ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠭ᠌ ᠶᠢᠨ ᠠᠢᠮᠠᠭ >Монгол зүйр цэцэн үгийн гураван мянган дээж – Д᠂Заяабаатар эмхэтгэв <Г ин аймаг >
ᠭ᠌ ᠶᠢᠨ ᠠᠢᠮᠠᠭ
– ᠭ᠌ ( Г ) –
343 ᠭᠠᠭᠠᠷᠠᠳᠠᠭ ᠬᠥᠮᠦᠨ ᠭᠠᠯᠵᠠᠭᠤ ᠨᠣᠬᠠᠢ ᠰᠢᠭ᠋
ᠠᠭᠤᠷᠯᠠᠳᠠᠭ ᠬᠥᠮᠦᠨ ᠠᠭᠤᠷ ᠲᠠᠢ ᠨᠣᠬᠠᠢ ᠰᠢᠭ᠋
344 ᠭᠠᠪᠢᠶ᠎ᠠ ᠪᠠᠭ᠎ᠠ ᠴᠦ᠍ ᠤᠷᠮ᠎ᠠ ᠲᠠᠢ
ᠭᠠᠢ ᠥᠴᠦᠬᠡᠨ ᠴᠦ᠍ ᠭᠠᠰᠠᠯᠠᠩ ᠲᠠᠢ
345 ᠭᠠᠪᠢᠶ᠎ᠠ ᠨᠡᠷ᠎ᠡ ᠶ᠋ᠢ ᠣᠯᠤᠶ᠎ᠠ ᠭᠡᠪᠡᠯ
ᠭᠠᠭᠴᠠ ᠰᠡᠳᠬᠢᠯ ᠢ᠋ᠶ᠋ᠡᠷ ᠴᠢᠷᠮᠠᠢ
346 ᠭᠠᠪᠢᠶᠠᠨ ᠳ᠋ᠠᠭᠠᠨ ᠡᠷᠳᠦᠵᠦ
ᠭᠠᠯᠠᠭᠤ ᠤᠨᠤᠬᠤ
347 ᠭᠠᠳᠠᠭ᠎ᠠ ᠭᠠᠩᠳᠠᠵᠤ
ᠬᠥᠳᠡᠭᠡ ᠬᠥᠬᠡᠷᠡᠬᠦ
348 ᠭᠠᠳᠠᠭ᠎ᠠ ᠭᠠᠷᠴᠤ ᠡᠷ᠎ᠡ ᠪᠣᠯᠵᠤ
ᠭᠡᠷ ᠲᠦ᠍ ᠣᠷᠣᠵᠤ ᠡᠮ᠎ᠡ ᠪᠣᠯᠬᠤ
349 ᠭᠠᠳᠠᠭᠠᠳᠤ ᠪᠠᠢᠳᠠᠯ ᠨᠢ ᠲᠣᠳᠢ ᠲᠣᠭᠣᠰ ᠰᠢᠭ᠋
ᠳᠣᠲᠣᠭᠠᠳᠤ ᠪᠠᠢᠳᠠᠯ ᠨᠢ ᠰᠢᠪᠠᠷ ᠱᠠᠯᠪᠠᠭ ᠰᠢᠭ᠋
350 ᠭᠠᠳᠠᠭᠰᠢ ᠭᠠᠷᠬᠤ ᠳ᠋ᠤ᠌ ᠵᠡᠪᠰᠡᠭ ᠬᠡᠷᠡᠭ ᠲᠡᠢ
ᠭᠠᠯ ᠤᠨᠲᠠᠷᠠᠭᠠᠬᠤ ᠳ᠋ᠤ᠌ ᠤᠰᠤ ᠬᠡᠷᠡᠭ ᠲᠡᠢ
351 ᠭᠠᠳᠠᠭᠰᠢ ᠶᠠᠪᠤᠬᠤ ᠬᠥᠮᠦᠨ ᠠᠮᠢ ᠪᠠᠨ ᠬᠢᠴᠢᠶᠡ
ᠭᠡᠷ ᠲᠦ᠍ ᠪᠠᠢᠬᠤ ᠬᠥᠮᠦᠨ ᠭᠠᠯ ᠢ᠋ᠶ᠋ᠠᠨ ᠬᠢᠴᠢᠶᠡ
352 ᠭᠠᠳᠠᠨ᠎ᠠ ᠭᠠᠪᠢᠶ᠎ᠠ ᠪᠦᠲᠦᠪᠡᠯ
ᠳᠣᠲᠣᠷ᠎ᠠ ᠲᠤᠰᠠ ᠪᠦᠲᠦᠨ᠎ᠡ
353 ᠭᠠᠳᠠᠨ᠎ᠠ ᠪᠠᠨ ᠲᠦᠯᠡᠭᠡ ᠦᠭᠡᠢ
ᠭᠠᠩ ᠳ᠋ᠠᠭᠠᠨ ᠤᠰᠤ ᠦᠭᠡᠢ
354 ᠭᠠᠳᠠᠨᠠᠬᠢ ᠬᠤᠯᠠᠭᠠᠢᠴᠢ ᠶ᠋ᠢ ᠰᠡᠷᠭᠡᠢᠯᠡᠬᠦ ᠳ᠋ᠦ᠍ ᠬᠢᠯᠪᠠᠷ
ᠭᠡᠷ ᠲᠡᠬᠢ ᠬᠤᠯᠠᠭᠠᠢᠴᠢ ᠶ᠋ᠢ ᠪᠠᠷᠢᠬᠤ ᠳ᠋ᠤ᠌ ᠪᠡᠷᠬᠡ
355 ᠭᠠᠵᠠᠷ ᠳᠣᠣᠷᠠᠬᠢ ᠦᠨᠳᠦᠰᠦ ᠶ᠋ᠢ
ᠭᠠᠷ ᠢ᠋ᠶ᠋ᠠᠷ ᠢ᠋ᠶ᠋ᠠᠨ ᠲᠠᠰᠤᠯᠵᠤ ᠪᠣᠯᠳᠠᠭ ᠦᠭᠡᠢ
356 ᠭᠠᠵᠠᠷ ᠣᠢᠴᠢᠭᠰᠠᠨ ᠬᠥᠮᠦᠨ
ᠭᠠᠵᠠᠷ ᠢ᠋ᠶ᠋ᠠᠨ ᠲᠦᠰᠢᠵᠦ ᠪᠣᠰᠳᠠᠭ
357 ᠭᠠᠢ ᠭᠠᠵᠠᠷ ᠳᠣᠣᠷ᠎ᠠ ᠠ᠋ᠴᠠ
ᠭᠠᠬᠠᠢ ᠮᠣᠳᠣᠨ ᠳᠣᠲᠣᠷ᠎ᠠ ᠠ᠋ᠴᠠ
358 ᠭᠠᠢ ᠭᠠᠰᠠᠯᠠᠩ
ᠬᠡᠯᠡᠵᠦ ᠢᠷᠡᠳᠡᠭ ᠦᠭᠡᠢ
359 ᠭᠠᠢ ᠲᠠᠢ ᠠᠢᠯ ᠳ᠋ᠤ᠌ ᠯᠠᠮᠠ( ᠯᠠᠮᠠ) ᠣᠮᠣᠭ ᠲᠠᠢ
ᠭᠠᠮᠰᠢᠭ ᠲᠠᠢ ᠵᠢᠯ ᠨᠣᠬᠠᠢ ᠣᠮᠣᠭ ᠲᠠᠢ
360 ᠭᠠᠯ ᠢ᠋ᠶ᠋ᠠᠷ ᠪᠤᠤ ᠨᠠᠭᠠᠳ
ᠭᠠᠢ ᠭᠠᠮᠰᠢᠭ ᠪᠣᠯᠤᠨ᠎ᠠ
361 ᠭᠠᠯ ᠠ᠋ᠴᠠ ᠵᠢᠭᠤᠲᠠᠵᠤ
ᠤᠰᠤᠨ ᠳ᠋ᠤ᠌ ᠤᠨᠠᠬᠤ
362 ᠭᠠᠯᠵᠠᠭᠤᠷᠠᠬᠤ ᠳ᠋ᠤ᠌
ᠭᠠᠭᠴᠠ ᠬᠤᠷᠤᠭᠤ ᠳᠤᠲᠠᠬᠤ
363 ᠭᠠᠯᠠᠭᠤ ᠳᠤᠤᠭᠠᠷᠪᠠᠯ ᠭᠠᠩ ᠪᠣᠯᠳᠠᠭ
ᠬᠡᠷᠢᠶ᠎ᠡ ᠳᠤᠤᠭᠠᠷᠪᠠᠯ ᠪᠣᠣᠬᠠᠢ( ᠴᠢᠨᠣ᠎ᠠ) ᠢᠷᠡᠳᠡᠭ
364 ᠭᠠᠯᠠᠭᠤ ᠶ᠋ᠢ ᠳᠠᠭᠤᠷᠢᠶᠠᠵᠤ
ᠬᠡᠷᠢᠶ᠎ᠡ ᠬᠥᠯ ᠢ᠋ᠶ᠋ᠡᠨ ᠬᠥᠯᠳᠡᠭᠡᠬᠦ
365 ᠭᠠᠯᠠᠭᠤ ᠢᠷᠡᠪᠡᠯ ᠳᠠᠭᠤ ᠲᠠᠢ
ᠬᠥᠮᠦᠨ ᠲᠥᠷᠥᠪᠡᠯ ᠨᠡᠷ᠎ᠡ ᠲᠡᠢ
366 ᠭᠠᠯᠠᠭᠤ ᠰᠠᠬᠢᠭᠰᠠᠨ ᠬᠡᠷᠢᠶ᠎ᠡ ᠤᠰᠤᠨ ᠳ᠋ᠤ᠌ ᠤᠨᠠᠳᠠᠭ
ᠭᠠᠢ ᠲᠠᠷᠢᠭᠰᠠᠨ ᠬᠥᠮᠦᠨ ᠦᠢᠯᠡ ᠪᠡᠨ ᠡᠳ᠋ᠯᠡᠳᠡᠭ
367 ᠭᠠᠯ ᠲᠠᠢ ᠳ᠋ᠠᠭᠠᠨ ᠳᠤᠯᠠᠭᠠᠨ
ᠭᠠᠮ ᠲᠠᠢ ᠳ᠋ᠠᠭᠠᠨ ᠪᠠᠶᠠᠨ
368 ᠭᠠᠯ ᠤ᠋ᠨ ᠬᠡᠯᠬᠢᠶ᠎ᠡ ᠲᠤᠯᠭ᠎ᠠ
ᠭᠠᠳᠠᠰᠤᠨ ᠤ᠋ ᠬᠡᠯᠬᠢᠶ᠎ᠡ ᠵᠡᠯ᠎ᠡ
369 ᠭᠠᠩ ᠪᠣᠯᠬᠤ ᠳ᠋ᠤ᠌ ᠪᠤᠯᠠᠭ ᠤ᠋ᠨ ᠰᠠᠢᠨ ᠮᠡᠳᠡᠭᠳᠡᠬᠦ
ᠭᠠᠢ ᠪᠣᠯᠬᠤ ᠳ᠋ᠤ᠌ ᠨᠥᠬᠥᠷ ᠦ᠋ᠨ ᠰᠠᠢᠨ ᠲᠠᠨᠢᠭᠳᠠᠬᠤ
370 ᠭᠠᠩᠭᠠᠩ ᠬᠥᠮᠦᠨ ᠳ᠋ᠦ᠍ ᠭᠠᠷᠠᠬ᠎ᠠ ᠨᠡᠮᠡᠷᠢ
ᠭᠠᠭᠴᠠᠭᠠᠷ ᠶᠠᠪᠤᠬᠤ ᠳ᠋ᠤ᠌ ᠳᠠᠭᠤᠤ ᠨᠡᠮᠡᠷᠢ
371 ᠭᠠᠩᠭᠠᠩ ᠬᠥᠮᠦᠨ ᠦ᠌ ᠦᠬᠦᠯ
ᠬᠠᠪᠤᠷ ᠨᠠᠮᠤᠷ
372 ᠭᠠᠩᠳᠠᠬᠤ ᠦᠶ᠎ᠡ ᠳ᠋ᠦ᠍ ᠪᠣᠷᠣᠭ᠎ᠠ ᠬᠦᠰᠡᠬᠦ
ᠭᠠᠴᠢᠭᠳᠠᠬᠤ ᠦᠶ᠎ᠡ ᠳ᠋ᠦ᠍ ᠬᠠᠨᠢ ᠬᠦᠰᠡᠬᠦ
373 ᠭᠠᠭᠴᠠ ᠪᠥᠬᠡ ᠡᠴᠡ
ᠡᠶ᠎ᠡ ᠪᠥᠬᠡ
374 ᠭᠠᠭᠴᠠ ᠭᠠᠵᠠᠷ ᠰᠠᠭᠤᠭᠰᠠᠨ ᠰᠡᠴᠡᠨ ᠡᠴᠡ
ᠭᠠᠵᠠᠷ ᠪᠦᠷᠢ ᠶᠠᠪᠤᠭᠰᠠᠨ ᠲᠡᠨᠡᠭ ᠳᠡᠭᠡᠷ᠎ᠡ
375 ᠭᠠᠭᠴᠠ ᠭᠡᠷ ᠭᠠᠯ ᠢ᠋ᠶ᠋ᠠᠨ ᠬᠢᠴᠢᠶᠡ
ᠬᠣᠶᠠᠷ ᠭᠡᠷ ᠬᠣᠪ ᠢ᠋ᠶ᠋ᠠᠨ ᠬᠢᠴᠢᠶᠡ
376 ᠭᠠᠭᠴᠠ ᠳᠡᠪᠡᠯᠲᠦ ᠪᠠᠷᠢᠯᠳᠤᠭᠠᠴᠢ
ᠭᠠᠭᠴᠠ ᠮᠣᠷᠢᠲᠤ ᠤᠷᠤᠯᠳᠤᠭᠠᠴᠢ
377 ᠭᠠᠭᠴᠠ ᠲᠡᠮᠡᠭᠡ ᠲᠡᠢ ᠬᠥᠮᠦᠨ ᠳ᠋ᠦ᠍
ᠡᠷᠢᠯ ᠲᠠᠰᠤᠷᠠᠬᠤ ᠦᠭᠡᠢ
ᠬᠣᠶᠠᠷ ᠡᠬᠡᠨᠡᠷ ᠲᠡᠢ ᠬᠥᠮᠦᠨ ᠳ᠋ᠦ᠍
ᠬᠡᠷᠡᠭᠦᠯ ᠲᠠᠰᠤᠷᠠᠬᠤ ᠦᠭᠡᠢ
378 ᠭᠠᠭᠴᠠ ᠬᠥᠮᠦᠨ ᠠᠷᠭ᠎ᠠ ᠮᠡᠬᠦᠰ
ᠬᠣᠶᠠᠷ ᠬᠥᠮᠦᠨ ᠠᠷᠭ᠎ᠠ ᠲᠡᠭᠦᠰ
379 ᠭᠠᠭᠴᠠ ᠴᠤᠴᠠᠯᠢ ᠭᠠᠯ ᠪᠣᠯᠳᠠᠭ ᠦᠭᠡᠢ
ᠭᠠᠭᠴᠠ ᠬᠥᠮᠦᠨ ᠠᠢᠯ ᠪᠣᠯᠳᠠᠭ ᠦᠭᠡᠢ
380 ᠭᠠᠭᠴᠠ ᠴᠤᠴᠠᠯᠢ ᠭᠠᠯ ᠤ᠋ᠨ ᠡᠬᠢ
ᠭᠠᠭᠴᠠ ᠦᠨᠢᠶ᠎ᠡ ᠮᠠᠯ ᠤ᠋ᠨ ᠡᠬᠢ
381 ᠭᠠᠭᠴᠠᠭᠠᠷ ᠰᠢᠢᠳᠪᠡᠯ ᠭᠠᠷᠤᠵᠠ ᠶᠡᠬᠡ
ᠣᠯᠠᠨ ᠢ᠋ᠶ᠋ᠠᠷ ᠢ᠋ᠶ᠋ᠠᠨ ᠰᠢᠢᠳᠪᠡᠯ ᠣᠯᠵᠠ ᠶᠡᠬᠡ
382 ᠭᠠᠭᠴᠠᠭᠠᠷ ᠢ᠋ᠶ᠋ᠠᠨ ᠪᠠᠢᠬᠤ ᠳ᠋ᠤ᠌ ᠪᠡᠶ᠎ᠡ ᠪᠡᠨ ᠰᠢᠨᠵᠢ
ᠣᠯᠠᠨ ᠢ᠋ᠶ᠋ᠠᠷ ᠢ᠋ᠶ᠋ᠠᠨ ᠪᠠᠢᠬᠤ ᠳ᠋ᠤ᠌ ᠦᠭᠡ ᠪᠡᠨ ᠰᠢᠨᠵᠢ
383 ᠭᠠᠭᠴᠠᠭᠠᠷ ᠢ᠋ᠶ᠋ᠠᠨ ᠢᠳᠡᠭᠰᠡᠨ
ᠭᠠᠬᠠᠢ ᠲᠠᠷᠭᠤᠯᠠᠳᠠᠭ ᠦᠭᠡᠢ
ᠣᠯᠠᠨ ᠢ᠋ᠶ᠋ᠠᠷ ᠢ᠋ᠶ᠋ᠠᠨ ᠢᠳᠡᠭᠰᠡᠨ
ᠣᠭᠣᠲᠣᠨ᠎ᠠ ᠲᠤᠷᠠᠵᠤ ᠦᠬᠦᠳᠡᠭ ᠦᠭᠡᠢ
384 ᠭᠠᠭᠴᠠᠭᠠᠷ ᠢ᠋ᠶ᠋ᠠᠨ ᠶᠠᠪᠤᠬᠤ ᠳ᠋ᠤ᠌ ᠭᠠᠵᠠᠷ ᠬᠣᠯᠠ
ᠭᠠᠰᠠᠯᠠᠩ ᠳ᠋ᠤ᠌ ᠤᠴᠠᠷᠠᠬᠤ ᠳ᠋ᠤ᠌ ᠴᠠᠭ ᠬᠣᠯᠠ
385 ᠭᠠᠭᠴᠠ ᠠ᠋ᠴᠠ ᠭᠠᠵᠠᠷ ᠳᠦᠭᠦᠷᠴᠦ
ᠬᠣᠶᠠᠷ ᠠ᠋ᠴᠠ ᠬᠣᠲᠠ ᠳᠦᠭᠦᠷᠬᠦ
386 ᠭᠠᠷ ᠪᠠᠷᠢᠭᠠᠳ ᠪᠠᠭᠤᠤ ᠪᠠᠷᠢᠬᠤ
ᠭᠠᠨᠵᠤᠭ᠎ᠠ ᠪᠠᠷᠢᠭᠠᠳ ᠴᠤᠯᠪᠤᠭᠤᠷ ᠪᠠᠷᠢᠬᠤ
387 ᠭᠠᠷ ᠭᠠᠵᠠᠷ
ᠬᠥᠯ ᠬᠥᠰᠡᠷ
388 ᠭᠠᠷ ᠵᠠᠳᠠᠭᠠᠢ ᠬᠥᠮᠦᠨ
ᠭᠠᠮᠨᠠᠵᠤ ᠴᠢᠳᠠᠬᠤ ᠦᠭᠡᠢ
389 ᠭᠠᠷ ᠨᠡᠢᠯᠡᠪᠡᠯ
ᠭᠠᠨᠵᠤᠭ᠎ᠠ ᠨᠡᠢᠯᠡᠳᠡᠭ
390 ᠭᠠᠷ ᠬᠥᠳᠡᠯᠪᠡᠯ
ᠠᠮᠠ ᠬᠥᠳᠡᠯᠦᠨ᠎ᠡ
391 ᠭᠠᠷ ᠢ᠋ᠶ᠋ᠠᠨ ᠪᠦᠯᠢᠶᠡᠰᠬᠡᠬᠦ ᠭᠡᠳ
ᠭᠠᠩ ᠢ᠋ᠶ᠋ᠠᠨ ᠡᠪᠳᠡᠵᠦ ᠲᠦᠯᠡᠬᠦ
392 ᠭᠠᠷ ᠢᠶᠠᠷ ᠠᠪᠤᠭᠠᠳ
ᠬᠥᠯ ᠢᠶᠠᠷ ᠥᠭᠬᠦ
393 ᠭᠠᠷᠬᠤ ᠨᠠᠷᠠ ᠤᠯᠠᠢᠪᠠᠯ
ᠭᠠᠩ ᠪᠣᠯᠬᠤ ᠶ᠋ᠢᠨ ᠲᠡᠮᠳᠡᠭ
ᠭᠠᠷᠤᠨ ᠣᠷᠣᠨ ᠭᠠᠰᠠᠯᠪᠠᠯ
ᠭᠠᠢ ᠢᠷᠡᠬᠦ ᠶ᠋ᠢᠨ ᠲᠡᠮᠳᠡᠭ
394 ᠭᠠᠷᠬᠤ ᠬᠦᠦ ᠪᠡᠷ
ᠭᠠᠯ ᠪᠢᠲᠡᠭᠡᠢ ᠲᠦᠯᠡᠭᠦᠯ
395 ᠭᠠᠷᠤᠵᠠ ᠦᠭᠡᠢ ᠪᠣᠯ ᠣᠯᠵᠠ ᠥᠬᠡᠢ
ᠭᠠᠯ ᠦᠭᠡᠢ ᠪᠣᠯ ᠬᠣᠭᠣᠯᠠ ᠦᠭᠡᠢ
396 ᠭᠠᠷᠤᠭᠰᠠᠨ ᠪᠡᠶ᠎ᠡ ᠨᠢ ᠭᠠᠩ ᠰᠢᠭ᠋
ᠲᠥᠷᠥᠭᠰᠡᠨ ᠪᠡᠶ᠎ᠡ ᠨᠢ ᠲᠡᠮᠦᠷ ᠰᠢᠭ᠋
397 ᠭᠠᠷ ᠲᠤ᠌ ᠣᠷᠣᠭᠰᠠᠨ ᠶᠠᠭᠤᠮ᠎ᠠ ᠶ᠋ᠢ
ᠭᠠᠵᠠᠷ ᠪᠦᠦ ᠬᠠᠶᠠ
ᠠᠮᠠᠨ ᠳ᠋ᠤ᠌ ᠣᠷᠣᠭᠰᠠᠨ ᠶᠠᠭᠤᠮ᠎ᠠ ᠶ᠋ᠢ
ᠬᠡᠯᠡ ᠪᠡᠷ ᠢ᠋ᠶ᠋ᠡᠨ ᠪᠦᠦ ᠲᠦᠯᠬᠢ
398 ᠭᠠᠷ ᠢ᠋ ᠨᠢ ᠭᠠᠨᠵᠤᠭᠠᠨ ᠳ᠋ᠤ᠌ ᠬᠦᠷᠭᠡᠵᠦ
ᠬᠥᠯ ᠢ᠋ ᠨᠢ ᠳᠥᠷᠦᠭᠡᠨ ᠳ᠋ᠦ᠍ ᠬᠦᠷᠭᠡᠬᠦ
399 ᠭᠠᠷ ᠤ᠋ᠨ ᠬᠦᠴᠦᠲᠡᠨ ᠭᠠᠭᠴᠠ ᠶ᠋ᠢ ᠳᠡᠢᠯᠬᠦ
ᠡᠷᠳᠡᠮ ᠦ᠋ᠨ ᠬᠦᠴᠦᠲᠡᠨ ᠮᠢᠩᠭ᠎ᠠ ᠶ᠋ᠢ ᠳᠡᠢᠯᠬᠦ
400 ᠭᠠᠬᠠᠢ ᠲᠩᠷᠢ ᠥᠭᠡᠳᠡ ᠬᠠᠷᠠᠳᠠᠭ ᠦᠭᠡᠢ
ᠬᠤᠯᠠᠭᠠᠢᠴᠢ ᠬᠥᠮᠦᠨ ᠨᠢᠭᠤᠷ ᠬᠠᠷᠠᠳᠠᠭ ᠦᠭᠡᠢ
401 ᠭᠠᠬᠠᠢ ᠶ᠋ᠢᠨ ᠬᠣᠩᠰᠢᠶᠠᠷ ᠭᠠᠵᠠᠷ ᠡᠪᠳᠡᠨ᠎ᠡ
ᠬᠥᠮᠦᠨ ᠦ᠌ ᠬᠣᠩᠰᠢᠶᠠᠷ ᠬᠡᠷᠡᠭ ᠡᠪᠳᠡᠨ᠎ᠡ
402 ᠭᠠᠬᠠᠢ ᠠ᠋ᠴᠠ ᠬᠠᠯᠢᠭᠤ ᠪᠤᠯᠠᠭ᠎ᠠ ᠲᠥᠷᠥᠬᠦ ᠦᠭᠡᠢ
ᠲᠡᠨᠡᠭ ᠡᠴᠡ ᠰᠡᠴᠡᠨ ᠦᠭᠡ ᠭᠠᠷᠬᠤ ᠦᠭᠡᠢ
403 ᠭᠠᠰᠢᠭᠤᠨ ᠳ᠋ᠤ᠌ ᠠᠮᠲᠠ ᠣᠷᠣᠭᠤᠯᠬᠤ ᠳ᠋ᠤ᠌ ᠬᠡᠴᠡᠭᠦᠦ
ᠠᠮᠲᠠᠲᠠᠨ ᠳ᠋ᠤ᠌ ᠭᠠᠰᠢᠭᠤᠨ ᠣᠷᠣᠭᠤᠯᠬᠤ ᠳ᠋ᠤ᠌ ᠬᠢᠯᠪᠠᠷ
404 ᠭᠠᠰᠢᠭᠤᠨ ᠢ᠋ ᠢᠳᠡᠬᠦ ᠦᠭᠡᠢ ᠪᠣᠯ
ᠠᠮᠲᠠ ᠶ᠋ᠢ ᠮᠡᠳᠡᠬᠦ ᠦᠭᠡᠢ
ᠭᠠᠰᠠᠯᠠᠩ ᠢ᠋ ᠡᠳ᠋ᠯᠡᠬᠦ ᠦᠭᠡᠢ ᠪᠣᠯ
ᠵᠢᠷᠭᠠᠯ ᠢ᠋ ᠮᠡᠳᠡᠬᠦ ᠦᠭᠡᠢ
405 ᠭᠢᠨᠵᠢᠨ ᠡᠴᠡ ᠪᠡᠨ ᠮᠤᠯᠲᠤᠷᠠᠭᠰᠠᠨ ᠨᠣᠬᠠᠢ ᠬᠡᠴᠡᠭᠦᠦ
ᠭᠢᠨᠳᠠᠨ ᠠ᠋ᠴᠠ ᠤᠷᠭᠤᠭᠰᠠᠨ ᠬᠤᠯᠠᠭᠠᠢᠴᠢ ᠬᠡᠴᠡᠭᠦᠦ
406 ᠭᠢᠰᠬᠢᠬᠦ ᠡᠴᠡ ᠪᠡᠨ ᠡᠮᠦᠨ᠎ᠡ ᠵᠠᠮ ᠢ᠋ᠶ᠋ᠠᠨ ᠬᠠᠷ᠎ᠠ
ᠡᠰᠬᠡᠬᠦ ᠡᠴᠡ ᠪᠡᠨ ᠡᠮᠦᠨ᠎ᠡ ᠡᠳ᠋ ᠢ᠋ᠶ᠋ᠡᠨ ᠦᠵᠡ
407 ᠭᠣᠶᠣ ᠬᠥᠮᠦᠨ ᠳᠠᠭᠠᠷᠠᠮᠠᠲᠠᠭᠠᠢ
ᠵᠢᠷᠣᠭ᠎ᠠ ᠮᠣᠷᠢ ᠡᠴᠡᠮᠡᠲᠡᠭᠡᠢ
408 ᠭᠣᠣᠯ ᠮᠥᠷᠡᠨ ᠰᠢᠷᠦᠭᠦᠨ ᠪᠣᠯᠪᠠᠴᠤ
ᠡᠷᠭᠢ ᠪᠡᠨ ᠳᠠᠭᠠᠵᠤ ᠤᠷᠤᠰᠳᠠᠭ
ᠤᠯᠤᠰ ᠠᠮᠢᠲᠠᠨ ᠣᠯᠠᠨ ᠪᠣᠯᠪᠠᠴᠤ
ᠬᠠᠤᠯᠢ ᠪᠠᠨ ᠳᠠᠭᠠᠵᠤ ᠠᠮᠢᠳᠤᠷᠠᠳᠠᠭ
409 ᠭᠣᠯᠣᠭᠰᠠᠨ ᠶᠠᠭᠤᠮ᠎ᠠ ᠭᠣᠣᠯ ᠳ᠋ᠤ᠌ ᠣᠷᠣᠵᠤ
ᠰᠢᠯᠢᠭᠰᠡᠨ ᠶᠠᠭᠤᠮ᠎ᠠ ᠰᠢᠯᠢ ᠳᠠᠷᠤᠬᠤ
410 ᠭᠣᠮᠣᠳᠠᠯ ᠬᠤᠪᠢᠯᠪᠠᠯ ᠥᠰᠢᠶ᠎ᠡ ᠪᠣᠯᠤᠨ᠎ᠠ
ᠭᠣᠣᠯ ᠪᠢᠯᠬᠠᠪᠠᠯ ᠦᠶᠡᠷ ᠪᠣᠯᠤᠨ᠎ᠠ
411 ᠭᠣᠷᠣᠬ᠎ᠠ ᠨᠡᠢᠯᠡᠵᠦ ᠮᠥᠷᠡᠨ ᠪᠣᠯᠤᠨ᠎ᠠ
ᠬᠥᠮᠦᠨ ᠨᠢᠭᠡᠳᠴᠦ ᠬᠦᠴᠦ ᠨᠡᠮᠡᠨ᠎ᠡ
412 ᠭᠣᠬ᠎ᠠ ᠦᠭᠡᠢ ᠪᠣᠯ ᠵᠢᠭᠠᠰᠤ ᠪᠤᠤ ᠪᠡᠷᠢ
ᠭᠥᠯᠢᠮ ᠦᠭᠡᠢ ᠪᠣᠯ ᠮᠣᠷᠢ ᠪᠤᠤ ᠣᠨᠣ
413 ᠭᠤᠢᠯᠭᠠᠴᠢᠨ ᠮᠥᠷᠲᠡᠭᠡᠨ ᠭᠣᠯᠣᠮᠲᠠ ᠲᠠᠢ
ᠬᠡᠯᠡᠭᠡᠢ ᠮᠥᠷᠲᠡᠭᠡᠨ ᠬᠡᠷᠡᠭᠦᠯᠴᠢ
414 ᠭᠤᠶᠤᠨ᠎ᠠ ᠭᠡᠳᠡᠭ ᠭᠤᠲᠤᠮᠰᠢᠭ
ᠭᠤᠶᠤᠯᠭᠠᠨᠠ ᠭᠡᠳᠡᠭ ᠭᠠᠢᠬᠠᠮᠰᠢᠭ
415 ᠭᠤᠨᠠᠨ ᠨᠠᠰᠤ ᠬᠦᠷᠦᠭᠡ ᠦᠭᠡᠢ ᠬᠣᠨᠢ ᠪᠠᠷ
ᠲᠩᠷᠢ ᠳᠠᠬᠢᠳᠠᠭ ᠦᠭᠡᠢ
ᠭᠤᠴᠢᠨ ᠨᠠᠰᠤ ᠬᠦᠷᠦᠭᠡ ᠦᠭᠡᠢ ᠬᠦᠦ ᠪᠡᠷ
ᠲᠥᠷᠥ ᠪᠠᠷᠢᠭᠤᠯᠳᠠᠭ ᠦᠭᠡᠢ
416 ᠭᠤᠷᠪᠠ ᠬᠣᠨᠣᠭᠠᠳ ᠡᠬᠡᠨᠡᠷ ᠢ᠋ᠶ᠋ᠡᠨ ᠪᠤᠤ ᠮᠠᠭᠲᠠ
ᠭᠤᠷᠪᠠᠨ ᠵᠢᠯ ᠪᠣᠯᠤᠭᠠᠳ ᠮᠠᠭᠲᠠ
417 ᠭᠤᠷᠪᠠᠨ ᠦᠭᠡᠨ ᠦ᠌ ᠭᠣᠭᠴᠣᠭ᠎ᠠ ᠮᠡᠳᠡᠬᠦ ᠦᠭᠡᠢ
ᠭᠤᠷᠪᠠᠯᠵᠢᠨ ᠨᠥᠬᠦᠭᠡᠰᠦᠨ ᠦ᠌ ᠵᠦᠢᠳᠡᠯ ᠮᠡᠳᠡᠬᠦ ᠦᠭᠡᠢ
418 ᠭᠤᠷᠭᠤᠤᠯ ᠭᠣᠶᠣ ᠪᠣᠯᠪᠠᠴᠤ ᠲᠣᠭᠣᠰ ᠢ᠋ ᠭᠦᠢᠴᠡᠬᠦ ᠦᠭᠡᠢ
ᠭᠤᠨ᠎ᠠ ᠬᠦᠴᠦᠲᠡᠢ ᠪᠣᠯᠪᠠᠴᠤ ᠱᠠᠷ ᠢ᠋ ᠭᠦᠢᠴᠡᠬᠦ ᠦᠭᠡᠢ
419 ᠭᠤᠲᠤᠯ ᠳ᠋ᠠᠭᠠᠨ ᠬᠠᠪᠴᠢᠭᠳᠠᠭᠰᠠᠨ ᠬᠥᠯ
ᠡᠬᠡᠨᠡᠷ ᠲᠡᠭᠡᠨ ᠬᠠᠪᠴᠢᠭᠳᠠᠭᠰᠠᠨ ᠡᠷ᠎ᠡ
420 ᠭᠤᠲᠤᠯ ᠢ᠋ᠶ᠋ᠠᠨ ᠦᠵᠡᠵᠦ ᠬᠥᠯ ᠢ᠋ᠶ᠋ᠡᠨ ᠵᠠᠰᠠᠬᠤ ᠪᠠᠷ
ᠬᠥᠯ ᠢ᠋ᠶ᠋ᠡᠨ ᠦᠵᠡᠵᠦ ᠭᠤᠲᠤᠯ ᠢ᠋ᠶ᠋ᠠᠨ ᠵᠠᠰᠠ
421 ᠭᠠᠤᠯᠢ ᠨᠢ ᠭᠠᠷᠴᠤ
ᠵᠡᠰ ᠨᠢ ᠴᠤᠬᠤᠢᠬᠤ
422 ᠭᠦᠵᠢᠷ ᠦᠭᠡ
ᠭᠦᠨᠵᠡᠭᠡᠢ ᠤᠰᠤᠨ ᠠ᠋ᠴᠠ ᠬᠡᠴᠡᠭᠦᠦ ᠠᠶᠤᠯ ᠲᠠᠢ
423 ᠭᠦᠵᠢᠷ ᠦᠭᠡᠢ ᠵᠠᠷᠭᠤ ᠪᠠᠢᠳᠠᠭ ᠦᠭᠡᠢ
ᠭᠦᠵᠡᠭᠡ ᠦᠭᠡᠢ ᠭᠡᠳᠡᠰᠦ ᠪᠠᠢᠳᠠᠭ ᠦᠭᠡᠢ
424 ᠭᠦᠨᠵᠡᠭᠡᠢ ᠤᠰᠤᠨ ᠳ᠋ᠤ᠌ ᠣᠯᠣᠮ ᠦᠭᠡᠢ
ᠭᠦᠵᠢᠷ ᠦᠭᠡ ᠦᠨᠡᠨ ᠦᠭᠡᠢ
425 ᠭᠦᠵᠡᠭᠡᠨ ᠳ᠋ᠦ᠍ ᠨᠠᠭᠠᠯᠳᠤᠭᠰᠠᠨ ᠳᠡᠯᠢᠭᠦᠦ ᠰᠢᠭ
ᠭᠥᠯᠢᠮ ᠳ᠋ᠦ᠍ ᠨᠠᠭᠠᠯᠳᠤᠭᠰᠠᠨ ᠬᠠᠪᠴᠢᠭᠤᠷᠭᠠ ᠰᠢᠭ᠋
426 ᠭᠦᠶᠦᠬᠦ ᠨᠣᠬᠠᠢ ᠳ᠋ᠤ᠌
ᠪᠠᠭᠠᠬᠤ ᠨᠣᠬᠠᠢ ᠰᠠᠭᠠᠳ
427 ᠭᠦᠢᠴᠡᠬᠦ ᠪᠡᠨ ᠮᠡᠳᠡᠵᠦ ᠳᠣᠪᠲᠣᠯ
ᠤᠨᠤᠬᠤ ᠪᠠᠨ ᠮᠡᠳᠡᠵᠦ ᠬᠠᠷᠪᠤ
428 ᠭᠦᠷᠦᠨ ᠢ᠋ ᠵᠠᠬᠢᠷᠬᠤ ᠡᠷᠳᠡᠮ ᠲᠡᠢ ᠴᠦ᠍
ᠭᠡᠷᠭᠡᠢ ᠪᠡᠨ ᠰᠤᠷᠭᠠᠬᠤ ᠴᠢᠳᠠᠯ ᠦᠭᠡᠢ
429 ᠭᠡᠭᠦᠦ ᠲᠣᠭᠰᠢᠨ ᠪᠣᠯᠪᠠᠴᠤ
ᠤᠨᠠᠭ᠎ᠠ ᠪᠠᠨ ᠢᠰᠬᠦᠯᠳᠡᠭ ᠦᠭᠡᠢ
ᠬᠤᠨ ᠲᠣᠭᠰᠢᠨ ᠪᠣᠯᠪᠠᠴᠤ
ᠥᠨᠳᠡᠭᠡ ᠪᠡᠨ ᠬᠠᠭᠠᠯᠳᠠᠭ ᠦᠭᠡᠢ
430 ᠭᠡᠭᠦᠦ ᠶ᠋ᠢᠨ ᠠᠳᠤᠭᠤ ᠤᠨᠤᠵᠤ
ᠭᠦᠵᠡᠭᠡ ᠮᠢᠬ᠎ᠠ ᠢᠳᠡᠭᠡ ᠦᠭᠡᠢ ᠨᠣᠶᠠᠨ
431 ᠭᠡᠭᠦᠦ ᠲᠡᠢ ᠠᠢᠯ ᠤ᠋ᠨ
ᠭᠦᠵᠡᠭᠡ ᠲᠡᠢ ᠬᠦᠦ
432 ᠭᠡᠳᠡᠰᠦ ᠬᠣᠭᠣᠰᠣᠨ
ᠮᠥᠷᠥ ᠨᠢᠴᠦᠭᠦᠨ
433 ᠭᠡᠳᠡᠰᠦ ᠨᠢ ᠴᠠᠳᠪᠠᠴᠤ
ᠰᠠᠨᠠᠭ᠎ᠠ ᠨᠢ ᠴᠠᠳᠬᠤ ᠦᠭᠡᠢ
434 ᠭᠡᠭᠡᠨ ᠡᠳᠦᠷ ᠴᠡᠭᠡᠵᠢᠨ ᠳ᠋ᠡᠭᠡᠨ
ᠬᠠᠷᠠᠩᠭᠤᠢ ᠰᠥᠨᠢ ᠵᠡᠭᠦᠳᠦᠨ ᠳ᠋ᠡᠭᠡᠨ
435 ᠭᠡᠭᠡᠨ ᠤᠬᠠᠭᠠᠨᠲᠠᠨ ᠭᠡᠮ ᠢ᠋ᠶ᠋ᠡᠨ ᠮᠡᠳᠡᠳᠡᠭ
ᠰᠠᠷᠠᠭᠤᠯ ᠤᠬᠠᠭᠠᠨᠲᠠᠨ ᠰᠠᠭᠠᠷ ᠢ᠋ᠶ᠋ᠠᠨ ᠮᠡᠳᠡᠳᠡᠭ
436 ᠭᠡᠳᠡᠰᠦ ᠴᠠᠳᠪᠠᠯ ᠭᠡᠷ ᠢ᠋ᠶ᠋ᠡᠨ ᠮᠠᠷᠲᠠᠵᠤ
ᠭᠡᠷᠭᠡᠢ ᠠᠪᠤᠪᠠᠯ ᠡᠵᠢ ᠪᠡᠨ ᠮᠠᠷᠲᠠᠬᠤ
437 ᠭᠡᠮ ᠬᠢᠪᠡᠯ
ᠵᠢᠮ᠎ᠠ ᠬᠦᠯᠢᠶᠡᠬᠦ
438 ᠭᠡᠮ ᠨᠢ ᠤᠷᠢᠳ ᠢᠶᠠᠷ
ᠭᠡᠮᠰᠢᠯ ᠨᠢ ᠬᠣᠢᠨ᠎ᠠ ᠪᠠᠨ
439 ᠭᠡᠮ ᠬᠢᠪᠡᠯ ᠴᠠᠭᠠᠵᠠ ᠪᠡᠷᠬᠡ
ᠬᠢᠯᠢᠨᠴᠡ ᠬᠢᠪᠡᠯ ᠲᠠᠮᠤ ᠪᠡᠷᠬᠡ
440 ᠭᠡᠮᠲᠦ ᠬᠥᠮᠦᠨ ᠰᠡᠵᠢᠭᠴᠢ
ᠳᠠᠭᠠᠷᠢᠲᠤ ᠮᠣᠷᠢ ᠰᠢᠷᠪᠠᠭᠠᠴᠢ
441 ᠭᠡᠨᠡᠨ ᠦᠭᠡᠢ ᠶᠠᠪᠤᠶ᠎ᠠ ᠭᠡᠪᠡᠯ
ᠭᠢᠰᠬᠢᠭᠰᠡᠨ ᠮᠥᠷ ᠢ᠋ᠶ᠋ᠡᠨ ᠬᠠᠷ᠎ᠠ
ᠭᠡᠮ ᠦᠭᠡᠢ ᠶᠠᠪᠤᠶ᠎ᠠ ᠭᠡᠪᠡᠯ
ᠵᠣᠭᠰᠣᠭᠰᠠᠨ ᠭᠠᠵᠠᠷ ᠢ᠋ᠶ᠋ᠠᠨ ᠰᠢᠨᠵᠢ
442 ᠭᠡᠨᠡᠳᠲᠡ ᠴᠠᠳᠬᠤ ᠭᠡᠳᠡᠰᠦᠨ ᠳ᠋ᠦ᠍ ᠴᠥᠪ ᠲᠡᠢ
ᠭᠡᠨᠡᠳᠲᠡ ᠪᠠᠶᠠᠵᠢᠬᠤ ᠨᠠᠰᠤᠨ ᠳ᠋ᠤ᠌ ᠴᠥᠪ ᠲᠡᠢ
443 ᠭᠡᠷ ᠳᠤᠯᠠᠭᠠᠨ
ᠭᠡᠳᠡᠰᠦ ᠴᠠᠳᠬᠤᠯᠠᠩ
444 ᠭᠡᠷᠭᠡᠢ ᠳ᠋ᠡᠭᠡᠨ ᠮᠡᠳᠡᠭᠦᠯᠦᠭᠰᠡᠨ ᠡᠷ᠎ᠡ ᠶ᠋ᠢᠨ ᠭᠡᠷ
ᠲᠦᠢᠮᠡᠷ ᠲᠦ᠍ ᠰᠢᠲᠠᠭᠰᠠᠨ ᠲᠠᠢ ᠠᠳᠠᠯᠢ
445 ᠭᠡᠷ ᠦ᠋ᠨ ᠨᠣᠬᠠᠢ ᠭᠠᠯᠵᠠᠭᠤᠷᠠᠪᠠᠯ
ᠬᠡᠭᠡᠷ᠎ᠡ ᠶ᠋ᠢᠨ ᠨᠣᠬᠠᠢ ᠠ᠋ᠴᠠ ᠬᠡᠴᠡᠭᠦᠦ
446 ᠭᠡᠷ ᠦ᠋ᠨ ᠬᠡᠯᠬᠢᠶ᠎ᠡ ᠲᠣᠭᠣᠨᠣ
ᠭᠡᠳᠡᠰᠦᠨ ᠦ᠌ ᠬᠡᠯᠬᠢᠶ᠎ᠡ ᠬᠣᠭᠣᠯᠠ
447 ᠭᠡᠷ ᠦ᠋ᠨ ᠴᠢᠮᠡᠭ ᠭᠡᠷᠭᠡᠢ
ᠭᠡᠳᠡᠰᠦᠨ ᠦ᠌ ᠴᠢᠮᠡᠭ ᠪᠤᠳᠠᠭ᠎ᠠ
448 ᠭᠡᠷ ᠲᠡᠭᠡᠨ ᠡᠵᠡᠨ ᠰᠠᠭᠤᠬᠤ ᠦᠭᠡᠢ ᠬᠥᠮᠦᠨ
ᠭᠡᠢᠴᠢᠨ ᠪᠦᠦ ᠵᠠᠯ᠎ᠠ
449 ᠭᠢᠯᠠᠭᠠᠷ ᠪᠦᠬᠦᠨ ᠠᠯᠲᠠ ᠪᠢᠰᠢ
ᠭᠡᠯᠦᠩ ᠪᠦᠬᠦᠨ ᠪᠠᠭᠰᠢ ᠪᠢᠰᠢ
ᠦᠰᠦᠭ ᠠᠮᠢᠯᠠᠭᠤᠯᠤᠭᠴᠢ᠄ ᠣᠶᠤᠨᠪᠠᠲᠤ᠂ ᠪᠠᠳᠮᠠᠰᠡᠴᠡᠨ᠂ ᠰᠠᠷᠠᠨᠲᠤᠶᠠᠭ᠎ᠠ᠂ ᠣᠳᠬᠣᠨᠴᠡᠴᠡᠭ
ᠬᠢᠨᠠᠭᠴᠢ᠄ ᠠᠯᠲᠠᠨᠱᠠ᠂ ᠪᠠᠯ᠂ ᠣᠳᠬᠣᠨᠴᠡᠴᠡᠭ᠂ ᠪᠣᠯᠣᠳ᠂ ᠴᠡᠩᠬᠡᠯᠴᠡᠴᠡᠭ
