ᠪᠤᠯᠴᠠᠭᠠᠷ1-05 ᠰᠢᠨ᠎ᠡ ᠨᠠᠢᠵᠠ ᠪᠠ ᠨᠢᠭᠤᠴᠠБулцгар - Шинэ найз ба нууц ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠯᠴᠠᠭᠠᠷ1-05 ᠰᠢᠨ᠎ᠡ ᠨᠠᠢᠵᠠ ᠪᠠ ᠨᠢᠭᠤᠴᠠБулцгар - Шинэ найз ба нууц

ᠪᠤᠯᠴᠠᠭᠠᠷ1-05 ᠰᠢᠨ᠎ᠡ ᠨᠠᠢᠵᠠ ᠪᠠ ᠨᠢᠭᠤᠴᠠБулцгар - Шинэ найз ба нууц

2024-08-04

1595

ᠰᠢᠨ᠎ᠡ ᠨᠠᠢᠵᠠ ᠪᠠ ᠨᠢᠭᠤᠴᠠ

ᠪᠤᠺᠠ᠄ ᠨᠠᠮ᠎ᠠ ᠶ᠋ᠢ ᠠᠪᠤᠷᠠᠭᠰᠠᠨ ᠳ᠋ᠤ᠌ ᠪᠠᠶᠠᠷᠯᠠᠯ᠎ᠠ᠂ ᠴᠢ ᠪᠠᠢᠭ᠎ᠠ ᠦᠭᠡᠢ ᠪᠣᠯ ᠶᠠᠭ ᠪᠠᠯᠠᠷᠠᠬᠤ ᠰᠢᠬᠠᠯ᠎ᠠ ᠰᠢᠳᠡ᠂ ᠵᠣᠯ ᠲᠠᠢ ᠦᠬᠦᠴᠢᠬᠡᠭᠰᠡᠨ ᠦᠭᠡᠢ᠃
ᠵᠢᠵᠢᠭ ᠴᠠᠬᠢᠯᠭᠠᠨ᠄ ᠲᠡᠨᠡᠭ ᠪᠠᠢᠬ᠎ᠠ ᠠ᠋᠂ ᠡᠢᠮᠦ ᠳᠡᠭᠡᠷ᠎ᠡ ᠡᠴᠡ ᠤᠨᠠᠭᠠᠳ ᠪᠠᠢᠬᠤ ᠳ᠋ᠤ᠌ ᠪᠠᠨ ᠶᠠᠭᠠᠬᠢᠳᠠᠭ ᠶᠤᠮ᠂ ᠴᠢᠨᠦ ᠠᠷᠤ ᠠ᠋ᠴᠠ ᠶᠠᠪᠤᠭᠰᠠᠭᠠᠷ ᠪᠦᠷ ᠶᠠᠳᠠᠷᠠᠴᠢᠬᠠᠯ᠎ᠠ ᠰᠢᠳᠡ᠃ ᠵᠠ ᠵᠠ᠂ ᠣᠳᠣ ᠪᠣᠯᠤᠨ᠎ᠠ᠂ ᠨᠠᠢᠵᠠ ᠨᠤᠭᠤᠳ ᠴᠢᠨᠢ ᠴᠢᠮ᠎ᠠ ᠳ᠋ᠤ᠌ ᠰᠠᠨᠠᠭ᠎ᠠ ᠵᠣᠪᠠᠭᠠᠳ ᠬᠦᠯᠢᠶᠡᠵᠦ ᠪᠠᠢᠭ᠎ᠠ᠂ ᠬᠣᠶᠠᠭᠤᠯᠠ ᠪᠠᠨ ᠬᠤᠷᠳᠤᠨ ᠶᠠᠪᠤᠬᠤ ᠦᠭᠡᠢ ᠪᠣᠯ ᠪᠣᠯᠬᠤ ᠦᠭᠡᠢ᠂ ᠠᠯᠢᠪ ᠶᠠᠪᠤᠵᠠᠭᠠᠶ᠎ᠠ !ᠬᠡ ᠬᠡ᠂ ᠴᠢ ᠴᠦ᠍ ᠡᠭᠳᠡᠭᠦᠦ ᠲᠡᠢ ᠠᠮᠢᠲᠠᠨ ᠶᠤᠮ ᠠ᠋᠃
ᠪᠤᠺᠠ᠄ ᠬᠡ ᠬᠡ ᠁
ᠴᠠᠬᠢᠯᠭᠠᠨ ᠭᠡᠷᠡᠯ ᠄ ᠪᠠᠯᠠᠢ ᠶᠠᠭᠤᠮ᠎ᠠ ᠴᠢᠨᠢ ᠬᠠᠮᠢᠭ᠎ᠠ ᠣᠴᠢᠴᠢᠬᠠᠪᠠ? ᠪᠣᠣᠰ ᠤ᠋ᠨ ᠬᠡᠯᠡᠭᠰᠡᠨ ᠦᠭᠡ ᠶ᠋ᠢ ᠶᠠᠭ ᠮᠠᠷᠲᠠᠬᠤ ᠭᠡᠳ ᠪᠠᠢᠬᠤ ᠶᠤᠮ᠂ ᠶᠠᠭ ᠮᠠᠷᠲᠠᠬᠤ ᠭᠡᠳ ᠪᠠᠢᠬᠤ ᠴᠢᠨᠢ᠂ ᠡᠨᠡ ᠴᠢᠬᠤᠯᠠ ᠦᠶ᠎ᠡ ᠳ᠋ᠦ᠍ ᠬᠠᠮᠢᠭᠠᠰᠢ ᠪᠠᠨ ᠠᠯᠠᠭ᠎ᠠ ᠪᠣᠯᠴᠢᠬᠠᠪᠠ?
ᠪᠤᠺᠠ᠄ ᠬᠡ ᠬᠡ᠂ ᠨᠠᠢᠵᠠ ᠨᠤᠭᠤᠳ ᠠ᠋᠂ ᠪᠢ ᠢᠷᠡᠴᠢᠬᠡᠯ᠎ᠡ᠃
 ᠲᠤᠤᠨᠢ᠄ ᠲᠡᠢᠮᠦ ᠠ᠋᠂ ᠪᠤᠺᠠ ᠭᠠᠷᠤᠭᠠᠳ ᠢᠷᠡᠯ᠎ᠡ᠂ ᠪᠤᠺᠠ ᠠ᠋ ᠰᠠᠢᠨ ᠤᠤ?
ᠴᠠᠬᠢᠯᠭᠠᠨ᠄ ᠦ᠂ ᠡᠨᠡ ᠪᠣᠨᠲᠣᠭᠣᠷ ᠶᠠᠭᠤᠮ᠎ᠠ ᠮᠠᠷᠲᠠᠭᠤᠯᠴᠢᠬᠠᠬᠤ ᠶᠤᠮ ᠳᠠ᠂ ᠶᠠᠭᠤ ᠪᠢᠯᠡ ? ᠶᠠᠭᠤ ᠪᠢᠯᠡ ᠳᠠ?
ᠶᠦᠨᠢ᠄ ᠣᠳ᠋ᠤ᠌ ᠡᠨᠡ ᠪᠦᠬᠦ ᠵᠦᠢᠯ ᠢ᠋ᠶ᠋ᠡᠨ ᠳᠠᠭᠤᠰᠬ᠎ᠠ᠂ ᠴᠢᠮ᠎ᠠ ᠶ᠋ᠢ ᠠᠬᠢᠵᠤ ᠨᠠᠢᠵᠠ ᠨᠤᠭᠤᠳ ᠢ᠋ ᠮᠢᠨᠢ ᠡᠪᠡᠳᠬᠡᠬᠦ ᠶ᠋ᠢ ᠪᠣᠯ ᠪᠢ ᠬᠡᠵᠢᠶ᠎ᠡ ᠴᠦ᠍ ᠵᠥᠪᠰᠢᠶᠡᠷᠡᠬᠦ ᠦᠭᠡᠢ᠃
ᠴᠠᠬᠢᠯᠭᠠᠨ᠄ ᠠ ᠲᠡᠢᠮᠦ ᠤᠤ? ᠴᠢ ᠲᠡᠭᠡᠭᠡᠳ ᠯᠡ ᠬᠠᠮᠠᠭᠠᠯᠠᠯᠲᠠ ᠪᠠᠨ ᠠᠬᠢᠵᠤ ᠲᠦᠷᠭᠡᠯᠡᠵᠦ ᠴᠢᠳᠠᠬᠤ ᠶᠤᠮ ᠤᠤ? ᠬᠠᠷᠠᠶ᠎ᠠ ᠯᠠ ᠳᠠ ᠬᠠᠷᠠᠶ᠎ᠠ᠃
ᠬᠠᠷᠠᠶ᠎ᠠ᠂ ᠬᠠᠷᠠᠶ᠎ᠠ ᠬᠥᠶᠢ᠂ ᠬᠠᠷᠠᠶ᠎ᠠ ᠭᠡᠳ ᠯᠡ ᠪᠠᠢᠨ᠎ᠠ ᠬᠥᠶᠢ᠂ ᠰᠤᠯᠠ ᠳᠣᠷᠣᠢ ᠴᠢᠳᠠᠯ ᠦᠭᠡᠢ ᠶᠠᠭᠤᠮ᠎ᠠ ᠪᠠᠢᠵᠤ᠂ ᠥᠭᠡᠳᠡ ᠡᠴᠡ ᠶᠠᠭᠤ ᠶᠠᠭᠤ ᠭᠡᠳ ᠪᠠᠢᠭ᠎ᠠ ᠶᠤᠮ᠂ ᠴᠢᠨᠦ ᠵᠥᠪᠰᠢᠶᠡᠷᠡᠬᠦ ᠵᠥᠪᠰᠢᠶᠡᠷᠡᠬᠦ ᠦᠭᠡᠢ ᠶᠡᠷᠦ ᠡᠴᠡ ᠪᠡᠨ ᠬᠠᠮᠢᠶ᠎ᠠ ᠦᠭᠡᠢ᠂ ᠵᠠ ᠤᠤ ? ᠨᠤᠤᠷᠤᠢ ᠭᠠᠷᠠᠭ ᠴᠢᠨᠢ ᠮᠥᠬᠥᠯ ᠳ᠋ᠦ᠍ ᠪᠡᠨ ᠬᠦᠷᠬᠦ ᠳ᠋ᠦ᠍ ᠡᠢᠮᠦ ᠪᠣᠭᠣᠨᠢᠬᠠᠨ ᠬᠤᠭᠤᠴᠠᠭ᠎ᠠ ᠦᠯᠡᠳᠡᠭᠰᠡᠨ ᠭᠡᠳᠡᠭ ᠢ᠋ ᠴᠢ ᠦᠨᠡᠨ ᠮᠡᠳᠡᠬᠦ ᠤᠤ?᠂ ᠮᠡᠳᠡᠬᠦ ᠦᠭᠡᠢ ᠰᠢᠲᠠ ᠲᠡᠢᠮᠦ᠃
ᠰᠠᠨᠢ᠄ ᠴᠢᠮ᠎ᠠ ᠳ᠋ᠤ᠌ ᠶᠦᠨᠢ ᠭᠡᠳᠡᠭ ᠬᠣᠴᠢ ᠥᠭᠭᠦᠶ᠎ᠡ᠂
ᠷᠦᠪᠢ᠄ ᠪᠢ ᠲᠣᠮᠣ ᠪᠣᠯᠤᠭᠠᠳ ᠴᠤ᠌ ᠪᠠᠰᠠ ᠢᠩᠭᠢᠵᠦ ᠲᠣᠭᠯᠠᠬᠤ ᠶ᠋ᠢ ᠮᠥᠷᠥᠭᠡᠳᠳᠡᠭ ᠠ᠋᠃
ᠶᠦᠨᠢ᠄ ᠶᠠᠭᠠᠬᠢᠭᠠᠳ?
ᠷᠦᠪᠢ᠄ᠲᠣᠮᠣ ᠪᠣᠯᠬᠤ ᠪᠠᠷ ᠠᠪᠤ ᠡᠵᠢ ᠨᠠᠷ ᠲᠣᠭᠯᠠᠬᠤ ᠪᠠᠨ ᠴᠤ᠌ ᠮᠠᠷᠲᠠᠴᠢᠬᠠᠳᠠᠭ᠂ ᠲᠡᠭᠡᠭᠡᠳ᠁
ᠪᠦᠭᠦᠳᠡᠭᠡᠷ᠄ ᠮᠡᠳᠡᠭᠡᠵᠢ ᠪᠢᠳᠡ ᠴᠢᠮ᠎ᠠ ᠳ᠋ᠤ᠌ ᠲᠤᠰᠠᠯᠠᠨ᠎ᠠ᠃
 ᠲᠤᠤᠨᠢ᠄ ᠶᠦᠨᠢ?
ᠰᠠᠨᠢ᠄ ᠶᠦᠨᠢ᠂ ᠶᠦᠨᠢ?
ᠶᠦᠨᠢ: ᠪᠢ ᠬᠠᠮᠢᠭ᠎ᠠ ᠪᠠᠢᠨ᠎ᠠ? ᠪᠢ ᠦᠬᠦᠴᠢᠬᠡᠭᠰᠡᠨ ᠶᠦᠮ ᠤᠤ?
ᠡᠵᠢ᠄ ᠮᠢᠨᠦ ᠥᠬᠢᠨ᠂ ᠦᠷ᠎ᠡ ᠮᠢᠨᠢ᠂ ᠮᠢᠨᠦ ᠥᠬᠢᠨ ᠠ᠋᠃ ᠰᠡᠷᠡᠭᠡᠷᠡᠢ! ᠮᠢᠨᠦ ᠥᠬᠢᠨ ᠰᠡᠷᠡᠭᠡᠷᠡᠢ !ᠬᠤᠷᠳᠤᠨ ᠰᠡᠷᠡᠭᠡᠷᠡᠢ ᠮᠢᠨᠦ ᠥᠬᠢᠨ ᠠ᠋᠃
ᠰᠠᠨᠢ᠄ ᠶᠦᠨᠢ?
ᠶᠦᠨᠢ᠄ ᠠ᠋? ᠠ᠋
ᠡᠵᠢ᠄ ᠮᠢᠨᠦ ᠥᠬᠢᠨ ᠠ᠋ !
ᠰᠠᠨᠢ᠄ ᠴᠢ ᠵᠦᠭᠡᠷ ᠤᠤ?
ᠶᠦᠨᠢ: ᠶᠣ ᠶᠣ᠂ ᠡᠨᠡ? ᠡᠨᠡ ᠴᠢᠨᠢ ᠶᠠᠭᠤ ᠪᠣᠢ ?ᠠᠷᠠᠢ ᠡᠪᠡᠷ ᠶᠦᠮ ᠤᠤ?
ᠰᠠᠨᠢ᠄ ᠪᠢᠳᠡ ᠪᠠᠰᠠ ᠰᠠᠢᠨ ᠮᠡᠳᠡᠬᠦ ᠦᠭᠡᠢ ᠪᠠᠢᠨ᠎ᠠ᠂ ᠴᠢᠮ᠎ᠠ ᠶ᠋ᠢ ᠣᠴᠢᠵᠤ ᠠᠪᠬᠤ ᠳ᠋ᠤ᠌ ᠯᠠ ᠡᠢᠮᠦ ᠪᠠᠢᠭᠰᠠᠨ᠃
ᠷᠦᠪᠢ᠄ ᠬᠠᠷᠢᠨ ᠲᠡᠢᠮᠦ᠂ ᠶᠠᠭᠤ ᠶᠤᠮ ᠪᠣᠯ ᠠ᠋᠂ ᠡᠪᠡᠷ ᠶᠦ᠍ᠮ ᠪᠢᠰᠢ ᠤᠤ ?
ᠶᠦᠨᠢ᠄ ᠨᠠᠢᠵᠠ ᠨᠤᠭᠤᠳ ᠠ᠋᠂ ᠢᠩᠭᠢᠬᠦ ᠳ᠋ᠦ᠍ ᠶᠠᠭᠤ ᠪᠣᠯᠤᠭᠰᠠᠨ ᠪᠣᠢ? ᠨᠥᠭᠦᠭᠡ ᠴᠠᠬᠢᠯᠭᠠᠨ ᠨᠤᠭᠤᠳ ᠬᠠᠮᠢᠭ᠎ᠠ ᠪᠠᠢᠨ᠎ᠠ? ᠲᠠ ᠬᠡᠳᠦ ᠢᠩᠭᠢᠬᠦ ᠳ᠋ᠦ᠍ ᠵᠦᠭᠡᠷ ᠪᠢᠵᠡ ᠳᠡ?
ᠲᠤᠤᠨᠢ: ᠴᠢ ᠪᠦᠷ ᠠᠶᠤᠮᠠᠷ ᠪᠠᠢᠭᠰᠠᠨ ᠰᠢᠳᠡ᠂ ᠭᠡᠨᠡᠳᠲᠡ ᠭᠠᠵᠠᠷ ᠠ᠋ᠴᠠ ᠬᠥᠭᠡᠷᠦᠭᠡᠳ ᠯᠡ᠂ ᠨᠢᠳᠦᠨ ᠡᠴᠡ ᠴᠢᠨᠢ ᠭᠡᠷᠡᠯ ᠭᠠᠷᠤᠭᠠᠳ ᠯᠠ᠂ ᠴᠢᠮ᠎ᠠ ᠶ᠋ᠢ ᠵᠥᠩᠳᠡᠭᠡᠨ ᠳᠠᠭᠤᠳᠠᠭᠰᠠᠨ ᠪᠢᠳᠡ ᠨᠠᠷ᠂ ᠴᠢ ᠪᠢᠳᠡ ᠨᠠᠷ ᠢ᠋ ᠶᠡᠷᠦ ᠡᠴᠡ ᠪᠡᠨ ᠠᠩᠵᠠᠭᠠᠷᠠᠬᠤ ᠦᠭᠡᠢ ᠪᠠᠢᠭᠰᠠᠨ ᠰᠢᠲᠠ᠃ ᠲᠡᠭᠡᠭᠰᠡᠨ ᠨᠥᠭᠦᠭᠡ ᠴᠠᠬᠢᠯᠭᠠᠨ ᠨᠤᠭᠤᠳ ᠴᠢᠨᠢ ᠪᠦᠭᠦᠳᠡ ᠰᠢᠳᠡᠭᠳᠡᠭᠡᠳ ᠯᠡ ᠠᠯᠠᠭ᠎ᠠ ᠪᠣᠯᠴᠢᠬᠠᠭᠰᠠᠨ᠃
ᠷᠦᠪᠢ᠄ ᠪᠦᠷ ᠦᠨᠡᠬᠡᠷ ᠭᠠᠯᠵᠠᠭᠤ ᠪᠠᠢᠭᠰᠠᠨ ᠠ᠋᠃
ᠶᠦᠨᠢ᠄ ᠢᠩᠭᠢᠬᠦ ᠳ᠋ᠦ᠍ ᠪᠤᠺᠠ ᠬᠠᠮᠢᠭ᠎ᠠ ᠪᠠᠢᠭ᠎ᠠ?
ᠰᠠᠨᠢ᠄ ᠲᠡᠷᠡ ᠬᠠᠷᠢᠨ᠁
ᠶᠦᠨᠢ: ᠶᠠᠭᠤ ᠪᠣᠯᠤᠭᠰᠠᠨ ᠶᠤᠮ ᠪᠣᠢ ᠨᠠᠢᠵᠠ ᠨᠤᠭᠤᠳ ᠠ᠋᠂ ᠪᠤᠺᠠ ᠵᠦᠭᠡᠷ ᠪᠢᠵᠡ ᠳᠡ? ᠪᠢ ᠭᠡᠮᠲᠦᠭᠡᠴᠢᠬᠡᠭᠰᠡᠨ ᠶᠦᠮ ᠤᠤ?
ᠷᠦᠪᠢ᠄ ᠪᠤᠺᠠ ᠵᠦᠭᠡᠷ ᠠ᠋᠂ ᠭᠡᠬᠦ ᠳ᠋ᠦ᠍ ᠪᠡᠨ ᠴᠠᠭᠠᠳᠤᠬᠢ ᠴᠢᠨᠢ ᠴᠢᠮ᠎ᠠ ᠶ᠋ᠢ ᠤᠬᠠᠭ᠎ᠠ ᠠᠯᠳᠠᠭᠰᠠᠨ ᠠ᠋ᠴᠠ ᠬᠣᠢᠰᠢ ᠨᠢᠭᠡ ᠯᠡ ᠰᠣᠨᠢᠨ ᠪᠣᠯᠤᠭᠠᠳ᠂ ᠬᠡᠨ ᠲᠡᠢ ᠴᠦ᠍ ᠠᠭᠤᠯᠵᠠᠬᠤ ᠦᠭᠡᠢ᠂ ᠭᠡᠷ ᠲᠦ᠍ ᠪᠡᠨ ᠥᠪᠡᠷ ᠢ᠋ ᠪᠡᠨ ᠲᠦᠭᠵᠢᠴᠢᠬᠡᠭᠡᠳ᠂ ᠭᠠᠷᠴᠤ ᠢᠷᠡᠬᠦ ᠦᠭᠡᠢ ᠪᠠᠢᠭ᠎ᠠ ᠭᠡᠳ ᠪᠣᠳᠣ ᠳᠠ᠃
ᠰᠠᠨᠢ᠄ ᠪᠤᠺᠠ ᠨᠠᠢᠵᠠ ᠳ᠋ᠤ᠌ ᠮᠠᠨᠢ ᠨᠢᠭᠡ ᠵᠦᠢᠯ ᠪᠣᠯᠤᠭᠰᠠᠨ ᠨᠢ ᠯᠠᠪᠲᠠᠢ᠂ ᠬᠡᠳᠦᠭᠦᠯᠡ ᠪᠡᠨ ᠪᠤᠺᠠ ᠳᠡᠭᠡᠷ᠎ᠡ ᠠᠬᠢᠭᠠᠳ ᠣᠴᠢᠭᠠᠳ ᠦᠵᠡᠬᠦ ᠤᠤ?
ᠪᠤᠺᠠ᠄ ᠬᠡ? ᠨᠠᠢᠵᠠ ᠨᠤᠭᠤᠳ ᠲᠠᠢ ᠪᠠᠨ ᠠᠭᠤᠯᠵᠠᠬᠤ ᠦᠭᠡᠢ ᠪᠤᠯᠲᠠᠭᠠᠳ ᠪᠠᠢᠬᠤ ᠪᠠᠷ ᠨᠠᠢᠵᠠ ᠨᠤᠭᠤᠳ ᠮᠠᠨᠢ ᠨᠠᠳᠠ ᠭᠣᠮᠣᠳᠠᠭ᠎ᠠ ᠦᠭᠡᠢ ᠪᠠᠢᠬᠤ ᠠ᠋᠃ ᠭᠡᠬᠦ ᠳ᠋ᠦ᠍ ᠪᠡᠨ ᠣᠳᠣᠬᠠᠨ ᠳ᠋ᠤ᠌ ᠪᠠᠨ ᠠᠭᠤᠯᠵᠠᠬᠤ ᠪᠣᠯᠤᠮᠵᠢ ᠦᠭᠡᠢ ᠪᠠᠢᠭᠠᠳ ᠪᠠᠢᠳᠠᠭ᠃ ᠶᠦᠨᠢ ᠡᠨᠡ ᠵᠢᠵᠢᠭᠬᠡᠨ ᠴᠠᠬᠢᠯᠭᠠᠨ ᠢ᠋ ᠬᠠᠷᠠᠭᠠᠳ ᠭᠣᠮᠣᠳᠠᠬᠤ ᠪᠣᠯ ᠤᠤ? ᠬᠡᠳᠦᠢ ᠳᠠᠢᠰᠤᠨ ᠴᠤ᠌ ᠭᠡᠰᠡᠨ ᠨᠠᠮ᠎ᠠ ᠶ᠋ᠢ ᠠᠪᠤᠷᠠᠭᠰᠠᠨ ᠶᠡᠬᠡ ᠰᠠᠢᠬᠠᠨ ᠰᠡᠳᠬᠢᠯ ᠲᠡᠢ ᠶᠤᠮᠰᠠᠨ᠃ ᠨᠠᠢᠵᠠ ᠨᠤᠭᠤᠳ ᠲᠤ᠌ ᠪᠠᠨ ᠶᠠᠭᠠᠬᠢᠵᠤ ᠣᠢᠯᠠᠭᠠᠭᠤᠯᠬᠤ ᠪᠣᠢ? ᠠᠢ ! ᠠ᠋? ᠶᠠᠭᠠᠬᠢᠨ᠎ᠠ ? ᠣᠳᠣ ᠪᠢ ᠶᠠᠭᠠᠬᠢᠨ᠎ᠠ? ᠣ ᠳ᠋ᠤ᠌ ᠪᠢ ᠶᠠᠭᠠᠬᠢᠬᠤ ᠤᠤ ᠶᠠᠭᠠᠬᠢᠬᠤ ᠤᠤ?᠁ ᠪᠠᠯᠠᠢᠷᠠᠯ᠎ᠠ᠂ ᠪᠠᠯᠠᠢᠷᠠᠯ᠎ᠠ᠃ ᠶᠠᠭᠠᠬᠢᠬᠤ ᠤᠤ?᠁ ᠥᠩ ᠶᠣ ! ᠶᠣ ᠶᠣ ᠶᠣ᠂ ᠶᠠᠭᠠᠬᠢᠭᠰᠠᠨ ᠶᠤᠮ ᠪᠣᠯ? ᠶᠠᠭᠠᠬᠢᠭᠰᠠᠨ ᠶᠤᠮ ᠶᠠᠭᠠᠬᠢᠭᠰᠠᠨ ᠶᠤᠮ ᠨᠠᠢᠵᠠ ᠨᠤᠭᠤᠳ ᠠ᠋᠂ ᠦ ᠰᠠᠢᠨ ᠤᠤ ᠨᠠᠢᠵᠠ ᠨᠤᠭᠤᠳ ᠠ᠋᠂ ᠬᠡᠩ ᠶᠣᠬᠣ᠃ ᠤᠤ ᠶᠦᠨᠢ ᠴᠢ ᠵᠦᠭᠡᠷ ᠤᠤ?
ᠲᠤᠤᠨᠢ᠄ ᠶᠠᠭᠤ ᠶᠠᠭᠠᠬᠢᠭᠰᠠᠨ ᠭᠡᠵᠦ᠂ ᠶᠠᠮᠠᠷ ᠤᠳᠠᠭᠠᠨ ᠬᠠᠭᠠᠯᠭ᠎ᠠ ᠪᠠᠨ ᠲᠠᠢᠯᠳᠠᠭ ᠶᠤᠮ ᠪᠣᠢ ?ᠨᠠᠭᠠᠨ᠎ᠠ ᠪᠠᠨ ᠶᠠᠭᠤ ᠬᠢᠭᠡᠳ ᠪᠠᠢᠭ᠎ᠠ ᠶᠤᠮ?
ᠷᠦᠪᠢ᠄ ᠠᠯᠢᠪ ᠣᠷᠣᠶ᠎ᠠ ᠯᠠ ᠳᠠ᠃ ᠣᠷᠣᠶ᠎ᠠ ᠣᠷᠣᠶ᠎ᠠ᠁᠃
ᠪᠤᠺᠠ᠄ ᠪᠠᠢᠵᠤ ᠪᠠᠢ ᠯᠠ ᠳᠠ᠂ ᠶᠠᠭᠤ ᠴᠤ᠌ ᠪᠣᠯᠤᠭ᠎ᠠ ᠦᠭᠡᠢ ᠪᠠᠢᠬᠤ ᠳ᠋ᠤ᠌ ᠴᠢᠨᠢ ᠣᠷᠣᠶ᠎ᠠ ᠣᠷᠣᠶ᠎ᠠ  ᠢᠩᠭᠢᠭᠡᠳ ᠪᠠᠢᠬᠤ  ᠶᠤᠮ᠃
 ᠁ᠲᠤᠤᠨᠢ᠄ ᠶᠠᠭᠤ ᠪᠣᠢ ? ᠪᠠᠬᠠᠨ ᠶᠠᠭᠤᠮ᠎ᠠ ᠲᠦᠵᠢᠭᠢᠨᠡᠭᠡᠳ ᠪᠠᠢᠭᠰᠠᠨ ᠪᠢᠵᠡ ᠳᠡ᠂ ᠡᠨᠳᠡ ᠨᠢᠭᠡ ᠯᠡ ᠨᠢᠭᠤ ᠪᠠᠢᠨ᠎ᠠ ᠳᠠ᠃
ᠰᠠᠨᠢ᠄ ᠪᠤᠺᠠ ᠴᠢ ᠵᠦᠭᠡᠷ ᠤᠤ?
ᠶᠦᠨᠢ᠄ ᠪᠢᠳᠡᠨ ᠳ᠋ᠦ᠍ ᠶᠠᠭᠤ ᠪᠣᠯᠤᠭᠰᠠᠨ ᠢ᠋ᠶ᠋ᠠᠨ ᠬᠡᠯᠡᠬᠦ ᠦᠭᠡᠢ ᠶᠦ᠍ᠮ ᠤᠤ?
 ᠲᠤᠤᠨᠢ᠄ ᠬᠡᠢ? ᠶᠠᠭᠤ ᠪᠠᠬᠠᠨ ᠬᠣᠭ ᠪᠣᠢ ?
ᠪᠤᠺᠠ᠄ ᠵᠦᠭᠡᠷ ᠯᠡ ᠲᠣᠭᠯᠠᠭᠠᠮ ᠪᠠᠢᠨ᠎ᠠ ᠳᠠ᠂ ᠵᠦᠭᠡᠷ ᠯᠡ ᠲᠣᠭᠯᠠᠭᠠᠮ ᠪᠠᠢᠬᠤ ᠳ᠋ᠤ᠌ ᠴᠢᠨᠢ᠃
ᠲᠤᠤᠨᠢ᠄ ᠠᠢ ! ᠪᠤᠷᠬᠠᠨ ᠮᠢᠨᠢ ᠠ᠋᠂
ᠷᠦᠪᠢ᠄ ᠭᠦᠦᠭ᠂ ᠡᠨᠡ ᠶᠠᠭᠤ ᠪᠣᠢ ?
ᠶᠦᠨᠢ᠄ ᠨᠠᠢᠵᠠ ᠨᠤᠭᠤᠳ ᠠ᠋᠂ ᠮᠢᠨᠦ ᠬᠣᠢᠨ᠎ᠠ ᠣᠷᠣᠭᠠᠷᠠᠢ!
ᠪᠤᠺᠠ᠄ ᠦᠭᠡᠢ᠁ ᠬᠦᠯᠢᠶᠡᠭᠡᠷᠡᠢ ! ᠨᠠᠢᠵᠠ ᠨᠤᠭᠤᠳ ᠠ᠋᠂ ᠲᠠ ᠬᠡᠳᠦ ᠪᠤᠷᠤᠭᠤ ᠣᠢᠯᠠᠭᠠᠭᠠᠳ ᠪᠠᠢᠨ᠎ᠠ᠂
ᠡᠰᠡᠷᠭᠦ ᠰᠢᠳᠢᠲᠡᠨ᠄  ᠲᠡᠷᠡ ᠮᠠᠭᠤ ᠪᠢᠴᠢᠬᠠᠨ ᠵᠣᠯᠢᠭ ᠢ᠋ ᠬᠦᠴᠦ ᠴᠢᠳᠠᠯ ᠢ᠋ᠶ᠋ᠠᠷ ᠰᠢᠯᠭᠠᠶ᠎ᠠ ᠭᠡᠰᠡᠨ ᠨᠢ ᠶᠣᠰᠣᠲᠠᠢ ᠬᠣᠬᠢ ᠳ᠋ᠤ᠌ ᠪᠠᠨ ᠰᠢᠦ ᠂ ᠨᠤᠤᠷᠤᠢ ᠭᠠᠷᠠᠭ ᠤ᠋ᠨ  ᠰᠡᠭᠦᠯ ᠦ᠋ᠨ ᠣᠳᠣ ᠮᠥᠬᠥᠪᠡᠯ᠂ ᠪᠦᠬᠦ ᠵᠦᠢᠯ ᠮᠢᠨᠦ ᠬᠦᠰᠡᠭᠰᠡᠨ ᠢ᠋ᠶ᠋ᠡᠷ ᠪᠠᠢᠬᠤ ᠪᠣᠯᠤᠨ᠎ᠠ ᠳᠠ᠃
ᠴᠠᠬᠢᠯᠭᠠᠨ᠄ ᠬᠦᠦᠱ᠌ᠢ ᠪᠢ ᠴᠢᠮ᠎ᠠ ᠨᠢᠭᠡ ᠨᠢᠭᠤᠴᠠ ᠬᠡᠯᠡᠬᠦ ᠤᠤ? ᠨᠤᠤᠷᠤᠢ ᠭᠠᠷᠠᠭ ᠤ᠋ᠨ ᠠᠪᠤᠷᠠᠭᠴᠢ  ᠠᠤᠭ᠎ᠠ ᠰᠢᠳᠢᠲᠡᠨ ᠳᠣᠯᠣᠭᠠᠨ ᠴᠢᠳᠠᠪᠤᠷᠢ ᠶ᠋ᠢ ᠰᠡᠷᠭᠦᠭᠡᠬᠦ ᠶ᠋ᠢᠨ  ᠲᠤᠯᠠᠳᠠ ᠲᠤᠰ ᠪᠦᠷᠢ ᠶ᠋ᠢᠨ ᠳᠠᠪᠠᠭ᠎ᠠ ᠶ᠋ᠢ ᠵᠠᠪᠠᠯ ᠳᠠᠪᠠᠨ ᠲᠤᠭᠤᠯᠬᠤ ᠬᠡᠷᠡᠭᠲᠡᠢ ᠭᠡᠵᠦ ᠪᠠᠢᠯ᠎ᠠ ᠰᠢᠲᠠ᠃
ᠰᠠᠨᠢ᠄ ᠬᠥᠶᠢ᠂ ᠲᠡᠷᠡ ᠥᠴᠥᠭᠡᠳᠦᠷ ᠦ᠋ᠨ ᠴᠠᠬᠢᠯᠭᠠᠨ  ᠭᠡᠷᠡᠯ ᠭᠡᠳ ᠪᠠᠢᠭᠰᠠᠨ ᠮᠠᠭᠤ ᠰᠠᠨᠠᠭᠠᠲᠠᠨ ᠪᠢᠰᠢ ᠤᠤ?
 ᠲᠤᠤᠨᠢ᠄ ᠮᠥᠨ ᠪᠠᠢᠨ᠎ᠠ᠂ ᠭᠡᠬᠦ ᠳ᠋ᠦ᠍ ᠪᠡᠨ ᠲᠡᠷᠡ ᠬᠠᠵᠠᠭᠤ ᠳ᠋ᠤ᠌ ᠨᠢ ᠶᠠᠷᠢᠭᠠᠳ ᠪᠠᠢᠭ᠎ᠠ ᠨᠢ ᠬᠡᠨ ᠶᠦ᠍ᠮ ᠪᠣᠢ ?
ᠵᠢᠵᠢᠭ ᠴᠠᠬᠢᠯᠭᠠᠨ᠄ ᠴᠢᠨᠦ?
ᠪᠤᠺᠠ᠄ ᠬᠥᠶᠢ᠂ ᠬᠥᠶᠢ ᠠ᠋᠂ ᠴᠢ ᠵᠦᠭᠡᠷ ᠤᠤ? ᠬᠥᠶᠢ?
ᠵᠢᠵᠢᠭ ᠴᠠᠬᠢᠯᠭᠠᠨ᠄ ᠴᠢᠨᠦ᠁ ᠴᠢᠨᠦ ᠬᠡᠷᠡᠭᠲᠡᠢ᠁
ᠷᠦᠪᠢ᠄ ᠰᠠᠶᠢ ᠶ᠋ᠢᠨ ᠬᠢ ᠶᠠᠭᠤ ᠪᠠᠢᠭᠰᠠᠨ ᠪᠣᠢ? ᠶᠦᠨᠢ ᠴᠢ ᠮᠡᠳᠡᠬᠦ ᠤᠤ?
ᠶᠦᠨᠢ᠄ ᠪᠢ ᠪᠠᠰᠠ ᠰᠠᠢᠨ ᠮᠡᠳᠡᠬᠦ ᠦᠭᠡᠢ ᠯᠡ ᠪᠠᠢᠨ᠎ᠠ᠂
ᠰᠠᠨᠢ᠄ ᠡᠨᠡ ᠶᠠᠭᠤ  ᠶᠤᠮ ᠪᠣᠢ? ᠪᠤᠺᠠ ᠠ᠋᠂ ᠠ ! ᠁ ᠡᠨᠡ᠂ ᠡᠨᠡ ᠨᠥᠭᠦᠭᠡ ᠳᠠᠢᠰᠤᠨ ᠤ᠋ ᠴᠡᠷᠢᠭ ᠶᠦᠮ ᠪᠢᠰᠢ ᠤᠤ?
ᠪᠤᠺᠠ᠄ ᠪᠢ ᠨᠢᠭᠤᠵᠤ ᠪᠠᠢᠭᠰᠠᠨ ᠶᠤᠮ ᠠ᠋᠂ ᠶᠦᠨᠢ ᠨᠠᠮ᠎ᠠ ᠶ᠋ᠢ ᠠᠭᠤᠴᠢᠯᠠᠭᠠᠷᠠᠢ ! ᠵᠢᠵᠢᠭ ᠴᠠᠬᠢᠯᠭᠠᠨ ᠢ᠋ ᠬᠠᠷᠠᠭᠠᠳ ᠴᠢᠮ᠎ᠠ ᠶ᠋ᠢ ᠠᠭᠤᠷᠯᠠᠬᠤ ᠪᠣᠯᠤᠨ᠎ᠠ ᠭᠡᠳ ᠰᠠᠨᠠᠭ᠎ᠠ ᠵᠣᠪᠠᠭᠰᠠᠨ  ᠶᠤᠮ᠃
ᠶᠦᠨᠢ᠄ ᠭᠡᠬᠦ ᠳ᠋ᠦ᠍ ᠪᠡᠨ ᠡᠨᠡ ᠶᠠᠭᠠᠬᠢᠭᠠᠳ ᠡᠨᠳᠡ ᠪᠠᠢᠭ᠎ᠠ ᠶᠤᠮ?
ᠪᠤᠺᠠ᠄ ᠲᠡᠷᠡ᠁ ᠶᠠᠭᠤ ᠯᠠ ᠳᠠ᠂ ᠲᠡᠷᠡ ᠦᠶ᠎ᠡ ᠳ᠋ᠦ᠍ ᠮᠢᠨᠦ ᠬᠠᠮᠠᠭᠠᠯᠠᠯᠲᠠ ᠶ᠋ᠢᠨ ᠪᠥᠮᠪᠥᠭᠡᠯᠢᠭ ᠬᠠᠭᠠᠷᠠᠭᠠᠳ ᠪᠢ ᠥᠨᠳᠥᠷ ᠡᠴᠡ ᠤᠨᠠᠴᠢᠬᠠᠭᠰᠠᠨ ᠯᠠ ᠶᠤᠮ ᠳᠠ᠂ ᠡᠨᠡ ᠵᠢᠵᠢᠭ ᠴᠠᠬᠢᠯᠭᠠᠨ ᠨᠠᠮ᠎ᠠ ᠶ᠋ᠢ ᠠᠪᠤᠷᠠᠭᠰᠠᠨ ᠪᠠᠢᠬᠤ ᠦᠭᠡᠢ ᠤᠤ᠃ ᠮᠠᠭᠤ ᠰᠠᠨᠠᠭ᠎ᠠ ᠲᠠᠢ ᠪᠢᠰᠢ᠃ ᠳᠠᠢᠰᠤᠨ ᠲᠠᠢ ᠯᠠ ᠬᠠᠮᠲᠤ ᠪᠠᠢᠵᠤ ᠪᠠᠢᠭᠰᠠᠨ ᠪᠣᠯᠬᠤ ᠠ᠋ᠴᠠ᠂ ᠲᠣᠭᠯᠠᠬᠤ ᠶᠡᠬᠡ ᠳᠤᠷᠠᠲᠠᠢ᠂ ᠰᠠᠢᠬᠠᠨ ᠰᠡᠳᠬᠢᠯ  ᠲᠡᠢ  ᠶᠦᠮ ᠪᠠᠢᠨ᠎ᠠ ᠪᠢᠯᠡ᠃
ᠰᠠᠨᠢ᠄ ᠡᠨᠡ ᠭᠡᠬᠦ ᠳ᠋ᠦ᠍ ᠪᠡᠨ  ᠶᠠᠭᠠᠬᠢᠴᠢᠬᠠᠭᠰᠠᠨ ᠶᠤᠮ ᠪᠣᠢ᠂ ᠶᠡᠬᠡ ᠯᠡ ᠴᠣᠩᠬᠢᠭᠠᠷ ᠬᠠᠷᠠᠭᠳᠠᠭᠠᠳ ᠪᠠᠢᠬᠤ ᠶᠤᠮ᠃
ᠪᠤᠺᠠ᠄ ᠶᠦᠨᠢ ᠳᠡᠭᠡᠷ᠎ᠡ ᠲᠠ ᠬᠡ ᠳ᠋ᠦ᠍ ᠣᠴᠢᠴᠢᠬᠠᠭᠰᠠᠨ ᠪᠠᠢᠬᠤ ᠦᠶ᠎ᠡ ᠳ᠋ᠦ᠍ ᠪᠢ  ᠪᠣᠰᠤᠭᠠᠳ ᠲᠠ ᠬᠡᠳᠦ ᠳᠡᠭᠡᠷ᠎ᠡ ᠣᠴᠢᠬᠤ ᠭᠡᠵᠦ ᠪᠠᠢᠬᠤ ᠳ᠋ᠤ᠌ ᠪᠠᠨ ᠡᠨᠡ ᠨᠠᠢᠵᠠ ᠶ᠋ᠢ ᠪᠡᠨ ᠣᠯᠤᠭᠰᠠᠨ ᠶᠤᠮ ᠯᠠ ᠳᠠ᠂ ᠲᠡᠷᠡ ᠶᠡᠬᠡ ᠪᠡᠷᠲᠡᠯ ᠲᠡᠢ ᠬᠠᠷᠠᠭᠳᠠᠵᠤ ᠪᠠᠢᠭᠰᠠᠨ ᠶᠤᠮ ᠪᠣᠯᠬᠣᠷ ᠨᠢ ᠭᠡᠷ ᠲᠦ᠍ ᠪᠡᠨ ᠠᠪᠴᠢᠷᠠᠭᠠᠳ ᠵᠢᠭᠠᠬᠠᠨ ᠠᠮᠠᠷᠠᠭᠠᠴᠢᠬᠠᠪᠠᠯ᠂ ᠵᠦᠭᠡᠷ ᠪᠣᠯᠴᠢᠬᠠᠬᠤ ᠶᠤᠮ ᠪᠠᠢᠬᠤ ᠭᠡᠵᠦ ᠪᠣᠳᠣᠭᠠᠳ᠂ ᠲᠡᠭᠡᠭᠡᠳ ᠭᠡᠷ ᠲᠦ᠍ ᠪᠡᠨ ᠪᠠᠢᠯᠭᠠᠵᠤ ᠪᠠᠢᠭᠰᠠᠨ ᠶᠤᠮ᠂ ᠡᠨᠡ ᠪᠠᠢᠭ᠎ᠠ ᠶ᠋ᠢ ᠨᠢ ᠮᠡᠳᠡᠴᠢᠬᠡᠪᠡᠯ᠂ ᠢᠯᠠᠩᠭᠤᠶ᠎ᠠ ᠶᠦᠨᠢ ᠶ᠋ᠢ ᠠᠭᠤᠷᠯᠠᠬᠤ ᠪᠠᠢᠬᠤ ᠭᠡᠵᠦ ᠪᠣᠳᠣᠭᠠᠳ ᠯᠠ ᠬᠡᠯᠡᠵᠦ ᠴᠢᠳᠠᠬᠤ ᠦᠭᠡᠢ ᠪᠠᠢᠭᠰᠠᠨ ᠶᠤᠮ᠃ ᠭᠡᠷ ᠡᠴᠡ ᠪᠡᠨᠴᠤ᠌ ᠭᠠᠷᠴᠤ ᠴᠢᠳᠠᠬᠤ ᠦᠭᠡᠢ ᠪᠠᠢᠯ᠎ᠠ᠃
ᠶᠦᠨᠢ᠄ ᠵᠦᠭᠡᠷ ᠠ᠋᠂ ᠪᠤᠺᠠ ᠪᠢᠲᠡᠭᠡᠢ ᠰᠠᠨᠳᠤᠷ ᠠ᠋᠂ ᠴᠢᠮ᠎ᠠ ᠶ᠋ᠢ ᠠᠪᠤᠷᠠᠭᠰᠠᠨ ᠪᠣᠯᠬᠣᠷ ᠬᠠᠷᠢᠨ ᠴᠤ᠌ ᠪᠢᠳᠡ ᠪᠠᠶᠠᠷ ᠲᠠᠢ ᠪᠠᠢᠨ᠎ᠠ᠃
 ᠲᠤᠤᠨᠢ᠄ ᠨᠠᠢᠵᠠ ᠨᠤᠭᠤᠳ ᠠ᠋᠂ ᠰᠠᠨᠠᠭ᠎ᠠ ᠪᠠᠨ ᠪᠤᠤ ᠯᠠ ᠴᠢᠯᠡᠭᠡ ᠯᠡ ᠳᠡ᠂ ᠦᠨᠡᠬᠡᠷ ᠪᠢᠳᠡᠨ ᠨᠠᠷ ᠢ᠋ ᠬᠠᠭᠤᠷᠴᠤ ᠪᠠᠢᠪᠠᠯ ᠠᠤᠭ᠎ᠠ  ᠲᠤᠤᠨᠢ ᠪᠢ ᠲᠠ ᠨᠠᠷ ᠢ᠋ ᠠᠪᠤᠷᠠᠵᠤ ᠪᠣᠯᠤᠨ᠎ᠠ ᠰᠢᠳᠡ᠂ ᠬᠡ ᠬᠠ᠃ᠠ᠋ ᠠ !᠁
ᠷᠦᠪᠢ᠄  ᠲᠤᠤᠨᠢ ᠮᠢᠨᠢ ᠳᠡ᠂ ᠬᠡ ᠬᠡ
ᠵᠢᠵᠢᠭ ᠴᠠᠬᠢᠯᠭᠠᠨ᠄ ᠲᠤᠰᠠᠯᠠᠭᠠᠴᠢ᠂ ᠨᠠᠳᠠ ᠲᠤᠰᠠᠯᠠᠭᠠᠴᠢ !
ᠷᠦᠪᠢ᠄ ᠶᠠᠭᠤ ᠭᠡᠨ᠎ᠡ᠂ ᠤᠰᠤ ᠥᠭᠭᠦᠭᠡᠴᠢ ᠭᠡᠰᠡᠨ ᠤᠤ? ᠶᠠᠭᠤ ᠭᠡᠵᠦ ᠤᠤ? ᠠ ?
ᠰᠠᠨᠢ᠄ ᠲᠡᠭᠦᠨ ᠳ᠋ᠦ᠍ ᠶᠠᠭᠠᠬᠢᠵᠤ ᠲᠤᠰᠠᠯᠠᠬᠤ ᠤᠤ?
 ᠲᠤᠤᠨᠢ᠄ ᠴᠡᠨᠡᠭᠯᠡᠭᠡᠳ ᠦᠵᠡᠬᠦ ᠤᠤ?
ᠶᠦᠨᠢ᠄ ᠨᠡᠭᠡᠷᠡᠨ ᠲᠡᠭᠡᠶ᠎ᠡ ! ᠭᠡᠬᠦ ᠳ᠋ᠦ᠍ ᠪᠡᠨ ᠶᠠᠭᠠᠬᠢᠵᠤ ᠪᠢᠯᠡ ?
ᠾᠦᠩ ᠸᠧᠢ ᠦᠰᠦᠭ ᠢ᠋ ᠨᠢ ᠠᠮᠢᠯᠠᠭᠤᠯᠵᠤ  ᠬᠦᠳᠡᠯᠭᠡᠭᠡᠨᠲᠤ  ᠵᠢᠷᠤᠭ  ᠲᠦ  ᠨᠢ ᠬᠠᠲᠠᠪᠠ ᠂ ᠱᠤᠳᠤᠷᠭᠤ ᠮᠥᠴᠢᠷ ᠬᠣᠶᠠᠷ ᠬᠢᠨᠠᠵᠤ ᠥᠭᠪᠡ ᠃