠠᠭᠠᠷ ᠶᠡᠬᠡᠲᠦ ᠶ᠋ᠢᠨ ᠬᠠᠷᠢᠶᠠᠬᠤ ᠨᠢ ᠬᠡᠴᠡᠭᠦᠦ
ᠤᠬᠠᠭᠠᠨ ᠮᠠᠭᠤᠲᠤ ᠶ᠋ᠢᠨ ᠠᠭᠠᠰᠢᠯᠠᠬᠤ ᠨᠢ ᠬᠡᠴᠡᠭᠦᠦ
1928 ᠤᠴᠠᠭᠠᠷ ᠠᠭᠤᠷ ᠬᠣᠶᠠᠷ ᠢ᠋
ᠤᠰᠬᠠᠯ ᠨᠣᠮᠣᠬᠠᠨ ᠵᠠᠩ ᠢ᠋ᠶ᠋ᠠᠷ
1929 ᠤᠴᠢᠷ ᠮᠡᠳᠡᠬᠦ ᠦᠭᠡᠢ ᠨᠣᠶᠠᠨ ᠪᠣᠯᠬᠤ ᠪᠠᠷ
ᠤᠴᠢᠷ ᠮᠡᠳᠡᠬᠦ ᠪᠣᠭᠣᠯ ᠪᠣᠯ
1930 ᠤᠴᠢᠷ ᠮᠡᠳᠡᠬᠦ ᠦᠭᠡᠢ ᠬᠥᠮᠦᠨ ᠳ᠋ᠦ᠍ ᠰᠤᠷᠭᠠᠯ ᠬᠡᠯᠡᠬᠦ ᠨᠢ
ᠤᠷᠭᠤᠴᠠ ᠦᠭᠡᠢ ᠭᠠᠵᠠᠷ ᠲᠠᠷᠢᠶ᠎ᠠ ᠲᠠᠷᠢᠭᠰᠠᠨ ᠲᠠᠢ ᠠᠳᠠᠯᠢ
1931 ᠤᠴᠢᠷ ᠮᠡᠳᠡᠬᠦ ᠦᠭᠡᠢ ᠬᠥᠮᠦᠨ ᠳ᠋ᠦ᠍
ᠦᠭᠡ ᠬᠠᠢᠷᠠᠨ
ᠦᠨᠦᠷ ᠮᠡᠳᠡᠬᠦ ᠦᠭᠡᠢ ᠬᠥᠮᠦᠨ ᠳ᠋ᠦ᠍
ᠽᠠᠨᠳᠠᠨ ᠬᠠᠢᠷᠠᠨ
1932 ᠤᠴᠠᠷᠠᠭᠰᠠᠨ ᠵᠣᠪᠠᠯᠠᠩ ᠠᠭᠤᠯᠠ ᠶ᠋ᠢᠨ ᠴᠢᠨᠡᠭᠡ
ᠤᠭᠲᠤᠬᠤ ᠵᠢᠷᠭᠠᠯ ᠳᠠᠯᠠᠢ ᠶ᠋ᠢᠨ ᠴᠢᠨᠡᠭᠡ
1933 ᠤᠴᠠᠷᠠᠭᠠᠳ ᠬᠡᠯᠡᠯᠴᠡᠬᠦ ᠵᠢᠮ᠎ᠡ ᠪᠣᠯᠪᠠᠴᠤ
ᠤᠳᠬ᠎ᠠ ᠦᠭᠡᠢ ᠦᠭᠡ ᠪᠦᠦ ᠬᠡᠯᠡ
1934 ᠤᠴᠢᠷ ᠢ᠋ ᠨᠢ ᠣᠯᠵᠤ
ᠬᠤᠵᠢᠷ ᠢ᠋ ᠨᠢ ᠲᠤᠩᠭᠠᠬᠤ
1935 ᠤᠶᠠᠨ ᠬᠥᠮᠦᠨ ᠦ᠌ ᠤᠬᠢᠯᠠᠬᠤ ᠨᠢ ᠶᠡᠬᠡ
ᠤᠬᠤᠨ᠎ᠠ ᠢᠰᠢᠭᠡᠨ ᠦ᠌ ᠮᠠᠢᠯᠠᠬᠤ ᠨᠢ ᠶᠡᠬᠡ
1936 ᠤᠶᠠᠷᠠᠬᠤ ᠳ᠋ᠤ᠌ ᠤᠬᠢᠯᠠᠬᠤ
ᠪᠠᠶᠠᠷᠯᠠᠬᠤ ᠳ᠋ᠤ᠌ ᠢᠨᠢᠶᠡᠬᠦ
ᠦᠰᠦᠭ ᠠᠮᠢᠯᠠᠭᠤᠯᠤᠭᠴᠢ᠄ ᠣᠶᠤᠨᠪᠠᠲᠤ᠂ ᠪᠠᠯ
ᠬᠢᠨᠠᠭᠴᠢ᠄ ᠣᠳᠬᠣᠨᠴᠡᠴᠡᠭ᠂ ᠤᠢᠭᠤᠷᠵᠢᠨ ᠣᠳᠬᠣᠨ᠂ ᠪᠠᠯ
