ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠤ 5 ᠶᠢᠨ ᠠᠢᠮᠠᠭ –1>Монгол зүйр цэцэн үгийн гураван мянган дээж – Д᠂Заяабаатар эмхэтгэв <Угийн аймаг 1>
ᠤ 5 <У> ᠶᠢᠨ ᠠᠢᠮᠠᠭ
1770 ᠤᠭ ᠮᠠᠭᠤ ᠶ᠋ᠢᠨ ᠦᠷ᠎ᠡ ᠶ᠋ᠢ ᠪᠤᠤ ᠠᠪ
ᠤᠳᠤᠮ ᠮᠠᠭᠤ ᠶ᠋ᠢᠨ ᠬᠣᠢᠮᠣᠷ ᠪᠤᠤ ᠰᠠᠭᠤ
1771 ᠤᠭ ᠰᠠᠢᠲᠤ ᠶ᠋ᠢ ᠬᠠᠷᠠᠵᠤ ᠤᠷᠤᠭᠯᠠ
ᠣᠩᠬᠢ ᠰᠠᠢᠲᠤ ᠶ᠋ᠢ ᠰᠢᠯᠢᠵᠦ ᠴᠠᠪᠴᠢ
1772 ᠤᠭ ᠢ᠋ᠶ᠋ᠠᠨ ᠮᠡᠳᠡᠬᠦ ᠦᠭᠡᠢ ᠬᠥᠮᠦᠨ
ᠤᠰᠤ ᠪᠠᠨ ᠲᠠᠨᠢᠬᠤ ᠦᠭᠡᠢ ᠮᠠᠯ
1773 ᠤᠬᠢᠶᠠᠭᠰᠠᠨ ᠤᠰᠤ ᠷᠠᠰᠢᠶᠠᠨ
ᠤᠨᠠᠭᠰᠠᠨ ᠰᠢᠷᠣᠢ ᠠᠯᠲᠠ
1774 ᠤᠭᠠᠯᠵᠠ ᠣᠶᠣᠬᠤ ᠳ᠋ᠤ᠌ ᠣᠯᠠᠨ ᠥᠩᠭᠡ ᠶ᠋ᠢᠨ ᠤᠲᠠᠰᠤ ᠬᠡᠷᠡᠭ ᠲᠡᠢ
ᠤᠷᠠᠨ ᠡᠷᠳᠡᠮ ᠢ᠋ ᠰᠤᠷᠬᠤ ᠳ᠋ᠤ᠌ ᠣᠶᠤᠨ ᠤᠬᠠᠭᠠᠨ ᠬᠡᠷᠡᠭ ᠲᠡᠢ
1775 ᠤᠭ ᠮᠠᠭᠤ ᠶ᠋ᠢᠨ ᠦᠰᠦ ᠨᠢ ᠰᠡᠭᠰᠡᠭᠡᠷ
ᠤᠬᠠᠭᠠᠨ ᠮᠠᠭᠤ ᠶ᠋ᠢᠨ ᠬᠢᠮᠤᠰᠤ ᠨᠢ ᠤᠷᠲᠤ
1776 ᠤᠳᠠᠭᠠᠨ ᠪᠣᠳᠣᠵᠤ
ᠠᠭᠤᠵᠢᠮ ᠰᠡᠳᠬᠢᠬᠦ
1777 ᠤᠳᠠᠵᠤ ᠪᠠᠢᠭᠠᠳ ᠠᠭᠤᠯᠵᠠᠭᠰᠠᠨ ᠢᠨᠠᠭ
ᠤᠮᠳᠠᠭᠠᠰᠴᠤ ᠪᠠᠢᠭᠠᠳ ᠤᠤᠭᠤᠭᠰᠠᠨ ᠤᠰᠤ
1778 ᠤᠳᠤᠮᠲᠤ ᠬᠥᠮᠦᠨ ᠦ᠌ ᠦᠷ᠎ᠡ
ᠤᠭᠰᠠᠭᠠᠲᠤ ᠭᠡᠭᠦᠦ ᠶ᠋ᠢᠨ ᠤᠨᠠᠭ᠎ᠠ
1779 ᠤᠳᠤᠮ ᠢ᠋ᠶ᠋ᠠᠷ ᠢ᠋ᠶ᠋ᠠᠨ ᠠᠯᠳᠠᠷᠰᠢᠳᠠᠭ ᠦᠭᠡᠢ
ᠤᠬᠠᠭᠠᠨ ᠢ᠋ᠶ᠋ᠠᠷ ᠢ᠋ᠶ᠋ᠠᠨ ᠠᠯᠳᠠᠷᠰᠢᠳᠠᠭ
1780 ᠣᠢ ᠭᠠᠰᠢᠭᠤ
ᠤᠬᠠᠭᠠᠨ ᠪᠠᠷᠠᠳᠠᠭ
1781 ᠣᠢᠭ᠎ᠠ ᠦᠭᠡᠢ ᠠᠵᠢᠯᠯᠠᠪᠠᠯ
ᠤᠰᠤᠨ ᠳ᠋ᠤ᠌ ᠴᠦ᠍ ᠭᠠᠯ ᠠᠰᠠᠨ᠎ᠠ
ᠲᠤᠨᠢᠭᠠᠳ ᠪᠠᠢᠪᠠᠯ
ᠲᠣᠰᠣᠨ ᠳ᠋ᠤ᠌ ᠴᠦ᠍ ᠭᠠᠯ ᠰᠢᠲᠠᠬᠤ ᠦᠭᠡᠢ
1782 ᠤᠬᠢᠯᠠᠬᠤ ᠪᠣᠯᠪᠠᠯ
ᠨᠢᠳᠦ ᠲᠡᠢ ᠨᠢᠳᠦ ᠦᠭᠡᠢ ᠴᠦ᠍ ᠤᠬᠢᠯᠠᠳᠠᠭ
ᠦᠬᠦᠬᠦ ᠪᠣᠯᠪᠠᠯ
ᠶᠠᠭᠤᠮ᠎ᠠ ᠲᠠᠢ ᠶᠠᠭᠤᠮ᠎ᠠ ᠦᠭᠡᠢ ᠴᠦ᠍ ᠦᠬᠦᠳᠡᠭ
1783 ᠤᠬᠢᠯᠠᠬᠤ ᠬᠡᠦᠬᠡᠳ ᠦ᠋ᠨ ᠬᠣᠰᠬᠢᠨᠠᠭ
ᠤᠷᠳᠤ ᠡᠳᠦᠷ ᠡᠴᠡ ᠨᠢ ᠤᠮᠠᠯᠵᠠᠳᠠᠭ
1784 ᠤᠬᠢᠯᠠᠭᠰᠠᠨ ᠢ᠋ ᠪᠤᠤ ᠠᠰᠠᠭᠤ
ᠢᠨᠢᠶᠡᠭᠰᠡᠨ ᠢ᠋ ᠠᠰᠠᠭᠤ
1785 ᠤᠢᠮᠤᠷᠠᠭᠠ ᠤᠰᠤ ᠤᠷᠤᠭᠤ ᠵᠢᠳᠬᠦᠬᠦ
ᠲᠡᠨᠡᠭ ᠲᠩᠷᠢ ᠥᠭᠡᠳᠡ ᠰᠠᠷᠪᠠᠢᠬᠤ
1786 ᠤᠢᠳᠬᠠᠷ ᠭᠠᠰᠠᠯᠠᠩ ᠠ᠋ᠴᠠ
ᠤᠬᠢᠯᠠᠵᠤ ᠰᠠᠯᠳᠠᠭ ᠦᠭᠡᠢ
1787 ᠤᠢᠳᠬᠠᠷ ᠳᠦᠭᠦᠷᠦᠭᠰᠡᠨ ᠣᠷᠳᠣᠨ ᠠ᠋ᠴᠠ
ᠢᠨᠢᠶᠡᠳᠦ ᠪᠢᠯᠬᠠᠭᠰᠠᠨ ᠣᠪᠣᠬᠠᠢ ᠳᠡᠭᠡᠷ᠎ᠡ
1788 ᠤᠯᠠᠭᠠᠨ ᠢ᠋ ᠦᠵᠡᠵᠦ ᠤᠷᠪᠠᠵᠤ
ᠰᠢᠷ᠎ᠠ ᠶ᠋ᠢ ᠦᠵᠡᠵᠦ ᠰᠢᠷᠪᠠᠬᠤ
1789 ᠤᠯᠢᠨ ᠬᠤᠴᠠᠬᠤ ᠨᠣᠬᠠᠢ ᠶ᠋ᠢᠨ ᠠᠶᠤᠯ
ᠤᠬᠢᠯᠠᠨ ᠬᠡᠯᠡᠬᠦ ᠡᠬᠡᠨᠡᠷ ᠦ᠋ᠨ ᠠᠶᠤᠯ
1790 ᠤᠯᠠ ᠶ᠋ᠢᠨ ᠢ᠋ᠶ᠋ᠡᠨ ᠮᠢᠬ᠎ᠠ ᠶ᠋ᠢ ᠤᠷᠠᠭᠳᠠᠲᠠᠯᠠ
ᠬᠣᠩᠭᠣᠨ ᠤ᠋ ᠪᠠᠨ ᠮᠢᠬ᠎ᠠ ᠶ᠋ᠢ ᠬᠣᠷᠣᠭᠳᠠᠲᠠᠯᠠ ᠵᠢᠳᠬᠦᠬᠦ
1791 ᠤᠯᠤᠰ ᠵᠠᠩ ᠢ᠋ᠶ᠋ᠠᠷ ᠢ᠋ᠶ᠋ᠠᠨ
ᠤᠰᠤ ᠡᠷᠭᠢ ᠪᠡᠷ ᠢ᠋ᠶ᠋ᠡᠨ
1792 ᠤᠯᠤᠰ ᠢ᠋ ᠬᠤᠷᠢᠶᠠᠬᠤ ᠳ᠋ᠤ᠌
ᠵᠢᠰᠤᠷ ᠲᠦᠰᠢᠮᠡᠯ ᠦ᠋ᠨ ᠦᠭᠡ ᠶ᠋ᠢ ᠪᠤᠤ ᠰᠢᠳᠦ
ᠤᠴᠢᠷ ᠢ᠋ ᠲᠤᠩᠭᠠᠬᠤ ᠳ᠋ᠤ᠌
ᠮᠤᠩᠬᠠᠭ ᠬᠥᠮᠦᠨ ᠦ᠌ ᠦᠭᠡ ᠶ᠋ᠢ ᠪᠤᠤ ᠠᠪ
1793 ᠤᠯᠠ ᠶ᠋ᠢ ᠬᠠᠳᠬᠤᠬᠤ ᠵᠠᠩᠭᠤᠤ
ᠤᠷᠭᠤᠵᠤ ᠭᠠᠷᠬᠤ ᠳ᠋ᠠᠭᠠᠨ ᠵᠥᠭᠡᠯᠡᠨ
ᠤᠯᠤᠰ ᠢ᠋ ᠬᠠᠭᠤᠷᠬᠤ ᠵᠠᠯᠢᠬᠠᠢ
ᠤᠷᠠᠯᠠᠵᠤ ᠬᠡᠯᠡᠬᠦ ᠳ᠋ᠡᠭᠡᠨ ᠵᠥᠭᠡᠯᠡᠨ
1794 ᠤᠨᠤᠭ᠎ᠠ ᠰᠠᠢᠲᠤ ᠶ᠋ᠢᠨ ᠶᠠᠪᠤᠳᠠᠯ ᠪᠦᠲᠦᠨ
ᠠᠪᠠᠭᠠᠢ ᠰᠠᠢᠲᠤ ᠶ᠋ᠢᠨ ᠨᠡᠷ᠎ᠡ ᠪᠦᠲᠦᠨ
1795 ᠤᠬᠠᠭᠠᠨ ᠦᠭᠡᠢ ᠬᠥᠮᠦᠨ ᠬᠥᠯᠥᠰᠥ ᠪᠡᠨ ᠭᠣᠭᠣᠵᠢᠭᠤᠯᠤᠨ᠎ᠠ
ᠣᠩᠭᠢᠶ᠎ᠠ ᠦᠭᠡᠢ ᠬᠥᠮᠦᠨ ᠨᠢᠰᠦ ᠪᠡᠨ ᠭᠣᠭᠣᠵᠢᠭᠤᠯᠤᠨ᠎ᠠ
1796 ᠤᠨᠤᠭᠠᠨ ᠳ᠋ᠤ᠌ ᠲᠠᠯᠪᠢᠭᠰᠠᠨ ᠠᠵᠢᠷᠭ᠎ᠠ ᠰᠢᠭ᠋
ᠤᠶᠠᠭ᠎ᠠ ᠨᠢ ᠠᠯᠳᠠᠷᠠᠭᠰᠠᠨ ᠨᠣᠬᠠᠢ ᠰᠢᠭ᠋
1797 ᠤᠨᠠᠭᠠᠨ ᠵᠢᠷᠣᠭ᠎ᠠ ᠲᠥᠷᠥᠬᠦ ᠶ᠋ᠢ
ᠤᠨᠤᠬᠤ ᠬᠥᠮᠦᠨ ᠦ᠌ ᠬᠤᠪᠢ ᠮᠡᠳᠡᠨ᠎ᠡ
1798 ᠤᠨᠠᠭᠰᠠᠨ ᠮᠠᠯᠠᠭᠠᠢ ᠪᠠᠨ ᠠᠪᠬᠤ ᠴᠢᠯᠥᠭᠡ ᠦᠭᠡᠢ
ᠠᠭᠤᠯᠵᠠᠭᠰᠠᠨ ᠬᠥᠮᠦᠨ ᠲᠡᠢ ᠬᠡᠯᠡᠯᠴᠡᠬᠦ ᠵᠠᠪ ᠦᠭᠡᠢ
1799 ᠤᠨᠠᠭᠰᠠᠨ ᠮᠠᠯᠠᠭᠠᠢ ᠪᠠᠨ ᠠᠪᠬᠤ ᠦᠭᠡᠢ
ᠤᠨᠵᠢᠢᠭᠰᠠᠨ ᠨᠢᠰᠦ ᠪᠡᠨ ᠲᠠᠲᠠᠬᠤ ᠦᠭᠡᠢ
1800 ᠤᠨᠠᠭᠰᠠᠨ ᠮᠣᠳᠣ ᠣᠢ ᠶ᠋ᠢᠨ ᠳᠠᠷᠤᠯᠲᠠ
ᠤᠬᠠᠭᠠᠨ ᠦᠭᠡᠢ ᠨᠣᠶᠠᠨ ᠲᠥᠷᠥ ᠶ᠋ᠢᠨ ᠳᠠᠷᠤᠯᠲᠠ
1801 ᠤᠨᠤᠭᠰᠠᠨ ᠮᠣᠷᠢ ᠭᠡᠳᠡᠭᠡ ᠪᠡᠨ ᠬᠦᠷᠪᠡᠯ ᠢᠰᠬᠦᠯᠳᠡᠭ
ᠬᠡᠯᠡᠯᠴᠡᠭᠰᠡᠨ ᠦᠭᠡ ᠪᠡᠨ ᠡᠰᠡ ᠳᠠᠭᠠᠭᠠᠪᠠᠯ ᠬᠡᠷᠡᠯᠳᠦᠳᠡᠭ
1802 ᠤᠨᠠᠬᠤ ᠪᠦᠷᠢ ᠤᠬᠠᠭᠠᠨ ᠣᠷᠣᠬᠤ
ᠣᠢᠴᠢᠬᠤ ᠪᠦᠷᠢ ᠰᠠᠨᠠᠭ᠎ᠠ ᠠᠪᠬᠤ
1803 ᠤᠨᠤᠬᠤ ᠤᠨᠤᠭ᠎ᠠ ᠣᠯᠳᠠᠪᠠᠴᠤ
ᠲᠣᠬᠣᠬᠤ ᠡᠮᠡᠭᠡᠯ ᠣᠯᠳᠠᠬᠤ ᠦᠭᠡᠢ ᠪᠣᠯᠬᠤ
1804 ᠤᠮᠳᠠ ᠬᠣᠭᠣᠯᠠᠨ ᠳ᠋ᠤ᠌ ᠤᠷᠤᠭᠰᠢ ᠪᠠᠨ ᠵᠢᠳᠬᠦᠨ᠎ᠡ
ᠦᠢᠯᠡ ᠬᠡᠷᠡᠭ ᠲᠤ ᠬᠣᠢᠰᠢ ᠪᠠᠨ ᠰᠠᠭᠤᠨ᠎ᠠ
1805 ᠤᠨᠲᠠᠵᠤ ᠰᠤᠷᠬᠤ ᠪᠠᠷ
ᠤᠲᠠᠰᠤ ᠡᠭᠡᠷᠡᠵᠦ ᠰᠤᠷ
1806 ᠤᠨᠲᠠᠵᠤ ᠬᠡᠪᠲᠡᠪᠡᠴᠦ ᠤᠯᠤᠰ ᠢ᠋ᠶ᠋ᠠᠨ ᠪᠣᠳᠣᠵᠤ
ᠢᠳᠡᠵᠦ ᠤᠤᠭᠤᠪᠠᠴᠤ ᠡᠵᠡᠨ ᠢ᠋ᠶ᠋ᠡᠨ ᠰᠡᠳᠬᠢᠬᠦ
1807 ᠤᠨᠲᠠᠬᠤ ᠨᠣᠢᠷ ᠲᠠᠭᠠᠨ ᠳᠠᠷᠤᠭᠳᠠᠪᠠᠯ
ᠤᠷᠤᠭᠤᠳᠠᠬᠤ ᠶ᠋ᠢᠨ ᠲᠡᠮᠳᠡᠭ
ᠤᠤᠭᠤᠵᠤ ᠢᠳᠡᠬᠦ ᠪᠡᠨ ᠬᠥᠭᠡᠭᠡᠴᠡᠯᠳᠦᠪᠡᠯ
ᠦᠭᠡᠢᠷᠡᠬᠦ ᠶ᠋ᠢᠨ ᠲᠡᠮᠳᠡᠭ
1808 ᠤᠨᠲᠠᠬᠤ ᠶ᠋ᠢᠨ ᠮᠠᠭᠤ ᠬᠤᠷᠬᠢᠷᠠᠬᠤ
ᠤᠬᠢᠯᠠᠬᠤ ᠶ᠋ᠢᠨ ᠮᠠᠭᠤ ᠡᠭᠡᠷᠡᠬᠦ
1809 ᠤᠩᠰᠢᠵᠤ ᠮᠡᠳᠡᠬᠦ ᠳ᠋ᠦ᠍ ᠨᠣᠮ ᠰᠠᠢᠬᠠᠨ
ᠠᠭᠤᠯᠵᠠᠵᠤ ᠶᠠᠷᠢᠯᠴᠠᠬᠤ ᠳ᠋ᠤ᠌ ᠨᠥᠬᠥᠷ ᠰᠠᠢᠬᠠᠨ
1810 ᠤᠷᠤᠭ ᠤᠷᠤᠭ ᠲᠠᠭᠠᠨ ᠬᠦᠨᠳᠦ
ᠤᠷᠭᠤᠭ᠎ᠠ ᠮᠣᠳᠣ ᠭᠠᠵᠠᠷ ᠲᠠᠭᠠᠨ ᠬᠦᠨᠳᠦ
1811 ᠣᠷᠣᠭᠰᠢ ᠦᠭᠡᠢ ᠵᠠᠯᠠᠭᠤ ᠠ᠋ᠴᠠ
ᠤᠬᠠᠭᠠᠯᠢᠭ ᠬᠥᠭᠰᠢᠨ ᠳᠡᠭᠡᠷ᠎ᠡ
1812 ᠤᠷᠤᠭᠰᠢᠲᠠᠢ ᠶᠠᠪᠤᠬᠤ ᠳ᠋ᠠᠭᠠᠨ ᠪᠡᠶ᠎ᠡ ᠪᠡᠨ ᠮᠠᠭᠲᠠᠨ᠎ᠠ
ᠣᠷᠣᠭᠰᠢ ᠦᠭᠡᠢ ᠶᠠᠪᠤᠬᠤ ᠳ᠋ᠠᠭᠠᠨ ᠪᠤᠰᠤᠳ ᠢ᠋ ᠬᠠᠷᠢᠶᠠᠨ᠎ᠠ
1813 ᠤᠷᠠᠨ ᠳᠠᠷᠬᠠᠨ ᠤ᠋ ᠤᠬᠠᠭᠠᠨ ᠰᠠᠮᠠᠭᠤᠷᠠᠬᠤ ᠦᠭᠡᠢ
ᠤᠲᠠᠰᠤ ᠵᠡᠭᠦᠦ ᠶ᠋ᠢᠨ ᠬᠡᠷᠡᠭ ᠮᠤᠩᠳᠠᠬᠤ ᠦᠭᠡᠢ
1814 ᠤᠷᠠᠨ ᠦᠭᠡ ᠪᠡᠷ ᠣᠯᠠᠨ ᠢ᠋ ᠬᠠᠭᠤᠷᠴᠤ
ᠤᠰᠤᠨ ᠪᠠᠯᠢᠩ ᠢ᠋ᠶ᠋ᠠᠷ ᠯᠤᠤᠰ ᠢ᠋ ᠬᠠᠭᠤᠷᠬᠤ
1815 ᠤᠷᠠᠨ ᠦᠭᠡ ᠪᠡᠷ ᠤᠨᠲᠠᠭᠤᠯᠵᠤ
ᠬᠡᠢ ᠦᠭᠡ ᠪᠡᠷ ᠬᠡᠪᠲᠡᠭᠦᠯᠬᠦ
1816 ᠤᠷᠠᠨ ᠬᠥᠮᠦᠨ ᠤᠬᠠᠭᠠᠨ ᠲᠠᠢ
ᠤᠬᠠᠭᠠᠨ ᠲᠠᠢ ᠬᠥᠮᠦᠨ ᠲᠦᠢ ᠲᠡᠢ
1817 ᠤᠷᠠᠨᠲᠠᠨ ᠲᠠᠢ ᠤᠲᠠᠰᠤ ᠪᠢᠲᠡᠭᠡᠢ ᠪᠤᠯᠢᠶᠠᠯᠳᠤ
ᠤᠬᠠᠭᠠᠨᠲᠠᠨ ᠲᠠᠢ ᠦᠭᠡ ᠪᠢᠲᠡᠭᠡᠢ ᠪᠤᠯᠢᠶᠠᠯᠳᠤ
1818 ᠤᠷᠭᠤᠮᠠᠯ ᠤ᠋ᠨ ᠰᠠᠢᠬᠠᠨ ᠴᠡᠴᠡᠭ ᠲᠡᠭᠡᠨ
ᠤᠯᠤᠰ ᠤ᠋ᠨ ᠰᠦᠷ ᠴᠡᠷᠢᠭ ᠲᠡᠭᠡᠨ
1819 ᠤᠷᠭᠤᠭᠰᠠᠨ ᠮᠣᠳᠣ ᠶ᠋ᠢ ᠵᠣᠷᠭᠣᠵᠤ ᠪᠠᠢᠵᠤ ᠮᠡᠳᠡᠳᠡᠭ
ᠦᠨᠡᠨ ᠰᠡᠳᠬᠢᠯ ᠢ᠋ ᠬᠠᠨᠢᠯᠠᠵᠤ ᠪᠠᠢᠵᠤ ᠮᠡᠳᠡᠳᠡᠭ
1820 ᠤᠷᠭᠤᠭᠰᠠᠨ ᠨᠣᠭᠣᠭ᠎ᠠ ᠬᠠᠳᠠᠨ᠎ᠠ
ᠤᠰᠤᠨ ᠤ᠋ ᠰᠢᠪᠠᠭᠤ ᠪᠤᠴᠠᠨ᠎ᠠ
1821 ᠤᠷᠭᠤᠬᠤ ᠨᠠᠷᠠᠨ ᠠ᠋ᠴᠠ ᠤᠨᠢᠶᠠᠷ ᠲᠠᠰᠤᠷᠠᠬᠤ ᠦᠭᠡᠢ
ᠤᠬᠠᠭᠠᠨᠲᠤ ᠬᠥᠮᠦᠨ ᠡᠴᠡ ᠠᠲᠠᠭ᠎ᠠ ᠰᠠᠯᠬᠤ ᠦᠭᠡᠢ
1822 ᠤᠷᠭᠤᠬᠤ ᠨᠠᠷᠠᠨ ᠤ᠋ ᠭᠡᠷᠡᠯ
ᠠᠭᠤᠵᠢᠮ ᠰᠠᠢᠬᠠᠨ ᠤᠬᠠᠭᠠᠨ
1823 ᠤᠷᠳᠤ ᠠ᠋ᠴᠠ ᠨᠢ ᠬᠠᠷᠠᠬᠤ ᠳ᠋ᠤ᠌ ᠬᠥᠮᠦᠨ
ᠤᠬᠠᠭᠠᠨ ᠢ᠋ ᠨᠢ ᠰᠢᠯᠭᠠᠬᠤ ᠳ᠋ᠤ᠌ ᠮᠠᠯ
1824 ᠤᠷᠢᠳᠠᠬᠢ (ᠤᠷᠢᠳᠬᠢ)ᠬᠥᠮᠦᠨ ᠨᠢ ᠮᠣᠳᠣ ᠲᠠᠷᠢᠵᠤ
ᠬᠣᠢᠲᠤᠬᠢ ᠬᠥᠮᠦᠨ ᠨᠢ ᠰᠡᠷᠢᠭᠦᠴᠡᠳᠡᠭ
1825 ᠤᠷᠳᠤ ᠬᠥᠯ ᠭᠢᠰᠬᠢᠪᠡᠯ
ᠬᠣᠢᠲᠤ ᠬᠥᠯ ᠳᠠᠭᠠᠨ᠎ᠠ
1826 ᠤᠷᠠᠨ ᠨᠢᠳᠦ ᠲᠡᠢ ᠶ᠋ᠢ ᠨᠢ ᠪᠦᠦ ᠬᠠᠷ᠎ᠠ
ᠤᠷᠠᠨ ᠭᠠᠷ ᠲᠠᠢ ᠶ᠋ᠢ ᠨᠢ ᠬᠠᠷ᠎ᠠ
1827 ᠤᠷᠤᠰᠬᠠᠯ ᠤᠰᠤ ᠦᠮᠡᠬᠡᠢᠷᠡᠳᠡᠭ ᠦᠭᠡᠢ
ᠤᠷᠭᠤᠭ᠎ᠠ ᠮᠣᠳᠣ ᠬᠣᠷᠣᠬᠠᠢᠲᠤᠳᠠᠭ ᠦᠭᠡᠢ
1828 ᠤᠷᠤᠰᠬᠠᠯ ᠦᠭᠡᠢ ᠭᠣᠣᠯ ᠪᠠᠢᠳᠠᠭ ᠦᠭᠡᠢ
ᠠᠭᠤᠷ ᠦᠭᠡᠢ ᠬᠥᠮᠦᠨ ᠪᠠᠢᠳᠠᠭ ᠦᠭᠡᠢ
1829 ᠤᠷᠤᠰᠬᠠᠯ ᠢ᠋ ᠳᠠᠭᠠᠪᠠᠯ ᠬᠢᠯᠪᠠᠷ
ᠰᠥᠷᠪᠡᠯ ᠪᠡᠷᠬᠡ
1830 ᠤᠷᠲᠤ ᠮᠥᠷᠡᠨ ᠨᠤᠭᠤᠯᠤᠭ᠎ᠠ ᠣᠯᠠᠨ ᠲᠠᠢ
ᠤᠷᠠᠨ ᠬᠥᠮᠦᠨ ᠠᠷᠭ᠎ᠠ ᠣᠯᠠᠨ ᠲᠠᠢ
1831 ᠤᠷᠲᠤ ᠬᠣᠰᠢᠭᠤ ᠬᠦᠵᠦᠭᠦᠦ ᠣᠷᠢᠶᠠᠨ᠎ᠠ
ᠤᠷᠲᠤ ᠬᠣᠷᠮᠣᠢ ᠬᠥᠯ ᠣᠷᠢᠶᠠᠨ᠎ᠠ
1832 ᠤᠷᠤᠭᠤ ᠴᠢᠷᠠᠢᠯᠠᠵᠤ
ᠤᠰᠤᠨ ᠨᠢᠳᠦᠯᠡᠬᠦ
1833 ᠤᠷᠰᠢᠭ ᠠ᠋ᠴᠠ ᠠᠶᠤᠪᠠᠯ
ᠣᠷᠣᠭᠰᠢ ᠪᠠᠨ ᠶᠠᠪᠤ
1834 ᠤᠷᠢᠳ ᠢ᠋ᠶ᠋ᠠᠷ ᠬᠡᠯᠡᠭᠰᠡᠨ ᠢ᠋ᠶ᠋ᠡᠷ
ᠵᠥᠪ ᠪᠣᠯᠳᠠᠭ ᠦᠭᠡᠢ
1835 ᠤᠷᠢᠲᠠᠵᠤ ᠢᠷᠡᠭᠰᠡᠨ ᠨᠣᠬᠠᠢ ᠮᠢᠬᠠᠨ ᠳ᠋ᠤ᠌ ᠴᠠᠳᠤᠭᠠᠳ
(ᠣᠷᠣᠢᠲᠠᠵᠤ) ᠬᠣᠵᠢᠮᠳᠠᠵᠤ ᠢᠷᠡᠭᠰᠡᠨ ᠨᠣᠬᠠᠢ ᠶᠠᠰᠤ ᠬᠡᠮᠡᠯᠢᠬᠦ
1836 ᠤᠷᠢᠳᠤ ᠶ᠋ᠢᠨ ᠶᠠᠭᠤᠮ᠎ᠠ ᠤᠯᠠ ᠪᠣᠯᠵᠤ
ᠬᠣᠵᠢᠮ ᠤ᠋ᠨ ᠶᠠᠭᠤᠮ᠎ᠠ ᠵᠤᠯᠠ ᠪᠣᠯᠬᠤ
1837 ᠤᠷᠢᠭᠰᠠᠨ ᠬᠥᠮᠦᠨ ᠤᠭᠲᠤᠳᠠᠭ
ᠤᠢᠳᠤᠭᠰᠠᠨ ᠬᠥᠮᠦᠨ ᠵᠤᠭᠠᠳᠠᠳᠠᠭ
1838 ᠤᠷᠢᠲᠠᠵᠤ ᠪᠠᠷᠳᠠᠬᠤ ᠪᠠᠷ
ᠬᠣᠵᠢᠮ ᠨᠢ ᠪᠡᠷᠲᠡ
1839 ᠤᠰᠤ ᠠᠰᠬᠠᠬᠤ ᠬᠠᠢᠷᠠᠨ ᠪᠤᠰᠤ
ᠰᠦ ᠠᠰᠬᠠᠬᠤ ᠬᠠᠢᠷᠠᠨ
1840 ᠤᠰᠤ ᠵᠥᠭᠡᠯᠡᠨ ᠴᠦ᠍ ᠴᠢᠯᠠᠭᠤ ᠶ᠋ᠢ ᠢᠳᠡᠬᠦ
ᠤᠯᠤᠰ ᠵᠥᠭᠡᠯᠡᠨ ᠴᠦ᠍ ᠬᠠᠭᠠᠨ ᠢ᠋ ᠬᠠᠯᠠᠬᠤ
1841 ᠤᠰᠤ ᠴᠢᠳᠬᠤᠭᠤᠯᠤᠭᠰᠠᠨ ᠬᠤᠯᠤᠭᠠᠨ᠎ᠠ ᠰᠢᠭ᠋
ᠤᠤᠬᠢᠯᠠᠵᠤ ᠲᠡᠪᠡᠳᠡᠭᠰᠡᠨ ᠠᠮᠢᠲᠠᠨ ᠰᠢᠭ᠋
1842 ᠤᠰᠤ ᠰᠦ ᠶ᠋ᠢ ᠠᠷᠪᠢᠳᠬᠠᠬᠤ
ᠰᠦ ᠤᠰᠤ ᠶ᠋ᠢ ᠴᠠᠢᠷᠠᠭᠤᠯᠬᠤ
1843 ᠤᠰᠤ ᠡᠬᠢ ᠲᠡᠢ
ᠤᠯᠤᠰ ᠤᠭ ᠲᠠᠢ
1844 ᠤᠰᠤ ᠪᠠᠨ ᠭᠣᠯᠣᠭᠰᠠᠨ ᠮᠠᠯ ᠮᠠᠭᠤᠳᠠᠬᠤ
ᠤᠷᠤᠭ ᠢ᠋ᠶ᠋ᠠᠨ ᠭᠣᠯᠣᠭᠰᠠᠨ ᠬᠥᠮᠦᠨ ᠦᠭᠡᠢᠷᠡᠬᠦ
1845 ᠤᠰᠤ ᠪᠠᠷ ᠶᠠᠭᠤᠮ᠎ᠠ ᠶ᠋ᠢ ᠠᠷᠢᠭᠤᠳᠬᠠᠨ᠎ᠠ
ᠰᠤᠷᠭᠠᠯ ᠢ᠋ᠶ᠋ᠠᠷ ᠬᠥᠮᠦᠨ ᠢ᠋ ᠬᠥᠮᠦᠵᠢᠭᠦᠯᠦᠨ᠎ᠡ
1846 ᠤᠰᠤᠨ ᠳᠤᠰᠤᠯ ᠢ᠋ ᠬᠤᠷᠢᠶᠠᠪᠠᠯ ᠰᠠᠪᠠ ᠳᠦᠭᠦᠷᠦᠨ᠎ᠡ
ᠤᠷᠠᠨ ᠦᠭᠡᠰ ᠴᠤᠭᠯᠠᠭᠤᠯᠪᠠᠯ ᠮᠡᠷᠭᠡᠨ ᠪᠣᠯᠤᠨ᠎ᠠ
1847 ᠤᠰᠤᠨ ᠳ᠋ᠤ᠌ ᠳᠤᠷᠠᠲᠠᠢ ᠭᠠᠯᠠᠭᠤ
ᠤᠯᠠᠢ ᠳ᠋ᠤ᠌ ᠳᠤᠷᠠᠲᠠᠢ ᠬᠡᠷᠢᠶ᠎ᠡ
1848 ᠤᠰᠤᠨ ᠳ᠋ᠤ᠌ ᠤᠨᠠᠭᠰᠠᠨ ᠬᠥᠮᠦᠨ
ᠪᠣᠷᠣᠭᠠᠨ ᠠ᠋ᠴᠠ ᠠᠶᠤᠬᠤ ᠦᠭᠡᠢ
1849 ᠤᠰᠤᠨ ᠳ᠋ᠤ᠌ ᠤᠨᠠᠭᠰᠠᠨ ᠢ᠋ᠶ᠋ᠠᠨ ᠪᠦᠦ ᠱᠣᠭᠯᠠ
ᠤᠷᠢᠳ ᠦᠬᠦᠭᠰᠡᠨ ᠢ᠋ᠶ᠋ᠡᠨ ᠪᠦᠦ ᠳᠠᠪᠠᠯ᠎ᠠ
1850 ᠤᠰᠤ ᠦᠭᠡᠢ ᠳᠠᠯᠠᠢ ᠦᠭᠡᠢ
ᠴᠢᠰᠤ ᠦᠭᠡᠢ ᠲᠡᠢᠨ ᠦᠭᠡᠢ
ᠦᠰᠦᠭ ᠠᠮᠢᠯᠠᠭᠤᠯᠤᠭᠴᠢ᠄ ᠣᠶᠤᠨᠪᠠᠲᠤ᠂ ᠪᠠᠳᠮᠠᠰᠡᠴᠡᠨ
ᠬᠢᠨᠠᠭᠴᠢ᠄ ᠤᠢᠭᠤᠷᠵᠢᠨ ᠣᠳᠬᠣᠨ᠂ ᠣᠳᠬᠣᠨᠴᠡᠴᠡᠭ᠂ ᠠᠯᠲᠠᠨᠱᠠ᠂ ᠪᠠᠯ
