ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠳ ᠶᠢᠨ ᠠᠢᠮᠠᠭ >Монгол зүйр цэцэн үгийн гураван мянган дээж – Д᠂Заяабаатар эмхэтгэв <Д ин аймаг>
ᠳ (Д) ᠶᠢᠨ ᠠᠢᠮᠠᠭ
– ᠳ (д) –
450 ᠳᠠᠭ᠎ᠠ ᠠ᠋ᠴᠠ ᠤᠨᠠᠵᠤ ᠦᠬᠦᠳᠡᠭ ᠦᠭᠡᠢ
ᠳᠠᠷᠪᠠᠭᠠᠷ ᠠ᠋ᠴᠠ ᠪᠣᠯᠵᠤ ᠦᠬᠦᠳᠡᠭ
451 ᠲᠠᠭᠠᠷᠠᠬᠤ ᠳ᠋ᠤ᠌ ᠭᠠᠯ ᠠᠪᠤᠷᠠᠯ
ᠠᠩᠭᠠᠬᠤ ᠳ᠋ᠤ᠌ ᠤᠰᠤ ᠠᠪᠤᠷᠠᠯ
452 ᠳᠠᠭᠠᠷᠢ ᠶ᠋ᠢᠨ ᠳᠡᠭᠡᠷ᠎ᠡ ᠨᠢ
ᠳᠠᠪᠤᠰᠤ ᠬᠢᠬᠦ
453 ᠲᠠᠭᠠᠷᠠᠭᠰᠠᠨ ᠬᠥᠮᠦᠨ ᠬᠤᠪᠴᠠᠰᠤ ᠭᠣᠯᠣᠳᠠᠭ ᠦᠭᠡᠢ
ᠥᠯᠥᠰᠦᠭᠰᠡᠨ ᠬᠥᠮᠦᠨ ᠬᠣᠭᠣᠯᠠ ᠭᠣᠯᠣᠳᠠᠭ ᠦᠭᠡᠢ
454 ᠲᠠᠭᠠᠷᠠᠭᠰᠠᠨ ᠳ᠋ᠤ᠌ ᠳᠠᠬᠤ ᠬᠦᠷᠭᠡ
ᠳᠠᠰᠤᠭᠰᠠᠨ ᠳ᠋ᠤ᠌ ᠰᠡᠳᠬᠢᠯ ᠢ᠋ᠶ᠋ᠡᠨ ᠢᠯᠡᠴᠢᠯᠡ
455 ᠳᠠᠭᠠᠭᠠᠬᠤ ᠦᠭᠡᠢ ᠨᠣᠬᠠᠢ
ᠪᠤᠯᠤᠤ ᠬᠤᠷᠢᠶᠠᠬᠤ
456 ᠳᠠᠭᠠᠬᠢ ᠶ᠋ᠢᠨ ᠳᠣᠣᠷ᠎ᠠ ᠠ᠋ᠴᠠ ᠮᠣᠷᠢ
ᠳᠠᠬᠤ ᠶ᠋ᠢᠨ ᠳᠣᠣᠷ᠎ᠠ ᠠ᠋ᠴᠠ ᠡᠷ᠎ᠡ
457 ᠳᠠᠪᠠᠷᠠᠭᠤ ᠬᠤᠯᠤᠭᠠᠨ᠎ᠠ ᠵᠠᠩᠭᠤᠤ ᠳ᠋ᠤ᠌ ᠣᠷᠣᠵᠤ
ᠳᠠᠷᠪᠠᠭᠠᠷ ᠠᠮᠠ ᠬᠡᠷᠡᠭ ᠲᠦ᠍ ᠤᠨᠠᠬᠤ
458 ᠳᠠᠪᠤᠰᠤ ᠱᠣᠷᠪᠣᠭ ᠪᠣᠯᠪᠠᠴᠤ
ᠢᠳᠡᠭᠡᠨ ᠦ᠌ ᠠᠮᠲᠠ ᠳ᠋ᠤ᠌ ᠲᠤᠰᠠ ᠲᠠᠢ
ᠦᠨᠡᠨ ᠦᠭᠡ ᠬᠠᠲᠠᠭᠤ ᠪᠣᠯᠪᠠᠴᠤ
ᠬᠡᠳᠦ ᠶ᠋ᠢᠨ ᠶᠠᠪᠤᠳᠠᠯ ᠳ᠋ᠤ᠌ ᠲᠤᠰᠠ ᠲᠠᠢ
459 ᠳᠠᠪᠬᠢᠬᠤ ᠮᠣᠷᠢᠨ ᠤ᠋ ᠬᠤᠷᠳᠤᠨ ᠨᠢ
ᠳᠠᠯᠠᠢᠬᠤ ᠰᠡᠯᠡᠮ᠎ᠡ ᠶ᠋ᠢᠨ ᠬᠤᠷᠴᠠ ᠨᠢ
460 ᠳ᠋ᠠᠵᠢᠨ ᠶᠡᠬᠡᠳᠡᠪᠡᠯ ᠦᠬᠦᠯ ᠢᠷᠡᠨ᠎ᠡ
ᠳᠠᠪᠠᠯᠭ᠎ᠠ ᠶᠡᠬᠡᠳᠡᠪᠡᠯ ᠰᠢᠭᠤᠷᠭ᠎ᠠ ᠪᠣᠯᠤᠨ᠎ᠠ
461 ᠲᠡᠢᠨ — ᠴᠢᠰᠤᠨ ᠮᠥᠷ ᠲᠡᠢ
ᠰᠠᠢᠨ — ᠰᠦᠨ ᠮᠥᠷ ᠲᠡᠢ
462 ᠳᠠᠢᠰᠤᠨ᠂ ᠠᠮᠠᠷᠠᠭ ᠠᠯᠢᠨ ᠳ᠋ᠤ᠌ ᠴᠦ᠍
ᠦᠭᠡᠨ ᠦ᠌ ᠴᠥᠭᠡᠨ᠂ ᠵᠠᠩ ᠤ᠋ᠨ ᠵᠥᠭᠡᠯᠡᠨ ᠨᠢ ᠳᠡᠭᠡᠷ᠎ᠡ
463 ᠳᠠᠢᠰᠤᠨ ᠢᠷᠡᠬᠦ ᠳ᠋ᠦ᠍ ᠲᠡᠮᠡᠴᠡᠬᠦ ᠬᠡᠷᠡᠭ ᠲᠡᠢ
ᠳᠠᠯᠠᠢ ᠭᠠᠲᠤᠯᠬᠤ ᠳ᠋ᠤ᠌ ᠣᠩᠭᠣᠴᠠ ᠬᠡᠷᠡᠭ ᠲᠡᠢ
464 ᠳᠠᠢᠰᠤᠨ ᠢᠷᠡᠬᠦ ᠳ᠋ᠦ᠍
ᠳᠠᠷᠢ ᠪᠠᠨ ᠨᠤᠬᠤᠬᠤ
465 ᠳᠠᠢᠰᠤᠨ ᠤ᠋ ᠳᠡᠷᠭᠡᠳᠡ ᠠᠮᠠᠷᠠᠭ ᠢ᠋ᠶ᠋ᠠᠨ ᠪᠤᠤ ᠮᠠᠷᠲᠠ
ᠠᠮᠠᠷᠠᠭ ᠤ᠋ᠨ ᠳᠡᠷᠭᠡᠳᠡ ᠳᠠᠢᠰᠤᠨ ᠢ᠋ᠶ᠋ᠠᠨ ᠪᠤᠤ ᠨᠢᠭᠤ
466 ᠳᠠᠯᠤ᠂ ᠬᠠᠷᠪᠢᠩ ᠠᠮᠲᠠ ᠲᠠᠢ
ᠳᠣᠲᠣᠷ ᠮᠢᠬ᠎ᠠ ᠲᠣᠮ ᠲᠠᠢ
467 ᠳᠠᠯ᠎ᠠ ᠬᠦᠷᠲᠡᠯ᠎ᠡ
ᠲᠠᠯᠤᠨ ᠤ᠋ ᠬᠠᠭᠤᠳᠠᠰᠤ ᠶ᠋ᠢ ᠭᠠᠭᠴᠠᠭᠠᠷ ᠢᠳᠡᠳᠡᠭ ᠦᠭᠡᠢ
468 ᠳᠠᠯᠠᠪᠴᠢ ᠦᠭᠡᠢ ᠰᠢᠪᠠᠭᠤ ᠨᠢᠰᠬᠦ ᠦᠭᠡᠢ
ᠡᠪ ᠦᠭᠡᠢ ᠬᠥᠮᠦᠨ ᠥᠭᠡᠳᠡᠯᠡᠬᠦ ᠦᠭᠡᠢ
469 ᠳᠠᠯᠠᠢ ᠳᠠᠪᠤᠰᠤ ᠪᠠᠷ ᠳᠤᠲᠠᠵᠤ
ᠳᠠᠭᠢᠨᠢ ᠡᠷ᠎ᠡ ᠪᠡᠷ ᠳᠤᠲᠠᠬᠤ
470 ᠳᠠᠯᠠᠢ ᠤᠰᠤ ᠪᠠᠷ ᠬᠠᠨᠳᠠᠭ ᠦᠭᠡᠢ
ᠮᠡᠷᠭᠡᠳ ᠨᠣᠮ ᠢ᠋ᠶ᠋ᠠᠷ ᠬᠠᠨᠳᠠᠭ ᠦᠭᠡᠢ
471 ᠳᠠᠯᠠᠢ ᠶ᠋ᠢ ᠳᠠᠷᠤᠪᠠᠴᠤ ᠣᠷᠭᠢᠯᠤᠨ᠎ᠠ
ᠪᠤᠯᠠᠭ ᠢ᠋ ᠪᠤᠯᠠᠪᠠᠴᠤ ᠣᠨᠳᠣᠷᠣᠨ᠎ᠠ
472 ᠳᠠᠯᠠᠢ ᠳ᠋ᠤ᠌ ᠳᠤᠰᠤᠯ ᠨᠡᠮᠡᠷᠢ
ᠳᠠᠪᠤᠰᠤᠨ ᠳ᠋ᠤ᠌ ᠱᠡᠦ ᠨᠡᠮᠡᠷᠢ
473 ᠳᠠᠯᠠᠢ ᠳ᠋ᠤ᠌ ᠤᠰᠤᠴᠢ
ᠲᠡᠢᠨ ᠳ᠋ᠦ᠍ ᠪᠠᠭᠠᠲᠤᠷ
474 ᠳᠠᠯᠠᠢ ᠳ᠋ᠤ᠌ ᠬᠢᠵᠠᠭᠠᠷ ᠦᠭᠡᠢ
ᠡᠷᠳᠡᠮ ᠳ᠋ᠦ᠍ ᠣᠷᠣᠢ ᠦᠭᠡᠢ
475 ᠳᠠᠯᠠᠢ ᠶ᠋ᠢᠨ ᠤᠰᠤ ᠶ᠋ᠢ ᠬᠡᠮᠵᠢᠵᠦ ᠪᠣᠯᠬᠤ ᠦᠭᠡᠢ
ᠠᠯᠢᠪᠠ ᠬᠥᠮᠦᠨ ᠢ᠋ ᠪᠠᠰᠤᠮᠵᠢᠯᠠᠵᠤ ᠪᠣᠯᠬᠤ ᠦᠭᠡᠢ
476 ᠳᠠᠯᠠᠢᠯᠲᠠ ᠨᠢ ᠬᠦᠨᠳᠦ ᠴᠦ᠍
ᠪᠠᠭᠤᠯᠲᠠ ᠨᠢ ᠬᠥᠩᠭᠡᠨ
477 ᠳᠠᠯᠠᠢᠭᠰᠠᠨ ᠭᠠᠵᠠᠷ ᠳᠠᠯᠳᠠ ᠣᠷᠣᠵᠤ
ᠳᠠᠯᠠᠯᠤᠭᠰᠠᠨ ᠭᠠᠵᠠᠷ ᠢᠯᠡ ᠭᠠᠷᠬᠤ
478 ᠳᠠᠮ ᠤ᠋ᠨ ᠦᠭᠡ ᠳᠠᠯᠠᠨ ᠬᠤᠳᠠᠯ ᠲᠠᠢ
ᠵᠠᠮ ᠤ᠋ᠨ ᠦᠭᠡ ᠵᠠᠭᠤᠨ ᠬᠤᠳᠠᠯ ᠲᠠᠢ
479 ᠳᠠᠮ ᠤ᠋ᠨ ᠦᠭᠡ ᠳᠠᠮᠵᠢᠭ ᠲᠠᠢ
ᠳᠠᠮᠵᠢᠭᠰᠠᠨ ᠶᠠᠭᠤᠮ᠎ᠠ ᠰᠡᠵᠢᠭ ᠲᠡᠢ
480 ᠳᠠᠩᠬᠤ ᠤᠷᠤᠭᠤ ᠲᠣᠯᠣᠭᠠᠢ ᠪᠠᠨ ᠪᠤᠤ ᠬᠢ
ᠲᠣᠭᠣᠭ᠎ᠠ ᠤᠷᠤᠭᠤ ᠬᠣᠰᠢᠭᠤ ᠪᠠᠨ ᠪᠤᠤ ᠲᠥᠷᠥ
481 ᠳᠠᠷᠤᠪᠠᠴᠤ ᠳᠡᠯᠳᠡᠢᠨᠡ
ᠪᠤᠯᠠᠪᠠᠴᠤ ᠪᠤᠯᠲᠠᠢᠨᠠ
482 ᠳᠠᠷᠤᠭ᠎ᠠ ᠪᠠᠨ ᠦᠵᠡᠬᠦ ᠪᠡᠷ ᠭᠥᠯᠢᠯᠵᠡᠵᠦ
ᠳᠠᠯᠳᠠ ᠪᠠᠢᠬᠤ ᠳ᠋ᠤᠨᠢ ᠮᠠᠭᠤᠯᠠᠬᠤ
483 ᠳᠡᠷᠡᠰᠦᠨ ᠦ᠌ ᠠᠮᠲᠠ ᠭᠠᠰᠢᠭᠤᠨ ᠪᠣᠯᠪᠠᠴᠤ
ᠨᠠᠢᠷ ᠬᠤᠷᠢᠮ ᠳ᠋ᠤ᠌ ᠴᠢᠮᠡᠭ ᠪᠣᠯᠬᠤ
484 ᠳᠠᠷᠠᠰᠤ ᠶ᠋ᠢ ᠰᠢᠮᠡᠵᠦ ᠤᠤᠭᠤᠪᠠᠯ ᠠᠮᠲᠠ ᠲᠠᠢ
ᠳᠠᠷᠬᠠᠨ ᠢ᠋ ᠣᠢᠭ᠎ᠠ ᠦᠭᠡᠢ ᠬᠢᠪᠡᠯ ᠤᠷ᠎ᠠ ᠲᠠᠢ
485 ᠳᠠᠷᠤᠯᠭ᠎ᠠ ᠦᠭᠡᠢ ᠥᠰᠦᠭᠰᠡᠨ ᠬᠡᠦᠬᠡᠳ
ᠬᠠᠵᠠᠭᠠᠷ ᠦᠭᠡᠢ ᠮᠣᠷᠢ ᠠᠳᠠᠯᠢ
486 ᠳᠠᠷᠬᠠᠨ ᠬᠥᠮᠦᠨ
ᠪᠤᠷᠬᠠᠨ ᠤᠬᠠᠭᠠᠨ ᠲᠠᠢ
487 ᠳᠠᠰᠤᠭᠰᠠᠭᠠᠷ ᠳᠠᠰᠤᠭᠰᠠᠭᠠᠷ
ᠳᠠᠮᠠᠷᠤ ᠪᠠᠨ ᠰᠡᠭᠰᠦᠷᠬᠦ
488 ᠳᠠᠰᠤᠭᠰᠠᠨ ᠭᠠᠵᠠᠷ ᠤ᠋ᠨ
ᠳᠠᠪᠤᠤ ᠵᠥᠭᠡᠯᠡᠨ
489 ᠳᠠᠶᠢᠭ ( ᠲᠣᠯᠢ ᠪᠢᠴᠢᠭ) ᠦᠵᠡᠭᠡ ᠦᠭᠡᠢ ᠪᠢᠴᠢᠭᠡᠴᠢ
ᠮᠠᠶᠢᠭ ᠦᠵᠡᠭᠡ ᠦᠭᠡᠢ ᠵᠢᠷᠤᠭᠠᠴᠢ
490 ᠳᠣᠭᠣᠯᠠᠩ ᠮᠣᠷᠢᠨ ᠠ᠋ᠴᠠ ᠲᠣᠭᠣᠰᠣ ᠶᠡᠬᠡ ᠭᠠᠷᠤᠨ᠎ᠠ
ᠳᠣᠣᠷᠠᠲᠤ ᠬᠥᠮᠦᠨ ᠡᠴᠡ ᠦᠭᠡ ᠶᠡᠬᠡ ᠭᠠᠷᠤᠨ᠎ᠠ
491 ᠲᠣᠭᠰᠢᠨ ᠬᠤᠢ ᠳᠤᠮᠳᠠ ᠪᠠᠨ ᠬᠦᠴᠦ ᠥᠬᠡᠢ
ᠲᠣᠰᠣᠨ ᠳ᠋ᠧᠩ ᠳᠣᠣᠷ᠎ᠠ ᠪᠠᠨ ᠭᠡᠷᠡᠯ ᠦᠭᠡᠢ
492 ᠳᠣᠯᠣᠭ᠎ᠠ ᠳᠠᠬᠢᠨ ᠬᠡᠮᠵᠢᠵᠦ
ᠨᠢᠭᠡ ᠤᠳᠠᠭ᠎ᠠ ᠤᠭᠲᠤᠯ
493 ᠳᠣᠯᠣᠭᠠᠨ ᠪᠤᠯᠴᠢᠷᠬᠠᠢ
ᠨᠠᠢ᠍ᠮᠠᠨ ᠨᠠᠢᠯᠵᠠᠭᠤᠷᠬᠠᠢ ᠪᠠᠨ ᠲᠣᠭᠠᠴᠢᠬᠤ
494 ᠳᠣᠯᠣᠭᠠᠨ ᠨᠡᠬᠡᠢ ᠪᠡᠷ
ᠲᠠᠪᠤᠨ ᠨᠢᠳᠤᠷᠭ᠎ᠠ ᠡᠰᠬᠡᠬᠦ
495 ᠳᠣᠣᠷ᠎ᠠ ᠪᠠᠨ ᠰᠠᠭᠤᠷᠢ ᠲᠠᠢ
ᠳᠣᠲᠣᠷ᠎ᠠ ᠪᠠᠨ ᠪᠣᠳᠣᠯ ᠲᠠᠢ ᠶᠠᠪᠤ
496 ᠳᠣᠲᠣᠷ᠎ᠠ ᠪᠠᠨ ᠨᠢᠩᠵᠢᠨ ᠰᠡᠳᠬᠢᠯ ᠦᠭᠡᠢ ᠶᠦᠮ ᠪᠣᠯ
ᠲᠣᠭᠠᠯᠠᠰᠢ ᠦᠭᠡᠢ ᠡᠷᠳᠡᠮ ᠲᠡᠢ ᠪᠣᠯᠪᠠᠴᠤ ᠲᠤᠰᠠ ᠦᠭᠡᠢ
497 ᠳᠣᠲᠣᠭᠤᠷ ᠲᠠᠮᠢᠷ ᠲᠠᠢ ᠲᠥᠷᠥᠯ ᠡᠴᠡ
ᠬᠠᠷ᠎ᠠ ᠡᠯᠢᠭᠡ ᠶ᠋ᠢᠨ ᠬᠥᠮᠦᠨ ᠳᠡᠭᠡᠷ᠎ᠡ
498 ᠳᠥᠷᠪᠡᠨ ᠴᠠᠭ ᠤ᠋ᠨ ᠳᠣᠲᠣᠷ᠎ᠠ ᠠ᠋ᠴᠠ ᠵᠤᠨ ᠤ᠋ ᠴᠠᠭ ᠦᠯᠡᠮᠵᠢ
ᠠᠮᠠᠷᠠᠭ ᠰᠠᠳᠤᠨ ᠤ᠋ ᠳᠣᠲᠣᠷ᠎ᠠ ᠠ᠋ᠴᠠ ᠠᠪᠤ ᠡᠵᠢ ᠦᠯᠡᠮᠵᠢ
499 ᠳᠦᠷᠦ ᠦᠭᠡᠢ ᠪᠤᠬ᠎ᠠ ᠰᠢᠭ᠋
ᠳᠥᠩᠭᠡ ᠦᠭᠡᠢ ᠬᠤᠯᠠᠭᠠᠢᠴᠢ ᠰᠢᠭ᠋
500 ᠳᠥᠷᠥᠭᠡ ᠤᠷᠲᠤ ᠴᠦ᠍ ᠭᠠᠵᠠᠷ ᠲᠤ ᠬᠦᠷᠬᠦ ᠦᠭᠡᠢ
ᠳᠡᠭᠦᠦ ᠰᠠᠢᠨ ᠴᠦ᠍ ᠠᠬ᠎ᠠ ᠳ᠋ᠤ᠌ ᠬᠦᠷᠬᠦ ᠦᠭᠡᠢ
501 ᠳᠥᠨᠡᠨ ᠱᠠᠷ ᠢ᠋ ᠬᠥᠲᠥᠯᠬᠦ ᠳ᠋ᠦ᠍ ᠬᠢᠯᠪᠠᠷ
ᠳᠡᠭᠦᠦ ᠬᠥᠮᠦᠨ ᠢ᠋ ᠵᠠᠷᠤᠬᠤ ᠳ᠋ᠤ᠌ ᠬᠢᠯᠪᠠᠷ
502 ᠳᠥᠷᠥᠭᠡ ᠦᠭᠡᠢ ᠡᠮᠡᠭᠡᠯ ᠪᠠᠢᠳᠠᠭ ᠦᠭᠡᠢ
ᠳᠦᠷᠢᠮ ᠦᠭᠡᠢ ᠪᠢᠴᠢᠭ ᠪᠠᠢᠳᠠᠭ ᠦᠭᠡᠢ
503 ᠳᠤᠷ᠎ᠠ ᠪᠡᠶ᠎ᠡ ᠪᠡᠨ ᠭᠣᠯᠣᠳᠠᠭ ᠦᠭᠡᠢ
ᠳᠤᠮᠳᠠ ᠴᠢᠮᠥᠭᠡ ᠰᠡᠭᠦᠵᠢ ᠪᠡᠨ ᠭᠣᠯᠣᠳᠠᠭ ᠦᠭᠡᠢ
504 ᠳᠤᠷ᠎ᠠ ᠪᠠᠷ ᠢ᠋ᠶ᠋ᠠᠨ ᠳᠣᠷᠭᠢᠵᠤ
ᠳᠤᠮᠳᠠ ᠴᠢᠮᠥᠭᠡ ᠪᠡᠷ ᠢ᠋ᠶ᠋ᠡᠨ ᠵᠢᠷᠭᠢᠬᠦ
505 ᠳᠤᠷ᠎ᠠ ᠦᠭᠡᠢ ᠯᠠᠮᠠ ᠳ᠋ᠤ᠌
ᠳᠠᠷᠤᠵᠤ ᠪᠠᠢᠵᠤ ᠰᠠᠬᠢᠯ ᠬᠦᠷᠲᠡᠭᠡᠬᠦ
506 ᠳᠤᠰᠤᠯ ᠢ᠋ ᠬᠤᠷᠢᠶᠠᠪᠠᠯ ᠳᠠᠯᠠᠢ
ᠲᠤᠭᠤᠯᠤᠭᠰᠠᠨ ᠢ᠋ ᠬᠤᠷᠢᠶᠠᠪᠠᠯ ᠡᠷᠳᠡᠮ
507 ᠳᠤᠤᠭᠠᠷᠪᠠᠯ ᠳᠠᠭᠤ ᠨᠢᠭᠡ
ᠳᠤᠭᠲᠤᠷᠪᠠᠯ ᠬᠦᠴᠦ ᠨᠢᠭᠡ
508 ᠳᠠᠭᠤ ᠦᠭᠡᠢ ᠰᠠᠭᠤᠭᠰᠠᠨ ᠠ᠋ᠴᠠ ᠭᠡᠮ ᠭᠠᠷᠬᠤ ᠦᠭᠡᠢ
ᠲᠣᠭᠣᠷᠢᠭ ᠶᠠᠭᠤᠮᠠᠨ ᠠ᠋ᠴᠠ ᠦ ᠭᠠᠷᠬᠤ ᠦᠭᠡᠢ
509 ᠳᠠᠭᠤᠳᠠᠬᠤ ᠨᠡᠷ᠎ᠡ ᠶ᠋ᠢ ᠠᠪᠤ ᠡᠵᠢ ᠥᠭᠳᠡᠭ
ᠳᠠᠭᠤᠷᠢᠰᠬᠤ ᠠᠯᠳᠠᠷ ᠢ᠋ ᠥᠪᠡᠷ ᠢ᠋ᠶ᠋ᠡᠨ ᠣᠯᠳᠠᠭ
510 ᠲᠤᠭᠤᠯᠤᠭᠰᠠᠨ ᠢ᠋ᠶ᠋ᠠᠨ ᠬᠡᠯᠡᠳᠡᠭ ᠦᠭᠡᠢ ᠡᠷᠳᠡᠮᠲᠡᠨ ᠡᠴᠡ
ᠳᠤᠤᠭᠠᠷᠴᠤ ᠶᠠᠪᠤᠳᠠᠭ ᠲᠡᠨᠡᠭ ᠳᠡᠭᠡᠷ᠎ᠡ
511 ᠲᠤᠭᠤᠯᠤᠭᠰᠠᠨ ᠢ᠋ᠶ᠋ᠠᠨ ᠴᠢᠬᠢᠨ ᠳ᠋ᠦ᠍
ᠦᠵᠡᠭᠰᠡᠨ ᠢ᠋ᠶ᠋ᠡᠨ ᠨᠢᠳᠦᠨ ᠳ᠋ᠦ᠍
512 ᠳᠠᠭᠤ ᠲᠠᠢ ᠲᠩᠷᠢ ᠬᠤᠷ᠎ᠠ ᠦᠭᠡᠢ
ᠴᠤᠤᠲᠠᠢ ᠬᠡᠦᠬᠡᠨ ᠬᠤᠷᠢᠮ ᠦᠭᠡᠢ
513 ᠳᠠᠭᠤᠤ ᠲᠠᠢ ᠬᠥᠮᠦᠨ ᠨᠠᠢᠷ ᠤ᠋ᠨ ᠴᠢᠮᠡᠭ
ᠨᠣᠮ ᠲᠠᠢ ᠯᠠᠮᠠ ᠬᠤᠷᠠᠯ ᠤ᠋ᠨ ᠴᠢᠮᠡᠭ
514 ᠳᠦᠷᠢᠮ ᠦᠭᠡᠢ ᠨᠣᠶᠠᠨ
ᠳᠦᠷᠰᠦ ᠦᠭᠡᠢ ᠴᠡᠷᠢᠭ ᠬᠣᠶᠠᠷ ᠠᠳᠠᠯᠢ
515 ᠳᠡᠪᠰᠡ ᠵᠢ ᠨᠢ ᠦᠵᠡᠵᠦ ᠮᠣᠷᠢ ᠶ᠋ᠢ ᠨᠢ ᠤᠶᠠᠬᠤ ᠮᠠᠭᠤᠬᠠᠢ
ᠳᠡᠪᠡᠯ ᠢ᠋ ᠨᠢ ᠦᠵᠡᠵᠦ ᠳᠡᠪᠢᠰᠬᠡᠷ ᠳᠡᠪᠢᠰᠬᠦ ᠮᠠᠭᠤᠬᠠᠢ
516 ᠳᠡᠯᠭᠡᠷᠡᠬᠦ ᠬᠠᠪᠤᠷ ᠤ᠋ᠨ ᠢᠷᠡᠬᠦ ᠨᠢ ᠡᠷᠲᠡ
ᠳᠡᠭᠵᠢᠷᠡᠬᠦ ᠠᠢᠯ ᠤ᠋ᠨ ᠪᠣᠰᠬᠤ ᠨᠢ ᠡᠷᠲᠡ
517 ᠳᠡᠯᠡᠬᠡᠢ ᠶ᠋ᠢᠨ ᠰᠢᠷᠣᠢ ᠶ᠋ᠢ ᠳᠡᠭᠡᠭᠰᠢ ᠬᠠᠶᠠᠪᠠᠴᠤ ᠳᠣᠭᠣᠭᠰᠢ ᠪᠠᠨ
ᠳ᠋ᠧᠩ ᠦ᠋ᠨ ᠭᠠᠯ ᠢ᠋ ᠳᠣᠭᠣᠭᠰᠢ ᠳᠠᠷᠤᠪᠠᠴᠤ ᠳᠡᠭᠡᠭᠰᠢ ᠪᠡᠨ
518 ᠳᠠᠮ ᠳᠠᠮ ᠳ᠋ᠡᠭᠡᠨ
ᠳᠡᠭᠡᠰᠦ ᠡᠷᠴᠢᠮ ᠳ᠋ᠡᠭᠡᠨ
519 ᠳᠡᠭᠡᠭᠦᠷ ᠰᠠᠨᠠᠭ᠎ᠠ ᠬᠤᠯᠵᠢᠳᠠᠭ
ᠳᠡᠩᠳᠡᠭᠦᠦ ᠰᠡᠴᠡᠨ ᠭᠬᠢᠷᠲᠦᠳᠡᠭ
520 ᠳᠡᠭᠡᠳᠦᠰ ᠢ᠋ ᠪᠤᠤ ᠵᠤᠯᠭᠤᠢᠳᠠ
ᠳᠣᠣᠷᠠᠳᠤᠰ ᠢ᠋ ᠪᠤᠤ ᠳᠣᠷᠣᠮᠵᠢᠯᠠ
521 ᠳᠡᠭᠡᠳᠦᠰ ᠢ᠋ ᠳᠡᠭᠡᠭᠰᠢ ᠨᠢ ᠡᠷᠭᠦᠬᠦ ᠬᠡᠷᠡᠭ ᠲᠡᠢ
ᠳᠣᠣᠷᠠᠳᠤᠰ ᠢ᠋ ᠳᠣᠭᠣᠭᠰᠢ ᠨᠢ ᠳᠠᠷᠤᠬᠤ ᠬᠡᠷᠡᠭ ᠲᠡᠢ
522 ᠳᠡᠭᠡᠳᠦᠰ ᠨᠢ ᠰᠠᠭᠤᠳᠠᠯ ᠢ᠋ᠶ᠋ᠠᠨ ᠣᠯᠬᠤ ᠦᠭᠡᠢ ᠪᠣᠯ
ᠳᠣᠣᠷᠠᠳᠤᠰ ᠨᠢ ᠭᠦᠶᠦᠳᠡᠯ ᠢ᠋ᠶ᠋ᠡᠨ ᠣᠯᠬᠤ ᠦᠭᠡᠢ
523 ᠳᠡᠪᠡᠯ ᠳᠡᠭᠡᠷ᠎ᠡ ᠲᠤᠰᠬᠤ ᠨᠢ ᠤᠰᠤ ᠪᠣᠯᠪᠠᠴᠤ
ᠳᠡᠯᠡᠬᠡᠢ ᠳᠡᠭᠡᠷ᠎ᠡ ᠲᠤᠰᠬᠤ ᠨᠢ ᠳᠤᠰᠤ
524 ᠳᠡᠪᠡᠯ ᠦ᠋ᠨ ᠲᠠᠭᠠᠷᠠᠭᠰᠠᠨ ᠨᠢ
ᠦᠭᠡᠨ ᠦ᠌ ᠴᠥᠭᠡᠨ ᠨᠢ
525 ᠳᠡᠪᠡᠯ ᠬᠤᠪᠴᠠᠰᠤᠨ ᠤ᠋ ᠴᠡᠪᠡᠷ ᠨᠢ
ᠳᠠᠷᠠᠰᠤ ᠬᠤᠯᠤᠰᠤᠨ ᠤ᠋ ᠥᠨᠳᠥᠷ ᠨᠢ
526 ᠳᠡᠪᠡᠯ ᠳ᠋ᠦ᠍ ᠨᠢᠭᠡ ᠵᠠᠭᠠᠮ᠎ᠠ ᠪᠠᠢᠳᠠᠭ
ᠭᠡᠷ ᠲᠦ᠍ ᠨᠢᠭᠡ ᠲᠡᠷᠢᠭᠦᠨ ᠪᠠᠢᠳᠠᠭ
527 ᠳᠡᠪᠡᠯ ᠢ᠋ ᠳᠠᠪᠬᠤᠷᠯᠠᠪᠠᠯ ᠲᠠᠭᠠᠷᠠᠬᠤ ᠦᠭᠡᠢ
ᠳᠡᠭᠡᠰᠦ ᠶ᠋ᠢ ᠭᠤᠷᠮᠤᠰᠤᠯᠠᠪᠠᠯ ᠲᠠᠰᠤᠷᠠᠬᠤ ᠦᠭᠡᠢ
528 ᠳᠡᠪᠡᠯ ᠦ᠋ᠨ ᠰᠢᠨ᠎ᠡ ᠨᠢ
ᠬᠥᠮᠦᠨ ᠦ᠌ ᠬᠠᠭᠤᠴᠢᠨ ᠨᠢ
529 ᠳᠡᠪᠡᠯ ᠢ᠋ᠶ᠋ᠡᠨ ᠳᠠᠭᠠᠭᠠᠬᠤ ᠦᠭᠡᠢ ᠪᠢᠷ᠎ᠠ ᠲᠠᠢ ᠮᠥᠷᠲᠡᠭᠡᠨ
ᠳᠡᠭᠡᠪᠦᠷ ᠲᠡᠭᠡᠨ ᠪᠠᠭᠲᠠᠬᠤ ᠦᠭᠡᠢ ᠠᠭᠤᠷ ᠲᠠᠢ
530 ᠳᠡᠭᠡᠷ᠎ᠡ ᠶᠠᠪᠤᠪᠠᠯ ᠠᠲᠠᠭᠠᠷᠬᠠᠵᠤ
ᠳᠣᠣᠷ᠎ᠠ ᠶᠠᠪᠤᠪᠠᠯ ᠳᠣᠷᠣᠮᠵᠢᠯᠠᠬᠤ
531 ᠳᠡᠭᠡᠷᠡᠮ ᠶᠠᠭᠤᠮ᠎ᠠ ᠶ᠋ᠢ ᠬᠣᠭᠣᠰᠣᠯᠠᠨᠠ
ᠲᠦᠢᠮᠡᠷ ᠪᠡᠯᠴᠢᠭᠡᠷ ᠢ᠋ ᠰᠦᠢᠳᠬᠡᠨ᠎ᠡ
532 ᠳᠡᠭᠡᠭᠰᠢ ᠪᠡᠨ ᠲᠩᠷᠢ ᠬᠣᠯᠠ
ᠳᠣᠭᠣᠭᠰᠢ ᠪᠠᠨ ᠭᠠᠵᠠᠷ ᠬᠠᠲᠠᠭᠤ
ᠦᠰᠦᠭ ᠠᠮᠢᠯᠠᠭᠤᠯᠤᠭᠴᠢ᠄ ᠪᠠᠳᠮᠠᠰᠡᠴᠡᠨ᠂ ᠣᠶᠤᠨᠪᠠᠲᠤ᠂ ᠴᠡᠩᠬᠡᠯᠴᠡᠴᠡᠭ᠂ ᠰᠠᠷᠠᠨᠲᠤᠶᠠᠭ᠎ᠠ
ᠬᠢᠨᠠᠭᠴᠢ᠄ ᠪᠣᠯᠣᠳ᠂ ᠪᠠᠯ᠂ ᠣᠳᠬᠣᠨᠴᠡᠴᠡᠭ᠂ ᠴᠡᠩᠬᠡᠯᠴᠡᠴᠡᠭ
