ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠰ  ᠶᠢᠨ ᠠᠢᠮᠠᠭ–2>Монгол зүйр цэцэн үгийн гураван мянган дээж – Д᠂Заяабаатар эмхэтгэв <Сийн аймаг 2 > ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠰ  ᠶᠢᠨ ᠠᠢᠮᠠᠭ–2>Монгол зүйр цэцэн үгийн гураван мянган дээж – Д᠂Заяабаатар эмхэтгэв <Сийн аймаг 2 >

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠰ  ᠶᠢᠨ ᠠᠢᠮᠠᠭ–2>Монгол зүйр цэцэн үгийн гураван мянган дээж – Д᠂Заяабаатар эмхэтгэв <Сийн аймаг 2 >

2024-08-31

750


          – ᠰ (С) –

1401 ᠰᠠᠢᠨ ᠶᠠᠪᠤᠳᠠᠯ ᠢ᠋ ᠳᠠᠭ᠎ᠠ  
         ᠰᠠᠭᠠᠷ ᠶᠠᠪᠤᠳᠠᠯ ᠢ᠋ ᠣᠷᠭᠢ 

1402 ᠰᠠᠢᠨ ᠢ᠋ᠶ᠋ᠠᠨ ᠰᠣᠨᠣᠰᠤᠭᠠᠳ ᠰᠠᠭᠰᠠᠢᠵᠤ ᠪᠣᠯᠬᠤ ᠦᠭᠡᠢ 
         ᠮᠠᠭᠤ ᠪᠠᠨ ᠳᠤᠭᠤᠯᠤᠭᠠᠳ ᠮᠤᠷᠴᠢᠢᠵᠤ ᠪᠣᠯᠬᠤ ᠦᠭᠡᠢ  

1403 ᠰᠠᠢᠨ ᠢ᠋ᠶ᠋ᠠᠷ ᠶᠠᠪᠤᠪᠠᠯ ᠮᠠᠨᠳᠤᠨ᠎ᠠ 
         ᠰᠠᠮᠠᠭᠤᠨ ᠢ᠋ᠶ᠋ᠠᠷ ᠶᠠᠪᠤᠪᠠᠯ ᠰᠥᠨᠥᠨ᠎ᠡ

1404 ᠰᠠᠢᠨ ᠠ᠋ᠴᠠ ᠪᠤᠤ ᠵᠢᠭᠤᠲᠠ 
         ᠮᠠᠭᠤ ᠳ᠋ᠤ᠌ ᠪᠤᠤ ᠣᠷᠣᠯᠴᠠ 

1405 ᠰᠠᠢᠨ ᠠ᠋ᠴᠠ ᠪᠤᠤ ᠰᠠᠯ 
         ᠰᠠᠨᠠᠭᠰᠠᠨ ᠢ᠋ᠶ᠋ᠠᠷ ᠪᠤᠤ ᠬᠡᠯᠡ 

1406 ᠰᠠᠢᠨ ᠠ᠋ᠴᠠ ᠮᠠᠭᠠᠳ ᠨᠢ ᠣᠯᠠᠨ 
         ᠮᠠᠭᠤ ᠠ᠋ᠴᠠ ᠬᠤᠳᠠᠯ ᠨᠢ ᠣᠯᠠᠨ   

1407 ᠰᠠᠢᠨ ᠳ᠋ᠤ᠌ ᠨᠢᠭᠡ ᠮᠠᠭᠤ ᠪᠠᠢᠳᠠᠭ 
         ᠰᠠᠷᠠᠨ ᠳ᠋ᠤ᠌ ᠨᠢᠭᠡ ᠲᠣᠯᠪᠣ ᠪᠠᠢᠳᠠᠭ  

1408 ᠰᠠᠢᠨ ᠳ᠋ᠤᠷ ᠰᠠᠭᠠᠷ ᠣᠯᠠᠨ 
         ᠰᠠᠢᠬᠠᠨ ᠳ᠋ᠤ᠌ ᠱᠣᠬᠣᠭᠣᠷᠬᠠᠭᠴᠢ ᠣᠯᠠᠨ  

1409 ᠰᠠᠢᠨ ᠳ᠋ᠤᠷ ᠰᠠᠳᠠᠭ᠎ᠠ 
         ᠰᠠᠢᠳ ᠲᠤ᠌ ᠠᠲᠠᠭ᠎ᠠ  

1410 ᠰᠠᠢᠨ ᠲᠠᠢ ᠪᠤᠤ ᠮᠡᠯᠵᠢᠭᠡᠷᠡᠢ 
         ᠮᠠᠭᠤ ᠲᠠᠢ ᠪᠤᠤ ᠪᠣᠯᠵᠣᠭᠠᠷᠠᠢ 

1411 ᠰᠠᠢᠨ ᠢ᠋ ᠵᠢᠭᠠᠭᠠᠳ ᠦᠯᠦ ᠰᠤᠷᠪᠠᠴᠤ 
         ᠮᠠᠭᠤ ᠶ᠋ᠢ ᠵᠢᠭᠠᠯᠭᠠᠬᠤ ᠦᠭᠡᠢ ᠪᠡᠷ ᠰᠤᠷᠬᠤ  

1412 ᠰᠠᠢᠨ ᠢ᠋ ᠬᠤᠷᠢᠶᠠᠭᠰᠠᠨ ᠭᠡᠷ ᠲᠦ᠍ ᠪᠠᠶᠠᠷ ᠶᠡᠬᠡ 
         ᠮᠠᠭᠤ ᠶ᠋ᠢ ᠬᠤᠷᠢᠶᠠᠭᠰᠠᠨ ᠭᠡᠷ ᠲᠦ᠍ ᠭᠡᠮᠰᠢᠯ ᠶᠡᠬᠡ  

1413 ᠰᠠᠢᠨ ᠢ᠋ ᠰᠢᠬᠠᠪᠠᠯ ᠲᠣᠰᠣ ᠭᠠᠷᠤᠨ᠎ᠠ 
         ᠮᠠᠭᠤ ᠶ᠋ᠢ ᠰᠢᠬᠠᠪᠠᠯ ᠤᠰᠤ ᠭᠠᠷᠤᠨ᠎ᠠ 

1414 ᠰᠠᠢᠲᠤᠷ ᠪᠠᠶᠠᠨ ᠪᠣᠯᠤᠶ᠎ᠠ ᠭᠡᠪᠡᠯ 
         ᠰᠠᠢᠨ ᠢ᠋ ᠦᠷᠭᠦᠯᠵᠢ ᠲᠡᠳᠬᠦ  
         ᠰᠠᠷᠠᠭᠤᠯ ᠤᠬᠠᠭᠠᠨ ᠲᠠᠢ ᠪᠣᠯᠤᠶ᠎ᠠ ᠭᠡᠪᠡᠯ 
         ᠮᠡᠷᠭᠡᠨ ᠢ᠋ ᠦᠷᠭᠦᠯᠵᠢ ᠳᠠᠭ᠎ᠠ  

1415 ᠰᠠᠢᠬᠠᠨ ᠠᠭᠠᠯᠢ ᠶᠡᠬᠡ ᠡᠷᠳᠡᠮ 
         ᠲᠥᠪ ᠰᠡᠳᠬᠢᠯ ᠪᠦᠷ ᠡᠷᠳᠡᠮ  

1416 ᠰᠠᠢᠬᠠᠨ ᠠᠮᠲᠠᠲᠠᠢ ᠴᠠᠢ ᠶ᠋ᠢ   
         ᠤᠤᠭᠤᠭᠠᠳ ᠬᠠᠩᠬᠤ ᠦᠭᠡᠢ  
         ᠰᠠᠨᠠᠭᠠᠨ ᠳ᠋ᠤ᠌ ᠨᠡᠢᠴᠡᠭᠰᠡᠨ ᠦᠭᠡ ᠶ᠋ᠢ  
         ᠬᠡᠯᠡᠯᠴᠡᠭᠡᠳ ᠪᠠᠷᠠᠬᠤ ᠦᠭᠡᠢ 

1417 ᠰᠠᠢᠬᠠᠨ ᠳᠠᠭᠤᠤ ᠨᠠᠭᠠᠳᠤᠮ ᠳᠡᠭᠡᠷ᠎ᠡ  
         ᠰᠡᠴᠡᠨ ᠦᠭᠡ ᠴᠢᠭᠤᠯᠭᠠᠨ ᠳᠡᠭᠡᠷ᠎ᠡ 

1418 ᠰᠠᠢᠬᠠᠨ ᠳᠡᠪᠡᠯ ᠡᠮᠦᠰᠦᠭᠰᠡᠨ ᠬᠥᠮᠦᠨ  
         ᠰᠤᠷᠤᠭᠰᠠᠨ ᠡᠷᠳᠡᠮ ᠦᠭᠡᠢ ᠪᠣᠯ ᠬᠥᠷᠥᠭ 

1419 ᠰᠠᠢᠬᠠᠨ ᠵᠠᠩᠳᠠᠨ ᠤ᠋ ᠨᠥᠬᠥᠷ ᠣᠯᠠᠨ  
         ᠰᠠᠮᠠᠭᠤᠨ ᠶᠠᠪᠤᠳᠠᠯᠲᠠᠨ ᠤ᠋ ᠭᠡᠮᠰᠢᠯ ᠣᠯᠠᠨ 

1420 ᠰᠠᠢᠬᠠᠨ ᠰᠠᠨᠠᠭ᠎ᠠ ᠠᠮᠤᠭᠤᠯᠠᠩ  
         ᠮᠠᠭᠤᠬᠠᠢ ᠰᠠᠨᠠᠭ᠎ᠠ ᠵᠣᠪᠠᠯᠠᠩ 

1421 ᠰᠠᠢᠬᠠᠨ ᠲᠥᠷᠥᠭᠰᠡᠨ ᠡᠴᠡ  
         ᠰᠠᠮᠪᠠᠭᠠᠲᠠᠢ ᠲᠥᠷᠥᠭᠰᠡᠨ ᠨᠢ ᠳᠡᠭᠡᠷ᠎ᠡ  

1422 ᠰᠠᠢᠬᠠᠨ ᠲᠥᠷᠥᠭᠰᠡᠨ ᠬᠥᠮᠦᠨ  
         ᠳᠠᠯᠢᠩᠪᠤᠤ ᠡᠮᠦᠰᠪᠡᠴᠦ ᠰᠠᠢᠬᠠᠨ  
         ᠮᠠᠭᠤᠬᠠᠢ ᠲᠥᠷᠥᠭᠰᠡᠨ ᠬᠥᠮᠦᠨ  
         ᠲᠣᠷᠭ᠎ᠠ ᠡᠮᠦᠰᠪᠡᠴᠦ ᠮᠠᠭᠤᠬᠠᠢ 

1423 ᠰᠠᠢᠬᠠᠨ ᠬᠡᠦᠬᠡᠨ ᠵᠢᠷᠭᠠᠯ ᠤ᠋ᠨ ᠴᠢᠮᠡᠭ  
         ᠤᠬᠠᠭᠠᠨ ᠲᠠᠢ ᠡᠬᠡ ᠭᠡᠷ ᠦ᠋ᠨ ᠴᠢᠮᠡᠭ 

1424 ᠰᠠᠢᠬᠠᠨ ᠬᠡᠦᠬᠡᠨ ᠰᠠᠨᠸᠠᠷ ᠤ᠋ᠨ ᠳᠠᠢᠰᠤᠨ  
         ᠰᠠᠮᠠᠭᠤᠨ ᠨᠣᠶᠠᠨ ᠲᠥᠷᠥ ᠶ᠋ᠢᠨ ᠳᠠᠢᠰᠤᠨ 

1425 ᠰᠠᠢᠬᠠᠨ ᠢ᠋ ᠡᠷᠢᠬᠦ ᠪᠡᠷ  
         ᠰᠠᠢᠨ ᠢ᠋ ᠡᠷᠢᠭᠰᠡᠨ ᠨᠢ ᠳᠡᠭᠡᠷ᠎ᠡ 

1426 ᠰᠠᠯᠠᠭ᠎ᠠ ᠶᠡᠬᠡᠲᠡᠢ ᠮᠣᠳᠣᠨ ᠳ᠋ᠤ᠌ ᠰᠢᠪᠠᠭᠤ ᠣᠯᠠᠨ  
         ᠰᠠᠨᠠᠭ᠎ᠠ ᠰᠠᠢᠲᠠᠢ ᠭᠡᠷ ᠲᠦ᠍ ᠵᠣᠴᠢᠨ ᠣᠯᠠᠨ 

1427 ᠰᠠᠯᠠᠩ ᠬᠥᠮᠦᠨ ᠶᠠᠭᠤᠮ᠎ᠠ ᠪᠠᠨ ᠭᠡᠭᠡᠨ᠎ᠡ  
         ᠰᠠᠯᠭ᠎ᠠ ᠬᠥᠮᠦᠨ ᠴᠠᠢ ᠪᠠᠨ ᠠᠰᠬᠠᠨ᠎ᠠ 

1428 ᠰᠠᠯᠠᠩ ᠬᠥᠮᠦᠨ ᠳ᠋ᠦ᠍ ᠰᠠᠪᠠ ᠬᠡᠷᠡᠭ ᠲᠡᠢ  
         ᠰᠠᠪᠠᠭ᠎ᠠ ᠦᠭᠡᠢ ᠨᠣᠬᠠᠢ ᠳ᠋ᠤ᠌ ᠤᠶᠠᠭ᠎ᠠ ᠬᠡᠷᠡᠭ ᠲᠡᠢ 

1429 ᠰᠠᠯᠠᠩ ᠬᠡᠦᠬᠡᠨ ᠰᠠᠮ ᠢ᠋ᠶ᠋ᠠᠨ ᠭᠡᠭᠡᠳᠡᠭ  
         ᠰᠠᠭᠠᠷ ᠡᠷ᠎ᠡ ᠰᠠᠭᠠᠳᠠᠭ ᠢ᠋ᠶ᠋ᠠᠨ ᠭᠡᠭᠡᠳᠡᠭ 

1430 ᠰᠠᠯᠠᠩ ᠳ᠋ᠤ᠌ ᠰᠠᠮᠪᠠᠭ᠎ᠠ ᠣᠯᠳᠠᠬᠤ ᠦᠭᠡᠢ  
         ᠰᠠᠭᠠᠷ ᠲᠤ ᠨᠡᠷ᠎ᠡ ᠣᠯᠳᠠᠬᠤ ᠦᠭᠡᠢ  

1431 ᠰᠠᠯᠬᠤ ᠭᠡᠳᠡᠭ ᠰᠠᠮᠠᠭᠤᠷᠠᠬᠤ ᠶ᠋ᠢᠨ ᠨᠡᠷ᠎ᠡ  
         ᠰᠠᠢᠷᠬᠠᠬᠤ ᠭᠡᠳᠡᠭ ᠳᠣᠷᠣᠢᠲᠠᠬᠤ ᠶ᠋ᠢᠨ ᠨᠡᠷ᠎ᠡ 

1432 ᠰᠠᠯᠬᠢ ᠭᠠᠷᠪᠠᠯ ᠰᠢᠭᠤᠷᠭ᠎ᠠ ᠪᠣᠯᠬᠤ  
         ᠰᠠᠮᠠᠭᠤᠨ ᠭᠠᠷᠪᠠᠯ ᠦᠢᠮᠡᠭᠡᠨ ᠪᠣᠯᠬᠤ 

1433 ᠰᠠᠯᠬᠢ — ᠬᠦᠷᠵᠡ ᠦᠭᠡᠢ ᠪᠠᠢᠲᠠᠯ᠎ᠠ 
                      ᠬᠡᠷᠡᠮ ᠨᠤᠷᠠᠭᠠᠨ᠎ᠠ  
         ᠰᠡᠳᠬᠢᠯ — ᠭᠣᠬ᠎ᠠ ᠦᠭᠡᠢ ᠪᠠᠢᠲᠠᠯ᠎ᠠ 
                      ᠬᠥᠮᠦᠨ ᠢ᠋ ᠳᠡᠭᠡᠭᠡᠳᠡᠨ᠎ᠡ   

1434 ᠰᠠᠯᠬᠢ ᠦᠭᠡᠢ ᠪᠣᠯ ᠳᠠᠪᠠᠯᠭ᠎ᠠ ᠬᠥᠳᠡᠯᠬᠦ ᠦᠭᠡᠢ  
         ᠰᠢᠯᠲᠠᠭ ᠦᠭᠡᠢ ᠪᠣᠯ ᠬᠡᠯᠡ ᠠᠮᠠ ᠭᠠᠷᠬᠤ ᠦᠭᠡᠢ  

1435 ᠰᠠᠯᠬᠢᠨ ᠠ᠋ᠴᠠ  
         ᠰᠠᠨᠠᠭ᠎ᠠ ᠬᠤᠷᠳᠤᠨ  

1436 ᠰᠠᠯᠬᠢᠨ ᠤ᠋ ᠳᠠᠷᠠᠭ᠎ᠠ ᠲᠤᠩᠭᠠᠯᠠᠭ  
         ᠰᠠᠮᠠᠭᠤᠷᠠᠯ ᠤ᠋ᠨ ᠡᠴᠦᠰ ᠲᠦᠪᠰᠢᠷᠡᠯ 

1437 ᠰᠠᠯᠬᠢᠨ ᠤ᠋ ᠰᠡᠭᠦᠯ ᠪᠣᠷᠣᠭ᠎ᠠ  
         ᠨᠠᠭᠠᠳᠤᠮ ᠤ᠋ᠨ ᠰᠡᠭᠦᠯ ᠬᠡᠷᠡᠭᠦᠯ  

1438 ᠰᠠᠮᠠᠭᠤᠨ ᠵᠠᠯᠢᠬᠠᠢ ᠳᠡᠭᠳᠡᠬᠦ ᠦᠭᠡᠢ ᠪᠣᠯ  
         ᠰᠠᠢᠨ ᠡᠷ᠎ᠡ ᠲᠣᠳᠣᠷᠠᠬᠤ ᠦᠭᠡᠢ  

1439 ᠰᠠᠮᠠᠭᠤᠨ ᠬᠥᠮᠦᠨ ᠲᠡᠢ ᠪᠤᠤ ᠤᠴᠠᠷᠠ  
         ᠰᠠᠨᠠᠭᠰᠠᠨ ᠪᠦᠷᠢ ᠶ᠋ᠢ ᠪᠤᠤ ᠢᠳᠡᠭᠡ  

1440 ᠰᠠᠮᠠᠭᠤᠨ ᠶᠠᠪᠤᠪᠠᠯ ᠥᠷᠢ ᠲᠡᠢ ᠪᠣᠯᠬᠤ 
         ᠱᠠᠯᠢᠭ ᠶᠠᠪᠤᠪᠠᠯ ᠡᠪᠡᠳᠴᠢᠲᠡᠢ ᠪᠣᠯᠬᠤ  

1441 ᠰᠠᠩ ᠬᠥᠮᠥᠷᠭᠡ ᠪᠡᠨ ᠬᠤᠯᠠᠭᠠᠢᠴᠢ ᠠ᠋ᠴᠠ  
         ᠰᠠᠢᠬᠠᠨ ᠣᠢ ᠪᠠᠨ ᠲᠦᠢᠮᠡᠷ ᠡᠴᠡ  

1442 ᠰᠠᠨᠠᠭ᠎ᠠ ᠪᠠᠢᠪᠠᠴᠤ ᠴᠢᠳᠠᠯ ᠦᠭᠡᠢ 
         ᠪᠡᠶ᠎ᠡ ᠪᠠᠢᠪᠠᠴᠤ ᠪᠢᠷ᠎ᠠ ᠦᠭᠡᠢ  

1443 ᠰᠠᠨᠠᠭ᠎ᠠ ᠪᠠᠢᠪᠠᠴᠤ  
         ᠰᠠᠴᠢᠢ ᠬᠦᠷᠬᠦ ᠦᠭᠡᠢ 

1444 ᠰᠠᠨᠠᠭ᠎ᠠ ᠵᠠᠶᠠᠭ᠎ᠠ ᠲᠡᠩᠴᠡᠳᠡᠭ ᠦᠭᠡᠢ  
         ᠰᠠᠬᠠᠯ ᠬᠥᠮᠥᠰᠬᠡ ᠨᠡᠢᠯᠡᠳᠡᠭ ᠦᠭᠡᠢ   

1445 ᠰᠠᠨᠠᠭ᠎ᠠ ᠵᠠᠶᠠᠭ᠎ᠠ ᠬᠣᠶᠠᠷ  
         ᠨᠢᠭᠡ ᠵᠠᠮ ᠢ᠋ᠶ᠋ᠠᠷ ᠶᠠᠪᠤᠬᠤ ᠦᠭᠡᠢ  
         ᠰᠠᠬᠠᠯ ᠬᠥᠮᠥᠰᠬᠡ ᠬᠣᠶᠠᠷ  
         ᠨᠢᠭᠡ ᠳᠣᠣᠷ᠎ᠠ ᠤᠷᠭᠤᠳᠠᠭ ᠦᠭᠡᠢ  

1446 ᠰᠠᠨᠠᠭ᠎ᠠ ᠵᠥᠪ ᠪᠣᠯ  
          ᠵᠠᠶᠠᠭ᠎ᠠ ᠵᠥᠪ  

1447 ᠰᠠᠨᠠᠭ᠎ᠠ ᠮᠠᠭᠤᠲᠤ  
         ᠰᠢᠪᠡᠷ ᠳᠣᠲᠣᠷ ᠲᠠᠢ 

1448 ᠰᠠᠨᠠᠭ᠎ᠠ ᠮᠠᠭᠤᠲᠤ ᠲᠣᠲᠣᠷ᠎ᠠ ᠠ᠋ᠴᠠ ᠪᠠᠨ  
         ᠰᠠᠪᠠ ᠮᠠᠭᠤᠲᠤ ᠢᠷᠣᠭᠠᠷ ᠠ᠋ᠴᠠ ᠪᠠᠨ  

1449 ᠰᠠᠨᠠᠭ᠎ᠠ ᠮᠠᠭᠤᠲᠤ ᠶᠠᠪᠤᠨ ᠬᠠᠳᠠᠨ᠎ᠠ  
         ᠰᠠᠷᠢᠰᠤᠨ ᠪᠠᠭᠪᠠᠬᠠᠢ ᠨᠠᠷᠠᠨ ᠳ᠋ᠤ᠌ ᠬᠠᠳᠠᠨ᠎ᠠ  

1450 ᠰᠠᠨᠠᠭ᠎ᠠ ᠮᠠᠭᠤᠲᠠᠢ ᠬᠥᠮᠦᠨ ᠦᠬᠦᠲᠡᠯ᠎ᠡ ᠪᠡᠨ ᠵᠣᠪᠠᠨ᠎ᠠ  
         ᠤᠨᠤᠭ᠎ᠠ ᠮᠠᠭᠤᠲᠠᠢ ᠬᠥᠮᠦᠨ ᠬᠦᠷᠲᠡᠯ᠎ᠡ ᠪᠡᠨ ᠵᠣᠪᠠᠨ᠎ᠠ  

1451 ᠰᠠᠨᠠᠭ᠎ᠠ ᠮᠠᠭᠤᠲᠠᠢ ᠬᠥᠮᠦᠨ ᠡᠴᠡ  
         ᠰᠠᠳᠤᠨ ᠴᠦ᠍ ᠭᠡᠰᠡᠨ ᠬᠥᠨᠳᠡᠢᠷᠡᠳᠡᠭ  

1452 ᠰᠠᠨᠠᠭ᠎ᠠ ᠨᠢ ᠳᠡᠯᠡᠬᠡᠢ 
         ᠴᠢᠳᠠᠯ ᠨᠢ ᠮᠡᠯᠡᠬᠡᠢ  

1453 ᠰᠠᠨᠠᠭ᠎ᠠ ᠨᠢ ᠰᠠᠷᠢᠳᠠᠭ ᠲᠤ  
         ᠬᠥᠯ ᠨᠢ ᠬᠥᠨᠵᠢᠯᠡ ᠳ᠋ᠡᠭᠡᠨ  

1454 ᠰᠠᠨᠠᠭ᠎ᠠ ᠨᠢ ᠰᠣᠬᠣᠷ ᠪᠣᠯ  
         ᠨᠢᠳᠦ ᠨᠢ ᠰᠣᠬᠣᠷ  

1455 ᠰᠠᠨᠠᠭᠠᠨ ᠠ᠋ᠴᠠ ᠬᠡᠷᠡᠭ ᠪᠦᠲᠦᠳᠡᠭ  
         ᠰᠠᠷᠬᠤᠳ ᠠ᠋ᠴᠠ ᠬᠡᠷᠡᠭ ᠭᠠᠷᠳᠠᠭ  

1456 ᠰᠠᠨᠠᠭᠠᠨ ᠤ᠋ ᠮᠥᠰᠥ ᠶ᠋ᠢ 
         ᠰᠡᠳᠬᠢᠯ ᠦ᠋ᠨ ᠣᠴᠢ ᠬᠠᠢᠯᠤᠭᠤᠯᠤᠨ᠎ᠠ 
         ᠰᠠᠨᠠᠭᠠᠨ ᠤ᠋ ᠡᠪᠡᠳᠴᠢᠨ ᠢ᠋  
         ᠰᠡᠳᠬᠢᠯ ᠦ᠋ᠨ ᠡᠮ ᠡᠳᠡᠭᠡᠷᠡᠭᠦᠯᠦᠨ᠎ᠡ  

1457 ᠰᠠᠨᠠᠭᠠᠨ ᠤ᠋ ᠮᠠᠭᠤ ᠪᠠᠷ ᠵᠠᠶᠠᠭ᠎ᠠ ᠪᠠᠨ ᠪᠠᠷᠠᠨ᠎ᠠ  
         ᠰᠠᠪᠠᠨ ᠤ᠋ ᠮᠠᠭᠤ ᠪᠠᠷ ᠢᠳᠡᠭᠡᠨ ᠢ᠋ᠶ᠋ᠡᠨ ᠪᠠᠷᠠᠨ᠎ᠠ  

1458 ᠰᠠᠨᠠᠭᠠᠲᠤ ᠬᠥᠮᠦᠨ ᠳ᠋ᠦ᠍ ᠰᠡᠵᠢᠭ ᠣᠯᠠᠨ  
         ᠰᠠᠢᠨ ᠮᠣᠷᠢᠨ ᠳ᠋ᠤ᠌ ᠭᠠᠵᠠᠷ ᠣᠢᠷ᠎ᠠ  

1459 ᠰᠠᠨᠠᠵᠤ ᠶᠠᠪᠤᠪᠠᠯ ᠪᠦᠲᠦᠳᠡᠭ  
         ᠰᠠᠵᠢᠯᠠᠵᠤ ᠶᠠᠪᠤᠪᠠᠯ ᠬᠦᠷᠳᠡᠭ  

1460 ᠰᠠᠨᠠᠭᠰᠠᠨ ᠪᠦᠷᠢ ᠶ᠋ᠢ ᠪᠤᠤ ᠶᠠᠷᠢ 
         ᠰᠠᠯᠬᠤ ᠤᠴᠠᠷᠠᠬᠤ ᠳ᠋ᠤ᠌ ᠪᠤᠤ ᠭᠣᠮᠣᠳᠠ  

1461 ᠰᠠᠨᠠᠭᠰᠠᠨ ᠰᠠᠨᠠᠭ᠎ᠠ ᠬᠤᠳᠠᠯᠴᠢ  
         ᠰᠠᠬᠢᠭᠰᠠᠨ ᠪᠤᠷᠬᠠᠨ ᠦᠨᠡᠨᠴᠢ  

1462 ᠰᠠᠨᠠᠭᠰᠠᠨ ᠰᠠᠨᠠᠭ᠎ᠠ ᠴᠥᠭᠦᠷᠡᠵᠦ 
         ᠬᠠᠷᠠᠭᠰᠠᠨ ᠨᠢᠳᠦ ᠬᠥᠬᠡᠷᠡᠬᠦ  

1463 ᠰᠠᠨᠠᠭᠰᠠᠨ ᠬᠥᠮᠦᠨ ᠦ᠌ ᠰᠡᠳᠬᠢᠯ ᠨᠢᠭᠡ 
         ᠰᠠᠭᠠᠳᠠᠭ ᠨᠤᠮᠤ ᠶ᠋ᠢᠨ ᠬᠥᠪᠴᠢ ᠨᠢ ᠨᠢᠭᠡ 

1464 ᠰᠠᠨᠠᠭᠰᠠᠨ ᠬᠡᠷᠡᠭ ᠢ᠋ᠶ᠋ᠡᠨ ᠪᠤᠤ ᠣᠷᠭᠢ  
         ᠰᠠᠷᠪᠠᠢᠭᠰᠠᠨ ᠭᠠᠷ ᠢ᠋ᠶ᠋ᠠᠨ ᠪᠤᠤ ᠲᠡᠳᠡ 

1465 ᠰᠠᠨᠠᠭᠰᠠᠨ ᠢ᠋ᠶ᠋ᠠᠨ ᠬᠦᠰᠡᠬᠦ 
         ᠰᠠᠷᠪᠠᠢᠭᠰᠠᠨ ᠢ᠋ᠶ᠋ᠠᠨ ᠠᠪᠬᠤ 

1466 ᠰᠠᠨᠠᠬᠤ ᠠ᠋ᠴᠠ ᠰᠠᠨᠠᠭ᠎ᠠ ᠬᠤᠷᠳᠤᠨ 
         ᠬᠠᠷᠠᠬᠤ ᠠ᠋ᠴᠠ ᠨᠢᠳᠦ ᠬᠤᠷᠳᠤᠨ  

1467 ᠰᠠᠨᠠᠰᠢ ᠦᠭᠡᠢ ᠰᠠᠨᠠᠭ᠎ᠠ ᠰᠠᠭᠤᠪᠠᠰᠤ 
         ᠰᠠᠯᠤᠰᠢ ᠦᠭᠡᠢ ᠡᠪᠡᠳᠴᠢᠨ ᠣᠯᠬᠤ  

1468 ᠰᠠᠨᠸᠠᠷ ᠦᠭᠡᠢ ᠯᠠᠮᠠ ᠰᠠᠮᠠᠭᠤᠨ 
         ᠰᠠᠬᠢᠯᠭ᠎ᠠ ᠦᠭᠡᠢ ᠨᠣᠶᠠᠨ ᠵᠢᠷᠤᠮ ᠦᠭᠡᠢ  

1469 ᠰᠠᠩ ᠤ᠋ᠨ ᠭᠡᠷ ᠦ᠋ᠨ ᠡᠭᠦᠳᠡᠨ ᠳ᠋ᠦ᠍ 
         ᠰᠠᠢᠬᠠᠨ ᠳ᠋ᠧᠩᠯᠦ ᠬᠡᠷᠡᠭ ᠦᠭᠡᠢ 
         ᠰᠠᠢᠨ ᠢ᠋ ᠮᠡᠳᠡᠬᠦ ᠦᠭᠡᠢ ᠬᠥᠮᠦᠨ ᠳ᠋ᠦ᠍  
         ᠰᠠᠢᠬᠠᠨ ᠰᠡᠳᠬᠢᠯ ᠬᠡᠷᠡᠭ ᠦᠭᠡᠢ  

1470 ᠰᠠᠨᠳᠤᠷᠬᠤ ᠳ᠋ᠤ᠌ ᠰᠠᠭᠠᠳ ᠣᠯᠠᠨ 
         ᠶᠠᠭᠠᠷᠠᠤ ᠳ᠋ᠤ᠌ ᠶᠠᠷᠰᠢᠭ ᠣᠯᠠᠨ  

1471 ᠰᠠᠨᠳᠤᠷᠬᠤ ᠳ᠋ᠤ᠌ ᠰᠠᠮᠪᠠᠭ᠎ᠠ ᠣᠷᠣᠵᠤ 
         ᠠᠶᠤᠬᠤ ᠳ᠋ᠤ᠌ ᠠᠷᠭ᠎ᠠ ᠡᠭᠦᠰᠦᠨ᠎ᠡ  

1472 ᠰᠠᠷᠠ ᠰᠠᠷᠠᠭᠤᠯ ᠪᠠᠢᠪᠠᠴᠤ 
         ᠡᠳᠦᠷ ᠲᠡᠢ ᠠᠳᠠᠯᠢ ᠦᠭᠡᠢ 
         ᠰᠠᠳᠤᠨ ᠠᠷᠪᠢᠨ ᠪᠣᠯᠪᠠᠴᠤ  
         ᠡᠬᠡ ᠲᠡᠢ ᠠᠳᠠᠯᠢ ᠦᠭᠡᠢ  

1473 ᠰᠠᠷᠠ ᠬᠦᠷᠢᠶᠡᠯᠡᠪᠡᠯ 
         ᠴᠠᠰᠤ ᠪᠣᠷᠣᠭ᠎ᠠ ᠣᠷᠣᠨ᠎ᠠ  
         ᠨᠠᠷᠠ ᠬᠦᠷᠢᠶᠡᠯᠡᠪᠡᠯ 
         ᠰᠠᠯᠬᠢ ᠰᠢᠭᠤᠷᠭ᠎ᠠ ᠭᠠᠷᠤᠨ᠎ᠠ  

1474 ᠰᠠᠷᠠ ᠦᠭᠡᠢ ᠰᠥᠨᠢ ᠬᠠᠷᠠᠩᠭᠤᠢ 
         ᠬᠠᠨᠢ ᠦᠭᠡᠢ ᠬᠥᠮᠦᠨ ᠲᠡᠨᠦᠮᠡᠬᠡᠢ 

1475 ᠰᠠᠷᠯᠤᠭ ᠤ᠋ᠨ ᠲᠣᠯᠣᠭᠠᠢ ᠳ᠋ᠤ᠌  
         ᠬᠠᠵᠠᠭᠠᠷ ᠬᠡᠷᠡᠭ ᠦᠭᠡᠢ 
         ᠱᠠᠯᠢᠭ ᠬᠥᠮᠦᠨ ᠳ᠋ᠦ᠍ 
         ᠡᠳ᠋ ᠬᠡᠷᠡᠭ ᠦᠭᠡᠢ 

1476 ᠰᠠᠷᠯᠤᠭ ᠲᠤ᠌ ᠡᠮᠡᠭᠡᠯ ᠵᠣᠬᠢᠬᠤ ᠦᠭᠡᠢ 
         ᠰᠠᠪᠰᠠᠭ ᠲᠤ᠌ ᠠᠷᠢᠬᠢ ᠵᠣᠬᠢᠬᠤ ᠦᠭᠡᠢ 

1477 ᠰᠠᠷᠮᠠᠭᠴᠢᠨ ᠬᠥᠮᠦᠨ ᠢ᠋ ᠦᠵᠡᠭᠡᠳ  
         ᠰᠡᠭᠦᠯ ᠦᠭᠡᠢ ᠭᠡᠵᠦ ᠳᠣᠭᠣᠭᠢᠯᠠᠬᠤ

1478 ᠰᠠᠷᠠᠨ ᠤ᠋ ᠭᠡᠷᠡᠯ ᠳ᠋ᠦ᠍ 
         ᠴᠢᠨᠣ᠎ᠠ ᠳᠤᠷ᠎ᠠ ᠦᠭᠡᠢ 
         ᠰᠠᠢᠨ ᠨᠣᠬᠠᠢ ᠳ᠋ᠤ᠌ 
         ᠬᠤᠯᠠᠭᠠᠢᠴᠢ ᠳᠤᠷ᠎ᠠ ᠦᠭᠡᠢ

1479 ᠰᠠᠷᠠᠨ ᠤ᠋ ᠭᠡᠷᠡᠯ ᠢ᠋ ᠡᠭᠦᠯᠡ ᠬᠠᠯᠬᠠᠯᠠᠨ᠎ᠠ 
         ᠰᠠᠷᠠᠭᠤᠯ ᠪᠣᠳᠣᠯ ᠢ᠋ ᠠᠭᠤᠷ ᠬᠠᠯᠬᠠᠯᠠᠨ᠎ᠠ

1480 ᠰᠠᠷᠠᠭᠤᠯ ᠲᠠᠯ᠎ᠠ ᠪᠠᠢᠪᠠᠴᠤ 
         ᠰᠢᠪᠡᠷ ᠢ᠋ ᠨᠢ ᠮᠡᠳᠡ 
         ᠰᠠᠢᠬᠠᠨ ᠢᠨᠠᠭ ᠪᠠᠢᠪᠠᠴᠤ 
         ᠰᠠᠨᠠᠭ᠎ᠠ ᠶ᠋ᠢ  ᠨᠢ ᠮᠡᠳᠡ

1481 ᠰᠠᠷᠬᠤᠳ ᠰᠠᠪᠠ ᠠ᠋ᠴᠠ ᠪᠠᠨ  
         ᠪᠤᠰᠤᠳ ᠢ᠋ ᠳᠡᠢᠯᠦᠨ᠎ᠡ 
         ᠰᠠᠷᠠ ᠥᠪᠡᠷ ᠡᠴᠡ ᠪᠡᠨ 
         ᠪᠤᠰᠤᠳ ᠢ᠋ ᠬᠠᠷᠠᠨ᠎ᠠ 

1482 ᠰᠠᠬᠠᠯ ᠨᠢ ᠤᠷᠲᠤ 
         ᠰᠠᠨᠠᠭ᠎ᠠ ᠨᠢ ᠪᠣᠭᠣᠨᠢ 

1483 ᠰᠠᠬᠢᠯ ᠢ᠋ ᠬᠠᠶᠠᠭᠰᠠᠨ ᠯᠠᠮᠠ ᠱᠠᠰᠢᠨ ᠤ᠋ ᠪᠤᠭ 
         ᠰᠠᠳᠤᠷ ᠶᠠᠪᠤᠭᠰᠠᠨ ᠡᠮ᠎ᠡ ᠭᠡᠷ ᠦ᠋ᠨ ᠪᠤᠭ 

1484 ᠰᠠᠬᠢᠯᠭ᠎ᠠ ᠦᠭᠡᠢᠳᠡᠵᠦ ᠰᠤᠷᠬᠤ ᠪᠠᠷ 
         ᠰᠠᠨᠳᠠᠯᠢ ᠬᠠᠲᠠᠵᠤ ᠰᠤᠷ 

1485 ᠰᠡᠢᠮᠡᠬᠡᠢ ᠴᠦ᠍ ᠪᠣᠯᠤᠭᠰᠠᠨ ᠭᠡᠷ ᠮᠢᠨᠢ 
         ᠰᠡᠭᠰᠡᠭᠡᠷ ᠴᠦ᠍ ᠭᠡᠰᠡᠨ ᠡᠵᠢ ᠮᠢᠨᠢ 

1486 ᠰᠣᠭᠲᠣᠭᠤ ᠬᠥᠮᠦᠨ ᠪᠠᠷᠳᠠᠮ ᠣᠮᠣᠭ ᠲᠠᠢ 
         ᠰᠣᠭᠲᠣᠭᠤ ᠪᠠᠨ ᠭᠠᠷᠬᠤᠯᠠᠷ ᠰᠤᠯᠠᠬᠠᠨ ᠳᠠᠭᠤ ᠲᠠᠢ  

1487 ᠰᠣᠭᠲᠣᠭᠤ ᠬᠥᠮᠦᠨ ᠳ᠋ᠦ᠍ 
         ᠠᠷᠢᠬᠢ ᠪᠤᠤ ᠦᠵᠡᠭᠦᠯ 
         ᠰᠣᠬᠣᠷ ᠦᠬᠡᠷ ᠲᠦ᠍  
         ᠬᠤᠳᠳᠤᠭ ᠪᠤᠤ ᠲᠠᠨᠢᠭᠤᠯ 

1488 ᠰᠣᠭᠲᠣᠭᠤ ᠳ᠋ᠤ᠌ ᠨᠢᠭᠤᠷ ᠦᠭᠡᠢ 
         ᠰᠣᠬᠣᠷ ᠲᠤ᠌ ᠵᠠᠮ ᠦᠭᠡᠢ  

1489 ᠰᠣᠶᠣᠯᠵᠢᠬᠤ ᠶ᠋ᠢᠨ ᠲᠤᠯᠠᠳᠠ ᠰᠤᠷᠤᠯᠴᠠᠬᠤ 
         ᠬᠥᠭᠵᠢᠬᠦ ᠶ᠋ᠢᠨ ᠲᠤᠯᠠᠳᠠ ᠬᠥᠳᠡᠯᠮᠦᠷᠢᠯᠡᠬᠦ 

1490 ᠰᠣᠢᠯᠭ᠎ᠠ ᠰᠠᠢᠲᠠᠢ ᠮᠣᠷᠢᠨ ᠤ᠋ ᠦᠰᠦ ᠨᠢ ᠥᠩᠭᠡ ᠲᠡᠢ 
         ᠰᠤᠷᠭᠠᠯ ᠰᠠᠢᠲᠠᠢ ᠬᠡᠦᠬᠡᠳ ᠦ᠋ᠨ ᠦᠭᠡ ᠨᠢ ᠠᠶ᠎ᠠ ᠲᠠᠢ

1491 ᠰᠣᠢᠯᠭ᠎ᠠ ᠦᠭᠡᠢ ᠮᠠᠯ ᠬᠠᠪᠤᠷ ᠲᠠᠭᠠᠨ ᠮᠠᠭᠤ 
         ᠰᠣᠷᠢᠯᠭ᠎ᠠ ᠦᠭᠡᠢ ᠪᠥᠬᠡ ᠪᠠᠷᠢᠯᠳᠤᠭᠠᠨ ᠳ᠋ᠤ᠌ ᠮᠠᠭᠤ  

1492 ᠰᠣᠯᠢᠯᠴᠠᠬᠤ ᠳ᠋ᠠᠭᠠᠨ ᠮᠡᠬᠡᠯᠡᠬᠦ ᠶ᠋ᠢ ᠣᠷᠣᠯᠳᠣᠬᠤ 
         ᠪᠠᠷᠢᠯᠳᠤᠬᠤ ᠳ᠋ᠠᠭᠠᠨ ᠬᠠᠶᠠᠬᠤ ᠶ᠋ᠢ ᠣᠷᠣᠯᠳᠣᠬᠤ 

 1493 ᠰᠣᠩᠭᠣᠮ (СОНГОМ) ᠪᠠᠶᠠᠨ— ᠰᠤᠷᠭᠠᠯ 
          ᠡᠷᠬᠢᠮ ᠪᠠᠶᠠᠨ— ᠡᠷᠳᠡᠮ  

1494 ᠰᠣᠨᠣᠰᠬᠤ ᠴᠢᠬᠢ 
         ᠦᠵᠡᠬᠦ ᠨᠢᠳᠦ 

1495 ᠰᠣᠨᠣᠰᠤᠭᠰᠠᠨ ᠠ᠋ᠴᠠ ᠦᠵᠡᠭᠰᠡᠨ ᠨᠢ ᠳᠡᠭᠡᠷ᠎ᠡ 
         ᠰᠠᠭᠤᠭᠰᠠᠨ ᠠ᠋ᠴᠠ ᠶᠠᠪᠤᠭᠰᠠᠨ ᠨᠢ ᠳᠡᠭᠡᠷ᠎ᠡ   

1496 ᠰᠣᠬᠣᠷ ᠮᠣᠷᠢ ᠵᠠᠮ ᠳ᠋ᠠᠭᠠᠨ ᠪᠦᠳᠦᠷᠢᠬᠦ 
         ᠰᠣᠭᠲᠣᠭᠤ ᠬᠥᠮᠦᠨ ᠠᠮᠢᠳᠤᠷᠠᠯ ᠳ᠋ᠠᠭᠠᠨ ᠪᠦᠳᠦᠷᠢᠬᠦ 

1497 ᠰᠣᠬᠣᠷ ᠮᠤᠤᠷ ᠲᠤ᠌ ᠦᠬᠦᠭᠰᠡᠨ ᠬᠤᠯᠤᠭᠠᠨ᠎ᠠ 
         ᠶᠠᠳᠠᠷᠠᠭᠰᠠᠨ ᠨᠣᠬᠠᠢ ᠳ᠋ᠤ᠌ ᠥᠭᠢᠷᠡᠭᠰᠡᠨ ᠶᠠᠰᠤ 

1498 ᠰᠣᠬᠣᠷ ᠨᠣᠬᠠᠢ ᠤᠯᠢᠶᠠᠴᠢ 
         ᠰᠣᠭᠲᠣᠭᠤ ᠬᠥᠮᠦᠨ ᠳᠠᠭᠤᠯᠠᠭᠠᠴᠢ 

1499 ᠰᠣᠬᠣᠷ ᠬᠥᠮᠦᠨ ᠬᠠᠷᠠᠬᠤ ᠶ᠋ᠢ ᠬᠦᠰᠡᠬᠦ 
         ᠳᠦᠯᠡᠢ ᠬᠥᠮᠦᠨ ᠲᠤᠭᠤᠯᠬᠤ ᠶ᠋ᠢ ᠬᠦᠰᠡᠬᠦ 

1500 ᠰᠣᠬᠣᠷ ᠬᠥᠮᠦᠨ ᠳ᠋ᠦ᠍ ᠡᠳᠦᠷ ᠰᠥᠨᠢ ᠠᠳᠠᠯᠢ 
         ᠰᠣᠭᠲᠣᠭᠤ ᠬᠥᠮᠦᠨ ᠳ᠋ᠦ᠍ ᠤᠰᠤ ᠴᠠᠢ ᠠᠳᠠᠯᠢ 


           ᠦᠰᠦᠭ ᠠᠮᠢᠯᠠᠭᠤᠯᠤᠭᠴᠢ᠄ ᠣᠶᠤᠨᠪᠠᠲᠤ᠂  ᠪᠠᠳᠮᠠᠰᠡᠴᠡᠨ᠂ ᠪᠠᠯ  
                 ᠬᠢᠨᠠᠭᠴᠢ᠄  ᠣᠳᠬᠤᠨᠴᠡᠴᠡᠭ᠂ ᠤᠢᠭᠤᠷᠵᠢᠨ ᠣᠳᠬᠣᠨ᠂ ᠪᠠᠯ