ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠨ  ᠶᠢᠨ ᠠᠢᠮᠠᠭ 2>Монгол зүйр цэцэн үгийн гураван мянган дээж – Д᠂Заяабаатар эмхэтгэв <Нгийн аймаг 2> ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠨ  ᠶᠢᠨ ᠠᠢᠮᠠᠭ 2>Монгол зүйр цэцэн үгийн гураван мянган дээж – Д᠂Заяабаатар эмхэтгэв <Нгийн аймаг 2>

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠨ  ᠶᠢᠨ ᠠᠢᠮᠠᠭ 2>Монгол зүйр цэцэн үгийн гураван мянган дээж – Д᠂Заяабаатар эмхэтгэв <Нгийн аймаг 2>

2024-08-29

1264

ᠨ (н)  ᠶᠢᠨ ᠠᠢᠮᠠᠭ –2


          - ᠨ (Н) -   

1001 ᠨᠣᠬᠠᠢ ᠶ᠋ᠢᠨ ᠭᠡᠳᠡᠰᠦᠨ ᠳ᠋ᠦ᠍ 
         ᠰᠢᠷ᠎ᠠ ᠲᠣᠰᠣ ᠲᠣᠭᠲᠠᠬᠤ ᠦᠭᠡᠢ 
 
1002 ᠨᠣᠬᠠᠢ ᠶ᠋ᠢᠨ ᠴᠤᠭᠯᠠᠭᠠᠨ ᠶᠠᠰᠤᠨ ᠳᠡᠭᠡᠷ᠎ᠡ  
         ᠨᠣᠶᠠᠳ ᠤ᠋ᠨ ᠴᠤᠭᠯᠠᠭᠠᠨ ᠶᠠᠮᠤᠨ ᠳᠡᠭᠡᠷ᠎ᠡ  
 
1003 ᠨᠣᠬᠠᠢ ᠲᠠᠢ ᠥᠰᠢᠶᠡᠷᠬᠡᠪᠡᠯ ᠬᠣᠷᠮᠣᠢ ᠦᠭᠡᠢ 
         ᠨᠣᠶᠠᠨ ᠲᠠᠢ ᠥᠰᠢᠶᠡᠷᠬᠡᠪᠡᠯ ᠲᠣᠯᠣᠭᠠᠢ ᠦᠭᠡᠢ  

1004 ᠨᠣᠴᠣᠬᠤ ᠭᠠᠯ ᠥᠭᠡᠳᠡ ᠪᠦᠦ ᠣᠴᠢ  
         ᠨᠣᠷᠭᠠᠬᠤ ᠤᠰᠤ ᠤᠷᠤᠭᠤ ᠪᠦᠦ ᠣᠷᠣ 
 
1005 ᠨᠣᠴᠣᠭᠰᠠᠨ ᠭᠠᠯ ᠤ᠋ᠨ ᠤᠲᠤᠭ᠎ᠠ ᠳᠡᠭᠡᠭᠰᠢ 
         ᠨᠣᠮᠣᠬᠠᠨ ᠬᠥᠮᠦᠨ ᠦ᠌ ᠵᠠᠩ ᠳᠣᠭᠣᠭᠰᠢ  

1006 ᠨᠥᠮᠥᠷᠢ ᠦᠭᠡᠢ ᠪᠠᠭᠤᠴᠠᠨ ᠳ᠋ᠤ᠌ ᠡᠪᠦᠯᠵᠢᠪᠡᠯ  
         ᠮᠠᠯ ᠢ᠋ᠶ᠋ᠠᠨ ᠪᠠᠷᠠᠬᠤ ᠶ᠋ᠢᠨ ᠳᠣᠬᠢᠶ᠎ᠠ   

1007 ᠨᠥᠮᠥᠷᠢ ᠦᠭᠡᠢ ᠮᠠᠯ ᠰᠢᠭᠤᠷᠭᠠᠨ ᠳ᠋ᠤ᠌ ᠲᠦᠪᠡᠭᠳᠡᠨ᠎ᠡ 
         ᠨᠥᠬᠥᠷ ᠦᠭᠡᠢ ᠬᠥᠮᠦᠨ ᠵᠣᠪᠠᠯᠠᠩ ᠳ᠋ᠤ᠌ ᠲᠦᠪᠡᠭᠳᠡᠨ᠎ᠡ  
 
1008 ᠨᠥᠭᠡᠴᠡ ᠦᠭᠡᠢ ᠠᠢᠯ ᠭᠠᠴᠢᠭ ᠲᠤ ᠲᠦᠪᠡᠭᠳᠡᠨ᠎ᠡ  
         ᠨᠥᠬᠥᠭᠡᠰᠦ ᠦᠭᠡᠢ ᠡᠬᠡᠨᠡᠷ ᠦᠢᠯᠡ ᠳ᠋ᠦ᠍ ᠲᠦᠪᠡᠭᠳᠡᠨ᠎ᠡ 
 
1009 ᠨᠥᠬᠥᠷ ᠰᠠᠢᠲᠠᠢ ᠬᠥᠮᠦᠨ  
         ᠨᠥᠮᠥᠷᠢ ᠰᠠᠢᠲᠠᠢ ᠭᠡᠷ  
 
1010 ᠨᠥᠬᠥᠷ᠂ ᠬᠣᠣᠷᠲᠠᠨ ᠢ᠋ᠶ᠋ᠠᠨ 
         ᠬᠥᠮᠦᠨ ᠥᠪᠡᠷ ᠢ᠋ᠶ᠋ᠡᠨ ᠣᠯᠬᠤ  

1011 ᠨᠥᠬᠥᠷ ᠦ᠋ᠨ ᠮᠠᠭᠤ ᠶ᠋ᠢ ᠬᠠᠷᠠᠬᠤ ᠪᠠᠷ  
         ᠥᠪᠡᠷ ᠦ᠋ᠨ ᠮᠠᠭᠤ ᠶ᠋ᠢ ᠬᠠᠷᠠ 
  
1012 ᠨᠥᠬᠥᠷ ᠦ᠋ᠨ ᠰᠠᠢᠨ ᠢ᠋ᠶ᠋ᠠᠷ ᠬᠥᠮᠦᠨ ᠥᠭᠡᠳᠡᠯᠡᠵᠦ 
         ᠨᠠᠭᠤᠷ ᠤ᠋ᠨ ᠰᠠᠢᠨ ᠢ᠋ᠶ᠋ᠠᠷ ᠵᠢᠭᠠᠰᠤ ᠠᠮᠢᠳᠤᠷᠠᠬᠤ 
  
1013 ᠨᠤᠭᠤᠰᠤ ᠢᠳᠡᠪᠡᠯ  
         ᠨᠢᠰᠤᠬᠠᠢ ᠪᠣᠯᠳᠠᠭ  
 
1014 ᠨᠤᠭᠤᠰᠤ ᠪᠠᠨ ᠭᠡᠪᠡᠯ ᠨᠠᠭᠤᠷ ᠢ᠋ᠶ᠋ᠠᠨ  
         ᠨᠤᠲᠤᠭ ᠢ᠋ᠶ᠋ᠠᠨ ᠭᠡᠪᠡᠯ ᠬᠥᠷᠥᠰᠥ ᠪᠡᠨ  
 
1015 ᠨᠢᠯᠪᠤᠰᠤ ᠤᠨᠠᠭᠠᠬᠤ ᠪᠠᠷ 
         ᠨᠢᠳᠤᠷᠭ᠎ᠠ ᠵᠠᠩᠭᠢᠳ  

1016 ᠨᠢᠯᠪᠤᠰᠤ ᠴᠠᠷ ᠢ᠋ᠶ᠋ᠠᠨ ᠪᠦᠦ ᠵᠠᠯᠭᠢ 
         ᠨᠢᠭᠤᠭᠰᠠᠨ ᠬᠡᠷᠡᠭ ᠢ᠋ᠶ᠋ᠡᠨ ᠪᠦᠦ ᠬᠡᠯᠡ 
 
1017 ᠨᠤᠮᠤ ᠶ᠋ᠢᠨ ᠬᠥᠪᠴᠢ ᠨᠢ ᠰᠤᠯᠠ ᠪᠣᠯ 
         ᠰᠤᠮᠤ ᠶ᠋ᠢᠨ ᠲᠤᠰᠤᠯᠲᠠ ᠨᠢ ᠮᠠᠭᠤ  

1018 ᠨᠢᠷᠤᠭᠤ ᠮᠠᠭᠤᠲᠠᠢ ᠮᠣᠷᠢ ᠰᠡᠭᠦᠯ ᠢ᠋ᠶ᠋ᠡᠨ ᠰᠢᠷᠪᠠᠬᠤ  
         ᠨᠤᠭᠤᠰᠤ ᠮᠠᠭᠤᠲᠠᠢ ᠬᠠᠭᠠᠯᠭ᠎ᠠ ᠭᠡᠳᠡᠷᠭᠦ ᠪᠡᠨ ᠰᠠᠪᠠᠬᠤ   
 
1019 ᠨᠤᠲᠤᠭ ᠢ᠋ᠶ᠋ᠠᠨ ᠰᠠᠨᠠᠭᠰᠠᠨ ᠬᠥᠪᠡᠭᠦᠨ  
         ᠨᠠᠭᠤᠷ ᠢ᠋ᠶ᠋ᠠᠨ ᠰᠠᠨᠠᠭᠰᠠᠨ ᠨᠤᠭᠤᠰᠤ 
 
1020 ᠨᠤᠲᠤᠭ ᠤ᠋ᠨ ᠰᠢᠷᠣᠢ ᠠᠯᠲᠠ 
         ᠨᠠᠭᠤᠷ ᠤ᠋ᠨ ᠤᠰᠤ ᠷᠠᠰᠢᠶᠠᠨ   
 
1021 ᠨᠢᠭᠤᠪᠠᠴᠤ ᠨᠢᠷᠤᠭᠤ ᠨᠢ ᠢᠯᠡᠬᠡᠨ  
         ᠳᠠᠯᠳᠠᠯᠠᠪᠠᠴᠤ ᠳᠠᠯᠤ ᠨᠢ ᠢᠯᠡᠬᠡᠨ  

1022 ᠨᠢᠭᠤᠵᠤ ᠬᠡᠯᠡᠭᠰᠡᠨ ᠦᠭᠡ 
         ᠨᠤᠲᠤᠭ ᠳᠠᠶᠠᠭᠠᠷ ᠲᠠᠷᠬᠠᠬᠤ  

1023 ᠨᠠᠭᠤᠷ ᠠᠮᠤᠷ ᠪᠣᠯ 
         ᠨᠤᠭᠤᠰᠤ ᠠᠮᠤᠷ  

1024 ᠨᠠᠭᠤᠷ ᠬᠡᠳᠦᠢ ᠶᠡᠬᠡ ᠪᠣᠯᠪᠠᠴᠤ 
         ᠡᠷᠭᠢ ᠪᠡᠨ ᠳᠠᠪᠠᠬᠤ ᠦᠭᠡᠢ 
         ᠨᠤᠮᠤ ᠬᠡᠳᠦᠢ ᠬᠦᠴᠦᠲᠡᠢ ᠪᠣᠯᠪᠠᠴᠤ 
         ᠬᠥᠪᠴᠢ ᠪᠡᠨ ᠲᠠᠰᠤᠯᠬᠤ ᠦᠭᠡᠢ  
 
1025 ᠨᠠᠭᠤᠷ ᠰᠢᠷᠭᠢᠪᠡᠯ 
         ᠵᠢᠭᠠᠰᠤ ᠬᠠᠲᠠᠬᠤ  
 
1026 ᠨᠠᠭᠤᠷ ᠲᠤ ᠤᠷᠭᠤᠭᠰᠠᠨ ᠬᠤᠯᠤᠰᠤ ᠰᠠᠢᠬᠠᠨ 
         ᠨᠤᠲᠤᠭᠯᠠᠵᠤ ᠵᠠᠩᠰᠢᠭᠰᠠᠨ ᠭᠠᠵᠠᠷ ᠰᠠᠢᠬᠠᠨ  

1027 ᠨᠠᠭᠤᠷ ᠤ᠋ᠨ ᠲᠤᠩᠭᠠᠯᠠᠭ ᠲᠤ ᠨᠤᠭᠤᠰᠤ ᠵᠢᠭᠠᠰᠤ 
         ᠨᠠᠢᠷ ᠤ᠋ᠨ ᠰᠠᠢᠬᠠᠨ ᠳ᠋ᠤ᠌ ᠨᠠᠰᠤᠲᠠᠨ ᠪᠤᠭᠤᠷᠤᠯ  

1028 ᠨᠠᠭᠤᠷ ᠤ᠋ᠨ ᠴᠢᠮᠡᠭ ᠨᠤᠭᠤᠰᠤ 
         ᠨᠤᠲᠤᠭ ᠤ᠋ᠨ ᠴᠢᠮᠡᠭ ᠪᠠᠢᠭᠠᠯᠢ  

1029 ᠨᠢᠭᠤᠬᠤ ᠦᠭᠡ ᠶ᠋ᠢ 
         ᠨᠠᠮᠤᠭ ᠤ᠋ᠨ ᠮᠡᠯᠡᠬᠡᠢ ᠳ᠋ᠦ᠍ ᠴᠤ᠌ ᠪᠦᠦ ᠬᠡᠯᠡ  

1030 ᠨᠤᠤᠬ᠎ᠠ ᠶ᠋ᠢ ᠨᠢ ᠠᠪᠬᠤ ᠭᠡᠳ 
         ᠨᠢᠳᠦ ᠶ᠋ᠢ ᠨᠢ ᠰᠣᠬᠣᠯᠬᠤ   

1031 ᠨᠢᠭᠤᠴᠠ ᠬᠡᠷᠡᠭ ᠵᠠᠳᠠᠷᠠᠬᠤ ᠳ᠋ᠤ᠌ ᠲᠦᠷᠭᠡᠨ 
         ᠨᠢᠮᠭᠡᠨ ᠴᠠᠰᠤ ᠬᠠᠢᠯᠬᠤ ᠳ᠋ᠤ᠌ ᠬᠤᠷᠳᠤᠨ  

1032 ᠨᠢᠭᠦᠯ ᠨᠢ ᠨᠢᠳᠦ ᠪᠡᠷ ᠢ᠋ᠶ᠋ᠡᠨ 
         ᠵᠦᠬᠡᠯ ᠨᠢ ᠦᠭᠡ ᠪᠡᠷ ᠢ᠋ᠶ᠋ᠡᠨ  
 
1033 ᠨᠢᠭᠦᠯ ᠬᠢᠪᠡᠯ ᠵᠣᠪᠠᠯ ᠦᠵᠡᠨ᠎ᠡ  
         ᠬᠤᠯᠠᠭᠠᠢ ᠬᠢᠪᠡᠯ ᠲᠠᠰᠢᠭᠤᠷ ᠦᠵᠡᠨ᠎ᠡ

1034 ᠨᠢᠭᠦᠯ ᠬᠢᠵᠦ ᠪᠠᠶᠠᠵᠢᠭᠰᠠᠨ ᠠ᠋ᠴᠠ 
         ᠨᠢᠴᠦᠭᠦᠨ ᠶᠠᠪᠤᠭᠰᠠᠨ ᠨᠢ ᠳᠡᠭᠡᠷ᠎ᠡ 

1035 ᠨᠢᠭᠦᠯ ᠦᠭᠡᠢ ᠪᠠᠶᠠᠨ ᠡᠵᠡᠨ ᠢ᠋ᠶ᠋ᠡᠨ ᠣᠯᠤᠨ᠎ᠠ 
         ᠨᠢᠳᠦ ᠦᠭᠡᠢ ᠰᠢᠷᠭᠤᠯᠵᠢ ᠨᠦᠬᠡ ᠪᠡᠨ ᠣᠯᠤᠨ᠎ᠠ  

1036 ᠨᠢᠭᠦᠯ ᠦ᠋ᠨ ᠨᠢᠳᠦ ᠶ᠋ᠢ  
         ᠴᠠᠭᠠᠰᠤ ᠪᠠᠷ ᠬᠠᠭᠤᠷᠬᠤ  

1037 ᠨᠢᠭᠦᠯ ᠦ᠋ᠨ ᠡᠷᠬᠡ ᠪᠡᠷ ᠲᠠᠮᠤ ᠳ᠋ᠤ᠌ ᠤᠨᠠᠵᠤ 
         ᠨᠥᠬᠥᠷ ᠦ᠋ᠨ ᠡᠷᠬᠡ ᠪᠡᠷ ᠬᠤᠯᠠᠭᠠᠢᠴᠢ ᠪᠣᠯᠬᠤ   

1038 ᠨᠢᠳᠦ ᠪᠠᠢᠭᠠᠳ ᠰᠣᠬᠣᠷ 
         ᠴᠢᠬᠢ ᠪᠠᠢᠭᠠᠳ ᠳᠦᠯᠡᠢ  

1039 ᠨᠢᠳᠦ ᠭᠡᠳᠡᠭ ᠰᠡᠳᠬᠢᠯ ᠦ᠋ᠨ ᠲᠣᠯᠢ 
         ᠵᠢᠰᠦ ᠭᠡᠳᠡᠭ ᠪᠡᠶ᠎ᠡ ᠶ᠋ᠢᠨ ᠲᠣᠯᠢ  

1040 ᠨᠢᠳᠦ ᠤᠯᠠᠭᠠᠨ 
         ᠮᠥᠩᠭᠥ ᠴᠠᠭᠠᠨ  

1041 ᠨᠢᠳᠦ ᠬᠤᠷᠴᠠ ᠬᠥᠮᠦᠨ ᠪᠠᠴᠢᠮᠳᠠᠬᠤ ᠦᠭᠡᠢ 
         ᠭᠠᠷ ᠪᠣᠰᠢᠭᠣ ᠬᠥᠮᠦᠨ ᠬᠣᠵᠢᠮᠳᠠᠬᠤ ᠦᠭᠡᠢ  

1042 ᠨᠢᠳᠦ ᠬᠡᠳᠦᠢ ᠶᠡᠬᠡ ᠶ᠋ᠢ ᠦᠵᠡᠪᠡᠴᠦ 
         ᠭᠡᠷ ᠢ᠋ ᠨᠡᠪᠲᠡ ᠬᠠᠷᠠᠳᠠᠭ ᠦᠭᠡᠢ 
         ᠴᠢᠬᠢ ᠬᠡᠳᠦᠢ ᠬᠣᠯᠠ ᠶ᠋ᠢ ᠳᠣᠭᠣᠯᠪᠠᠴᠤ 
         ᠠᠢᠯ ᠢ᠋ ᠨᠡᠪᠲᠡ ᠰᠣᠨᠣᠰᠬᠤ ᠦᠭᠡᠢ  

1043 ᠨᠢᠳᠦ ᠦᠭᠡᠢ ᠪᠠᠭᠰᠢ ᠠ᠋ᠴᠠ  
         ᠰᠢᠳᠦ ᠦᠭᠡᠢ ᠱᠠᠪᠢ  

1044 ᠨᠢᠳᠦ ᠦᠭᠡᠢ ᠪᠣᠯ ᠵᠠᠮ ᠬᠠᠷᠠᠩᠭᠤᠢ 
         ᠨᠠᠷᠠ ᠦᠭᠡᠢ ᠪᠣᠯ ᠡᠳᠦᠷ ᠬᠠᠷᠠᠩᠭᠤᠢ 
 
1045 ᠨᠢᠳᠦᠨ ᠳ᠋ᠦ᠍ ᠣᠷᠣᠭᠰᠠᠨ ᠬᠣᠭ 
         ᠰᠢᠳᠦᠨ ᠳ᠋ᠦ᠍ ᠣᠷᠣᠭᠰᠠᠨ ᠮᠢᠬ᠎ᠠ  

1046 ᠨᠡᠭᠦᠳᠡᠯ ᠦ᠋ᠨ ᠰᠢᠪᠠᠭᠤ ᠵᠠᠮ ᠢ᠋ᠶ᠋ᠠᠨ ᠮᠡᠳᠡᠳᠡᠭ 
         ᠨᠢᠯᠬ᠎ᠠ ᠤᠨᠠᠭ᠎ᠠ ᠡᠬᠡ ᠪᠡᠨ ᠲᠠᠨᠢᠳᠠᠭ  

1047 ᠨᠡᠭᠦᠳᠡᠯ ᠢ᠋ᠶ᠋ᠡᠷ ᠵᠤᠰᠠᠪᠠᠯ ᠰᠡᠷᠢᠭᠦᠨ 
         ᠰᠠᠭᠤᠳᠠᠯ ᠢ᠋ᠶ᠋ᠠᠷ ᠡᠪᠦᠯᠵᠢᠪᠡᠯ ᠳᠤᠯᠠᠭᠠᠨ   

1048 ᠨᠡᠭᠦᠳᠡᠯᠯᠡᠬᠦ ᠳ᠋ᠦ᠍ ᠬᠥᠰᠬᠡ ᠬᠡᠷᠡᠭ ᠲᠡᠢ 
         ᠨᠥᠬᠥᠷᠯᠡᠬᠦ ᠳ᠋ᠦ᠍ ᠠᠨᠳᠠ ᠬᠡᠷᠡᠭ ᠲᠡᠢ  

1049 ᠨᠢᠭᠤᠷ ᠪᠥᠬᠡ ᠨᠣᠶᠠᠳ 
         ᠨᠤᠲᠤᠭ ᠢ᠋ᠶ᠋ᠠᠨ ᠬᠠᠷᠠᠯᠠᠭᠤᠯᠬᠤ 

1050 ᠨᠢᠭᠤᠷ ᠥᠭᠬᠦ ᠳ᠋ᠦ᠍ 
         ᠪᠥᠭᠰᠡ ᠥᠭᠬᠦ  
 
1051 ᠨᠢᠭᠤᠷ ᠦᠵᠡᠪᠡᠯ ᠪᠢᠯᠳᠠᠤᠴᠢᠯᠠᠬᠤ 
         ᠨᠦᠬᠡ ᠦᠵᠡᠪᠡᠯ ᠰᠢᠷᠭᠤᠬᠤ 

1052 ᠨᠢᠭᠤᠷ ᠤ᠋ᠨ ᠬᠦ ᠤᠬᠢᠶᠠᠪᠠᠯ ᠠᠷᠢᠯᠤᠨ᠎ᠠ 
         ᠨᠢᠭᠦᠯ ᠦ᠋ᠨ ᠬᠦ ᠦᠬᠦᠪᠡᠴᠦ ᠠᠷᠢᠯᠬᠤ ᠦᠭᠡᠢ 

1053 ᠨᠡᠭᠦᠷᠡᠰᠦ ᠪᠠᠷᠢᠳᠠᠭ ᠬᠥᠮᠦᠨ ᠦ᠌ 
         ᠭᠠᠷ ᠨᠢ ᠬᠠᠷ᠎ᠠ 
         ᠨᠢᠭᠦᠯ ᠶᠡᠬᠡᠲᠡᠢ ᠬᠥᠮᠦᠨ ᠦ᠌ 
         ᠶᠠᠰᠤ ᠨᠢ ᠬᠠᠷ᠎ᠠ  

1054 ᠨᠡᠭᠦᠷᠡᠰᠦ ᠬᠠᠷ᠎ᠠ ᠪᠣᠯᠪᠠᠴᠤ 
         ᠢᠯᠴᠢ ᠪᠡᠷ ᠢ᠋ᠶ᠋ᠡᠨ ᠳᠤᠯᠠᠭᠠᠴᠠᠭᠤᠯᠳᠠᠭ 
         ᠨᠡᠬᠡᠢ ᠰᠢᠷᠦᠭᠦᠨ ᠪᠣᠯᠪᠠᠴᠤ 
         ᠬᠦᠢᠲᠡᠨ ᠢ ᠬᠠᠯᠬᠠᠯᠠᠳᠠᠭ  

1055 ᠨᠡᠭᠦᠷᠡᠰᠦ ᠶ᠋ᠢ ᠵᠦᠯᠭᠦᠭᠡᠳ ᠥᠩᠭᠡ ᠭᠠᠷᠬᠤ ᠦᠭᠡᠢ 
         ᠨᠢᠭᠦᠯᠲᠡᠨ ᠢ ᠲᠡᠳᠬᠦᠭᠡᠳ ᠪᠤᠶᠠᠨ ᠪᠣᠯᠬᠤ ᠦᠭᠡᠢ  

1056 ᠨᠢᠭᠤᠷ ᠤ᠋ᠨ ᠳᠡᠭᠡᠷ᠎ᠡ ᠨᠢ ᠢᠷᠥᠭᠡᠵᠦ 
         ᠨᠢᠳᠦᠨ ᠡᠴᠡ ᠳᠠᠯᠳᠠ ᠬᠠᠷᠢᠶᠠᠬᠤ   

1057 ᠨᠢᠭᠤᠷ ᠢ᠋ᠶ᠋ᠠᠨ ᠪᠠᠷᠠᠭᠰᠠᠨ ᠬᠥᠮᠦᠨ 
         ᠨᠢᠳᠦ ᠪᠡᠨ ᠠᠨᠢᠪᠴᠢᠬᠤ ᠨᠢ ᠣᠯᠠᠨ  

1058 ᠨᠡᠭᠦᠬᠦ ᠶ᠋ᠢᠨ ᠡᠮᠦᠨ᠎ᠡ ᠪᠡᠯᠴᠢᠭᠡᠷ ᠢ᠋ᠶ᠋ᠡᠨ  
         ᠪᠠᠭᠤᠬᠤ ᠶ᠋ᠢᠨ ᠡᠮᠦᠨ᠎ᠡ ᠪᠠᠭᠤᠷᠢ ᠪᠠᠨ  

1059 ᠨᠢᠴᠦᠭᠦᠨ ᠭᠠᠵᠠᠷ ᠤ᠋ᠨ ᠰᠠᠯᠬᠢ ᠶᠡᠬᠡ   
         ᠨᠢᠮᠭᠡᠨ ᠬᠥᠷᠥᠰᠥᠨ ᠦ᠌ ᠲᠣᠭᠣᠰᠣ ᠶᠡᠬᠡ  

1060 ᠨᠢᠭᠡ ᠪᠦᠳᠦᠷᠢᠪᠡᠯ 
         ᠳᠣᠯᠣᠭ᠎ᠠ ᠪᠦᠳᠦᠷᠢᠬᠦ  

1061 ᠨᠢᠭᠡ ᠵᠢᠯ ᠦ᠋ᠨ ᠰᠠᠢᠨ ᠨᠢ ᠨᠠᠮᠤᠷ ᠲᠠᠭᠠᠨ 
         ᠨᠢᠭᠡ ᠨᠠᠰᠤᠨ ᠤ᠋ ᠰᠠᠢᠨ ᠨᠢ ᠵᠠᠯᠠᠭᠤ ᠳ᠋ᠠᠭᠠᠨ  

1062 ᠨᠢᠭᠡ ᠨᠠᠮᠤᠷ ᠭᠤᠷᠪᠠᠨ ᠬᠠᠪᠤᠷ ᠡᠴᠡ ᠢᠯᠡᠭᠦᠦ ᠦᠨ᠎ᠡ ᠲᠡᠢ 
         ᠨᠢᠭᠡ ᠬᠥᠮᠦᠨ ᠭᠤᠷᠪᠠᠨ ᠦᠬᠡᠷ ᠡᠴᠡ ᠢᠯᠡᠭᠦᠦ ᠴᠢᠳᠠᠯ ᠲᠠᠢ  

1063 ᠨᠢᠭᠡ ᠨᠢ ᠨᠡᠢᠲᠡ ᠶ᠋ᠢᠨ ᠲᠥᠯᠥᠭᠡ 
         ᠨᠡᠢᠲᠡ ᠨᠢ ᠨᠢᠭᠡ ᠶ᠋ᠢᠨ ᠲᠥᠯᠥᠭᠡ  

1064 ᠨᠢᠭᠡ ᠡᠳᠦᠷ ᠲᠠᠨᠢᠯᠴᠠᠵᠤ 
         ᠮᠢᠩᠭᠠᠨ ᠡᠳᠦᠷ ᠨᠥᠬᠥᠷᠯᠡᠯᠴᠡᠨ᠎ᠡ  

1065 ᠨᠢᠭᠡ ᠰᠤᠮᠤ ᠪᠠᠷ 
         ᠬᠣᠶᠠᠷ ᠲᠠᠤᠯᠠᠢ ᠫᠤᠤᠳᠠᠬᠤ  

1066 ᠨᠢᠭᠡ ᠲᠡᠮᠡᠭᠡᠨ ᠦ᠌ ᠬᠣᠷᠭᠣᠯ ᠳ᠋ᠤ᠌ 
         ᠮᠢᠩᠭᠠᠨ ᠲᠡᠮᠡᠭᠡ ᠬᠠᠯᠲᠤᠷᠢᠬᠤ  

1067 ᠨᠢᠭᠡ ᠦᠬᠡᠷ ᠦ᠋ᠨ ᠡᠪᠡᠷ ᠢ᠋ ᠳᠡᠯᠡᠰᠬᠦ ᠳ᠋ᠦ᠍ 
         ᠮᠢᠩᠭᠠᠨ ᠦᠬᠡᠷ ᠦ᠋ᠨ ᠡᠪᠡᠷ ᠳᠣᠷᠭᠢᠨ᠎ᠠ  

1068 ᠨᠢᠭᠡ ᠬᠤᠳᠠᠯᠴᠢ 
         ᠨᠥᠭᠦᠭᠡ ᠬᠤᠳᠠᠯᠴᠢ ᠳ᠋ᠠᠭᠠᠨ ᠢᠲᠡᠭᠡᠳᠡᠭ ᠦᠭᠡᠢ  

1069 ᠨᠢᠭᠡ ᠬᠤᠷᠤᠭᠤ ᠶ᠋ᠢ ᠬᠠᠵᠠᠪᠠᠯ 
         ᠪᠦᠬᠦ ᠪᠡᠶ᠎ᠡ ᠡᠪᠡᠳᠬᠦ  

1070 ᠨᠢᠭᠡ ᠴᠠᠭ ᠤ᠋ᠨ ᠡᠨᠳᠡᠭᠦᠷᠡᠯ ᠡᠴᠡ 
         ᠨᠢᠭᠡ ᠨᠠᠰᠤᠨ ᠤ᠋ ᠭᠡᠮᠰᠢᠯ ᠪᠣᠯᠬᠤ  

1071 ᠨᠢᠭᠡ ᠴᠢᠬᠢ ᠪᠡᠷ ᠢ᠋ᠶ᠋ᠡᠨ ᠳᠤᠭᠤᠯᠤᠭᠠᠳ  
         ᠨᠥᠭᠦᠭᠡ ᠴᠢᠬᠢ ᠪᠡᠷ ᠢ᠋ᠶ᠋ᠡᠨ ᠭᠠᠷᠭᠠᠬᠤ  

1072 ᠨᠢᠭᠡ ᠡᠬᠡ ᠡᠴᠡ ᠴᠤᠪᠤᠵᠤ ᠲᠥᠷᠥᠭᠡᠳ 
         ᠨᠢᠭᠡ ᠭᠡᠷ ᠲᠦ᠍ ᠪᠠᠭᠲᠠᠬᠤ ᠦᠭᠡᠢ  

1073 ᠨᠢᠭᠡ ᠳ᠋ᠦ᠍ ᠳᠤᠷᠠᠯᠠᠪᠠᠯ ᠵᠢᠷᠭᠠᠯ 
         ᠨᠡᠮᠡᠵᠦ ᠳᠤᠷᠠᠯᠠᠪᠠᠯ ᠵᠣᠪᠠᠯᠠᠩ  

1074 ᠨᠢᠭᠡ ᠶ᠋ᠢ ᠮᠡᠳᠡᠪᠡᠯ 
         ᠨᠡᠮᠡᠭᠡᠳ ᠬᠣᠶᠠᠷ ᠢ᠋ ᠮᠡᠳᠡᠬᠦ  

1075 ᠨᠢᠭᠡ ᠶ᠋ᠢ ᠣᠯᠪᠠᠯ ᠠᠷᠪᠠ ᠶ᠋ᠢ ᠣᠯᠤᠨ᠎ᠠ 
         ᠨᠢᠭᠡ ᠶ᠋ᠢ ᠠᠯᠳᠠᠪᠠᠯ ᠠᠷᠪᠠ ᠶ᠋ᠢ ᠠᠯᠳᠠᠨ᠎ᠠ  

1076 ᠨᠡᠷ᠎ᠡ ᠣᠯᠬᠤ ᠨᠠᠰᠤᠨ ᠤ᠋ ᠬᠢ 
         ᠨᠡᠷ᠎ᠡ ᠬᠤᠭᠤᠷᠠᠬᠤ ᠡᠳᠦᠷ ᠦ᠋ᠨ ᠬᠢ  

1077 ᠨᠡᠷ᠎ᠡ ᠨᠢᠭᠡᠲᠦ ᠶ᠋ᠢᠨ ᠴᠢᠬᠢ ᠨᠢᠭᠡ 
         ᠨᠢᠭᠦᠯ ᠶᠡᠬᠡᠲᠦ ᠶ᠋ᠢᠨ ᠲᠠᠮᠤ ᠨᠢᠭᠡ  

1078 ᠨᠡᠷ᠎ᠡ ᠬᠤᠭᠤᠷᠠᠬᠤ ᠪᠠᠷ 
         ᠶᠠᠰᠤ ᠬᠤᠭᠤᠷᠠ  

1079 ᠨᠡᠷ᠎ᠡ ᠦᠭᠡᠢ ᠵᠤᠨ᠂ ᠵᠤᠨ ᠪᠢᠰᠢ 
         ᠨᠠᠷᠭᠢᠶᠠᠨ ᠦᠭᠡᠢ ᠨᠠᠢᠷ᠂ ᠨᠠᠢᠷ ᠪᠢᠰᠢ  

1080 ᠨᠡᠷ᠎ᠡ ᠶ᠋ᠢ ᠵᠠᠯᠠᠭᠤ ᠠ᠋ᠴᠠ ᠨᠢ 
         ᠠᠵᠢᠯ ᠢ᠋ ᠪᠠᠭ᠎ᠠ ᠠ᠋ᠴᠠ ᠨᠢ  

1081 ᠨᠡᠷᠡᠯᠬᠡᠦ ᠬᠥᠮᠦᠨ ᠳ᠋ᠦ᠍ ᠬᠣᠭᠣᠯᠠ ᠦᠭᠡᠢ 
         ᠨᠠᠷᠢᠨ ᠬᠥᠮᠦᠨ ᠳ᠋ᠦ᠍ ᠨᠥᠬᠥᠷ ᠦᠭᠡᠢ   

1082 ᠨᠡᠷᠡᠯᠬᠡᠭᠡᠳ ᠨᠡᠷ᠎ᠡ ᠪᠡᠨ ᠢᠳᠡᠬᠦ ᠦᠭᠡᠢ 
         ᠬᠠᠷᠢᠭᠠᠳ ᠭᠡᠷ ᠢ᠋ᠶ᠋ᠡᠨ ᠢᠳᠡᠬᠦ ᠦᠭᠡᠢ  

1083 ᠨᠡᠷ᠎ᠡ ᠪᠡᠨ ᠪᠠᠷᠠᠭᠰᠠᠨ ᠠ᠋ᠴᠠ  
         ᠨᠠᠰᠤ ᠪᠠᠨ ᠪᠠᠷᠠᠭᠰᠠᠨ ᠨᠢ ᠳᠡᠭᠡᠷ᠎ᠡ  

1084 ᠨᠡᠷ᠎ᠡ ᠪᠡᠨ ᠪᠣᠳᠣᠵᠤ ᠶᠠᠪᠤ  
         ᠪᠢᠷ᠎ᠠ ᠪᠠᠨ ᠮᠡᠳᠡᠵᠦ ᠠᠭᠠᠰᠢᠯᠠ   

1085 ᠨᠡᠷ᠎ᠡ ᠪᠡᠨ ᠪᠤᠤ ᠭᠡᠭᠡ  
         ᠬᠦᠨᠳᠦ ᠪᠡᠨ ᠪᠤᠤ ᠠᠯᠲᠠ   

1086 ᠨᠡᠷ᠎ᠡ ᠪᠡᠨ ᠪᠣᠳᠣᠪᠠᠯ ᠬᠢᠴᠢᠶᠡᠵᠦ ᠶᠠᠪᠤ 
         ᠨᠢᠭᠤᠷ ᠢ᠋ᠶ᠋ᠠᠨ ᠪᠣᠳᠣᠪᠠᠯ ᠤᠬᠢᠶᠠᠵᠤ ᠶᠠᠪᠤ   

1087 ᠨᠢᠯᠬ᠎ᠠ ᠨᠣᠭᠣᠭᠠᠨ ᠳ᠋ᠤ᠌ ᠬᠤᠷ᠎ᠠ ᠬᠡᠷᠡᠭ ᠲᠡᠢ 
         ᠨᠢᠯᠬ᠎ᠠ ᠬᠡᠦᠬᠡᠳ ᠲᠦ᠍ ᠰᠤᠷᠭᠠᠯ ᠬᠡᠷᠡᠭ ᠲᠡᠢ   

1088 ᠨᠢᠯᠠᠭᠠᠨᠠᠭᠤᠷ ᠵᠠᠩ ᠨᠡᠷ᠎ᠡ ᠪᠠᠷᠠᠨ᠎ᠠ  
         ᠨᠢᠯᠤᠭᠤᠨ ᠬᠥᠮᠦᠨ ᠴᠠᠭ ᠪᠠᠷᠠᠨ᠎ᠠ    

            ᠦᠰᠦᠭ ᠠᠮᠢᠯᠠᠭᠤᠯᠤᠭᠴᠢ᠄ ᠡᠷᠳᠡᠨᠢᠭᠤᠸ᠎ᠠ᠂ ᠰᠠᠷᠠᠨᠲᠤᠶᠠᠭ᠎ᠠ᠂ ᠣᠶᠤᠨᠪᠠᠲᠤ᠂ ᠪᠠᠳᠮᠠᠰᠡᠴᠡᠨ
                ᠬᠢᠨᠠᠭᠴᠢ᠄ ᠠᠯᠲᠠᠨᠱᠠ᠂ ᠪᠣᠯᠣᠳ᠂ ᠤᠢᠭᠤᠷᠵᠢᠨ ᠤᠳᠬᠤᠨ᠂  ᠪᠠᠯ