ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠵ ᠶᠢᠨ ᠠᠢᠮᠠᠭ З-1>Монгол зүйр цэцэн үгийн гураван мянган дээж – Д᠂Заяабаатар эмхэтгэв <З ин аймаг 1>
ᠵ (З) ᠶᠢᠨ ᠠᠢᠮᠠᠭ -1
569 ᠵᠠ ᠭᠡᠪᠡᠯ ᠶᠣ ᠦᠭᠡᠢ
ᠬᠠᠲᠠᠭᠤ ᠡᠷ᠎ᠡ ᠶ᠋ᠢᠨ ᠶᠣᠰᠣ
ᠵᠠᠢᠯᠠ ᠭᠡᠪᠡᠯ ᠪᠣᠰᠬᠤ ᠦᠭᠡᠢ
ᠬᠡᠳᠡᠷ ᠡᠷ᠎ᠡ ᠶ᠋ᠢᠨ ᠶᠣᠰᠣ
570 ᠵᠠᠭᠠᠨ ᠬᠡᠴᠢᠨᠡᠨ(ᠭᠡᠴᠢᠨᠡᠬᠡᠨ) ᠲᠣᠮᠣ ᠴᠤ᠌
ᠵᠠᠮ ᠤ᠋ᠨ ᠠᠶ᠎ᠠ ᠶ᠋ᠢ ᠳᠠᠭᠠᠨ᠎ᠠ
ᠵᠠᠩᠵᠤᠨ ᠬᠡᠴᠢᠨᠡᠨ ᠮᠠᠲᠠᠯ ᠲᠠᠢ ᠴᠤ᠌
ᠬᠠᠤᠯᠢ ᠶᠣᠰᠣ ᠪᠠᠨ ᠳᠠᠭᠠᠨ᠎ᠠ
571 ᠵᠠᠭᠠᠨ ᠤ᠋ ᠰᠡᠭᠦᠯ ᠪᠣᠯᠬᠤ ᠪᠠᠷ
ᠣᠭᠣᠲᠣᠨ᠎ᠠ ᠶ᠋ᠢᠨ ᠲᠣᠯᠣᠭᠠᠢ ᠪᠣᠯ
572 ᠵᠢᠭᠠᠷ ᠦᠭᠡᠢ ᠪᠡᠬᠡ
ᠴᠠᠭᠠᠰᠤᠨ ᠳ᠋ᠤ᠌ ᠰᠢᠩᠭᠡᠬᠦ ᠦᠭᠡᠢ
ᠵᠠᠶᠠᠭ᠎ᠠ ᠦᠭᠡᠢ ᠬᠥᠮᠦᠨ
ᠵᠠᠮ ᠳ᠋ᠤ᠌ ᠤᠴᠠᠷᠠᠬᠤ ᠦᠭᠡᠢ
573 ᠵᠠᠪᠠᠭᠠᠨ ᠬᠥᠮᠦᠨ ᠡᠪᠡᠳᠬᠦ ᠨᠢ ᠣᠯᠠᠨ
ᠵᠠᠯᠬᠠᠭᠤ ᠬᠥᠮᠦᠨ ᠦᠷᠭᠡᠯᠡᠬᠦ ᠨᠢ ᠣᠯᠠᠨ
574 ᠵᠠᠪᠢᠯᠠᠬᠤ ᠨᠢ ᠵᠠᠩᠵᠤᠨ
ᠵᠠᠯᠭᠢᠬᠤ ᠨᠢ ᠮᠠᠩᠭᠤᠰ
575 ᠵᠠᠪᠰᠠᠷ ᠤ᠋ᠨ ᠭᠡᠮ ᠡᠵᠡᠨ ᠡᠴᠡ
ᠵᠠᠮ ᠤ᠋ᠨ ᠬᠣᠯᠠ ᠤᠨᠤᠭᠠᠨ ᠠ᠋ᠴᠠ
576 ᠵᠠᠪᠬᠠᠢ ᠬᠥᠮᠦᠨ ᠬᠠᠨᠢ ᠦᠭᠡᠢ
ᠵᠠᠯᠬᠠᠭᠤ ᠬᠥᠮᠦᠨ ᠬᠣᠭᠣᠯᠠ ᠦᠭᠡᠢ
577 ᠵᠠᠭᠠᠯᠮᠠᠢ ᠶ᠋ᠢᠨ ᠰᠠᠢᠨ ᠨᠢᠭᠡ ᠱᠦᠭᠦᠷᠳᠡᠯ ᠲᠡᠢ
ᠵᠠᠯᠠᠭᠤ ᠶ᠋ᠢᠨ ᠰᠠᠢᠨ ᠨᠢᠭᠡ ᠦᠭᠡ ᠲᠡᠢ
578 ᠵᠢᠭᠠᠰᠤ ᠲᠠᠷᠢᠬᠢᠨ ᠠ᠋ᠴᠠ ᠪᠠᠨ ᠭᠤᠲᠤᠬᠤ
ᠵᠠᠯᠬᠠᠭᠤ ᠲᠠᠪᠠᠭ ᠠ᠋ᠴᠠ ᠪᠠᠨ ᠭᠤᠲᠤᠬᠤ
579 ᠵᠢᠭᠠᠰᠤ ᠤᠰᠤᠨ ᠤ᠋ ᠪᠠᠨ ᠬᠢᠷᠢ ᠪᠡᠷ ᠲᠤᠢᠯᠠᠳᠠᠭ
ᠬᠥᠮᠦᠨ ᠬᠦᠴᠦᠨ ᠦ᠌ ᠪᠡᠨ ᠬᠢᠷᠢ ᠪᠡᠷ ᠠᠮᠢᠳᠤᠷᠠᠳᠠᠭ
580 ᠵᠢᠭᠠᠰᠤᠨ ᠳ᠋ᠤ᠌ ᠭᠠᠵᠠᠷ ᠬᠡᠷᠡᠭ ᠦᠭᠡᠢ
ᠵᠠᠯᠠᠭᠤ ᠳ᠋ᠤ᠌ ᠵᠠᠯᠬᠠᠭᠤ ᠬᠡᠷᠡᠭ ᠦᠭᠡᠢ
581 ᠵᠠᠳᠠᠭᠠᠢ ᠬᠡᠦᠬᠡᠨ ᠦ᠌ ᠬᠤᠷᠢᠮ ᠵᠦᠳᠡᠷᠡᠭᠦᠦ
ᠵᠠᠷᠭᠤ ᠲᠠᠢ ᠬᠥᠮᠦᠨ ᠦ᠌ ᠴᠢᠷᠠᠢ ᠵᠦᠳᠡᠷᠡᠭᠦᠦ
582 ᠵᠠᠵᠢᠯᠤᠭᠠ ᠦᠭᠡᠢ ᠵᠠᠯᠭᠢᠬᠤ
ᠬᠣᠳᠣᠭᠣᠳᠣᠨ ᠳ᠋ᠤ᠌ ᠮᠠᠭᠤ
ᠪᠣᠳᠣᠭ᠎ᠠ ᠦᠭᠡᠢ ᠬᠡᠯᠡᠬᠦ
ᠶᠠᠪᠤᠳᠠᠯ ᠳ᠋ᠤ᠌ ᠮᠠᠭᠤ
583 ᠵᠠᠢᠳᠠᠩ ᠤᠨᠤᠭ᠎ᠠ ᠪᠥᠭᠰᠡᠨ ᠳ᠋ᠦ᠍ ᠮᠠᠭᠤ
ᠵᠠᠯᠢ ᠮᠡᠬᠡ ᠪᠡᠶ᠎ᠡ ᠳ᠋ᠦ᠍ ᠮᠠᠭᠤ
584 ᠵᠠᠢᠳᠠᠩ ᠤᠨᠤᠪᠠᠯ ᠪᠥᠭᠰᠡ ᠬᠤᠯᠠᠭᠤᠨᠠ
ᠵᠠᠪᠬᠠᠢ ᠶᠠᠪᠤᠪᠠᠯ ᠰᠢᠪᠰᠢᠭ ᠲᠠᠷᠢᠨ᠎ᠠ
585 ᠵᠠᠯᠪᠠᠷᠢᠭᠰᠠᠨ ᠦᠨᠡᠨᠴᠢ
ᠵᠠᠨᠤᠭᠰᠠᠨ ᠬᠤᠳᠠᠯᠴᠢ
586 ᠵᠠᠯᠭᠢᠵᠤ ᠢᠳᠡᠪᠡᠯ ᠬᠣᠣᠷ ᠪᠣᠯᠤᠨ᠎ᠠ
ᠵᠠᠵᠢᠯᠵᠤ ᠢᠳᠡᠪᠡᠯ ᠬᠣᠭᠣᠯᠠ ᠪᠣᠯᠤᠨ᠎ᠠ
587 ᠵᠠᠯᠢᠯᠠᠬᠤ ᠭᠡᠳ ᠵᠠᠮ ᠢ᠋ᠶ᠋ᠠᠨ ᠠᠯᠳᠠᠨ᠎ᠠ
ᠵᠠᠩᠳᠤᠷᠬᠤ ᠭᠡᠳ ᠬᠦᠨᠳᠦ ᠪᠡᠨ ᠠᠯᠳᠠᠨ᠎ᠠ
588 ᠵᠠᠯᠢᠬᠠᠢ ᠬᠥᠮᠦᠨ ᠳ᠋ᠦ᠍ ᠡᠷᠬᠡ ᠥᠭᠪᠡᠯ
ᠵᠢᠷᠠᠨ ᠦᠵᠦᠭᠦᠷᠲᠦ ᠵᠡᠭᠦᠦ ᠠᠳᠠᠯᠢ
589 ᠵᠠᠯᠢᠬᠠᠢ ᠬᠥᠮᠦᠨ ᠦ᠌ ᠨᠢᠯᠪᠤᠰᠤ
ᠵᠣᠪᠬᠢᠨ ᠳᠣᠲᠣᠷ᠎ᠠ ᠪᠠᠨ
590 ᠵᠠᠯᠢᠬᠠᠢ ᠶᠠᠪᠤᠳᠠᠯᠲᠠᠨ ᠲᠠᠢ
ᠠᠷᠭ᠎ᠠ ᠪᠤᠤ ᠵᠥᠪᠯᠡ
ᠵᠠᠩ ᠢ᠋ᠶ᠋ᠠᠨ ᠬᠤᠪᠢᠯᠭᠠᠭᠴᠢ ᠬᠥᠮᠦᠨ ᠲᠡᠢ
ᠤᠳᠠᠭᠠᠨ ᠪᠤᠤ ᠬᠠᠨᠢᠯᠠ
591 ᠵᠠᠯᠠᠭᠤ ᠨᠠᠰᠤ ᠬᠦᠰᠡᠭᠡᠳ ᠣᠯᠳᠠᠳᠠᠭ ᠦᠭᠡᠢ
ᠬᠥᠭᠰᠢᠨ ᠨᠠᠰᠤ ᠬᠤᠰᠤᠭᠠᠳ ᠠᠷᠢᠯᠳᠠᠭ ᠦᠭᠡᠢ
592 ᠵᠠᠯᠠᠭᠤ ᠨᠠᠰᠤᠨ ᠳ᠋ᠤ᠌ ᠵᠢᠰᠦ ᠴᠢᠮᠡᠭ
ᠥᠲᠡᠯᠬᠦ ᠨᠠᠰᠤᠨ ᠳ᠋ᠤ᠌ ᠡᠳ᠋ ᠴᠢᠮᠡᠭ
593 ᠵᠠᠯᠠᠭᠤ ᠨᠢ ᠬᠥᠭᠰᠢᠨ ᠢ᠋ᠶ᠋ᠡᠨ ᠪᠠᠰᠤᠨᠠ
ᠬᠥᠭᠰᠢᠨ ᠨᠢ ᠵᠠᠯᠠᠭᠤ ᠪᠠᠨ ᠭᠣᠯᠣᠨ᠎ᠠ
594 ᠵᠠᠯᠠᠭᠤ ᠬᠥᠮᠦᠨ ᠠᠯᠳᠠᠳᠠᠭ
ᠽᠠᠨᠳᠠᠨ ᠮᠣᠳᠣ ᠮᠤᠷᠤᠢᠳᠠᠭ
595 ᠵᠠᠯᠠᠭᠤ ᠬᠥᠮᠦᠨ ᠪᠡᠶ᠎ᠡ ᠶ᠋ᠢᠨ ᠥᠩᠭᠡ ᠪᠡᠷ
ᠬᠥᠭᠰᠢᠨ ᠬᠥᠮᠦᠨ ᠬᠤᠪᠴᠠᠰᠤᠨ ᠤ᠋ ᠥᠩᠭᠡ ᠪᠡᠷ
596 ᠵᠠᠯᠠᠭᠤ ᠬᠥᠮᠦᠨ ᠭᠡᠨᠡᠨ
ᠡᠪᠦᠭᠡᠨ ᠬᠥᠮᠦᠨ ᠬᠠᠰᠢᠷ
597 ᠵᠠᠯᠠᠭᠤ ᠬᠥᠮᠦᠨ ᠵᠠᠪ ᠦᠭᠡᠢ
ᠽᠠᠨᠳᠠᠨ ᠮᠣᠳᠣ ᠶᠠᠷ᠎ᠠ ᠦᠭᠡᠢ
598 ᠵᠠᠯᠠᠭᠤ ᠬᠥᠮᠦᠨ ᠨᠡᠷ᠎ᠡ ᠳ᠋ᠦ᠍ ᠳᠤᠷ᠎ᠠ ᠲᠠᠢ
ᠬᠥᠭᠰᠢᠨ ᠬᠥᠮᠦᠨ ᠳᠡᠷᠡ ᠳ᠋ᠦ᠍ ᠳᠤᠷ᠎ᠠ ᠲᠠᠢ
599 ᠵᠠᠯᠠᠭᠤ ᠬᠥᠮᠦᠨ ᠬᠤᠷᠤᠭᠤ ᠨᠡᠮᠡᠬᠦ ᠳ᠋ᠦ᠍
ᠬᠥᠭᠰᠢᠨ ᠬᠥᠮᠦᠨ ᠤᠬᠠᠭᠠᠨ ᠨᠡᠮᠡᠳᠡᠭ
600 ᠵᠠᠯᠠᠭᠤ ᠬᠥᠮᠦᠨ ᠶᠠᠪᠤᠨ ᠵᠢᠷᠭᠠᠳᠠᠭ
ᠬᠥᠭᠰᠢᠨ ᠬᠥᠮᠦᠨ ᠰᠠᠭᠤᠨ ᠵᠢᠷᠭᠠᠳᠠᠭ
601 ᠵᠠᠯᠠᠭᠤ ᠬᠥᠮᠦᠨ ᠳ᠋ᠦ᠍ ᠦᠰ ᠪᠦᠦ ᠳᠡᠯᠪᠢ
ᠵᠢᠵᠢᠭ ᠮᠠᠢᠮᠠᠢ ᠳ᠋ᠤ᠌ ᠥᠷᠢ ᠪᠦᠦ ᠳᠡᠯᠪᠢ
602 ᠵᠠᠯᠠᠭᠤ ᠬᠥᠮᠦᠨ ᠦ᠌ ᠵᠠᠮ ᠤ᠋ᠨ ᠬᠦᠵᠦᠭᠦᠦ ᠤᠷᠲᠤ
ᠵᠠᠯᠬᠠᠭᠤ ᠬᠥᠮᠦᠨ ᠦ᠌ ᠦᠭᠡ ᠶ᠋ᠢᠨ ᠬᠦᠵᠦᠭᠦᠦ ᠤᠷᠲᠤ
603 ᠵᠠᠯᠠᠭᠤ ᠬᠥᠮᠦᠨ ᠦ᠌ ᠵᠣᠷᠢᠭ ᠠ᠋ᠴᠠ
ᠴᠢᠨᠳᠠᠮᠤᠨᠢ ᠡᠷᠳᠡᠨᠢ ᠪᠦᠲᠦᠬᠦ
604 ᠵᠠᠯᠠᠭᠤ ᠴᠠᠭ ᠲᠤ᠌ ᠡᠴᠢᠭᠡ ᠡᠬᠡ ᠶ᠋ᠢᠨ ᠡᠷᠬᠡ ᠪᠡᠷ
ᠢᠳᠡᠷ ᠴᠠᠭ ᠲᠤ᠌ ᠡᠬᠡᠨᠡᠷ ᠦ᠋ᠨ ᠡᠷᠬᠡ ᠪᠡᠷ
ᠥᠲᠡᠯᠬᠦ ᠴᠠᠭ ᠲᠤ᠌ ᠦᠷ᠎ᠡ ᠬᠡᠦᠬᠡᠳ ᠦ᠋ᠨ ᠡᠷᠬᠡ ᠪᠡᠷ
605 ᠵᠠᠯᠠᠭᠤ ᠶ᠋ᠢ ᠳᠦᠷᠢ ᠪᠡᠷ ᠨᠢ ᠲᠠᠨᠢᠬᠤ
ᠵᠠᠯᠬᠠᠭᠤ ᠶ᠋ᠢ ᠶᠠᠪᠤᠭᠰᠠᠨ ᠢ᠋ᠶ᠋ᠠᠷ ᠨᠢ ᠮᠡᠳᠡᠬᠦ
606 ᠵᠠᠯᠠᠭᠤ ᠳ᠋ᠠᠭᠠᠨ ᠵᠣᠪᠠᠪᠠᠯ
ᠥᠲᠡᠯᠬᠦ ᠳ᠋ᠡᠭᠡᠨ ᠵᠢᠷᠭᠠᠨ᠎ᠠ
607 ᠵᠠᠯᠬᠠᠭᠤ ᠠᠶᠤᠮᠠᠬᠠᠢ ᠬᠣᠶᠠᠷ
ᠵᠣᠷᠢᠭ ᠠᠵᠢᠯ ᠬᠣᠶᠠᠷ ᠲᠤ᠌ ᠬᠣᠣᠷ ᠲᠠᠢ
608 ᠵᠠᠯᠬᠠᠭᠤ ᠬᠥᠮᠦᠨ ᠦᠭᠡ ᠣᠯᠠᠨ ᠲᠠᠢ
ᠵᠠᠯᠠᠭᠤ ᠬᠥᠮᠦᠨ ᠬᠦᠴᠦ ᠶᠡᠬᠡ ᠲᠡᠢ
609 ᠵᠠᠯᠬᠠᠭᠤ ᠬᠥᠮᠦᠨ ᠦ᠌ ᠲᠣᠯᠣᠭᠠᠢ ᠡᠪᠡᠳᠬᠦ ᠣᠯᠠᠨ
ᠵᠠᠯᠢᠬᠠᠢ ᠬᠥᠮᠦᠨ ᠦ᠌ ᠬᠤᠳᠠᠯ ᠬᠡᠯᠡᠬᠦ ᠣᠯᠠᠨ
610 ᠵᠠᠯᠬᠠᠭᠤ ᠠ᠋ᠴᠠ ᠵᠠᠶᠠᠭ᠎ᠠ ᠵᠠᠢᠯᠠᠬᠤ
ᠵᠠᠯᠢᠲᠠᠨ ᠠ᠋ᠴᠠ ᠰᠢᠳᠤᠷᠭᠤ ᠬᠣᠯᠠᠳᠠᠬᠤ
611 ᠵᠠᠯᠬᠠᠭᠤ ᠶ᠋ᠢᠨ ᠭᠠᠳᠠᠨ᠎ᠠ ᠲᠦᠯᠡᠭᠡ ᠦᠭᠡᠢ
ᠵᠠᠯᠭᠢᠳᠠᠭ ᠤ᠋ᠨ ᠭᠡᠷ ᠲᠦ᠍ ᠬᠣᠭᠣᠯᠠ ᠦᠭᠡᠢ
612 ᠵᠠᠯᠬᠠᠭᠤ ᠶ᠋ᠢᠨ ᠮᠠᠭᠤ ᠵᠠᠪᠠᠭ ᠲᠠᠭᠠᠨ ᠬᠦᠷᠳᠡᠭ ᠦᠭᠡᠢ
ᠵᠠᠶᠠᠭᠠᠨ ᠤ᠋ ᠮᠠᠭᠤ ᠤᠰᠤᠨ ᠳ᠋ᠤ᠌ ᠬᠦᠷᠳᠡᠭ ᠦᠭᠡᠢ
613 ᠵᠠᠯᠬᠠᠭᠤ ᠳ᠋ᠤ᠌ ᠥᠬᠢᠨ ᠢ᠋ᠶ᠋ᠡᠨ ᠪᠦᠦ ᠥᠭ
ᠰᠣᠭᠲᠣᠭᠤ ᠳ᠋ᠤ᠌ ᠮᠣᠷᠢ ᠪᠠᠨ ᠪᠦᠦ ᠥᠭ
614 ᠵᠠᠮ ᠡᠪᠳᠡᠳᠡᠭ ᠦᠶᠡᠷ
ᠵᠠᠩ ᠡᠪᠳᠡᠳᠡᠭ ᠠᠷᠢᠬᠢ
615 ᠵᠠᠮ ᠤ᠋ᠨ ᠤᠷᠲᠤ ᠶ᠋ᠢ ᠲᠡᠮᠡᠭᠡ ᠲᠤᠭᠤᠯᠤᠨ᠎ᠠ
ᠵᠠᠷᠭᠤ ᠶ᠋ᠢᠨ ᠤᠴᠢᠷ ᠢ᠋ ᠲᠦᠰᠢᠮᠡᠯ ᠣᠯᠤᠨ᠎ᠠ
616 ᠵᠠᠮ ᠤ᠋ᠨ ᠴᠢᠯᠠᠭᠤ ᠮᠣᠷᠢᠨ ᠳ᠋ᠤ᠌ ᠬᠠᠷᠰᠢ
ᠵᠠᠯᠬᠠᠭᠤ ᠬᠥᠮᠦᠨ ᠠᠵᠢᠯ ᠳ᠋ᠤ᠌ ᠬᠠᠷᠰᠢ
617 ᠵᠠᠩ ᠵᠠᠩ ᠢ᠋ᠶ᠋ᠠᠨ ᠮᠡᠳᠡᠯᠴᠡᠪᠡᠯ ᠬᠡᠯᠡᠯᠴᠡᠬᠦ ᠳ᠋ᠦ᠍ ᠠᠮᠠᠷ
ᠵᠠᠮ ᠵᠠᠮ ᠢ᠋ᠶ᠋ᠠᠨ ᠣᠯᠤᠯᠴᠠᠪᠠᠯ ᠶᠠᠪᠤᠬᠤ ᠳ᠋ᠤ᠌ ᠠᠮᠠᠷ
618 ᠵᠠᠩ ᠨᠢ ᠳᠡᠭᠡᠭᠦᠷ
ᠵᠠᠶᠠᠭ᠎ᠠ ᠨᠢ ᠳᠣᠭᠤᠤᠷ
619 ᠵᠠᠩ ᠰᠠᠢᠲᠠᠢ ᠠᠢᠯ ᠳ᠋ᠤ᠌ ᠬᠥᠮᠦᠨ ᠣᠯᠠᠨ ᠴᠤᠭᠯᠠᠳᠠᠭ
ᠵᠠᠮᠠᠭ ᠰᠠᠢᠲᠠᠢ ᠨᠠᠭᠤᠷ ᠲᠤ᠌ ᠵᠢᠭᠠᠰᠤ ᠣᠯᠠᠨ ᠴᠤᠭᠯᠠᠳᠠᠭ
620 ᠵᠠᠩ ᠢ᠋ᠶ᠋ᠠᠷ ᠢ᠋ᠶ᠋ᠠᠨ ᠶᠠᠪᠤᠪᠠᠯ ᠪᠡᠶ᠎ᠡ ᠳ᠋ᠦ᠍ ᠠᠮᠠᠷ
ᠵᠠᠮ ᠢ᠋ᠶ᠋ᠠᠷ ᠢ᠋ᠶ᠋ᠠᠨ ᠶᠠᠪᠤᠪᠠᠯ ᠮᠣᠷᠢᠨ ᠳ᠋ᠤ᠌ ᠠᠮᠠᠷ
621 ᠵᠠᠩ ᠢ᠋ ᠨᠢ ᠮᠡᠳᠡᠬᠦ ᠦᠭᠡᠢ
ᠮᠣᠷᠢᠨ ᠤ᠋ ᠠᠷᠤ ᠪᠠᠷ ᠪᠤᠤ ᠲᠤᠭᠤᠷᠢ
ᠵᠠᠬ᠎ᠠ ᠶ᠋ᠢ ᠨᠢ ᠮᠡᠳᠡᠬᠦ ᠦᠭᠡᠢ
ᠣᠢ ᠶ᠋ᠢᠨ ᠳᠤᠮᠳᠠᠭᠤᠷ ᠪᠦᠦ ᠭᠠᠷ
622 ᠵᠠᠩᠭᠤᠤ ᠬᠡᠳᠦᠢ ᠪᠢᠴᠢᠬᠠᠨ ᠪᠣᠯᠪᠠᠴᠤ
ᠬᠥᠯ ᠢ᠋ ᠬᠠᠳᠬᠤᠬᠤ ᠱᠣᠷᠣ ᠲᠠᠢ
ᠵᠠᠯᠢᠬᠠᠢ ᠬᠡᠳᠦᠢ ᠴᠥᠭᠡᠨ ᠪᠣᠯᠪᠠᠴᠤ
ᠤᠯᠤᠰ ᠢ᠋ ᠮᠥᠬᠥᠭᠡᠬᠦ ᠮᠡᠬᠡ ᠲᠡᠢ
623 ᠽᠠᠨᠳᠠᠨ ᠮᠣᠳᠣ ᠴᠤ᠌ ᠤᠨᠠᠳᠠᠭ
ᠵᠠᠯᠠᠭᠤ ᠬᠥᠮᠦᠨ ᠴᠦ᠍ ᠥᠲᠡᠯᠳᠡᠭ
624 ᠵᠠᠩᠳᠤᠷᠴᠤ ᠪᠠᠢᠬᠤ ᠠᠭᠠᠰᠢ ᠲᠠᠢ
ᠵᠠᠪᠢᠯᠠᠵᠤ ᠰᠠᠭᠤᠬᠤ ᠰᠠᠨᠠᠭ᠎ᠠ ᠲᠠᠢ
625 ᠵᠠᠷᠠᠭᠠᠨ ᠤ᠋ ᠥᠷᠭᠡᠰᠦ ᠭᠠᠳᠠᠨ᠎ᠠ ᠪᠠᠨ
ᠵᠠᠯᠢᠬᠠᠢ ᠶ᠋ᠢᠨ ᠥᠷᠭᠡᠰᠦ ᠳᠣᠲᠣᠨ᠎ᠠ ᠪᠠᠨ
626 ᠵᠠᠷᠠᠭᠠᠨ ᠤ᠋ ᠦᠰᠦ ᠥᠷᠭᠡᠰᠦ ᠲᠡᠢ
ᠵᠠᠯᠠᠭᠤ ᠬᠥᠮᠦᠨ ᠣᠮᠣᠭ ᠲᠠᠢ
627 ᠵᠠᠷᠤᠬᠤ ᠳᠡᠭᠦᠦ ᠲᠡᠢ
ᠵᠠᠬᠢᠷᠬᠤ ᠠᠬ᠎ᠠ ᠲᠠᠢ
628 ᠵᠠᠷᠭᠤ ᠶ᠋ᠢ ᠰᠢᠭᠦᠬᠦ ᠳ᠋ᠦ᠍ ᠬᠡᠴᠡᠭᠦᠦ
ᠵᠠᠪᠬᠠᠷᠠᠯ ᠢ᠋ ᠵᠠᠰᠠᠬᠤ ᠳ᠋ᠤ᠌ ᠪᠡᠷᠬᠡ
629 ᠵᠠᠶᠠᠭᠠᠨ ᠳ᠋ᠠᠭᠠᠨ ᠨᠠᠢᠳᠠᠬᠤ ᠪᠠᠷ
ᠵᠣᠷᠢᠭ ᠲᠠᠭᠠᠨ ᠨᠡᠢᠲᠡ
630 ᠵᠠᠶᠠᠭᠠᠲᠤ ᠬᠥᠮᠦᠨ ᠵᠠᠷᠭᠤ ᠦᠭᠡᠢ
ᠢᠷᠦᠭᠡᠯᠲᠦ ᠬᠥᠮᠦᠨ ᠬᠡᠷᠡᠭᠦᠯ ᠦᠭᠡᠢ
631 ᠵᠣᠪᠠᠯᠭ᠎ᠠ ᠪᠣᠯᠪᠠᠯ ᠬᠡᠷᠢᠶ᠎ᠡ ᠪᠡᠶᠡᠰᠦᠨ᠎ᠡ
ᠵᠣᠪᠠᠯᠠᠩ ᠪᠣᠯᠪᠠᠯ ᠮᠠᠢᠮᠠᠢᠴᠢᠳ ᠪᠡᠶᠡᠰᠦᠨ᠎ᠡ
632 ᠵᠣᠪᠠᠯᠠᠩ ᠵᠣᠪᠠᠯᠠᠩ ᠤ᠋ᠨ ᠳᠤᠮᠳᠠ ᠠ᠋ᠴᠠ
ᠰᠠᠨᠠᠭᠠᠨ ᠤ᠋ ᠵᠣᠪᠠᠯᠠᠩ ᠬᠡᠴᠡᠭᠦᠦ
633 ᠵᠣᠪᠠᠯᠠᠩ ᠢᠷᠡᠪᠡᠯ ᠴᠢᠨᠦᠬᠢ
ᠵᠣᠭᠣᠰ ᠣᠯᠳᠠᠪᠠᠯ ᠮᠢᠨᠦᠬᠢ ᠭᠡᠬᠦ
634 ᠵᠣᠪᠠᠯᠠᠩ ᠮᠡᠳᠡᠬᠦ ᠦᠭᠡᠢ ᠭᠡᠭᠡᠨ ᠡᠴᠡ
ᠵᠣᠪᠠᠯᠠᠩ ᠮᠡᠳᠡᠬᠦ ᠴᠢᠳᠬᠥᠷ ᠳᠡᠭᠡᠷ᠎ᠡ
635 ᠵᠣᠪᠠᠯᠠᠩ ᠢ᠋ ᠰᠥᠷᠭᠡ
ᠵᠢᠷᠭᠠᠯ ᠢ᠋ ᠳᠠᠭ᠎ᠠ
636 ᠵᠣᠪᠠᠯᠠᠩ ᠤ᠋ᠨ ᠪᠠᠭ᠎ᠠ ᠨᠢ
ᠵᠢᠷᠭᠠᠯ ᠤ᠋ᠨ ᠶᠡᠬᠡ ᠨᠢ
637 ᠵᠣᠪᠠᠯᠠᠩ ᠤ᠋ᠨ ᠳᠣᠲᠣᠷ᠎ᠠ ᠵᠢᠷᠭᠠᠯ ᠪᠣᠢ
ᠵᠣᠭᠣᠰ ᠤ᠋ᠨ ᠳᠣᠲᠣᠷ᠎ᠠ ᠵᠣᠪᠠᠯᠠᠩ ᠪᠣᠢ
638 ᠵᠣᠪᠠᠯᠠᠩ ᠳ᠋ᠤ᠌ ᠪᠤᠤ ᠭᠤᠨᠢ
ᠵᠢᠷᠭᠠᠯ ᠳ᠋ᠤ᠌ ᠪᠤᠤ ᠲᠠᠰᠢᠭᠤᠷᠠ
639 ᠵᠣᠪᠠᠯᠠᠩ ᠲᠠᠢ ᠦᠶ᠎ᠡ ᠳ᠋ᠦ᠍ ᠨᠢᠯᠪᠤᠰᠤ
ᠭᠠᠩ ᠲᠠᠢ ᠴᠠᠭ ᠪᠣᠷᠣᠭ᠎ᠠ
640 ᠵᠣᠪᠠᠬᠤ ᠦᠭᠡᠢ ᠪᠣᠯ
ᠵᠣᠭᠣᠰ ᠣᠯᠳᠠᠬᠤ ᠦᠭᠡᠢ
641 ᠵᠣᠪᠠᠬᠤ ᠠ᠋ᠴᠠ ᠠᠶᠤᠪᠠᠯ
ᠵᠣᠷᠢᠭᠰᠠᠨ ᠳ᠋ᠠᠭᠠᠨ ᠬᠦᠷᠬᠦ ᠦᠭᠡᠢ
642 ᠵᠣᠪᠠᠬᠤ ᠴᠠᠭ ᠲᠤ᠌
ᠨᠥᠬᠥᠷ ᠦ᠋ᠨ ᠴᠢᠨᠠᠷ ᠲᠠᠨᠢᠭᠳᠠᠨ᠎ᠠ
643 ᠵᠣᠳᠣᠬᠤ ᠶ᠋ᠢᠨ ᠮᠠᠭᠤ ᠴᠢᠮᠬᠢᠬᠦ
ᠬᠡᠯᠡᠬᠦ ᠶ᠋ᠢᠨ ᠮᠠᠭᠤ ᠵᠥᠭᠡᠬᠦ
644 ᠵᠣᠵᠢᠭ ᠬᠥᠮᠦᠨ ᠵᠣᠪᠠᠯᠠᠩ ᠳ᠋ᠤ᠌ ᠤᠴᠠᠷᠠᠨ᠎ᠠ
ᠵᠣᠵᠢᠭ ᠮᠠᠯ ᠴᠢᠨᠣ᠎ᠠ ᠳ᠋ᠤ᠌ ᠪᠠᠷᠢᠭᠳᠠᠨ᠎ᠠ
645 ᠵᠣᠯ— ᠵᠣᠪᠠᠭᠠᠵᠤ ᠢᠷᠡᠳᠡᠭ
ᠵᠣᠪᠠᠯ— ᠵᠣᠷᠢᠭ ᠢ᠋ᠶ᠋ᠠᠷ ᠢ᠋ᠶ᠋ᠠᠨ ᠢᠷᠡᠳᠡᠭ
646 ᠵᠣᠯ ᠢᠷᠡᠬᠦ ᠳ᠋ᠦ᠍ ᠪᠤᠤ ᠭᠡᠳᠡᠢ
ᠵᠣᠪᠠᠯ ᠢᠷᠡᠬᠦ ᠳ᠋ᠦ᠍ ᠪᠤᠤ ᠪᠦᠬᠦᠢ
647 ᠵᠤᠯᠭᠠᠯ ᠦᠭᠡᠢ ᠲᠠᠨᠢᠯ ᠲᠠᠢ ᠪᠣᠯᠬᠤ ᠦᠭᠡᠢ
ᠵᠣᠪᠠᠯ ᠦᠭᠡᠢ ᠡᠷᠳᠡᠮ ᠲᠡᠢ ᠪᠣᠯᠬᠤ ᠦᠭᠡᠢ
648 ᠵᠣᠯ ᠢ᠋ ᠪᠤᠤ ᠢᠳᠡᠭᠡ
ᠵᠣᠪᠠᠯ ᠠ᠋ᠴᠠ ᠪᠤᠤ ᠰᠢᠨᠲᠠᠷᠠ
649 ᠵᠣᠭᠣᠰ ᠦᠭᠡᠢ ᠪᠣᠯ ᠵᠣᠭᠰᠣᠭ᠎ᠠ ᠶᠢᠷᠲᠢᠨᠴᠦ
ᠵᠣᠭᠣᠰ ᠲᠠᠢ ᠪᠣᠯ ᠵᠢᠷᠣᠭ᠎ᠠ ᠶᠢᠷᠲᠢᠨᠴᠦ
650 ᠵᠣᠭᠣᠰ ᠤ᠋ᠨ ᠳᠡᠭᠡᠷ᠎ᠡ ᠲᠤᠯᠤᠭᠰᠠᠨ ᠨᠥᠬᠥᠷᠯᠡᠯ ᠬᠡᠪᠡᠷᠡᠭ
ᠵᠣᠪᠠᠯᠠᠩ ᠳᠡᠭᠡᠷ᠎ᠡ ᠲᠦᠰᠢᠭᠰᠡᠨ ᠵᠢᠷᠭᠠᠯ ᠪᠠᠲᠤ
ᠦᠰᠦᠭ ᠠᠮᠢᠯᠠᠭᠤᠯᠤᠭᠴᠢ᠄ ᠪᠠᠳᠮᠠᠰᠡᠴᠡᠨ᠂ ᠪᠠᠯ᠂ ᠰᠠᠷᠠᠨᠲᠤᠶᠠᠭ᠎ᠠ᠂ ᠣᠶᠣᠨᠪᠠᠲᠤ
ᠬᠢᠨᠠᠭᠴᠢ᠄ ᠣᠳᠬᠣᠨᠴᠡᠴᠡᠭ᠂ ᠪᠠᠯ
