ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠰ  ᠶᠢᠨ ᠠᠢᠮᠠᠭ–1>Монгол зүйр цэцэн үгийн гураван мянган дээж – Д᠂Заяабаатар эмхэтгэв <Сийн аймаг 1 > ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠰ  ᠶᠢᠨ ᠠᠢᠮᠠᠭ–1>Монгол зүйр цэцэн үгийн гураван мянган дээж – Д᠂Заяабаатар эмхэтгэв <Сийн аймаг 1 >

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠰ  ᠶᠢᠨ ᠠᠢᠮᠠᠭ–1>Монгол зүйр цэцэн үгийн гураван мянган дээж – Д᠂Заяабаатар эмхэтгэв <Сийн аймаг 1 >

2024-08-31

756


        - ᠰ (C) - 

1308 ᠰᠠᠭᠠᠳᠠᠭ ᠨᠤᠮᠤ ᠡᠷ᠎ᠡ ᠶ᠋ᠢᠨ ᠴᠢᠮᠡᠭ  
         ᠰᠠᠨᠵᠢᠯᠭ᠎ᠠ ᠰᠦᠢᠬᠡ ᠡᠮ᠎ᠡ ᠶ᠋ᠢᠨ ᠴᠢᠮᠡᠭ 

1309 ᠰᠠᠭᠠᠳᠠᠭ ᠲᠠᠢ ᠨᠤᠮᠤ  
         ᠰᠠᠯᠬᠢᠨ ᠠ᠋ᠴᠠ ᠭᠠᠵᠢᠳᠠᠭ 
         ᠰᠠᠢᠨ ᠬᠥᠮᠦᠨ ᠦ᠌ ᠦᠷ᠎ᠡ  
         ᠰᠠᠨᠠᠭᠠᠨ ᠠ᠋ᠴᠠ ᠪᠠᠨ ᠭᠠᠵᠢᠳᠠᠭ ᠦᠭᠡᠢ  

1310 ᠰᠠᠭᠠᠯᠢ ᠪᠠᠨ ᠪᠠᠵᠠᠭᠠᠬᠤ ᠪᠠᠷ 
         ᠰᠠᠪᠠ ᠪᠠᠨ ᠪᠠᠵᠠᠭ᠎ᠠ  

1311 ᠰᠠᠪᠠ ᠳᠦᠭᠦᠷᠡᠩ ᠢᠳᠡᠭᠡ ᠲᠡᠢ  
         ᠰᠠᠨᠠᠭ᠎ᠠ ᠳᠦᠭᠦᠷᠡᠩ ᠵᠢᠷᠭᠠᠯ ᠲᠠᠢ  

1312 ᠰᠠᠪᠠ ᠶᠢᠷᠲᠢᠨᠴᠦ ᠬᠢᠵᠠᠭᠠᠷ ᠦᠭᠡᠢ 
         ᠰᠠᠨᠠᠭ᠎ᠠ ᠪᠣᠳᠣᠯ ᠦᠵᠦᠭᠦᠷ ᠦᠭᠡᠢ  

1313 ᠰᠠᠪᠠ ᠨᠢ ᠲᠣᠮᠣ ᠪᠣᠯ 
         ᠰᠠᠭᠠᠯᠢ ᠨᠢ ᠠᠷᠪᠢᠨ   

1314 ᠰᠠᠪᠠ ᠰᠠᠪᠠᠨ ᠠ᠋ᠴᠠ ᠪᠠᠨ ᠬᠣᠵᠢᠳᠠᠳᠠᠭ ᠦᠭᠡᠢ 
         ᠰᠠᠮᠪᠠᠢ ᠬᠠᠳᠠᠭ ᠠ᠋ᠴᠠ ᠪᠠᠨ ᠳᠤᠲᠠᠳᠠᠭ ᠦᠭᠡᠢ  

1315 ᠰᠠᠪᠠ ᠬᠣᠭᠣᠰᠣᠨ ᠪᠤᠴᠠᠭᠠᠳᠠᠭ ᠦᠭᠡᠢ 
         ᠰᠠᠪᠰᠠᠭ ᠦᠭᠡ ᠬᠡᠯᠡᠳᠡᠭ ᠦᠭᠡᠢ  

1316 ᠰᠠᠪᠠᠭ᠎ᠠ ᠦᠭᠡᠢ ᠨᠣᠬᠠᠢ 
         ᠰᠠᠷᠠᠨ ᠳ᠋ᠤ᠌ ᠬᠤᠴᠠᠬᠤ  

1317 ᠰᠠᠪᠠᠭ᠎ᠠ ᠦᠭᠡᠢ ᠲᠣᠭᠯᠠᠭᠠᠮ ᠪᠤᠤ ᠲᠣᠭᠯᠠ 
         ᠰᠠᠨᠠᠮᠰᠠᠷ ᠦᠭᠡᠢ ᠦᠭᠡ ᠪᠤᠤ ᠬᠡᠯᠡ  

1318 ᠰᠠᠪᠠᠭ᠎ᠠ ᠦᠭᠡᠢ ᠬᠥᠮᠦᠨ ᠦ᠌ 
         ᠰᠠᠨᠠᠭ᠎ᠠ ᠲᠠᠷᠭᠤᠨ  

1319 ᠰᠠᠪᠠᠭ᠎ᠠ ᠦᠭᠡᠢ ᠶᠠᠭᠤᠮᠠᠨ ᠳ᠋ᠤ᠌ ᠰᠠᠪᠠᠴᠢᠵᠤ   
         ᠰᠡᠮᠡᠵᠡᠨ ᠦ᠌ ᠪᠡᠨ ᠲᠣᠰᠣ ᠶ᠋ᠢ ᠪᠠᠷᠠᠬᠤ  

1320 ᠰᠠᠪᠠᠷ ᠰᠠᠢᠨ ᠴᠦ᠍  
         ᠠᠷᠤᠭ ᠮᠠᠭᠤ ᠪᠣᠯ ᠨᠡᠮᠡᠷᠢ ᠦᠭᠡᠢ  

1321 ᠰᠠᠪᠠᠨ ᠤ᠋ ᠭᠬᠢᠷ ᠡᠴᠡ 
         ᠰᠠᠨᠠᠭᠠᠨ ᠤ᠋ ᠭᠬᠢᠷ ᠬᠡᠴᠡᠭᠦᠦ  

1322 ᠰᠠᠪᠠᠨ ᠤ᠋ ᠴᠡᠪᠡᠷ ᠨᠢ ᠭᠠᠳᠠᠨ᠎ᠠ ᠪᠠᠨ 
         ᠰᠠᠨᠠᠭᠠᠨ ᠤ᠋ ᠴᠡᠪᠡᠷ ᠨᠢ ᠳᠣᠲᠣᠷ᠎ᠠ ᠪᠠᠨ  

1323 ᠰᠠᠭᠯᠠᠭᠠᠷ ᠮᠣᠳᠣ ᠠᠭᠤᠯᠠ ᠶ᠋ᠢᠨ ᠴᠢᠮᠡᠭ 
         ᠰᠠᠢᠬᠠᠨ ᠬᠡᠦᠬᠡᠨ ᠭᠡᠷ ᠦ᠋ᠨ ᠴᠢᠮᠡᠭ   

1324 ᠰᠠᠭᠰᠠᠭᠤᠷᠠᠵᠤ ᠪᠠᠢᠭᠠᠳ ᠣᠰᠣᠯᠳᠠᠬᠤ 
         ᠰᠠᠨᠳᠠᠢᠯᠠᠵᠤ ᠪᠠᠢᠭᠠᠳ ᠤᠨᠠᠬᠤ  

1325 ᠰᠠᠳᠤᠨ ᠲᠠᠢ ᠬᠥᠮᠦᠨ 
         ᠰᠠᠯᠠᠭ᠎ᠠ ᠲᠠᠢ ᠮᠣᠳᠣ  

1326 ᠰᠠᠳᠤᠷ ᠰᠠᠮᠠᠭᠤᠨ ᠶᠠᠪᠤᠪᠠᠯ  
         ᠰᠠᠢᠨ ᠨᠡᠷ᠎ᠡ ᠪᠡᠨ ᠠᠯᠳᠠᠨ᠎ᠠ   

1327 ᠰᠠᠳᠤᠷ ᠡᠮ᠎ᠡ ᠭᠡᠷ ᠪᠤᠵᠠᠷᠯᠠᠨ᠎ᠠ 
         ᠰᠢᠷᠪᠠᠭ᠎ᠠ ᠥᠯᠥᠭᠴᠢᠨ ᠬᠣᠲᠠ ᠪᠤᠵᠠᠷᠯᠠᠨ᠎ᠠ   

1328 ᠰᠠᠢᠳ ᠦᠭᠡᠢ ᠳ᠋ᠦ᠍ 
         ᠰᠠᠢᠨ ᠡᠪᠦᠭᠡᠨ ᠰᠠᠢᠳ  

1329 ᠰᠠᠢᠵᠢᠷᠠᠨ ᠳᠡᠭᠡᠭᠰᠢᠯᠡᠬᠦ ᠶ᠋ᠢ ᠬᠦᠰᠡᠭᠴᠢᠳ 
         ᠵᠠᠯᠠᠭᠤ ᠠ᠋ᠴᠠ ᠪᠠᠨ ᠡᠷᠳᠡᠮ ᠰᠤᠷ  

1330 ᠰᠠᠢᠨ ᠠᠬ᠎ᠠ ᠳᠡᠭᠦᠦ 
         ᠮᠢᠩᠭ᠎ᠠ ᠪᠠᠢᠭᠰᠠᠨ ᠴᠦ᠍ ᠠᠷᠪᠢᠳᠠᠬᠤ ᠦᠭᠡᠢ 
         ᠮᠠᠭᠤ ᠠᠬ᠎ᠠ ᠳᠡᠭᠦᠦ 
         ᠨᠢᠭᠡ ᠪᠠᠢᠭᠰᠠᠨ ᠴᠦ᠍ ᠪᠠᠭᠠᠳᠠᠬᠤ ᠦᠭᠡᠢ  

1331 ᠰᠠᠢᠨ ᠪᠣᠯᠵᠤ ᠭᠡᠪᠡᠯ ᠪᠢ ᠬᠢᠭᠰᠡᠨ ᠭᠡᠳ 
         ᠰᠠᠭᠠᠷ ᠪᠣᠯᠵᠤ ᠭᠡᠪᠡᠯ ᠲᠡᠷᠡ ᠬᠢᠭᠰᠡᠨ ᠭᠡᠬᠦ  

1332 ᠰᠠᠢᠨ ᠪᠡᠷᠭᠡᠨ ᠡᠵᠢ ᠮᠡᠲᠦ 
         ᠰᠠᠢᠨ ᠪᠡᠷᠢ ᠬᠡᠦᠬᠡᠨ ᠮᠡᠲᠦ   

1333 ᠰᠠᠢᠨ ᠭᠡᠳᠡᠭ ᠨᠢ ᠪᠡᠶ᠎ᠡ ᠳ᠋ᠡᠭᠡᠨ 
         ᠰᠠᠢᠬᠠᠨ ᠭᠡᠳᠡᠭ ᠨᠢ ᠵᠢᠰᠦᠨ ᠳ᠋ᠡᠭᠡᠨ  

1334 ᠰᠠᠢᠨ ᠭᠡᠷᠡᠴᠢ ᠤᠷᠤᠭᠤᠯ ᠳ᠋ᠠᠭᠠᠨ ᠲᠣᠰᠣ ᠲᠠᠢ 
         ᠮᠠᠭᠤ ᠭᠡᠷᠡᠴᠢ ᠪᠥᠭᠰᠡᠨ ᠳ᠋ᠡᠭᠡᠨ ᠲᠠᠰᠢᠭᠤᠷ ᠲᠠᠢ 

1335 ᠰᠠᠢᠨ ᠳᠠᠷᠬᠠᠨ ᠭᠠᠷ ᠢ᠋ᠶ᠋ᠠᠨ ᠴᠣᠬᠢᠳᠠᠭ ᠦᠭᠡᠢ 
         ᠰᠠᠢᠨ ᠣᠶᠣᠳᠠᠯᠴᠢᠨ ᠤᠲᠠᠰᠤ ᠪᠠᠨ ᠵᠠᠩᠭᠢᠳᠳᠠᠭ ᠦᠭᠡᠢ  

1336 ᠰᠠᠢᠨ ᠮᠣᠷᠢ ᠵᠠᠮ ᠤ᠋ᠨ ᠬᠠᠨᠢ 
         ᠰᠠᠢᠨ ᠡᠬᠡᠨᠡᠷ ᠨᠠᠰᠤᠨ ᠤ᠋ ᠬᠠᠨᠢ  

1337 ᠰᠠᠢᠨ ᠮᠣᠷᠢ ᠰᠠᠯᠬᠢᠰᠠᠭ  
         ᠰᠠᠢᠨ ᠡᠷ᠎ᠡ ᠨᠠᠢᠷᠰᠠᠭ   

1338 ᠰᠠᠢᠨ ᠮᠣᠷᠢ ᠴᠢᠬᠢᠨ ᠳ᠋ᠡᠭᠡᠨ 
         ᠰᠠᠢᠨ ᠡᠷ᠎ᠡ ᠨᠢᠳᠦᠨ ᠳ᠋ᠡᠭᠡᠨ  

1339 ᠰᠠᠢᠨ ᠮᠣᠷᠢ ᠡᠮᠡᠭᠡᠯ ᠪᠢᠰᠢ 
         ᠰᠠᠢᠬᠠᠨ ᠴᠢᠷᠠᠢ ᠳᠡᠪᠡᠯ ᠪᠢᠰᠢ  

1340 ᠰᠠᠢᠨ ᠮᠣᠷᠢ ᠡᠴᠡᠬᠦ ᠦᠭᠡᠢ 
         ᠰᠠᠢᠨ ᠬᠥᠮᠦᠨ ᠭᠤᠲᠤᠬᠤ ᠦᠭᠡᠢ  

1341 ᠰᠠᠢᠨ ᠮᠣᠷᠢ ᠶ᠋ᠢ ᠭᠤᠷᠪᠠ ᠭᠤᠶᠠᠳᠠᠪᠠᠯ ᠰᠢᠷᠪᠠᠭ᠎ᠠ ᠪᠣᠯᠬᠤ  
         ᠰᠠᠢᠨ ᠦᠭᠡ ᠶ᠋ᠢ ᠭᠤᠷᠪᠠ ᠬᠡᠯᠡᠪᠡᠯ ᠴᠠᠯᠴᠢᠶ᠎ᠠ ᠪᠣᠯᠬᠤ  

1342 ᠰᠠᠢᠨ ᠮᠣᠷᠢ ᠶ᠋ᠢ ᠲᠠᠰᠢᠭᠤᠷᠳᠠᠭᠰᠠᠭᠠᠷ ᠬᠠᠱᠠᠩ ᠪᠣᠯᠭᠠᠬᠤ 
         ᠰᠠᠢᠨ ᠬᠥᠮᠦᠨ ᠢ᠋ ᠵᠥᠭᠡᠭᠰᠡᠭᠡᠷ ᠮᠠᠭᠤ ᠪᠣᠯᠭᠠᠬᠤ  

1343 ᠰᠠᠢᠨ ᠮᠣᠷᠢᠨ ᠳ᠋ᠤ᠌ ᠭᠠᠭᠴᠠ ᠡᠮᠡᠭᠡᠯ 
         ᠰᠠᠢᠨ ᠬᠡᠦᠬᠡᠨ ᠳ᠋ᠦ᠍ ᠨᠢᠭᠡ ᠡᠷ᠎ᠡ  

1344 ᠰᠠᠢᠨ ᠮᠣᠷᠢᠨ ᠳ᠋ᠤ᠌ ᠡᠵᠡᠨ ᠣᠯᠠᠨ 
         ᠰᠠᠢᠨ ᠬᠥᠮᠦᠨ ᠳ᠋ᠦ᠍ ᠨᠥᠬᠥᠷ ᠣᠯᠠᠨ  

1345 ᠰᠠᠢᠨ ᠮᠠᠭᠤ ᠦᠭᠡ ᠶ᠋ᠢ ᠢᠯᠭᠠᠵᠤ ᠰᠤᠷ 
         ᠬᠠᠷ᠎ᠠ ᠴᠠᠭᠠᠨ ᠬᠡᠷᠡᠭ ᠢ᠋ ᠰᠠᠯᠭᠠᠵᠤ ᠰᠤᠷ  

1346 ᠰᠠᠢᠨ ᠮᠠᠭᠤ ᠬᠣᠶᠠᠷ ᠰᠡᠳᠬᠢᠯ ᠢ᠋ᠶ᠋ᠡᠷ ᠢ᠋ᠶ᠋ᠡᠨ ᠢᠯᠭᠠᠷᠠᠬᠤ 
         ᠲᠤᠰᠠ ᠬᠣᠣᠷ ᠬᠣᠶᠠᠷ ᠦᠢᠯᠡ ᠪᠡᠷ ᠢ᠋ᠶ᠋ᠡᠨ ᠢᠯᠭᠠᠷᠠᠬᠤ  

1347 ᠰᠠᠢᠨ ᠮᠠᠭᠤ ᠢᠯᠭᠠᠪᠤᠷᠢ ᠲᠠᠢ 
         ᠰᠠᠢᠳ ᠲᠦᠰᠢᠮᠡᠳ ᠬᠡᠮᠵᠢᠶ᠎ᠡ ᠲᠡᠢ 

1348 ᠰᠠᠢᠨ ᠮᠠᠭᠤ ᠶ᠋ᠢᠨ ᠰᠠᠪᠠ ᠨᠢᠭᠡ 
         ᠰᠠᠭᠠᠳᠠᠭ ᠨᠤᠮᠤ ᠶ᠋ᠢᠨ ᠬᠦᠴᠦ ᠨᠢᠭᠡ  

1349 ᠰᠠᠢᠨ ᠨᠣᠶᠠᠨ ᠭᠡᠭᠡᠨ ᠨᠠᠷᠠᠨ ᠮᠡᠲᠦ 
         ᠰᠠᠭᠠᠷ ᠨᠣᠶᠠᠨ ᠮᠤᠬᠤᠷ ᠬᠤᠴᠠ ᠮᠡᠲᠦ  

1350 ᠰᠠᠢᠨ ᠨᠣᠬᠠᠢ ᠬᠣᠲᠠ ᠪᠠᠨ ᠰᠠᠬᠢᠨ᠎ᠠ 
         ᠮᠠᠭᠤ ᠡᠮ᠎ᠡ ᠡᠭᠦᠳᠡ ᠭᠡᠰᠦᠨ᠎ᠡ   

1351 ᠰᠠᠢᠨ ᠨᠥᠬᠥᠷ ᠴᠢᠯᠠᠭᠤᠨ ᠬᠡᠷᠡᠮ ᠡᠴᠡ ᠴᠦ᠍ ᠪᠠᠲᠤ 
         ᠰᠠᠢᠨ ᠮᠣᠷᠢ ᠬᠠᠷᠴᠠᠭᠠᠢ ᠰᠢᠪᠠᠭᠤᠨ ᠠ᠋ᠴᠠ ᠴᠦ᠍ ᠬᠤᠷᠳᠤᠨ  

1352 ᠰᠠᠢᠨ ᠨᠢ ᠮᠠᠭᠤ ᠪᠠᠨ ᠳᠠᠷᠤᠯᠠᠨ᠎ᠠ 
         ᠮᠤᠤᠷ ᠬᠤᠯᠤᠭᠠᠨ᠎ᠠ ᠪᠠᠨ ᠳᠠᠷᠤᠯᠠᠨ᠎ᠠ  

1353 ᠰᠠᠢᠨ ᠨᠡᠷ᠎ᠡ ᠶ᠋ᠢ ᠠᠯᠳᠠᠪᠠᠯ 
         ᠮᠠᠭᠤ ᠨᠡᠷ᠎ᠡ ᠪᠠᠯᠠᠷᠠᠬᠤ ᠦᠭᠡᠢ  

1354 ᠰᠠᠢᠨ ᠨᠡᠷ᠎ᠡ ᠶ᠋ᠢ ᠬᠦᠰᠡᠪᠡᠴᠦ ᠣᠯᠬᠤ ᠳ᠋ᠤ᠌ ᠪᠡᠷᠬᠡ 
         ᠮᠠᠭᠤ ᠨᠡᠷ᠎ᠡ ᠶ᠋ᠢ ᠬᠤᠰᠤᠪᠠᠴᠤ ᠠᠷᠢᠯᠭᠠᠬᠤ ᠳ᠋ᠤ᠌ ᠪᠡᠷᠬᠡ  

1355 ᠰᠠᠢᠨ ᠰᠠᠨᠠᠭ᠎ᠠ ᠥᠭᠡᠳᠡ ᠪᠡᠨ 
         ᠮᠠᠭᠤ ᠰᠠᠨᠠᠭ᠎ᠠ ᠤᠷᠤᠭᠤ ᠪᠠᠨ  

1356 ᠰᠠᠢᠨ ᠰᠠᠨᠠᠭᠠᠨ ᠤ᠋ ᠦᠷ᠎ᠡ ᠶᠠᠪᠤᠨ ᠶᠠᠪᠤᠵᠤ ᠳᠡᠢᠯᠳᠡᠭ 
         ᠰᠠᠯᠬᠢᠨ ᠤ᠋ ᠦᠷ᠎ᠡ ᠶᠠᠪᠤᠨ ᠶᠠᠪᠤᠵᠤ ᠳᠤᠯᠠᠭᠠᠷᠠᠳᠠᠭ  

1357 ᠰᠠᠢᠨ ᠰᠠᠨᠠᠭ᠎ᠠ ᠲᠠᠢ ᠪᠣᠯ ᠪᠤᠷᠬᠠᠨ ᠳᠠᠭᠠᠨ᠎ᠠ  
         ᠮᠠᠭᠤ ᠰᠠᠨᠠᠭ᠎ᠠ ᠲᠠᠢ ᠪᠣᠯ ᠴᠢᠳᠬᠥᠷ ᠳᠠᠭᠠᠨ᠎ᠠ  

1358 ᠰᠠᠢᠨ ᠰᠠᠨᠠᠭᠠᠲᠠᠨ ᠤ᠋ ᠦᠭᠡ ᠨᠢ ᠲᠣᠰᠣ 
         ᠮᠠᠭᠤ ᠰᠠᠨᠠᠭᠠᠲᠠᠨ ᠤ᠋ ᠦᠭᠡ ᠨᠢ ᠤᠰᠤ  

1359 ᠰᠠᠢᠨ ᠰᠡᠳᠬᠢᠯ ᠲᠠᠯ᠎ᠠ ᠲᠣᠭᠣᠷᠢᠵᠤ 
         ᠮᠠᠭᠤ ᠰᠡᠳᠬᠢᠯ ᠪᠡᠶ᠎ᠡ ᠣᠷᠢᠶᠠᠨ᠎ᠠ  

1360 ᠰᠠᠢᠨ ᠲᠡᠮᠦᠷ ᠵᠢᠪᠡᠷᠡᠪᠡᠴᠦ ᠬᠡᠷᠡᠭ ᠲᠡᠢ 
         ᠰᠠᠢᠨ ᠬᠥᠮᠦᠨ ᠥᠲᠡᠯᠪᠡᠴᠦ ᠬᠦᠨᠳᠦ ᠲᠡᠢ 

1361 ᠰᠠᠢᠨ ᠤᠬᠠᠭᠠᠨᠲᠤ ᠬᠥᠮᠦᠨ 
         ᠠᠰᠢᠳᠠ ᠥᠪᠡᠷ ᠦ᠋ᠨ ᠭᠡᠮ ᠢ᠋ ᠰᠢᠨᠵᠢᠯᠡᠨ᠎ᠡ 
         ᠰᠠᠪᠠᠭ᠎ᠠ ᠦᠭᠡᠢ ᠬᠥᠮᠦᠨ 
         ᠢᠮᠠᠭᠲᠠ ᠪᠤᠰᠤᠳ ᠤ᠋ᠨ ᠭᠡᠮ ᠢ᠋ ᠰᠢᠨᠵᠢᠯᠡᠨ᠎ᠡ  

1362 ᠰᠠᠢᠨ ᠦᠢᠯᠡᠰ ᠦ᠋ᠨ ᠨᠡᠷ᠎ᠡ ᠶ᠋ᠢ 
         ᠰᠠᠳᠤᠷ ᠶᠠᠪᠤᠳᠠᠯ ᠪᠠᠯᠠᠯᠤᠨ᠎ᠠ

1363 ᠰᠠᠢᠨ ᠬᠠᠪᠤᠷ ᠴᠠᠰᠤ ᠲᠠᠢ 
         ᠮᠠᠭᠤ ᠨᠠᠮᠤᠷ ᠪᠣᠷᠣᠭ᠎ᠠ ᠲᠠᠢ 

1364 ᠰᠠᠢᠨ ᠬᠥᠮᠦᠨ ᠠᠵᠢᠯ ᠬᠢᠭᠰᠡᠨ ᠢ᠋ᠶ᠋ᠡᠨ ᠰᠠᠢᠷᠬᠠᠬᠤ 
         ᠮᠠᠭᠤ ᠬᠥᠮᠦᠨ ᠭᠡᠳᠡᠰᠦ ᠴᠠᠳᠤᠭᠰᠠᠨ ᠢ᠋ᠶ᠋ᠠᠨ ᠰᠠᠢᠷᠬᠠᠬᠤ  

1365 ᠰᠠᠢᠨ ᠬᠥᠮᠦᠨ ᠠᠵᠢᠯ ᠳ᠋ᠠᠭᠠᠨ 
         ᠮᠠᠭᠤ ᠬᠥᠮᠦᠨ ᠢᠳᠡᠬᠦ ᠳ᠋ᠡᠭᠡᠨ  

1366 ᠰᠠᠢᠨ ᠬᠥᠮᠦᠨ ᠠᠵᠢᠯ ᠢ᠋ᠶ᠋ᠠᠷ ᠢ᠋ᠶ᠋ᠠᠨ  
         ᠰᠠᠭᠰᠠᠭᠤ ᠬᠥᠮᠦᠨ ᠠᠮᠠ ᠪᠠᠷ ᠢ᠋ᠶ᠋ᠠᠨ   

1367 ᠰᠠᠢᠨ ᠬᠥᠮᠦᠨ ᠪᠣᠯᠭᠠᠨ ᠳ᠋ᠤ᠌  
         ᠰᠠᠢᠨ ᠮᠠᠭᠤ ᠨᠡᠷ᠎ᠡ ᠬᠣᠣᠰᠯᠠᠵᠤ ᠶᠠᠪᠤᠳᠠᠭ  

1368 ᠰᠠᠢᠨ ᠬᠥᠮᠦᠨ ᠵᠥᠪᠰᠢᠶᠡᠭᠡᠴᠢ 
         ᠰᠠᠢᠨ ᠮᠣᠷᠢ ᠬᠠᠲᠠᠷᠢᠭᠠᠴᠢ  

1369 ᠰᠠᠢᠨ ᠬᠥᠮᠦᠨ ᠮᠣᠷᠢ ᠪᠠᠨ ᠬᠠᠷᠠᠵᠤ 
         ᠰᠠᠢᠬᠠᠨ ᠲᠤᠭᠤᠯ ᠰᠡᠭᠦᠯ ᠢ᠋ᠶ᠋ᠡᠨ ᠬᠠᠷᠠᠬᠤ  

1370 ᠰᠠᠢᠨ ᠬᠥᠮᠦᠨ ᠮᠠᠭᠤ ᠲᠠᠢ 
         ᠰᠠᠢᠨ ᠮᠣᠷᠢ ᠴᠤᠤ ᠲᠠᠢ 

1371 ᠰᠠᠢᠨ ᠬᠥᠮᠦᠨ ᠨᠥᠬᠥᠷᠰᠡᠭ 
         ᠮᠠᠭᠤ ᠬᠥᠮᠦᠨ ᠠᠮᠢᠨᠴᠢ 

1372 ᠰᠠᠢᠨ ᠬᠥᠮᠦᠨ ᠨᠤᠲᠤᠭ ᠲᠠᠭᠠᠨ ᠠᠭᠤᠯᠠ 
         ᠮᠠᠭᠤ ᠬᠥᠮᠦᠨ ᠨᠤᠲᠤᠭ ᠲᠠᠭᠠᠨ ᠣᠭᠣᠯᠢ  

1373 ᠰᠠᠢᠨ ᠬᠥᠮᠦᠨ ᠨᠢᠭᠡ ᠦᠭᠡᠨ ᠳ᠋ᠦ᠍ 
         ᠰᠠᠢᠨ ᠮᠣᠷᠢ ᠨᠢᠭᠡ ᠲᠠᠰᠢᠭᠤᠷ ᠲᠤ᠌  

1374 ᠰᠠᠢᠨ ᠬᠥᠮᠦᠨ ᠨᠡᠷ᠎ᠡ ᠪᠡᠨ ᠬᠠᠢᠷᠠᠯᠠᠨ᠎ᠠ 
         ᠲᠣᠭᠣᠰ ᠰᠢᠪᠠᠭᠤ ᠰᠡᠭᠦᠯ ᠢ᠋ᠶ᠋ᠡᠨ ᠬᠠᠢᠷᠠᠯᠠᠨ᠎ᠠ 

1375 ᠰᠠᠢᠨ ᠬᠥᠮᠦᠨ ᠦᠭᠡ ᠪᠡᠷ 
         ᠰᠠᠢᠪᠤᠷ ᠮᠣᠷᠢ ᠵᠢᠷᠣᠭ᠎ᠠ ᠪᠠᠷ   

1376 ᠰᠠᠢᠨ ᠬᠥᠮᠦᠨ ᠡᠪᠳᠡᠷᠡᠬᠦ ᠨᠢ ᠪᠡᠷᠬᠡ 
         ᠰᠠᠭᠠᠷ ᠬᠥᠮᠦᠨ ᠬᠠᠨᠢᠯᠠᠬᠤ ᠨᠢ ᠪᠡᠷᠬᠡ  

1377 ᠰᠠᠢᠨ ᠬᠥᠮᠦᠨ ᠶᠠᠪᠤᠭᠰᠠᠨ ᠢ᠋ᠶ᠋ᠠᠨ 
         ᠮᠠᠭᠤ ᠬᠥᠮᠦᠨ ᠢᠳᠡᠭᠰᠡᠨ ᠢ᠋ᠶ᠋ᠡᠨ   

1378 ᠰᠠᠢᠨ ᠬᠥᠮᠦᠨ ᠳ᠋ᠦ᠍ ᠰᠠᠭᠠᠳ ᠣᠯᠠᠨ 
         ᠮᠠᠭᠤ ᠬᠥᠮᠦᠨ ᠳ᠋ᠦ᠍ ᠵᠤᠭ᠎ᠠ ᠣᠯᠠᠨ  
 
1379 ᠰᠠᠢᠨ ᠬᠥᠮᠦᠨ ᠳ᠋ᠦ᠍ ᠲᠠᠯ᠎ᠠ ᠣᠯᠠᠨ 
         ᠰᠠᠭᠠᠷ ᠬᠥᠮᠦᠨ ᠳ᠋ᠦ᠍ ᠶᠠᠯ᠎ᠠ ᠣᠯᠠᠨ  

1380 ᠰᠠᠢᠨ ᠬᠥᠮᠦᠨ ᠦ᠌ ᠵᠠᠩ ᠬᠤᠪᠢᠷᠠᠳᠠᠭ ᠦᠭᠡᠢ 
         ᠰᠢᠵᠢᠷ ᠠᠯᠲᠠᠨ ᠤ᠋ ᠥᠩᠭᠡ ᠬᠤᠪᠢᠷᠠᠳᠠᠭ ᠦᠭᠡᠢ 

1381 ᠰᠠᠢᠨ ᠬᠥᠮᠦᠨ ᠦ᠌ ᠨᠡᠷ᠎ᠡ ᠰᠠᠨᠠᠭᠳᠠᠬᠤ 
         ᠰᠠᠭᠠᠷ ᠬᠥᠮᠦᠨ ᠦ᠌ ᠨᠡᠷ᠎ᠡ ᠮᠠᠷᠲᠠᠭᠳᠠᠬᠤ 

1382 ᠰᠠᠢᠨ ᠬᠥᠮᠦᠨ ᠦ᠌ ᠨᠡᠷ᠎ᠡ ᠶ᠋ᠢ  
         ᠮᠠᠭᠤ ᠬᠥᠮᠦᠨ ᠭᠤᠲᠤᠭᠠᠳᠠᠭ 
         ᠰᠠᠢᠬᠠᠨ ᠰᠦᠮ᠎ᠡ ᠶ᠋ᠢᠨ ᠣᠷᠣᠢ ᠶ᠋ᠢ 
         ᠱᠠᠭᠠᠵᠠᠭᠠᠢ ᠰᠢᠪᠠᠭᠤ ᠪᠤᠵᠠᠷᠯᠠᠳᠠᠭ  

1383 ᠰᠠᠢᠨ ᠬᠥᠮᠦᠨ ᠦ᠌ ᠦᠭᠡ ᠰᠢᠷᠦᠭᠦᠨ ᠪᠣᠯᠪᠠᠴᠤ ᠲᠤᠰᠠ ᠲᠠᠢ 
         ᠮᠠᠭᠤ ᠬᠥᠮᠦᠨ ᠦ᠌ ᠦᠭᠡ ᠵᠥᠭᠡᠯᠡᠨ ᠪᠣᠯᠪᠠᠴᠤ ᠬᠣᠣᠷ ᠲᠠᠢ  

1384 ᠰᠠᠢᠨ ᠬᠦᠦ ᠳ᠋ᠦ᠍ ᠪᠦᠦ ᠨᠦᠬᠡ 
         ᠮᠠᠭᠤ ᠬᠦᠦ ᠳ᠋ᠦ᠍ ᠪᠦᠦ ᠵᠥᠭᠡᠭᠡ 

1385 ᠰᠠᠢᠨ ᠬᠡᠦᠬᠡᠨ ᠬᠠᠷᠢ ᠳ᠋ᠤ᠌ ᠭᠠᠷᠬᠤ ᠦᠭᠡᠢ 
         ᠰᠠᠢᠨ ᠮᠣᠷᠢ ᠨᠤᠲᠤᠭ ᠠᠯᠳᠠᠬᠤ ᠦᠭᠡᠢ 

1386 ᠰᠠᠢᠨ ᠰᠢᠪᠠᠭᠤ ᠮᠣᠳᠣ ᠶ᠋ᠢ ᠰᠢᠯᠢᠨ ᠰᠠᠭᠤᠨ᠎ᠠ  
         ᠰᠠᠢᠨ ᠬᠥᠮᠦᠨ ᠬᠥᠮᠦᠨ ᠢ᠋ ᠰᠣᠩᠭᠣᠵᠤ ᠤᠷᠤᠭᠯᠠᠨ᠎ᠠ  

1387 ᠰᠠᠢᠨ ᠡᠳ᠋ ᠰᠠᠢᠷᠬᠠᠯ ᠦᠭᠡᠢ 
         ᠮᠠᠭᠤ ᠡᠳ᠋ ᠮᠠᠭᠲᠠᠭᠠᠯ ᠦᠭᠡᠢ  

1388 ᠰᠠᠢᠨ ᠡᠮ ᠠᠮᠲᠠ ᠨᠢ ᠭᠠᠰᠢᠭᠤᠨ ᠪᠣᠯᠪᠠᠴᠤ 
                    ᠡᠪᠡᠳᠴᠢᠨ ᠳ᠋ᠦ᠍ ᠲᠤᠰᠠ ᠲᠠᠢ  
          ᠦᠨᠡᠨ ᠦᠭᠡ ᠴᠢᠬᠢᠨ ᠳ᠋ᠦ᠍ ᠠᠶ᠎ᠠ ᠦᠭᠡᠢ ᠪᠣᠯᠪᠠᠴᠤ 
                     ᠶᠠᠪᠤᠳᠠᠯ ᠳ᠋ᠤ᠌ ᠲᠤᠰᠠ ᠲᠠᠢ  
 
1389 ᠰᠠᠢᠨ ᠡᠮ᠎ᠡ ᠬᠠᠨᠢ 
         ᠮᠠᠭᠤ ᠡᠮ᠎ᠡ ᠠᠳᠠ  

1390 ᠰᠠᠢᠨ ᠡᠮ᠎ᠡ ᠡᠷ᠎ᠡ ᠳ᠋ᠡᠭᠡᠨ ᠵᠤᠯᠠ 
         ᠮᠠᠭᠤ ᠡᠮ᠎ᠡ ᠡᠷ᠎ᠡ ᠳ᠋ᠡᠭᠡᠨ ᠪᠤᠯᠤ

1391 ᠰᠠᠢᠨ ᠡᠷ᠎ᠡ ᠵᠠᠮ ᠤ᠋ᠨ ᠤᠷᠲᠤ ᠳ᠋ᠤ᠌ ᠲᠡᠮᠡᠦᠯᠬᠦ 
         ᠮᠠᠭᠤ ᠡᠷ᠎ᠡ ᠵᠠᠮ ᠤ᠋ᠨ ᠣᠢᠷ᠎ᠠ ᠳ᠋ᠤ᠌ ᠰᠢᠨᠲᠠᠷᠠᠬᠤ  

1392 ᠰᠠᠢᠨ ᠡᠷ᠎ᠡ ᠰᠠᠷ᠎ᠠ ᠶ᠋ᠢᠨ ᠬᠦᠯᠢᠶᠡᠴᠡ ᠲᠡᠢ  
         ᠮᠠᠭᠤ ᠡᠷ᠎ᠡ ᠬᠣᠨᠣᠭ ᠤ᠋ᠨ ᠬᠦᠯᠢᠶᠡᠴᠡ ᠲᠡᠢ  

1393 ᠰᠠᠢᠨ ᠡᠷ᠎ᠡ ᠶ᠋ᠢ ᠵᠣᠪᠠᠯᠠᠩ ᠤᠬᠠᠭᠠᠨ ᠣᠷᠣᠭᠤᠯᠳᠠᠭ 
         ᠮᠠᠭᠤ ᠡᠷ᠎ᠡ ᠶ᠋ᠢ ᠵᠣᠪᠠᠯᠠᠩ ᠤᠬᠠᠭᠠᠨ ᠠᠯᠳᠠᠭᠤᠯᠳᠠᠭ  

1394 ᠰᠠᠢᠨ ᠡᠷ᠎ᠡ ᠶ᠋ᠢᠨ ᠰᠠᠨᠠᠭ᠎ᠠ ᠴᠠᠭᠠᠨ 
         ᠮᠠᠭᠤ ᠡᠷ᠎ᠡ ᠶ᠋ᠢᠨ ᠰᠡᠳᠬᠢᠯ ᠬᠠᠷ᠎ᠠ  

1395 ᠰᠠᠢᠨ ᠡᠬᠡᠨᠡᠷ ᠠᠪᠤᠪᠠᠯ ᠰᠠᠷ᠎ᠠ ᠶ᠋ᠢᠨ ᠭᠤᠷᠪᠠᠨ ᠪᠠᠶᠠᠷ 
         ᠮᠠᠭᠤ ᠡᠬᠡᠨᠡᠷ ᠠᠪᠤᠪᠠᠯ ᠡᠳᠦᠷ ᠦ᠋ᠨ ᠭᠤᠷᠪᠠᠨ ᠵᠣᠪᠠᠯᠠᠩ  

1396 ᠰᠠᠢᠨ ᠶᠠᠭᠤᠮᠠᠨ ᠳ᠋ᠤ᠌ ᠰᠠᠭᠠᠳ ᠶᠡᠬᠡ 
         ᠰᠠᠮᠠᠭᠤᠨ ᠶᠠᠪᠤᠳᠠᠯ ᠳ᠋ᠤ᠌ ᠬᠣᠣᠷ ᠶᠡᠬᠡ  

1397 ᠰᠠᠢᠨ ᠶᠠᠪᠤᠪᠠᠯ ᠦᠷ᠎ᠡ ᠲᠡᠢ 
         ᠱᠠᠯᠢᠭ ᠶᠠᠪᠤᠪᠠᠯ ᠶᠠᠷ᠎ᠠ ᠲᠠᠢ  

1398 ᠰᠠᠢᠨ ᠶᠠᠪᠤᠳᠠᠯ ᠰᠠᠮᠠᠭᠤᠨ ᠳ᠋ᠤ᠌ ᠰᠠᠭᠠᠳ 
         ᠰᠠᠷᠠᠨ ᠤ᠋ ᠭᠡᠷᠡᠯ ᠴᠢᠨᠣ᠎ᠠ ᠳ᠋ᠤ᠌ ᠰᠠᠭᠠᠳ  

1399 ᠰᠠᠢᠨ ᠶᠠᠪᠤᠳᠠᠯᠲᠠᠨ ᠤ᠋ ᠪᠦᠲᠦᠭᠡᠯ ᠨᠢ ᠶᠡᠬᠡ 
         ᠰᠠᠭᠠᠷ ᠶᠠᠪᠤᠳᠠᠯᠲᠠᠨ ᠤ᠋ ᠬᠥᠨᠥᠭᠡᠯ ᠨᠢ ᠶᠡᠬᠡ  

1400 ᠰᠠᠢᠨ ᠶᠠᠪᠤᠳᠠᠯᠲᠠᠨ ᠤ᠋ ᠬᠣᠢᠨ᠎ᠠ ᠠ᠋ᠴᠠ ᠵᠢᠷᠭᠠᠯ ᠳᠠᠭᠠᠬᠤ 
         ᠮᠠᠭᠤ ᠶᠠᠪᠤᠳᠠᠯᠲᠠᠨ ᠤ᠋ ᠬᠣᠢᠨ᠎ᠠ ᠠ᠋ᠴᠠ ᠵᠣᠪᠠᠯᠠᠩ ᠳᠠᠭᠠᠬᠤ   


         ᠦᠰᠦᠭ ᠠᠮᠢᠯᠠᠭᠤᠯᠤᠭᠴᠢ᠄ ᠣᠶᠤᠨᠪᠠᠲᠤ᠂ ᠰᠠᠷᠠᠨᠲᠤᠶᠠᠭ᠎ᠠ᠂ 
             ᠬᠢᠨᠠᠭᠴᠢ᠄ ᠪᠣᠯᠣᠳ᠂ ᠣᠳᠬᠣᠨᠴᠡᠴᠡᠭ᠂ ᠪᠠᠯ