ᠪᠤᠯᠴᠠᠭᠠᠷ1-06- ᠡᠪᠦᠭᠡ ᠶᠢᠨ ᠨᠢᠭᠤᠴᠠ - Булцгар - Өвөөгийн нууц
ᠡᠪᠦᠭᠡ ᠶᠢᠨ ᠨᠢᠭᠤᠴᠠ
ᠷᠦᠪᠢ᠄ ᠪᠤᠺᠠ ᠴᠢᠨᠦ ᠡᠪᠦᠭᠡ ᠶ᠋ᠢᠨ ᠬᠥᠰᠢᠶ᠎ᠡ ᠬᠠᠭᠠᠷᠠᠴᠢᠬᠠᠭᠰᠠᠨ ᠪᠠᠢᠨ᠎ᠠ᠂ ᠣᠳᠣ ᠶᠠᠭᠠᠬᠢᠬᠤ ᠤᠤ ?
ᠪᠤᠺᠠ᠄ᠦ ᠦᠭᠡᠢ᠂ ᠡᠪᠦᠭᠡ ᠡᠷᠭᠢᠵᠦ ᠢᠷᠡᠭᠡᠳ ᠭᠣᠮᠣᠳᠠᠬᠤ ᠪᠠᠢᠬᠤ ᠳᠠ᠃
ᠷᠦᠪᠢ᠄ ᠡᠨᠡ ᠣᠳᠣ ᠶᠠᠭᠤ ᠪᠣᠢ ?
ᠪᠤᠺᠠ᠄ ᠦ᠂ ᠡᠨᠡ ᠴᠢᠨᠢ ᠣᠳᠣ ᠶᠠᠭᠤ ᠶᠤᠮ?
ᠶᠦᠨᠢ᠄ ᠡᠨᠡ ᠲᠠᠨ ᠤ᠋ ᠭᠡᠷ ᠦ᠋ᠨ ᠴᠢᠨᠢ ᠬᠡᠯᠪᠡᠷᠢ ᠪᠢᠰᠢ ᠤᠤ?
ᠪᠤᠺᠠ᠄ ᠬᠥᠥᠭ᠂ ᠲᠡᠢᠮᠦ ᠪᠠᠢᠨ᠎ᠠ ᠰᠢᠲᠠ᠃
ᠷᠦᠪᠢ᠄ ᠲᠡᠭᠡᠬᠦ ᠪᠡᠷ ᠡᠨᠡ ᠭᠣᠣᠯ ᠳ᠋ᠤ᠌ ᠪᠠᠢᠭ᠎ᠠ ᠨᠢ ᠶᠠᠭ ᠶᠠᠭᠤ ᠶᠤᠮ ᠪᠣᠯ ᠠ᠋?
ᠲᠤᠤᠨᠢ᠄ х ᠦᠰᠦᠭ ᠯᠡ ᠪᠠᠢᠨ᠎ᠠ᠃
ᠰᠠᠨᠢ᠄ ᠲᠡᠮᠳᠡᠭ ᠶᠦᠮ ᠪᠢᠰᠢ ᠤᠤ ? ᠡᠨᠡ ᠵᠢᠷᠤᠭᠰᠠᠨ ᠭᠠᠵᠠᠷ ᠤ᠋ᠨ ᠵᠢᠷᠤᠭ ᠢ᠋ ᠣᠯᠬᠤ ᠶᠣᠰᠣᠲᠠᠢ ᠶᠤᠮ ᠪᠣᠯ ᠤᠤ?
ᠷᠦᠪᠢ᠄ ᠬᠡᠳᠦᠭᠦᠯᠡ ᠲᠡᠭᠡᠪᠡᠯ ᠬᠠᠢᠵᠠᠭᠠᠶᠠ! ᠲᠡᠭᠡᠬᠦ ᠤᠤ?ᠨᠠᠢᠵᠠ ᠨᠤᠭᠤᠳ ᠠ᠋᠂ ᠪᠢ ᠣᠯᠴᠢᠬᠠᠬᠤ ᠰᠢᠭ᠋ ᠪᠣᠯᠤᠯ᠎ᠠ᠂ ᠬᠠᠷ᠎ᠠ ᠳᠠ᠃
ᠪᠤᠺᠠ᠄ ᠶᠠᠭᠤ ᠶᠤᠮ ᠶᠠᠭᠤ ᠶᠤᠮ? ᠶᠠᠭᠤ ᠣᠯᠴᠢᠬᠠᠭᠰᠠᠨ ᠶᠤᠮ?ᠳᠣᠭᠣᠭᠰᠢ ᠪᠠᠨ ᠪᠠᠭᠤᠵᠠᠭᠠᠶᠠ᠃
ᠲᠤᠤᠨᠢ᠄ ᠪᠢ᠂ ᠪᠢ ᠶᠡᠷᠦ ᠨᠢ ᠠᠷᠤ ᠳ᠋ᠤ᠌ ᠨᠢ ᠦᠯᠡᠳᠡᠭᠡᠳ ᠭᠡᠷ ᠢ᠋ᠶ᠋ᠡᠨ ᠬᠠᠮᠠᠭᠠᠯᠠᠭᠠᠳ ᠪᠠᠢᠵᠤ ᠪᠠᠢᠶ᠎ᠠ ᠳᠠ᠃
ᠰᠠᠨᠢ᠄ ᠬᠠᠮᠢᠭ᠎ᠠ ᠶᠠᠪᠤᠭᠠᠳ ᠪᠠᠢᠨ᠎ᠠ?
ᠪᠤᠺᠠ᠄ ᠬᠥᠶᠢ᠂ ᠬᠡᠨ ᠬᠦᠷᠦᠭᠡᠳ ᠪᠠᠢᠨ᠎ᠠ? ᠨᠠᠭᠠᠨ᠎ᠠ ᠴᠢᠨᠢ
ᠲᠤᠤᠨᠢ᠄ ᠠ ᠶᠠ᠁
ᠰᠠᠨᠢ᠄ ᠭᠦᠦᠭ᠂ ᠡᠨᠡ ᠰᠢᠷᠣᠢ ᠪᠠᠢᠨ᠎ᠠ ᠰᠢᠳᠡ᠂ ᠪᠦᠷ ᠴᠠᠭᠠᠷᠠᠴᠢᠬᠠᠭᠰᠠᠨ ᠶᠤᠮ᠃
ᠪᠤᠺᠠ᠄ ᠶᠡᠬᠡ ᠯᠡ ᠲᠠᠨᠢᠯ ᠰᠠᠨᠠᠭᠳᠠᠵᠤ ᠪᠠᠢᠬᠤ ᠨᠢ ᠠ᠋᠃
ᠰᠠᠨᠢ᠄ ᠡᠨᠡ ᠶᠠᠭ ᠶᠠᠭᠠᠬᠢᠳᠠᠭ ᠥᠷᠥᠭᠡ ᠪᠣᠢ? ᠪᠤᠺᠠ ᠠ᠋
ᠲᠤᠤᠨᠢ᠄ ᠠ ᠬᠠ᠂ᠯᠠᠪᠠᠷᠲ᠋ᠤᠷ (ᠲᠤᠷᠰᠢᠯᠲᠠ ᠶ᠋ᠢᠨ ᠲᠠᠰᠤᠭ) ᠶᠤᠮ ᠪᠠᠢᠨ᠎ᠠ ᠰᠢᠲᠠ᠃
ᠷᠦᠪᠢ᠄ ᠶᠠᠭ ᠵᠥᠪ᠂ ᠰᠠᠨᠢ ᠮᠢᠨᠢ ᠮᠠᠶᠢᠭᠯᠠᠬᠤ ᠪᠠᠨ ᠪᠣᠯᠢ ᠠ᠋᠂ ᠡᠨᠡ ᠪᠦᠬᠦᠨ ᠢ᠋ ᠬᠠᠷ᠎ᠠ ᠯᠠ ᠳᠠ᠂ ᠡᠨᠡ ᠶ᠋ᠢ ᠬᠠᠷ᠎ᠠ ᠳᠠ᠂ ᠶᠣ ᠪᠦᠷ ᠯᠠᠷᠠᠵᠤ ᠪᠠᠢᠨ᠎ᠠ ᠰᠢᠲᠠ᠃
ᠪᠤᠺᠠ᠄ ᠢᠩᠭᠢᠭᠡᠳ᠂ ᠬᠡᠩ ᠂ ᠵᠠ ᠪᠠᠢᠵᠠ᠂ ᠡᠭᠦᠨ ᠢ᠋ ᠨᠢ ᠡᠢᠰᠢ ᠪᠡᠨ ᠨᠡᠢᠯᠡᠭᠦᠯᠦᠭᠡᠳ᠂ ᠣᠳᠣ ᠡᠭᠦᠨ ᠢ᠋ ᠡᠢᠰᠢ ᠪᠡᠨ ᠢᠩᠭᠢᠭᠡᠳ᠂ ᠢᠩᠭᠢᠭᠡᠳ ᠪᠠᠰᠠ ᠢᠩᠭᠢᠭᠡᠳ᠂ ᠬᠠᠭᠠᠭᠠᠳ ᠪᠣᠯᠴᠢᠬᠠᠪᠠ᠃
ᠵᠢᠵᠢᠭ ᠴᠠᠬᠢᠯᠭᠠᠨ᠄ ᠡᠨᠡ ᠬᠠᠮᠢᠭ᠎ᠠ ᠪᠠᠢᠨ᠎ᠠ? ᠪᠢ ᠨᠢᠭᠡ ᠳ᠋ᠸᠡᠭ ᠢ᠋ᠶ᠋ᠡᠨ ᠡᠷᠢᠨ᠎ᠡ᠂᠂ ᠪᠢ ᠰᠠᠶᠢ ᠳ᠋ᠸᠡᠭ ᠳ᠋ᠸᠡᠭ ᠁
ᠶᠦᠨᠢ᠄ ᠴᠠᠬᠢᠯᠭᠠᠨ ᠠ᠋᠂ ᠴᠢ ᠰᠠᠢᠨ ᠤᠤ? ᠪᠡᠶ᠎ᠡ ᠨᠢ ᠶᠠᠭᠠᠬᠢᠵᠤ ᠪᠠᠢᠨ᠎ᠠ ᠳᠠ᠃
ᠴᠠᠬᠢᠯᠭᠠᠨ᠄ ᠶᠠᠭᠠᠬᠢᠨ᠎ᠠ ᠠ᠋᠂ ᠬᠣᠷᠢᠨ ᠲᠠᠪᠤᠨ ᠤ᠋ ᠽᠸᠯᠰ ᠲᠡᠢ᠃
ᠪᠤᠺᠠ᠄ ᠬᠥᠶᠢ᠂ ᠴᠢ ᠳᠣᠣᠷ᠎ᠠ ᠪᠠᠨ ᠯᠠ ᠭᠦᠶᠦᠭᠡᠳ ᠪᠠᠢᠨ᠎ᠠ ᠯᠠ ᠳᠠ᠃
ᠴᠠᠬᠢᠯᠭᠠᠨ᠄ ᠠ ᠬᠠ᠂ ᠬᠢ ᠬᠢ
ᠪᠤᠺᠠ᠄ ᠬᠥᠶᠢ᠂ ᠵᠦᠭᠡᠷ ᠠ᠋᠂ ᠪᠢᠲᠡᠭᠡᠢ ᠠᠶᠤ᠂ ᠮᠠᠨ ᠤ᠋ ᠨᠠᠢᠵᠠ ᠨᠤᠭᠤᠳ ᠴᠢᠮ᠎ᠠ ᠶ᠋ᠢ ᠶᠠᠭᠠᠬᠢᠬᠤ ᠴᠤ᠌ ᠦᠭᠡᠢ᠂ ᠲᠡᠳᠡᠨ ᠳ᠋ᠦ᠍ ᠪᠢ ᠪᠦᠭᠦᠳᠡ ᠶ᠋ᠢ ᠨᠢ ᠲᠠᠢᠯᠪᠤᠷᠢᠯᠠᠭᠠᠳ ᠬᠡᠯᠡᠴᠢᠬᠡᠭᠰᠡᠨ ᠪᠣᠯᠬᠣᠷ ᠣᠳᠣ ᠴᠢ ᠪᠢᠳᠡ ᠪᠦᠭᠦᠳᠡ ᠶ᠋ᠢᠨ ᠨᠠᠢᠵᠠ ᠪᠣᠯᠤᠭᠰᠠᠨ᠂ ᠵᠠ᠃
ᠴᠠᠬᠢᠯᠭᠠᠨ᠄᠄ ᠰᠠᠢᠨ ᠪᠠᠢᠵᠠᠭᠠᠨ᠎ᠠ ᠤᠤ?
ᠰᠠᠨᠢ᠄ ᠰᠠᠢᠨ ᠤᠤ?
ᠲᠤᠤᠨᠢ᠄ ᠬᠠᠢ !
ᠶᠦᠨᠢ᠄ ᠰᠠᠢᠨ ᠤᠤ? ᠬᠢ ᠬᠢ᠃
ᠷᠦᠪᠢ᠄ ᠰᠠᠢᠨ ᠠ᠋᠃
ᠶᠦᠨᠢ᠄ ᠪᠤᠺᠠ ᠴᠢ ᠬᠡᠯᠡᠬᠦ ᠶᠦᠮ ᠤᠤ? ᠨᠥᠭᠦᠭᠡ ᠪᠢᠴᠢᠯᠭᠡ ᠶ᠋ᠢᠨ ᠲᠠᠯ᠎ᠠ ᠪᠠᠷ᠃
ᠪᠤᠺᠠ᠄ ᠠ? ᠵᠠ᠃ ᠨᠠᠢᠵᠠ ᠠ᠋᠂ ᠴᠢ ᠲᠦᠷᠦᠭᠦᠦ ᠦᠵᠡᠭᠦᠯᠦᠭᠰᠡᠨ ᠪᠢᠴᠢᠯᠭᠡ ᠪᠡᠨ ᠰᠠᠨᠠᠵᠤ ᠪᠠᠢᠨ᠎ᠠ ᠤᠤ? ᠲᠡᠭᠦᠨ ᠢ᠋ ᠪᠡᠨ ᠠᠬᠢᠭᠠᠳ ᠪᠢᠳᠡ ᠨᠠᠷ ᠨᠢᠭᠡ ᠬᠠᠷᠠᠭᠤᠯᠤᠭᠠᠴᠢ᠃
ᠴᠠᠬᠢᠯᠭᠠᠨ᠄᠄ ᠶᠠᠮᠠᠷ?
ᠪᠤᠺᠠ᠄ ᠶᠠᠭ ᠯᠠ ᠲᠡᠢᠮᠦ ᠨᠢᠭᠡ ᠪᠢᠴᠢᠯᠭᠡ ᠂ ᠴᠢ ᠲᠦᠷᠦᠭᠦᠦ ᠦᠵᠡᠭᠦᠯᠦᠭᠰᠡᠨ ᠡᠢᠮᠦ ᠨᠢᠭᠡ᠂ᠡᠢᠮᠦ ᠡᠢᠮᠦ ᠨᠢᠭᠡ ᠠᠶᠤᠮᠠᠷ ᠡᠪᠡᠷ ᠮᠡᠪᠡᠷ ᠲᠡᠢ᠃
ᠴᠠᠬᠢᠯᠭᠠᠨ᠄᠄ ᠠ᠂ ᠣᠯᠤᠯ᠎ᠠ᠂ ᠡᠨᠡ ᠪᠢᠴᠢᠯᠭᠡ ᠤᠤ?
ᠡᠰᠡᠷᠭᠦ ᠰᠢᠳᠢᠲᠡᠨ᠄ ᠲᠡᠷᠡ ᠮᠠᠭᠤ ᠪᠢᠴᠢᠬᠠᠨ ᠵᠣᠯᠢᠭ ᠢ᠋ ᠬᠦᠴᠦ ᠴᠢᠳᠠᠯ ᠢ᠋ᠶ᠋ᠠᠷ ᠰᠢᠯᠭᠠᠶ᠎ᠠ ᠭᠡᠰᠡᠨ ᠨᠢ ᠶᠣᠰᠣᠲᠠᠢ ᠬᠣᠬᠢ ᠳ᠋ᠤ᠌ ᠪᠠᠨ ᠰᠢᠦ ᠂ ᠨᠤᠤᠷᠤᠢ ᠭᠠᠷᠠᠭ ᠤ᠋ᠨ ᠰᠡᠭᠦᠯ ᠦ᠋ᠨ ᠣᠳᠣ ᠮᠥᠬᠥᠪᠡᠯ᠂ ᠪᠦᠬᠦ ᠵᠦᠢᠯ ᠮᠢᠨᠦ ᠬᠦᠰᠡᠭᠰᠡᠨ ᠢ᠋ᠶ᠋ᠡᠷ ᠪᠠᠢᠬᠤ ᠪᠣᠯᠤᠨ᠎ᠠ ᠳᠠ᠃
ᠴᠠᠬᠢᠯᠭᠠᠨ᠄ ᠬᠦᠦᠱ᠌ᠢ ᠪᠢ ᠴᠢᠮ᠎ᠠ ᠨᠢᠭᠡ ᠨᠢᠭᠤᠴᠠ ᠬᠡᠯᠡᠬᠦ ᠤᠤ? ᠨᠤᠤᠷᠤᠢ ᠭᠠᠷᠠᠭ ᠤ᠋ᠨ ᠠᠪᠤᠷᠠᠭᠴᠢ ᠠᠤᠭ᠎ᠠ ᠰᠢᠳᠢᠲᠡᠨ ᠳᠣᠯᠣᠭᠠᠨ ᠴᠢᠳᠠᠪᠤᠷᠢ ᠶ᠋ᠢ ᠰᠡᠷᠭᠦᠭᠡᠬᠦ ᠶ᠋ᠢᠨ ᠲᠤᠯᠠᠳᠠ ᠲᠤᠰ ᠪᠦᠷᠢ ᠶ᠋ᠢᠨ ᠳᠠᠪᠠᠭ᠎ᠠ ᠶ᠋ᠢ ᠵᠠᠪᠠᠯ ᠳᠠᠪᠠᠨ ᠲᠤᠭᠤᠯᠬᠤ ᠬᠡᠷᠡᠭᠲᠡᠢ ᠭᠡᠵᠦ ᠪᠠᠢᠯ᠎ᠠ ᠰᠢᠲᠠ᠃
ᠰᠠᠨᠢ᠄ ᠣᠳᠣ ᠶᠠᠭᠠᠬᠢᠨ᠎ᠠ?
ᠪᠤᠺᠠ᠄ ᠬᠡᠳᠦᠭᠦᠯᠡ ᠪᠡᠨ ᠵᠠᠪᠠᠯ ᠣᠯᠤᠨ᠎ᠠ ᠃
ᠶᠦᠨᠢ᠄ ᠭᠡᠬᠦ ᠳ᠋ᠦ᠍ ᠪᠡᠨ ᠬᠠᠮᠢᠭ᠎ᠠ ᠠ᠋ᠴᠠ? ᠶᠠᠭᠤᠨ ᠠ᠋ᠴᠠ ᠡᠬᠢᠯᠡᠬᠦ ᠪᠣᠢ? ᠶᠠᠭᠠᠬᠢᠬᠤ ᠤᠤ? ᠨᠠᠢᠵᠠ ᠨᠤᠭᠤᠳ ᠠ᠋᠃
ᠴᠠᠬᠢᠯᠭᠠᠨ᠄ ᠬᠠ ᠠ᠋ ᠠ᠋᠃
ᠪᠤᠺᠠ᠄ ᠨᠠᠢᠵᠠ ᠠ᠋᠂ ᠴᠢ ᠵᠦᠭᠡᠷ ᠤᠤ? ᠥᠩ? ᠡᠨᠡ ᠴᠢᠨᠢ ᠶᠠᠭᠤ ᠪᠣᠢ? ᠨᠠᠢᠵᠠ ᠨᠤᠭᠤᠳ ᠠ᠋᠂ ᠮᠠᠨ ᠤ᠋ ᠬᠢ ᠠ᠋᠂ ᠡᠭᠦᠨ ᠢ᠋ ᠨᠢᠭᠡ ᠬᠠᠷ᠎ᠠ ᠳᠠ᠃
ᠲᠤᠤᠨᠢ᠄ ᠶᠠᠭᠠᠬᠢᠭᠰᠠᠨ ᠪᠣᠢ? ᠶᠠᠭᠠᠬᠢᠴᠢᠬᠠᠭᠰᠠᠨ? ᠶᠠᠭᠤ ᠪᠣᠯᠪᠠ? ᠶᠠᠭᠤ ᠶᠠᠭᠠᠬᠢᠭᠰᠠᠨ?
ᠶᠦᠨᠢ᠄ ᠴᠢ ᠭᠠᠷᠭᠠᠯᠭ᠎ᠠ ᠣᠯᠤᠭ᠎ᠠ ᠤᠤ?
ᠪᠤᠺᠠ᠄ ᠡᠨᠳᠡ ᠰᠤᠪᠤᠳ ᠤ᠋ᠨ ᠠᠷᠠᠯ ᠤᠷᠤᠭᠤ ᠣᠴᠢᠬᠤ ᠳᠥᠷᠪᠡᠨ ᠴᠢᠯᠠᠭᠤᠨ ᠤ᠋ ᠭᠠᠵᠠᠷ ᠤ᠋ᠨ ᠪᠠᠢᠷᠢᠰᠢᠯ ᠤ᠋ᠳ ᠪᠦᠭᠦᠳᠡ ᠪᠠᠢᠨ᠎ᠠ᠂ ᠭᠡᠬᠦ ᠳ᠋ᠦ᠍ ᠪᠡᠨ ᠨᠢᠭᠡ ᠴᠢᠯᠠᠭᠤᠨ ᠠ᠋ᠴᠠ ᠪᠤᠰᠤᠳ ᠨᠢ᠁ ᠡᠨᠡ ᠴᠢᠯᠠᠭᠤ ᠶ᠋ᠢ ᠣᠯᠬᠤ ᠳ᠋ᠤ᠌ ᠯᠠ ᠵᠢᠭᠠᠬᠠᠨ ᠬᠡᠴᠡᠭᠦᠦ ᠪᠠᠢᠭ᠎ᠠ ᠶᠤᠮ ᠪᠠᠢᠨ᠎ᠠ ᠯᠠ ᠳᠠ᠃
ᠶᠦᠨᠢ᠄ ᠡᠨᠡ ᠴᠢᠯᠠᠭᠤ ᠤᠤ?
ᠪᠤᠺᠠ᠄ ᠲᠡᠢᠮᠦ ᠠ᠋᠂ ᠨᠠᠭᠠᠳᠤ ᠴᠢᠯᠠᠭᠤ ᠴᠢᠨᠢ᠃
ᠲᠤᠤᠨᠢ᠄ ᠬᠥᠶᠢ᠂ ᠨᠠᠭᠠᠳᠤᠬᠢ ᠴᠢᠨᠢ ᠨᠠᠭᠠᠳᠤ ᠴᠢᠯᠠᠭᠤ ᠴᠢᠨᠢ ᠶᠦᠮ ᠪᠢᠰᠢ
ᠤᠤ?
ᠶᠦᠨᠢ᠄ ᠲᠡᠢᠮᠦ ᠪᠠᠢᠨ᠎ᠠ ᠰᠢᠲᠠ᠂ ᠶᠠᠭ ᠠᠳᠠᠯᠢᠬᠠᠨ ᠪᠠᠢᠨ᠎ᠠ᠃
ᠪᠤᠺᠠ᠄ ᠶᠦᠨᠢ᠂ ᠴᠢ ᠶᠠᠭᠠᠬᠢᠵᠤ ᠣᠯᠴᠢᠬᠠᠪᠠ?
ᠶᠦᠨᠢ᠄ ᠡᠨᠡ ᠦᠷᠭᠦᠯᠵᠢ ᠮᠢᠨᠦ ᠪᠡᠶ᠎ᠡ ᠳ᠋ᠦ᠍ ᠨᠠᠳᠠ ᠲᠠᠢ ᠴᠣᠭ ᠪᠠᠢᠵᠤ ᠪᠠᠢᠳᠠᠭ ᠶᠤᠮ ᠠ᠋᠂ ᠪᠠᠭ᠎ᠠ ᠪᠠᠢᠬᠤ ᠳ᠋ᠤ᠌ ᠠᠪᠤ ᠡᠵᠢ ᠬᠣᠶᠠᠷ ᠬᠦᠵᠦᠭᠦᠨ ᠳ᠋ᠦ᠍ ᠵᠡᠭᠦᠵᠦ ᠥᠭᠴᠦ ᠪᠠᠢᠭᠰᠠᠨ ᠭᠡᠰᠡᠨ᠃
ᠲᠤᠤᠨᠢ᠄ ᠶᠠ ᠶᠠ᠂ ᠮᠢᠨᠦ ᠠᠴᠢ ᠪᠠᠷ ᠡᠬᠢᠨ ᠦ᠌ ᠪᠡᠨ ᠴᠢᠯᠠᠭᠤ ᠶ᠋ᠢ ᠣᠯᠤᠯ᠎ᠠ ᠰᠢᠳᠡ᠃
ᠴᠠᠬᠢᠯᠭᠠᠨ᠄ᠨᠠᠢᠵᠠ ᠨᠤᠭᠤᠳ ᠠ᠋᠂ ᠪᠢ ᠶᠠᠭᠤ ᠴᠤ᠌ ᠣᠢᠯᠠᠭᠠᠳᠠᠭ ᠦᠭᠡᠢ᠂ ᠲᠠ ᠨᠠᠷ ᠶᠠᠭᠠᠬᠢᠭᠠᠳ ᠭᠠᠭᠴᠠ ᠴᠢᠯᠠᠭᠤ ᠬᠠᠷᠠᠭᠠᠳ ᠪᠠᠶᠠᠷᠯᠠᠭᠠᠳ ᠪᠠᠢᠭ᠎ᠠ ᠶᠤᠮ? ᠪᠠᠰᠠ ᠡᠨᠡ ᠠᠭᠤᠢ᠂ ᠡᠨᠡ ᠪᠦᠬᠦ ᠬᠡᠨ ᠦ᠌ ᠬᠢ ᠶᠦᠮ? ᠪᠤᠺᠠ ᠨᠠᠢᠵᠠ ᠴᠢᠨᠦᠬᠢ ᠶᠦᠮ ᠤᠤ?
ᠪᠤᠺᠠ ᠬᠡ ᠬᠡ ᠁ ᠥᠬᠡᠢ᠂
ᠷᠦᠪᠢ᠄ ᠮᠢᠨᠦ ᠠᠭᠤᠢ ᠶᠤᠮ ᠪᠣᠯ ᠤᠤ ᠬᠦᠨᠳᠦ ᠶ᠋ᠢᠨ ᠡᠵᠡᠨ ᠰᠠᠬᠢᠭᠤᠯᠤᠭ᠍ᠴᠢ ᠨᠢᠭᠤᠴᠠ ᠪᠠᠭᠠᠲᠤᠷ ᠲᠠᠤᠯᠠᠢ ᠭᠡᠳ ᠯᠡ᠂ ᠠ ! ᠠ᠁
ᠰᠠᠨᠢ᠄ ᠲᠡᠢᠮᠦ ᠶᠠᠭᠤᠮ᠎ᠠ ᠭᠡᠵᠦ ᠶᠠᠭᠤ ᠪᠠᠢᠭᠰᠠᠨ ᠶᠤᠮ?
ᠶᠦᠨᠢ᠄ ᠬᠥᠥᠭ᠂ ᠲᠡᠢᠮᠦ ᠪᠠᠭᠠᠲᠤᠷ ᠪᠠᠰᠠ ᠪᠠᠢᠳᠠᠭ ᠶᠤᠮ ᠤᠤ?
ᠷᠦᠪᠢ᠄ ᠵᠠ ᠶᠠᠭᠤ ᠭᠡᠵᠦ ᠳᠡ᠂ ᠮᠥᠷᠥᠭᠡᠳᠴᠦ ᠯᠡ ᠪᠠᠢᠬᠤ ᠦᠭᠡᠢ ᠤᠤ᠃ ᠭᠡᠬᠦ ᠳ᠋ᠦ᠍ ᠪᠡᠨ ᠨᠢᠭᠡ ᠯᠡ ᠡᠳᠦᠷ ᠲᠡᠢᠮᠦ ᠪᠣᠯᠬᠤ ᠶᠤᠮ ᠰᠠᠨ᠃
ᠰᠠᠨᠢ᠄ ᠭᠡᠬᠦ ᠳ᠋ᠦ᠍ ᠪᠡᠨ ᠡᠨᠡ ᠪᠦᠬᠦ ᠵᠦᠢᠯ ᠬᠡᠨ ᠦ᠌ ᠬᠢ ᠶᠦᠮ ᠪᠣᠯ ᠠ᠋?
ᠪᠤᠺᠠ᠄ ᠬᠠᠷᠢᠨ ᠲᠡᠢᠮᠦ ᠠ᠋᠂ ᠮᠠᠨ ᠤ᠋ ᠭᠡᠷ ᠦ᠋ᠨ ᠳᠣᠣᠷ᠎ᠠ ᠪᠠᠢᠭ᠎ᠠ ᠭᠡᠬᠦ ᠪᠡᠷ ᠯᠠ᠂ ᠭᠡᠬᠦ ᠳ᠋ᠦ᠍ ᠪᠡᠨ ᠶᠡᠬᠡ ᠯᠡ ᠲᠠᠨᠢᠯ ᠪᠠᠢᠭᠠᠳ ᠪᠠᠢᠭ᠎ᠠ ᠶᠤᠮ ᠳᠠ᠃
ᠴᠠᠬᠢᠯᠭᠠᠨ᠄ᠵᠠᠬᠢᠳᠠᠯ᠂ ᠵᠠᠬᠢᠶ᠎ᠠ᠃
ᠲᠤᠤᠨᠢ᠄ ᠵᠠᠬᠢᠶ᠎ᠠ ᠶᠤᠮ ᠪᠢᠰᠢ ᠤᠤ?
ᠰᠠᠨᠢ᠄ ᠬᠠᠢᠷ᠎ᠠ ᠶ᠋ᠢᠨ ᠵᠠᠬᠢᠶ᠎ᠠ ᠪᠠᠢᠪᠠᠯ ᠶᠠᠭᠠᠬᠢᠨ᠎ᠠ? ᠪᠢ ᠪᠦᠷ ᠢᠴᠢᠴᠢᠬᠡᠯᠡ᠃
ᠷᠦᠪᠢ᠄ ᠵᠠ᠂ ᠶᠠᠭᠤ ᠭᠡᠵᠦ ᠳᠡ᠃
ᠶᠦᠨᠢ᠄ ᠪᠤᠺᠠ ᠴᠢ ᠵᠦᠭᠡᠷ ᠤᠤ?
ᠪᠤᠺᠠ᠄ ᠪᠢ ᠡᠨᠡ ᠪᠦᠬᠦ ᠵᠦᠢᠯ ᠬᠡᠨ ᠦ᠌ ᠬᠢ ᠶᠦᠮ ᠭᠡᠳᠡᠭ ᠢ᠋ ᠮᠡᠳᠡᠴᠢᠬᠡᠯᠡ᠂ ᠡᠨᠡ ᠮᠠᠨ ᠤ᠋ ᠡᠪᠦᠭᠡ ᠶ᠋ᠢᠨ ᠨᠠᠳᠠ ᠪᠢᠴᠢᠭᠰᠡᠨ ᠵᠠᠬᠢᠳᠠᠯ ᠪᠠᠢᠨ᠎ᠠ᠂ ᠡᠨᠡ ᠪᠦᠬᠦ ᠵᠦᠢᠯ ᠡᠪᠦᠭᠡ ᠶ᠋ᠢᠨ ᠬᠢ ᠶᠦᠮ ᠪᠠᠢᠨ᠎ᠠ ᠃
ᠲᠤᠤᠨᠢ᠄ ᠲᠡᠭᠡᠬᠦ ᠪᠡᠷ ᠡᠨᠡ ᠪᠦᠬᠦ ᠵᠦᠢᠯ ᠴᠢᠨᠢ ᠡᠪᠦᠭᠡ ᠶ᠋ᠢᠨ ᠴᠢᠨᠢ ᠶᠦᠮ ᠤᠤ? ᠠ ! ᠴᠢ ᠨᠠᠳᠠ ᠬᠡᠯᠡᠬᠦ ᠦᠭᠡᠢ ᠶᠠᠭᠠᠬᠢᠭᠰᠠᠨ ᠶᠤᠮ ᠪᠣᠢ? ᠲᠠᠨ ᠤ᠋ ᠬᠢ ᠡᠢᠮᠦ ᠭᠣᠶᠣ ᠵᠦᠢᠯ ᠲᠡᠢ ᠭᠡᠵᠦ ᠬᠡᠯᠡᠬᠦ ᠦᠭᠡᠢ ᠳ᠋ᠦ᠍ ᠪᠡᠨ᠃
ᠪᠤᠺᠠ᠄ ᠪᠢ ᠥᠪᠡᠷ ᠢ᠋ᠶ᠋ᠡᠨ ᠴᠦ᠍ ᠮᠡᠳᠡᠭᠡ ᠦᠭᠡᠢ ᠵᠠ ! ᠡᠪᠦᠭᠡ ᠨᠠᠳᠠ ᠳ᠋ᠤ᠌ ᠬᠡᠯᠡᠭᠡ ᠦᠭᠡᠢ᠃
ᠶᠦᠨᠢ᠄ ᠢᠩᠭᠢᠬᠦ ᠳ᠋ᠦ᠍ ᠲᠠᠨ ᠤ᠋ ᠡᠪᠦᠭᠡ ᠴᠢᠨᠢ ᠶᠠᠮᠠᠷ ᠬᠥᠮᠦᠨ ᠪᠠᠢᠭᠰᠠᠨ ᠶᠤᠮ ᠪᠣᠢ?
ᠪᠤᠺᠠ᠄ ᠠ᠂ ᠠ ! ᠮᠠᠨ ᠤ᠋ ᠡᠪᠦᠭᠡ ᠤᠤ? ᠵᠣᠬᠢᠶᠠᠨ ᠪᠦᠲᠦᠭᠡᠭᠴᠢ ᠪᠠᠢᠭᠰᠠᠨ ᠶᠤᠮ ᠠ᠋᠂ ᠶᠠᠭ ᠮᠢᠨᠦ ᠬᠣᠶᠠᠷ ᠨᠠᠰᠤᠨ ᠤ᠋ ᠲᠥᠷᠥᠭᠰᠡᠨ ᠡᠳᠦᠷ ᠢ᠋ᠶ᠋ᠡᠷ ᠡᠪᠡᠳᠴᠢᠯᠡᠯᠡ ᠰᠢᠲᠠ᠃
ᠴᠠᠬᠢᠯᠭᠠᠨ᠄ᠡᠪᠦᠭᠡ ᠴᠢᠨᠢ ᠲᠡᠷᠡ ᠦᠶ᠎ᠡ ᠳ᠋ᠦ᠍ ᠴᠢᠳᠠᠪᠤᠷᠢ ᠨᠢ ᠰᠠᠢᠨ ᠪᠠᠢᠭ᠎ᠠ ᠦᠭᠡᠢ ᠶᠦᠮ ᠪᠢᠰᠢ ᠤᠤ? ᠨᠡᠯᠢᠶᠡᠳ ᠬᠣᠯᠠ ᠪᠠᠢᠬᠤ ᠰᠣᠨᠣᠰᠤᠯᠲᠠ ᠠ᠋᠃
ᠪᠤᠺᠠ᠄ ᠦᠭᠡᠢ᠂ ᠪᠢ ᠵᠥᠩᠳᠡᠭᠡᠨ ᠶᠡᠬᠡ ᠲᠣᠭᠯᠠᠭᠰᠠᠭᠠᠷ ᠪᠠᠢᠭᠠᠳ ᠡᠨᠳᠡᠴᠢᠬᠡᠭᠰᠡᠨ ᠶᠦᠮ ᠠ᠋᠃
ᠰᠠᠨᠢ᠄ ᠪᠤᠺᠠ ᠡᠭᠦᠨ ᠢ᠋ ᠴᠢ ᠣᠢᠯᠠᠭᠠᠭᠠᠳ ᠪᠠᠢᠭ᠎ᠠ ᠶᠤᠮ ᠤᠤ? ᠡᠨᠡ ᠣᠳᠣ ᠬᠠᠮᠢᠭᠠᠬᠢ ᠪᠠᠷ ᠪᠢᠴᠢᠭᠰᠡᠨ ᠶᠦᠮ ᠪᠣᠢ?
ᠪᠤᠺᠠ᠄ ᠠ ! ᠡᠨᠡ ᠴᠢᠨᠢ ᠨᠥᠭᠦᠭᠡ ᠡᠪᠦᠭᠡ ᠪᠢᠳᠡ ᠬᠣᠶᠠᠷ ᠤ᠋ᠨ ᠯᠠ ᠮᠡᠳᠡᠳᠡᠭ ᠦᠰᠦᠭ ᠪᠠᠢᠬᠤ ᠦᠭᠡᠢ ᠤᠤ᠂ ᠡᠪᠦᠭᠡ ᠪᠢᠳᠡ ᠬᠣᠶᠠᠷ ᠢᠩᠭᠢᠵᠦ ᠨᠢᠭᠤᠴᠠ ᠪᠠᠷ ᠪᠢᠴᠢᠯᠴᠡᠵᠦ ᠲᠣᠭᠯᠠᠳᠠᠭ ᠪᠠᠢᠭᠰᠠᠨ ᠶᠤᠮ᠃
ᠲᠤᠤᠨᠢ᠄ ᠡᠨᠡ ᠳᠡᠭᠡᠷ᠎ᠡ ᠲᠡᠭᠡᠭᠡᠳ ᠶᠠᠭᠤ ᠭᠡᠵᠦ ᠪᠠᠢᠨ᠎ᠠ?
ᠡᠪᠦᠭᠡ᠄ ᠂ ᠮᠢᠨᠦ ᠬᠥᠭᠡᠷᠦᠬᠦᠨ ᠵᠢᠭᠡ ᠴᠢᠨᠢ ᠡᠪᠦᠭᠡ ᠶ᠋ᠢᠨ ᠢ᠋ᠶ᠋ᠡᠨ ᠰᠤᠳᠤᠯᠭᠠᠨ ᠤ᠋ ᠥᠷᠥᠭᠡ ᠶ᠋ᠢ ᠣᠯᠤᠭ᠎ᠠ ᠤᠤ ᠳᠠ᠃ ᠪᠢᠴᠢᠬᠠᠨ ᠪᠤᠪᠤ ᠮᠢᠨᠢ᠂ ᠡᠪᠦᠭᠡ ᠶ᠋ᠢ ᠪᠡᠨ ᠢᠷᠡᠲᠡᠯ᠎ᠡ ᠬᠠᠮᠢᠶ᠎ᠠ ᠦᠭᠡᠢ ᠶᠠᠭᠤᠮ᠎ᠠ ᠪᠠᠷ ᠤᠷᠤᠯᠳᠤᠵᠤ ᠪᠣᠯᠬᠤ ᠦᠭᠡᠢ ᠰᠢᠦ᠃ ᠪᠣᠯᠭᠣᠮᠵᠢ ᠲᠠᠢ ᠪᠠᠢᠭᠠᠷᠠᠢ ! ᠡᠪᠦᠭᠡ ᠨᠢ ᠬᠠᠢᠭᠤᠯ ᠢ᠋ᠶ᠋ᠠᠨ ᠳᠠᠭᠤᠰᠬᠤ ᠳ᠋ᠤ᠌ ᠤᠳᠠᠬᠤ ᠦᠭᠡᠢ ᠢᠷᠡᠨ᠎ᠡ᠂ ᠦᠨᠦᠰᠦᠶ᠎ᠡ ᠡᠪᠦᠭᠡ ᠨᠢ᠃
ᠶᠦᠨᠢ᠄ ᠡᠨᠡ ᠰᠤᠳᠤᠯᠭ᠎ᠠ ᠶ᠋ᠢ ᠬᠠᠷᠠᠬᠤ ᠳ᠋ᠤ᠌ ᠲᠠᠨ ᠤ᠋ ᠡᠪᠦᠭᠡ ᠨᠤᠤᠷᠤᠢ ᠭᠠᠷᠠᠭ ᠤ᠋ᠨ ᠲᠠᠯ᠎ᠠ ᠪᠠᠷ ᠮᠡᠳᠡᠳᠡᠭ ᠯᠡ ᠬᠥᠮᠦᠨ ᠪᠠᠢᠨ᠎ᠠ ᠳᠠ᠃ ᠬᠡᠷᠪᠡ ᠴᠢᠯᠠᠭᠤ ᠨᠤᠭᠤᠳ ᠢ᠋ ᠬᠠᠢᠵᠤ ᠶᠠᠪᠤᠭᠰᠠᠨ ᠪᠣᠯ ᠠᠶᠤᠯ ᠳ᠋ᠤ᠌ ᠣᠷᠣᠭᠰᠠᠨ ᠪᠠᠢᠬᠤ ᠮᠠᠭᠠᠳᠯᠠᠯ ᠲᠠᠢ ᠶᠤᠮ ᠪᠢᠰᠢ ᠤᠤ?
ᠪᠤᠺᠠ᠄ ᠨᠡᠭᠡᠷᠡᠨ ᠲᠡᠭᠡᠭᠰᠡᠨ ᠶᠦᠮ ᠪᠣᠯ ᠤᠤ ?ᠶᠠᠭᠠᠬᠢᠨ᠎ᠠ? ᠶᠠᠭᠠᠬᠢᠭᠰᠠᠨ ᠶᠤᠮ ᠪᠣᠯ ᠠ᠋!
ᠰᠠᠨᠢ᠄ ᠵᠦᠭᠡᠷ ᠳᠡ᠂ ᠨᠠᠢᠵᠠ ᠠ᠋᠂ ᠲᠠᠨ ᠤ᠋ ᠡᠪᠦᠭᠡ ᠠᠯᠵᠠᠬᠤ ᠦᠭᠡᠢ ᠪᠠᠢᠬᠤ᠂ ᠵᠠ ᠤᠤ?
ᠲᠤᠤᠨᠢ᠄ ᠵᠠ ᠲᠡᠭᠡᠶ᠎ᠡ᠂ ᠡᠨᠡ ᠲᠡᠮᠳᠡᠭᠯᠡᠯ ᠡᠴᠡ ᠬᠠᠷᠠᠪᠠᠯ ᠬᠡᠳᠦᠭᠦᠯᠡ ᠪᠡᠨ ᠡᠬᠢᠨ ᠦ᠌ ᠴᠢᠯᠠᠭᠤ ᠪᠠᠨ ᠣᠯᠤᠭᠰᠠᠨ᠂ ᠳᠠᠷᠠᠭ᠎ᠠ ᠳᠠᠷᠠᠭ᠎ᠠ ᠶ᠋ᠢᠨ ᠴᠢᠯᠠᠭᠤ ᠪᠠᠨ ᠴᠤᠭᠯᠠᠭᠤᠯᠤᠭᠠᠳ ᠰᠤᠪᠤᠳ ᠤ᠋ᠨ ᠴᠢᠯᠠᠭᠤ ᠪᠠᠨ ᠣᠯᠤᠨ᠎ᠠ ᠭᠡᠰᠡᠨ ᠦᠭᠡ ᠤᠤ ? ᠵᠥᠪ ᠤᠤ?
ᠶᠦᠨᠢ᠄ ᠡᠨᠳᠡ ᠡᠴᠡ ᠡᠬᠢᠯᠡᠭᠡᠳ ᠶᠠᠭᠠᠬᠢᠵᠤ ᠭᠠᠷᠬᠤ ᠪᠢᠯᠡ? ᠶᠠᠭᠤ ᠪᠠᠷ ᠶᠠᠪᠤᠬᠤ ᠤᠤ? ᠮᠢᠨᠦ ᠬᠦᠯᠦᠭ ᠡᠪᠳᠡᠷᠡᠭᠰᠡᠨ ᠪᠠᠢᠭᠠᠳ ᠪᠠᠢᠳᠠᠭ᠃
ᠲᠤᠤᠨᠢ᠄ ᠨᠡᠭᠡᠷᠡᠨ ᠶᠠᠭᠠᠬᠢᠵᠤ ᠶᠠᠪᠤᠬᠤ ᠪᠢᠯᠡ?
ᠷᠦᠪᠢ᠄ ᠨᠠᠢᠵᠠ ᠨᠤᠭᠤᠳ ᠠ᠋᠂ ᠨᠠᠢᠵᠠ ᠨᠤᠭᠤᠳ ᠠ᠋᠂
ᠪᠦᠭᠦᠳᠡᠭᠡᠷ᠄ ᠬᠥᠥᠭ᠂ ᠸᠠ ᠶᠠᠮᠠᠷ ᠭᠣᠶᠣ ᠶᠤᠮ ᠪᠣᠢ?
ᠰᠠᠨᠢ᠄ ᠡᠨᠡ ᠶᠠᠭᠤ ᠪᠣᠢ?
ᠷᠦᠪᠢ᠄ ᠨᠠᠢᠵᠠ ᠨᠤᠭᠤᠳ ᠠ᠋᠂ ᠨᠠᠢᠵᠠ ᠨᠤᠭᠤᠳ ᠠ᠋᠂ᠨᠠᠮ᠎ᠠ ᠶ᠋ᠢ ᠬᠠᠷ᠎ᠠ ᠳᠠ᠃
ᠲᠤᠤᠨᠢ᠄ ᠦ ᠡᠨᠡ Helicopter (ᠵᠢᠵᠢᠭ ᠡᠭᠴᠡ ᠨᠢᠰᠬᠡᠯ) ᠶᠠᠩᠵᠤ ᠶ᠋ᠢᠨ ᠶᠦᠮ ᠠ᠋᠂ ᠡᠭᠦᠨ ᠢ᠋ ᠬᠠᠷ᠎ᠠ ᠳᠠ᠃
ᠰᠠᠨᠢ᠄ ᠠᠰᠠᠳᠠᠭ ᠶᠤᠮ ᠪᠣᠯ ᠤᠤ?
ᠷᠦᠪᠢ᠄ ᠵᠥᠩᠳᠡᠭᠡᠨ ᠣᠷᠣᠯᠳᠣᠭᠰᠠᠨ ᠠ᠋᠂ ᠶᠡᠷᠦ ᠪᠣᠯᠬᠤ ᠦᠭᠡᠢ ᠪᠠᠢᠨ᠎ᠠ ᠯᠠ᠃
ᠲᠤᠤᠨᠢ᠄ ᠦ᠂ ᠡᠪᠳᠡᠷᠬᠡᠢ ᠭᠡᠰᠡᠨ ᠤᠤ? ᠤ᠌ᠭ ᠨᠢ ᠬᠥᠭᠡᠷᠪᠡᠯ ᠭᠣᠶᠣ ᠪᠠᠢᠬᠤ ᠦᠭᠡᠢ ᠤᠤ?
ᠶᠦᠨᠢ᠄ ᠪᠤᠺᠠ ᠡᠨᠡ ᠳᠡᠭᠡᠷ᠎ᠡ ᠶᠠᠭᠤ ᠭᠡᠵᠦ ᠪᠠᠢᠨ᠎ᠠ? ᠨᠥᠭᠦᠭᠡ ᠲᠠᠨ ᠤ᠋ ᠡᠪᠦᠭᠡ ᠲᠠ ᠬᠣᠶᠠᠷ ᠤ᠋ᠨ ᠨᠢᠭᠤᠴᠠ ᠪᠢᠴᠢᠯᠭᠡ ᠪᠡᠷ ᠪᠢᠴᠢᠴᠢᠬᠡᠭᠰᠡᠨ ᠶᠦᠮ ᠰᠢᠭ ᠪᠠᠢᠨ᠎ᠠ᠃
ᠪᠤᠺᠠ᠄ ᠥᠩ ᠬᠡᠩ᠂ ᠲᠡᠵᠢᠭᠡᠯ ᠦ᠋ᠨ ᠲᠡᠵᠢᠭᠡᠯ ᠦ᠋ᠨ ᠤᠰᠤ ᠭᠡᠳ ᠪᠢᠴᠢᠭᠰᠡᠨ ᠪᠠᠢᠬᠤ ᠶᠤᠮ᠃ ᠡᠭᠦᠨ ᠦ᠌ ᠲᠡᠵᠢᠭᠡᠯ ᠢ᠋ ᠨᠢ ᠠᠵᠢᠯᠯᠠᠭᠤᠯᠴᠢᠬᠠᠪᠠᠯ ᠠᠰᠠᠴᠢᠬᠠᠬᠤ ᠶᠤᠮ ᠪᠢᠰᠢ ᠤᠤ?
ᠷᠦᠪᠢ᠄ ᠲᠡᠭᠡᠪᠡᠯ ᠠᠰᠠᠭᠠᠶ᠎ᠠ ᠯᠠ ᠳᠠ᠂ ᠠ ! ᠠ᠃ ᠬᠥᠶᠢ ᠮᠠᠨ ᠤ᠋ ᠬᠢ ᠠ᠋᠂ ᠪᠢ ᠠᠬᠠᠮᠠᠳ ᠨᠢ ᠪᠣᠯᠤᠨ᠎ᠠ ᠰᠢᠦ᠃
ᠪᠤᠺᠠ᠄ ᠡᠨᠳᠡ ᠪᠢᠴᠢᠭᠰᠡᠨ ᠢ᠋ᠶ᠋ᠡᠷ ᠪᠣᠯᠪᠠᠯ ᠨᠢᠭᠡ ᠲᠡᠢᠮᠦ ᠲᠤᠰᠬᠠᠢ ᠲᠥᠷᠥᠯ ᠦ᠋ᠨ ᠴᠠᠬᠢᠯᠭᠠᠨ ᠡᠷᠴᠢᠮ ᠬᠦᠴᠦ ᠬᠡᠷᠡᠭᠲᠡᠢ ᠯᠡ ᠶᠦ᠍ᠮ ᠭᠡᠰᠡᠨ ᠪᠠᠢᠨ᠎ᠠ ᠳᠠ᠃
ᠰᠠᠨᠢ᠄ ᠵᠠᠯᠭᠠᠭᠤᠷ ᠴᠤ᠌ ᠪᠠᠢᠬᠤ ᠦᠭᠡᠢ ᠶᠦᠮ ᠪᠢᠰᠢ ᠤᠤ?
ᠴᠠᠬᠢᠯᠭᠠᠨ᠄ᠴᠠᠬᠢᠯᠭᠠᠨ ᠡᠷᠴᠢᠮ ᠬᠦᠴᠦ ᠭᠡᠬᠦ ᠪᠡᠷ ᠪᠢ ᠴᠢᠨᠢ ᠴᠠᠬᠢᠯᠭᠠᠨ ᠰᠢᠳᠡ᠂ ᠬᠥᠶᠢ ᠴᠢ᠂ ᠪᠤᠺᠠ ᠨᠠᠢᠵᠠ ᠠ᠋᠂ ᠨᠠᠮ᠎ᠠ ᠶ᠋ᠢ ᠡᠨᠡ ᠳᠣᠲᠣᠷ᠎ᠠ ᠬᠢᠭᠡᠳ ᠦᠵᠡ ᠳᠡ᠃ ᠲᠡᠢᠮᠦ ᠠ᠋᠂ ᠡᠨᠡ ᠪᠣᠯ ᠮᠢᠨᠦ ᠬᠦᠴᠦ᠂ ᠮᠢᠨᠦ ᠬᠦᠴᠦ ᠶ᠋ᠢ ᠮᠡᠳᠡᠷᠡᠵᠡᠢ᠃
ᠪᠦᠭᠦᠳᠡᠭᠡᠷ᠄ ᠭᠦᠦᠭ!
ᠪᠤᠺᠠ᠄ ᠠᠰᠠᠴᠢᠬᠠᠯᠠ ᠰᠢᠳᠡ ᠠ᠋᠂ ᠠᠰᠠᠴᠢᠬᠠᠯᠠ ᠠᠰᠢᠭᠦᠢ ᠳᠡ᠃
ᠷᠦᠪᠢ᠄ ᠳ᠋ᠣᠺᠲ᠋ᠣᠷ ᠪᠤᠺᠠ᠂ ᠵᠠᠮ ᠢ᠋ᠶ᠋ᠠᠨ ᠵᠢᠭᠠᠭᠠᠷᠠᠢ᠂ ᠠᠬᠠᠮᠠᠳ ᠲᠦᠷᠦᠭᠦᠦ ᠷᠦᠪᠢ ᠪᠢ ᠬᠦᠰᠡᠭᠰᠡᠨ ᠭᠠᠵᠠᠷ ᠲᠤ᠌ ᠴᠢᠨᠢ ᠬᠦᠷᠭᠡᠵᠦ ᠥᠭᠭᠦᠶ᠎ᠡ᠃
ᠪᠤᠺᠠ᠄ ᠭᠦᠦᠰᠢ ᠨᠠᠢᠵᠠ ᠨᠤᠭᠤᠳ ᠠ᠋᠂ ᠪᠢ ᠡᠨᠡ ᠭᠠᠵᠠᠷ ᠤ᠋ᠳ ᠢ᠋ ᠴᠢᠨᠢ ᠶᠠᠭ ᠬᠠᠮᠢᠭ᠎ᠠ ᠪᠠᠢᠳᠠᠭ ᠢ᠋ ᠨᠢ ᠮᠡᠳᠡᠬᠦ ᠦᠭᠡᠢ ᠶᠦᠮ ᠪᠠᠢᠨ᠎ᠠ ᠰᠢᠲᠠ᠃
ᠰᠠᠨᠢ᠄ ᠨᠥᠭᠦᠭᠡ ᠡᠪᠦᠭᠡ ᠶ᠋ᠢᠨ ᠢ᠋ᠶ᠋ᠡᠨ ᠲᠡᠮᠳᠡᠭᠯᠡᠯ ᠡᠴᠡ ᠬᠠᠷᠠᠭᠠᠳ ᠦᠵᠡ ᠳᠡ᠃ ᠶᠦᠨᠢ ᠨᠠᠳᠠ ᠴᠢᠯᠠᠭᠤ ᠪᠠᠨ ᠥᠭᠴᠦ ᠪᠠᠢ ᠳᠠ᠃
ᠶᠦᠨᠢ᠄ ᠠ ! ᠵᠠ᠂ ᠮᠠ᠋᠃
ᠷᠦᠪᠢ᠄ ᠲᠡᠢᠮᠦ ᠠ᠋᠂ ᠳ᠋ᠣᠺᠲ᠋ᠣᠷ ᠪᠤᠺᠠ ᠰᠠᠢᠨ ᠪᠠᠢᠨ᠎ᠠ᠂ ᠵᠠᠯᠠᠭᠤᠰ ᠠ᠋᠂ ᠰᠠᠢᠨ ᠪᠠᠷᠢᠵᠠᠭᠠᠭᠠᠷᠠᠢ!
ᠰᠠᠨᠢ᠄ ᠭᠦᠦᠭ᠂ ᠦᠵᠡᠰᠬᠦᠯᠡᠩᠲᠡᠢ ᠶᠦᠮ ᠠ᠋᠂ ᠮᠠᠨ ᠤ᠋ ᠣᠢ ᠶ᠋ᠢᠨ ᠴᠤᠭᠤᠷᠬᠠᠢ ᠶᠠᠮᠠᠷ ᠭᠣᠶᠣ ᠬᠠᠷᠠᠭᠳᠠᠳᠠᠭ ᠶᠤᠮ ᠪᠣᠢ?
ᠷᠦᠪᠢ᠄ ᠴᠢᠯᠠᠭᠤᠨ ᠤ᠋ ᠡᠷᠢᠯ ᠳ᠋ᠦ᠍ ᠤᠷᠤᠭᠰᠢ ᠪᠠᠨ!
ᠪᠦᠭᠦᠳᠡᠭᠡᠷ᠄ ᠲᠡᠢᠮᠦ ᠠ᠋!
ᠾᠦᠩ ᠸᠧᠢ ᠦᠰᠦᠭ ᠢ᠋ ᠨᠢ ᠠᠮᠢᠯᠠᠭᠤᠯᠵᠤ ᠬᠥᠳᠡᠯᠭᠡᠭᠡᠨᠲᠦ ᠵᠢᠷᠤᠭ ᠲᠤ᠌ ᠨᠢ ᠬᠠᠲᠠᠪᠠ ᠂ ᠱᠤᠳᠤᠷᠭᠤ ᠮᠥᠴᠢᠷ ᠬᠣᠶᠠᠷ ᠬᠢᠨᠠᠵᠤ ᠥᠭᠪᠡ ᠃
