ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠲ ᠶᠢᠨ ᠠᠢᠮᠠᠭ–1>Монгол зүйр цэцэн үгийн гураван мянган дээж – Д᠂Заяабаатар эмхэтгэв <Tийн аймаг 1 >
1573 ᠲᠠ— ᠠ᠋ᠴᠠ ᠥᠭᠡᠷ᠎ᠡ ᠨᠡᠷ᠎ᠡ ᠦᠭᠡᠢ
ᠭᠤᠸᠠᠢ— ᠠ᠋ᠴᠠ ᠥᠭᠡᠷ᠎ᠡ ᠠᠯᠳᠠᠷ ᠦᠭᠡᠢ
1574 ᠳᠠᠭᠠᠪᠤᠷᠢ ᠬᠡᠯᠡᠭᠰᠡᠨ ᠬᠥᠮᠦᠨ
ᠲᠠᠢᠯᠵᠤ ᠮᠡᠳᠡᠬᠦ
1575 ᠲᠠᠭᠠᠮᠠᠯ ᠰᠡᠵᠢᠭ ᠶᠡᠬᠡᠳᠡᠪᠡᠯ
ᠲᠠᠨᠢᠯ ᠨᠥᠬᠥᠷ ᠡᠴᠡ ᠪᠡᠨ ᠬᠠᠭᠠᠴᠠᠨ᠎ᠠ
1576 ᠲᠠᠭᠠᠷᠠᠭᠰᠠᠨ ᠲᠠᠭᠠᠷ ᠱᠤᠤᠳᠠᠢ
ᠳᠦᠭᠦᠷᠦᠭᠰᠡᠨ ᠭᠦᠵᠡᠭᠡ ᠣᠯᠣᠭᠠᠢ
1577 ᠲᠠᠭᠠᠷᠠᠭᠰᠠᠨ ᠡᠷ᠎ᠡ ᠡᠮ᠎ᠡ ᠬᠣᠶᠠᠷ
ᠲᠠᠪᠤᠨ ᠬᠠᠪᠲᠠᠰᠤᠨ ᠳᠡᠭᠡᠷ᠎ᠡ ᠪᠠᠭᠲᠠᠳᠠᠭ
1578 ᠲᠠᠪᠤ ᠶᠢᠰᠦ ᠳᠠᠭᠤᠰᠬᠤ ᠳ᠋ᠤ᠌
ᠲᠠᠯᠪᠢᠭᠰᠠᠨ ᠪᠤᠳᠠᠭ᠎ᠠ ᠬᠥᠯᠳᠡᠬᠦ ᠦᠭᠡᠢ
ᠳᠣᠯᠣᠭᠠᠨ ᠶᠢᠰᠦ ᠳᠠᠭᠤᠰᠬᠤ ᠳ᠋ᠤ᠌
ᠳᠣᠪᠣ ᠲᠣᠯᠣᠭᠠᠢ ᠴᠣᠬᠣᠷᠲᠤᠳᠠᠭ
1579 ᠲᠠᠪᠤᠨ ᠶᠢᠰᠦ ᠶ᠋ᠢᠨ ᠵᠢᠩ ᠬᠦᠢᠲᠡᠨ ᠳ᠋ᠦ᠍
ᠲᠠᠪᠲᠤᠷ ᠦᠭᠡᠢ ᠡᠮ᠎ᠡ ᠴᠠᠮᠴᠠ ᠲᠠᠢ ᠭᠠᠷᠬᠤ
1580 ᠲᠠᠪᠤᠨ ᠵᠣᠭᠣᠰ ᠦᠭᠡᠢ ᠬᠥᠮᠦᠨ
ᠬᠣᠲᠠ ᠣᠷᠣᠬᠤ ᠬᠡᠷᠡᠭ ᠦᠭᠡᠢ
ᠲᠠᠪᠤᠨ ᠢᠷᠦᠭᠡᠯ ᠦᠭᠡᠢ ᠬᠥᠮᠦᠨ
ᠬᠤᠷᠠᠯ ᠳ᠋ᠤ᠌ ᠰᠠᠭᠤᠬᠤ ᠬᠡᠷᠡᠭ ᠦᠭᠡᠢ
1581 ᠲᠠᠪᠤᠨ ᠯᠠᠩ ᠤ᠋ᠨ ᠭᠡᠭᠦᠦ ᠡᠴᠡ
ᠲᠠᠪᠢᠨ ᠯᠠᠩ ᠤ᠋ᠨ ᠤᠨᠠᠭ᠎ᠠ
1582 ᠲᠠᠪᠤᠨ ᠨᠣᠮ ᠭᠡᠬᠦᠯᠡᠷ ᠭᠡᠳᠡᠰᠬᠢᠳᠡᠭ
ᠲᠠᠪᠠᠭ ᠲᠠᠢ ᠮᠢᠬ᠎ᠠ ᠭᠡᠬᠦᠯᠡᠷ ᠤᠬᠤᠰᠬᠢᠳᠠᠭ
1583 ᠲᠠᠪᠤᠨ ᠰᠠᠷ᠎ᠠ ᠶ᠋ᠢᠨ ᠴᠠᠰᠤ ᠶ᠋ᠢ
ᠨᠣᠬᠠᠢ ᠬᠥᠭᠡᠭᠡᠭᠡᠳ ᠭᠦᠢᠴᠡᠬᠦ ᠦᠭᠡᠢ
ᠲᠠᠢᠯᠤᠭ ᠲᠡᠮᠡᠭᠡᠨ ᠦ᠌ ᠠᠯᠬᠤᠭ᠎ᠠ ᠶ᠋ᠢ
ᠶᠠᠪᠠᠭᠠᠨ ᠬᠥᠭᠡᠭᠡᠭᠡᠳ ᠭᠦᠢᠴᠡᠬᠦ ᠦᠭᠡᠢ
1584 ᠲᠠᠪᠤᠨ ᠬᠤᠷᠤᠭᠤ ᠲᠡᠭᠰᠢ ᠦᠭᠡᠢ
ᠬᠥᠮᠦᠨ ᠦ᠌ ᠰᠡᠳᠬᠢᠯ ᠠᠳᠠᠯᠢ ᠦᠭᠡᠢ
1585 ᠲᠠᠪᠤᠨ ᠬᠦᠦ ᠲᠡᠢ ᠬᠥᠮᠦᠨ ᠲᠠᠯ᠎ᠠ ᠳᠡᠭᠡᠷ᠎ᠡ ᠬᠡᠪᠲᠡᠨ᠎ᠡ
ᠲᠠᠪᠤᠨ ᠥᠬᠢᠨ ᠲᠡᠢ ᠬᠥᠮᠦᠨ ᠲᠠᠷᠭᠤᠨ ᠮᠢᠬ᠎ᠠ ᠢᠳᠡᠨ᠎ᠡ
1586 ᠲᠠᠪᠤᠨᠠᠩ( ᠬᠦᠷᠭᠡᠨ) ᠬᠦᠨᠳᠦᠲᠡᠢ ᠪᠠᠢᠳᠠᠭ ᠨᠢ
ᠠᠪᠠᠭᠠᠢ ᠶ᠋ᠢᠨ ᠬᠦᠴᠦ
ᠲᠠᠪᠠᠭ ᠬᠦᠨᠳᠦᠲᠡᠢ ᠪᠠᠢᠳᠠᠭ ᠨᠢ
ᠤᠭᠤᠴᠠᠨ ᠤ᠋ ᠬᠦᠴᠦ
1587 ᠲᠠᠯ᠎ᠠ ᠥᠭᠴᠦ ᠬᠤᠳᠠᠯ ᠢᠨᠢᠶᠡᠭᠰᠡᠨ ᠡᠴᠡ
ᠲᠠᠨᠢᠬᠤ ᠦᠭᠡᠢ ᠬᠥᠮᠦᠨ ᠰᠢᠭ ᠳᠠᠭᠤ ᠦᠭᠡᠢ ᠶᠠᠪᠤ
1588 ᠲᠠᠯ᠎ᠠ ᠠ᠋ᠴᠠ ᠴᠠᠭᠠᠰᠢ ᠵᠠᠮ ᠮᠡᠳᠡᠬᠦ ᠦᠭᠡᠢ
ᠲᠠᠪᠤ ᠠ᠋ᠴᠠ ᠴᠠᠭᠠᠰᠢ ᠲᠣᠭ᠎ᠠ ᠮᠡᠳᠡᠬᠦ ᠦᠭᠡᠢ
1589 ᠲᠠᠯ᠎ᠠ ᠳ᠋ᠤ᠌ ᠨᠠᠢᠳᠠᠵᠤ
ᠵᠢᠯ ᠢ᠋ᠶ᠋ᠡᠨ ᠠᠯᠳᠠᠬᠤ
1590 ᠲᠠᠯ᠎ᠠ ᠲᠠᠢ( ᠲᠠᠨᠢᠯ) ᠬᠥᠮᠦᠨ ᠲᠠᠷᠭᠤᠨ
ᠦᠭᠡ ᠲᠡᠢ ᠬᠥᠮᠦᠨ ᠮᠡᠷᠭᠡᠨ
1591 ᠲᠠᠮᠠᠭ᠎ᠠ ᠪᠠᠷᠢᠭᠰᠠᠨ ᠬᠠᠲᠤᠨ ᠠ᠋ᠴᠠ
ᠲᠠᠯ᠎ᠠ ᠶ᠋ᠢ ᠲᠣᠭᠣᠷᠢᠭᠰᠠᠨ ᠴᠢᠪᠠᠭᠠᠨᠴᠠ ᠳᠡᠭᠡᠷ᠎ᠡ
1592 ᠲᠠᠮᠲᠤᠭ ᠨᠢ ᠵᠠᠷᠤᠴᠠ ᠨᠠᠷ ᠲᠤ
ᠲᠠᠷᠭᠤ ᠨᠢ ᠡᠵᠡᠳ ᠲᠦ᠍
1593 ᠲᠠᠮᠠᠬᠢ ᠲᠠᠲᠠᠪᠠᠯ ᠲᠠᠩᠨᠠᠢ ᠶ᠋ᠢᠨ ᠵᠢᠷᠭᠠᠯ
ᠲᠠᠨᠢᠯ ᠲᠠᠢ ᠪᠠᠨ ᠠᠭᠤᠯᠵᠠᠪᠠᠯ ᠰᠡᠳᠬᠢᠯ ᠦ᠋ᠨ ᠵᠢᠷᠭᠠᠯ
1594 ᠲᠠᠩᠭᠠᠷᠢᠭ ᠡᠪᠳᠡᠷᠡᠪᠡᠯ
ᠲᠣᠩᠭᠣᠷᠠᠬᠤ ᠪᠣᠯᠤᠨ᠎ᠠ
1595 ᠲᠠᠩᠭᠠᠷᠢᠭ ᠢ᠋ᠶ᠋ᠠᠨ ᠡᠪᠳᠡᠪᠡᠯ
ᠲᠠᠮᠤ ᠶ᠋ᠢᠨ ᠢᠷᠣᠭᠠᠷ ᠲᠤ
1596 ᠲᠠᠨᠢᠯ ᠲᠠᠢ ᠬᠥᠮᠦᠨ ᠲᠠᠯ᠎ᠠ ᠶ᠋ᠢᠨ ᠴᠢᠨᠡᠭᠡ
ᠲᠠᠨᠢᠯ ᠦᠭᠡᠢ ᠬᠥᠮᠦᠨ ᠠᠯᠠᠭ᠎ᠠ ᠶ᠋ᠢᠨ ᠴᠢᠨᠡᠭᠡ
1597 ᠲᠠᠨᠢᠬᠤ ᠦᠭᠡᠢ ᠭᠠᠵᠠᠷ ᠤ᠋ᠨ ᠠᠯᠲᠠ ᠠ᠋ᠴᠠ
ᠲᠠᠨᠢᠬᠤ ᠭᠠᠵᠠᠷ ᠤ᠋ᠨ ᠰᠢᠷᠣᠢ ᠳᠡᠭᠡᠷ᠎ᠡ
1598 ᠲᠠᠨᠢᠬᠤ ᠦᠭᠡᠢ ᠮᠣᠷᠢᠨ ᠤ᠋ ᠠᠷᠤ ᠠ᠋ᠴᠠ ᠪᠢᠲᠡᠭᠡᠢ ᠣᠢᠷᠠᠲᠤ
ᠲᠠᠨᠢᠬᠤ ᠦᠭᠡᠢ ᠬᠥᠮᠦᠨ ᠳ᠋ᠦ᠍ ᠤᠬᠠᠭᠠᠨ ᠢ᠋ᠶ᠋ᠠᠨ ᠪᠢᠲᠡᠭᠡᠢ ᠮᠡᠳᠡᠭᠦᠯ
1599 ᠲᠠᠨᠢᠬᠤ ᠦᠭᠡᠢ ᠨᠣᠶᠠᠨ ᠪᠠᠷᠰ
ᠮᠡᠳᠡᠬᠦ ᠦᠭᠡᠢ ᠭᠠᠵᠠᠷ ᠨᠦᠬᠡ
1600 ᠲᠠᠩᠬᠠᠢ ᠶᠠᠪᠤᠳᠠᠯ ᠶᠡᠬᠡᠲᠡᠪᠡᠯ
ᠳᠠᠭ᠎ᠠ ᠦᠭᠡᠢ ᠶᠠᠪᠤᠳᠠᠯ ᠲᠣᠬᠢᠶᠠᠯᠳᠤᠬᠤ
1601 ᠲᠠᠷᠪᠠᠭ᠎ᠠ ᠠᠩᠨᠠᠬᠤ ᠳ᠋ᠤ᠌ ᠬᠠᠪᠬ᠎ᠠ ᠲᠠᠢ
ᠲᠠᠷᠢᠶ᠎ᠠ ᠲᠠᠷᠢᠬᠤ ᠳ᠋ᠤ᠌ ᠠᠨᠵᠢᠰᠤ ᠲᠠᠢ
1602 ᠲᠠᠷᠭᠤ
ᠲᠠᠪᠤ ᠬᠣᠨᠣᠭ ᠤ᠋ᠨ ᠬᠢ
1603 ᠲᠠᠷᠭᠤᠨ ᠮᠣᠷᠢ ᠰᠠᠢᠨ ᠳ᠋ᠤ᠌ ᠲᠣᠭᠠᠯᠠᠭᠳᠠᠬᠤ
ᠪᠠᠶᠠᠨ ᠬᠥᠮᠦᠨ ᠰᠡᠴᠡᠨ ᠳ᠋ᠦ᠍ ᠲᠣᠭᠠᠴᠠᠭᠳᠠᠬᠤ
1604 ᠲᠠᠷᠭᠤ ᠶ᠋ᠢ ᠨᠢ ᠬᠠᠷᠠᠬᠤ ᠪᠠᠷ
ᠲᠠᠷᠢᠬᠢ ᠶ᠋ᠢ ᠨᠢ ᠬᠠᠷ᠎ᠠ
1605 ᠲᠠᠷᠢᠶ᠎ᠠ ᠲᠠᠷᠢᠭᠰᠠᠨ ᠬᠥᠮᠦᠨ ᠡᠪᠦᠯ ᠳ᠋ᠡᠭᠡᠨ ᠴᠠᠳᠬᠤᠯᠠᠩ
ᠡᠷᠳᠡᠮ ᠰᠤᠷᠤᠭᠰᠠᠨ ᠬᠥᠮᠦᠨ ᠡᠴᠦᠰ ᠲᠡᠭᠡᠨ ᠠᠮᠤᠭᠤᠯᠠᠩ
1606 ᠳᠠᠷᠳᠠᠭ ᠲᠠᠭᠠᠨ ᠲᠤᠯᠵᠤ
ᠲᠠᠮᠲᠤᠭ ᠲᠠᠭᠠᠨ ᠬᠦᠷᠬᠦ
1607 ᠲᠠᠷᠢᠬᠢ ᠮᠠᠭᠤᠲᠤ
ᠲᠠᠪᠠᠭ ᠢ᠋ᠶ᠋ᠠᠨ ᠳᠣᠯᠢᠶᠠᠬᠤ
1608 ᠲᠠᠷᠴᠢᠭ ᠵᠠᠯᠠᠭᠤ ᠠ᠋ᠴᠠ
ᠲᠠᠷ ᠲᠠᠢ ᠬᠥᠭᠰᠢᠨ ᠳᠡᠭᠡᠷ᠎ᠡ
1609 ᠲᠠᠷᠢᠭᠰᠠᠨ ᠠ᠋ᠴᠠ ᠤᠷᠭᠤᠨ᠎ᠠ
ᠤᠷᠭᠤᠭᠰᠠᠨ ᠠ᠋ᠴᠠ ᠠᠪᠤᠨ᠎ᠠ
1610 ᠲᠠᠰᠤᠳᠠᠬᠤ ᠳᠠᠭᠠᠨ᠎ᠠ ᠦᠭᠡᠢ
ᠲᠠᠪᠠᠭᠯᠠᠬᠤ ᠲᠡᠮᠡᠭᠡ ᠦᠭᠡᠢ
1611 ᠲᠠᠬᠢᠶ᠎ᠠ ᠳᠤᠤᠭᠠᠷᠪᠠᠯ ᠦᠷ ᠴᠠᠢᠬᠤ
ᠲᠠᠪᠢ ᠬᠦᠷᠪᠡᠯ ᠦᠰᠦ ᠴᠠᠢᠬᠤ
1612 ᠲᠠᠬᠢᠮ ᠳ᠋ᠠᠭᠠᠨ ᠬᠦᠷᠬᠦ ᠦᠭᠡᠢ ᠭᠠᠷ ᠢ᠋
ᠲᠩᠷᠢ ᠥᠭᠡᠳᠡ ᠰᠠᠷᠪᠠᠢᠬᠤ
1613 ᠲᠠᠬᠢᠷ ᠮᠣᠳᠣ ᠪᠠᠷ ᠶᠠᠭᠤᠮ᠎ᠠ ᠬᠢᠬᠦ ᠳ᠋ᠦ᠍ ᠪᠡᠷᠬᠡ
ᠶᠠᠭᠢᠷ ᠬᠥᠮᠦᠨ ᠢ᠋ᠶ᠋ᠡᠷ ᠶᠠᠭᠤᠮ᠎ᠠ ᠬᠢᠯᠭᠡᠬᠦ ᠳ᠋ᠦ᠍ ᠪᠡᠷᠬᠡ
1614 ᠲᠣᠭᠯᠠᠭᠠᠳ ᠲᠣᠭᠯᠠᠭᠠᠮ ᠢ᠋ᠶ᠋ᠠᠨ ᠳᠠᠭᠠᠭᠠᠬᠤ ᠦᠭᠡᠢ
ᠲᠣᠩᠭᠣᠢᠭᠠᠳ ᠪᠥᠭᠰᠡ ᠪᠡᠨ ᠳᠠᠭᠠᠭᠠᠬᠤ ᠦᠭᠡᠢ
1615 ᠲᠣᠭᠯᠠᠭᠠᠮ ᠶᠡᠬᠡᠳᠪᠡᠯ ᠲᠣᠯᠣᠭᠠᠢ ᠳ᠋ᠤ᠌ ᠬᠠᠷᠰᠢ
ᠳᠣᠲᠣᠭᠤᠷ ᠬᠣᠷᠮᠣᠢ ᠨᠣᠬᠠᠢ ᠳ᠋ᠤ᠌ ᠬᠠᠷᠰᠢ
1616 ᠲᠣᠭᠣᠭᠠᠨ ᠳ᠋ᠠᠭᠠᠨ ᠬᠢᠬᠦ ᠪᠤᠳᠠᠭ᠎ᠠ ᠦᠭᠡᠢ
ᠲᠣᠭᠠᠯᠠᠵᠤ ᠠᠳᠤᠭᠤᠯᠠᠬᠤ ᠮᠠᠯ ᠦᠭᠡᠢ
1617 ᠲᠣᠭᠣᠰ ᠰᠢᠪᠠᠭᠤ ᠰᠡᠭᠦᠯ ᠢ᠋ᠶ᠋ᠡᠨ
ᠲᠥᠷᠥᠭᠰᠡᠨ ᠪᠡᠶ᠎ᠡ ᠨᠡᠷ᠎ᠡ ᠪᠡᠨ
1618 ᠲᠣᠭᠣᠷᠢᠭᠤ ᠪᠣᠳᠣᠯ ᠤ᠋ᠨ ᠲᠤᠰᠠ ᠪᠠᠭ᠎ᠠ
ᠴᠢᠬᠡ ᠤᠬᠠᠭᠠᠨ ᠤ᠋ ᠴᠠᠨ᠎ᠠ ᠶᠡᠬᠡ
1619 ᠲᠣᠯᠣᠭᠠᠢ ᠶᠡᠬᠡᠲᠦ ᠬᠣᠢᠮᠣᠷ ᠲᠤ
ᠬᠥᠯ ᠶᠡᠬᠡᠲᠦ ᠡᠭᠦᠳᠡᠨ ᠳ᠋ᠦ᠍
1620 ᠲᠣᠯᠣᠭᠠᠢ ᠬᠠᠭᠠᠷᠠᠪᠠᠴᠤ ᠮᠠᠯᠠᠭᠠᠢ ᠳᠣᠲᠣᠷ᠎ᠠ ᠪᠠᠨ
ᠲᠣᠬᠣᠢ ᠬᠤᠭᠤᠷᠠᠪᠠᠴᠤ ᠬᠠᠨᠴᠤᠢ ᠳᠣᠲᠣᠷ᠎ᠠ ᠪᠠᠨ
1621 ᠲᠣᠯᠣᠭᠠᠢ ᠶ᠋ᠢ ᠨᠢ ᠢᠯᠢᠵᠦ
ᠲᠠᠷᠢᠬᠢ ᠶ᠋ᠢ ᠨᠢ ᠰᠣᠷᠣᠬᠤ
1622 ᠲᠣᠯᠣᠭᠠᠢ ᠪᠠᠨ ᠲᠣᠭᠣᠷᠢᠭᠰᠠᠨ ᠪᠣᠳᠣᠯ ᠲᠠᠢ
ᠲᠣᠬᠣᠢ ᠪᠠᠨ ᠮᠠᠭᠠᠵᠢᠭᠰᠠᠨ ᠵᠠᠩ ᠲᠠᠢ
1623 ᠲᠣᠯᠣᠭᠠᠢ ᠳ᠋ᠠᠭᠠᠨ ᠮᠡᠳᠡᠯᠭᠡ ᠦᠭᠡᠢ ᠪᠣᠯ
ᠬᠣᠶᠠᠷ ᠬᠥᠯ ᠳ᠋ᠦ᠍ ᠠᠮᠠᠷ ᠦᠭᠡᠢ
1624 ᠲᠣᠯᠣᠭᠠᠢ ᠳ᠋ᠠᠭᠠᠨ ᠡᠮᠦᠰᠬᠦ ᠲᠣᠭᠣᠷᠴᠣᠭ ᠦᠭᠡᠢ
ᠬᠥᠯ ᠳ᠋ᠡᠭᠡᠨ ᠤᠭᠯᠠᠬᠤ ᠭᠤᠲᠤᠯ ᠦᠭᠡᠢ
1625 ᠲᠣᠯᠣᠭᠠᠢ ᠶ᠋ᠢᠨ ᠦᠰᠦ ᠪᠤᠭᠤᠷᠤᠯ ᠪᠣᠯᠵᠤ
ᠪᠤᠯᠴᠢᠩ ᠤ᠋ᠨ ᠮᠢᠬ᠎ᠠ ᠰᠡᠷᠢᠰᠦ ᠪᠣᠯᠬᠤ
1626 ᠲᠣᠯᠣᠭᠠᠢ ᠶ᠋ᠢᠨ ᠦᠰᠦ ᠣᠯᠠᠨ ᠪᠣᠯᠪᠠᠴᠤ
ᠲᠣᠩᠭᠣᠷᠠᠭ ᠢ᠋ᠶ᠋ᠠᠷ ᠬᠤᠰᠤᠵᠤ ᠪᠣᠯᠬᠤ
1627 ᠲᠣᠯᠢ ᠰᠢᠭ᠋ ᠴᠢᠷᠠᠢ ᠠ᠋ᠴᠠ
ᠲᠤᠩᠭᠠᠯᠠᠭ ᠰᠡᠳᠬᠢᠯ ᠳᠡᠭᠡᠷ᠎ᠡ
1628 ᠲᠣᠯᠢᠨ ᠤ᠋ ᠰᠠᠢᠨ ᠢ᠋ᠶ᠋ᠠᠷ ᠵᠢᠰᠦ ᠪᠡᠨ ᠦᠵᠡᠨ᠎ᠡ
ᠲᠠᠨᠢᠯ ᠤ᠋ᠨ ᠰᠠᠢᠨ ᠢ᠋ᠶ᠋ᠠᠷ ᠲᠤᠰᠠ ᠶ᠋ᠢ ᠣᠯᠤᠨ᠎ᠠ
1629 ᠲᠣᠭ᠎ᠠ ᠮᠡᠳᠡᠬᠦ ᠦᠭᠡᠢ ᠪᠠᠢᠵᠤ
ᠲᠣᠷᠭᠠᠨ ᠳᠡᠪᠡᠯ ᠡᠮᠦᠰᠬᠦ
1630 ᠲᠣᠭ᠎ᠠ ᠮᠡᠳᠡᠬᠦ ᠦᠭᠡᠢ ᠬᠥᠮᠦᠨ ᠢ᠋ᠶ᠋ᠡᠷ
ᠳᠠᠩᠰᠠ ᠪᠤᠤ ᠪᠣᠳᠣᠭᠤᠯ
ᠲᠣᠮᠣᠭᠣ ᠮᠠᠭᠤ ᠲᠠᠢ ᠬᠥᠮᠦᠨ ᠢ᠋ᠶ᠋ᠡᠷ
ᠲᠥᠷᠥ ᠪᠤᠤ ᠪᠠᠷᠢᠭᠤᠯ
1631 ᠲᠣᠭ᠎ᠠ ᠦᠭᠡᠢ ᠡᠳᠦᠷ
ᠬᠣᠨᠣᠭ ᠦᠭᠡᠢ ᠬᠤᠭᠤᠴᠠᠭ᠎ᠠ ᠪᠠᠢᠳᠠᠭ ᠦᠭᠡᠢ
1632 ᠲᠣᠭᠠᠯᠠᠪᠠᠯ ᠨᠠᠰᠤ ᠰᠠᠴᠠᠭᠤ
ᠲᠥᠭᠡᠯᠡᠪᠡᠯ ᠪᠡᠶ᠎ᠡ ᠰᠠᠴᠠᠭᠤ
1633 ᠲᠣᠭᠣᠨᠣ ᠬᠠᠵᠠᠢᠬᠤ ᠦᠭᠡᠢ ᠪᠣᠯ
ᠣᠨᠢ ᠮᠤᠷᠤᠢᠬᠤ ᠦᠭᠡᠢ
1634 ᠲᠣᠭᠣᠨᠣ ᠪᠠᠷ ᠢ᠋ᠶ᠋ᠠᠨ ᠲᠩᠷᠢ ᠬᠡᠮᠵᠢᠵᠦ
ᠲᠣᠭᠣᠭ᠎ᠠ ᠪᠠᠷ ᠢ᠋ᠶ᠋ᠠᠨ ᠳᠠᠯᠠᠢ ᠶᠠᠨᠳᠠᠬᠤ
1635 ᠲᠣᠭᠣᠨᠣᠲᠤ ᠭᠡᠷ ᠲᠦ᠍ ᠲᠣᠯᠣᠭᠠᠢ ᠬᠣᠯᠪᠣᠵᠤ
ᠲᠣᠭᠣᠭᠠᠲᠠᠢ ᠱᠥᠯᠦᠨ ᠳ᠋ᠦ᠍ ᠬᠣᠰᠢᠭᠤ ᠬᠣᠯᠪᠣᠬᠤ
1636 ᠲᠣᠭᠣᠰᠣ ᠦᠭᠡᠢ ᠪᠠᠢᠯᠳᠤᠭᠠᠨ
ᠴᠢᠰᠤ ᠦᠭᠡᠢ ᠲᠡᠢᠨ ᠪᠠᠢᠳᠠᠭ ᠦᠭᠡᠢ
1637 ᠲᠣᠷᠭ᠎ᠠ ᠡᠮᠦᠰᠪᠡᠴᠦ ᠰᠡᠭᠦᠳᠡᠷ ᠨᠢ ᠬᠠᠷ᠎ᠠ
ᠲᠣᠰᠣ ᠢᠳᠡᠪᠡᠴᠦ ᠪᠠᠭᠠᠰᠤ ᠨᠢ ᠬᠠᠷ᠎ᠠ
1638 ᠲᠣᠷᠭ᠎ᠠ ᠡᠮᠦᠰᠦᠭᠰᠡᠨ ᠭᠡᠵᠦ ᠪᠦᠦ ᠪᠠᠶᠠᠷᠯᠠ
ᠲᠤᠭᠤᠯ ᠤᠨᠤᠭᠰᠠᠨ ᠭᠡᠵᠦ ᠪᠦᠦ ᠭᠣᠮᠣᠳᠠ
1639 ᠲᠣᠷᠭᠠᠨ ᠳᠡᠪᠡᠯ ᠲᠡᠢ ᠪᠣᠯᠪᠠᠴᠤ
ᠲᠣᠭ᠎ᠠ ᠮᠡᠳᠡᠬᠦ ᠦᠭᠡᠢ ᠮᠤᠩᠬᠠᠭ
1640 ᠲᠣᠰᠣ ᠢᠳᠡᠵᠦ
ᠲᠣᠷᠭ᠎ᠠ ᠡᠮᠦᠰᠴᠦ ᠶᠠᠪᠤᠬᠤ
1641 ᠲᠣᠰᠣ ᠢᠳᠡᠬᠦ ᠬᠡᠰᠢᠭ ᠦᠭᠡᠢ
ᠲᠣᠷᠭ᠎ᠠ ᠡᠮᠦᠰᠬᠦ ᠪᠤᠶᠠᠨ ᠦᠭᠡᠢ
1642 ᠲᠣᠰᠣ ᠴᠣᠬᠢᠭᠰᠠᠨ ᠬᠥᠮᠦᠨ ᠭᠠᠷ ᠢ᠋ᠶ᠋ᠠᠨ ᠳᠣᠯᠢᠶᠠᠳᠠᠭ
ᠲᠣᠭᠣᠰᠣ ᠴᠣᠬᠢᠭᠰᠠᠨ ᠬᠥᠮᠦᠨ ᠭᠠᠷ ᠢ᠋ᠶ᠋ᠠᠨ ᠤᠬᠢᠶᠠᠳᠠᠭ
1643 ᠲᠣᠰᠣ ᠰᠢᠭ᠋ ᠰᠠᠨᠠᠭ᠎ᠠ ᠶ᠋ᠢ ᠴᠠᠷᠴᠠᠭᠠᠵᠤ
ᠰᠦ ᠰᠢᠭ ᠰᠡᠳᠬᠢᠯ ᠢ᠋ ᠨᠢ ᠡᠭᠡᠳᠡᠭᠦᠯᠬᠦ
1644 ᠲᠣᠰᠣᠨ ᠳᠣᠲᠣᠷ᠎ᠠ ᠤᠮᠪᠠᠵᠤ
ᠲᠣᠷᠭᠠᠨ ᠳᠡᠭᠡᠷ᠎ᠡ ᠬᠥᠷᠪᠡᠬᠦ
1645 ᠲᠣᠰᠣ ᠪᠠᠨ ᠭᠦᠵᠡᠭᠡᠯᠡᠬᠦ ᠭᠡᠳ
ᠲᠤᠭᠤᠯ ᠢ᠋ᠶ᠋ᠠᠨ ᠭᠦᠵᠡᠭᠡᠯᠡᠬᠦ
1646 ᠲᠣᠰᠣᠨ ᠳᠡᠭᠡᠷ᠎ᠡ ᠲᠣᠭᠯᠠᠵᠤ
ᠥᠭᠡᠬᠦᠨ ᠳᠡᠭᠡᠷ᠎ᠡ ᠪᠥᠮᠪᠥᠷᠢᠬᠦ
1647 ᠲᠣᠬᠢᠷᠠᠭ᠎ᠠ ᠦᠭᠡᠢ ᠬᠤᠪᠴᠠᠰᠤ ᠨᠢᠳᠦᠨ ᠦ᠌ ᠪᠣᠯᠠᠢ
ᠲᠣᠰᠤᠯᠠᠭ᠎ᠠ ᠦᠭᠡᠢ ᠲᠡᠷᠭᠡ ᠴᠢᠬᠢᠨ ᠦ᠌ ᠪᠣᠯᠠᠢ
1648 ᠲᠣᠬᠣᠢ ᠵᠥᠷᠢᠭᠦᠯᠦᠨ ᠪᠠᠷᠢᠯᠴᠠᠵᠤ
ᠲᠣᠯᠣᠭᠠᠢ ᠨᠡᠢᠯᠡᠭᠦᠯᠦᠨ ᠨᠥᠬᠥᠷᠯᠡᠬᠦ
1649 ᠲᠣᠬᠣᠮ ᠦᠭᠡᠢ ᠡᠮᠡᠭᠡᠯ ᠢ᠋ ᠲᠣᠬᠣᠵᠤ ᠪᠣᠯᠬᠤ ᠦᠭᠡᠢ
ᠲᠣᠭᠲᠠᠪᠤᠷᠢ ᠦᠭᠡᠢ ᠬᠥᠮᠦᠨ ᠢ᠋ ᠢᠲᠡᠭᠡᠵᠦ ᠪᠣᠯᠬᠤ ᠦᠭᠡᠢ
1650 ᠲᠥᠪ᠂ ᠰᠢᠳᠤᠷᠭᠤ ᠮᠥᠩᠬᠡ
ᠲᠦᠷᠢᠮᠡᠬᠡᠢ᠂ ᠵᠢᠰᠤᠷ ᠬᠡᠪᠡᠷᠡᠭ
1651 ᠲᠥᠯᠥᠭᠡ ᠲᠥᠷᠥᠵᠦ ᠴᠢᠳᠠᠭ᠎ᠠ ᠦᠭᠡᠢ ᠪᠠᠢᠵᠤ
ᠢᠰᠢᠭᠡᠨ ᠳ᠋ᠦ᠍ ᠡᠬᠡ ᠪᠣᠯᠬᠤ ᠰᠢᠭ᠋
1652 ᠲᠥᠯ ᠢ᠋ᠶ᠋ᠡᠷ ᠮᠠᠯ ᠥᠰᠦᠨ᠎ᠡ
ᠦᠷ᠎ᠡ ᠪᠡᠷ ᠪᠦᠯᠢ ᠨᠡᠮᠡᠨ᠎ᠡ
1653 ᠲᠡᠮᠦᠷ ᠤᠰᠤᠨ ᠳ᠋ᠤ᠌ ᠳᠡᠪᠲᠦᠬᠦ ᠦᠭᠡᠢ
ᠲᠣᠰᠣ ᠤᠰᠤᠨ ᠳ᠋ᠤ᠌ ᠰᠢᠩᠭᠡᠬᠦ ᠦᠭᠡᠢ
1654 ᠲᠡᠮᠦᠷ ᠢ᠋ ᠵᠢᠪᠡ ᠢᠳᠡᠨ᠎ᠡ
ᠪᠡᠶ᠎ᠡ ᠶ᠋ᠢ ᠨᠠᠰᠤ ᠢᠳᠡᠨ᠎ᠡ
1655 ᠲᠡᠮᠦᠷ ᠢ᠋ ᠬᠠᠯᠠᠭᠤᠨ ᠳ᠋ᠤᠨᠢ ᠳᠠᠪᠲᠠ
ᠲᠡᠦᠬᠡ ᠶ᠋ᠢ ᠰᠢᠨ᠎ᠡ ᠳ᠋ᠦ᠍ᠨᠢ ᠪᠢᠴᠢ
1656 ᠲᠡᠮᠦᠷ ᠦ᠋ᠨ ᠰᠠᠢᠨ ᠢ᠋ ᠳᠠᠪᠲᠠᠵᠤ ᠮᠡᠳᠡᠨ᠎ᠡ
ᠮᠣᠷᠢᠨ ᠤ᠋ ᠰᠠᠢᠨ ᠢ᠋ ᠤᠨᠤᠵᠤ ᠮᠡᠳᠡᠨ᠎ᠡ
1657 ᠲᠡᠮᠦᠷ ᠦ᠋ᠨ ᠰᠠᠢᠨ ᠢ᠋ ᠳᠠᠷᠬᠠᠨ ᠮᠡᠳᠡᠬᠦ
ᠲᠥᠷᠥ ᠶ᠋ᠢᠨ ᠰᠠᠢᠨ ᠢ᠋ ᠡᠪᠦᠭᠡᠳ ᠮᠡᠳᠡᠬᠦ
1658 ᠲᠡᠮᠦᠷ ᠢ᠋ᠶ᠋ᠡᠨ ᠲᠠᠨᠢᠬᠤ ᠦᠭᠡᠢ ᠬᠠᠤᠷᠠᠢ
ᠲᠥᠷᠥᠯ ᠢ᠋ᠶ᠋ᠡᠨ ᠲᠠᠨᠢᠬᠤ ᠦᠭᠡᠢ ᠨᠣᠬᠠᠢ
1659 ᠲᠥᠭᠡ ᠶ᠋ᠢᠨ ᠳᠡᠭᠡᠷ᠎ᠡ
ᠰᠥᠭᠥᠮ ᠨᠡᠮᠡᠬᠦ
1660 ᠲᠥᠷᠥ ᠮᠡᠳᠡᠬᠦ ᠦᠭᠡᠢ ᠨᠣᠶᠠᠨ ᠠ᠋ᠴᠠ
ᠲᠦᠪᠰᠢᠨ ᠶᠠᠪᠤᠭᠰᠠᠨ ᠠᠷᠠᠳ ᠳᠡᠭᠡᠷ᠎ᠡ
1661 ᠲᠥᠷᠥ ᠲᠡᠮᠦᠷ ᠨᠢᠭᠤᠷ ᠲᠠᠢ
ᠲᠥᠷᠥᠭᠰᠡᠨ ᠪᠡᠶ᠎ᠡ ᠮᠢᠬᠠᠨ ᠨᠢᠭᠤᠷ ᠲᠠᠢ
1662 ᠲᠥᠷᠥ ᠲᠦᠮᠡᠨ ᠨᠢᠳᠦᠲᠡᠢ
ᠲᠥᠷᠥᠭᠰᠡᠨ ᠪᠡᠶ᠎ᠡ ᠬᠣᠶᠠᠷ ᠨᠢᠳᠦ ᠲᠡᠢ
1663 ᠲᠥᠷᠥ ᠴᠠᠭᠠᠵᠠᠨ ᠳ᠋ᠤ᠌ ᠪᠠᠷᠢᠭᠳᠠᠬᠤ
ᠲᠡᠮᠦᠷ ᠬᠠᠳᠠᠭᠠᠰᠤᠨ ᠳ᠋ᠤ᠌ ᠪᠠᠷᠢᠭᠳᠠᠬᠤ
1664 ᠲᠥᠷᠥ ᠳ᠋ᠦ᠍ ᠬᠠᠤᠯᠢ ᠪᠣᠢ
ᠲᠦᠮᠡᠨ ᠳ᠋ᠦ᠍ ᠶᠣᠰᠣ ᠪᠣᠢ
1665 ᠲᠥᠷᠥ ᠦᠭᠡᠢ ᠬᠠᠭᠠᠨ ᠪᠠᠢᠳᠠᠭ ᠦᠭᠡᠢ
ᠲᠡᠦᠬᠡ ᠦᠭᠡᠢ ᠤᠯᠤᠰ ᠪᠠᠢᠳᠠᠭ ᠦᠭᠡᠢ
1666 ᠲᠥᠷᠥ ᠶ᠋ᠢᠨ ᠨᠢᠷᠤᠭᠤ ᠲᠦᠪᠰᠢᠨ ᠪᠣᠯ
ᠲᠦᠮᠡᠨ ᠦ᠌ ᠨᠢᠷᠤᠭᠤ ᠠᠮᠤᠷ
1667 ᠲᠥᠷᠥ ᠶ᠋ᠢᠨ ᠨᠢᠭᠤᠴᠠ
ᠳᠡᠷᠡ ᠳᠡᠭᠡᠷ᠎ᠡ ᠵᠠᠳᠠᠷᠠᠬᠤ
1668 ᠲᠥᠷᠥ ᠶ᠋ᠢᠨ ᠰᠠᠬᠢᠭᠤᠰᠤ ᠰᠠᠢᠨ ᠵᠢᠷᠤᠮᠲᠤ ᠰᠠᠢᠳ
ᠱᠠᠰᠢᠨ ᠤ᠋ ᠰᠠᠬᠢᠭᠤᠰᠤ ᠰᠠᠢᠨ ᠡᠷᠳᠡᠮᠲᠦ ᠯᠠᠮᠠ
1669 ᠲᠥᠷᠥ ᠶ᠋ᠢᠨ ᠲᠥᠯᠥᠭᠡ
ᠣᠭᠣᠲᠣᠨ᠎ᠠ ᠪᠣᠭᠣᠵᠤ ᠦᠬᠦᠬᠦ
1670 ᠲᠥᠷᠥ ᠶ᠋ᠢᠨ ᠬᠡᠯᠬᠢᠶ᠎ᠡ ᠬᠠᠤᠯᠢ
ᠲᠥᠷᠥᠯ ᠦ᠋ᠨ ᠬᠡᠯᠬᠢᠶ᠎ᠡ ᠨᠠᠭᠠᠴᠤ
ᠦᠰᠦᠭ ᠠᠮᠢᠯᠠᠭᠤᠯᠤᠭᠴᠢ᠄ ᠪᠠᠳᠮᠠᠰᠡᠴᠡᠨ᠂ ᠣᠶᠤᠨᠪᠠᠲᠤ᠂ ᠰᠠᠷᠠᠨᠲᠤᠶᠠᠭ᠎ᠠ
ᠬᠢᠨᠠᠭᠴᠢ᠄ ᠤᠢᠭᠤᠷᠵᠢᠨ ᠣᠳᠬᠣᠨ᠂ ᠣᠳᠬᠣᠨᠴᠡᠴᠡᠭ᠂ ᠪᠣᠯᠣᠳ᠂ ᠪᠠᠯ
