ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠣ 4  ᠶᠢᠨ ᠠᠢᠮᠠᠭ >Монгол зүйр цэцэн үгийн гураван мянган дээж – Д᠂Заяабаатар эмхэтгэв <Oгийн аймаг > ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠣ 4  ᠶᠢᠨ ᠠᠢᠮᠠᠭ >Монгол зүйр цэцэн үгийн гураван мянган дээж – Д᠂Заяабаатар эмхэтгэв <Oгийн аймаг >

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠣ 4  ᠶᠢᠨ ᠠᠢᠮᠠᠭ >Монгол зүйр цэцэн үгийн гураван мянган дээж – Д᠂Заяабаатар эмхэтгэв <Oгийн аймаг >

2024-08-30

660

ᠣ 4 (O)  ᠶᠢᠨ ᠠᠢᠮᠠᠭ


       –  ᠣ 4(О)  –

1089 ᠣᠪᠣᠭ᠎ᠠ ᠪᠤᠰᠬᠠᠭ᠎ᠠ ᠦᠭᠡᠢ ᠪᠣᠯ  
         ᠱᠠᠭᠠᠵᠠᠭᠠᠢ ᠬᠠᠮᠢᠭ᠎ᠠ ᠠ᠋ᠴᠠ ᠰᠠᠭᠤᠬᠤ ᠪᠣᠢ

1090 ᠣᠪᠣᠯᠵᠠᠭᠤᠷ ᠬᠥᠮᠦᠨ ᠢ᠋ ᠵᠢᠭᠰᠢᠭᠴᠢ ᠣᠯᠠᠨ 
         ᠣᠮᠣᠷᠬᠠᠭ ᠬᠥᠮᠦᠨ ᠢ᠋ ᠬᠠᠷᠢᠶᠠᠭᠴᠢ ᠣᠯᠠᠨ

1091 ᠣᠭᠣᠲᠣᠨ᠎ᠠ ᠰᠢᠭ᠋ ᠬᠡᠳᠡᠷ 
         ᠬᠡᠷᠢᠶ᠎ᠡ ᠰᠢᠭ ᠬᠡᠷᠡᠭᠦᠯᠴᠢ  

1092 ᠣᠭᠲᠠᠷᠭᠤᠢ ᠶ᠋ᠢᠨ ᠮᠥᠨᠳᠥᠷ ᠭᠡᠷ ᠲᠤ ᠰᠢᠷᠦᠭᠦᠨ  
         ᠥᠨᠥᠴᠢᠨ ᠬᠥᠮᠦᠨ ᠳ᠋ᠦ᠍ ᠨᠣᠶᠠᠨ ᠰᠢᠷᠦᠭᠦᠨ

1093 ᠣᠭᠲᠠᠷᠭᠤᠢ ᠶ᠋ᠢᠨ ᠨᠠᠷᠠ ᠰᠢᠩᠭᠡᠳᠡᠭ  
         ᠣᠷᠣᠢ ᠶ᠋ᠢᠨ ᠸᠴᠢᠷ ᠰᠢᠯᠵᠢᠳᠡᠭ

1094 ᠣᠭᠲᠠᠷᠭᠤᠢ ᠶ᠋ᠢᠨ ᠰᠠᠯᠬᠢ ᠣᠭᠣᠰᠣᠷ ᠦᠭᠡᠢ 
         ᠣᠷᠴᠢᠯᠠᠩ ᠤ᠋ᠨ ᠬᠥᠮᠦᠨ ᠮᠥᠩᠬᠡ ᠦᠭᠡᠢ

1095 ᠣᠭᠲᠠᠷᠭᠤᠢ ᠶ᠋ᠢᠨ ᠰᠣᠯᠣᠩᠭ᠎ᠠ ᠶ᠋ᠢ ᠠᠳᠬᠤᠵᠤ ᠴᠢᠳᠠᠬᠤ ᠦᠭᠡᠢ  
         ᠣᠯᠠᠨ ᠤ᠋ ᠠᠮᠠ ᠶ᠋ᠢ ᠪᠢᠲᠡᠭᠦᠯᠡᠵᠦ ᠴᠢᠳᠠᠬᠤ ᠦᠭᠡᠢ

1096 ᠣᠳᠣ ᠭᠠᠷᠪᠠᠯ ᠣᠭᠲᠠᠷᠭᠤᠢ ᠶ᠋ᠢᠨ ᠴᠢᠮᠡᠭ 
         ᠣᠯᠠᠨ ᠮᠡᠷᠭᠡᠨ ᠴᠤᠭᠯᠠᠪᠠᠯ ᠣᠶᠤᠨ ᠤ᠋ ᠴᠢᠮᠡᠭ

1097 ᠣᠳᠣ ᠲᠩᠷᠢ ᠶ᠋ᠢᠨ ᠴᠢᠮᠡᠭ  
         ᠮᠣᠳᠣ ᠭᠠᠵᠠᠷ ᠤ᠋ᠨ ᠴᠢᠮᠡᠭ

1098 ᠣᠶᠣᠳᠠᠯ ᠣᠶᠣᠬᠤ ᠳ᠋ᠤ᠌ ᠵᠡᠭᠦᠦ ᠬᠡᠷᠡᠭ ᠲᠡᠢ 
         ᠣᠯᠠᠨ ᠢ᠋ ᠳᠠᠢᠴᠢᠯᠠᠬᠤ ᠳ᠋ᠤ᠌ ᠠᠷᠭ᠎ᠠ ᠬᠡᠷᠡᠭ ᠲᠡᠢ 

1099 ᠣᠶᠣᠳᠠᠯ ᠦᠭᠡᠢ ᠡᠮ᠎ᠡ ᠤᠲᠠᠰᠤ ᠦᠷᠡᠬᠦ 
         ᠤᠩᠰᠢᠯᠭ᠎ᠠ ᠦᠭᠡᠢ ᠯᠠᠮᠠ ᠣᠯᠪᠣᠭ ᠡᠯᠡᠭᠡᠬᠦ

1100 ᠣᠶᠣᠭᠰᠠᠭᠠᠷ ᠣᠶᠣᠭᠰᠠᠭᠠᠷ ᠤᠷᠠᠨ ᠪᠣᠯᠳᠠᠭ 
         ᠣᠷᠣᠯᠳᠣᠭᠰᠠᠭᠠᠷ ᠣᠷᠣᠯᠳᠣᠭᠰᠠᠭᠠᠷ ᠳᠠᠷᠬᠠᠨ ᠪᠣᠯᠳᠠᠭ

1101 ᠣᠢ ᠰᠢᠭᠢᠭᠦᠦ ᠳ᠋ᠦ᠍ ᠠᠭᠤᠯᠠ ᠰᠦᠷᠯᠢᠭ 
         ᠤᠰᠤ ᠭᠦᠨ ᠳ᠋ᠦ᠍ ᠨᠠᠭᠤᠷ ᠲᠤᠩᠭᠠᠯᠠᠭ

1102 ᠣᠢ ᠮᠣᠳᠣ ᠤᠷᠲᠤ ᠲᠠᠢ ᠪᠣᠭᠣᠨᠢ ᠲᠠᠢ 
         ᠣᠯᠠᠨ ᠬᠥᠮᠦᠨ ᠰᠠᠢᠨ ᠲᠠᠢ ᠮᠠᠭᠤ ᠲᠠᠢ

1103 ᠣᠢ ᠮᠣᠳᠣᠨ ᠤ᠋ ᠥᠨᠳᠥᠷ ᠨᠠᠮ ᠢ᠋ 
         ᠠᠳᠠᠯᠢᠳᠬᠠᠬᠤ ᠠᠷᠭ᠎ᠠ ᠦᠭᠡᠢ 
         ᠠᠷᠪᠠᠨ ᠬᠤᠷᠤᠭᠤᠨ ᠤ᠋ ᠤᠷᠲᠤ ᠪᠣᠭᠣᠨᠢ ᠶ᠋ᠢ  
         ᠲᠡᠭᠰᠢᠳᠬᠡᠬᠦ ᠠᠷᠭ᠎ᠠ ᠦᠭᠡᠢ

1104 ᠣᠢ ᠦᠭᠡᠢ ᠭᠠᠵᠠᠷ ᠠᠷᠢᠶᠠᠲᠠᠨ ᠬᠣᠪᠣᠷ 
         ᠤᠰᠤ ᠦᠭᠡᠢ ᠭᠠᠵᠠᠷ ᠵᠢᠭᠠᠰᠤ ᠬᠣᠪᠣᠷ

1105 ᠣᠢ ᠦᠭᠡᠢ ᠬᠥᠮᠦᠨ ᠳ᠋ᠦ᠍ 
         ᠬᠡᠯᠡᠭᠰᠡᠨ᠂ ᠪᠣᠯᠢᠭᠰᠠᠨ ᠬᠣᠶᠠᠷ ᠢᠵᠢᠯ  
         ᠢᠷᠣᠭᠠᠷ ᠦᠭᠡᠢ ᠰᠠᠪᠠᠨ ᠳ᠋ᠤ᠌ 
         ᠬᠢᠭᠰᠡᠨ᠂ ᠪᠠᠢᠭᠰᠠᠨ ᠬᠣᠶᠠᠷ ᠢᠵᠢᠯ

1106 ᠣᠢ ᠳ᠋ᠤ᠌ ᠦᠭᠡ ᠪᠣᠢ ᠪᠣᠯᠪᠠᠴᠤ 
         ᠤᠨᠤᠵᠤ ᠬᠡᠯᠡᠬᠦ ᠳ᠋ᠦ᠍ ᠪᠡᠷᠬᠡ

1107 ᠣᠢᠷ᠎ᠠ ᠶ᠋ᠢᠨ ᠵᠠᠯᠬᠠᠭᠤ ᠠ᠋ᠴᠠ 
         ᠬᠣᠯᠠ ᠶ᠋ᠢᠨ ᠵᠣᠪᠠᠯᠠᠩ

1108 ᠣᠯᠪᠣᠭ ᠳᠠᠷᠤᠵᠤ ᠭᠡᠷ ᠰᠠᠬᠢᠭᠰᠠᠨ ᠠ᠋ᠴᠠ  
         ᠣᠷᠴᠢᠯᠠᠩ ᠢ᠋ ᠬᠡᠰᠦᠵᠦ ᠣᠢᠮᠣᠰᠤ ᠡᠯᠡᠭᠡ

1109 ᠣᠯᠪᠣᠭ ᠢ᠋ᠶ᠋ᠠᠨ ᠴᠣᠭᠣᠷᠠᠲᠠᠯ᠎ᠠ ᠰᠠᠭᠤᠭᠰᠠᠨ ᠮᠡᠷᠭᠡᠨ ᠡᠴᠡ 
         ᠣᠯᠠᠨ ᠢ᠋ ᠲᠣᠭᠣᠷᠢᠭᠰᠠᠨ ᠮᠤᠩᠬᠠᠭ ᠳᠡᠭᠡᠷ᠎ᠡ

1110 ᠣᠯᠳᠠᠰᠢ ᠦᠭᠡᠢ ᠡᠷᠳᠡᠨᠢ 
         ᠣᠯᠠᠨ ᠤ᠋ ᠳᠣᠲᠣᠷ᠎ᠠ ᠪᠣᠢ

1111 ᠣᠯᠵᠤ ᠠᠳᠬᠤᠭᠰᠠᠨ ᠨᠢ ᠴᠥᠭᠡᠨ 
         ᠣᠷᠬᠢᠵᠤ ᠭᠡᠭᠡᠭᠰᠡᠨ ᠨᠢ ᠣᠯᠠᠨ

1112 ᠣᠯᠵᠠ ᠣᠷᠣᠢᠲᠠᠬᠤ ᠦᠭᠡᠢ 
         ᠥᠷᠢ ᠬᠡᠨᠵᠡᠳᠡᠬᠦ ᠦᠭᠡᠢ

1113 ᠣᠯᠵᠠᠨ ᠤ᠋ ᠬᠢᠷᠢ ᠪᠡᠷ 
         ᠭᠠᠷᠤᠵᠠ ᠭᠠᠷᠳᠠᠭ

1114 ᠣᠯᠵᠠᠨ ᠤ᠋ ᠡᠭᠦᠳᠡ ᠶ᠋ᠢ ᠨᠡᠭᠡᠭᠡᠵᠦ 
         ᠭᠠᠷᠤᠵᠠᠨ ᠤ᠋ ᠬᠠᠭᠠᠯᠭ᠎ᠠ ᠶ᠋ᠢ ᠬᠠᠭᠠᠬᠤ

1115 ᠣᠯᠵᠠᠨ ᠳ᠋ᠤ᠌ ᠳᠤᠷᠠᠯᠠᠭᠠᠳ 
         ᠭᠠᠷᠤᠵᠠ ᠭᠠᠷᠭᠠᠬᠤ

1116 ᠣᠯᠢᠭ ᠦᠭᠡᠢ ᠡᠷ᠎ᠡ ᠡᠬᠡᠨᠡᠷ ᠲᠡᠭᠡᠨ ᠳᠡᠭᠡᠷᠡᠯᠬᠡᠭ  
         ᠥᠨᠳᠥᠷ ᠪᠤᠬ᠎ᠠ ᠪᠢᠷᠠᠭᠤᠨ ᠳ᠋ᠠᠭᠠᠨ ᠳᠡᠭᠡᠷᠡᠯᠬᠡᠭ

1117 ᠣᠯᠣᠮ ᠢ᠋ ᠨᠢ ᠮᠡᠳᠡᠬᠦ ᠦᠭᠡᠢ ᠤᠰᠤᠨ ᠳ᠋ᠤ᠌ ᠪᠤᠤ ᠣᠷᠣ 
         ᠣᠷᠣᠴᠠ ᠶ᠋ᠢ ᠨᠢ ᠮᠡᠳᠡᠬᠦ ᠦᠭᠡᠢ ᠭᠡᠷ ᠲᠦ᠍ ᠪᠤᠤ ᠣᠷᠣ 

1118 ᠣᠯᠠᠨ ᠢ᠋ᠶ᠋ᠠᠷ ᠵᠥᠪᠯᠡᠪᠡᠯ ᠣᠰᠣᠯ ᠦᠭᠡᠢ 
         ᠣᠯᠣᠮ ᠢ᠋ᠶ᠋ᠠᠷ ᠭᠠᠷᠪᠠᠯ ᠭᠡᠨᠡᠳᠡᠯ ᠦᠭᠡᠢ

1119 ᠣᠯᠠᠨ ᠢ᠋ᠶ᠋ᠠᠷ ᠰᠠᠭᠤᠪᠠᠯ ᠠᠮᠠ ᠪᠠᠨ ᠬᠢᠴᠢᠶᠡ 
         ᠤᠷᠢ ᠭᠠᠭᠴᠠᠭᠠᠷ ᠰᠠᠭᠤᠪᠠᠯ ᠪᠡᠶ᠎ᠡ ᠪᠡᠨ ᠬᠢᠴᠢᠶᠡ

1120 ᠣᠯᠠᠨ ᠢ᠋ᠶ᠋ᠠᠷ ᠴᠢᠷᠮᠠᠢᠪᠠᠯ ᠪᠦᠲᠦᠳᠡᠭ 
         ᠤᠰᠤ ᠪᠠᠷ ᠤᠬᠢᠶᠠᠪᠠᠯ ᠠᠷᠢᠯᠳᠠᠭ 

1121 ᠣᠯᠠᠨ ᠤ᠋ ᠠᠮᠠ ᠳᠠᠯᠠᠢ ᠶ᠋ᠢ ᠰᠢᠷᠭᠢᠭᠡᠬᠦ 
         ᠣᠯᠠᠨ ᠤ᠋ ᠬᠦᠴᠦ ᠠᠭᠤᠯᠠ ᠶ᠋ᠢ ᠨᠡᠭᠦᠯᠭᠡᠬᠦ  

1122 ᠣᠯᠠᠨ ᠤ᠋ ᠠᠮᠠ ᠶ᠋ᠢ ᠣᠯᠣᠰᠣ ᠪᠠᠷ ᠪᠣᠭᠣᠬᠤ ᠦᠭᠡᠢ 
         ᠲᠦᠮᠡᠨ ᠦ᠌ ᠠᠮᠠ ᠶ᠋ᠢ ᠲᠡᠮᠦᠷ ᠢ᠋ᠶ᠋ᠡᠷ ᠪᠣᠭᠣᠬᠤ ᠦᠭᠡᠢ 

1123 ᠣᠯᠠᠨ ᠤ᠋ ᠳᠣᠲᠣᠷ᠎ᠠ ᠦᠭᠡ ᠪᠡᠨ ᠰᠢᠨᠵᠢ 
         ᠭᠠᠭᠴᠠᠭᠠᠷ ᠶᠠᠪᠤᠬᠤ ᠳ᠋ᠤ᠌ ᠰᠡᠳᠬᠢᠯ ᠢ᠋ᠶ᠋ᠡᠨ ᠰᠢᠨᠵᠢ 

1124 ᠣᠯᠠᠨ ᠤ᠋ ᠶᠣᠰᠣ 
         ᠣᠷᠴᠢᠯᠠᠩ ᠤ᠋ᠨ ᠵᠦᠢ 

1125 ᠣᠯᠠᠨ ᠤ᠋ ᠬᠦᠴᠦ ᠡᠪ ᠲᠡᠭᠡᠨ 
         ᠣᠯᠣᠰᠣᠨ ᠤ᠋ ᠬᠦᠴᠦ ᠡᠷᠴᠢ ᠳ᠋ᠡᠭᠡᠨ 

1126 ᠣᠯᠠᠨ ᠢ᠋ ᠪᠤᠤ ᠠᠷᠠᠯᠵᠢ 
         ᠣᠭᠲᠣ ᠪᠤᠤ ᠬᠠᠷᠠᠮᠯᠠ 

1127 ᠣᠯᠠᠨ ᠢ᠋ ᠲᠤᠭᠤᠯᠤᠭᠰᠠᠨ ᠬᠥᠮᠦᠨ ᠦ᠌ ᠪᠣᠳᠣᠯ ᠠᠭᠤᠵᠢᠮ  
         ᠬᠣᠯᠠ ᠶ᠋ᠢ ᠬᠠᠷᠠᠭᠰᠠᠨ ᠬᠥᠮᠦᠨ ᠦ᠌ ᠬᠠᠷᠠᠭ᠎ᠠ ᠲᠤᠩᠭᠠᠯᠠᠭ 

1128 ᠣᠯᠠᠨ ᠢ᠋ ᠲᠣᠭᠣᠷᠢᠵᠤ ᠣᠯᠣᠭᠠᠢ ᠪᠠᠨ ᠲᠡᠩᠰᠡᠵᠦ 
        ᠭᠦᠷᠦᠨ ᠢ᠋ ᠲᠣᠭᠣᠷᠢᠵᠤ ᠭᠦᠵᠡᠭᠡ ᠪᠡᠨ ᠳᠦᠭᠦᠷᠭᠡᠬᠦ 

1129 ᠣᠯᠣᠩ ᠮᠠᠭᠤᠲᠠᠢ ᠡᠮᠡᠭᠡᠯ ᠢ᠋ ᠪᠤᠤ ᠳᠤᠬᠤ 
         ᠣᠯᠪᠢ ᠮᠠᠭᠤᠲᠠᠢ ᠬᠥᠮᠦᠨ ᠢ᠋ ᠪᠤᠤ ᠢᠳᠡᠭᠡ 

1130 ᠣᠯᠠᠨ ᠠᠮᠢᠲᠠᠨ ᠳ᠋ᠤ᠌ ᠲᠤᠰᠠᠯᠠᠪᠠᠯ 
         ᠠᠯᠳᠠᠷ ᠨᠡᠷ᠎ᠡ ᠳᠡᠯᠭᠡᠷᠡᠬᠦ 

1131 ᠣᠯᠠᠨ ᠢᠷᠡᠪᠡᠯ ᠴᠠᠢ ᠦᠭᠡᠢ 
         ᠣᠷᠣᠢ ᠢᠷᠡᠪᠡᠯ ᠣᠷᠣ ᠦᠭᠡᠢ 

1132 ᠣᠯᠠᠨ ᠰᠠᠨᠠᠭᠠᠲᠤ  
         ᠤᠷᠭᠤᠵᠤ ᠴᠢᠳᠠᠳᠠᠭ ᠦᠭᠡᠢ  

1133 ᠣᠯᠠᠨ ᠤᠳᠠᠭ᠎ᠠ ᠪᠣᠳᠣ  
         ᠭᠠᠭᠴᠠ ᠤᠳᠠᠭ᠎ᠠ ᠬᠡᠯᠡ  

1134 ᠣᠯᠠᠨ ᠦᠭᠡ 
         ᠤᠨᠤᠴᠢ ᠪᠠᠨ ᠬᠡᠭᠡᠳᠡᠭ  

1135 ᠣᠯᠠᠨ ᠦᠭᠡ ᠤᠳᠬ᠎ᠠ ᠪᠠᠭ᠎ᠠ ᠲᠠᠢ  
         ᠴᠥᠭᠡᠨ ᠦᠭᠡ ᠦᠷ᠎ᠡ ᠶᠡᠬᠡ ᠲᠡᠢ 

1136 ᠣᠯᠠᠨ ᠦᠭᠡᠨ ᠡᠴᠡ ᠴᠥᠭᠡᠨ ᠨᠢ ᠰᠠᠢᠨ  
         ᠴᠥᠭᠡᠨ ᠦᠭᠡᠨ ᠡᠴᠡ ᠣᠨᠣᠪᠴᠢᠲᠠᠢ ᠨᠢ ᠰᠠᠢᠨ 

1137 ᠣᠯᠠᠨ ᠬᠥᠮᠦᠨ ᠬᠦᠴᠦ ᠲᠡᠢ 
         ᠣᠢ ᠮᠣᠳᠣ ᠨᠥᠮᠥᠷᠢ ᠲᠡᠢ 

1138 ᠣᠯᠠᠨ ᠦᠭᠡᠨ ᠳ᠋ᠦ᠍ ᠣᠯᠵᠠ ᠥᠬᠡᠢ 
         ᠴᠥᠭᠡᠨ ᠦᠭᠡᠨ ᠳ᠋ᠦ᠍ ᠭᠠᠷᠤᠵᠠ ᠦᠭᠡᠢ 

1139 ᠣᠯᠠᠨ ᠬᠥᠮᠦᠨ ᠦ᠌ ᠳᠣᠲᠣᠷ᠎ᠠ 
         ᠮᠡᠷᠭᠡᠨ ᠬᠥᠮᠦᠨ ᠪᠠᠢᠳᠠᠭ  
         ᠤᠷᠭᠤᠭ᠎ᠠ ᠬᠠᠳᠠᠨ ᠤ᠋ ᠳᠣᠲᠣᠷ᠎ᠠ  
         ᠠᠯᠲᠠ ᠡᠷᠳᠡᠨᠢᠰ ᠪᠠᠢᠳᠠᠭ 

1140 ᠣᠯᠠᠨ ᠬᠡᠦᠬᠡᠳ ᠲᠡᠢ ᠭᠠᠵᠠᠷ 
         ᠬᠣᠪ ᠲᠠᠰᠤᠷᠠᠳᠠᠭ ᠦᠭᠡᠢ 
         ᠣᠯᠠᠨ ᠢᠮᠠᠭ᠎ᠠ ᠲᠠᠢ ᠬᠣᠨᠢ 
         ᠪᠡᠯᠴᠢᠭᠡᠷ ᠲᠦ᠍ ᠲᠣᠭᠲᠠᠳᠠᠭ ᠦᠭᠡᠢ  

1141 ᠣᠯᠠᠨ ᠬᠡᠯᠡᠪᠡᠯ ᠣᠯᠢᠭ 
         ᠴᠥᠭᠡᠨ ᠬᠡᠯᠡᠪᠡᠯ ᠪᠢᠯᠢᠭ  

1142 ᠣᠯᠠᠨ ᠴᠡᠴᠡᠭ ᠳᠡᠯᠡᠬᠡᠢ ᠶ᠋ᠢᠨ ᠴᠢᠮᠡᠭ 
         ᠣᠯᠠᠨ ᠮᠡᠷᠭᠡᠳ ᠲᠥᠷᠥ ᠶ᠋ᠢᠨ ᠴᠢᠮᠡᠭ   

1143 ᠣᠯᠠᠨ ᠳ᠋ᠤ᠌ ᠨᠢᠭᠦᠯ ᠪᠦᠦ ᠬᠢ 
         ᠣᠭᠲᠠᠷᠭᠤᠢ ᠳ᠋ᠤ᠌ ᠰᠢᠷᠣᠢ ᠪᠦᠦ ᠰᠠᠴᠤ 

1144 ᠣᠯᠬᠤ ᠳ᠋ᠤ᠌ ᠪᠡᠷᠬᠡ 
         ᠠᠯᠳᠠᠬᠤ ᠳ᠋ᠤ᠌ ᠠᠮᠠᠷ   

1145 ᠣᠯᠬᠤ ᠠ᠋ᠴᠠ ᠪᠠᠨ ᠤᠷᠢᠳ 
         ᠪᠠᠶᠠᠵᠢᠬᠤ ᠶ᠋ᠢ ᠪᠣᠳᠣᠵᠤ  
         ᠣᠭᠣᠴᠢᠬᠤ ᠠ᠋ᠴᠠ ᠪᠠᠨ ᠡᠮᠦᠨ᠎ᠡ 
         ᠴᠠᠳᠬᠤ ᠶ᠋ᠢ ᠪᠣᠳᠣᠬᠤ 

1146 ᠣᠯᠤᠭᠰᠠᠨ ᠢ᠋ᠶ᠋ᠠᠨ ᠢᠳᠡᠯ ᠦᠭᠡᠢ 
         ᠲᠤᠷᠠᠵᠤ ᠦᠬᠦᠬᠦ ᠲᠡᠨᠡᠭ  
         ᠣᠶᠣᠭᠰᠠᠨ ᠢ᠋ᠶ᠋ᠠᠨ ᠡᠮᠦᠰᠦᠯ ᠦᠭᠡᠢ 
         ᠣᠰᠤᠭᠤᠵᠤ ᠦᠬᠦᠬᠦ ᠲᠡᠨᠡᠭ 

1147 ᠣᠮᠣᠷᠬᠠᠭ ᠪᠣᠯ ᠣᠯᠠᠨ ᠤ᠋ ᠳᠠᠢᠰᠤᠨ 
         ᠪᠠᠷᠳᠠᠮ ᠪᠣᠯ ᠪᠦᠬᠦᠨ ᠦ᠌ ᠳᠠᠢᠰᠤᠨ 

1148  ᠣᠮᠣᠭ ᠶᠡᠬᠡᠳ᠋ᠡᠪᠡᠯ ᠣᠰᠣᠯᠳᠠᠨ᠎ᠠ 
          ᠣᠪᠣᠷ ᠶᠡᠬᠡᠳ᠋ᠡᠪᠡᠯ ᠳᠣᠷᠣᠢᠲᠠᠨ᠎ᠠ  

1149 ᠣᠮᠣᠭ ᠬᠦᠴᠦ ᠪᠡᠨ ᠳᠠᠷᠤᠵᠤ 
         ᠣᠶᠤᠨ ᠪᠢᠯᠢᠭ ᠢ᠋ᠶ᠋ᠡᠨ ᠬᠢᠴᠢᠶᠡ 

1150 ᠣᠮᠣᠭᠲᠠᠢ ᠰᠡᠳᠬᠢᠯ ᠬᠤᠷᠴᠠ ᠬᠡᠯᠡ 
         ᠪᠡᠶ᠎ᠡ ᠶ᠋ᠢᠨ ᠬᠣᠬᠢᠷᠠᠯ 

1151 ᠣᠮᠣᠭᠲᠠᠢ ᠬᠥᠮᠦᠨ ᠦ᠌ ᠴᠡᠭᠡᠵᠢᠨ ᠳ᠋ᠦ᠍  
         ᠪᠢᠯᠢᠭ ᠲᠣᠭᠲᠠᠬᠤ ᠨᠢ ᠪᠡᠷᠬᠡ 
         ᠣᠪᠣᠭᠣᠷ ᠳᠣᠪᠣᠭᠣᠷ ᠭᠠᠵᠠᠷ ᠲᠤ 
         ᠤᠰᠤ ᠲᠣᠭᠲᠠᠬᠤ ᠨᠢ ᠪᠡᠷᠬᠡ  

1152 ᠤᠩᠬᠢᠷᠠᠭ᠎ᠠ ᠬᠥᠮᠦᠨ ᠣᠯᠠᠨ ᠳ᠋ᠤ᠌ ᠬᠦᠨᠳᠦ ᠦᠭᠡᠢ 
         ᠣᠭᠳᠣᠭᠣᠷ ᠬᠣᠷᠮᠣᠢ ᠵᠢᠪᠠᠷ ᠲᠤ᠌ ᠨᠥᠮᠥᠷᠢ ᠦᠭᠡᠢ 

1153 ᠣᠩᠭᠣᠴᠠ ᠦᠭᠡᠢ ᠪᠣᠯ ᠳᠠᠯᠠᠢ ᠶ᠋ᠢ ᠦᠯᠦ ᠭᠠᠲᠤᠯᠬᠤ 
         ᠣᠯᠠᠨ ᠦᠭᠡᠢ ᠪᠣᠯ ᠲᠥᠷᠥ ᠦᠯᠦ ᠲᠣᠭᠲᠠᠬᠤ   

1154 ᠣᠨᠢᠰᠣ ᠨᠡᠭᠡᠭᠡᠬᠦ ᠳ᠋ᠦ᠍ ᠲᠦᠯᠬᠢᠭᠦᠷ  
         ᠣᠶᠣᠳᠠᠯ ᠣᠶᠣᠬᠤ ᠳ᠋ᠤ᠌ ᠵᠡᠭᠦᠦ   

1155 ᠣᠨᠢᠰᠣ ᠨᠢ ᠣᠯᠳᠠᠪᠠᠯ ᠲᠠᠢᠯᠬᠤ ᠳ᠋ᠤ᠌ ᠠᠮᠠᠷᠬᠠᠨ 
         ᠣᠯᠣᠮ ᠨᠢ ᠣᠯᠳᠠᠪᠠᠯ ᠭᠠᠲᠤᠯᠬᠤ ᠳ᠋ᠤ᠌ ᠠᠮᠠᠷᠬᠠᠨ 

1156  ᠣ ᠳ᠋ᠦ᠍ ᠣᠢᠷᠠᠳᠪᠠᠯ ᠴᠠᠭᠠᠨ 
          ᠬᠦ ᠳ᠋ᠦ᠍ ᠣᠢᠷᠠᠳᠪᠠᠯ ᠬᠠᠷ᠎ᠠ 

1157 ᠣᠭᠣᠯᠢ ᠪᠠᠷ ᠴᠠᠪᠴᠢᠪᠠᠯ ᠥ ᠦᠭᠡᠢ 
         ᠣᠯᠠᠨ ᠢ᠋ᠶ᠋ᠠᠷ ᠬᠡᠯᠡᠯᠴᠡᠪᠡᠯ ᠪᠤᠷᠤᠭᠤ ᠦᠭᠡᠢ 

1158 ᠣᠭᠣᠴᠢᠬᠤ ᠤᠰᠤ ᠦᠭᠡᠢ 
         ᠣᠢᠷᠠᠳᠬᠤ ᠬᠠᠨᠢ ᠦᠭᠡᠢ 

1159 ᠣᠷᠣ ᠭᠡᠬᠦ ᠳ᠋ᠦ᠍ ᠱᠠᠭᠠᠢᠬᠤ  
         ᠢᠳᠡ ᠭᠡᠬᠦ ᠳ᠋ᠦ᠍ ᠲᠠᠮᠰᠢᠶᠠᠯᠠᠬᠤ  

1160 ᠣᠷᠬᠢᠬᠤ ᠶᠡᠬᠡᠳᠡᠪᠡᠯ ᠰᠢᠷᠭᠢᠬᠦ ᠨᠢ ᠶᠡᠬᠡ 
         ᠣᠷᠣᠬᠤ ᠶᠡᠬᠡᠳᠡᠪᠡᠯ ᠭᠠᠷᠬᠤ ᠨᠢ ᠶᠡᠬᠡ   

1161 ᠣᠷᠣ ᠥᠬᠡᠢ ᠭᠠᠵᠠᠷ ᠣᠪᠣᠭ᠎ᠠ ᠪᠤᠰᠬᠠᠵᠤ  
         ᠤᠰᠤ ᠦᠭᠡᠢ ᠭᠠᠵᠠᠷ ᠬᠥᠭᠥᠷᠭᠡ ᠲᠠᠯᠪᠢᠬᠤ   

1162 ᠣᠷᠣᠢ ᠳᠡᠭᠡᠷ᠎ᠡ ᠭᠠᠷᠤᠭᠰᠠᠨ ᠬᠥᠮᠦᠨ ᠣᠯᠠᠨ ᠢ᠋ ᠦᠵᠡᠳᠡᠭ 
         ᠣᠯᠠᠨ ᠢ᠋ ᠲᠣᠭᠣᠷᠢᠭᠰᠠᠨ ᠬᠥᠮᠦᠨ ᠡᠯᠳᠡᠪ ᠢ᠋ ᠰᠣᠨᠣᠰᠳᠠᠭ 

1163 ᠣᠷᠣᠢᠳᠠᠪᠠᠯ ᠳᠣᠪᠣ ᠣᠯᠠᠨ 
         ᠳᠣᠷᠣᠢᠲᠠᠪᠠᠯ ᠨᠣᠶᠠᠨ ᠣᠯᠠᠨ  

1164 ᠣᠷᠣᠢᠲᠠᠪᠠᠯ ᠡᠷᠲᠡᠯᠡᠬᠦ ᠳ᠋ᠦ᠍ ᠪᠡᠷᠬᠡ 
         ᠳᠣᠷᠣᠢᠲᠠᠪᠠᠯ ᠳᠡᠭᠵᠢᠷᠡᠬᠦ ᠳ᠋ᠦ᠍ ᠪᠡᠷᠬᠡ  

1165 ᠣᠷᠣᠢᠲᠠᠭᠰᠠᠨ ᠬᠥᠮᠦᠨ ᠳ᠋ᠦ᠍ ᠣᠪᠣᠭ᠎ᠠ ᠣᠯᠠᠨ 
         ᠳᠣᠷᠣᠢᠲᠠᠭᠰᠠᠨ ᠬᠥᠮᠦᠨ ᠳ᠋ᠦ᠍ ᠳᠠᠪᠠᠭ᠎ᠠ ᠣᠯᠠᠨ  

1166 ᠣᠷᠣᠨ ᠢ᠋ᠶ᠋ᠠᠨ ᠰᠠᠬᠢᠭᠰᠠᠨ ᠨᠣᠶᠠᠨ ᠠ᠋ᠴᠠ 
         ᠣᠯᠠᠨ ᠢ᠋ ᠲᠣᠭᠣᠷᠢᠭᠰᠠᠨ ᠪᠣᠭᠣᠯ ᠳᠡᠭᠡᠷ᠎ᠡ  

1167 ᠣᠷᠣᠯᠳᠣᠯᠭ᠎ᠠ ᠰᠠᠢᠲᠤ ᠣᠷᠣᠢ ᠳ᠋ᠤᠨᠢ ᠭᠠᠷᠴᠤ 
         ᠣᠪᠣᠯᠵᠠᠭᠤᠷ ᠠᠭᠠᠰᠢᠲᠤ ᠢᠷᠣᠭᠠᠷ ᠲᠤᠨᠢ ᠬᠣᠴᠣᠷᠬᠤ  

1168 ᠤᠷᠤᠯᠳᠤᠵᠤ ᠬᠢᠬᠦ ᠪᠡᠨ ᠤᠷᠢᠳ ᠢ᠋ᠶ᠋ᠠᠷ ᠪᠣᠳᠣ 
         ᠣᠯᠵᠠ ᠠᠰᠢᠭ ᠢ᠋ᠶ᠋ᠠᠨ ᠳᠠᠷᠠᠭ᠎ᠠ ᠳ᠋ᠤᠨᠢ ᠪᠣᠳᠣ 

1169 ᠣᠷᠣᠨ ᠴᠡᠪᠡᠷ ᠪᠣᠯ 
         ᠣᠶᠤᠨ ᠴᠡᠪᠡᠷ 

1170 ᠣᠷᠣᠭ᠎ᠠ ᠮᠣᠷᠢ ᠶ᠋ᠢ ᠤᠷᠭ᠎ᠠ ᠪᠠᠷ 
         ᠠᠭᠤᠷ ᠲᠠᠢ ᠬᠥᠮᠦᠨ ᠢ᠋ ᠠᠷᠭ᠎ᠠ ᠪᠠᠷ   

1171 ᠣᠷᠣᠭ᠎ᠠ ᠨᠢ ᠣᠷᠣᠭ᠎ᠠ ᠪᠠᠷ ᠢ᠋ᠶ᠋ᠠᠨ 
         ᠵᠢᠷᠣᠭ᠎ᠠ ᠨᠢ ᠵᠢᠷᠣᠭ᠎ᠠ ᠪᠠᠷ ᠢ᠋ᠶ᠋ᠠᠨ  

1172 ᠣᠷᠣᠬᠤ ᠣᠷᠣᠨ ᠦᠭᠡᠢ 
         ᠣᠭᠣᠴᠢᠬᠤ ᠠᠶᠠᠭ᠎ᠠ ᠦᠭᠡᠢ  

1173 ᠣᠷᠣᠬᠤ ᠡᠭᠦᠳᠡ ᠪᠡᠨ ᠣᠯᠤᠭᠠᠳ 
         ᠭᠠᠷᠬᠤ ᠡᠭᠦᠳᠡ ᠪᠡᠨ ᠪᠤᠤ ᠮᠠᠷᠲᠠ   

1174 ᠣᠷᠣᠬᠤ ᠴᠠᠭ ᠤ᠋ᠨ ᠬᠤᠷ᠎ᠠ ᠶ᠋ᠢ 
         ᠣᠭᠲᠠᠷᠭᠤᠢ ᠶ᠋ᠢᠨ ᠰᠠᠯᠬᠢ ᠡᠪᠳᠡᠳᠡᠭ   
         ᠤᠨᠤᠬᠤ ᠤᠬᠠᠭᠠᠨ ᠪᠢᠯᠢᠭ ᠢ᠋ 
         ᠠᠭᠤᠷ ᠤ᠋ᠨ ᠮᠤᠩᠬᠠᠭ ᠡᠪᠳᠡᠳᠡᠭ  

1175 ᠣᠷᠣᠬᠤ ᠦᠭᠡᠢ ᠭᠡᠰᠡᠨ ᠭᠡᠷ ᠲᠤ ᠭᠤᠷᠪᠠ ᠣᠷᠣᠵᠤ 
         ᠠᠭᠤᠯᠵᠠᠬᠤ ᠦᠭᠡᠢ ᠭᠡᠰᠡᠨ ᠬᠥᠮᠦᠨ ᠲᠡᠢ ᠭᠤᠷᠪᠠ ᠠᠭᠤᠯᠵᠠᠬᠤ   

1176 ᠣᠷᠴᠢᠯᠠᠩ ᠨᠠᠷᠠ ᠪᠠᠷ ᠬᠡᠬᠡᠷᠡᠳᠡᠭ 
         ᠬᠥᠮᠦᠨ ᠡᠷᠳᠡᠮ ᠢ᠋ᠶ᠋ᠡᠷ ᠭᠡᠭᠡᠷᠡᠳᠡᠭ  

1177 ᠣᠰᠣᠯ ᠦᠭᠡᠢ ᠬᠥᠮᠦᠨ ᠦᠭᠡᠢ 
         ᠣᠯᠣᠮ ᠦᠭᠡᠢ ᠭᠣᠣᠯ ᠦᠭᠡᠢ  

1178 ᠣᠰᠣᠯ ᠢ᠋ ᠬᠢᠴᠢᠶᠡᠪᠡᠯ ᠰᠠᠢᠨ ᠪᠣᠯᠬᠤ 
         ᠣᠯᠠᠨ ᠢ᠋ ᠳᠠᠭᠠᠪᠠᠯ ᠥᠨᠢᠷ ᠪᠣᠯᠬᠤ  

1179 ᠥᠬᠢᠨ ᠬᠥᠮᠦᠨ ᠠᠮᠠᠨ ᠤ᠋ ᠪᠠᠨ ᠮᠠᠭᠤ ᠳ᠋ᠤ᠌ 
         ᠣᠷᠣᠭ᠎ᠠ ᠵᠤᠰᠠᠭ ᠠᠭᠠᠰᠢᠨ ᠤ᠋ ᠪᠠᠨ ᠮᠠᠭᠤ ᠳ᠋ᠤ᠌  

1180 ᠣᠴᠢᠲᠤ ᠭᠠᠯ ᠥᠭᠡᠳᠡ ᠪᠡᠨ 
         ᠤᠷᠤᠰᠬᠤ ᠤᠰᠤ ᠤᠷᠤᠭᠤ ᠪᠠᠨ    

             ᠦᠰᠦᠭ ᠠᠮᠢᠯᠠᠭᠤᠯᠤᠭᠴᠢ᠄ ᠣᠶᠤᠨᠪᠠᠲᠤ᠂ ᠰᠠᠷᠠᠨᠲᠤᠶᠠᠭ᠎ᠠ 
                  ᠬᠢᠨᠠᠭᠴᠢ᠄ ᠣᠳᠬᠣᠨᠴᠡᠴᠡᠭ᠂ ᠪᠠᠯ