ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠰ ᠶᠢᠨ ᠠᠢᠮᠠᠭ–3>Монгол зүйр цэцэн үгийн гураван мянган дээж – Д᠂Заяабаатар эмхэтгэв <Сийн аймаг 3 >
ᠰ <С> ᠶᠢᠨ ᠠᠢᠮᠠᠭ
1501 ᠰᠣᠬᠣᠷ ᠶᠠᠪᠤᠬᠤ ᠪᠠᠷ
ᠰᠣᠯᠢᠷ ᠶᠠᠪᠤᠭᠰᠠᠨ ᠨᠢ ᠳᠡᠭᠡᠷ᠎ᠡ
1502 ᠰᠣᠬᠣᠷ ᠲᠤ᠌ ᠵᠠᠮ ᠦᠭᠡᠢ
ᠰᠣᠭᠲᠣᠭᠤ ᠳ᠋ᠤ᠌ ᠣᠷᠣᠨ ᠦᠭᠡᠢ
1503 ᠰᠣᠬᠣᠷ ᠤ᠋ᠨ ᠭᠠᠵᠠᠷ ᠰᠣᠬᠣᠷ ᠪᠣᠯᠵᠤ
ᠳᠣᠭᠣᠯᠠᠩ ᠤ᠋ᠨ ᠭᠠᠵᠠᠷ ᠳᠣᠭᠣᠯᠠᠩ ᠪᠣᠯᠬᠤ
1504 ᠰᠥᠭᠥᠳᠴᠦ ᠵᠢᠷᠭᠠᠭᠰᠠᠨ ᠠ᠋ᠴᠠ
ᠰᠥᠷᠴᠦ ᠦᠬᠦᠭᠰᠡᠨ ᠨᠢ ᠳᠡᠭᠡᠷ᠎ᠡ
1505 ᠰᠤᠳᠤᠯᠬᠤ ᠶᠠᠭᠤᠮᠠᠨ ᠳ᠋ᠤ᠌ ᠰᠠᠭᠤᠷᠢᠲᠠᠢᠬᠠᠨ
ᠰᠤᠷᠭᠠᠬᠤ ᠶᠠᠭᠤᠮᠠᠨ ᠳ᠋ᠤ᠌ ᠪᠠᠭᠤᠷᠢᠲᠠᠢᠬᠠᠨ
1506 ᠰᠤᠯᠠ ᠦᠭᠡ ᠰᠤᠷᠭᠠᠯ ᠳ᠋ᠤ᠌ ᠨᠡᠮᠡᠷᠢ ᠦᠭᠡᠢ
ᠰᠤᠪᠢᠳᠠᠭ ᠰᠡᠳᠬᠢᠯ ᠠᠮᠢᠳᠤᠷᠠᠯ ᠳ᠋ᠤ᠌ ᠲᠤᠰᠠ ᠦᠭᠡᠢ
1507 ᠰᠤᠯᠠ ᠴᠠᠭ ᠲᠠᠭᠠᠨ ᠰᠢᠮᠳᠠᠵᠤ ᠰᠤᠷᠤᠭᠰᠠᠨ ᠶᠠᠭᠤᠮ᠎ᠠ
ᠶᠠᠭᠠᠷᠠᠬᠤ ᠴᠠᠭ ᠲᠤ᠌ ᠬᠡᠷᠡᠭ ᠪᠣᠯᠬᠤ
ᠢᠳᠡᠷ ᠦᠶᠡᠰ ᠲᠡᠭᠡᠨ ᠵᠢᠳᠬᠦᠵᠦ ᠣᠯᠤᠭᠰᠠᠨ ᠶᠠᠭᠤᠮ᠎ᠠ
ᠥᠲᠡᠯᠬᠦ ᠴᠠᠭ ᠲᠤ᠌ ᠬᠡᠷᠡᠭ ᠪᠣᠯᠬᠤ
1508 ᠰᠤᠨᠵᠤ ᠤᠷᠲᠤ ᠪᠣᠯᠬᠤ
ᠰᠤᠷᠴᠤ ᠰᠡᠴᠡᠨ ᠪᠣᠯᠬᠤ
1509 ᠰᠤᠷᠤᠭ᠎ᠠ ᠦᠭᠡᠢ ᠪᠠᠢᠵᠤ
ᠰᠤᠳᠠᠯ ᠪᠠᠷᠢᠬᠤ
1510 ᠰᠤᠷᠤᠭᠠᠳ ᠪᠠᠷᠠᠭᠳᠠᠰᠢ ᠦᠭᠡᠢ ᠡᠷᠳᠡᠮ ᠦ᠋ᠨ ᠳᠠᠯᠠᠢ
ᠰᠤᠳᠤᠯᠤᠭᠠᠳ ᠪᠠᠷᠠᠭᠳᠠᠰᠢ ᠦᠭᠡᠢ ᠪᠣᠳᠠᠰ ᠤ᠋ᠨ ᠳᠠᠯᠠᠢ
1511 ᠰᠤᠷᠠᠭ ᠲᠠᠯᠪᠢᠪᠠᠯ ᠡᠷᠢᠯ ᠣᠯᠳᠠᠳᠠᠭ
ᠰᠣᠯᠣᠩᠭ᠎ᠠ ᠲᠠᠲᠠᠪᠠᠯ ᠪᠣᠷᠣᠭ᠎ᠠ ᠠᠷᠢᠯᠳᠠᠭ
1512 ᠰᠤᠷᠬᠤ ᠳ᠋ᠤ᠌ ᠪᠦᠦ ᠵᠠᠯᠬᠠᠭᠤᠷᠠ
ᠰᠤᠷᠭᠠᠬᠤ ᠳ᠋ᠤ᠌ ᠪᠦᠦ ᠬᠠᠯᠠᠰᠢᠷᠠ
1513 ᠰᠤᠷᠬᠤ ᠶ᠋ᠢᠨ ᠰᠠᠢᠨ ᠰᠤᠷᠭᠠᠭᠤᠯᠢ ᠠ᠋ᠴᠠ
ᠰᠤᠷᠤᠭᠴᠢ ᠶ᠋ᠢᠨ ᠰᠠᠢᠨ ᠪᠠᠭᠰᠢ ᠠ᠋ᠴᠠ
1514 ᠰᠤᠷᠬᠤ ᠶ᠋ᠢᠨ ᠳᠠᠢᠰᠤᠨ ᠪᠠᠷᠳᠠᠮ
ᠶᠠᠪᠤᠬᠤ ᠶ᠋ᠢᠨ ᠳᠠᠢᠰᠤᠨ ᠵᠠᠯᠬᠠᠭᠤ
1515 ᠰᠤᠷᠭᠠᠯ— ᠤᠬᠠᠭᠠᠨ ᠤ᠋ ᠪᠤᠯᠠᠭ
ᠰᠤᠷᠭᠠᠯ ᠦᠭᠡᠢ— ᠤᠬᠠᠭᠠᠨ ᠤ᠋ ᠪᠠᠯᠠᠢ
1516 ᠰᠤᠷᠭᠠᠯ ᠲᠠᠢ ᠬᠥᠮᠦᠨ ᠰᠠᠷᠠᠭᠤᠯ ᠳᠣᠲᠣᠷ᠎ᠠ
ᠰᠤᠷᠭᠠᠯ ᠦᠭᠡᠢ ᠬᠥᠮᠦᠨ ᠮᠠᠨᠠᠨ ᠳᠣᠲᠣᠷ᠎ᠠ
1517 ᠰᠤᠷᠭᠠᠭᠤᠯᠢ ᠦᠭᠡᠢ ᠬᠥᠮᠦᠨ ᠰᠣᠬᠣᠷ
ᠰᠤᠮᠤ ᠦᠭᠡᠢ ᠠᠩᠴᠢᠨ ᠬᠣᠭᠣᠰᠣᠨ
1518 ᠰᠤᠷᠤᠭᠰᠠᠨ ᠪᠦᠬᠦᠨ ᠡᠷᠳᠡᠮ
ᠰᠤᠷᠤᠭ᠎ᠠ ᠦᠭᠡᠢ ᠪᠦᠬᠦᠨ ᠭᠡᠮ
1519 ᠰᠤᠷᠤᠭᠰᠠᠨ ᠭᠡᠷᠡᠯ ᠲᠡᠢ
ᠰᠤᠷᠤᠭ᠎ᠠ ᠦᠭᠡᠢ ᠭᠡᠮᠰᠢᠯ ᠲᠡᠢ
1520 ᠰᠤᠷᠤᠭᠰᠠᠨ ᠨᠢ ᠳᠠᠭᠠᠭᠤᠯᠬᠤ
ᠰᠤᠷᠤᠭ᠎ᠠ ᠦᠭᠡᠢ ᠨᠢ ᠳᠠᠭᠠᠬᠤ
1521 ᠰᠤᠷᠤᠭᠰᠠᠨ ᠨᠢ ᠳᠠᠯᠠᠢ
ᠰᠤᠷᠤᠭ᠎ᠠ ᠦᠭᠡᠢ ᠨᠢ ᠪᠠᠯᠠᠢ
1522 ᠰᠤᠷᠤᠭᠰᠠᠨ ᠬᠥᠮᠦᠨ ᠵᠠᠮ ᠢ᠋ᠶ᠋ᠠᠨ ᠣᠯᠬᠤ
ᠰᠤᠷᠤᠭ᠎ᠠ ᠦᠭᠡᠢ ᠬᠥᠮᠦᠨ ᠵᠠᠮ ᠢ᠋ᠶ᠋ᠠᠨ ᠠᠯᠳᠠᠬᠤ
1523 ᠰᠤᠷᠤᠭᠰᠠᠨ ᠬᠥᠮᠦᠨ ᠳ᠋ᠦ᠍ ᠬᠢᠯᠪᠠᠷ
ᠰᠤᠷᠤᠭ᠎ᠠ ᠦᠭᠡᠢ ᠬᠥᠮᠦᠨ ᠳ᠋ᠦ᠍ ᠪᠡᠷᠬᠡ
1524 ᠰᠤᠷᠤᠭᠰᠠᠨ ᠢ᠋ᠶ᠋ᠠᠨ ᠳᠠᠪᠲᠠᠵᠤ
ᠰᠤᠷᠭᠠᠯ ᠢ᠋ᠶ᠋ᠠᠨ ᠳᠠᠭᠠᠬᠤ
1525 ᠰᠤᠷᠤᠭᠰᠠᠨ ᠢ᠋ᠶ᠋ᠠᠨ ᠮᠠᠷᠲᠠᠵᠤ
ᠰᠤᠳᠤᠷ ᠢ᠋ᠶ᠋ᠠᠨ ᠭᠡᠭᠡᠬᠦ
1526 ᠰᠤᠷᠤᠭᠰᠠᠨ ᠢ᠋ᠶ᠋ᠠᠷ ᠢ᠋ᠶ᠋ᠠᠨ ᠨᠥᠬᠥᠷ ᠲᠡᠭᠡᠨ ᠲᠤᠰᠠᠯᠠ
ᠰᠤᠷᠤᠭ᠎ᠠ ᠦᠭᠡᠢ ᠪᠡᠨ ᠪᠤᠰᠤᠳ ᠠ᠋ᠴᠠ ᠰᠤᠷ
1527 ᠰᠤᠷᠲᠠᠯ ᠦᠭᠡᠢ ᠬᠡᠦᠬᠡᠳ
ᠰᠤᠷᠭᠠᠯ ᠦᠭᠡᠢ ᠲᠣᠲᠣᠷᠠᠢ
1528 ᠰᠤᠷᠴᠤ ᠣᠯᠤᠭᠰᠠᠨ ᠡᠷᠳᠡᠮ — ᠴᠢᠳᠠᠯ
ᠰᠣᠩᠭᠣᠵᠤ ᠠᠪᠤᠭᠰᠠᠨ ᠬᠠᠨᠢ — ᠨᠥᠬᠥᠷ
1529 ᠰᠠᠭᠤᠵᠤ ᠵᠢᠷᠭᠠᠬᠤ ᠪᠠᠷ
ᠶᠠᠪᠤᠵᠤ ᠵᠦᠳᠡᠷᠡ
1530 ᠰᠠᠭᠤᠭᠰᠠᠨ ᠬᠥᠮᠦᠨ ᠳ᠋ᠦ᠍ ᠣᠯᠵᠠ ᠥᠬᠡᠢ
ᠬᠡᠪᠲᠡᠭᠰᠡᠨ ᠬᠥᠮᠦᠨ ᠳ᠋ᠦ᠍ ᠬᠡᠰᠢᠭ ᠦᠭᠡᠢ
1531 ᠰᠠᠭᠤᠬᠤ ᠨᠢ ᠰᠢᠮᠠᠭᠤᠯ ᠰᠢᠭ᠋
ᠰᠢᠨᠤᠬᠤ ᠨᠢ ᠴᠢᠨᠣ᠎ᠠ ᠰᠢᠭ᠋
1532 ᠰᠦᠮᠪᠦᠷ ᠠᠭᠤᠯᠠ ᠮᠡᠲᠦ ᠪᠠᠲᠤ
ᠰᠦᠨ ᠳᠠᠯᠠᠢ ᠮᠡᠲᠦ ᠭᠦᠨ
1533 ᠰᠦᠮ᠎ᠡ ᠳ᠋ᠦ᠍ ᠦᠭᠡᠢ ᠯᠠᠮᠠ
ᠰᠦᠷᠦᠭ ᠲᠦ᠍ ᠦᠭᠡᠢ ᠪᠤᠬ᠎ᠠ
1534 ᠰᠦᠷ ᠪᠠᠳᠠᠷᠠᠭᠤᠯᠤᠨ
ᠰᠦᠬᠡ ᠳᠠᠯᠠᠢᠬᠤ
1535 ᠰᠦᠷ ᠨᠢ ᠪᠠᠷᠰ ᠰᠢᠭ᠋
ᠰᠦᠨᠡᠰᠦ ᠨᠢ ᠲᠠᠤᠯᠠᠢ ᠰᠢᠭ᠋
1536 ᠰᠦᠷ ᠨᠢ ᠶᠡᠬᠡ
ᠰᠦᠯᠳᠡ ᠨᠢ ᠪᠠᠭ᠎ᠠ
1537 ᠰᠦ ᠭᠣᠷᠢᠳᠠᠭᠰᠠᠨ ᠮᠤᠤᠷ ᠰᠢᠭ᠋
ᠰᠡᠭᠦᠯ ᠳᠣᠯᠢᠶᠠᠭᠰᠠᠨ ᠴᠢᠨᠣ᠎ᠠ ᠰᠢᠭ᠋
1538 ᠰᠦ ᠬᠥᠭᠡᠷᠪᠡᠯ ᠭᠠᠯ ᠳᠡᠭᠡᠷ᠎ᠡ
ᠰᠦᠬᠡ ᠰᠤᠭᠤᠷᠠᠪᠠᠯ ᠲᠣᠯᠣᠭᠠᠢ ᠳᠡᠭᠡᠷ᠎ᠡ
1539 ᠰᠡᠭᠦᠳᠡᠷ ᠦ᠋ᠨ ᠪᠠᠷ᠎ᠠ ᠨᠢ ᠶᠡᠬᠡ ᠪᠣᠯᠪᠠᠴᠤ
ᠪᠠᠷᠢᠵᠤ ᠪᠣᠯᠳᠠᠭ ᠦᠭᠡᠢ
ᠰᠦᠨ ᠦ᠌ ᠥᠩᠭᠡ ᠨᠢ ᠴᠠᠭᠠᠨ ᠪᠣᠯᠪᠠᠴᠤ
ᠪᠣᠳᠣᠵᠤ ᠪᠣᠯᠳᠠᠭ ᠦᠭᠡᠢ
1540 ᠰᠡᠭᠦᠳᠡᠷ ᠢ᠋ᠶ᠋ᠡᠨ ᠬᠠᠷᠠᠵᠤ ᠬᠤᠪᠴᠠᠰᠤ ᠪᠠᠨ ᠵᠠᠰᠠ
ᠨᠥᠬᠥᠷ ᠢ᠋ᠶ᠋ᠡᠨ ᠬᠠᠷᠠᠵᠤ ᠵᠠᠩ ᠢ᠋ᠶ᠋ᠠᠨ ᠵᠠᠰᠠ
1541 ᠰᠡᠭᠦᠳᠡᠷ ᠡᠴᠡ ᠪᠡᠨ ᠥᠭᠡᠷ᠎ᠡ ᠨᠥᠬᠥᠷ ᠦᠭᠡᠢ
ᠰᠡᠭᠦᠯ ᠡᠴᠡ ᠪᠡᠨ ᠥᠭᠡᠷ᠎ᠡ ᠲᠠᠰᠢᠭᠤᠷ ᠦᠭᠡᠢ
1542 ᠰᠡᠭᠦᠳᠡᠷ ᠲᠤᠨᠢ ᠰᠠᠭᠤᠪᠠᠯ
ᠮᠣᠳᠣ ᠶ᠋ᠢ ᠨᠢ ᠪᠦᠦ ᠮᠠᠷᠲᠠ
1543 ᠰᠡᠭᠦᠳᠡᠷ ᠲᠡᠢ ᠪᠡᠨ ᠣᠷᠣᠯᠳᠣᠪᠠᠯ ᠲᠦᠷᠦᠭᠦᠯᠡᠬᠦ ᠦᠭᠡᠢ
ᠰᠢᠭᠦᠮᠵᠢᠯᠡᠯ ᠢ ᠰᠥᠷᠪᠡᠯ ᠵᠠᠰᠠᠷᠠᠬᠤ ᠦᠭᠡᠢ
1544 ᠰᠡᠭᠦᠯ ᠨᠢ ᠲᠣᠯᠣᠭᠠᠢ ᠪᠠᠨ ᠳᠠᠭᠠᠬᠤ
ᠰᠡᠭᠦᠳᠡᠷ ᠨᠢ ᠪᠡᠶ᠎ᠡ ᠪᠡᠨ ᠳᠠᠭᠠᠬᠤ
1545 ᠰᠡᠭᠦᠯ ᠦ᠋ᠨ ᠲᠡᠮᠡᠭᠡᠨ ᠦ᠌
ᠠᠴᠢᠶ᠎ᠠ ᠬᠦᠨᠳᠦ
1546 ᠰᠡᠭᠦᠯ ᠲᠡᠢ ᠴᠢᠨᠣ᠎ᠠ ᠡᠴᠡ
ᠰᠡᠭᠦᠯ ᠦᠭᠡᠢ ᠴᠢᠨᠣ᠎ᠠ ᠪᠡᠷᠬᠡ
1547 ᠰᠦᠬᠡ ᠠᠪᠬᠤ ᠬᠥᠮᠦᠨ ᠣᠩᠭᠢ ᠶ᠋ᠢ ᠨᠢ ᠬᠠᠷᠠᠳᠠᠭ
ᠬᠦᠦ ᠠᠪᠬᠤ ᠬᠥᠮᠦᠨ ᠤᠳᠤᠮ ᠢ᠋ ᠨᠢ ᠬᠠᠷᠠᠳᠠᠭ
1548 ᠰᠦᠬᠡ ᠳᠠᠯᠠᠢᠲᠠᠯᠠ
ᠦᠬᠡᠷ ᠠᠮᠤᠷ
1549 ᠰᠡᠪ ᠦᠭᠡᠢ ᠰᠤᠪᠤᠳ— ᠡᠷᠳᠡᠨᠢ
ᠰᠡᠵᠢᠭ ᠦᠭᠡᠢ ᠨᠥᠬᠥᠷ— ᠡᠷᠬᠢᠮ
1550 ᠰᠡᠭ ᠳᠡᠭᠡᠷ᠎ᠡ
ᠴᠤᠭᠯᠠᠷᠠᠭᠰᠠᠨ ᠨᠣᠬᠠᠢ
ᠪᠦᠲᠦᠲᠡᠯᠡ ᠪᠡᠨ ᠨᠢᠭᠤᠵᠤ ᠶᠠᠪᠤ
ᠰᠡᠵᠢᠭᠯᠡᠭᠰᠡᠨ ᠬᠡᠷᠡᠭ ᠢ᠋ᠶ᠋ᠡᠨ
ᠢᠯᠡᠷᠡᠲᠡᠯᠡ ᠪᠡᠨ ᠬᠠᠷᠠᠵᠤ ᠶᠠᠪᠤ
1552 ᠰᠡᠵᠢᠭ ᠢ᠋ᠶ᠋ᠡᠷ ᠡᠪᠡᠳᠴᠦ
ᠰᠦᠰᠦᠭ ᠢ᠋ᠶ᠋ᠡᠷ ᠡᠳᠡᠭᠡᠷᠡᠳᠡᠭ
1553 ᠰᠡᠵᠢᠭᠯᠡᠬᠦ ᠳ᠋ᠦ᠍ ᠴᠢᠳᠬᠥᠷ
ᠰᠦᠰᠦᠭᠯᠡᠬᠦ ᠳ᠋ᠦ᠍ ᠪᠤᠷᠬᠠᠨ
1554 ᠰᠡᠯᠡᠮ᠎ᠡ ᠵᠢᠳᠠ ᠠᠳᠠᠭ ᠤ᠋ᠨ ᠵᠡᠪᠰᠡᠭ
ᠰᠡᠴᠡᠨ ᠤᠬᠠᠭᠠᠨ ᠳᠡᠭᠡᠳᠦ ᠶ᠋ᠢᠨ ᠵᠡᠪᠰᠡᠭ
1555 ᠰᠡᠯᠡᠮ᠎ᠡ ᠪᠡᠷ ᠴᠠᠪᠴᠢᠪᠠᠯ ᠪᠡᠶ᠎ᠡ ᠡᠪᠡᠳᠦᠨ᠎ᠡ
ᠦᠭᠡ ᠪᠡᠷ ᠳᠠᠭᠠᠷᠢᠪᠠᠯ ᠰᠡᠳᠬᠢᠯ ᠡᠪᠡᠳᠦᠨ᠎ᠡ
1556 ᠰᠠᠮ ᠰᠠᠭᠤᠵᠤ
ᠭᠡᠮ ᠬᠢᠬᠦ
1557 ᠰᠡᠷᠡᠵᠦ ᠶᠠᠪᠤᠪᠠᠯ ᠠᠮᠢᠨ ᠳ᠋ᠤ᠌ ᠲᠤᠰᠠ ᠲᠠᠢ
ᠰᠡᠷᠡᠮᠵᠢ ᠦᠭᠡᠢ ᠶᠠᠪᠤᠪᠠᠯ ᠠᠮᠢᠨ ᠳ᠋ᠤ᠌ ᠬᠣᠣᠷ ᠲᠠᠢ
1558 ᠰᠡᠷᠴᠢᠭᠢᠨᠡᠨ ᠢᠷᠡᠬᠦ ᠰᠠᠯᠬᠢ
ᠰᠡᠮᠡᠬᠡᠷ ᠢᠷᠡᠬᠦ ᠬᠤᠯᠠᠭᠠᠢᠴᠢ
1559 ᠰᠡᠳᠬᠢᠯ ᠭᠡᠮᠲᠡᠨ ᠦ᠌
ᠰᠠᠨᠠᠭ᠎ᠠ ᠨᠢ ᠠᠮᠠᠷᠠᠳᠠᠭ ᠦᠭᠡᠢ
1560 ᠰᠡᠳᠬᠢᠯ ᠰᠡᠪ ᠦᠭᠡᠢ ᠪᠣᠯ
ᠲᠠᠪᠤᠨ ᠮᠠᠬᠠᠪᠣᠳ ᠡᠷᠡᠭᠦᠯ
1561 ᠰᠡᠳᠬᠢᠯ ᠳ᠋ᠦ᠍ᠨᠢ ᠠᠯᠠᠭ ᠲᠠᠢ ᠪᠣᠯ
ᠠᠵᠢᠯ ᠳ᠋ᠤᠨᠢ ᠠᠯᠠᠭ ᠲᠠᠢ
1562 ᠰᠡᠳᠬᠢᠯ ᠦ᠋ᠨ ᠵᠣᠪᠠᠯᠠᠩ ᠠ᠋ᠴᠠ
ᠪᠡᠶ᠎ᠡ ᠶ᠋ᠢᠨ ᠵᠣᠪᠠᠯᠠᠩ
1563 ᠰᠡᠳᠬᠢᠯ ᠦ᠋ᠨ ᠡᠪᠡᠳᠴᠢᠨ ᠢ᠋ ᠦᠭᠡ ᠪᠡᠷ
ᠪᠡᠶ᠎ᠡ ᠶ᠋ᠢᠨ ᠡᠪᠡᠳᠴᠢᠨ ᠢ᠋ ᠡᠮ ᠢ᠋ᠶ᠋ᠡᠷ
1564 ᠰᠡᠳᠬᠢᠯ ᠦ᠋ᠨ ᠰᠠᠢᠬᠠᠨ ᠨᠢ ᠠᠮᠢᠳᠤᠷᠠᠯ ᠤ᠋ᠨ ᠴᠢᠮᠡᠭ
ᠴᠢᠷᠠᠢ ᠶ᠋ᠢᠨ ᠰᠠᠢᠬᠠᠨ ᠨᠢ ᠨᠢᠳᠦᠨ ᠦ᠌ ᠭᠡᠮ
1565 ᠰᠡᠳᠬᠢᠯ ᠦ᠋ᠨ ᠬᠠᠷᠠᠩᠭᠤᠢ ᠠ᠋ᠴᠠ
ᠰᠥᠨᠢ ᠶ᠋ᠢᠨ ᠬᠠᠷᠠᠩᠭᠤᠢ ᠳᠡᠭᠡᠷ᠎ᠡ
1566 ᠰᠡᠳᠬᠢᠯ ᠦ᠋ᠨ ᠭᠬᠢᠷ
ᠪᠡᠶ᠎ᠡ ᠶ᠋ᠢᠨ ᠭᠬᠢᠷ ᠡᠴᠡ ᠪᠤᠵᠠᠷ
1567 ᠰᠡᠳᠬᠢᠯ ᠦ᠋ᠨ ᠴᠡᠭᠡᠷ
ᠰᠠᠨᠠᠭᠠᠨ ᠤ᠋ ᠰᠡᠪ
1568 ᠰᠡᠳᠬᠢᠬᠦ ᠳᠣᠳᠣᠮ ᠰᠡᠴᠡᠨ ᠪᠣᠯᠬᠤ
ᠰᠡᠷᠡᠮᠵᠢᠯᠡᠬᠦ ᠳᠣᠳᠣᠮ ᠮᠡᠷᠭᠡᠨ ᠪᠣᠯᠬᠤ
1569 ᠰᠡᠲᠡᠷᠬᠡᠢ ᠵᠡᠭᠦᠦ ᠳ᠋ᠦ᠍ ᠤᠲᠠᠰᠤ ᠲᠣᠭᠲᠠᠬᠤ ᠦᠭᠡᠢ
ᠱᠠᠯᠢᠭ ᠬᠥᠮᠦᠨ ᠳ᠋ᠦ᠍ ᠡᠳ᠋ ᠲᠣᠭᠲᠠᠬᠤ ᠦᠭᠡᠢ
1570 ᠰᠡᠭᠡᠷ ᠨᠢᠷᠤᠭᠤ ᠬᠣᠶᠠᠷ ᠰᠦᠪᠡᠭᠡ ᠪᠡᠷ ᠢ᠋ᠶ᠋ᠡᠨ ᠬᠣᠯᠪᠣᠭᠳᠠᠳᠠᠭ
ᠰᠡᠳᠬᠢᠯ ᠢᠨᠠᠭ ᠬᠣᠶᠠᠷ ᠬᠠᠢᠷ᠎ᠠ ᠪᠠᠷ ᠢ᠋ᠶ᠋ᠠᠨ ᠬᠣᠯᠪᠣᠭᠳᠠᠳᠠᠭ
1571 ᠰᠡᠭᠡᠷ ᠦ᠋ᠨ ᠪᠥᠬᠡ ᠡᠴᠡ
ᠰᠡᠳᠬᠢᠯ ᠦ᠋ᠨ ᠪᠥᠬᠡ ᠨᠢ
1572 ᠰᠡᠭᠡᠷ ᠦ᠋ᠨ ᠮᠢᠬᠠᠨ ᠤ᠋ ᠱᠥᠯᠥ ᠰᠠᠢᠬᠠᠨ
ᠰᠡᠯᠭᠦᠵᠦ ᠪᠠᠭᠤᠭᠰᠠᠨ ᠨᠤᠲᠤᠭ ᠰᠠᠢᠬᠠᠨ
ᠦᠰᠦᠭ ᠠᠮᠢᠯᠠᠭᠤᠯᠤᠭᠴᠢ᠄ ᠣᠶᠤᠨᠪᠠᠲᠤ᠂ ᠠᠯᠲᠠᠨᠱᠠ᠂ ᠪᠠᠯ᠂
ᠬᠢᠨᠠᠭᠴᠢ᠄ ᠠᠯᠲᠠᠨᠱᠠ᠂ ᠤᠢᠭᠤᠷᠵᠢᠨ ᠣᠳᠬᠣᠨ᠂ ᠣᠳᠬᠣᠨᠴᠡᠴᠡᠭ᠂ ᠪᠠᠯ
