ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠵ  ᠶᠢᠨ ᠠᠢᠮᠠᠭ З-2>Монгол зүйр цэцэн үгийн гураван мянган дээж – Д᠂Заяабаатар эмхэтгэв <З ин аймаг 2> ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠵ  ᠶᠢᠨ ᠠᠢᠮᠠᠭ З-2>Монгол зүйр цэцэн үгийн гураван мянган дээж – Д᠂Заяабаатар эмхэтгэв <З ин аймаг 2>

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠵ  ᠶᠢᠨ ᠠᠢᠮᠠᠭ З-2>Монгол зүйр цэцэн үгийн гураван мянган дээж – Д᠂Заяабаатар эмхэтгэв <З ин аймаг 2>

2024-08-26

563

ᠵ (З)  ᠶᠢᠨ ᠠᠢᠮᠠᠭ – 2

       
        – ᠵ (З) –

651 ᠵᠣᠭᠣᠰ ᠢ᠋ᠶ᠋ᠠᠷ ᠨᠠᠭᠠᠳᠪᠠᠯ ᠬᠥᠷᠥᠩᠭᠡ ᠪᠡᠨ ᠪᠠᠷᠠᠨ᠎ᠠ 
       ᠵᠢᠯᠣᠭᠣ ᠦᠭᠡᠢ ᠶᠠᠪᠤᠪᠠᠯ ᠬᠥᠮᠦᠨ ᠢ᠋ᠶ᠋ᠡᠨ ᠪᠠᠷᠠᠨ᠎ᠠ

652 ᠵᠣᠷᠢᠭ ᠢ᠋ᠶ᠋ᠠᠷ ᠢ᠋ᠶ᠋ᠠᠨ ᠶᠠᠪᠤᠪᠠᠯ ᠵᠣᠪᠠᠳᠠᠭ 
       ᠵᠣᠵᠢᠭᠯᠠᠵᠤ ᠶᠠᠪᠤᠪᠠᠯ ᠭᠠᠭᠴᠠᠭᠠᠷᠳᠠᠳᠠᠭ

653 ᠵᠣᠷᠢᠭ ᠶᠡᠬᠡᠲᠦ 
       ᠵᠡᠪᠰᠡᠭ ᠶᠡᠬᠡᠲᠦ ᠶ᠋ᠢ ᠢᠯᠠᠬᠤ 

654 ᠵᠣᠷᠢᠭ ᠦᠭᠡᠢ ᠬᠥᠮᠦᠨ ᠳ᠋ᠦ᠍ ᠵᠠᠮ ᠬᠣᠯᠠ 
       ᠰᠦᠰᠦᠭ ᠦᠭᠡᠢ ᠬᠥᠮᠦᠨ ᠳ᠋ᠦ᠍ ᠪᠤᠷᠬᠠᠨ ᠬᠣᠯᠠ

655 ᠵᠣᠷᠢᠭᠯᠠᠪᠠᠯ ᠪᠦᠲᠦᠨ᠎ᠡ 
       ᠴᠥᠬᠥᠷᠡᠪᠡᠯ ᠭᠤᠲᠤᠨ᠎ᠠ

656 ᠵᠣᠷᠢᠭ ᠢ᠋ᠶ᠋ᠠᠷ ᠢᠯᠠᠨ᠎ᠠ 
       ᠰᠤᠷᠠᠭ ᠢ᠋ᠶ᠋ᠠᠷ ᠣᠯᠤᠨ᠎ᠠ

657 ᠵᠣᠷᠢᠭ ᠲᠠᠢ ᠬᠥᠮᠦᠨ ᠨᠢᠭᠡ ᠦᠬᠦᠳᠡᠭ 
       ᠵᠣᠷᠢᠭ ᠦᠭᠡᠢ ᠬᠥᠮᠦᠨ ᠮᠢᠩᠭ᠎ᠠ ᠦᠬᠦᠳᠡᠭ

658 ᠵᠣᠷᠢᠭ ᠲᠠᠢ ᠬᠥᠮᠦᠨ ᠴᠢᠳᠠᠯ ᠲᠠᠢ  
       ᠵᠣᠷᠢᠯᠭ᠎ᠠ ᠲᠠᠢ ᠬᠥᠮᠦᠨ ᠵᠢᠳᠬᠦᠯ ᠲᠡᠢ

659 ᠵᠣᠷᠢᠭᠰᠠᠨ ᠡᠷ᠎ᠡ ᠵᠠᠭᠤᠷ᠎ᠠ ᠠ᠋ᠴᠠ ᠪᠤᠴᠠᠳᠠᠭ ᠦᠭᠡᠢ  
       ᠬᠠᠷᠪᠤᠭᠰᠠᠨ ᠰᠤᠮᠤ ᠬᠠᠳᠠᠨ ᠠ᠋ᠴᠠ ᠬᠠᠯᠲᠤᠷᠢᠳᠠᠭ ᠦᠭᠡᠢ

660 ᠵᠥᠪ ᠵᠥᠪ ᠲᠤ ᠰᠢᠳᠤᠷᠭᠤ ᠵᠥᠪ  
       ᠵᠥᠭᠡᠯᠡᠨ ᠵᠥᠭᠡᠯᠡᠨ ᠳ᠋ᠦ᠍ ᠡᠶ᠎ᠡ ᠵᠥᠭᠡᠯᠡᠨ

661 ᠵᠥᠪ ᠣᠯᠠᠨ ᠲᠠᠯ᠎ᠠ ᠲᠠᠢ 
       ᠪᠤᠷᠤᠭᠤ ᠨᠢᠭᠡ ᠲᠠᠯ᠎ᠠ ᠲᠠᠢ

662 ᠵᠥᠪ ᠦᠭᠡ 
       ᠬᠤᠷᠴᠠ ᠬᠢᠲᠤᠭ᠎ᠠ ᠠᠳᠠᠯᠢ

663 ᠵᠥᠪ ᠲᠤ ᠮᠢᠩᠭᠠᠨ ᠡᠵᠡᠨ 
       ᠪᠤᠷᠤᠭᠤ ᠳ᠋ᠤ᠌ ᠨᠢᠭᠡ ᠡᠵᠡᠨ

664 ᠵᠥᠪᠯᠡᠵᠦ ᠬᠡᠯᠡᠬᠦ ᠳ᠋ᠦ᠍ ᠠᠮᠠᠷᠬᠠᠨ  
       ᠵᠥᠪᠯᠡᠭᠰᠡᠨ ᠢ᠋ ᠬᠢᠬᠦ ᠳ᠋ᠦ᠍ ᠪᠡᠷᠬᠡ

665  ᠵᠥᠪ ᠲᠡᠢ ᠶᠠᠪᠤᠬᠤ ᠬᠥᠮᠦᠨ ᠢ᠋ ᠪᠦᠦ ᠳᠠᠷᠤᠯᠠ 
        ᠪᠤᠷᠤᠭᠤ ᠲᠠᠢ ᠶᠠᠪᠤᠬᠤ ᠬᠥᠮᠦᠨ ᠢ᠋ ᠪᠦᠦ ᠠᠰᠠᠷᠠ

666 ᠵᠥᠭᠡᠯᠡᠨ ᠦᠭᠡ ᠵᠥᠭᠡᠬᠡᠢ ᠰᠢᠭ  
       ᠬᠠᠲᠠᠭᠤ ᠦᠭᠡ ᠬᠠᠷ᠎ᠠ ᠤᠰᠤ ᠰᠢᠭ᠋ 

667 ᠵᠤᠳ ᠪᠣᠯᠬᠤ 
       ᠵᠤᠨ ᠠ᠋ᠴᠠ ᠪᠠᠨ

668 ᠵᠤᠳ ᠪᠣᠯᠬᠤ ᠳ᠋ᠤ᠌ ᠨᠣᠬᠠᠢ ᠲᠠᠷᠭᠤᠯᠠᠵᠤ 
       ᠵᠣᠪᠠᠯᠠᠩ ᠪᠣᠯᠬᠤ ᠳ᠋ᠤ᠌ ᠮᠠᠢᠮᠠᠢᠴᠢᠨ ᠪᠠᠶᠠᠵᠢᠨ᠎ᠠ 

669 ᠵᠤᠳ ᠵᠠᠯᠭᠠᠬᠤ ᠳ᠋ᠤ᠌ ᠭᠠᠢ ᠲᠠᠢ 
       ᠵᠢᠰᠦᠷ ᠵᠢᠷᠤᠮᠲᠠᠨ ᠳ᠋ᠤ᠌ ᠭᠠᠢ ᠲᠠᠢ 

670 ᠵᠤᠳ ᠨᠢᠭᠡ ᠵᠢᠯ ᠦ᠋ᠨ ᠬᠢ 
       ᠵᠤᠷᠠᠮ᠎ᠠ ᠮᠢᠩᠭᠠᠨ ᠵᠢᠯ ᠦ᠋ᠨ ᠬᠢ  

671 ᠵᠤᠳ ᠤ᠋ᠨ ᠮᠠᠯ ᠢ᠋ ᠤᠷᠤᠭᠤ ᠡᠷᠢ 
       ᠵᠤᠨ ᠤ᠋ ᠮᠠᠯ ᠢ᠋ ᠥᠭᠡᠳᠡ ᠡᠷᠢ  

672 ᠵᠤᠳ ᠤ᠋ᠨ ᠲᠦᠷᠦᠭᠦᠦ ᠮᠠᠨᠠᠨ  
       ᠵᠢᠰᠤᠷ ᠤ᠋ᠨ ᠲᠦᠷᠦᠭᠦᠦ ᠬᠥᠭᠡᠷᠦᠬᠦᠢ  

673 ᠵᠤᠨ ᠵᠤᠳ ᠲᠠᠢ ᠲᠡᠮᠡᠴᠡᠵᠦ 
       ᠵᠤᠯᠵᠠᠭᠠᠨ ᠨᠣᠭᠣᠭ᠎ᠠ ᠬᠤᠷᠢᠶᠠᠬᠤ  

674 ᠵᠤᠨ ᠨᠠᠮᠤᠷ ᠴᠤᠭᠯᠠᠭᠤᠯᠵᠤ 
       ᠡᠪᠦᠯ ᠬᠠᠪᠤᠷ ᠢᠳᠡᠳᠡᠭ  

675 ᠵᠤᠨ ᠪᠢᠲᠡᠭᠡᠢ ᠰᠠᠭᠤ  
       ᠵᠤᠳ ᠲᠤ ᠪᠢᠲᠡᠭᠡᠢ ᠰᠠᠨᠳᠤᠷ  

676 ᠵᠢᠰᠤᠷ ᠲᠤ ᠨᠢᠭᠤᠷ ᠦᠭᠡᠢ  
       ᠵᠤᠳ ᠲᠤ ᠢᠯᠴᠢ ᠦᠭᠡᠢ  

677 ᠵᠢᠰᠤᠷᠴᠢ ᠬᠥᠮᠦᠨ ᠵᠥᠭᠡᠯᠡᠨ ᠦᠭᠡ ᠪᠡᠷ  
       ᠵᠣᠯᠪᠢᠩ ᠨᠣᠬᠠᠢ ᠰᠢᠷᠪᠠᠭ᠎ᠠ ᠰᠡᠭᠦᠯ ᠢ᠋ᠶ᠋ᠡᠷ  

678 ᠵᠢᠰᠤᠷᠴᠢ ᠬᠥᠮᠦᠨ ᠵᠤᠯᠤᠭ ᠢ᠋ᠶ᠋ᠠᠨ ᠪᠠᠷᠠᠨ᠎ᠠ 
       ᠵᠠᠭᠤᠳᠠᠭ ᠨᠣᠬᠠᠢ ᠰᠢᠳᠦ ᠪᠡᠨ ᠪᠠᠷᠠᠨ᠎ᠠ  

679 ᠵᠢᠰᠤᠷᠴᠢ ᠬᠥᠮᠦᠨ ᠮᠠᠭᠤ ᠪᠣᠯᠪᠠᠴᠤ ᠪᠤᠰᠤᠳ ᠢ᠋ ᠴᠢᠳᠠᠨ᠎ᠠ 
       ᠵᠠᠭᠤᠳᠠᠭ ᠨᠣᠬᠠᠢ ᠤᠶᠠᠭ᠎ᠠ ᠲᠠᠢ ᠪᠣᠯᠪᠠᠴᠤ ᠬᠥᠮᠦᠨ ᠠᠶᠤᠯᠭᠠᠨ᠎ᠠ 

680 ᠵᠠᠭᠤᠨ ᠬᠥᠮᠦᠨ ᠦ᠌ ᠵᠢᠰᠦ ᠦᠵᠡᠬᠦ ᠪᠡᠷ  
       ᠨᠢᠭᠡ ᠬᠥᠮᠦᠨ ᠦ᠌ ᠨᠡᠷ᠎ᠡ ᠶ᠋ᠢ ᠲᠣᠭᠲᠠᠭ᠎ᠠ 

681 ᠵᠠᠭᠤᠨ ᠦᠬᠡᠷ ᠲᠡᠢ ᠶᠠᠪᠤᠭᠰᠠᠨ ᠠ᠋ᠴᠠ  
       ᠵᠠᠭᠤᠨ ᠨᠥᠬᠥᠷ ᠲᠡᠢ ᠶᠠᠪᠤᠭᠰᠠᠨ ᠨᠢ ᠳᠡᠭᠡᠷ᠎ᠡ  

682 ᠵᠠᠭᠤᠨ ᠢᠮᠠᠭᠠᠨ ᠳ᠋ᠤ᠌  
       ᠵᠢᠷᠠᠨ ᠤᠬᠤᠨ᠎ᠠ  

683 ᠵᠦᠳᠡᠷᠡᠭᠰᠡᠨ ᠮᠣᠷᠢᠨ ᠳ᠋ᠤ᠌ ᠵᠢᠯᠣᠭᠣ ᠬᠦᠨᠳᠦ  
       ᠶᠠᠳᠠᠷᠠᠭᠰᠠᠨ ᠬᠥᠭᠰᠢᠨ ᠳ᠋ᠦ᠍ ᠠᠮᠢᠰᠬᠤᠯ ᠬᠦᠨᠳᠦ  

684 ᠵᠦᠢ ᠦᠭᠡᠢ ᠣᠯᠵᠠ ᠠ᠋ᠴᠠ 
       ᠵᠦᠢᠲᠡᠢ ᠭᠠᠷᠤᠵᠠ  

685 ᠵᠦᠢᠷ ᠦᠭᠡᠨ ᠳ᠋ᠦ᠍ ᠬᠤᠳᠠᠯ ᠦᠭᠡᠢ 
       ᠵᠦᠢ ᠶᠣᠰᠣᠨ ᠳ᠋ᠤ᠌ ᠪᠤᠷᠤᠭᠤ ᠦᠭᠡᠢ  

686 ᠵᠦᠢᠷ ᠦᠭᠡᠢ ᠦᠭᠡ ᠪᠠᠢᠳᠠᠭ ᠦᠭᠡᠢ 
       ᠵᠦᠢᠳᠡᠯ ᠦᠭᠡᠢ ᠳᠡᠪᠡᠯ ᠪᠠᠢᠳᠠᠭ ᠦᠭᠡᠢ  

687 ᠵᠢᠷᠦᠬᠡ ᠨᠢ ᠬᠠᠷ᠎ᠠ ᠪᠣᠯ 
       ᠬᠡᠯᠡ ᠨᠢ ᠠᠯᠲᠠ ᠪᠠᠢᠪᠠᠴᠤ ᠲᠤᠰᠠ ᠦᠭᠡᠢ  

688 ᠵᠢᠰᠦ ᠨᠢ ᠴᠠᠭᠠᠨ 
       ᠵᠢᠷᠦᠬᠡ ᠨᠢ ᠬᠠᠷ᠎ᠠ  

689 ᠵᠢᠰᠦ ᠶ᠋ᠢ ᠨᠢ ᠲᠠᠨᠢᠬᠤ ᠳ᠋ᠤ᠌ ᠬᠢᠯᠪᠠᠷ  
       ᠵᠢᠷᠦᠬᠡ ᠶ᠋ᠢ ᠨᠢ ᠲᠠᠨᠢᠬᠤ ᠳ᠋ᠤ᠌ ᠪᠡᠷᠬᠡ  

690 ᠵᠢᠰᠦ ᠶ᠋ᠢ ᠨᠢ ᠦᠵᠡᠬᠦ ᠪᠡᠷ 
       ᠵᠢᠷᠦᠬᠡ ᠶ᠋ᠢ ᠨᠢ ᠦᠵᠡ  

691 ᠵᠢᠰᠦ ᠪᠡᠨ ᠮᠡᠳᠡᠬᠦ ᠦᠭᠡᠢ ᠲᠣᠯᠢ ᠪᠠᠨ ᠮᠠᠭᠤᠯᠠᠬᠤ 
       ᠵᠢᠷᠦᠬᠡ ᠪᠡᠨ ᠮᠡᠳᠡᠬᠦ ᠦᠭᠡᠢ ᠬᠠᠨᠢ ᠪᠠᠨ ᠮᠠᠭᠤᠯᠠᠬᠤ  

692 ᠵᠡᠭᠦᠦ ᠣᠷᠣᠬᠤ ᠵᠠᠪᠰᠠᠷ ᠦᠭᠡᠢ 
       ᠵᠥᠭᠡᠢ ᠬᠠᠳᠬᠤᠬᠤ ᠵᠠᠢ ᠦᠭᠡᠢ  

693 ᠵᠡᠭᠦᠦ ᠪᠡᠷ ᠴᠢᠴᠢᠭᠰᠡᠨ ᠰᠢᠷᠬ᠎ᠠ ᠬᠣᠣᠷ ᠲᠠᠢ  
       ᠵᠥᠭᠡᠯᠡᠨ ᠢ᠋ᠶ᠋ᠡᠷ ᠬᠡᠯᠡᠭᠰᠡᠨ ᠦᠭᠡ ᠨᠣᠴᠢᠲᠠᠢ

694 ᠵᠡᠭᠦᠳᠦᠨ ᠡᠴᠡ ᠪᠡᠨ ᠰᠣᠴᠢᠵᠤ ᠰᠡᠷᠡᠭᠰᠡᠨ 
           ᠬᠥᠮᠦᠨ ᠦ᠌ ᠵᠢᠷᠦᠬᠡ ᠠᠮᠤᠷ ᠦᠭᠡᠢ  
       ᠵᠦᠢᠯ ᠵᠦᠢᠯ ᠢ᠋ ᠪᠣᠳᠣᠭᠰᠠᠨ 
           ᠬᠥᠮᠦᠨ ᠦ᠌ ᠰᠡᠳᠬᠢᠯ ᠠᠮᠤᠷ ᠦᠭᠡᠢ

695 ᠵᠡᠭᠦᠳᠦ ᠪᠡᠨ ᠶᠠᠷᠢᠬᠤ ᠭᠡᠳ 
       ᠬᠤᠯᠠᠭᠠᠢ ᠪᠠᠨ ᠶᠠᠷᠢᠬᠤ

696 ᠵᠡᠭᠦᠨ ᠴᠢᠬᠢ ᠪᠡᠷ ᠣᠷᠣᠵᠤ 
       ᠪᠠᠷᠠᠭᠤᠨ ᠴᠢᠬᠢ ᠪᠡᠷ ᠨᠢ ᠭᠠᠷᠬᠤ

697 ᠵᠢᠮᠡᠯᠡᠬᠦ ᠦᠭᠡᠨ ᠦ᠌ ᠢᠯᠡ ᠨᠢ 
       ᠮᠠᠭᠲᠠᠬᠤ ᠦᠭᠡᠨ ᠦ᠌ ᠳᠠᠯᠳᠠ ᠨᠢ

698 ᠵᠢᠮᠠ ᠳ᠋ᠤ᠌ ᠬᠠᠲᠠᠬᠤ ᠪᠠᠷ 
       ᠵᠢᠪᠡ ᠳ᠋ᠦ᠍ ᠬᠠᠲᠠᠭᠰᠠᠨ ᠨᠢ ᠳᠡᠭᠡᠷ᠎ᠡ  

699 ᠵᠡᠰ ᠦ᠋ᠨ ᠰᠠᠢᠨ ᠨᠢ ᠵᠢᠪᠡᠷᠡᠳᠡᠭ ᠦᠭᠡᠢ 
       ᠵᠢᠭᠡ ᠨᠠᠭᠠᠴᠤ ᠬᠣᠶᠠᠷ ᠮᠠᠷᠲᠠᠯᠴᠠᠳᠠᠭ ᠦᠭᠡᠢ

700 ᠵᠢᠭᠡᠯᠡᠭᠡ ᠶᠡᠬᠡᠳᠡᠪᠡᠯ ᠥᠷᠢ ᠪᠣᠯᠤᠨ᠎ᠠ 
       ᠵᠠᠯᠢ ᠬᠡᠲᠦᠷᠡᠪᠡᠯ ᠱᠤᠯᠤᠮ ᠪᠣᠯᠤᠨ᠎ᠠ

701 ᠵᠢᠭᠡᠯᠡ ᠶ᠋ᠢᠨ ᠦᠭᠡ ᠪᠡᠷ ᠰᠡᠴᠡᠨ ᠪᠣᠯᠬᠤ ᠦᠭᠡᠢ 
       ᠵᠢᠰᠠ ᠶ᠋ᠢᠨ ᠮᠠᠯ ᠢ᠋ᠶ᠋ᠠᠷ ᠪᠠᠶᠠᠨ ᠪᠣᠯᠬᠤ ᠦᠭᠡᠢ 

702 ᠵᠢᠭᠡᠯᠡᠭᠦᠯᠦᠭᠰᠡᠨ ᠶᠠᠭᠤᠮ᠎ᠠ  
       ᠭᠡᠭᠡᠭᠰᠡᠨ ᠲᠡᠢ ᠠᠳᠠᠯᠢ 

        ᠦᠰᠦᠭ ᠠᠮᠢᠯᠠᠭᠤᠯᠤᠭᠴᠢ᠄ ᠪᠠᠳᠮᠠᠰᠡᠴᠡᠨ᠂ ᠣᠶᠤᠨᠪᠠᠲᠤ᠂ ᠰᠠᠷᠠᠨᠲᠤᠶᠠᠭ᠎ᠠ
           ᠬᠢᠨᠠᠭᠴᠢ᠄ ᠣᠳᠬᠣᠨᠴᠡᠴᠡᠭ᠂ ᠪᠠᠯ᠂ ᠴᠡᠩᠬᠡᠯᠴᠡᠴᠡᠭ᠂ ᠣᠳᠬᠣᠨ