ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠠ ᠶᠢᠨ ᠠᠢᠮᠠᠭ 3>Монгол зүйр цэцэн үгийн гураван мянган дээж – Д᠂Заяабаатар эмхэтгэв <Аийн аймаг 3>
ᠠ ᠶᠢᠨ ᠠᠢᠮᠠᠭ – 3
ᠠ (А) ᠶᠢᠨ ᠠᠢᠮᠠᠭ
151 ᠠᠷᠭᠠᠳᠠᠬᠤ ᠲᠣᠰᠤᠮ ᠠᠷᠵᠠᠢᠬᠤ
ᠳᠠᠭᠠᠯᠠᠬᠤ ᠲᠣᠰᠤᠮ ᠲᠣᠩᠭᠣᠴᠢᠬᠤ
152 ᠠᠷᠭᠠᠯ ᠠ᠋ᠴᠠ ᠢᠯᠴᠢ ᠭᠠᠷᠤᠨ᠎ᠠ
ᠠᠵᠢᠯ ᠠ᠋ᠴᠠ ᠲᠣᠰᠣ ᠭᠠᠷᠤᠨ᠎ᠠ
153 ᠠᠷᠭᠠᠳᠠᠨ ᠠᠷᠪᠠᠨ ᠲᠡᠷᠭᠡ ᠬᠢᠬᠦ ᠳ᠋ᠦ᠍
ᠬᠦᠴᠦᠲᠡᠨ ᠨᠢᠭᠡ ᠯᠡ ᠲᠡᠷᠭᠡ ᠬᠢᠬᠦ
154 ᠠᠷᠭ᠎ᠠ ᠶ᠋ᠢ ᠣᠯᠪᠠᠯ
ᠪᠡᠷᠬᠡ ᠶ᠋ᠢ ᠳᠠᠪᠠᠨ᠎ᠠ
155 ᠠᠷᠠᠳ ᠪᠠᠶᠠᠨ ᠪᠣᠯ ᠤᠯᠤᠰ ᠪᠠᠶᠠᠨ
ᠤᠯᠤᠰ ᠪᠠᠶᠠᠨ ᠪᠣᠯ ᠠᠷᠠᠳ ᠪᠠᠶᠠᠨ
156 ᠠᠷᠠᠳ ᠤ᠋ᠨ ᠡᠷᠬᠡ — ᠤᠯᠤᠰ ᠤ᠋ᠨ ᠠᠮᠢ
ᠤᠯᠤᠰ ᠤ᠋ᠨ ᠡᠷᠬᠡ— ᠠᠷᠠᠳ ᠤ᠋ᠨ ᠠᠮᠢ
157 ᠠᠷᠰᠯᠠᠨ ᠪᠠᠷᠳᠠᠮᠨᠠᠵᠤ ᠪᠠᠢᠭᠠᠳ
ᠰᠢᠷᠭᠤᠯᠵᠢ ᠳ᠋ᠤ᠌ ᠪᠠᠷᠢᠭᠳᠠᠬᠤ
158 ᠠᠷᠰᠯᠠᠨ ᠰᠢᠭ᠋ ᠠᠷᠬᠢᠷᠠᠭᠠᠳ
ᠵᠤᠷᠠᠮ᠎ᠠ ᠰᠢᠭ᠋ ᠵᠢᠭᠤᠲᠠᠬᠤ
159 ᠠᠷᠰᠯᠠᠨ ᠢ᠋ ᠪᠠᠷᠢᠬᠤ ᠳ᠋ᠤ᠌ ᠠᠷᠭ᠎ᠠ ᠪᠠᠷ
ᠠᠳᠤᠭᠤ ᠶ᠋ᠢ ᠪᠠᠷᠢᠬᠤ ᠳ᠋ᠤ᠌ ᠮᠡᠬᠡ ᠪᠡᠷ
160 ᠠᠷᠰᠯᠠᠨ ᠤ᠋ ᠵᠣᠷᠢᠭ ᠦᠨᠡᠭᠡᠨ ᠳ᠋ᠦ᠍ ᠲᠤᠰᠠ ᠦᠭᠡᠢ
ᠦᠨᠡᠭᠡᠨ ᠦ᠌ ᠠᠷᠭ᠎ᠠ ᠠᠷᠰᠯᠠᠨ ᠳ᠋ᠤ᠌ ᠲᠤᠰᠠ ᠦᠭᠡᠢ
161 ᠠᠷᠰᠯᠠᠨ ᠤ᠋ ᠨᠢᠷᠤᠭᠤᠨ ᠳ᠋ᠤ᠌ ᠡᠮᠡᠭᠡᠯ ᠵᠣᠬᠢᠬᠤ ᠦᠭᠡᠢ
ᠠᠳᠬᠠᠭ ᠮᠤᠩᠬᠠᠭ ᠲᠤ ᠰᠤᠷᠭᠠᠯ ᠵᠣᠬᠢᠬᠤ ᠦᠭᠡᠢ
162 ᠠᠷᠢᠬᠢ ᠠᠷᠪᠠᠨ ᠬᠠᠵᠠᠭᠠᠢ
ᠲᠠᠮᠠᠬᠢ ᠲᠠᠪᠤᠨ ᠬᠠᠵᠠᠭᠠᠢ
163 ᠠᠷᠢᠬᠢ ᠪᠠᠯᠭᠤᠪᠠᠯ ᠠᠮᠢᠨ ᠳ᠋ᠤ᠌ ᠬᠣᠣᠷ ᠲᠠᠢ
ᠲᠠᠮᠠᠬᠢ ᠲᠠᠲᠠᠪᠠᠯ ᠲᠠᠷᠢᠬᠢᠨ ᠳ᠋ᠤ᠌ ᠬᠣᠣᠷ ᠲᠠᠢ
164 ᠠᠷᠢᠬᠢ ᠳᠡᠷᠡᠰᠦᠨ ᠳ᠋ᠦ᠍ ᠪᠤᠤ ᠠᠪᠲᠠ
ᠠᠳᠬᠠᠭ ᠵᠠᠩ ᠢ᠋ ᠦᠰᠦᠳ ᠲᠡᠪᠴᠢ
165 ᠠᠷᠢᠬᠢ ᠰᠠᠪᠠᠨ ᠠ᠋ᠴᠠ ᠪᠠᠨ ᠪᠤᠰᠤᠳ ᠢ᠋ ᠳᠡᠢᠯᠦᠨ᠎ᠡ
ᠠᠷᠭ᠎ᠠ ᠤᠬᠠᠭᠠᠨ ᠮᠤᠢᠬᠤᠷ ᠢ᠋ ᠳᠡᠢᠯᠦᠨ᠎ᠡ
166 ᠠᠷᠢᠬᠢ ᠲᠠᠮᠠᠬᠢ ᠬᠣᠶᠠᠷ
ᠠᠬ᠎ᠠ ᠳᠡᠭᠦᠦ ᠬᠣᠶᠠᠷ
167 ᠠᠷᠢᠬᠢ ᠤᠤᠭᠤᠪᠠᠯ
ᠠᠬ᠎ᠠ ᠳᠡᠭᠦᠦ ᠪᠡᠨ ᠮᠠᠷᠲᠠᠬᠤ
168 ᠠᠷᠢᠬᠢ ᠤᠤᠭᠤᠪᠠᠯ ᠳᠠᠷᠤᠤ ᠨᠢ ᠰᠠᠢᠨ
ᠠᠩ ᠠᠪᠠᠯᠠᠪᠠᠯ ᠮᠡᠷᠭᠡᠨ ᠨᠢ ᠰᠠᠢᠨ
169 ᠠᠷᠢᠬᠢ ᠤᠤᠭᠤᠬᠤ ᠠᠮᠢᠨ ᠳ᠋ᠤ᠌ ᠬᠠᠷᠰᠢ
ᠠᠢᠯ ᠬᠡᠰᠦᠬᠦ ᠠᠵᠢᠯ ᠳ᠋ᠤ᠌ ᠬᠠᠷᠰᠢ
170 ᠠᠷᠢᠬᠢ ᠰᠢᠩᠭᠡᠭᠡᠬᠦ ᠬᠣᠳᠣᠭᠣᠳᠣ ᠠ᠋ᠴᠠ ᠪᠣᠯᠬᠤ
ᠡᠷᠳᠡᠮ ᠰᠢᠩᠭᠡᠭᠡᠬᠦ ᠤᠬᠠᠭᠠᠨ ᠠ᠋ᠴᠠ ᠪᠣᠯᠬᠤ
171 ᠠᠷᠢᠬᠢᠨ ᠠ᠋ᠴᠠ ᠠᠶᠤᠯ
ᠰᠠᠷᠬᠤᠳ ᠠ᠋ᠴᠠ ᠰᠠᠮᠠᠭᠤᠨ
172 ᠠᠷᠢᠬᠢᠨ ᠳ᠋ᠤ᠌ ᠰᠣᠭᠲᠣᠭᠰᠠᠨ ᠰᠡᠴᠡᠨ ᠠᠶᠤᠯ ᠲᠠᠢ
ᠡᠷᠳᠡᠮ ᠳ᠋ᠦ᠍ ᠰᠣᠭᠲᠣᠭᠰᠠᠨ ᠲᠡᠨᠡᠭ ᠠᠶᠤᠯ ᠲᠠᠢ
173 ᠠᠷᠢᠬᠢᠨ ᠳ᠋ᠤ᠌ ᠬᠣᠮᠣᠬᠠᠢ ᠪᠦᠷᠢᠯᠬᠦ ᠶ᠋ᠢᠨ ᠳᠣᠬᠢᠶ᠎ᠠ
ᠠᠯᠳᠠᠷ ᠲᠤ᠌ ᠬᠣᠮᠣᠬᠠᠢ ᠰᠠᠭᠠᠷᠠᠬᠤ ᠶ᠋ᠢᠨ ᠳᠣᠬᠢᠶ᠎ᠠ
174 ᠠᠷᠢᠬᠢᠨ ᠤ᠋ ᠳᠡᠷᠭᠡᠳᠡ ᠠᠨᠳᠠ ᠣᠯᠠᠨ
ᠠᠶᠤᠯ ᠢᠷᠡᠬᠦ ᠳ᠋ᠦ᠍ ᠠᠳᠠ ᠣᠯᠠᠨ
175 ᠠᠷᠢᠬᠢᠨ ᠤ᠋ ᠵᠠᠮ ᠠᠷᠪᠠᠨ ᠬᠡᠴᠡᠯᠡᠭᠦᠷ ᠲᠡᠢ
ᠲᠠᠮᠠᠬᠢᠨ ᠤ᠋ ᠵᠠᠮ ᠲᠠᠪᠤᠨ ᠲᠠᠰᠢᠭᠤᠷ ᠲᠠᠢ
176 ᠠᠷᠢᠬᠢᠴᠢᠨ ᠬᠥᠮᠦᠨ ᠦ᠌ ᠵᠢᠷᠦᠬᠡ ᠠᠯᠠᠭ ᠡᠷᠢᠶᠡᠨ
ᠲᠠᠮᠠᠬᠢᠴᠢᠨ ᠬᠥᠮᠦᠨ ᠦ᠌ ᠠᠭᠤᠰᠬᠢ ᠲᠠᠷᠯᠠᠨ ᠴᠣᠬᠣᠷ
177 ᠠᠷᠢᠬᠢᠴᠢᠨ ᠬᠥᠮᠦᠨ ᠦ᠌ ᠡᠪᠦᠷ ᠬᠣᠭᠣᠰᠣᠨ
ᠵᠠᠯᠬᠠᠭᠤ ᠬᠥᠮᠦᠨ ᠦ᠌ ᠲᠣᠭᠣᠭ᠎ᠠ ᠬᠣᠭᠣᠰᠣᠨ
178 ᠠᠷᠴᠠ ᠽᠠᠨᠳᠠᠨ ᠤ᠋ ᠦᠨᠦᠷ ᠰᠠᠢᠬᠠᠨ
ᠠᠬᠠᠮᠠᠳ ᠬᠥᠮᠦᠨ ᠦ᠌ ᠰᠤᠷᠭᠠᠯ ᠰᠠᠢᠬᠠᠨ
179 ᠠᠷᠠᠴᠢᠯᠠᠪᠠᠯ ᠮᠠᠯ ᠥᠰᠴᠦ
ᠠᠷᠪᠢᠯᠠᠪᠠᠯ ᠬᠥᠮᠦᠨ ᠪᠠᠶᠠᠵᠢᠨ᠎ᠠ
180 ᠠᠰᠬ᠎ᠠ ᠬᠠᠳᠠᠨ ᠤ᠋ ᠴᠢᠯᠠᠭᠤ ᠬᠠᠲᠠᠭᠤ
ᠠᠪᠤ ᠡᠵᠢ ᠶ᠋ᠢᠨ ᠰᠤᠷᠭᠠᠯ ᠬᠠᠲᠠᠭᠤ
181 ᠠᠰᠠᠭᠤᠵᠤ ᠥᠭᠬᠦ ᠪᠡᠷ
ᠠᠶᠠᠭᠠᠯᠠᠵᠤ ᠥᠭ
182 ᠠᠲᠠᠭᠠᠲᠠᠨ ᠢ᠋ ᠳᠠᠷᠤᠬᠤ ᠳ᠋ᠤ᠌ ᠠᠷᠭ᠎ᠠ ᠬᠡᠷᠡᠭ ᠲᠡᠢ
ᠠᠮᠢᠳᠤᠷᠠᠯ ᠢ᠋ ᠣᠯᠬᠤ ᠳ᠋ᠤ᠌ ᠠᠵᠢᠯ ᠬᠡᠷᠡᠭ ᠲᠡᠢ
183 ᠠᠲᠠᠭᠠᠴᠢ ᠡᠮ᠎ᠡ
ᠠᠷᠪᠠᠨ ᠨᠢᠳᠦ ᠲᠡᠢ
184 ᠠᠲᠠᠨ ᠲᠡᠮᠡᠭᠡ ᠠᠴᠢᠶ᠎ᠠ ᠳᠠᠭᠠᠭᠠᠳᠠᠭ
ᠠᠮᠠᠷᠠᠭ ᠪᠣᠯᠬᠤ ᠶ᠋ᠢ ᠰᠡᠳᠬᠢᠯ ᠮᠡᠳᠡᠳᠡᠭ
185 ᠠᠬ᠎ᠠ ᠳᠡᠭᠦᠦ ᠨᠠᠷ ᠡᠪ ᠲᠡᠢ ᠪᠣᠯ
ᠠᠪᠳᠠᠷ᠎ᠠ ᠠᠯᠲᠠᠨ ᠠ᠋ᠴᠠ ᠴᠠᠨ᠎ᠠ ᠲᠠᠢ
186 ᠠᠬ᠎ᠠ ᠰᠠᠢᠲᠤ ᠶ᠋ᠢᠨ ᠳᠡᠭᠦᠦ ᠰᠡᠴᠡᠨ
ᠠᠵᠢᠯ ᠰᠠᠢᠲᠤ ᠶ᠋ᠢᠨ ᠭᠡᠷ ᠴᠡᠮᠴᠡᠭᠡᠷ
187 ᠠᠬ᠎ᠠ ᠳᠡᠭᠦᠦ ᠲᠡᠢ ᠬᠥᠮᠦᠨ ᠲᠠᠯ᠎ᠠ ᠮᠡᠲᠦ ᠠᠭᠤᠵᠢᠮ
ᠠᠬ᠎ᠠ ᠳᠡᠭᠦᠦ ᠦᠭᠡᠢ ᠬᠥᠮᠦᠨ ᠠᠯᠠᠭ᠎ᠠ ᠶ᠋ᠢᠨ ᠴᠢᠨᠡᠭᠡ ᠪᠠᠴᠢᠮ
188 ᠠᠬᠠᠮᠠᠳ ᠬᠥᠮᠦᠨ ᠡᠴᠡ ᠠᠶᠤᠬᠤ ᠰᠡᠴᠡᠨ ᠦ᠌ ᠲᠡᠮᠳᠡᠭ
ᠠᠶᠤᠬᠤ ᠦᠭᠡᠢ ᠪᠠᠢᠬᠤ ᠨᠢ ᠲᠡᠨᠡᠭ ᠦ᠋ᠨ ᠲᠡᠮᠳᠡᠭ
189 ᠠᠬᠠᠮᠠᠳ ᠢ᠋ᠶ᠋ᠠᠨ ᠲᠠᠨᠢᠬᠤ ᠦᠭᠡᠢ ᠬᠥᠮᠦᠨ ᠠᠳᠤᠭᠤᠰᠤ ᠪᠣᠯᠵᠤ ᠮᠡᠳᠡᠨ᠎ᠡ
ᠠᠷᠠᠳ ᠢ᠋ᠶ᠋ᠠᠨ ᠡᠨᠡᠷᠢᠬᠦ ᠦᠭᠡᠢ ᠨᠣᠶᠠᠨ ᠠᠲᠠᠭᠠᠲᠠᠨ ᠪᠣᠯᠵᠤ ᠮᠡᠳᠡᠨ᠎ᠡ
190 ᠠᠴᠢᠲᠠᠨ ᠢ᠋ᠶ᠋ᠠᠨ ᠡᠷᠭᠦᠬᠦ
ᠪᠠᠴᠢᠲᠠᠨ ᠠ᠋ᠴᠠ ᠵᠠᠢᠯᠠᠬᠤ
191 ᠠᠶᠠᠭ᠎ᠠ ᠴᠠᠢ ᠶ᠋ᠢᠨ ᠳᠡᠭᠡᠷ᠎ᠡ
ᠠᠷᠪᠠ ᠬᠤᠪᠢᠯᠬᠤ
192 ᠠᠶᠠᠭ᠎ᠠ ᠪᠠᠨ ᠭᠣᠯᠣᠬᠤ ᠪᠠᠷ
ᠠᠭᠠᠰᠢ ᠪᠠᠨ ᠭᠣᠯᠣ
193 ᠠᠶᠠᠭᠠᠨ ᠤ᠋ ᠬᠠᠷᠢᠭᠤ ᠡᠳᠦᠷ ᠲᠡᠭᠡᠨ
ᠠᠭᠲᠠᠨ ᠤ᠋ ᠬᠠᠷᠢᠭᠤ ᠵᠢᠯ ᠳ᠋ᠡᠭᠡᠨ
194 ᠠᠶ᠎ᠠ ᠶ᠋ᠢ ᠣᠯᠪᠠᠯ
ᠠᠷᠳᠠᠭ ᠢ᠋ ᠳᠡᠢᠯᠦᠨ᠎ᠡ
ᠦᠰᠦᠭ ᠠᠮᠢᠯᠠᠭᠤᠯᠤᠭᠴᠢ᠄ ᠪᠠᠳᠮᠠᠰᠡᠴᠡᠨ᠂ ᠣᠶᠤᠨᠪᠠᠲᠤ᠂ ᠪᠠᠯ᠂ ᠰᠠᠷᠠᠨᠲᠤᠶᠠᠭ᠎ᠠ
ᠬᠢᠨᠠᠭᠴᠢ᠄ ᠣᠳᠬᠣᠨᠴᠡᠴᠡᠭ᠂ ᠪᠠᠯ ᠂ ᠤᠢᠭᠤᠷᠵᠢᠨ ᠣᠳᠬᠤᠨ
