ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠶᠣ ᠶᠢᠨ ᠠᠢᠮᠠᠭ >Монгол зүйр цэцэн үгийн гураван мянган дээж – Д᠂Заяабаатар эмхэтгэв <Ё ин аймаг> ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠶᠣ ᠶᠢᠨ ᠠᠢᠮᠠᠭ >Монгол зүйр цэцэн үгийн гураван мянган дээж – Д᠂Заяабаатар эмхэтгэв <Ё ин аймаг>

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠶᠣ ᠶᠢᠨ ᠠᠢᠮᠠᠭ >Монгол зүйр цэцэн үгийн гураван мянган дээж – Д᠂Заяабаатар эмхэтгэв <Ё ин аймаг>

2024-08-23

561

ᠶᠣ ( Ё )  ᠶᠢᠨ ᠠᠢᠮᠠᠭ

    
       – ᠶᠣ ( Ё ) –  

539 ᠶᠣᠣᠯᠠᠵᠤ ᠲᠥᠷᠥᠬᠦ ᠦᠭᠡᠢ ᠪᠣᠯ ᠦᠷ᠎ᠡ ᠪᠢᠰᠢ 
       ᠶᠣᠰᠣᠯᠠᠵᠤ ᠠᠪᠬᠤ ᠦᠭᠡᠢ ᠪᠣᠯ ᠡᠬᠡᠨᠡᠷ ᠪᠢᠰᠢ

540 ᠢᠷᠣᠭᠠᠷ ᠮᠡᠳᠡᠬᠦ ᠦᠭᠡᠢ ᠬᠥᠮᠦᠨ  
       ᠣᠷᠣᠢ ᠠ᠋ᠴᠠ ᠨᠢ ᠪᠠᠷᠢᠳᠠᠭ  
       ᠣᠷᠣᠢ ᠮᠡᠳᠡᠬᠦ ᠦᠭᠡᠢ ᠬᠥᠮᠦᠨ  
       ᠢᠷᠣᠭᠠᠷ ᠠ᠋ᠴᠠ ᠨᠢ ᠪᠠᠷᠢᠳᠠᠭ 

541 ᠢᠷᠣᠭᠠᠷ ᠦᠭᠡᠢ ᠠᠯᠲᠠᠨ ᠠ᠋ᠴᠠ  
       ᠢᠷᠣᠭᠠᠷ ᠲᠠᠢ ᠵᠡᠰ ᠳᠡᠭᠡᠷ᠎ᠡ

542 ᠢᠷᠣᠭᠠᠷ ᠦᠭᠡᠢ ᠰᠠᠪᠠᠨ ᠳ᠋ᠤ᠌ ᠶᠠᠭᠤᠮ᠎ᠠ ᠲᠣᠭᠲᠠᠬᠤ ᠦᠭᠡᠢ  
       ᠢᠷᠦᠭᠡᠯ ᠲᠡᠢ ᠬᠥᠮᠦᠨ ᠳ᠋ᠦ᠍ ᠢᠷᠣ᠎ᠠ ᠤᠴᠠᠷᠠᠬᠤ ᠦᠭᠡᠢ
 
543  ᠶᠣᠰᠣ ᠳᠠᠭᠠᠭᠤᠯᠵᠤ ᠦᠭᠡ ᠬᠡᠯᠡ  
       ᠦᠶ᠎ᠡ ᠳᠠᠭᠠᠭᠤᠯᠵᠤ ᠮᠢᠬ᠎ᠠ ᠤᠭᠲᠤᠯ

544 ᠶᠣᠰᠣ ᠶᠣᠮᠪᠣᠭᠣᠷ  
       ᠲᠥᠷᠥ ᠲᠥᠮᠪᠥᠭᠡᠷ

545 ᠶᠣᠰᠣ ᠶᠣᠰᠣᠨ ᠳ᠋ᠠᠭᠠᠨ 
       ᠶᠣᠯᠣ ᠠᠭᠤᠯᠠᠨ ᠳ᠋ᠠᠭᠠᠨ

546 ᠶᠣᠰᠣ ᠮᠡᠳᠡᠬᠦ ᠬᠥᠮᠦᠨ ᠳ᠋ᠦ᠍  
       ᠢᠷᠣ᠎ᠠ ᠬᠠᠯᠳᠠᠬᠤ ᠦᠭᠡᠢ

547 ᠶᠣᠰᠣ ᠰᠥᠷᠭᠡᠪᠡᠯ ᠮᠥᠬᠥᠬᠦ 
       ᠵᠢᠷᠤᠮ ᠳᠠᠭᠠᠪᠠᠯ ᠳᠡᠭᠵᠢᠬᠦ

548 ᠶᠣᠰᠣ ᠶ᠋ᠢ ᠪᠤᠷᠬᠠᠨ ᠳᠠᠭᠠᠨ᠎ᠠ 
       ᠢᠷᠣ᠎ᠠ ᠶ᠋ᠢ ᠴᠢᠳᠬᠥᠷ ᠳᠠᠭᠠᠨ᠎ᠠ

549 ᠶᠣᠰᠣ ᠶ᠋ᠢ ᠢᠷᠣᠭᠠᠷ ᠠ᠋ᠴᠠ ᠨᠢ  
       ᠤᠴᠢᠷ ᠢ᠋ ᠤᠭ ᠠ᠋ᠴᠠ ᠨᠢ

550 ᠶᠣᠰᠣᠲᠠᠢ ᠬᠥᠮᠦᠨ ᠵᠥᠭᠡᠯᠡᠨ 
       ᠶᠣᠪᠣᠴᠢᠭᠤᠷ ᠬᠥᠮᠦᠨ ᠪᠠᠴᠢᠭᠤ

551 ᠶᠣᠰᠤᠲᠠᠠ ᠢ ᠬᠦᠨᠳᠦᠯᠡ  
       ᠨᠠᠰᠤᠲᠠᠨ ᠢ᠋ ᠪᠠᠶᠠᠷᠯᠠᠭᠤᠯ

552 ᠶᠣᠰᠣᠴᠢᠯᠠᠨ ᠶᠠᠪᠤᠪᠠᠯ  
       ᠰᠡᠳᠬᠢᠴᠢᠯᠡᠨ ᠪᠦᠲᠦᠨ᠎ᠡ      

           ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ 
               ᠬᠢᠨᠠᠭᠴᠢ᠄ ᠪᠠᠯ