ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠠ‍ ᠶᠢᠨ ᠠᠢᠮᠠᠭ 1>Монгол зүйр цэцэн үгийн гураван мянган дээж – Д᠂Заяабаатар эмхэтгэв <Аийн аймаг 1> ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠠ‍ ᠶᠢᠨ ᠠᠢᠮᠠᠭ 1>Монгол зүйр цэцэн үгийн гураван мянган дээж – Д᠂Заяабаатар эмхэтгэв <Аийн аймаг 1>

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠠ‍ ᠶᠢᠨ ᠠᠢᠮᠠᠭ 1>Монгол зүйр цэцэн үгийн гураван мянган дээж – Д᠂Заяабаатар эмхэтгэв <Аийн аймаг 1>

2024-08-17

912

ᠠ‍ (А)  ᠶᠢᠨ ᠠᠢᠮᠠᠭ –1


   – ᠠ(A) – 

1 ᠠ ᠦᠰᠦᠭ ᠡᠷᠳᠡᠮ ᠦ᠋ᠨ ᠳᠡᠭᠡᠵᠢ 
   ᠠᠶᠠᠭ᠎ᠠ ᠴᠠᠢ ᠢᠳᠡᠭᠡᠨ ᠦ᠌ ᠳᠡᠭᠡᠵᠢ

2 ᠠᠪᠤ ᠨᠢ ᠪᠦᠭᠦᠳᠡ ᠶ᠋ᠢᠨ ᠬᠠᠭᠠᠨ 
   ᠠᠬ᠎ᠠ ᠨᠢ ᠳᠡᠭᠦᠦ ᠶ᠋ᠢᠨ ᠬᠠᠭᠠᠨ

3 ᠠᠪᠤ ᠡᠵᠢ ᠦᠷ᠎ᠡ ᠶ᠋ᠢᠨ ᠲᠦᠰᠢᠭ 
   ᠠᠬ᠎ᠠ ᠡᠭᠡᠴᠢ ᠪᠡᠶ᠎ᠡ ᠶ᠋ᠢᠨ ᠲᠦᠰᠢᠭ

4 ᠠᠪᠤ ᠡᠵᠢ ᠲᠡᠢ ᠪᠡᠨ ᠵᠥᠷᠢᠯᠳᠦᠪᠡᠯ ᠠᠴᠢᠯᠠᠯ ᠢ᠋ᠶ᠋ᠠᠨ ᠪᠠᠷᠠᠨ᠎ᠠ 
   ᠠᠬ᠎ᠠ ᠳᠡᠭᠦᠦ ᠲᠡᠢ ᠪᠡᠨ ᠮᠠᠭᠤᠳᠠᠯᠴᠠᠪᠠᠯ ᠬᠦᠨᠳᠦ ᠪᠡᠨ ᠪᠠᠷᠠᠨ᠎ᠠ

5 ᠠᠪᠤ ᠪᠠᠨ ᠰᠠᠨᠠᠪᠠᠯ ᠠᠪᠠᠭ᠎ᠠ ᠪᠠᠨ 
   ᠡᠵᠢ ᠪᠡᠨ ᠰᠠᠨᠠᠪᠠᠯ ᠨᠠᠭᠠᠴᠤ ᠪᠠᠨ

6 ᠠᠪᠤ ᠶ᠋ᠢ ᠪᠡᠨ ᠠᠮᠢᠳᠤ ᠳ᠋ᠤ᠌ 
   ᠠᠷᠵᠠᠢᠬᠤ ᠰᠠᠬᠠᠯ ᠪᠤᠤ ᠳᠡᠯᠪᠢ

7 ᠠᠪᠤ ᠶ᠋ᠢᠨ ᠠᠴᠢ ᠶ᠋ᠢ ᠥᠩᠭᠡᠷᠡᠭᠰᠡᠨ ᠦ᠌ ᠬᠣᠢᠨ᠎ᠠ 
   ᠠᠢᠯ ᠤ᠋ᠨ ᠠᠴᠢ ᠶ᠋ᠢ ᠨᠡᠭᠦᠭᠰᠡᠨ ᠦ᠌ ᠬᠣᠢᠨ᠎ᠠ

8 ᠠᠪᠤ ᠶ᠋ᠢᠨ ᠪᠣᠢ ᠳ᠋ᠤ᠌ ᠬᠥᠮᠦᠨ ᠲᠠᠨᠢ 
   ᠠᠭᠲᠠ ᠶ᠋ᠢᠨ ᠪᠣᠢ ᠳ᠋ᠤ᠌ ᠭᠠᠵᠠᠷ ᠦᠵᠡ

9 ᠠᠪᠤ ᠶ᠋ᠢᠨ ᠰᠤᠷᠭᠠᠯ ᠠᠯᠲᠠ 
   ᠡᠵᠢ ᠶ᠋ᠢᠨ ᠰᠤᠷᠭᠠᠯ ᠡᠷᠳᠡᠨᠢ

10 ᠠᠪᠤ ᠶ᠋ᠢᠨ ᠤᠷᠭ᠎ᠠ ᠶ᠋ᠢ ᠪᠠᠷᠢᠵᠤ ᠰᠤᠷ 
     ᠠᠳᠤᠭᠤ ᠮᠠᠯ ᠴᠢᠨᠢ ᠥᠰᠦᠨ᠎ᠡ 
     ᠡᠵᠢ ᠶ᠋ᠢᠨ ᠵᠡᠭᠦᠦ ᠶ᠋ᠢ ᠪᠠᠷᠢᠵᠤ ᠰᠤᠷ 
     ᠡᠷᠳᠡᠮ ᠦᠢᠯᠡ ᠴᠢᠨᠢ ᠪᠦᠲᠦᠨ᠎ᠡ

11 ᠠᠪᠤ ᠶ᠋ᠢᠨ ᠦᠭᠡᠢ ᠳ᠋ᠦ᠍ ᠠᠬ᠎ᠠ ᠠᠪᠤ 
     ᠡᠵᠢ ᠶ᠋ᠢᠨ ᠦᠭᠡᠢ ᠳ᠋ᠦ᠍ ᠡᠭᠡᠴᠢ ᠡᠵᠢ

12 ᠠᠪᠤ ᠶ᠋ᠢᠨ ᠬᠦᠦ ᠠᠳᠠᠯᠢ ᠦᠭᠡᠢ 
     ᠠᠷᠪᠠᠨ ᠬᠤᠷᠤᠭᠤ ᠲᠡᠭᠰᠢ ᠦᠭᠡᠢ

13 ᠠᠪᠤ ᠶ᠋ᠢᠨ ᠬᠦᠦ ᠶ᠋ᠢᠨ ᠵᠠᠩ ᠨᠢ ᠨᠢᠭᠡ 
     ᠠᠴᠢᠶ᠎ᠠ ᠲᠠᠢ ᠲᠡᠮᠡᠭᠡᠨ ᠦ᠌ ᠬᠥᠯ ᠨᠢ ᠨᠢᠭᠡ

14 ᠠᠭᠠᠭ ᠨᠢ ᠶᠡᠬᠡᠲᠡᠵᠦ 
     ᠠᠵᠢᠯ ᠨᠢ ᠪᠠᠭᠠᠳᠠᠬᠤ

15 ᠠᠭᠠᠳᠠᠷ ᠪᠣᠷᠣᠭᠠᠨ ᠤ᠋ ᠰᠡᠭᠦᠯ ᠳ᠋ᠦ᠍ 
     ᠠᠭᠠᠷ ᠠᠷᠢᠭᠤᠨ ᠪᠠᠢᠳᠠᠭ

16 ᠠᠭᠠᠯᠢ ᠦᠭᠡᠢ ᠬᠥᠮᠦᠨ ᠢᠨᠢᠶᠡᠮᠡᠲᠡᠭᠡᠢ  
     ᠠᠵᠢᠯ ᠦᠭᠡᠢ ᠬᠥᠮᠦᠨ ᠤᠨᠲᠠᠮᠠᠳᠠᠭᠠᠢ

17 ᠠᠭᠠᠰᠢ ᠵᠠᠩ ᠤ᠋ᠨ ᠨᠣᠮᠣᠬᠠᠨ ᠨᠢ ᠰᠠᠢᠨ  
     ᠠᠳᠤᠭᠤ ᠮᠠᠯ ᠤ᠋ᠨ ᠲᠠᠷᠭᠤᠨ ᠨᠢ ᠰᠠᠢᠨ

18 ᠠᠭᠠᠰᠢ ᠶ᠋ᠢ ᠰᠤᠷᠬᠤ ᠪᠠᠷ 
     ᠠᠵᠢᠯ ᠢ᠋ ᠰᠤᠷ

19 ᠠᠭᠠᠰᠢ ᠲᠠᠢ ᠬᠥᠮᠦᠨ᠂ ᠬᠦᠨᠳᠦ ᠪᠡᠨ ᠪᠠᠷᠠᠬᠤ 
     ᠠᠵᠢᠯᠴᠢ ᠬᠥᠮᠦᠨ᠂ ᠠᠯᠳᠠᠷ ᠨᠢ ᠳᠠᠭᠤᠷᠢᠰᠬᠤ

20 ᠠᠪᠤᠭ᠎ᠠ ᠦᠭᠡᠢ ᠠᠪᠠᠭᠠᠢ ᠶ᠋ᠢᠨ ᠴᠢᠷᠠᠢ ᠰᠠᠢᠬᠠᠨ 
     ᠠᠯᠠᠭ᠎ᠠ ᠦᠭᠡᠢ ᠦᠨᠡᠭᠡᠨ ᠦ᠌ ᠠᠷᠠᠰᠤ ᠰᠠᠢᠬᠠᠨ

21 ᠠᠪᠬᠤ ᠭᠡᠪᠡᠯ ᠪᠥᠬᠥᠢᠵᠦ  
     ᠥᠭᠬᠦ ᠭᠡᠪᠡᠯ ᠭᠡᠳᠡᠢᠬᠦ

22 ᠠᠪᠬᠤ ᠬᠥᠮᠦᠨ ᠳ᠋ᠦ᠍ ᠨᠢᠭᠡ ᠦᠭᠡ ᠴᠤ᠌ ᠡᠷᠳᠡᠨᠢ  
     ᠣᠷᠬᠢᠬᠤ ᠬᠥᠮᠦᠨ ᠳ᠋ᠦ᠍ ᠮᠢᠩᠭᠠᠨ ᠦᠭᠡ ᠴᠤ᠌ ᠣᠯᠢᠭ

23 ᠠᠪᠬᠤ ᠳ᠋ᠤ᠌ ᠠᠭᠤᠯᠠ ᠶ᠋ᠢᠨ ᠴᠢᠨᠡᠭᠡ ᠪᠣᠯᠪᠠᠴᠤ ᠴᠢᠮᠠᠯᠠᠬᠤ  
     ᠥᠭᠬᠦ ᠳ᠋ᠦ᠍ ᠠᠯᠠᠭᠠᠨ ᠴᠢᠨᠡᠭᠡ ᠪᠣᠯᠪᠠᠴᠤ ᠬᠠᠷᠠᠮᠨᠠᠬᠤ 

24 ᠠᠪᠬᠤ ᠶ᠋ᠢ ᠮᠡᠳᠡᠪᠡᠯ ᠥᠭᠬᠦ ᠶ᠋ᠢ ᠮᠡᠳᠡ 
     ᠥᠭᠬᠦ ᠶ᠋ᠢ ᠮᠡᠳᠡᠪᠡᠯ ᠠᠪᠬᠤ ᠪᠠᠨ ᠮᠡᠳᠡ

25 ᠠᠪᠠ ᠳ᠋ᠤ᠌ ᠭᠠᠷᠬᠤ ᠬᠥᠮᠦᠨ ᠳ᠋ᠦ᠍ ᠨᠣᠬᠠᠢ ᠬᠡᠷᠡᠭ ᠲᠡᠢ 
     ᠠᠳᠤᠭᠤᠨ ᠳ᠋ᠤ᠌ ᠭᠠᠷᠬᠤ ᠬᠥᠮᠦᠨ ᠳ᠋ᠦ᠍ ᠤᠷᠭ᠎ᠠ ᠬᠡᠷᠡᠭ ᠲᠡᠢ

26 ᠠᠪᠠ ᠳ᠋ᠤ᠌ ᠭᠠᠷᠪᠠᠯ ᠭᠠᠨᠵᠤᠭ᠎ᠠ ᠲᠠᠢ 
     ᠠᠶᠠᠨ ᠳ᠋ᠤ᠌ ᠭᠠᠷᠪᠠᠯ ᠣᠯᠵᠠ ᠲᠠᠢ

27 ᠠᠪᠳᠠᠷ᠎ᠠ ᠳᠦᠭᠦᠷᠡᠩ ᠠᠯᠲᠠ ᠪᠣᠯᠪᠠᠴᠤ ᠲᠤᠨᠲᠠᠷᠠᠳᠠᠭ 
     ᠠᠪᠤᠷᠭᠤ ᠴᠤᠤᠲᠠᠢ ᠪᠥᠬᠡ ᠪᠣᠯᠪᠠᠴᠤ ᠥᠲᠡᠯᠳᠡᠭ

28 ᠠᠪᠳᠠᠷ᠎ᠠ ᠳ᠋ᠤ᠌ ᠪᠠᠢᠲᠠᠯ᠎ᠠ ᠠᠯᠤᠰ ᠠ᠋ᠴᠠ ᠡᠷᠢᠬᠦ  
     ᠭᠠᠷ ᠲᠤ ᠪᠠᠢᠲᠠᠯ᠎ᠠ ᠭᠠᠳᠠᠨ᠎ᠠ ᠠ᠋ᠴᠠ ᠡᠷᠢᠬᠦ

29 ᠠᠪᠤᠷᠢ ᠮᠠᠭᠤᠲᠠᠢ ᠨᠣᠶᠠᠨ ᠲᠠᠢ ᠨᠥᠬᠥᠷᠯᠡᠬᠦ ᠪᠡᠷ  
     ᠠᠶᠠᠳᠠᠭᠤ ᠵᠠᠩ ᠲᠠᠢ ᠨᠣᠬᠠᠢ ᠲᠠᠢ ᠨᠥᠬᠥᠷᠯᠡᠭᠰᠡᠨ ᠨᠢ ᠳᠡᠭᠡᠷ᠎ᠡ

30 ᠠᠪᠤᠷᠢ ᠰᠠᠢᠲᠤ ᠠᠢᠯ ᠳ᠋ᠤ᠌ ᠬᠣᠨᠣᠬᠤ 
     ᠠᠮᠠ ᠮᠠᠭᠤᠲᠤ ᠬᠡᠭᠡᠷ᠎ᠡ ᠬᠣᠨᠣᠬᠤ

31 ᠠᠪᠤᠷᠢ ᠦᠭᠡᠢ ᠪᠣᠯ ᠨᠢᠭᠤᠷ ᠢ᠋ᠶ᠋ᠠᠨ ᠪᠠᠷᠠᠨ᠎ᠠ 
     ᠠᠷᠪᠢ ᠦᠭᠡᠢ ᠪᠣᠯ ᠡᠳ᠋ ᠢ᠋ᠶ᠋ᠡᠨ ᠪᠠᠷᠠᠨ᠎ᠠ

32 ᠠᠪᠤᠷᠢ ᠶ᠋ᠢᠨ ᠰᠣᠭᠲᠣᠭᠤ ᠭᠠᠷᠳᠠᠭ ᠦᠭᠡᠢ 
     ᠠᠷᠢᠬᠢᠨ ᠤ᠋ ᠰᠣᠭᠲᠣᠭᠤ ᠭᠠᠷᠳᠠᠭ

33 ᠠᠪᠤᠨ᠎ᠠ ᠭᠡᠪᠡᠯ ᠠᠯᠠᠭ᠎ᠠ ᠪᠠᠨ ᠲᠤᠰᠤᠨ᠎ᠠ 
     ᠥᠭᠭᠦᠨ᠎ᠡ ᠭᠡᠪᠡᠯ ᠥᠷᠥᠴᠡ ᠪᠡᠨ ᠲᠠᠲᠠᠨ᠎ᠠ

34 ᠠᠪᠤᠭᠰᠠᠨ ᠥᠭᠭᠦᠭᠰᠡᠨ ᠢ᠋ᠶ᠋ᠡᠷ ᠪᠣᠯᠳᠠᠭ ᠦᠭᠡᠢ 
     ᠠᠷᠭ᠎ᠠ ᠵᠦᠢ ᠪᠡᠷ ᠪᠣᠯᠳᠠᠭ

35 ᠠᠪᠤᠭᠰᠠᠨ ᠬᠥᠮᠦᠨ ᠦ᠌ ᠭᠠᠷ ᠵᠥᠭᠡᠯᠡᠨ 
     ᠠᠮᠲᠠᠯᠠᠭᠰᠠᠨ ᠬᠥᠮᠦᠨ ᠦ᠌ ᠠᠮᠠ ᠵᠥᠭᠡᠯᠡᠨ   

36 ᠠᠪᠤᠭᠰᠠᠨ ᠢ᠋ᠶ᠋ᠠᠨ ᠮᠠᠷᠲᠠᠪᠠᠯ ᠠᠳᠠᠭ ᠤ᠋ᠨ ᠰᠢᠨᠵᠢ 
     ᠡᠷᠭᠢᠭᠦᠯᠵᠦ ᠥᠭᠬᠦ ᠨᠢ ᠡᠷᠬᠢᠮ ᠦ᠋ᠨ ᠰᠢᠨᠵᠢ

37 ᠠᠭᠰᠤᠮ ᠮᠣᠷᠢᠨ ᠳ᠋ᠤ᠌ ᠤᠷᠭ᠎ᠠ ᠪᠦᠦ ᠠᠯᠲᠠ 
     ᠠᠯᠢᠪᠠ ᠬᠥᠮᠦᠨ ᠳ᠋ᠦ᠍ ᠦᠭᠡ ᠪᠦᠦ ᠠᠯᠲᠠ

38 ᠠᠭᠰᠤᠮ ᠬᠥᠮᠦᠨ ᠦ᠌ ᠴᠡᠭᠡᠵᠢ ᠪᠠᠭ᠎ᠠ 
     ᠠᠷᠭᠠᠮᠵᠢᠶ᠎ᠠ ᠲᠠᠢ ᠮᠣᠷᠢᠨ ᠤ᠋ ᠪᠡᠯᠴᠢᠭᠡᠷ ᠪᠠᠭ᠎ᠠ

39 ᠠᠭᠰᠤᠷᠤᠭᠰᠠᠨ ᠬᠥᠮᠦᠨ ᠳ᠋ᠦ᠍ 
     ᠤᠨᠲᠠᠷᠠᠭᠰᠠᠨ ᠭᠠᠯ

40 ᠠᠭᠲᠠ ᠠᠯᠳᠠᠪᠠᠯ ᠪᠠᠷᠢᠵᠤ ᠪᠣᠯᠳᠠᠭ 
     ᠠᠮᠠ ᠠᠯᠳᠠᠪᠠᠯ ᠪᠠᠷᠢᠵᠤ ᠪᠣᠯᠳᠠᠭ ᠦᠭᠡᠢ

41 ᠠᠭᠲᠠ ᠮᠣᠷᠢ ᠰᠠᠢᠨ ᠪᠣᠯ ᠠᠯᠤᠰ ᠤ᠋ᠨ ᠵᠠᠮ ᠳ᠋ᠤ᠌ ᠲᠦᠰᠢᠭ 
     ᠠᠬ᠎ᠠ ᠳᠡᠭᠦᠦ ᠰᠠᠢᠨ ᠪᠣᠯ ᠠᠯᠢ ᠠᠯᠢᠨ ᠳ᠋ᠠᠭᠠᠨ ᠲᠦᠰᠢᠭ

42 ᠠᠭᠲᠠ ᠪᠠᠨ ᠰᠢᠯᠭᠠᠵᠤ ᠤᠷᠤᠯᠳᠤᠭᠠᠨ ᠳ᠋ᠤ᠌ ᠣᠷᠣ 
     ᠪᠢᠷ᠎ᠠ ᠪᠠᠨ ᠮᠡᠳᠡᠵᠦ ᠪᠠᠷᠢᠯᠳᠤᠭᠠᠨ ᠳ᠋ᠤ᠌ ᠣᠷᠣ 

43 ᠠᠳᠠᠭ ᠤ᠋ᠨ ᠵᠠᠷᠭᠤ 
     ᠠᠷᠪᠠ ᠬᠣᠨᠣᠭ ᠲᠤ᠌  

44 ᠠᠳᠠᠭ ᠤ᠋ᠨ ᠨᠣᠶᠠᠨ ᠠᠯᠪᠠᠲᠤ ᠳ᠋ᠠᠭᠠᠨ ᠪᠠᠭᠠᠲᠤᠷ 
     ᠠᠳᠠᠭ ᠤ᠋ᠨ ᠡᠷ᠎ᠡ ᠠᠪᠠᠭᠠᠢ ᠳ᠋ᠠᠭᠠᠨ ᠪᠠᠭᠠᠲᠤᠷ 

45 ᠠᠳᠤᠭᠤᠰᠤ ᠠᠮᠢᠲᠠᠨ ᠳ᠋ᠤ᠌ ᠳᠠᠢᠰᠤᠨ ᠣᠯᠠᠨ 
     ᠠᠯᠪᠠᠲᠤ ᠬᠥᠮᠦᠨ ᠳ᠋ᠦ᠍ ᠨᠣᠶᠠᠨ ᠣᠯᠠᠨ  

46 ᠠᠳᠤᠭᠤ ᠠᠵᠢᠷᠭ᠎ᠠ ᠦᠭᠡᠢ ᠪᠣᠯ ᠰᠦᠷᠦᠭ ᠪᠣᠯᠵᠤ ᠴᠢᠳᠠᠬᠤ ᠦᠭᠡᠢ  
     ᠭᠠᠯᠠᠭᠤ ᠲᠦᠷᠦᠭᠦᠦ ᠦᠭᠡᠢ ᠪᠣᠯ ᠴᠤᠪᠤᠭ᠎ᠠ ᠪᠣᠯᠵᠤ ᠴᠢᠳᠠᠬᠤ ᠦᠭᠡᠢ

47 ᠠᠳᠤᠭᠤᠨ ᠠ᠋ᠴᠠ ᠬᠦᠯᠦᠭ ᠲᠣᠳᠣᠷᠠᠬᠤ 
     ᠠᠷᠠᠳ ᠠ᠋ᠴᠠ ᠪᠠᠭᠠᠲᠤᠷ ᠰᠢᠯᠭᠠᠷᠠᠬᠤ

48 ᠠᠳᠤᠭᠤᠨ ᠤ᠋ ᠠᠯᠠᠭ ᠰᠠᠢᠬᠠᠨ 
     ᠠᠶᠠᠭᠠᠨ ᠤ᠋ ᠠᠯᠠᠭ ᠮᠠᠭᠤᠬᠠᠢ

49 ᠠᠳᠤᠭᠤᠨ ᠤ᠋ ᠪᠠᠨ ᠬᠢᠷᠢ ᠪᠡᠷ ᠢᠰᠬᠡᠷᠴᠦ 
     ᠬᠥᠨᠵᠢᠯᠡ ᠶ᠋ᠢᠨ ᠢ᠋ᠶ᠋ᠡᠨ ᠬᠢᠷᠢ ᠪᠡᠷ ᠵᠢᠭᠢ

50 ᠠᠵᠢᠭᠴᠢ ᠪᠠᠢᠬᠤ ᠠᠵᠢᠯ ᠳ᠋ᠤ᠌ ᠲᠤᠰᠠᠲᠠᠢ 
     ᠠᠰᠢᠭᠴᠢ ᠪᠠᠢᠬᠤ ᠠᠯᠳᠠᠷ ᠲᠤ᠌ ᠬᠣᠣᠷᠲᠠᠢ

51 ᠠᠵᠢᠯ ᠭᠡᠪᠡᠯ ᠴᠠᠭᠠᠰᠢ ᠪᠠᠨ 
     ᠠᠰᠢᠭ ᠭᠡᠪᠡᠯ ᠨᠠᠭᠠᠰᠢ ᠪᠠᠨ

52 ᠠᠵᠢᠯ ᠨᠢ ᠠᠯᠠᠭ᠎ᠠ ᠶ᠋ᠢᠨ ᠴᠢᠨᠡᠭᠡ 
     ᠲᠠᠢᠯᠤᠨ ᠨᠢ ᠲᠠᠯ᠎ᠠ ᠶ᠋ᠢᠨ ᠴᠢᠨᠡᠭᠡ

53 ᠠᠵᠢᠯ ᠰᠤᠷᠪᠠᠯ ᠠᠮᠢᠳᠤᠷᠠᠯ ᠳ᠋ᠤ᠌ ᠲᠤᠰᠠ ᠲᠠᠢ 
     ᠠᠶᠤᠵᠤ ᠶᠠᠪᠤᠪᠠᠯ ᠠᠮᠢᠨ ᠳ᠋ᠤ᠌ ᠥᠯᠵᠡᠢ ᠲᠡᠢ

54 ᠠᠵᠢᠯ ᠬᠢᠪᠡᠯ ᠠᠮᠠ ᠬᠥᠳᠡᠯᠦᠨ᠎ᠡ  
     ᠠᠯᠬᠠᠢᠷᠠᠵᠤ ᠰᠠᠭᠤᠪᠠᠯ ᠠᠮᠢᠳᠤᠷᠠᠯ ᠳᠣᠷᠣᠢᠲᠠᠨ᠎ᠠ  

55 ᠠᠵᠢᠯ ᠬᠢᠪᠡᠯ ᠳᠠᠭᠤᠰᠲᠠᠯ᠎ᠠ   
     ᠳᠠᠪᠤᠰᠤ ᠬᠢᠪᠡᠯ ᠠᠭᠤᠰᠲᠠᠯ᠎ᠠ

56 ᠠᠵᠢᠯ ᠬᠢᠵᠦ ᠬᠥᠮᠦᠨ ᠪᠣᠯᠳᠠᠭ 
     ᠠᠷᠤ ᠳᠠᠪᠠᠵᠤ ᠬᠦᠯᠦᠭ ᠪᠣᠯᠳᠠᠭ   

57 ᠠᠵᠢᠯ ᠬᠢᠭᠰᠡᠨ ᠨᠢ ᠠᠮᠠᠨ ᠳ᠋ᠠᠭᠠᠨ ᠲᠣᠰᠣ ᠲᠠᠢ 
     ᠠᠵᠢᠯ ᠦᠭᠡᠢ ᠰᠠᠭᠤᠭᠰᠠᠨ ᠨᠢ ᠠᠮᠠᠨ ᠳ᠋ᠠᠭᠠᠨ ᠤᠰᠤ ᠲᠠᠢ

58 ᠠᠵᠢᠯ ᠳ᠋ᠤ᠌ ᠳᠠᠳᠤᠯᠭ᠎ᠠ  
     ᠠᠴᠢᠶᠠᠨ ᠳ᠋ᠤ᠌ ᠲᠠᠲᠠᠯᠭ᠎ᠠ

59 ᠠᠵᠢᠯᠯᠠᠪᠠᠯ ᠠᠯᠲᠠ ᠣᠯᠤᠨ᠎ᠠ  
     ᠠᠯᠬᠠᠢᠷᠠᠪᠠᠯ ᠶᠠᠰᠤ ᠬᠡᠮᠡᠯᠢᠨ᠎ᠡ 

60 ᠠᠵᠢᠯᠴᠢ ᠬᠥᠮᠦᠨ ᠠᠮᠠᠨ ᠤ᠋ ᠬᠡᠰᠢᠭ ᠲᠡᠢ  
     ᠵᠠᠯᠬᠠᠭᠤ ᠬᠥᠮᠦᠨ ᠵᠠᠶᠠᠭ᠎ᠠ ᠮᠠᠭᠤ ᠲᠠᠢ 

61 ᠠᠵᠢᠯᠴᠢ ᠬᠥᠮᠦᠨ ᠲᠣᠰᠣ ᠢᠳᠡᠬᠦ  
     ᠠᠷᠠᠯᠵᠢᠶᠠᠴᠢ ᠬᠥᠮᠦᠨ ᠬᠠᠷᠢᠶᠠᠯ ᠢᠳᠡᠬᠦ 

62 ᠠᠵᠢᠯ ᠢ᠋ ᠠᠷᠭ᠎ᠠ ᠪᠠᠷ 
     ᠬᠡᠴᠡᠭᠦᠦ ᠶ᠋ᠢ ᠡᠪ ᠢ᠋ᠶ᠋ᠡᠷ  

63 ᠠᠵᠢᠯ ᠤ᠋ᠨ ᠰᠠᠢᠨ ᠢ᠋ᠶ᠋ᠠᠷ ᠠᠮᠢᠳᠤᠷᠠᠯ ᠥᠭᠡᠳᠡᠯᠡᠬᠦ 
     ᠪᠡᠯᠴᠢᠭᠡᠷ ᠦ᠋ᠨ ᠰᠠᠢᠨ ᠢ᠋ᠶ᠋ᠠᠷ ᠮᠠᠯ ᠲᠠᠷᠭᠤᠯᠠᠬᠤ  

64 ᠠᠢᠯ ᠠᠢᠮᠠᠭ ᠡᠶᠡᠲᠡᠢ ᠨᠢ ᠰᠠᠢᠬᠠᠨ 
     ᠠᠬ᠎ᠠ ᠳᠡᠭᠦᠦ ᠨᠠᠷ ᠨᠠᠢᠷᠲᠠᠢ ᠨᠢ ᠰᠠᠢᠬᠠᠨ  

65 ᠠᠢᠯ ᠪᠠᠰᠤᠭᠰᠠᠨ ᠬᠥᠮᠦᠨ ᠨᠥᠮᠥᠭᠡᠨ ᠢ᠋ᠶ᠋ᠡᠷ ᠣᠷᠣᠬᠤ 
     ᠠᠳᠤᠭᠤ ᠪᠠᠰᠤᠭᠰᠠᠨ ᠬᠥᠮᠦᠨ ᠠᠮᠠᠭᠠᠢ ᠦᠭᠡᠢ ᠪᠡᠷ ᠤᠨᠤᠬᠤ  

66 ᠠᠢᠯ ᠲᠣᠭᠣᠷᠢᠵᠤ ᠣᠯᠢᠭ ᠪᠦᠦ ᠶᠠᠪᠤ 
     ᠰᠠᠩ ᠲᠣᠭᠣᠷᠢᠵᠤ ᠱᠠᠯᠢᠭ ᠪᠤᠤ ᠶᠠᠪᠤ  

67 ᠠᠢᠯ ᠬᠥᠮᠦᠨ ᠦ᠌ ᠠᠮᠢ ᠨᠢᠭᠡ 
     ᠰᠠᠭᠠᠬᠠᠯᠲᠠ ᠬᠥᠮᠦᠨ ᠦ᠌ ᠰᠠᠨᠠᠭ᠎ᠠ ᠨᠢᠭᠡ  

68 ᠠᠢᠯ ᠬᠡᠰᠦᠬᠦ ᠶ᠋ᠢᠨ ᠣᠷᠣᠨ ᠳ᠋ᠤ᠌ 
     ᠠᠶᠠᠭ᠎ᠠ ᠪᠠᠨ ᠤᠬᠢᠶᠠᠪᠠᠯ ᠳᠡᠭᠡᠷ᠎ᠡ  

69 ᠠᠢᠯ ᠬᠡᠰᠦᠬᠦ ᠪᠡᠷ ᠠᠳᠤᠭᠤᠨ ᠳ᠋ᠠᠭᠠᠨ ᠶᠠᠪᠤ   
     ᠠᠯᠬᠠᠢᠷᠠᠵᠤ ᠬᠡᠪᠲᠡᠬᠦ ᠪᠡᠷ ᠠᠷᠭᠠᠯ ᠳ᠋ᠠᠭᠠᠨ ᠶᠠᠪᠤ  

70 ᠠᠢᠯ ᠳ᠋ᠤ᠌ ᠣᠴᠢᠪᠠᠯ ᠬᠦᠨᠳᠦᠲᠡᠢ ᠨᠢ ᠰᠠᠢᠨ 
     ᠠᠶᠠᠨ ᠳ᠋ᠤ᠌ ᠶᠠᠪᠤᠪᠠᠯ ᠭᠠᠯᠲᠠᠢ ᠨᠢ ᠰᠠᠢᠨ  

71 ᠠᠢᠯᠴᠢᠨ ᠬᠥᠮᠦᠨ ᠭᠤᠲᠤᠯ ᠦᠭᠡᠢ  
     ᠠᠷᠢᠬᠢᠴᠢᠨ ᠬᠥᠮᠦᠨ ᠵᠣᠭᠣᠰ ᠦᠭᠡᠢ  

72 ᠠᠢᠯ ᠤ᠋ᠨ ᠨᠣᠬᠠᠳ ᠬᠡᠮᠬᠢᠯᠳᠦᠪᠡᠴᠦ 
     ᠠᠶᠤᠯ ᠢᠷᠡᠬᠦ ᠪᠡᠷ ᠨᠢ ᠨᠢᠭᠡᠳᠳᠡᠭ  

73 ᠠᠶᠤᠮᠠᠬᠠᠢ ᠬᠥᠮᠦᠨ ᠠᠮᠢ ᠪᠠᠨ ᠠᠪᠤᠷᠠᠬᠤ ᠦᠭᠡᠢ 
     ᠠᠭᠠᠯᠢ ᠦᠭᠡᠢ ᠬᠥᠮᠦᠨ ᠨᠡᠷ᠎ᠡ ᠪᠡᠨ ᠠᠪᠤᠷᠠᠬᠤ ᠦᠭᠡᠢ  

74 ᠠᠶᠤᠮᠠᠬᠠᠢ ᠬᠥᠮᠦᠨ ᠨᠡᠷᠡᠯᠬᠡᠦ   
     ᠠᠷᠢᠬᠢᠴᠢᠨ ᠬᠥᠮᠦᠨ ᠰᠢᠷᠠᠯᠠᠬᠤ  

75 ᠠᠶᠤᠮᠠᠬᠠᠢ ᠬᠥᠮᠦᠨ ᠰᠡᠭᠦᠳᠡᠷ ᠡᠴᠡ ᠪᠡᠨ ᠠᠶᠤᠳᠠᠭ 
     ᠠᠵᠢᠯ ᠦᠭᠡᠢ ᠬᠥᠮᠦᠨ ᠰᠦᠷ ᠡᠴᠡ ᠨᠢ ᠠᠶᠤᠳᠠᠭ  


      ᠦᠰᠦᠭ ᠠᠮᠢᠯᠠᠭᠤᠯᠤᠭᠴᠢ᠄ ᠤᠶᠤᠨᠪᠠᠲᠤ᠂ ᠰᠠᠷᠠᠨᠲᠤᠶᠠᠭ᠎ᠠ᠂ ᠪᠠᠳᠮᠠᠰᠡᠴᠡᠨ᠂ ᠣᠳᠬᠤᠨᠴᠡᠴᠡᠭ
        ᠬᠢᠨᠠᠭᠴᠢ᠄ ᠠᠯᠲᠠᠨᠱᠠ᠂ ᠪᠣᠯᠣᠳ᠂ ᠣᠳᠬᠠᠨᠰᠣ᠎ᠠ᠂ ᠣᠳᠬᠤᠨᠴᠡᠴᠡᠭ᠂ ᠪᠠᠯ᠂  ᠤᠢᠭᠤᠷᠵᠢᠨ ᠣᠳᠬᠤᠨ