ᠪᠤᠯᠴᠠᠭᠠᠷ1-07- ᠳᠠᠯᠠᠢ ᠳᠣᠣᠷᠠᠬᠢ ᠶᠢᠷᠲᠢᠨᠴᠦ ᠪᠠ ᠤᠰᠤᠨ ᠴᠢᠯᠠᠭᠤ- Булцгар -Далай доорх ертөнц ба усан чулуу
ᠳᠠᠯᠠᠢ ᠳᠣᠣᠷᠠᠬᠢ ᠶᠢᠷᠲᠢᠨᠴᠦ ᠪᠠ ᠤᠰᠤᠨ ᠴᠢᠯᠠᠭᠤ
ᠡᠰᠡᠷᠭᠦ
ᠰᠢᠳᠢᠲᠡᠨ᠄ ᠴᠢ ᠶᠠᠭᠤ ᠬᠢᠬᠦ ᠪᠡᠨ ᠮᠡᠳᠡᠵᠦ ᠪᠠᠢᠭ᠎ᠠ ᠪᠢᠵᠡ?
ᠮᠠᠩᠭᠤᠰ᠄
ᠲᠡᠢᠮᠦ ᠠ᠋᠂ ᠡᠷᠬᠢᠮ ᠡᠵᠡᠨᠲᠡᠨ ᠠ᠋᠂ ᠪᠢ ᠲᠠᠨ ᠤ᠋ ᠢᠲᠡᠭᠡᠯ ᠢ᠋ ᠠᠯᠳᠠᠬᠤ ᠦᠭᠡᠢ᠃
ᠲᠤᠤᠨᠢ᠄
ᠦ᠂ ᠮᠠᠨ ᠤ᠋ ᠬᠢ ᠠ᠋᠂ ᠬᠦᠷᠬᠦ ᠪᠣᠯᠤᠭ᠎ᠠ ᠦᠭᠡᠢ ᠤᠤ ?
ᠪᠤᠺᠠ᠄
ᠨᠣᠮ ᠳ᠋ᠤ᠌ ᠵᠢᠭᠠᠭᠰᠠᠨ ᠢ᠋ᠶ᠋ᠠᠷ ᠪᠣᠯ ᠬᠥᠪᠰᠥᠭᠥᠯ ᠳᠠᠯᠠᠢ ᠶ᠋ᠢᠨ ᠭᠣᠣᠯ ᠳ᠋ᠤ᠌ ᠪᠠᠢᠷᠢᠯᠠᠬᠤ ᠨᠦᠬᠡ ᠪᠣᠯ
ᠳᠠᠯᠠᠢ ᠶ᠋ᠢᠨ ᠶᠢᠷᠲᠢᠨᠴᠦ ᠤᠷᠤᠭᠤ ᠣᠷᠣᠬᠤ ᠡᠭᠦᠳᠡ ᠯᠡ ᠶᠦᠮ ᠭᠡᠰᠡᠨ ᠪᠠᠢᠨ᠎ᠠ ᠳᠠ᠃
ᠶᠦᠨᠢ᠄
ᠭᠡᠬᠦ ᠳ᠋ᠦ᠍ ᠪᠡᠨ ᠬᠡᠳᠦᠭᠦᠯᠡ ᠪᠡᠨ ᠨᠡᠯᠢᠶᠡᠳ ᠤᠳᠠᠭᠠᠨ ᠬᠥᠪᠰᠥᠭᠥᠯ ᠳᠠᠯᠠᠢ ᠶ᠋ᠢᠨ ᠳᠡᠭᠡᠭᠦᠷ ᠶᠠᠪᠤᠯ᠎ᠠ᠂
ᠶᠡᠷᠦ ᠡᠴᠡ ᠪᠡᠨ ᠪᠠᠷ᠎ᠠ ᠨᠢ ᠴᠦ᠍ ᠠᠯᠠᠭ᠎ᠠ ᠪᠠᠢᠨ᠎ᠠ ᠰᠢᠳᠡ᠃
ᠷᠦᠪᠢ᠄
ᠵᠦᠭᠡᠷ ᠠ᠋᠂ ᠮᠠᠨ ᠤ᠋ ᠬᠢ ᠠ᠋᠂ ᠰᠠᠨᠠᠵᠤ ᠶᠠᠪᠤᠪᠠᠯ ᠪᠦᠲᠦᠨ᠎ᠡ ᠰᠢᠳᠡ ᠠ᠋᠃ ᠤᠳᠠᠬᠤ ᠦᠭᠡᠢ ᠨᠣᠬᠠᠢ ᠶ᠋ᠢᠨ
ᠳᠠᠭᠤ ᠣᠢᠷᠠᠲᠤᠨ᠎ᠠ᠃
ᠲᠤᠤᠨᠢ᠄
ᠶᠠᠭᠤ?
ᠰᠠᠨᠢ᠄
ᠮᠠᠨ ᠤ᠋ ᠬᠢ ᠠ᠋᠂ ᠡᠷᠭᠢᠭᠦᠯᠭᠡ᠂ ᠡᠷᠭᠢᠭᠦᠯᠭᠡ᠃
ᠶᠦᠨᠢ᠄
ᠡᠨᠡ ᠠᠷᠠᠢ ᠨᠥᠭᠦᠭᠡ ᠨᠦᠬᠡ ᠨᠢ ᠶᠦ᠍ᠮ ᠪᠢᠰᠢ ᠤᠤ?
ᠪᠤᠺᠠ᠄
ᠲᠡᠢᠮᠦ ᠶᠦ᠍ᠮ ᠪᠠᠢᠬᠤ ᠳᠠ᠃
ᠲᠤᠤᠨᠢ᠄
ᠭᠡᠬᠦ ᠳ᠋ᠦ᠍ ᠪᠡᠨ ᠡᠢᠰᠢ ᠪᠡᠨ ᠣᠷᠣᠬᠤ ᠦᠭᠡᠢ ᠪᠢᠵᠡ ᠳᠡ
ᠷᠦᠪᠢ᠄
ᠮᠠᠨ ᠤ᠋ ᠬᠢ ᠠ᠋᠃ ᠡᠷ᠎ᠡ ᠲᠠᠤᠯᠠᠢ ᠵᠣᠷᠢᠭ ᠲᠠᠢ ᠪᠣᠯ ᠲᠣᠮᠣ ᠮᠤᠤᠷ ᠬᠦᠷᠲᠡᠯ᠎ᠡ ᠴᠢᠴᠠᠭ᠎ᠠ ᠠᠯᠳᠠᠨ᠎ᠠ
ᠭᠡᠵᠦ᠂ ᠤᠷᠤᠭᠰᠢ ᠪᠠᠨ᠃
ᠲᠤᠤᠨᠢ:
ᠠᠢ !No
No No( ᠦᠭᠡᠢ᠁) ᠦᠭᠡᠢ No
ᠪᠤᠺᠠ᠄
ᠶᠠᠭᠠᠬᠢᠪᠠᠯ ᠳᠡᠭᠡᠷ᠎ᠡ ᠪᠣᠢ?
ᠳᠠᠯᠠᠢ
ᠳᠣᠣᠷᠠᠬᠢ ᠶᠢᠷᠲᠢᠨᠴᠦ ᠪᠠ ᠤᠰᠤᠨ ᠴᠢᠯᠠᠭᠤ
ᠪᠤᠺᠠ᠄
ᠨᠠᠢᠵᠠ ᠠ᠋᠂ ᠴᠢ ᠨᠠᠭᠠᠨ᠎ᠠ ᠪᠠᠨ ᠲᠠᠵᠢ ᠦᠭᠡᠢ ᠪᠠᠢᠨ᠎ᠠ ᠤᠤ?
ᠮᠠᠰᠢᠨ
ᠬᠥᠮᠦᠨ᠄ ᠪᠢ ᠡᠮᠦᠨᠡᠬᠢ ᠡᠴᠡ ᠪᠡᠨ ᠦᠨᠡᠬᠡᠷ ᠯᠠᠭ ᠪᠣᠯᠤᠭᠰᠠᠨ ᠰᠠᠨᠠᠭᠳᠠᠵᠤ ᠪᠠᠢᠨ᠎ᠠ᠂ ᠡᠨᠡ ᠵᠦᠢᠯ
ᠥᠪᠡᠷ ᠢ᠋ᠶ᠋ᠡᠨ ᠶᠡᠬᠡ ᠣᠯᠠᠨ ᠵᠦᠢᠯ ᠴᠢᠳᠠᠬᠤ ᠪᠠᠷ ᠪᠦᠲᠦᠭᠡᠭᠳᠡᠭᠰᠡᠨ ᠪᠠᠢᠨ᠎ᠠ᠂ ᠪᠠᠷᠤᠭ ᠯᠠ ᠪᠦᠬᠦ ᠵᠦᠢᠯ
ᠭᠡᠵᠦ ᠪᠣᠳᠣ ᠳᠠ᠃
ᠰᠠᠨᠢ᠄
ᠭᠦᠦᠭ᠂ ᠲᠡᠭᠡᠬᠦ ᠪᠡᠷ ᠪᠢ ᠴᠢᠮ᠎ᠠ ᠠ᠋ᠴᠠ ᠶᠠᠭᠤᠮ᠎ᠠ ᠬᠦᠰᠡᠪᠡᠯ ᠴᠢ ᠪᠡᠶᠡᠯᠡᠭᠦᠯᠵᠦ ᠴᠢᠳᠠᠨ᠎ᠠ ᠭᠡᠰᠡᠨ ᠦᠭᠡ
ᠤᠤ?
ᠶᠦᠨᠢ᠄
ᠡᠨᠡ ᠳᠡᠯᠡᠬᠡᠢ ᠶ᠋ᠢᠨ ᠥᠬᠢᠳ ᠦ᠋ᠨ ᠢᠳᠡᠬᠦ ᠳᠤᠷᠠᠲᠠᠢ ᠵᠦᠢᠯ ᠢ᠋ ᠢᠳᠡᠶ᠎ᠡ᠃
ᠪᠤᠺᠠ᠄
ᠬᠥᠥᠭ ᠪᠢ ᠪᠠᠰᠠ ᠨᠢᠭᠡ ᠶ᠋ᠢ᠂ ᠥᠩ᠂ ᠪᠠᠶᠠᠷᠯᠠᠯ᠎ᠠ ᠨᠠᠢᠵᠠ ᠠ᠋᠃
ᠰᠠᠨᠢ᠄
ᠢᠩᠭᠢᠬᠦ ᠳ᠋ᠦ᠍ ᠰᠢᠨ᠎ᠡ ᠨᠠᠢᠵᠠ ᠶ᠋ᠢ ᠪᠡᠨ ᠨᠠᠢᠵᠠ ᠠ᠋ ᠨᠠᠢᠵᠠ ᠠ᠋ ᠭᠡᠬᠦ ᠪᠡᠷ ᠰᠣᠨᠢᠨ ᠶᠤᠮ ᠪᠢᠰᠢ ᠤᠤ? ᠴᠢᠨᠦ ᠨᠡᠷ᠎ᠡ ᠶ᠋ᠢ ᠬᠡᠨ ᠭᠡᠳᠡᠭ ᠶᠦ᠍ᠮ ?
ᠮᠠᠰᠢᠨ
ᠬᠥᠮᠦᠨ᠄ ᠨᠡᠷ᠎ᠡ ᠭᠡᠵᠦ ᠶᠠᠭᠤ ᠪᠢᠯᠡ ?
ᠰᠠᠨᠢ᠄
ᠴᠢᠮ᠎ᠠ ᠶ᠋ᠢ ᠳᠠᠭᠤᠳᠠᠬᠤ ᠳ᠋ᠤ᠌ ᠠᠰᠢᠭᠯᠠᠳᠠᠭ᠂ ᠵᠥᠪᠬᠡᠨ ᠴᠢᠨᠦᠬᠢ ᠪᠠᠢᠳᠠᠭ ᠨᠠᠨᠳᠢᠨ ᠦᠭᠡ ᠪᠠᠢᠬᠤ ᠦᠭᠡᠢ
ᠤᠤ᠃
ᠷᠦᠪᠢ᠄
ᠲᠡᠢᠮᠦ ᠲᠡᠢᠮᠦ᠂ ᠨᠠᠮ᠎ᠠ ᠶ᠋ᠢ ᠪᠣᠯ ᠷᠦᠪᠢ ᠭᠡᠳᠡᠭ᠃
ᠲᠤᠤᠨᠢ᠄
ᠬᠠᠷᠢᠨ ᠨᠠᠮ᠎ᠠ ᠶ᠋ᠢ ᠲᠤᠤᠨᠢ᠃
ᠶᠦᠨᠢ᠄
ᠬᠠᠷᠢᠨ ᠮᠠᠨ ᠤ᠋ ᠨᠠᠢᠵᠠ ᠨᠤᠭᠤᠳ ᠨᠠᠳᠠ ᠳ᠋ᠤ᠌ ᠶᠦᠨᠢ ᠭᠡᠳᠡᠭ ᠬᠣᠴᠢ ᠥᠭᠭᠦᠭᠰᠡᠨ ᠠ᠋᠃
ᠪᠤᠺᠠ᠄
ᠬᠠᠷᠢᠨ ᠨᠠᠮ᠎ᠠ ᠶ᠋ᠢ᠁
ᠮᠠᠰᠢᠨ
ᠬᠥᠮᠦᠨ᠄ ᠴᠢᠮ᠎ᠠ ᠶ᠋ᠢ ᠪᠤᠺᠠ ᠭᠡᠳᠡᠭ᠂ ᠪᠢ ᠴᠡᠭᠡᠵᠢᠯᠡᠴᠢᠬᠡᠭᠰᠡᠨ ᠠ᠋᠃ ᠠ᠂ ᠨᠠᠮ᠎ᠠ ᠶ᠋ᠢ ᠳ᠋ᠦ᠍ᠭᠡᠷ
ᠨᠠᠢ᠍ᠮᠠ ᠨᠠᠢ᠍ᠮᠠ ᠨᠠᠢ᠍ᠮᠠ ᠭᠡᠵᠦ ᠳᠠᠭᠤᠳᠠᠳᠠᠭ ᠪᠠᠢᠭᠰᠠᠨ ᠰᠢᠲᠠ᠃ ᠲᠡᠭᠡᠬᠦ ᠪᠡᠷ ᠮᠢᠨᠦ ᠨᠡᠷ᠎ᠡ ᠶᠦ᠍ᠮ
ᠪᠣᠯ ᠤᠤ?
ᠷᠦᠪᠢ᠄
ᠲᠡᠢᠮᠦ ᠨᠡᠷ᠎ᠡ ᠭᠡᠵᠦ ᠪᠠᠢᠳᠠᠭ ᠶᠤᠮ ᠤᠤ? ᠨᠠᠭᠠᠳᠤᠬᠢ
ᠴᠢᠨᠢ ᠵᠦᠭᠡᠷ ᠯᠡ ᠲᠣᠭ᠎ᠠ ᠪᠠᠢᠨ᠎ᠠ ᠰᠢᠲᠠ᠃
ᠮᠠᠰᠢᠨ
ᠬᠥᠮᠦᠨ᠄ ᠦ᠂ ᠲᠡᠭᠡᠪᠡᠯ ᠨᠠᠳᠠ ᠨᠡᠷ᠎ᠡ ᠪᠠᠢᠬᠤ ᠦᠭᠡᠢ ᠶᠦ᠍ᠮ ᠪᠠᠢᠨ᠎ᠠ ᠰᠢᠲᠠ᠂ ᠣᠳᠣ ᠶᠠᠭᠠᠬᠢᠨ᠎ᠠ?
ᠶᠦᠨᠢ᠄
ᠮᠠᠨ ᠤ᠋ ᠬᠢ ᠠ᠋᠂ ᠲᠡᠭᠡᠪᠡᠯ ᠨᠠᠳᠠ ᠬᠣᠴᠢ ᠨᠡᠷ᠎ᠡ ᠥᠭᠭᠦᠭᠰᠡᠨ ᠰᠢᠭ ᠢ᠋ᠶ᠋ᠡᠷ ᠰᠢᠨ᠎ᠡ ᠨᠠᠢᠵᠠ ᠳ᠋ᠤ᠌ ᠪᠠᠨ
ᠴᠤ᠌ ᠭᠡᠰᠡᠨ ᠨᠡᠷ᠎ᠡ ᠪᠣᠳᠣᠵᠤ ᠣᠯᠴᠠᠭᠠᠶᠠ᠃
ᠲᠤᠤᠨᠢ᠄
ᠴᠠᠭᠠᠨ ᠲᠡᠮᠦᠷ ᠭᠡᠬᠦ ᠤᠤ? ᠡᠢᠮᠦ ᠲᠣᠮᠣ ᠴᠠᠭᠠᠨ
ᠲᠡᠮᠦᠷ ᠶᠦᠮ ᠴᠢᠨᠢ᠃
ᠰᠠᠨᠢ᠄
ᠵᠠ ᠶᠠᠭᠤ ᠭᠡᠵᠦ ᠳᠡ᠃
ᠶᠦᠨᠢ᠄
ᠲᠦᠷᠦᠭᠦᠦ ᠨᠠᠳᠠ ᠪᠢᠯᠠᠭᠤ ᠭᠠᠷᠭᠠᠵᠤ ᠥᠭᠬᠦ ᠦᠶ᠎ᠡ ᠳ᠋ᠦ᠍ ᠨᠢᠭᠤᠷ ᠳᠡᠭᠡᠷ᠎ᠡ ᠨᠢ ᠨᠢᠭᠡ ᠦᠭᠡ ᠪᠠᠢᠭᠰᠠᠨ
ᠳᠠ᠂ ᠶᠠᠭᠤ ᠶᠠᠭᠤ ᠪᠢᠯᠡ? ᠠᠰᠠ ᠪᠢᠯᠡ ᠤᠤ? ᠰᠣᠨᠢᠨ ᠭᠡᠯᠡ ᠤᠤ?
ᠪᠤᠺᠠ᠄
ᠠ᠂ ᠠᠢᠰᠤᠤ ᠲᠡᠭ ᠵᠢᠷᠭᠤᠭ᠎ᠠ ᠬᠣᠷᠢᠨ ᠨᠢᠭᠡ ᠭᠡᠰᠡᠨ ᠪᠠᠢᠭᠰᠠᠨ ᠤᠤ?
ᠶᠦᠨᠢ᠄
ᠲᠡᠢᠮᠦ ᠲᠡᠢᠮᠦ᠂ ᠲᠡᠭᠡᠭᠡᠳ ᠲᠣᠭ᠎ᠠ ᠶ᠋ᠢ ᠨᠢ ᠠᠪᠤᠭᠠᠳ ᠠᠢᠰᠤᠤ ᠭᠡᠪᠡᠯ ᠶᠠᠮᠠᠷ ᠤᠤ?
ᠮᠠᠰᠢᠨ
ᠬᠥᠮᠦᠨ᠄ ᠠᠢᠰᠤᠤ ᠠᠢᠰᠤᠤ ᠠᠢᠰᠤᠤ᠂ ᠬᠡ ᠬᠡ ᠲᠠᠭᠠᠯᠠᠭᠳᠠᠵᠤ ᠪᠠᠢᠨ᠎ᠠ᠃
ᠶᠦᠨᠢ᠄
ᠬᠡ ᠬᠡ ᠬᠡ
ᠷᠦᠪᠢ᠄
ᠵᠠ ᠲᠡᠭᠡᠪᠡᠯ ᠰᠢᠨ᠎ᠡ ᠨᠠᠢᠵᠠ ᠶ᠋ᠢᠨ ᠮᠠᠨᠢ ᠨᠡᠷ᠎ᠡ ᠠᠢᠰᠤᠤ ᠠᠢᠰᠤᠤ ᠠᠢ ᠠᠢ ᠰᠤᠤ ᠶᠧ
ᠠᠢᠰᠤᠤ᠄
ᠪᠠᠶᠠᠷᠯᠠᠯ᠎ᠠ ᠨᠠᠢᠵᠠ ᠨᠤᠭᠤᠳ ᠠ᠋᠃
ᠲᠤᠤᠨᠢ᠄
ᠬᠡᠳᠦᠭᠦᠯᠡ ᠪᠡᠨ ᠤ᠌ᠭ ᠨᠢ ᠣᠳᠣ ᠪᠠᠭᠤᠬᠤ ᠳ᠋ᠤ᠌ ᠪᠠᠨ ᠂ ᠠᠢᠰᠤᠤ ᠨᠠᠢᠵᠠ ᠶ᠋ᠢ ᠪᠡᠨ ᠠᠪᠤᠭᠠᠳ ᠯᠠ᠂ ᠴᠣᠭ
ᠶᠠᠪᠤᠭᠠᠳ ᠯᠠ ᠭᠣᠶᠣ ᠪᠠᠢᠬᠤ ᠦᠭᠡᠢ ᠤᠤ ᠳᠠ᠂ ᠬᠡ ᠬᠡ
ᠷᠦᠪᠢ᠄
ᠭᠦᠦᠭ
ᠠᠢᠰᠤᠤ᠄
ᠵᠠ ᠶᠠᠪᠤᠵᠠᠭᠠᠶ᠎ᠠ᠂ ᠶᠠᠪᠤᠬᠤ ᠳ᠋ᠤ᠌ ᠪᠡᠯᠡᠨ ᠪᠠᠢᠨ᠎ᠠ᠃
ᠲᠤᠤᠨᠢ᠄
ᠠᠢᠰᠤᠤ ᠴᠢᠮ᠎ᠠ ᠶ᠋ᠢ ᠲᠡᠪᠡᠷᠢᠭᠡᠳ ᠪᠠᠭᠤᠴᠢᠬᠠᠬᠤ ᠤᠤ? ᠴᠢ ᠤᠷᠤᠭᠤ ᠪᠠᠭᠤᠬᠤ ᠳ᠋ᠤ᠌ ᠪᠠᠨ ᠤᠨᠠᠴᠢᠬᠠᠪᠠᠯ ᠶᠠᠭᠠᠬᠢᠬᠤ ᠶᠤᠮ᠂
ᠲᠡᠢᠮᠦ ᠠ᠋ ᠂ ᠠ᠋ ᠬᠡ ᠬᠡ
ᠪᠤᠺᠠ᠄
ᠭᠦᠦᠭ᠂ ᠡᠨᠡ ᠬᠠᠭᠠᠨ ᠤ᠋ ᠥᠷᠭᠥᠭᠡ ᠪᠣᠯᠤᠯᠲᠠᠢ ᠳᠠ᠃
ᠷᠦᠪᠢ᠄
ᠪᠢ ᠪᠣᠯ ᠰᠦᠫᠸᠷ ᠷᠦᠪᠢ ᠪᠠᠢᠨ᠎ᠠ᠂ ᠨᠠᠮ᠎ᠠ ᠶ᠋ᠢ ᠱᠢᠳᠦᠵᠡᠭᠡ !
ᠰᠠᠨᠢ᠄
ᠷᠦᠪᠢ ᠪᠣᠯᠭᠣᠮᠵᠢ ᠲᠠᠢ ᠪᠠᠢ᠂ ᠬᠠᠮᠢᠭ᠎ᠠ ᠠ᠋ᠴᠠ ᠶᠠᠭᠤ ᠴᠤ᠌ ᠭᠠᠷᠤᠭᠠᠳ ᠢᠷᠡᠬᠦ ᠶᠦ᠍ᠮ ᠪᠢᠯᠡ᠃
ᠲᠤᠤᠨᠢ᠄
ᠶᠠᠭᠤ ᠶᠠᠭᠤ ᠪᠠᠢᠬᠤ ᠶᠤᠮ?
ᠷᠦᠪᠢ᠄
ᠵᠠ ᠶᠠᠭᠠᠬᠢᠪᠠᠯ ᠭᠡᠵᠦ ᠳᠡ᠂ ᠭᠣᠶᠣ ᠯᠠ ᠪᠠᠢᠨ᠎ᠠ ᠰᠢᠳᠡ ᠠ᠋᠃ᠶᠠ ᠶᠠᠭᠤ ᠪᠣᠢ ?
ᠶᠦᠨᠢ᠄
ᠴᠢ ᠬᠡᠨ ᠭᠡᠭᠴᠢ ᠨᠢ ᠪᠣᠢ? ᠶᠠᠭᠠᠬᠢᠭᠠᠳ ᠪᠢᠳᠡᠨ
ᠤᠷᠤᠭᠤ ᠳᠠᠭᠠᠷᠢᠬᠤ ᠪᠣᠯᠪᠠ?
ᠲᠤᠤᠨᠢ᠄
ᠬᠠᠷᠢᠨ ᠲᠡᠢᠮᠦ᠂ ᠮᠠᠨ ᠤ᠋ ᠷᠦᠪᠢ ᠶ᠋ᠢ ᠶᠠᠭᠠᠬᠢᠵᠤ ᠪᠠᠢᠨ᠎ᠠ᠂ ᠬᠦᠢ᠃
ᠠᠬ᠎ᠠ᠄
ᠡᠨᠳᠡ ᠡᠴᠡ ᠶᠠᠪᠤᠵᠠᠭ᠎ᠠ᠂ ᠳᠠᠬᠢᠵᠤ ᠰᠠᠨᠠᠭᠤᠯᠬᠤ ᠦᠭᠡᠢ ᠰᠢᠦ᠃
ᠷᠦᠪᠢ᠄
ᠲᠠᠬᠢᠵᠤ ᠲᠠᠭᠠᠷᠠᠯᠳᠤᠳᠠᠭ ᠯᠠ ᠪᠣᠯ ᠪᠣᠯᠭᠠᠵᠤ ᠦᠭᠭᠦᠨ᠎ᠡ ᠳᠡ᠂ ᠮᠠᠭᠤ ᠴᠢᠳᠬᠥᠷ ᠢ᠋᠃
ᠪᠤᠺᠠ᠄
ᠬᠡᠩ᠂ ᠡᠪᠦᠭᠡ ᠶ᠋ᠢᠨ ᠰᠤᠳᠤᠯᠭ᠎ᠠ ᠪᠠᠷ ᠪᠣᠯ ᠠᠲ᠋ᠠᠯᠠᠨᠳᠢᠰ ᠮᠥᠬᠥᠭᠡᠳ ᠮᠠᠰᠢ ᠤᠳᠠᠵᠤ ᠪᠠᠢᠭ᠎ᠠ᠂ ᠠᠮᠢᠳᠤ
ᠬᠥᠮᠦᠨ ᠨᠢᠭᠡ ᠴᠦ᠍ ᠪᠠᠢᠬᠤ ᠦᠭᠡᠢ ᠶᠦ᠍ᠮ ᠭᠡᠰᠡᠨ ᠳᠡ᠃ᠵᠠ ᠵᠠ᠂ ᠮᠠᠨ ᠤ᠋ ᠬᠢ ᠠ᠋᠂ ᠶᠠᠭᠤ ᠴᠤ᠌ ᠭᠡᠰᠡᠨ
ᠴᠠᠭᠠᠰᠢ ᠪᠠᠨ ᠶᠠᠪᠤᠬᠤ ᠤᠤ ᠳᠠ᠃
ᠷᠦᠪᠢ᠄
ᠡᠨᠡ ᠶᠠᠭᠤᠨ ᠭᠠᠵᠠᠷ ᠪᠣᠢ? ᠤᠰᠤᠨ ᠣᠷᠭᠢᠯᠤᠭᠤᠷ ᠶᠤᠮ
ᠪᠠᠢᠬᠤ ᠳᠠ᠂ ᠠ?
ᠠ ! ᠠ? ᠮᠥᠨ
ᠤᠤ?
ᠰᠠᠨᠢ᠄
ᠴᠢᠱᠢ᠂ ᠮᠠᠨ ᠤ᠋ ᠬᠢ ᠠ᠋᠂ ᠨᠢᠭᠡ ᠶᠠᠭᠤᠮ᠎ᠠ ᠰᠣᠨᠣᠰᠲᠠᠯ᠎ᠠ᠂ ᠰᠣᠨᠣᠰ ᠳᠠ᠃
ᠪᠤᠺᠠ᠄
ᠨᠡᠭᠡᠷᠡᠨ ᠲᠡᠢᠮᠦ ᠪᠠᠢᠨ᠎ᠠ ᠰᠢᠲᠠ᠃
ᠲᠤᠤᠨᠢ᠄
ᠠ ?
ᠶᠠᠮᠠᠷ ᠭᠣᠶᠣ ᠬᠣᠭᠣᠯᠠᠢ ᠪᠣᠢ?
ᠶᠦᠨᠢ᠄
ᠲᠡᠨᠳᠡ ᠡᠴᠡ ᠶᠦ᠍ᠮ ᠰᠢᠭ᠋ ᠶᠦ᠍ᠮ ᠪᠠᠢᠨ᠎ᠠ᠃
ᠷᠦᠪᠢ᠄
ᠰᠠᠢᠨ ᠤᠤ?
ᠲᠤᠤᠨᠢ᠄
ᠬᠦᠢ᠂ ᠪᠠᠢᠵᠤ ᠪᠠᠢ ᠯᠠ ᠳᠠ᠂ ᠪᠢᠳᠡ ᠨᠠᠷ ᠶᠠᠮᠠᠷ ᠴᠤ᠌ ᠮᠠᠭᠤ ᠰᠠᠨᠠᠭ᠎ᠠ ᠠᠬᠤᠭᠤᠯᠤᠭᠠ ᠦᠭᠡᠢ᠃
ᠶᠦᠨᠢ᠄
ᠪᠢᠳᠡ ᠶᠠᠮᠠᠷ ᠴᠤ᠌ ᠮᠠᠭᠤ ᠰᠠᠨᠠᠭ᠎ᠠ ᠠᠬᠤᠭᠤᠯᠤᠭᠠ ᠦᠭᠡᠢ᠂ ᠴᠢᠮ᠎ᠠ ᠠ᠋ᠴᠠ ᠬᠡᠳᠦᠨ ᠠᠰᠠᠭᠤᠯᠲᠠ ᠯᠠ
ᠠᠰᠠᠭᠤᠬᠤ ᠭᠡᠰᠡᠨ ᠶᠦ᠍ᠮ᠂ ᠲᠡᠭᠡᠵᠦ ᠪᠣᠯᠬᠤ ᠤᠤ?
ᠠᠢᠰᠤᠤ᠄
ᠲᠠᠭᠠᠷᠠᠯᠳᠤᠭᠰᠠᠨ ᠠᠮᠢᠳᠤ ᠠᠮᠢᠲᠠᠨ ᠯᠠ ᠪᠣᠯᠭᠠᠨ ᠶᠠᠪᠤ ᠶᠠᠪᠤ ᠭᠡᠳ ᠪᠠᠢᠬᠤ ᠶᠤᠮ᠂ ᠶᠠᠭ
ᠶᠠᠭᠠᠬᠢᠭᠰᠠᠨ ᠶᠤᠮ ᠪᠣᠯ ᠠ᠋?
ᠠᠬ᠎ᠠ᠄
ᠲᠠ ᠬᠡᠳᠦ ᠶ᠋ᠢ ᠪᠢ ᠡᠨᠳᠡ ᠡᠴᠡ ᠶᠠᠪᠤ ᠭᠡᠵᠦ ᠬᠡᠯᠡᠭᠰᠡᠨ ᠪᠠᠢᠬᠤ ᠠ᠋᠂ ᠣᠳᠣ ᠥᠪᠡᠷᠰᠡᠳ ᠲᠦ᠍ ᠪᠠᠨ ᠯᠠ
ᠭᠣᠮᠣᠳᠠᠭᠠᠷᠠᠢ᠂ᠠ ! ᠨᠠᠮ᠎ᠠ ᠶ᠋ᠢ ᠰᠤᠯᠠᠯᠠ᠂ ᠣᠳᠣᠬᠠᠨ ᠰᠤᠯᠠᠯᠠᠭᠠᠳ ᠲᠡᠭᠡ᠂
ᠥᠬᠢᠨ
ᠳᠡᠭᠦᠦ᠄ ᠮᠠᠨ ᠤ᠋ ᠠᠬ᠎ᠠ ᠶ᠋ᠢ ᠰᠤᠯᠠᠯᠠᠭᠠᠴᠢ!
ᠶᠦᠨᠢ᠄
ᠰᠣᠨᠣᠰ᠂ ᠪᠢᠳᠡ ᠨᠠᠷ ᠶᠠᠮᠠᠷ ᠴᠤ᠌ ᠮᠠᠭᠤ ᠰᠠᠨᠠᠭ᠎ᠠ ᠠᠬᠤᠭᠤᠯᠤᠭᠠ ᠦᠭᠡᠢ᠂ ᠴᠢᠮ᠎ᠠ ᠶ᠋ᠢ ᠶᠠᠭᠠᠬᠢᠭᠠᠳ
ᠪᠢᠳᠡᠨ ᠤᠷᠤᠭᠤ ᠳᠠᠭᠠᠷᠢᠭᠠᠳ ᠪᠠᠢᠭ᠎ᠠ ᠶ᠋ᠢ ᠣᠢᠯᠠᠭᠠᠬᠤ ᠦᠭᠡᠢ ᠪᠠᠢᠭ᠎ᠠ ᠴᠤ᠌᠂ ᠳᠡᠭᠦᠦ ᠨᠠᠷ ᠤ᠋ᠨ ᠴᠢᠨᠢ
ᠡᠮᠦᠨ᠎ᠡ ᠲᠣᠮᠣ ᠠᠬ᠎ᠠ ᠶ᠋ᠢ ᠨᠢ ᠡᠢᠮᠦ ᠪᠠᠢᠳᠠᠯ ᠲᠠᠢ ᠬᠠᠷᠠᠭᠤᠯᠵᠤ ᠪᠣᠯᠬᠤ ᠦᠭᠡᠢ ᠪᠠᠢᠬᠤ ᠭᠡᠵᠦ ᠪᠣᠳᠣᠵᠤ
ᠪᠠᠢᠭ᠎ᠠ ᠤᠴᠢᠷ ᠠ᠋ᠴᠠ ᠴᠢᠮ᠎ᠠ ᠶ᠋ᠢ ᠪᠢ ᠰᠤᠯᠠᠯᠠᠶ᠎ᠠ᠂ ᠭᠡᠬᠦ ᠳ᠋ᠦ᠍ ᠪᠡᠨ ᠴᠢ ᠳᠠᠬᠢᠵᠤ ᠡᠢᠮᠦ ᠠᠪᠤᠷᠢ
ᠭᠠᠷᠭᠠᠬᠤ ᠭᠡᠵᠦ ᠠᠮᠠᠯᠠᠭᠰᠠᠨ ᠲᠣᠬᠢᠶᠠᠯᠳᠤᠯ ᠳ᠋ᠤ᠌ ᠰᠢᠦ᠂ ᠲᠣᠬᠢᠷᠠᠬᠤ ᠤᠤ? ᠵᠠ ᠪᠢ ᠴᠢᠮ᠎ᠠ ᠶ᠋ᠢ ᠰᠤᠯᠠᠯᠠᠯᠠ ᠰᠢᠦ᠃
ᠥᠬᠢᠨ
ᠳᠡᠭᠦᠦ᠄ ᠠᠬ᠎ᠠ ᠠ᠋᠃
ᠶᠦᠨᠢ᠄
ᠡᠨᠡ ᠤᠳᠠᠭ᠎ᠠ ᠳ᠋ᠤ᠌ ᠠᠷᠠᠢ ᠢᠯᠡᠳᠲᠡ ᠪᠡᠷ ᠲᠠᠨᠢᠯᠴᠠᠵᠠᠭᠠᠶᠠ ᠂ ᠨᠠᠮ᠎ᠠ ᠶ᠋ᠢ ᠶᠦᠨᠢ ᠭᠡᠳᠡᠭ᠂ ᠨᠤᠤᠷᠤᠢ
ᠭᠠᠷᠠᠭ ᠤ᠋ᠨ ᠭᠦᠩᠵᠦ᠂ ᠭᠠᠭᠴᠠ ᠡᠪᠡᠷᠲᠦ ᠶ᠋ᠢᠨ ᠤᠳᠤᠮ᠂ ᠬᠠᠷᠢᠨ ᠡᠨᠡ ᠪᠣᠯ ᠮᠠᠨ ᠤ᠋ ᠨᠠᠢᠵᠠ ᠨᠤᠭᠤᠳ᠃
ᠠᠬ᠎ᠠ᠄
ᠪᠠᠢᠵᠠ ᠲᠠ᠂ ᠭᠠᠭᠴᠠ ᠡᠪᠡᠷᠲᠦ ᠭᠡᠰᠡᠨ ᠤᠤ? ᠦᠨᠡᠬᠡᠷ ᠭᠠᠭᠴᠠ
ᠡᠪᠡᠷᠲᠦ ᠮᠥᠨ ᠭᠡᠵᠦ ᠤᠤ?
ᠲᠤᠤᠨᠢ᠄
ᠲᠡᠢᠮᠦ ᠠ᠋᠂ ᠴᠢ ᠲᠡᠷᠡ ᠡᠪᠡᠷ ᠢ᠋ ᠨᠢ ᠬᠠᠷ᠎ᠠ ᠯᠠ ᠳᠠ᠃
ᠠᠬ᠎ᠠ᠄
ᠲᠡᠢᠮᠦ ᠪᠠᠢᠨ᠎ᠠ᠂ ᠮᠥᠨ ᠪᠠᠢᠨ᠎ᠠ᠃
ᠥᠬᠢᠨ
ᠳᠡᠭᠦᠦ᠄ ᠠᠬ᠎ᠠ ᠠ᠋᠂ ᠨᠥᠭᠦᠭᠡ ᠳᠣᠮᠣᠭ ᠲᠤ᠌ ᠭᠠᠷᠳᠠᠭ ᠠᠪᠤᠷᠠᠭᠴᠢ ᠦᠨᠡᠬᠡᠷ ᠮᠥᠨ ᠭᠡᠵᠦ ᠤᠤ?
ᠠᠬ᠎ᠠ᠄
ᠲᠡᠢᠮᠦ ᠪᠣᠯᠤᠯᠲᠠᠢ ᠳᠡᠭᠦᠦ ᠮᠢᠨᠢ᠂ ᠪᠢᠳᠡᠨ ᠦ᠌ ᠵᠢᠭᠤᠲᠠᠵᠤ ᠨᠢᠭᠤᠭᠳᠠᠬᠤ ᠠᠮᠢᠳᠤᠷᠠᠯ ᠠᠰᠢᠭᠦᠢ
ᠳᠠᠭᠤᠰᠪᠤᠷᠢ ᠪᠣᠯᠬᠤ ᠨᠢ᠃
ᠶᠦᠨᠢ᠄
ᠪᠢ ᠠᠪᠤᠷᠠᠭᠴᠢ ᠭᠡᠵᠦ ᠤᠤ?
ᠬᠦᠦ
ᠳᠡᠭᠦᠦ᠄ ᠲᠡᠢᠮᠦ ᠠ᠋᠂ ᠪᠢᠳᠡᠨ ᠢ᠋ ᠠᠪᠤᠷᠠᠵᠤ ᠴᠢᠳᠠᠬᠤ ᠴᠣᠷ ᠤ᠋ᠨ ᠭᠠᠭᠴᠠ ᠨᠠᠢᠳᠠᠪᠤᠷᠢ ᠴᠢᠮ᠎ᠠ ᠠ᠋ᠴᠠ
ᠥᠭᠡᠷ᠎ᠡ ᠦᠯᠡᠳᠡᠭᠡ ᠦᠭᠡᠢ᠃
ᠬᠣᠶᠠᠷ
ᠵᠠᠭᠤᠨ ᠵᠢᠯ ᠦ᠋ᠨ ᠡᠮᠦᠨ᠎ᠡ ᠠᠲᠠᠯᠠᠨᠳᠢᠰ ᠳᠠᠯᠠᠢ ᠶ᠋ᠢᠨ ᠭᠦᠨ ᠦ᠌ ᠮᠠᠩᠭᠤᠰ ᠤ᠋ᠳ ᠲᠠᠢ ᠳᠠᠢᠳᠤᠭᠰᠠᠨ ᠶᠤᠮ᠂
ᠢᠯᠠᠭᠳᠠᠬᠤ ᠳ᠋ᠤ᠌ ᠲᠤᠩ ᠣᠢᠷᠠᠬᠠᠨ ᠪᠠᠢᠭᠰᠠᠨ ᠭᠡᠭᠳᠡᠳᠡᠭ᠃ ᠲᠡᠷᠡ ᠦᠶ᠎ᠡ ᠳ᠋ᠦ᠍ ᠭᠠᠭᠴᠠ ᠡᠪᠡᠷᠲᠦ
ᠨᠥᠬᠥᠳ ᠦ᠋ᠨ ᠠᠩᠬᠠᠨ ᠤ᠋ ᠰᠢᠳᠢᠲᠡᠨ ᠢᠷᠡᠵᠦ ᠮᠠᠩᠭᠤᠰ ᠤ᠋ᠳ ᠢ᠋ ᠦᠯᠳᠡᠨ ᠬᠥᠭᠡᠭᠡᠭᠰᠡᠨ᠂ ᠭᠠᠭᠴᠠ ᠡᠪᠡᠷᠲᠦ
ᠶᠠᠪᠤᠬᠤ ᠡᠴᠡ ᠪᠡᠨ ᠡᠮᠦᠨ᠎ᠡ ᠤᠰᠤᠨ ᠴᠢᠯᠠᠭᠤ ᠶ᠋ᠢ ᠥᠭᠴᠦ ᠠᠲᠠᠯᠠᠨᠳᠢᠰ ᠤ᠋ᠨ ᠬᠠᠮᠤᠭ ᠤ᠋ᠨ ᠥᠨᠳᠥᠷ ᠲᠦ᠍ ᠨᠢ
ᠪᠠᠢᠷᠢᠰᠢᠭᠤᠯᠤᠭᠰᠠᠨ ᠂ ᠭᠡᠪᠡᠴᠦ ᠨᠢᠭᠡ ᠯᠡ ᠡᠳᠦᠷ ᠭᠠᠵᠠᠷ ᠬᠥᠳᠡᠯᠦᠯᠲᠡ ᠡᠬᠢᠯᠡᠵᠦ ᠴᠠᠮᠬᠠᠭ ᠬᠦᠷᠲᠡᠯ᠎ᠡ
ᠨᠤᠷᠠᠵᠤ ᠠᠲᠠᠯᠠᠨᠳᠢᠰ ᠢ᠋ ᠬᠠᠮᠠᠭᠠᠯᠠᠵᠤ ᠪᠠᠢᠭᠰᠠᠨ ᠬᠠᠮᠠᠭᠠᠯᠠᠯᠲᠠ ᠲᠡᠷᠡ ᠴᠠᠭ ᠲᠤ᠌ ᠪᠠᠨ ᠦᠭᠡᠢ
ᠪᠣᠯᠤᠭᠰᠠᠨ᠂ ᠡᠨᠡ ᠪᠣᠯᠤᠮᠵᠢ ᠶ᠋ᠢ ᠠᠯᠳᠠᠯ ᠦᠭᠡᠢ ᠭᠦᠨ ᠢᠷᠣᠭᠠᠷ ᠤ᠋ᠨ ᠮᠠᠩᠭᠤᠰ ᠤ᠋ᠳ ᠠᠬᠢᠨ ᠳᠠᠬᠢᠨ
ᠳᠠᠭᠠᠷᠢᠭᠰᠠᠭᠠᠷ ᠪᠠᠢᠭ᠎ᠠ ᠪᠢᠯᠡ᠃ ᠡᠨᠡ ᠤᠳᠠᠭ᠎ᠠ ᠲᠡᠳᠡ ᠥᠪᠡᠷᠰᠡᠳ ᠢ᠋ ᠪᠡᠨ ᠬᠠᠮᠠᠭᠠᠯᠠᠵᠤ ᠴᠢᠳᠠᠭᠰᠠᠨ
ᠦᠭᠡᠢ᠂ ᠭᠦᠨ ᠢᠷᠣᠭᠠᠷ ᠤ᠋ᠨ ᠵᠢᠵᠢᠭ ᠮᠠᠩᠭᠤᠰ ᠤ᠋ᠳ ᠲᠡᠳᠡᠨ ᠢ᠋ ᠴᠠᠭ ᠪᠦᠷᠢ ᠯᠡ ᠬᠠᠢᠵᠤ ᠪᠠᠢᠳᠠᠭ᠃
ᠥᠷᠲᠡᠭᠡ ᠶ᠋ᠢᠨ ᠬᠤᠪᠢᠰᠤᠭᠴᠢ ᠬᠣᠭᠣᠯᠠᠢ ᠶ᠋ᠢᠨ ᠠᠴᠢ ᠪᠠᠷ ᠲᠡᠳᠡ ᠨᠠᠷ ᠠ᠋ᠴᠠ ᠠᠷᠠᠢ ᠯᠠ ᠭᠡᠵᠦ ᠪᠤᠯᠲᠠᠵᠤ
ᠪᠠᠢᠭ᠎ᠠ ᠴᠤ᠌ ᠮᠠᠷᠠᠯ ᠥᠷᠥᠭᠡ ᠭᠠᠷᠴᠤ ᠢᠷᠡᠪᠡᠯ᠂ ᠲᠡᠷᠡ ᠦᠶ᠎ᠡ ᠳ᠋ᠦ᠍ ᠦᠨᠡᠬᠡᠷ ᠶᠠᠭᠠᠬᠢᠬᠤ ᠪᠠᠨ ᠬᠡᠯᠡᠵᠦ
ᠮᠡᠳᠡᠬᠦ ᠦᠭᠡᠢ ᠠᠢᠳᠠᠰ ᠲᠠᠢ ᠠᠮᠢᠳᠤᠷᠠᠵᠤ ᠪᠠᠢᠨ᠎ᠠ᠃
ᠠᠬ᠎ᠠ᠄
ᠴᠢ ᠪᠢᠳᠡᠨ ᠲᠡᠢ ᠴᠣᠭ ᠮᠠᠷᠠᠯ ᠢ᠋ ᠳᠠᠷᠤᠬᠤ ᠳ᠋ᠤ᠌ ᠲᠤᠰᠠᠯᠠᠬᠤ ᠤᠤ? ᠴᠢᠮ᠎ᠠ ᠶ᠋ᠢ ᠪᠠᠢᠪᠠᠯ ᠪᠢᠳᠡ ᠢᠯᠠᠬᠤ ᠮᠠᠭᠠᠳᠯᠠᠯ ᠮᠠᠰᠢ ᠥᠨᠳᠥᠷ᠃
ᠬᠦᠦ
ᠳᠡᠭᠦᠦ᠄ ᠲᠡᠢᠮᠦ ᠰᠢᠦ᠂ ᠮᠠᠷᠠᠯ ᠤ᠋ᠨ ᠰᠤᠯᠠ ᠲᠠᠯ᠎ᠠ ᠶ᠋ᠢ ᠴᠦ᠍ ᠮᠥᠨ ᠮᠡᠳᠡᠵᠦ ᠪᠠᠢᠭ᠎ᠠ ᠪᠣᠯᠬᠣᠷ
ᠴᠢᠮ᠎ᠠ ᠶ᠋ᠢ ᠪᠠᠢᠬᠤ ᠠᠪᠠᠰᠤ ᠪᠢᠳᠡ ᠮᠠᠷᠠᠯ ᠢ᠋ ᠴᠣᠭ ᠲᠤ᠌ ᠪᠠᠨ ᠲᠠᠢᠯᠵᠤ ᠴᠢᠳᠠᠨ᠎ᠠ᠃
ᠶᠦᠨᠢ᠄
ᠨᠠᠢᠵᠠ ᠨᠤᠭᠤᠳ ᠠ᠋᠂ ᠡᠨᠡ ᠶᠡᠬᠡ ᠠᠶᠤᠯ ᠲᠠᠢ ᠰᠣᠨᠣᠰᠳᠠᠵᠤ ᠪᠠᠢᠨ᠎ᠠ᠂ ᠲᠠ ᠬᠡᠳᠦ ᠶᠠᠪᠤᠬᠤ ᠦᠭᠡᠢ ᠭᠡᠪᠡᠯ
ᠬᠡᠳᠦᠭᠦᠯᠡ ᠪᠡᠨ ᠪᠤᠴᠠᠭᠰᠠᠨ ᠴᠤ᠌ ᠪᠣᠯᠤᠨ᠎ᠠ᠂ ᠨᠠᠳᠠ ᠳ᠋ᠤ᠌ ᠬᠡᠳᠦᠢ ᠴᠢᠯᠠᠭᠤ ᠣᠯᠬᠤ ᠴᠢᠬᠤᠯᠠ ᠴᠤ᠌ ᠭᠡᠯᠡ
ᠲᠠ ᠬᠡᠳᠦ ᠶ᠋ᠢ ᠠᠶᠤᠯ ᠳ᠋ᠤ᠌ ᠣᠷᠣᠭᠤᠯᠤᠮᠠᠷ ᠦᠭᠡᠢ ᠪᠠᠢᠨ᠎ᠠ᠃
ᠷᠦᠪᠢ᠄
ᠶᠦᠨᠢ ᠴᠢ ᠪᠢᠲᠡᠭᠡᠢ ᠰᠠᠨᠠᠭ᠎ᠠ ᠵᠣᠪᠠ ᠠ᠋᠂ ᠬᠡᠳᠦᠭᠦᠯᠡ ᠪᠡᠨ ᠨᠠᠢᠵᠠ ᠨᠥᠬᠥᠷᠯᠡᠯ ᠦ᠋ᠨ ᠢ᠋ᠶ᠋ᠡᠨ
ᠬᠦᠴᠦ ᠪᠡᠷ ᠡᠨᠡ ᠪᠦᠭᠦᠳᠡ ᠶ᠋ᠢ ᠳᠠᠪᠠᠨ ᠲᠤᠭᠤᠯᠬᠤ ᠪᠣᠯᠤᠨ᠎ᠠ᠂ ᠵᠠ ᠤᠤ?
ᠪᠤᠺᠠ᠄
ᠲᠡᠢᠮᠦ ᠰᠢᠦ᠂ ᠬᠡᠳᠦᠢ ᠠᠶᠤᠮᠰᠢᠭ ᠲᠠᠢ ᠪᠠᠢᠭ᠎ᠠ ᠴᠤ᠌ ᠭᠡᠰᠡᠨ ᠲᠠ ᠬᠡᠳᠦ ᠲᠡᠢ ᠪᠡᠨ ᠴᠣᠭ ᠪᠠᠢᠪᠠᠯ ᠠᠶᠤᠬᠤ
ᠵᠦᠢᠯ ᠠᠯᠠᠭ᠎ᠠ ᠠ᠋᠃
ᠶᠦᠨᠢ᠄
ᠵᠠ ᠪᠢ ᠰᠢᠢᠳᠦᠭᠰᠡᠨ ᠠ᠋᠂ ᠵᠠᠮᠴᠢᠯᠠᠭᠠᠷᠠᠢ ᠠᠬᠠᠯᠠᠬᠤ ᠠ᠋᠃
ᠠᠬ᠎ᠠ᠄
ᠲᠡᠷᠡ ᠪᠣᠯ ᠮᠠᠷᠠᠯ᠂ ᠪᠦᠭᠦᠳᠡ ᠶ᠋ᠢ ᠵᠠᠯᠭᠢᠭᠴᠢ᠃
ᠬᠦᠦ
ᠳᠡᠭᠦᠦ᠄ ᠴᠢᠮ᠎ᠠ ᠳ᠋ᠤ᠌ ᠶᠠᠮᠠᠷ ᠴᠢᠳᠠᠪᠤᠷᠢ ᠪᠠᠢᠭ᠎ᠠ ᠪᠣᠢ?
ᠶᠦᠨᠢ᠄
ᠣᠳᠣ ᠪᠠᠷ ᠪᠥᠮᠪᠥᠭᠡᠯᠢᠭ ᠡᠭᠦᠰᠬᠡᠬᠦ᠂ ᠬᠠᠮᠠᠭᠠᠯᠠᠬᠤ ᠯᠠ ᠴᠢᠳᠠᠪᠤᠷᠢ ᠪᠠᠢᠭ᠎ᠠ᠃
ᠬᠦᠦ
ᠳᠡᠭᠦᠦ᠄ ᠬᠡᠩ᠂ ᠶᠠᠭ ᠪᠣᠯᠬᠤ ᠶᠤᠮ ᠪᠠᠢᠨ᠎ᠠ᠂ ᠲᠥᠯᠥᠪᠯᠡᠭᠡ ᠪᠡᠨ ᠵᠢᠭᠠᠬᠠᠨ ᠥᠭᠡᠷᠡᠴᠢᠯᠡᠶ᠎ᠡ᠂ ᠨᠠᠳᠠ
ᠥᠪᠡᠷ ᠢ᠋ ᠪᠡᠨ ᠪᠣᠯᠤᠨ ᠪᠤᠰᠤᠳ ᠢ᠋ ᠬᠤᠪᠢᠯᠬᠤ ᠴᠢᠳᠠᠪᠤᠷᠢ ᠪᠠᠢᠨ᠎ᠠ᠂ ᠲᠡᠭᠡᠬᠦ ᠳ᠋ᠦ᠍ ᠪᠠᠨ ᠯᠠ ᠪᠤᠰᠤᠳ ᠢ᠋
ᠬᠣᠣᠷᠯᠠᠬᠤ ᠴᠢᠳᠠᠪᠤᠷᠢ ᠪᠠᠢᠭ᠎ᠠ᠂ ᠬᠠᠷᠢᠨ ᠴᠢᠩᠭᠢᠮ ᠳ᠋ᠦ᠍ ᠲᠤᠯᠤᠯᠳᠤᠬᠤ ᠴᠢᠳᠠᠪᠤᠷᠢ ᠪᠠᠢᠬᠤ ᠦᠭᠡᠢ᠃
ᠠᠬ᠎ᠠ᠄
ᠵᠠ ᠪᠦᠭᠦᠳᠡ ᠶᠠᠭᠤ ᠬᠢᠬᠦ ᠪᠡᠨ ᠮᠡᠳᠡᠭᠰᠡᠨ ᠲᠡᠢᠮᠦ᠂ ᠦᠵᠡᠭᠦᠯᠦᠭᠡᠳ ᠥᠭᠴᠡᠭᠡᠶᠡ᠃
ᠬᠦᠦ
ᠳᠡᠭᠦᠦ᠄ ᠬᠦᠢ ᠮᠠᠭᠤ ᠪᠦᠳᠦᠭᠦᠨ ᠠ᠋᠂ ᠪᠢ ᠡᠨᠳᠡ ᠪᠠᠢᠨ᠎ᠠ᠂ ᠨᠠᠮ᠎ᠠ ᠶ᠋ᠢ ᠪᠠᠷᠢᠬᠤ ᠤᠤ ᠳᠠ᠂ ᠬᠦᠢ!
ᠠᠬ᠎ᠠ᠄
ᠵᠢᠭᠤᠲᠠᠭᠠᠷᠠᠢ᠂ ᠮᠢᠨᠦ ᠳᠡᠭᠦᠦ᠃ᠵᠠ ᠨᠠᠢᠵᠠ ᠨᠤᠭᠤᠳ ᠠ᠋᠂ ᠴᠢᠯᠠᠭᠤ ᠭᠠᠷᠤᠭᠠᠳ ᠢᠷᠡᠯ᠎ᠡ᠂ ᠣᠳᠣ ᠲᠠ
ᠨᠠᠷ ᠤ᠋ᠨ ᠡᠭᠡᠯᠵᠢ᠃
ᠲᠤᠤᠨᠢ᠄
ᠬᠤᠷᠳᠤᠯᠠᠭᠠᠷᠠᠢ᠂ ᠪᠢᠳᠡ ᠨᠠᠷ ᠢ᠋ ᠠᠩᠵᠠᠭᠠᠷᠠᠬᠤ ᠠ᠋ᠴᠠ ᠨᠢ ᠡᠮᠦᠨ᠎ᠡ᠂ ᠪᠢᠳᠡ ᠨᠠᠷ ᠡᠢᠮᠦ ᠲᠣᠮᠣ
ᠮᠠᠩᠭᠤᠰ ᠢ᠋ ᠶᠠᠭᠠᠬᠢᠵᠤ ᠳᠡᠢᠯᠬᠦ ᠶᠦ᠍ᠮ ᠪᠣᠢ?
ᠠᠬ᠎ᠠ᠄
ᠴᠢᠮ᠎ᠠ ᠶ᠋ᠢ ᠳᠤᠷ᠎ᠠ ᠪᠠᠷ ᠴᠢᠨᠢ ᠪᠠᠢᠯᠭᠠᠨ᠎ᠠ ᠭᠡᠵᠦ ᠪᠣᠳᠣᠭ᠎ᠠ ᠤᠤ? ᠨᠠᠢᠵᠠ ᠨᠤᠭᠤᠳ ᠠ᠋᠂ ᠬᠤᠷᠳᠤᠨ ᠠᠶᠤᠯ ᠦᠭᠡᠢ ᠭᠠᠵᠠᠷ ᠤᠷᠤᠭᠤ᠃ᠶᠠ !
ᠥᠬᠢᠨ
ᠳᠡᠭᠦᠦ᠄ ᠮᠢᠨᠦ ᠤᠷᠠᠬᠠᠨ ᠳ᠋ᠤ᠌ ᠣᠷᠣᠬᠤ ᠦᠭᠡᠢ ᠪᠠᠢᠨ᠎ᠠ ᠰᠢᠳᠡ᠂ ᠮᠢᠨᠦ ᠬᠦᠴᠦ ᠨᠡᠪᠲᠡᠷᠡᠵᠦ ᠴᠢᠳᠠᠬᠤ ᠦᠭᠡᠢ
ᠪᠠᠢᠨ᠎ᠠ᠃
ᠬᠦᠦ
ᠳᠡᠭᠦᠦ᠄ ᠲᠡᠭᠡᠪᠡᠯ ᠣᠳᠣ ᠮᠢᠨᠦ ᠡᠭᠡᠯᠵᠢ᠃
ᠰᠠᠨᠢ᠄
ᠠ !᠁
ᠲᠤᠤᠨᠢ᠄
ᠪᠡᠯᠡᠳᠦᠭᠡᠷᠡᠢ!
ᠠᠬ᠎ᠠ᠄
ᠠ !
ᠲᠤᠤᠨᠢ᠄
ᠲᠡᠢᠮᠦ ᠠ᠋ ᠬᠦ᠂ ᠲᠡᠢᠮᠦ ᠠ᠋᠃ᠠ !
ᠶᠦᠨᠢ᠄
ᠠ ! ᠪᠢᠳᠡ ᠶᠠᠭ ᠦᠬᠦᠬᠦ ᠨᠢ ᠠ᠋᠃
ᠬᠦᠦ
ᠳᠡᠭᠦᠦ᠄ ᠠᠭᠤᠢ ᠨᠤᠷᠠᠵᠤ ᠪᠠᠢᠨ᠎ᠠ᠂ ᠵᠢᠭᠤᠲᠠᠭᠠᠷᠠᠢ!
ᠠᠬ᠎ᠠ᠄
ᠬᠦᠢ ᠶᠦᠨᠢ ᠴᠢᠮ᠎ᠠ ᠳ᠋ᠤ᠌ ᠪᠣᠯᠤᠨ ᠨᠠᠢᠵᠠ ᠨᠤᠭᠤᠳ ᠲᠤ᠌ ᠴᠢᠨᠢ ᠦᠨᠡᠬᠡᠷ ᠪᠠᠶᠠᠷᠯᠠᠯ᠎ᠠ᠂ ᠲᠠ ᠨᠠᠷ ᠪᠠᠢᠭ᠎ᠠ
ᠦᠭᠡᠢ ᠪᠣᠯ ᠮᠠᠷᠠᠯ ᠢ᠋ ᠶᠣᠰᠣᠲᠠᠢ ᠳᠡᠢᠯᠬᠦ ᠦᠭᠡᠢ ᠪᠠᠢᠯ᠎ᠠ᠂ ᠪᠢᠳᠡ ᠣᠳᠣ ᠡᠷᠬᠡ ᠴᠢᠯᠥᠭᠡ ᠲᠡᠢ ᠪᠣᠯᠤᠭᠰᠠᠨ
ᠬᠥᠪᠰᠥᠭᠥᠯ ᠳᠠᠯᠠᠢ ᠶ᠋ᠢᠨ ᠬᠠᠮᠢᠭ᠎ᠠ ᠨᠢ ᠴᠦ᠍ ᠡᠷᠬᠡ ᠴᠢᠯᠥᠭᠡ ᠲᠡᠢ᠂ ᠠᠶᠤᠬᠤ ᠵᠦᠢᠯ ᠦᠭᠡᠢ ᠪᠣᠯᠤᠯ᠎ᠠ᠃
ᠬᠦᠦ
ᠳᠡᠭᠦᠦ᠄ ᠲᠡᠢᠮᠦ ᠰᠢᠦ᠂ ᠴᠢ ᠦᠨᠡᠬᠡᠷ ᠠᠪᠤᠷᠠᠭᠴᠢ ᠪᠠᠢᠵᠤ ᠴᠢᠳᠠᠯ᠎ᠠ᠃
ᠥᠬᠢᠨ
ᠳᠡᠭᠦᠦ᠄ ᠦᠨᠡᠬᠡᠷ ᠮᠤᠨᠳᠠᠭ ᠠᠪᠤᠷᠠᠭᠴᠢ ᠳ᠋ᠤ᠌ ᠪᠠᠨ ᠬᠠᠢᠷᠠᠲᠠᠢ᠃
ᠪᠤᠺᠠ᠄
ᠡᠨᠡ ᠶᠠᠭᠤ ᠪᠣᠢ?
ᠬᠦᠦ
ᠳᠡᠭᠦᠦ᠄ ᠨᠠᠳᠠ ᠨᠡᠷ᠎ᠡ ᠪᠡᠨ ᠪᠢᠴᠢᠭᠡᠳ ᠥᠭᠭᠦᠭᠡᠴᠢ᠃
ᠥᠬᠢᠨ
ᠳᠡᠭᠦᠦ᠄ ᠨᠠᠳᠠ ᠪᠠᠰᠠ᠂ ᠨᠠᠳᠠ ᠨᠠᠳᠠ᠁
ᠬᠦᠦ
ᠳᠡᠭᠦᠦ᠄ ᠬᠡ ᠬᠡ
ᠶᠦᠨᠢ᠄
ᠪᠢ ᠨᠡᠷ᠎ᠡ ᠪᠡᠨ ᠪᠢᠴᠢᠵᠦ ᠴᠢᠳᠠᠬᠤ ᠦᠭᠡᠢ ᠰᠢᠲᠠ᠃
ᠪᠤᠺᠠ᠄
ᠪᠦᠭᠦᠳᠡᠭᠡᠷ ᠢ᠋ᠶ᠋ᠡᠨ ᠵᠢᠷᠤᠭ ᠢ᠋ᠶ᠋ᠠᠨ ᠠᠪᠬᠠᠭᠤᠯᠪᠠᠯ ᠶᠠᠮᠠᠷ ᠤᠤ? ᠠᠢᠰᠤᠤ ᠴᠢᠮ᠎ᠠ ᠳ᠋ᠤ᠌ ᠺᠠᠮᠧᠷ ᠪᠠᠢᠳᠠᠭ ᠪᠢᠵᠡ ᠳᠡ?
ᠠᠢᠰᠤᠤ᠄
ᠲᠡᠢᠮᠦ ᠠ᠋᠂ ᠨᠠᠳᠠ ᠪᠠᠢᠨ᠎ᠠ ᠰᠢᠲᠠ᠃
ᠷᠦᠪᠢ᠄
ᠲᠡᠭᠡᠶ᠎ᠡ ᠯᠡ ᠳᠡ᠂ ᠭᠣᠶᠣ ᠰᠠᠨᠠᠭ᠎ᠠ ᠪᠠᠢᠨ᠎ᠠ᠂ ᠵᠠ ᠠᠯᠢᠪ᠂ ᠮᠠᠨ ᠤ᠋ ᠬᠢ ᠠ᠋᠂ ᠵᠣᠭᠰᠣᠭᠠᠷᠠᠢ᠃
ᠪᠦᠭᠦᠳᠡᠭᠡᠷ᠄
ᠪᠤᠯᠴᠠᠭᠠᠷ!
ᠾᠦᠩ ᠸᠧᠢ ᠦᠰᠦᠭ ᠢ᠋ ᠨᠢ ᠠᠮᠢᠯᠠᠭᠤᠯᠵᠤ ᠬᠥᠳᠡᠯᠭᠡᠭᠡᠨᠲᠦ
ᠵᠢᠷᠤᠭ ᠲᠤ᠌ ᠨᠢ ᠬᠠᠲᠠᠪᠠ ᠂ ᠱᠤᠳᠤᠷᠭᠤ ᠮᠥᠴᠢᠷ ᠬᠣᠶᠠᠷ ᠬᠢᠨᠠᠵᠤ ᠥᠭᠪᠡ᠃
