ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠢ ᠶᠢᠨ ᠠᠢᠮᠠᠭ>Монгол зүйр цэцэн үгийн гураван мянган дээж – Д᠂Заяабаатар эмхэтгэв <Иийн аймаг>
ᠢ (И) ᠶᠢᠨ ᠠᠢᠮᠠᠭ
703 ᠢᠳᠡᠭᠰᠡᠨ ᠪᠤᠳᠠᠭᠠᠨ ᠤ᠋ ᠪᠠᠨ ᠠᠮᠲᠠ ᠶ᠋ᠢ ᠮᠡᠳᠡᠬᠦ ᠦᠭᠡᠢ
ᠠᠪᠤᠭᠰᠠᠨ ᠡᠮᠡᠭᠡᠨ ᠦ᠌ ᠪᠡᠨ ᠤᠬᠠᠭᠠᠨ ᠢ᠋ ᠮᠡᠳᠡᠬᠦ ᠦᠭᠡᠢ
704 ᠢᠳᠡᠭᠰᠡᠨ ᠡᠷᠡᠦ ᠬᠤᠪᠠᠬᠠᠢᠷᠠᠵᠤ
ᠢᠳᠡᠭᠳᠡᠭᠰᠡᠨ ᠳᠣᠪᠣ ᠨᠣᠭᠣᠭᠠᠷᠠᠨ᠎ᠠ
705 ᠢᠳᠡᠷ ᠲᠡᠭᠡᠨ ᠰᠤᠷᠬᠤ ᠦᠭᠡᠢ ᠶᠦᠮ ᠪᠣᠯ
ᠥᠲᠡᠯᠦᠭᠰᠡᠨ ᠬᠣᠢᠨ᠎ᠠ ᠪᠠᠨ ᠭᠡᠮᠰᠢᠯ ᠲᠡᠢ
706 ᠢᠳᠡᠬᠦ ᠨᠢ ᠡᠮᠦᠨ᠎ᠡ ᠪᠡᠨ
ᠬᠢᠬᠦ ᠨᠢ ᠬᠣᠢᠨ᠎ᠠ ᠪᠠᠨ
707 ᠢᠳᠡᠬᠦ ᠳ᠋ᠦ᠍ ᠪᠤᠤ ᠶᠠᠭᠠᠷᠠ
ᠶᠠᠪᠤᠬᠤ ᠳ᠋ᠤ᠌ ᠪᠤᠤ ᠰᠠᠭᠠᠷᠠ
708 ᠢᠳᠡᠬᠦ ᠳ᠋ᠡᠭᠡᠨ ᠡᠷ᠎ᠡ ᠪᠠᠷᠰ
ᠬᠢᠬᠦ ᠳ᠋ᠡᠭᠡᠨ ᠬᠠᠱᠠᠩ ᠪᠤᠬ᠎ᠠ
709 ᠢᠳᠡᠬᠦ ᠳ᠋ᠦ᠍ ᠡᠷ᠎ᠡ ᠪᠡᠨ ᠭᠠᠷᠭᠠᠬᠤ ᠪᠠᠷ
ᠠᠵᠢᠯ ᠳ᠋ᠤ᠌ ᠡᠷ᠎ᠡ ᠭᠠᠷᠭ᠎ᠠ
710 ᠢᠳᠡᠭᠡᠨ ᠡᠵᠡᠨ ᠢ᠋ᠶ᠋ᠡᠨ ᠲᠠᠨᠢᠳᠠᠭ ᠦᠭᠡᠢ
ᠢᠷᠭᠡ ᠰᠡᠭᠦᠯ ᠢ᠋ᠶ᠋ᠡᠨ ᠲᠠᠨᠢᠳᠠᠭ ᠦᠭᠡᠢ
711 ᠢᠳᠡᠭᠡᠨ ᠢ᠋ ᠠᠮᠲᠠᠯᠠᠬᠤ ᠭᠡᠵᠦ ᠳᠠᠪᠤᠰᠤ ᠬᠢᠬᠦ
ᠦᠭᠡ ᠶ᠋ᠢ ᠴᠢᠮᠡᠬᠦ ᠭᠡᠵᠦ ᠬᠤᠳᠠᠯ ᠬᠡᠯᠡᠬᠦ
712 ᠢᠳᠡᠭᠡᠨ ᠢ᠋ᠶ᠋ᠡᠷ ᠳᠠᠢᠯᠠᠬᠤ ᠨᠢ ᠬᠥᠮᠦᠨ ᠦ᠌ ᠶᠣᠰᠣ
ᠢᠵᠢᠯᠢᠰᠢᠨ ᠳᠠᠰᠬᠤ ᠨᠢ ᠮᠠᠯ ᠤ᠋ᠨ ᠶᠣᠰᠣ
713 ᠢᠳᠡᠭᠡᠨ ᠦ᠌ ᠰᠠᠪᠠ ᠲᠣᠮᠣ ᠠ᠋ᠴᠠ
ᠡᠷᠳᠡᠮ ᠦ᠋ᠨ ᠰᠠᠪᠠ ᠲᠣᠮᠣ ᠨᠢ ᠢᠯᠡᠭᠦᠦ
714 ᠢᠵᠢᠯᠢ ᠪᠡᠨ ᠢᠳᠡᠵᠦ
ᠬᠠᠨᠢ ᠪᠠᠨ ᠬᠠᠵᠠᠬᠤ
715 ᠢᠵᠢᠯᠢ ᠪᠡᠨ ᠣᠯᠵᠤ ᠮᠥᠭᠡᠷᠡ
ᠦᠭᠡ ᠪᠡᠨ ᠣᠯᠵᠤ ᠬᠡᠯᠡ
716 ᠢᠯᠡ ᠪᠠᠢᠭ᠎ᠠ ᠨᠠᠷᠠ ᠶ᠋ᠢ
ᠠᠯᠠᠭ᠎ᠠ ᠪᠠᠷ ᠬᠠᠯᠬᠠᠯᠠᠬᠤ ᠳ᠋ᠤ᠌ ᠲᠤᠰᠠ ᠦᠭᠡᠢ
717 ᠢᠯᠡ ᠭᠠᠵᠠᠷ ᠮᠣᠷᠢ ᠪᠠᠨ ᠤᠶᠠ
ᠢᠲᠡᠭᠡᠭᠰᠡᠨ ᠬᠥᠮᠦᠨ ᠳ᠋ᠦ᠍ ᠦᠭᠡ ᠪᠡᠨ ᠬᠡᠯᠡ
718 ᠢᠯᠡ ᠮᠠᠭᠲᠠᠪᠠᠴᠤ ᠬᠣᠵᠢᠭᠢᠷ
ᠳᠠᠯᠳᠠ ᠮᠠᠭᠤᠯᠠᠪᠠᠴᠤ ᠬᠣᠵᠢᠭᠢᠷ
719 ᠢᠯᠡ ᠮᠠᠭᠲᠠᠵᠤ
ᠳᠠᠯᠳᠠ ᠮᠠᠭᠤᠯᠠᠬᠤ
720 ᠡᠯᠵᠢᠭᠡ ᠠᠴᠢᠭᠤᠯᠬᠤ ᠳᠤᠷ᠎ᠠ ᠲᠠᠢ
ᠡᠷᠭᠢᠭᠦᠦ ᠮᠠᠭᠲᠠᠭᠤᠯᠬᠤ ᠳᠤᠷ᠎ᠠ ᠲᠠᠢ
721 ᠡᠯᠵᠢᠭᠡ ᠲᠠᠷᠭᠤᠯᠠᠪᠠᠯ
ᠡᠵᠡᠨ ᠢ᠋ᠶ᠋ᠡᠨ ᠢᠰᠬᠦᠯᠬᠦ
722 ᠡᠯᠵᠢᠭᠡ ᠰᠢᠭ ᠵᠥᠷᠢᠭᠦᠳ
ᠵᠠᠷᠠᠭ᠎ᠠ ᠰᠢᠭ᠋ ᠬᠡᠷᠡᠭᠦᠯᠴᠢ
723 ᠡᠯᠵᠢᠭᠡ ᠰᠢᠭᠢᠷ᠎ᠡ ᠪᠡᠷ ᠢ᠋ᠶ᠋ᠡᠨ ᠲᠠᠨᠢᠭᠳᠠᠬᠤ
ᠦᠬᠡᠷ ᠡᠪᠡᠷ ᠢ᠋ᠶ᠋ᠡᠷ ᠢ᠋ᠶ᠋ᠡᠨ ᠲᠠᠨᠢᠭᠳᠠᠬᠤ
724 ᠢᠯᠡᠭᠦᠦ ᠰᠠᠨᠠᠵᠤ
ᠪᠤᠯᠤᠤ ᠬᠡᠮᠡᠯᠢᠬᠦ
725 ᠢᠯᠡᠭᠦᠦ ᠦᠭᠡ ᠪᠡᠶ᠎ᠡ ᠣᠷᠢᠶᠠᠬᠤ
ᠤᠷᠲᠤ ᠬᠤᠪᠴᠠᠰᠤ ᠰᠢᠯᠪᠢ ᠣᠷᠢᠶᠠᠬᠤ
726 ᠢᠯᠡᠭᠦᠦ ᠦᠭᠡ ᠲᠡᠢ
ᠰᠠᠮᠭᠠᠳ ᠵᠠᠩ ᠲᠠᠢ
727 ᠢᠨᠢᠶᠡᠭᠰᠡᠨ ᠢ᠋ ᠠᠰᠠᠭᠤ
ᠤᠬᠢᠯᠠᠭᠰᠠᠨ ᠢ᠋ ᠠᠷᠭᠠᠳᠠ
728 ᠢᠨᠢᠶᠡᠭᠰᠡᠨ ᠪᠦᠬᠦᠨ ᠨᠥᠬᠥᠷ ᠪᠢᠰᠢ
ᠠᠭᠤᠷᠯᠠᠭᠰᠠᠨ ᠪᠦᠬᠦᠨ ᠳᠠᠢᠰᠤᠨ ᠪᠢᠰᠢ
729 ᠢᠷᠡᠭᠰᠡᠨ ᠭᠡᠢᠴᠢᠨ ᠪᠤᠴᠠᠳᠠᠭ
ᠣᠷᠣᠭᠰᠠᠨ ᠪᠣᠷᠣᠭ᠎ᠠ ᠠᠷᠢᠯᠳᠠᠭ
730 ᠢᠷᠭᠡ ᠲᠠᠷᠭᠤᠨ ᠪᠣᠯ ᠬᠣᠲᠠ ᠳᠦᠭᠦᠷᠡᠩ
ᠢᠷᠭᠡᠨ ᠪᠠᠶᠠᠨ ᠪᠣᠯ ᠤᠯᠤᠰ ᠪᠠᠶᠠᠨ
731 ᠢᠷᠡᠬᠦ ᠵᠠᠮ ᠰᠢᠳᠤᠷᠭᠤ ᠪᠣᠯ
ᠪᠤᠴᠠᠬᠤ ᠵᠠᠮ ᠰᠢᠯᠤᠭᠤᠨ
732 ᠢᠲᠡᠭᠡᠯ ᠢ᠋ ᠣᠯᠬᠤ ᠳ᠋ᠤ᠌ ᠦᠨᠡᠨ ᠬᠡᠷᠡᠭ ᠲᠡᠢ
ᠡᠨᠳᠡᠭᠦᠦ ᠶ᠋ᠢ ᠬᠠᠯᠠᠬᠤ ᠳ᠋ᠤ᠌ ᠰᠢᠳᠤᠷᠭᠤ ᠬᠡᠷᠡᠭ ᠲᠡᠢ
733 ᠢᠲᠡᠭᠡᠯ ᠢ᠋ᠶ᠋ᠡᠨ ᠪᠤᠤ ᠪᠠᠷ᠎ᠠ
ᠶᠠᠭᠤᠮ᠎ᠠ ᠪᠠᠨ ᠪᠤᠤ ᠭᠡᠭᠡ
734 ᠢᠲᠡᠭᠡᠮᠵᠢ ᠦᠭᠡᠢ ᠨᠥᠬᠥᠷ
ᠢᠯᠡ ᠳᠠᠢᠰᠤᠨ ᠠ᠋ᠴᠠ ᠬᠡᠴᠡᠭᠦᠦ
735 ᠢᠲᠡᠭᠡᠮᠵᠢ ᠦᠭᠡᠢ ᠬᠥᠮᠦᠨ ᠲᠡᠢ ᠦᠭᠡ ᠪᠤᠤ ᠵᠥᠪᠯᠡ
ᠢᠲᠡᠭᠡᠯᠲᠦ ᠨᠥᠬᠥᠷ ᠡᠴᠡ ᠦᠭᠡ ᠪᠡᠨ ᠪᠤᠤ ᠨᠢᠭᠤ
736 ᠶᠡᠬᠡ ᠠᠰᠢᠭ ᠰᠢᠨᠤᠯ ᠢ᠋ᠶ᠋ᠠᠷ
ᠪᠠᠭ᠎ᠠ ᠠᠰᠢᠭ ᠬᠦᠴᠦ ᠪᠡᠷ
737 ᠶᠡᠬᠡ ᠪᠣᠷᠣᠭ᠎ᠠ ᠵᠠᠮ ᠡᠪᠳᠡᠬᠦ
ᠶᠡᠬᠡ ᠠᠮᠠ ᠨᠡᠷ᠎ᠡ ᠭᠤᠲᠤᠭᠠᠬᠤ
738 ᠶᠡᠬᠡ ᠵᠠᠩᠲᠤ ᠪᠣᠱᠣᠭᠠᠨ ᠳ᠋ᠠᠭᠠᠨ ᠪᠦᠳᠦᠷᠢᠵᠦ
ᠳᠠᠷᠤᠤ ᠵᠠᠩᠲᠤ ᠳᠡᠯᠡᠬᠡᠢ ᠶ᠋ᠢ ᠲᠣᠭᠣᠷᠢᠬᠤ
739 ᠶᠡᠬᠡ ᠢᠨᠢᠶᠡᠳᠦ
ᠡᠴᠦᠰ ᠲᠡᠭᠡᠨ ᠨᠢᠯᠪᠤᠰᠤ ᠲᠠᠢ
740 ᠶᠡᠬᠡ ᠮᠥᠷᠡᠨ ᠦ᠌ ᠤᠰᠤ ᠶ᠋ᠢ
ᠡᠯᠡᠰᠦ ᠪᠡᠷ ᠬᠠᠭᠠᠵᠤ ᠪᠣᠯᠬᠤ ᠦᠭᠡᠢ
ᠡᠷᠳᠡᠮ ᠲᠡᠢ ᠬᠥᠮᠦᠨ ᠦ᠌ ᠰᠠᠨᠠᠭ᠎ᠠ ᠶ᠋ᠢ
ᠡᠯᠳᠡᠪ ᠢ᠋ᠶ᠋ᠡᠷ ᠴᠡᠨᠡᠵᠦ ᠪᠣᠯᠬᠤ ᠦᠭᠡᠢ
741 ᠶᠡᠬᠡ ᠮᠡᠳᠡ
ᠪᠠᠭ᠎ᠠ ᠬᠡᠯᠡ
742 ᠶᠡᠬᠡ ᠨᠣᠬᠠᠢ ᠬᠤᠴᠠᠬᠤ ᠳ᠋ᠤ᠌
ᠪᠠᠭ᠎ᠠ ᠨᠣᠬᠠᠢ ᠳᠠᠭᠤᠷᠢᠶᠠᠳᠠᠭ
743 ᠶᠡᠬᠡ ᠰᠠᠨᠠᠭ᠎ᠠ ᠪᠡᠶ᠎ᠡ ᠳ᠋ᠦ᠍ ᠵᠣᠬᠢᠬᠤ ᠦᠭᠡᠢ
ᠢᠰᠡᠭᠡᠢ ᠬᠠᠪᠲᠠᠭ᠎ᠠ ᠲᠠᠰᠢᠶᠠᠨ ᠳ᠋ᠤ᠌ ᠵᠣᠬᠢᠬᠤ ᠦᠭᠡᠢ
744 ᠶᠡᠬᠡ ᠰᠠᠨᠠᠭᠰᠠᠨ ᠭᠠᠵᠠᠷ
ᠶᠢᠰᠦᠨ ᠬᠣᠨᠣᠭ ᠬᠣᠭᠣᠰᠣᠨ
745 ᠶᠡᠬᠡ ᠲᠣᠭᠯᠠᠭᠠᠮ ᠲᠥᠷᠥ ᠳ᠋ᠦ᠍ ᠬᠠᠷᠰᠢ
ᠢᠯᠭᠢᠨ ᠬᠣᠷᠮᠣᠢ ᠪᠥᠭᠰᠡᠨ ᠳ᠋ᠦ᠍ ᠬᠠᠷᠰᠢ
746 ᠶᠡᠬᠡ ᠦᠭᠡ ᠪᠡᠶ᠎ᠡ ᠳ᠋ᠦ᠍ ᠬᠠᠷᠰᠢ
ᠪᠠᠷᠳᠠᠮ ᠦᠭᠡ ᠬᠡᠷᠡᠭ ᠲᠦ᠍ ᠬᠠᠷᠰᠢ
747 ᠶᠡᠬᠡ ᠬᠣᠣᠷ ᠢ᠋ ᠠᠷᠢᠯᠭᠠᠬᠤ ᠦᠭᠡᠢ ᠪᠣᠯ
ᠶᠡᠬᠡ ᠠᠰᠢᠭ ᠰᠢᠮ᠎ᠡ ᠭᠠᠷᠬᠤ ᠦᠭᠡᠢ
748 ᠶᠡᠬᠡ ᠶ᠋ᠢ ᠰᠠᠨᠠᠬᠤ ᠪᠠᠷ
ᠪᠠᠭ᠎ᠠ ᠳ᠋ᠤ᠌ ᠴᠢᠷᠮᠠᠢ
749 ᠶᠡᠬᠡ ᠶ᠋ᠢ ᠡᠰᠡ ᠬᠦᠨᠳᠦᠯᠡᠭᠰᠡᠨ ᠬᠥᠮᠦᠨ
ᠰᠠᠮᠠᠭᠤᠷᠠᠬᠤ ᠶ᠋ᠢᠨ ᠰᠢᠨᠵᠢ
ᠡᠪ ᠢ᠋ ᠡᠰᠡ ᠪᠣᠳᠣᠭᠰᠠᠨ ᠶᠡᠬᠡᠰ
ᠬᠥᠩᠭᠡᠷᠡᠬᠦ ᠶ᠋ᠢᠨ ᠰᠢᠨᠵᠢ
750 ᠶᠡᠬᠡᠮᠰᠦᠭ ᠬᠥᠮᠦᠨ ᠡᠷᠳᠡᠮ ᠦᠭᠡᠢ ᠪᠣᠯ
ᠡᠩ ᠦ᠋ᠨ ᠬᠥᠮᠦᠨ ᠦ᠌ ᠵᠠᠷᠤᠴᠠ
751 ᠢᠴᠢᠬᠦ ᠶ᠋ᠢ ᠮᠡᠳᠡᠬᠦ ᠦᠭᠡᠢ ᠬᠠᠭᠠᠳ ᠨᠣᠶᠠᠳ ᠠ᠋ᠴᠠ
ᠢᠴᠢᠬᠦ ᠶ᠋ᠢ ᠮᠡᠳᠡᠬᠦ ᠰᠢᠪᠡᠭᠴᠢᠨ ᠳᠡᠭᠡᠷ᠎ᠡ
752 ᠢᠰᠢᠭᠡ ᠡᠪᠡᠷ ᠢ᠋ᠶ᠋ᠡᠨ ᠤᠷᠭᠤᠬᠤ ᠪᠠᠷ
ᠡᠬᠡ ᠶ᠋ᠢ ᠪᠡᠨ ᠮᠥᠷᠭᠥᠬᠦ
ᠦᠰᠦᠭ ᠠᠮᠢᠯᠠᠭᠤᠯᠤᠭᠴᠢ᠄ ᠣᠶᠤᠨᠪᠠᠲᠤ
ᠬᠢᠨᠠᠭᠴᠢ᠄ ᠣᠳᠬᠣᠨᠴᠡᠴᠡᠭ᠂ ᠪᠠᠯ᠂ ᠤᠳᠬᠤᠨ
