ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠲ ᠶᠢᠨ ᠠᠢᠮᠠᠭ–2>Монгол зүйр цэцэн үгийн гураван мянган дээж – Д᠂Заяабаатар эмхэтгэв <Tийн аймаг 2> ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠲ ᠶᠢᠨ ᠠᠢᠮᠠᠭ–2>Монгол зүйр цэцэн үгийн гураван мянган дээж – Д᠂Заяабаатар эмхэтгэв <Tийн аймаг 2>

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠲ ᠶᠢᠨ ᠠᠢᠮᠠᠭ–2>Монгол зүйр цэцэн үгийн гураван мянган дээж – Д᠂Заяабаатар эмхэтгэв <Tийн аймаг 2>

2024-09-02

1022


            – ᠲ (T) –

1671 ᠲᠥᠷᠥ ᠶ᠋ᠢᠨ ᠡᠯᠴᠢ ᠰᠢᠷᠦᠭᠦᠨ  
         ᠲᠥᠷᠬᠥᠮ ᠦ᠋ᠨ ᠵᠠᠷᠭᠤ ᠰᠢᠷᠦᠭᠦᠨ 

1672 ᠲᠥᠷᠥᠯ ᠰᠠᠳᠤᠨ ᠤ᠋ ᠬᠣᠯᠠ ᠨᠢ ᠳᠡᠭᠡᠷ᠎ᠡ 
         ᠲᠥᠷᠥᠭᠰᠡᠨ ᠨᠤᠲᠤᠭ ᠤ᠋ᠨ ᠣᠢᠷ᠎ᠠ ᠨᠢ ᠳᠡᠭᠡᠷ᠎ᠡ 

1673 ᠲᠥᠷᠥᠯ ᠲᠥᠷᠥᠭᠰᠡᠳ ᠢ᠋ᠶ᠋ᠡᠨ ᠡᠷᠭᠦᠪᠡᠯ 
         ᠪᠡᠬᠢ ᠬᠦᠴᠦᠲᠡᠢ ᠪᠣᠯᠬᠤ  
         ᠲᠥᠷᠥ ᠶᠣᠰᠣᠨ ᠢ᠋ ᠳᠠᠭᠠᠪᠠᠯ  
         ᠶᠡᠬᠡ ᠠᠯᠳᠠᠷ ᠲᠠᠢ ᠪᠣᠯᠬᠤ  

1674 ᠲᠥᠷᠥᠯᠬᠢ ᠶ᠋ᠢᠨ ᠮᠠᠭᠤᠬᠠᠢ ᠪᠠᠨ ᠮᠡᠳᠡᠬᠦ ᠦᠭᠡᠢ 
         ᠲᠣᠯᠢ ᠪᠠᠨ ᠮᠠᠭᠤ ᠬᠡᠯᠡᠬᠦ 

1675 ᠳᠥᠷᠥᠭᠡ ᠦᠭᠡᠢ ᠬᠡᠦᠬᠡᠳ ᠲᠦ᠍  
         ᠲᠡᠮᠦᠷ ᠥᠯᠥᠭᠡᠢ ᠪᠡᠯᠡᠳᠬᠡᠬᠦ 

1676 ᠲᠥᠷᠥᠭᠡᠳ ᠥᠰᠬᠡᠬᠦ ᠳ᠋ᠦ᠍ 
         ᠡᠵᠢ ᠠᠪᠤ ᠡᠨᠡᠷᠢᠯ ᠲᠡᠢ ᠨᠢ ᠰᠠᠢᠬᠠᠨ 
         ᠥᠰᠦᠭᠡᠳ ᠥᠲᠡᠯᠬᠦ ᠳ᠋ᠦ᠍ 
         ᠡᠷ᠎ᠡ ᠡᠮ᠎ᠡ ᠡᠪᠲᠡᠢ ᠨᠢ ᠰᠠᠢᠬᠠᠨ  

1677 ᠲᠥᠷᠥᠬᠦ ᠭᠡᠳᠡᠭ  
         ᠦᠬᠦᠬᠦ ᠲᠡᠢ ᠠᠳᠠᠯᠢ 

1678 ᠲᠥᠷᠥᠭᠰᠡᠨ ᠠᠬ᠎ᠠ ᠳᠡᠭᠦᠦ ᠡᠪ ᠦᠭᠡᠢ ᠪᠣᠯ 
         ᠲᠦᠮᠡᠨ ᠣᠯᠠᠨ ᠤ᠋ ᠰᠢᠪᠰᠢᠭ 

1679 ᠲᠥᠷᠥᠭᠰᠡᠨ ᠭᠠᠵᠠᠷ — ᠲᠥᠷᠥᠯ ᠡᠬᠡ 
         ᠬᠥᠮᠦᠨ ᠦ᠌ ᠭᠠᠵᠠᠷ — ᠬᠣᠢᠲᠤ ᠡᠬᠡ 

1680 ᠲᠥᠷᠥᠭᠰᠡᠨ ᠨᠤᠲᠤᠭ ᠠ᠋ᠴᠠ ᠪᠠᠨ  
         ᠲᠥᠭᠡ ᠬᠣᠯᠠᠳᠠᠭ᠎ᠠ ᠦᠭᠡᠢ  

1681 ᠲᠥᠷᠥᠭᠰᠡᠨ ᠨᠤᠲᠤᠭ ᠤ᠋ᠨ ᠣᠢᠷ᠎ᠠ ᠨᠢ 
         ᠲᠥᠷᠥᠯ ᠰᠠᠳᠤᠨ ᠤ᠋ ᠬᠣᠯᠠ ᠨᠢ 

1682 ᠲᠥᠷᠥᠭᠰᠡᠨ ᠦ᠌ ᠡᠴᠦᠰ ᠲᠦ᠍ ᠦᠬᠦᠳᠡᠭ 
         ᠬᠤᠷᠠᠭᠰᠠᠨ ᠤ᠋ ᠡᠴᠦᠰ ᠲᠦ᠍ ᠲᠠᠷᠬᠠᠳᠠᠭ  
 
1683 ᠲᠥᠷᠬᠦ ᠦᠭᠡᠢ ᠣᠯᠠᠨ ᠠ᠋ᠴᠠ 
         ᠲᠦᠪᠰᠢᠨ ᠭᠠᠭᠴᠠ ᠳᠡᠭᠡᠷ᠎ᠡ   

1684 ᠲᠥᠷᠬᠥᠮ ᠢ᠋ᠶ᠋ᠡᠨ ᠭᠣᠯᠣᠭᠰᠠᠨ ᠬᠡᠦᠬᠡᠨ 
         ᠲᠥᠷᠥᠯ ᠢ᠋ᠶ᠋ᠡᠨ ᠭᠣᠯᠣᠭᠰᠠᠨ ᠬᠥᠪᠡᠭᠦᠨ 
 
1685 ᠲᠤᠭᠤᠯ ᠨᠢ ᠮᠥᠭᠡᠷᠡᠬᠦ ᠦᠭᠡᠢ ᠪᠣᠯ  
         ᠡᠬᠡ ᠨᠢ ᠡᠨᠡᠷᠢᠬᠦ ᠦᠭᠡᠢ  

1686 ᠲᠤᠢᠯᠪᠤᠷᠢ ᠦᠭᠡᠢ ᠬᠥᠮᠦᠨ ᠪᠤᠴᠠᠬᠤ ᠳ᠋ᠠᠭᠠᠨ ᠠᠮᠠᠷᠬᠠᠨ 
         ᠲᠣᠭᠣᠯᠭᠠᠨ ᠵᠢᠳᠠ ᠰᠢᠨᠲᠠᠷᠠᠬᠤ ᠳ᠋ᠠᠭᠠᠨ ᠠᠮᠠᠷᠬᠠᠨ  

1687 ᠲᠤᠯᠭ᠎ᠠ ᠪᠠᠭ᠎ᠠ ᠴᠦ᠍ ᠲᠣᠭᠣᠭ᠎ᠠ ᠪᠠᠨ ᠪᠠᠭᠲᠠᠭᠠᠳᠠᠭ 
         ᠮᠣᠷᠢ ᠡᠴᠡᠩᠬᠡᠢ ᠴᠦ᠍ ᠡᠮᠡᠭᠡᠯ ᠢ᠋ᠶ᠋ᠡᠨ ᠳᠠᠭᠠᠭᠠᠳᠠᠭ  

1688 ᠲᠤᠯᠭ᠎ᠠ ᠲᠠᠢ ᠭᠠᠯ ᠤ᠋ᠨ ᠳᠥᠯᠥ ᠨᠢ ᠨᠢᠭᠡ 
         ᠳᠣᠷᠣᠭᠣ ᠲᠠᠢ ᠮᠠᠯ ᠤ᠋ᠨ ᠪᠡᠯᠴᠢᠭᠡᠷ ᠨᠢ ᠨᠢᠭᠡ  
 
1689 ᠲᠤᠷᠤᠭ( ᠰᠢᠪᠠᠭᠤ) ᠶᠠᠳᠠᠷᠠᠪᠠᠯ ᠠᠭᠤᠯᠠ ᠪᠠᠨ 
         ᠬᠥᠮᠦᠨ ᠶᠠᠳᠠᠷᠠᠪᠠᠯ ᠤᠷᠤᠭ ᠢ᠋ᠶ᠋ᠠᠨ  
 
1690 ᠲᠤᠷᠠᠩᠬᠠᠢ ᠮᠣᠷᠢ ᠲᠠᠷᠭᠤᠯᠠᠵᠤ ᠪᠣᠯᠤᠨ᠎ᠠ 
         ᠡᠪᠡᠳᠴᠢᠲᠡᠢ ᠬᠥᠮᠦᠨ ᠡᠳᠡᠭᠡᠵᠦ ᠪᠣᠯᠤᠨ᠎ᠠ  
 
1691 ᠲᠤᠷᠠᠬᠤ ᠳ᠋ᠠᠭᠠᠨ ᠵᠢᠷᠣᠭ᠎ᠠ ᠪᠣᠯᠵᠤ 
         ᠲᠤᠢᠯᠳᠠᠬᠤ ᠳ᠋ᠠᠭᠠᠨ ᠤᠬᠠᠭ᠎ᠠ ᠣᠷᠣᠬᠤ   

1692 ᠲᠤᠰᠠ ᠪᠣᠯᠬᠤ ᠭᠡᠳ 
         ᠲᠤᠱᠠ(ᠲᠤᠰᠢᠶ᠎ᠠ) ᠪᠣᠯᠬᠤ   

1693 ᠲᠤᠰᠠ ᠬᠢᠭᠰᠡᠨ ᠮᠠᠷᠲᠠᠭᠳᠠᠬᠤ 
         ᠲᠣᠳᠬᠠᠷ ᠬᠢᠭᠰᠡᠨ ᠮᠠᠷᠲᠠᠭᠳᠠᠬᠤ ᠦᠭᠡᠢ 
  
1694 ᠲᠤᠰᠠᠯᠠᠪᠠᠯ ᠲᠤᠤᠱᠲᠠᠢ (ᠲᠤᠭᠤᠰᠢᠲᠠᠢ) ᠨᠢ 
         ᠪᠣᠯᠵᠣᠪᠠᠯ ᠪᠣᠳᠠᠲᠠᠢ ᠨᠢ  

1695 ᠲᠤᠰᠠᠲᠠᠢ ᠬᠥᠮᠦᠨ ᠲᠣᠰᠣ ᠠᠳᠠᠯᠢ  
         ᠲᠤᠰᠠ ᠦᠭᠡᠢ ᠬᠥᠮᠦᠨ ᠤᠰᠤ ᠠᠳᠠᠯᠢ
 
1696 ᠲᠤᠰᠠᠲᠠᠢ ᠬᠡᠷᠡᠭ ᠪᠦᠬᠦᠨ ᠢ᠋ 
         ᠲᠤᠤᠱᠲᠠᠢ (ᠲᠤᠭᠤᠰᠢᠲᠠᠢ) ᠰᠠᠢᠨ ᠭᠦᠢᠴᠡᠳᠭᠡ 

1697 ᠲᠤᠤ ᠭᠡᠬᠦ ᠨᠣᠬᠠᠢ ᠦᠭᠡᠢ 
         ᠴᠠ ᠭᠡᠬᠦ ᠢᠮᠠᠭ᠎ᠠ ᠦᠭᠡᠢ 

1698 ᠲᠤᠰᠠ ᠶ᠋ᠢ ᠤᠰᠤ ᠪᠠᠷ 
         ᠠᠴᠢ ᠶ᠋ᠢ ᠪᠠᠴᠢ ᠪᠠᠷ  
 
1699 ᠲᠠᠤᠯᠠᠢ ᠳ᠋ᠤ᠌ ᠡᠪᠡᠷ ᠤᠷᠭᠤᠵᠤ 
         ᠲᠤᠭᠤᠯ ᠳ᠋ᠤ᠌ ᠰᠣᠶᠣᠭ᠎ᠠ ᠤᠷᠭᠤᠬᠤ 
  
1700 ᠲᠠᠤᠯᠠᠢ ᠶ᠋ᠢᠨ ᠠᠷᠠᠰᠤ ᠨᠢᠮᠭᠡᠨ ᠪᠣᠯᠪᠠᠴᠤ  
         ᠭᠤᠷᠪᠠᠨ ᠡᠳᠦᠷ ᠦ᠋ᠨ ᠬᠦᠢᠲᠡᠨ ᠳᠠᠭᠠᠭᠠᠬᠤ 

1701 ᠲᠠᠤᠯᠠᠢ ᠶ᠋ᠢᠨ ᠵᠣ ᠲᠠᠢ ᠮᠣᠷᠢ ᠶ᠋ᠢ  
         ᠣᠯᠵᠤ ᠤᠨᠤᠬᠤ ᠳ᠋ᠤ᠌ ᠪᠡᠷᠬᠡ 
         ᠲᠤᠩᠭᠠᠯᠠᠭ ᠰᠠᠨᠠᠭ᠎ᠠ ᠲᠠᠢ ᠬᠥᠮᠦᠨ ᠢ᠋ 
         ᠣᠯᠵᠤ ᠬᠠᠨᠢᠯᠠᠬᠤ ᠳ᠋ᠤ᠌ ᠪᠡᠷᠬᠡ    

1702 ᠲᠠᠤᠯᠠᠢ ᠶ᠋ᠢᠨ ᠬᠢᠷᠢ ᠪᠡᠷ ᠨᠤᠮᠤ ᠪᠠᠨ ᠲᠡᠳᠡ 
         ᠲᠤᠭᠤᠯ ᠤ᠋ᠨ ᠢ᠋ᠶ᠋ᠠᠨ ᠬᠢᠷᠢ ᠪᠡᠷ ᠵᠡᠯ᠎ᠡ ᠪᠡᠨ ᠲᠡᠳᠡ    

1703 ᠲᠠᠤᠯᠠᠢ ᠶ᠋ᠢᠨ ᠴᠢᠨᠡᠭᠡ ᠠᠰᠢᠭ ᠲᠤ ᠰᠢᠨᠤᠵᠤ 
         ᠠᠭᠤᠯᠠ ᠶ᠋ᠢᠨ ᠴᠢᠨᠡᠭᠡ ᠭᠠᠷᠤᠵᠠ ᠭᠠᠷᠭᠠᠬᠤ   
 
1704 ᠲᠤᠭᠤᠯᠵᠤ ᠪᠠᠷᠠᠭᠳᠠᠬᠤ ᠦᠭᠡᠢ ᠡᠷᠳᠡᠮ ᠦ᠋ᠨ ᠳᠠᠯᠠᠢ 
         ᠲᠣᠭᠠᠯᠠᠵᠤ ᠪᠠᠷᠠᠭᠳᠠᠬᠤ ᠦᠭᠡᠢ ᠰᠢᠷᠣᠢ ᠶ᠋ᠢᠨ ᠪᠣᠳᠠᠰ 
 
1705 ᠲᠦᠭᠰᠢᠯ ᠢ᠋ ᠥᠩᠭᠡᠷᠡᠭᠡᠪᠡᠯ 
         ᠲᠦᠪᠰᠢᠨ ᠠᠮᠤᠭᠤᠯᠠᠩ ᠰᠠᠶᠢ ᠢᠷᠡᠳᠡᠭ 

1706 ᠲᠦᠢᠮᠡᠷ ᠥᠭᠡᠳᠡ 
         ᠲᠦᠯᠡᠰᠢ ᠡᠷᠭᠦᠬᠦ  
 
1707 ᠲᠦᠯᠡᠰᠢ ᠣᠢᠷ᠎ᠠ ᠶ᠋ᠢ ᠪᠣᠳᠣᠪᠠᠯ 
         ᠠᠭᠤᠯᠠ ᠶ᠋ᠢ ᠲᠦᠰᠢᠵᠦ ᠰᠠᠭᠤ 
         ᠤᠰᠤ ᠣᠢᠷ᠎ᠠ ᠶ᠋ᠢ ᠪᠣᠳᠣᠪᠠᠯ  
         ᠭᠣᠣᠯ ᠢ᠋ ᠳᠠᠭᠠᠵᠤ ᠰᠠᠭᠤ 
 
1708 ᠲᠦᠯᠡᠬᠦ ᠳ᠋ᠦ᠍ ᠲᠦᠯᠡᠭᠡ ᠪᠣᠯᠬᠤ ᠦᠭᠡᠢ 
         ᠲᠡᠭᠦᠬᠦ ᠳ᠋ᠦ᠍ ᠲᠡᠵᠢᠭᠡᠯ ᠪᠣᠯᠬᠤ ᠦᠭᠡᠢ   

1709 ᠲᠦᠮᠡᠨ ᠦ᠌ ᠳᠤᠮᠳᠠ ᠲᠥᠭᠡᠷᠢᠬᠦ ᠦᠭᠡᠢ 
         ᠮᠢᠩᠭᠠᠨ ᠤ᠋ ᠳᠤᠮᠳᠠ ᠮᠢᠲᠠᠷᠠᠬᠤ ᠦᠭᠡᠢ   

1710 ᠲᠦᠮᠡᠨ ᠦ᠌ ᠲᠦᠢᠳᠬᠡᠷ  
         ᠲᠥᠷᠥ ᠶ᠋ᠢᠨ ᠬᠤᠳᠬᠤᠭᠤᠷ  
 
1711 ᠲᠦᠮᠡᠨ ᠦ᠌ ᠬᠥᠷᠥᠩᠭᠡ ᠶ᠋ᠢ ᠲᠦᠷᠦᠭᠦᠨ ᠳ᠋ᠦ᠍ ᠬᠠᠢᠷᠠᠯᠠ 
         ᠲᠥᠷᠥᠭᠰᠡᠨ ᠪᠡᠶ᠎ᠡ ᠶ᠋ᠢ ᠰᠡᠭᠦᠯ ᠳ᠋ᠦ᠍ᠨᠢ ᠬᠠᠢᠷᠠᠯᠠ 
  
1712 ᠲᠦᠮᠡᠨ ᠢ᠋ ᠲᠣᠭᠣᠷᠢᠭᠰᠠᠨ ᠬᠥᠮᠦᠨ 
         ᠲᠥᠪ ᠢ᠋ ᠨᠢ ᠦᠵᠡᠮᠡᠭᠴᠡ ᠮᠡᠳᠡᠨ᠎ᠡ 
  
1713 ᠲᠦᠮᠡᠨ ᠡᠴᠡ ᠡᠰᠡ ᠲᠡᠳᠬᠦᠪᠡᠯ 
         ᠮᠡᠷᠭᠡᠳ ᠴᠦ᠍ ᠠᠯᠳᠠᠷᠰᠢᠬᠤ ᠦᠭᠡᠢ 
         ᠲᠦᠰᠢᠭ ᠢ᠋ᠶ᠋ᠡᠨ ᠬᠠᠷᠠᠳᠠᠪᠠᠯ  
         ᠤᠬᠠᠭᠠᠨᠲᠠᠨ ᠴᠦ᠍ ᠥᠭᠡᠳᠡᠯᠡᠬᠦ ᠦᠭᠡᠢ 

1714 ᠲᠦᠮᠡᠨ ᠯᠠᠩ ᠲᠠᠢ ᠶᠠᠪᠤᠬᠤ ᠪᠠᠷ 
         ᠲᠦᠮᠡᠨ ᠠᠬ᠎ᠠ ᠳᠡᠭᠦᠦ ᠲᠡᠢ ᠶᠠᠪᠤ 
 
1715 ᠲᠦᠮᠡᠨ ᠳ᠋ᠦ᠍ ᠨᠢᠭᠤᠷ ᠢ᠋ᠶ᠋ᠠᠨ ᠪᠠᠷᠠᠵᠤ 
         ᠲᠥᠷᠥ ᠳ᠋ᠦ᠍ ᠨᠡᠷ᠎ᠡ ᠪᠡᠨ ᠭᠤᠲᠤᠭᠠᠬᠤ 
  
1716 ᠲᠦᠷᠭᠡᠨ ᠠᠭᠤᠷ ᠬᠡᠷᠡᠭᠦᠯ ᠪᠣᠰᠬᠠᠬᠤ  
         ᠲᠦᠳᠡᠭ ᠭᠠᠯ ᠲᠦᠢᠮᠡᠷ ᠪᠣᠰᠬᠠᠬᠤ 
  
1717 ᠲᠦᠷᠦᠭᠦᠦ ᠮᠣᠷᠢ ᠰᠠᠨᠳᠤᠷᠬᠤ ᠦᠭᠡᠢ ᠪᠣᠯ 
         ᠠᠳᠤᠭᠤᠨ ᠰᠦᠷᠦᠭ ᠰᠠᠨᠳᠤᠷᠬᠤ ᠦᠭᠡᠢ   

1718 ᠲᠥᠷᠥᠭᠦᠯᠡᠵᠦ ᠳᠤᠤᠭᠠᠷᠤᠭᠰᠠᠨ 
         ᠬᠥᠬᠦᠭᠡᠨ ᠦ᠌ ᠠᠮᠠ ᠬᠥᠯᠳᠡᠬᠦ 

1719 ᠲᠦᠷᠦᠭᠦᠨ ᠳ᠋ᠦ᠍ ᠭᠠᠷᠤᠭᠰᠠᠨ ᠴᠢᠬᠢ ᠡᠴᠡ 
         ᠰᠡᠭᠦᠯ ᠳ᠋ᠦ᠍ ᠤᠷᠭᠤᠭᠰᠠᠨ ᠡᠪᠡᠷ  

1720 ᠲᠦᠮᠡᠨ ᠬᠥᠮᠦᠨ ᠡᠴᠡ 
         ᠲᠥᠷᠥ ᠶᠣᠰᠣ ᠮᠡᠳᠡᠬᠦ ᠬᠥᠮᠦᠨ ᠳᠡᠭᠡᠷ᠎ᠡ  

1721 ᠲᠦᠷᠭᠡᠳᠡᠭᠰᠡᠨ ᠬᠦᠷᠭᠡᠨ 
         ᠲᠦᠷᠡᠢ ᠪᠡᠨ ᠰᠡᠳᠡ ᠭᠢᠰᠬᠢᠬᠦ 
 
1722 ᠲᠦᠷᠭᠡᠨ ᠨᠢ ᠲᠦᠭᠦᠬᠡᠢ 
         ᠬᠤᠷᠳᠤᠨ ᠨᠢ ᠬᠤᠭᠤᠷᠬᠠᠢ 
  
1723 ᠲᠦᠷᠡᠢ ᠶ᠋ᠢᠨ ᠪᠥᠭᠡᠰᠦ 
         ᠲᠣᠯᠣᠭᠠᠢ ᠳ᠋ᠤ᠌ ᠭᠠᠷᠬᠤ   

1724 ᠲᠡᠦᠬᠡ ᠲᠥᠭᠡᠷᠢᠬᠦ ᠦᠭᠡᠢ 
         ᠤᠷᠤᠭ ᠣᠷᠬᠢᠭᠳᠠᠬᠤ ᠦᠭᠡᠢ   

1725 ᠲᠡᠦᠬᠡ ᠦᠨᠡᠨ 
         ᠲᠡᠮᠦᠷ ᠪᠡᠬᠢ  

1726 ᠲᠡᠦᠬᠡ ᠶ᠋ᠢᠨ ᠦᠨᠡᠨ ᠬᠡᠴᠡᠭᠦᠦ  
         ᠲᠡᠮᠦᠷ ᠦ᠋ᠨ ᠭᠢᠨᠵᠢ ᠴᠢᠩᠭ᠎ᠠ 

1727 ᠲᠦᠰᠢᠪᠡᠯ ᠠᠬ᠎ᠠ 
         ᠲᠤᠯᠪᠠᠯ ᠳᠡᠭᠦᠦ   
 
1728 ᠲᠦᠰᠢᠵᠦ ᠰᠠᠭᠤᠬᠤ ᠲᠥᠷᠥᠯ ᠦᠭᠡᠢ 
         ᠲᠤᠯᠵᠤ ᠣᠴᠢᠬᠤ ᠨᠤᠲᠤᠭ ᠦᠭᠡᠢ 

1729 ᠲᠦᠰᠢᠮᠡᠯ ᠢ᠋ᠶ᠋ᠡᠷ ᠲᠡᠷᠭᠡ ᠪᠠᠷᠢᠭᠤᠯᠪᠠᠯ ᠲᠡᠷᠭᠡ ᠡᠪᠳᠡᠨ᠎ᠡ 
         ᠲᠡᠷᠭᠡᠴᠢ ᠪᠡᠷ ᠲᠥᠷᠥ ᠪᠠᠷᠢᠭᠤᠯᠪᠠᠯ ᠲᠥᠷᠥ ᠡᠪᠳᠡᠨ᠎ᠡ 

1730 ᠲᠦᠰᠢᠭᠰᠡᠨ ᠢ᠋ ᠪᠦᠦ ᠲᠦᠯᠬᠢ 
         ᠲᠦᠯᠬᠢᠭᠰᠡᠨ ᠢ᠋ ᠪᠦᠦ ᠳᠥᠰᠢ  
 
1731 ᠲᠡᠪᠡᠳᠡᠬᠦ ᠶ᠋ᠢᠨ ᠦᠶ᠎ᠡ ᠳ᠋ᠦ᠍ 
         ᠲᠥᠷᠥᠯ ᠦ᠋ᠨ ᠰᠠᠢᠨ ᠢᠯᠭᠠᠷᠠᠨ᠎ᠠ 
         ᠰᠠᠨᠳᠤᠷᠬᠤ ᠶ᠋ᠢᠨ ᠴᠠᠭ ᠲᠤ 
         ᠰᠠᠳᠤᠨ ᠤ᠋ ᠰᠠᠢᠨ ᠲᠠᠨᠢᠭᠳᠠᠨ᠎ᠠ  
 
1732 ᠲᠡᠪᠡᠨᠡ ᠬᠤᠯᠠᠭᠠᠢᠯᠠᠭᠰᠠᠨ ᠴᠦ᠍ ᠬᠤᠯᠠᠭᠠᠢᠴᠢ 
         ᠲᠡᠮᠡᠭᠡ ᠬᠤᠯᠠᠭᠠᠢᠯᠠᠭᠰᠠᠨ ᠴᠦ᠍ ᠬᠤᠯᠠᠭᠠᠢᠴᠢ  
 
1733 ᠲᠡᠪᠡᠨᠡ ᠶ᠋ᠢᠨ ᠴᠢᠨᠡᠭᠡ ᠨᠦᠬᠡ ᠪᠡᠷ 
         ᠲᠡᠮᠡᠭᠡᠨ ᠴᠢᠨᠡᠭᠡ ᠰᠠᠯᠬᠢ   

1734 ᠲᠡᠭᠰᠢ ᠮᠡᠳᠡᠬᠦ ᠦᠭᠡᠢ ᠬᠥᠮᠦᠨ ᠨᠣᠶᠠᠨ ᠰᠠᠭᠤᠵᠤ 
         ᠳᠠᠩ ᠮᠡᠳᠡᠬᠦ ᠦᠭᠡᠢ ᠬᠥᠮᠦᠨ ᠬᠤᠪᠢ ᠲᠦᠭᠡᠭᠡᠬᠦ  
 
1735 ᠲᠡᠭᠰᠢ ᠡᠷᠬᠡ ᠪᠠᠢᠪᠠᠰᠤ  
         ᠲᠦᠪᠰᠢᠨ ᠨᠥᠬᠥᠷᠯᠡᠯ ᠪᠠᠢᠨ᠎ᠠ  

1736 ᠲᠡᠵᠢᠭᠡᠭᠰᠡᠨ ᠪᠢᠷᠠᠭᠤ 
         ᠲᠡᠷᠭᠡ ᠡᠪᠳᠡᠨ᠎ᠡ   

1737 ᠲᠡᠮᠡᠴᠡᠯ ᠳᠣᠲᠣᠷ᠎ᠠ ᠠ᠋ᠴᠠ ᠪᠠᠭᠠᠲᠤᠷ ᠲᠥᠷᠥᠬᠦ 
         ᠲᠡᠨᠡᠭ ᠳᠣᠲᠣᠷ᠎ᠠ ᠠ᠋ᠴᠠ ᠰᠡᠴᠡᠨ ᠲᠣᠳᠣᠷᠠᠬᠤ    
 
1738 ᠲᠡᠮᠡᠭᠡ ᠭᠣᠪᠢ ᠶ᠋ᠢᠨ ᠴᠢᠮᠡᠭ  
         ᠲᠡᠷᠭᠡ ᠬᠣᠲᠠ ᠶ᠋ᠢᠨ ᠴᠢᠮᠡᠭ   
 
1739 ᠲᠡᠮᠡᠭᠡ ᠭᠡᠲᠡᠬᠡᠷ ᠢ᠋ᠶ᠋ᠡᠨ ᠮᠡᠳᠡᠬᠦ ᠦᠭᠡᠢ 
         ᠲᠡᠨᠡᠭ ᠮᠠᠭᠤ ᠪᠠᠨ ᠮᠡᠳᠡᠬᠦ ᠦᠭᠡᠢ   
 
1740 ᠲᠡᠮᠡᠭᠡ ᠨᠢᠭᠡ ᠲᠣᠢᠯᠠᠪᠠᠯ 
         ᠲᠣᠭᠯᠠᠭᠰᠠᠨ ᠲᠠᠢ ᠠᠳᠠᠯᠢ 
         ᠲᠡᠨᠡᠭ ᠬᠥᠮᠦᠨ ᠲᠡᠢ ᠬᠡᠯᠡᠯᠴᠡᠪᠡᠯ 
         ᠭᠡᠷᠡᠯᠲᠦᠭᠰᠡᠨ ᠲᠡᠢ ᠠᠳᠠᠯᠢ  
 
1741 ᠲᠡᠮᠡᠭᠡ ᠬᠠᠷᠢᠭᠤᠯᠤᠭᠰᠠᠨ ᠬᠥᠮᠦᠨ  
         ᠪᠤᠤᠷ᠎ᠠ ᠶ᠋ᠢᠨ ᠢ᠋ᠶ᠋ᠡᠨ ᠵᠠᠩ ᠢ᠋ ᠠᠯᠳᠠᠬᠤ ᠦᠭᠡᠢ 

1742 ᠲᠡᠮᠡᠭᠡ ᠬᠤᠵᠢᠷ ᠲᠤ ᠳᠤᠷ᠎ᠠ ᠲᠠᠢ  
         ᠲᠡᠨᠡᠭ ᠬᠡᠷᠡᠭ ᠲᠦ᠍ ᠳᠤᠷ᠎ᠠ ᠲᠠᠢ

1743 ᠲᠡᠮᠡᠭᠡ ᠬᠦᠷᠬᠦ ᠦᠭᠡᠢ ᠡᠪᠡᠰᠦ ᠶ᠋ᠢ 
         ᠢᠮᠠᠭ᠎ᠠ ᠢᠳᠡᠬᠦ ᠭᠡᠵᠦ ᠳᠤᠷᠠᠯᠠᠬᠤ᠃ 

1744 ᠲᠡᠮᠡᠭᠡ ᠦᠭᠡᠢ ᠮᠥᠷᠲᠡᠭᠡᠨ ᠨᠡᠭᠦᠬᠦ ᠳᠤᠷ᠎ᠠ ᠲᠠᠢ 
         ᠲᠡᠩᠬᠡᠭᠡ ᠦᠭᠡᠢ ᠮᠥᠷᠲᠡᠭᠡᠨ ᠪᠠᠷᠢᠯᠳᠤᠬᠤ ᠳᠤᠷ᠎ᠠ ᠲᠠᠢ

1745 ᠲᠡᠮᠡᠭᠡᠨ ᠦ᠌ ᠠᠴᠢᠶᠠᠨ ᠳ᠋ᠤ᠌ 
         ᠲᠠᠤᠯᠠᠢ ᠬᠦᠨᠳᠦᠳᠡᠬᠦ ᠦᠭᠡᠢ

1746 ᠳᠠᠩ ᠦᠭᠡᠢ ᠢᠳᠡᠪᠡᠯ ᠭᠡᠳᠡᠰᠦ ᠡᠪ ᠦᠭᠡᠢᠷᠡᠬᠦ  
         ᠲᠡᠭᠰᠢ ᠦᠭᠡᠢ ᠶᠠᠪᠤᠪᠠᠯ ᠲᠩᠷᠢ ᠬᠢᠯᠢᠩᠨᠡᠬᠦ 

1747 ᠲᠩᠷᠢ ᠶ᠋ᠢᠨ ᠮᠠᠭᠤᠬᠠᠢ ᠣᠯᠠᠨ ᠢ᠋ ᠵᠣᠪᠠᠭᠠᠨ᠎ᠠ 
         ᠲᠡᠨᠡᠭ ᠦ᠋ᠨ ᠮᠤᠩᠬᠠᠭ ᠪᠡᠶ᠎ᠡ ᠶ᠋ᠢ ᠵᠣᠪᠠᠭᠠᠨ᠎ᠠ 

1748 ᠲᠡᠩᠬᠡᠯᠡᠭᠦᠨ ᠶᠠᠪᠤᠬᠤ ᠳ᠋ᠤ᠌ 
         ᠲᠡᠮᠡᠭᠡ ᠪᠡᠷ ᠲᠤᠰᠠᠯᠠᠭᠰᠠᠨ ᠠ᠋ᠴᠠ 
         ᠲᠡᠪᠡᠳᠡᠵᠦ ᠶᠠᠪᠤᠬᠤ ᠳ᠋ᠤ᠌   
         ᠲᠡᠪᠡᠨᠡ ᠪᠡᠷ ᠲᠤᠰᠠᠯᠠᠭᠰᠠᠨ ᠨᠢ ᠳᠡᠭᠡᠷ᠎ᠡ 

1749 ᠲᠡᠩᠭᠡᠯᠢᠭ ᠮᠠᠭᠤᠲᠠᠢ ᠲᠡᠷᠭᠡ 
         ᠲᠡᠭᠡᠭᠡᠰᠢ ᠳᠠᠭᠠᠭᠠᠬᠤ ᠦᠭᠡᠢ 
         ᠲᠡᠰᠪᠦᠷᠢ ᠮᠠᠭᠤᠲᠠᠢ ᠬᠥᠮᠦᠨ 
         ᠦᠭᠡ ᠳᠠᠭᠠᠭᠠᠬᠤ ᠦᠭᠡᠢ 

1750 ᠲᠡᠩᠴᠡᠭᠦᠷᠢ ᠦᠭᠡᠢ ᠠᠴᠢᠶ᠎ᠠ ᠲᠡᠮᠡᠭᠡᠨ ᠦ᠌ ᠵᠣᠪᠠᠯᠠᠩ  
         ᠲᠡᠩᠴᠡᠭᠦᠷᠢ ᠦᠭᠡᠢ ᠠᠮᠠᠷᠠᠭ ᠰᠡᠳᠬᠢᠯ ᠦ᠋ᠨ ᠵᠣᠪᠠᠯᠠᠩ 

1751 ᠲᠡᠨᠡᠭ ᠮᠠᠭᠲᠠᠭᠠᠯ ᠠ᠋ᠴᠠ 
         ᠰᠡᠴᠡᠨ ᠬᠠᠷᠢᠶᠠᠯ ᠳᠡᠭᠡᠷ᠎ᠡ 

1752 ᠲᠡᠨᠡᠭ ᠨᠥᠬᠥᠷ ᠡᠴᠡ 
         ᠰᠡᠴᠡᠨ ᠳᠠᠢᠰᠤᠨ 

1753 ᠲᠡᠨᠡᠭ ᠨᠢ ᠦᠭᠡᠢ ᠪᠣᠯ  
         ᠰᠡᠴᠡᠨ ᠨᠢ ᠲᠣᠳᠣᠷᠠᠬᠤ ᠦᠭᠡᠢ 

1754 ᠲᠡᠨᠡᠭ ᠬᠥᠮᠦᠨ 
         ᠲᠩᠷᠢ ᠵᠠᠩᠨᠠᠬᠤ 

1755 ᠲᠡᠨᠡᠭ ᠬᠥᠮᠦᠨ ᠭᠠᠭᠴᠠ ᠬᠣᠶᠠᠷ ᠲᠤ ᠴᠠᠳᠬᠤ ᠦᠭᠡᠢ  
         ᠰᠡᠴᠡᠨ ᠬᠥᠮᠦᠨ ᠠᠢᠯ ᠠᠢᠮᠠᠭ ᠢ᠋ᠶ᠋ᠠᠨ ᠴᠠᠳᠬᠠᠳᠠᠭ  

1756 ᠲᠡᠨᠡᠭ ᠬᠥᠮᠦᠨ ᠲᠩᠷᠢ ᠡᠴᠡ ᠨᠢᠭᠡ ᠠᠬ᠎ᠠ 
         ᠣᠩᠭᠢᠷᠠᠭ᠎ᠠ ᠬᠥᠮᠦᠨ ᠣᠭᠲᠠᠷᠭᠤᠢ ᠠ᠋ᠴᠠ ᠬᠣᠶᠠᠷ ᠠᠬ᠎ᠠ 

1757 ᠲᠡᠨᠡᠭ ᠬᠥᠮᠦᠨ ᠲᠡᠭᠡ ᠲᠡᠢ ᠮᠥᠷᠭᠥᠯᠳᠦᠬᠦ 
         ᠬᠤᠷ ᠲᠡᠨᠡᠭ ᠬᠤᠴᠠ ᠲᠠᠢ ᠮᠥᠷᠭᠥᠯᠳᠦᠬᠦ 

1758 ᠲᠡᠨᠡᠭ ᠬᠥᠮᠦᠨ ᠰᠡᠴᠡᠨ ᠳ᠋ᠦ᠍ ᠳᠤᠷ᠎ᠠ ᠦᠭᠡᠢ 
         ᠰᠣᠭᠲᠣᠭᠤ ᠬᠥᠮᠦᠨ ᠡᠷᠡᠭᠦᠯ ᠳ᠋ᠦ᠍ ᠳᠤᠷ᠎ᠠ ᠦᠭᠡᠢ 

1759 ᠲᠡᠨᠡᠭ ᠬᠥᠮᠦᠨ ᠰᠢᠳᠡᠮ ᠡᠴᠡ ᠠᠶᠤᠳᠠᠭ 
         ᠰᠡᠴᠡᠨ ᠬᠥᠮᠦᠨ ᠦᠭᠡᠨ ᠡᠴᠡ ᠠᠶᠤᠳᠠᠭ 

1760 ᠲᠡᠨᠡᠭ ᠬᠥᠮᠦᠨ ᠡᠳ᠋ ᠬᠥᠷᠥᠩᠭᠡ ᠬᠤᠷᠢᠶᠠᠬᠤ 
         ᠮᠡᠷᠭᠡᠨ ᠬᠥᠮᠦᠨ ᠡᠷᠳᠡᠮ ᠨᠣᠮ ᠬᠤᠷᠢᠶᠠᠬᠤ 

1761 ᠲᠡᠨᠡᠭ ᠬᠥᠮᠦᠨ ᠡᠨᠳᠡᠭᠦᠦ ᠪᠡᠨ ᠮᠡᠳᠡᠬᠦ ᠳ᠋ᠦ᠍ ᠴᠢᠬᠤᠯᠳᠠᠳᠠᠭ  
         ᠮᠡᠷᠭᠡᠨ ᠬᠥᠮᠦᠨ ᠡᠨᠳᠡᠭᠦᠦ ᠪᠡᠨ ᠮᠡᠳᠡᠬᠦ ᠳ᠋ᠦ᠍ ᠰᠡᠷᠭᠦᠳᠡᠭ 

1762 ᠲᠡᠨᠡᠭ ᠬᠥᠮᠦᠨ ᠳ᠋ᠦ᠍ ᠢᠷᠦᠭᠡᠯᠭᠡᠬᠦ ᠪᠡᠷ 
         ᠰᠡᠴᠡᠨ ᠬᠥᠮᠦᠨ ᠳ᠋ᠦ᠍ ᠬᠠᠷᠢᠶᠠᠯᠭᠠᠭᠰᠠᠨ ᠨᠢ ᠳᠡᠭᠡᠷ᠎ᠡ 

1763 ᠲᠡᠨᠡᠭ ᠬᠥᠮᠦᠨ ᠲᠡᠢ ᠶᠠᠪᠤᠵᠤ ᠣᠯᠤᠭᠰᠠᠨ ᠠ᠋ᠴᠠ 
         ᠰᠡᠴᠡᠨ ᠬᠥᠮᠦᠨ ᠲᠡᠢ ᠶᠠᠪᠤᠵᠤ ᠭᠡᠭᠡᠭᠰᠡᠨ ᠨᠢ ᠳᠡᠭᠡᠷ᠎ᠡ 

1764 ᠲᠡᠨᠡᠭ ᠰᠡᠴᠡᠨ ᠬᠣᠶᠠᠷ ᠢ᠋ 
         ᠨᠢᠭᠡ ᠬᠡᠮᠵᠢᠭᠦᠷ ᠢ᠋ᠶ᠋ᠡᠷ ᠪᠤᠤ ᠭᠡᠮᠵᠢ  
         ᠤᠬᠤᠨ᠎ᠠ ᠬᠤᠴᠠ ᠬᠣᠶᠠᠷ ᠢ᠋ 
         ᠨᠢᠭᠡ ᠠᠳᠠᠯᠢ ᠪᠠᠷ ᠪᠤᠤ ᠴᠡᠩᠨᠡ 

1765 ᠲᠡᠨᠦᠭᠰᠡᠨ ᠰᠤᠮᠤ ᠲᠠᠷᠢᠬᠢᠨ ᠳ᠋ᠤ᠌ 
         ᠲᠡᠨᠡᠭ ᠦᠭᠡ ᠲᠣᠯᠣᠭᠠᠢ ᠳ᠋ᠤ᠌ 

1766 ᠲᠡᠷᠡ ᠭᠡᠬᠦ ᠨᠡᠷ᠎ᠡ ᠦᠭᠡᠢ 
         ᠲᠡᠨᠳᠡ ᠭᠡᠬᠦ ᠣᠷᠣᠨ ᠦᠭᠡᠢ 

1767 ᠲᠡᠰᠴᠦ ᠰᠠᠭᠤᠬᠤ ᠶ᠋ᠢᠨ ᠣᠷᠣᠨ ᠳ᠋ᠤ᠌ 
         ᠲᠡᠮᠡᠴᠡᠵᠦ ᠶᠠᠪᠤ 

1768 ᠲᠡᠭᠡ ᠶ᠋ᠢᠨ ᠡᠪᠡᠷ ᠲᠩᠷᠢ ᠳ᠋ᠦ᠍ ᠲᠤᠯᠵᠤ 
         ᠲᠡᠮᠡᠭᠡᠨ ᠦ᠌ ᠰᠡᠭᠦᠯ ᠭᠠᠵᠠᠷ ᠲᠤ ᠬᠦᠷᠬᠦ 

1769 ᠲᠡᠭᠡᠭᠡᠪᠦᠷᠢ ᠠᠬᠠᠳᠠᠪᠠᠯ ᠲᠡᠷᠭᠡ ᠡᠪᠳᠡᠷᠡᠨ᠎ᠡ 
         ᠲᠡᠰᠪᠦᠷᠢ ᠠᠯᠳᠠᠪᠠᠯ ᠬᠡᠷᠡᠭ ᠡᠪᠳᠡᠷᠡᠨ᠎ᠡ 

          ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠣᠶᠤᠨᠪᠠᠲᠤ᠂ ᠡᠷᠳᠡᠨᠢᠭᠤᠸ᠎ᠠ 
              ᠬᠢᠨᠠᠭᠴᠢ᠄ ᠣᠳᠬᠣᠨᠴᠡᠴᠡᠭ᠂  ᠤᠢᠭᠤᠷᠵᠢᠨ ᠣᠳᠬᠤᠨ᠂  ᠪᠠᠯ