ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠵ  ᠶᠢᠨ ᠠᠢᠮᠠᠭ >Монгол зүйр цэцэн үгийн гураван мянган дээж – Д᠂Заяабаатар эмхэтгэв <Ж ин аймаг> ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠵ  ᠶᠢᠨ ᠠᠢᠮᠠᠭ >Монгол зүйр цэцэн үгийн гураван мянган дээж – Д᠂Заяабаатар эмхэтгэв <Ж ин аймаг>

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠵ  ᠶᠢᠨ ᠠᠢᠮᠠᠭ >Монгол зүйр цэцэн үгийн гураван мянган дээж – Д᠂Заяабаатар эмхэтгэв <Ж ин аймаг>

2024-08-24

462

ᠵ(Ж) ᠶ᠋ᠢᠨ ᠠᠢᠮᠠᠭ


         - ᠵ  (Ж) ᠎-  

 553 ᠵᠢᠭᠠᠬᠠᠨ ᠪᠠᠢᠭ᠎ᠠ ᠦᠭᠡᠢ 
                ᠬᠥᠮᠦᠨ ᠭᠡᠵᠦ ᠪᠠᠢᠳᠠᠭ ᠦᠭᠡᠢ  
        ᠵᠢᠪᠠᠷ ᠦᠵᠡᠭᠡ ᠦᠭᠡᠢ 
               ᠮᠣᠩᠭᠣᠯ ᠭᠡᠵᠦ ᠪᠠᠢᠳᠠᠭ ᠦᠭᠡᠢ

554 ᠵᠢᠪᠠᠷ ᠲᠤ ᠲᠥᠷᠥᠭᠰᠡᠨ ᠮᠠᠯ ᠤ᠋ᠨ ᠦᠷ᠎ᠡ  
       ᠵᠢᠷᠭᠠᠯ ᠳ᠋ᠤ᠌ ᠲᠥᠷᠥᠭᠰᠡᠨ ᠬᠥᠮᠦᠨ ᠦ᠌ ᠦᠷ᠎ᠡ

555 ᠵᠢᠷᠠ ᠬᠦᠷᠴᠦ ᠤᠬᠠᠭᠠᠨ ᠣᠷᠣᠭᠠᠳ 
       ᠵᠢᠷᠠᠨ ᠨᠢᠭᠡ ᠲᠡᠢ ᠦᠬᠦᠬᠦ

556 ᠵᠢᠷᠭᠠᠯ ᠦᠵᠡᠭᠡ ᠦᠭᠡᠢ 
       ᠵᠣᠪᠠᠯᠠᠩ ᠭᠡᠵᠦ ᠦᠭᠡᠢ  
       ᠵᠣᠪᠠᠯᠠᠩ ᠦᠵᠡᠭᠡ ᠦᠭᠡᠢ 
       ᠵᠢᠷᠭᠠᠯ ᠭᠡᠵᠦ ᠦᠭᠡᠢ

557 ᠵᠢᠷᠭᠠᠯ ᠲᠠᠢ ᠪᠣᠯᠪᠠᠴᠤ 
             ᠣᠷᠣᠨ ᠳ᠋ᠠᠭᠠᠨ ᠪᠤᠤ ᠳᠠᠭᠤᠯᠠ  
       ᠵᠣᠪᠠᠯᠠᠩ ᠲᠠᠢ ᠪᠣᠯᠪᠠᠴᠤ 
             ᠣᠷᠣᠨ ᠳ᠋ᠠᠭᠠᠨ ᠪᠤᠤ ᠤᠬᠢᠯᠠ

558 ᠵᠢᠷᠭᠠᠯ ᠤ᠋ᠨ ᠲᠦᠷᠦᠭᠦᠦ ᠵᠣᠪᠠᠯᠠᠩ  
       ᠵᠣᠪᠠᠯᠠᠩ ᠤ᠋ᠨ ᠬᠣᠢᠨ᠎ᠠ ᠵᠢᠷᠭᠠᠯ

559 ᠵᠢᠷᠭᠠᠬᠤ ᠴᠠᠭ ᠲᠤ ᠰᠡᠷᠡᠬᠦ ᠬᠡᠷᠡᠭ ᠲᠡᠢ  
       ᠵᠣᠪᠠᠬᠤ ᠴᠠᠭ ᠲᠤ ᠬᠠᠲᠠᠭᠤᠵᠢᠬᠤ ᠬᠡᠷᠡᠭ ᠲᠡᠢ

560 ᠵᠢᠷᠭᠠᠬᠤ ᠳ᠋ᠤ᠌ ᠵᠠᠪᠬᠠᠢᠷᠠᠬᠤ  
       ᠵᠣᠪᠠᠬᠤ ᠳ᠋ᠤ᠌ ᠬᠠᠲᠠᠭᠤᠵᠢᠬᠤ

561 ᠵᠢᠷᠭᠠᠬᠤ ᠳ᠋ᠠᠭᠠᠨ ᠮᠠᠷᠲᠠᠭᠰᠠᠨ ᠢ᠋ᠶ᠋ᠠᠨ 
       ᠵᠣᠪᠠᠬᠤ ᠳ᠋ᠠᠭᠠᠨ ᠰᠡᠷᠡᠬᠦ

562 ᠵᠢᠭᠦᠷ ᠨᠢ ᠭᠡᠮᠲᠦᠭᠰᠡᠨ ᠰᠢᠪᠠᠭᠤ 
            ᠳᠡᠭᠡᠷ᠎ᠡ ᠨᠢᠰᠴᠦ ᠴᠢᠳᠠᠬᠤ ᠦᠭᠡᠢ  
       ᠵᠦᠢᠯ ᠢ᠋ ᠪᠣᠳᠣᠭᠰᠠᠨ ᠬᠥᠮᠦᠨ  
            ᠲᠠᠪᠠᠲᠠᠢ ᠰᠠᠭᠤᠵᠤ ᠴᠢᠳᠠᠬᠤ ᠦᠭᠡᠢ

563 ᠵᠢᠭᠦᠷ ᠦᠭᠡᠢ ᠰᠢᠪᠠᠭᠤ ᠪᠠᠢᠳᠠᠭ ᠦᠭᠡᠢ ᠴᠦ᠍ 
             ᠨᠢᠰᠬᠦ ᠳ᠋ᠡᠭᠡᠨ ᠮᠡᠳᠡᠭᠳᠡᠨ᠎ᠡ  
       ᠡᠪ ᠦᠭᠡᠢ ᠬᠥᠮᠦᠨ ᠪᠠᠢᠳᠠᠭ ᠦᠭᠡᠢ ᠴᠦ᠍  
             ᠬᠠᠷᠢᠯᠴᠠᠬᠤ ᠳ᠋ᠠᠭᠠᠨ ᠮᠡᠳᠡᠭᠳᠡᠨ᠎ᠡ

564 ᠵᠢᠯ ᠳ᠋ᠡᠭᠡᠨ ᠰᠠᠢᠨ ᠶᠠᠪᠤᠭᠰᠠᠨ ᠨᠢ  
             ᠰᠢᠨᠡᠯᠡᠬᠦ ᠳ᠋ᠦ᠍ ᠬᠠᠷᠠᠭᠳᠠᠬᠤ  
       ᠵᠠᠯᠠᠭᠤ ᠳ᠋ᠠᠭᠠᠨ ᠰᠠᠢᠨ ᠶᠠᠪᠤᠭᠰᠠᠨ ᠨᠢ 
             ᠥᠲᠡᠯᠬᠦ ᠳ᠋ᠦ᠍ ᠬᠠᠷᠠᠭᠳᠠᠬᠤ

565 ᠵᠢᠯᠣᠭᠣ ᠦᠭᠡᠢ ᠮᠣᠷᠢ  
       ᠵᠣᠷᠢᠯᠭ᠎ᠠ ᠦᠭᠡᠢ ᠬᠥᠮᠦᠨ

566 ᠵᠣᠷ ᠦᠵᠡᠭᠰᠡᠨ ᠮᠠᠭᠤ ᠡᠮᠴᠢ ᠡᠴᠡ  
       ᠵᠣᠪᠠᠯᠠᠩ ᠦᠵᠡᠭᠰᠡᠨ ᠴᠢᠪᠠᠭᠠᠨᠴᠠ ᠳᠡᠭᠡᠷ᠎ᠡ

567 ᠵᠢᠷᠣᠭ᠎ᠠ ᠮᠣᠷᠢᠲᠠᠨ ᠳ᠋ᠤ᠌ ᠬᠠᠨᠢ ᠴᠥᠭᠡᠨ  
       ᠵᠣᠯ ᠦᠭᠡᠢ ᠬᠥᠮᠦᠨ ᠳ᠋ᠦ᠍ ᠵᠢᠷᠭᠠᠯ ᠴᠥᠭᠡᠨ

568 ᠵᠢᠷᠤᠮ ᠶᠣᠰᠣ ᠶᠠᠷᠢᠭᠰᠠᠨ ᠨᠡᠷ᠎ᠡ ᠪᠡᠷ 
       ᠵᠢᠰᠤᠷ ᠶᠠᠷᠢᠬᠤ ᠨᠢ ᠰᠢᠪᠰᠢᠭ

             ᠦᠰᠦᠭ ᠠᠮᠢᠯᠠᠭᠤᠯᠤᠭᠴᠢ᠄  ᠰᠠᠷᠠᠨᠲᠤᠶᠠᠭ᠎ᠠ᠂ ᠣᠶᠤᠨᠪᠠᠲᠤ ᠂ ᠪᠠᠳᠮᠠᠰᠡᠴᠡᠨ
                 ᠬᠢᠨᠠᠭᠴᠢ᠄ ᠣᠳᠬᠣᠨᠴᠡᠴᠡᠭ᠂ ᠪᠠᠯ