ᠪᠤᠯᠴᠠᠭᠠᠷ 1-02 ᠰᠢᠳᠢᠲᠦ ᠪᠥᠮᠪᠥᠭᠡᠯᠢᠭБулцгар-Шидэт бөмбөлөг ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠯᠴᠠᠭᠠᠷ 1-02 ᠰᠢᠳᠢᠲᠦ ᠪᠥᠮᠪᠥᠭᠡᠯᠢᠭБулцгар-Шидэт бөмбөлөг

ᠪᠤᠯᠴᠠᠭᠠᠷ 1-02 ᠰᠢᠳᠢᠲᠦ ᠪᠥᠮᠪᠥᠭᠡᠯᠢᠭБулцгар-Шидэт бөмбөлөг

2024-07-20

1247

ᠰᠢᠳᠢᠲᠦ ᠪᠥᠮᠪᠥᠭᠡᠯᠢᠭ

ᠶᠦᠨᠢ᠄ ᠬᠥᠥᠭ᠂ ᠥᠨᠥᠳᠥᠷ ᠴᠢᠨᠢ ᠶᠠᠭᠠᠬᠢᠭᠰᠠᠨ ᠰᠠᠢᠬᠠᠨ ᠡᠳᠦᠷ ᠪᠣᠢ?ᠶᠣᠰᠣᠲᠠᠢ ᠯᠠ ᠳᠠᠭᠤᠤ ᠳᠠᠭᠤᠯᠠᠭᠠᠳ᠂ ᠪᠥᠵᠢᠭ ᠪᠥᠵᠢᠭᠯᠡᠮᠡᠷ ᠡᠳᠦᠷ ᠪᠠᠢᠨ᠎ᠠ ᠳᠠ! ᠠᠯᠢᠪ!  ᠨᠠᠢᠵᠠ ᠨᠤᠭᠤᠳ ᠠ᠋᠂ ᠬᠠᠮᠲᠤ ᠳ᠋ᠤ᠌ ᠪᠠᠨ ᠳᠠᠭᠤᠯᠠᠵᠤ ᠪᠥᠵᠢᠭᠯᠡᠶ᠎ᠡ ᠯᠡ ᠳᠡ! ᠪᠦᠭᠦᠳᠡᠭᠡᠷ ᠪᠠᠢᠷᠢ ᠪᠠᠨ ᠡᠵᠡᠯᠡᠭᠡᠳ ᠵᠣᠭᠰᠣᠭᠠᠷᠠᠢ! ᠪᠤᠺᠠ ᠬᠠᠮᠲᠤ ᠪᠥᠵᠢᠭᠯᠡᠪᠡᠯ ᠭᠣᠶᠣ ᠰᠢᠦ!  ᠵᠠ᠂ ᠨᠢᠭᠡ᠂ ᠬᠣᠶᠠᠷ ᠤ᠋ᠨ᠂ ᠭᠤᠷᠪᠠ ᠠ᠋᠃
ᠰᠠᠨᠢ᠄ᠪᠠᠢᠵᠤ ᠪᠠᠢᠭᠠᠷᠠᠢ ᠪᠠᠢᠵᠤ ᠪᠠᠢᠭᠠᠷᠠᠢ᠂ ᠪᠢ ᠳᠠᠭᠤᠤ ᠶ᠋ᠢᠨ ᠢ᠋ᠶ᠋ᠡᠨ ᠦᠭᠡ ‍ᠶ᠋ᠢ ᠰᠠᠨᠠᠳᠠᠭ ᠦᠭᠡᠢ᠃
ᠲᠤᠤᠨᠢ᠄ ᠵᠠ᠂ ᠵᠦᠭᠡᠷ ᠳᠡ᠂ ᠬᠠᠮᠲᠤ ᠳᠠᠭᠤᠯᠠᠬᠤ ᠪᠠᠷ ᠰᠠᠨᠠᠴᠢᠬᠠᠬᠤ ᠪᠠᠢᠬᠤ ᠠ᠋! 
ᠶᠦᠨᠢ᠄ ᠵᠠ᠂ ᠨᠠᠢᠵᠠ ᠨᠤᠭᠤᠳ ᠠ᠋᠂ ᠨᠢᠭᠡ᠂ ᠬᠣᠶᠠᠷ ᠤ᠋ᠨ᠂ ᠭᠤᠷᠪᠠ ᠠ᠋᠃
ᠳᠠᠭᠤᠤ ᠶ᠋ᠢᠨ ᠦᠭᠡ᠄
ᠰᠠᠬᠢᠯᠭ᠎ᠠ ᠦᠭᠡᠢ ᠷᠦᠪᠢ ᠲᠣᠮᠣᠭ᠎ᠠ ᠦᠭᠡᠢ ᠲᠤᠤᠨᠢ ᠭᠣᠶᠣᠮᠰᠣᠭ ᠰᠠᠨᠢ ᠪᠤᠯᠴᠠᠭᠠᠷ ᠪᠤᠺᠠ
ᠤᠬᠠᠭᠠᠨᠲᠠᠢ᠂ ᠪᠠᠰᠠ ᠴᠣᠭᠯᠢᠭ᠂ ᠬᠥᠭᠡᠷᠦᠬᠦᠨ ᠶᠦᠨᠢ
ᠪᠤᠯᠴᠠᠭᠠᠷ ᠨᠠᠢᠵᠠ ᠨᠤᠭᠤᠳ ᠦᠷᠭᠦᠯᠵᠢ ᠬᠠᠮᠲᠤ ᠳ᠋ᠤ᠌ ᠪᠠᠨ
ᠪᠤᠯᠴᠠᠭᠠᠷᠬᠠᠨ᠂ ᠪᠤᠯᠴᠠᠭᠠᠷᠬᠠᠨ ᠨᠠᠢᠵᠠ ᠨᠤᠭᠤᠳ ᠠ᠋! 
ᠪᠦᠭᠦᠳᠡᠭᠡᠷ ᠢ᠋ᠶ᠋ᠡᠨ ᠬᠠᠮᠲᠤ ᠳ᠋ᠤ᠌ ᠪᠠᠨ ᠳᠠᠭᠤᠯᠠᠵᠤ ᠪᠥᠵᠢᠭᠯᠡᠵᠡᠭᠡᠶ᠎ᠡ! 
ᠪᠤᠯᠴᠠᠭᠠᠷᠬᠠᠨ᠂ ᠪᠤᠯᠴᠠᠭᠠᠷᠬᠠᠨ ᠵᠢᠭᠠᠯ ᠤ᠋ᠳ ᠠ᠋
ᠪᠦᠭᠦᠳᠡᠭᠡᠷ ᠢ᠋ᠶ᠋ᠡᠨ ᠬᠠᠮᠲᠤ ᠳ᠋ᠤ᠌ ᠪᠠᠨ ᠳᠠᠭᠤᠯᠠᠵᠤ ᠪᠥᠵᠢᠭᠯᠡᠵᠡᠭᠡᠶ᠎ᠡ! 
ᠪᠤᠯᠴᠠᠭᠠᠷᠬᠠᠨ ᠨᠠᠢᠵᠠ ᠨᠤᠭᠤᠳ ᠲᠠᠢ ᠪᠠᠨ ᠬᠠᠮᠲᠤ ᠠᠶᠠᠯᠠᠭᠠᠳ
ᠷᠢᠳᠢ᠂ ᠰᠢᠳᠢ ᠶ᠋ᠢᠨ ᠨᠢᠭᠤᠴᠠ ᠨᠤᠭᠤᠳ ᠢ᠋ ᠣᠯᠵᠤ ᠮᠡᠳᠡᠶ᠎ᠡ
ᠲᠤᠤᠨᠢ ᠲᠠᠢ᠂ ᠰᠠᠨᠢ ᠲᠠᠢ᠂ ᠶᠦᠨᠢ ᠲᠡᠢ ᠷᠦᠪᠢ ᠲᠡᠢ᠂ ᠪᠤᠺᠠ ᠲᠠᠢ ᠬᠠᠮᠲᠤ ᠳᠠᠭᠤᠯᠠᠶ᠎ᠠ! 
ᠥᠨᠥᠳᠥᠷ ᠪᠢᠳᠡ ᠨᠠᠷ ᠪᠢᠴᠢᠬᠠᠨ ᠴᠤ᠌ ᠭᠡᠯ᠎ᠡ ᠠᠰᠠᠭᠤᠳᠠᠯ ᠪᠦᠬᠦᠨ ᠢ᠋ ᠳᠠᠪᠠᠬᠤ ᠵᠣᠷᠢᠭ ᠲᠠᠢ
ᠬᠣᠷᠣᠨ ᠰᠠᠨᠠᠭᠠᠲᠠᠨ ᠲᠠᠢ ᠲᠠᠭᠠᠷᠠᠯᠳᠤᠳᠠᠭ ᠶᠤᠮ ᠪᠣᠯ ᠵᠣᠷᠢᠭ ᠲᠠᠢ ᠪᠠᠢᠵᠤ ᠪᠦᠭᠦᠳᠡ ‍ᠶ᠋ᠢ ᠢᠯᠠᠨ᠎ᠠ᠃
ᠪᠤᠯᠴᠠᠭᠠᠷᠬᠠᠨ᠂ ᠪᠤᠯᠴᠠᠭᠠᠷᠬᠠᠨ ᠨᠠᠢᠵᠠ ᠨᠤᠭᠤᠳ ᠠ᠋
ᠪᠦᠭᠦᠳᠡᠭᠡᠷ ᠢ᠋ᠶ᠋ᠡᠨ ᠬᠠᠮᠲᠤ ᠳ᠋ᠤ᠌ ᠪᠠᠨ ᠳᠠᠭᠤᠯᠠᠵᠤ ᠪᠥᠵᠢᠭᠯᠡᠵᠡᠭᠡᠶ᠎ᠡ! 
ᠪᠤᠯᠴᠠᠭᠠᠷᠬᠠᠨ᠂ᠪᠤᠯᠴᠠᠭᠠᠷᠬᠠᠨ ᠵᠢᠭᠠᠯ ᠤ᠋ᠳ ᠠ᠋
ᠪᠦᠭᠦᠳᠡᠭᠡᠷ ᠢ᠋ᠶ᠋ᠡᠨ ᠬᠠᠮᠲᠤ ᠳ᠋ᠤ᠌ ᠪᠠᠨ ᠳᠠᠭᠤᠯᠠᠵᠤ ᠪᠥᠵᠢᠭᠯᠡᠵᠡᠭᠡᠶ᠎ᠡ
ᠲᠡᠢᠮᠦ ᠠ᠋᠂ ᠪᠤᠯᠴᠠᠭᠠᠷ! 
ᠰᠢᠮᠨᠤ᠄ ᠵᠢᠵᠢᠭᠬᠡᠨ ᠭᠠᠭᠴᠠ ᠬᠡᠷᠡᠭ ᠲᠦ᠍ ᠲᠠᠬᠢᠵᠤ ᠣᠴᠢᠬᠤ ᠠᠵᠤ ᠲᠠᠢ ᠪᠣᠯᠴᠢᠬᠠᠵᠠᠢ᠂ ᠵᠠ ᠶᠠᠭᠠᠬᠢᠬᠤᠪ᠂ ᠴᠢ ᠨᠠᠭᠠᠨ᠎ᠠ ᠪᠠᠨ ᠬᠥᠭᠵᠢᠯᠳᠦᠵᠦ ᠯᠡ ᠪᠠᠢ᠂ᠬᠠᠷᠢᠨ ᠲᠥᠷᠥᠭᠰᠡᠨ ᠨᠤᠲᠤᠭ ᠲᠤ᠌ ᠪᠠᠨ ᠡᠷᠭᠢᠵᠦ ᠢᠷᠡᠨ᠎ᠡ ᠭᠡᠵᠦ ᠮᠥᠷᠥᠭᠡᠳᠦᠭᠰᠡᠨ ᠦ᠌ ᠴᠦ᠍ ᠬᠡᠷᠡᠭ ᠦᠭᠡᠢ᠂ ᠠᠢ ᠬᠦᠯᠢᠶᠡᠵᠦ ᠪᠠᠢ᠂ ᠨᠠᠳᠠ ᠴᠢᠮ᠎ᠠ ᠳ᠋ᠤ᠌ ᠪᠡᠯᠡᠳᠦᠭᠰᠡᠨ ᠭᠡᠨᠡᠳᠲᠡ ᠶ᠋ᠢᠨ ᠪᠡᠯᠡᠭ ᠪᠠᠢᠭ᠎ᠠ ᠰᠢᠦ᠂ ᠬᠡ ᠬᠠ ᠬᠠ᠃
ᠶᠦᠨᠢ᠄ ᠬᠡᠦᠬᠡᠳ ᠦ᠋ᠳ ᠠ᠋᠂ ᠲᠠ ᠨᠠᠷ ᠶᠠᠭᠠᠬᠢᠭᠠᠳ ᠨᠠᠳᠠ ᠰᠢᠭ᠋ ᠰᠠᠨᠠᠭ᠎ᠠ ᠠᠯᠳᠠᠭᠠᠳ ᠪᠠᠢᠭ᠎ᠠ ᠶᠤᠮ ᠪᠣᠢ? ᠠᠷᠠᠢ ᠲᠠ ᠨᠠᠷ ᠤ᠋ᠨ ᠴᠤ᠌ ᠭᠡᠰᠡᠨ ᠪᠤᠴᠠᠬᠤ ᠲᠣᠪᠴᠢ ᠠᠯᠠᠭ᠎ᠠ ᠪᠣᠯᠴᠢᠬᠠᠭᠰᠠᠨ ᠶᠤᠮ ᠪᠢᠰᠢ ᠪᠢᠵᠡ ᠳᠡ᠃
ᠲᠤᠤᠨᠢ᠄ ᠦᠭᠡᠢ ᠦᠭᠡᠢ᠂ ᠴᠢᠨᠦ ᠭᠡᠷ ᠲᠦ᠍ ᠪᠡᠨ ᠬᠠᠷᠢᠬᠤ ᠲᠣᠪᠴᠢ ᠠᠯᠠᠭ᠎ᠠ ᠪᠣᠯᠴᠢᠬᠠᠭᠰᠠᠨ ᠪᠣᠯᠬᠣᠷ ᠪᠢᠳᠡ ᠨᠠᠷ ᠴᠤ᠌ ᠪᠠᠰᠠ ᠰᠠᠨᠠᠭ᠎ᠠ ᠠᠯᠳᠠᠭᠰᠠᠨ ᠪᠠᠢᠬᠤ ᠦᠭᠡᠢ ᠤᠤ ᠳᠠ᠃
ᠶᠦᠨᠢ᠄ ᠠ? ᠶᠠᠭᠠᠬᠢᠭᠠᠳ ᠲᠡᠷᠡ ᠪᠣᠢ?
ᠪᠤᠺᠠ᠄ ᠨᠥᠭᠦᠭᠡ ᠨᠠᠢᠵᠠ ᠨᠤᠭᠤᠳ ᠪᠣᠯᠬᠣᠷ ᠴᠢᠨᠢ ᠨᠢᠭᠡ ᠨᠢᠭᠡᠨ ᠳ᠋ᠦ᠍ ᠪᠡᠨ ᠰᠠᠨᠠᠭ᠎ᠠ ᠵᠣᠪᠠᠵᠤ᠁
ᠲᠤᠤᠨᠢ᠄ ᠵᠠ ᠵᠠ᠂ ᠪᠢᠲᠡᠭᠡᠢ ᠵᠢᠭᠠᠬᠠᠨ ᠬᠡᠦᠬᠡᠳ ᠦ᠋ᠳ ᠰᠢᠭ ᠤᠬᠢᠯᠠᠯᠳᠤᠭᠠᠳ ᠪᠠᠢ᠂ ᠲᠣᠮᠣ ᠪᠠᠢ ᠲᠣᠮᠣ ᠪᠠᠢ᠂ ᠲᠠ ᠬᠡᠳᠦ ᠡᠨᠳᠡ ᠪᠡᠨ ᠠᠶᠠᠲᠠᠢᠬᠠᠨ ᠪᠠᠢᠵᠤ ᠪᠠᠢ᠂ ᠣᠢᠯᠠᠭᠠᠭᠰᠠᠨ ᠤᠤ? ᠪᠤᠺᠠ ᠪᠢᠳᠡ ᠬᠣᠶᠠᠷ ᠲᠡᠷᠡ ᠲᠣᠪᠴᠢ ᠶ᠋ᠢ ᠴᠢᠨᠢ ᠵᠦᠭᠡᠷ ᠯᠡ ᠨᠢᠳᠦ ᠪᠡᠨ ᠠᠨᠢᠭᠠᠳ ᠨᠡᠭᠡᠭᠡᠬᠦ ᠶ᠋ᠢᠨ ᠬᠣᠭᠣᠷᠣᠨᠳᠣ ᠯᠠ ᠠᠪᠤᠭᠠᠳ ᠢᠷᠡᠨ᠎ᠡ᠂ ᠮᠡᠳᠡᠪᠡ ᠤᠤ? ᠵᠠ ᠶᠠᠭᠠᠬᠢᠪᠠ? ᠲᠠ ᠨᠠᠷ ᠨᠠᠳᠠ ᠤᠷᠤᠭᠤ ᠶᠠᠭᠤᠨ ᠳ᠋ᠤ᠌ ᠪᠠᠨ ᠢᠩᠭᠢᠲᠡᠯ᠎ᠡ ᠪᠡᠨ ᠬᠠᠷᠠᠭᠠᠳ ᠪᠠᠢᠭ᠎ᠠ ᠶᠤᠮ ᠪᠣᠢ? ᠪᠢ ᠤ᠌ᠭ ᠠ᠋ᠴᠠ ᠪᠠᠨ ᠬᠥᠭᠡᠷᠦᠬᠦᠨ ᠭᠡᠳᠡᠭ ᠢ᠋ᠶ᠋ᠡᠨ ᠮᠡᠳᠡᠨ᠎ᠡ᠂ ᠠᠯᠢᠪ ᠪᠤᠺᠠ ᠪᠣᠰᠤᠭᠠᠳ ᠢᠷ᠎ᠡ᠂ ᠶᠠᠪᠤᠶ᠎ᠠ᠃
ᠪᠤᠺᠠ᠄ ᠪᠢ ᠪᠢ ᠤᠤ?
ᠲᠤᠤᠨᠢ᠄ ᠥᠭᠡᠷ᠎ᠡ ᠬᠡᠨ ᠪᠠᠢᠬᠤᠪ ᠳᠠ᠂ ᠠᠯᠢᠪ ᠣᠢ ᠳ᠋ᠤ᠌ ᠣᠷᠣᠬᠤ ᠠ᠋ᠴᠠ ᠠᠶᠤᠭᠠᠳ ᠪᠠᠢᠬᠤ ᠶᠠᠭᠤᠮ᠎ᠠ ᠪᠠᠢᠬᠤ ᠦᠭᠡᠢ᠂ ᠪᠢ ᠬᠠᠩᠭᠠᠯᠲᠠ ᠲᠠᠢ ᠬᠠᠮᠠᠭᠠᠯᠠᠴᠢᠬᠠᠨ᠎ᠠ᠂ ᠣᠢᠯᠠᠭᠠᠭᠰᠠᠨ ᠤᠤ? ᠵᠣᠷᠢᠭᠲᠠᠢ ᠪᠠᠢ᠂ ᠪᠤᠺᠠ ᠨᠠᠮ᠎ᠠ ᠶ᠋ᠢ ᠳᠠᠭᠠᠭᠠᠳ ᠶᠠᠪᠤ᠃
ᠪᠤᠺᠠ᠄ ᠵᠠ! ᠴᠢ ᠨᠥᠭᠦᠭᠡ ᠲᠣᠪᠴᠢ ᠨᠢ ᠪᠠᠢᠭᠰᠠᠨ ᠮᠣᠳᠣ ᠬᠦᠷᠲᠡᠯᠡᠬᠢ ᠵᠠᠮ ᠢ᠋ ᠣᠯᠬᠤ ᠶᠤᠮ ᠤᠤ?
ᠲᠤᠤᠨᠢ᠄ ᠪᠢ ᠶᠠᠪᠤᠭᠰᠠᠨ ᠭᠠᠵᠠᠷ ᠢ᠋ᠶ᠋ᠠᠨ ᠮᠠᠷᠲᠠᠳᠠᠭ ᠦᠭᠡᠢ᠂ ᠨᠠᠢᠵᠠᠯᠠᠭᠰᠠᠨ ᠨᠠᠢᠵᠠ ᠪᠠᠨ ᠠᠨᠳᠠᠳᠠᠭ ᠦᠭᠡᠢ ᠲᠤᠤᠨᠢ ᠰᠢᠦ ᠳᠡ᠃
ᠪᠤᠺᠠ᠄ ᠴᠢ ᠮᠡᠳᠡᠳᠡᠭ ᠶᠦᠮ ᠪᠣᠯ ᠨᠠᠮ᠎ᠠ ᠶ᠋ᠢ ᠲᠡᠭᠡᠭᠡᠳ ᠶᠠᠭᠠᠬᠢᠬᠤ ᠭᠡᠵᠦ ᠳᠠᠭᠠᠭᠤᠯᠵᠤ ᠶᠠᠪᠤᠭᠰᠠᠨ ᠶᠤᠮ?
ᠲᠤᠤᠨᠢ᠄ ᠶᠠᠭᠤ ᠶᠠᠭᠠᠬᠢᠯᠭᠠᠬᠤ ᠭᠡᠵᠦ᠂ ᠵᠠᠮ ᠢ᠋ᠶ᠋ᠠᠨ ᠵᠢᠭᠠᠯᠭᠠᠬᠤ ᠭᠡᠵᠦ ᠠᠪᠴᠤ ᠶᠠᠪᠤᠯ᠎ᠠ ᠰᠢᠳᠡ᠂ ᠠᠯᠢᠪ ᠶᠠᠪᠤᠵᠠᠭᠠᠶ᠎ᠠ! ᠪᠤᠺᠠ ᠮᠠᠢ ᠪᠠᠷᠢᠭᠠᠳ ᠠᠪᠤᠭᠠᠷᠠᠢ!  ᠣᠳᠣ ᠠ᠋ᠴᠠ ᠪᠢᠳᠡᠨ ᠦ᠌ ᠨᠢᠭᠤᠴᠠ ᠠᠵᠢᠯᠯᠠᠭ᠎ᠠ ᠡᠬᠢᠯᠡᠵᠦ ᠪᠠᠢᠨ᠎ᠠ᠃ ᠰᠠᠯᠬᠢᠨ ᠠ᠋ᠴᠠ ᠴᠢᠮᠡᠭᠡ ᠦᠭᠡᠢ᠂ ᠰᠠᠯᠬᠢᠨ ᠠ᠋ᠴᠠ ᠬᠤᠷᠳᠤᠨ ᠶᠠᠪᠤᠵᠠᠭᠠᠨ᠎ᠠ ᠰᠢᠦ᠃ ᠭᠦᠶᠦᠭᠡᠳ᠁
ᠪᠤᠺᠠ᠄ ᠭᠦᠦᠰᠢ ᠠ᠋᠂ ᠬᠦᠯᠢᠶᠡᠵᠦ ᠪᠠᠢ ᠯᠠ ᠳᠠ᠂ ᠴᠢ ᠴᠢᠨᠢ ᠣᠳᠣ᠃
ᠷᠦᠪᠢ᠄ ᠡᠨᠡ ᠬᠣᠶᠠᠷ ᠨᠡᠭᠡᠷᠡᠨ ᠶᠠᠪᠤᠴᠢᠬᠠᠵᠤ ᠪᠠᠢᠭ᠎ᠠ ᠶᠤᠮ ᠤᠤ?
ᠷᠦᠪᠢ᠄ ᠦ᠂ ᠰᠠᠨᠠᠭ᠎ᠠ ᠵᠣᠪᠠᠯᠲᠠ ᠦᠭᠡᠢ᠂ ᠡᠨᠡ ᠬᠣᠶᠠᠷ ᠵᠦᠭᠡᠷ ᠯᠡ ᠣᠯᠴᠢᠬᠠᠯ᠎ᠠ ᠭᠡᠳ ᠬᠦᠷᠦᠭᠡᠳ ᠢᠷᠡᠨ᠎ᠡ᠂ ᠲᠡᠢᠮᠦ ᠠ᠋ ᠰᠠᠨᠢ᠃
ᠰᠠᠨᠢ᠄ ᠲᠡᠢᠮᠦ ᠠ᠋᠂ ᠣᠯᠬᠤ ᠦᠭᠡᠢ ᠪᠣᠯ ᠪᠢ ᠮᠠᠷᠭᠠᠰᠢ ᠣᠯᠤᠭᠠᠳ ᠯᠠ ᠥᠭᠭᠦᠨ᠎ᠡ᠃ ᠨᠡᠭᠡᠷᠡᠨ ᠣᠳᠣ ᠤᠳᠠᠬᠤ ᠦᠭᠡᠢ ᠨᠠᠮᠤᠷ ᠪᠣᠯᠤᠨ᠎ᠠ ᠭᠡᠳ ᠪᠣᠳᠣ ᠳᠠ᠃ ᠲᠡᠭᠡᠭᠡᠳ ᠯᠡ ᠭᠣᠶᠣ ᠫᠠᠯᠢᠲ᠋ᠣ᠋ ᠨᠤᠭᠤᠳ ᠢ᠋ᠶ᠋ᠠᠨ ᠡᠮᠦᠰᠦᠨ᠎ᠡ ᠭᠡᠬᠦ ᠪᠡᠷ ᠦᠨᠡᠬᠡᠷ ᠲᠡᠰᠬᠦ ᠦᠭᠡᠢ ᠨᠢ ᠠ᠋᠂ ᠲᠡᠢᠮᠦ ᠠ᠋ ᠶᠦᠨᠢ᠃
ᠶᠦᠨᠢ᠄ ᠠ᠂ ᠶᠠᠭᠤ ᠯᠠ ᠳᠠ᠂ ᠪᠢ ᠨᠠᠮᠤᠷ ᠭᠡᠳᠡᠭ ᠬᠥᠮᠦᠨ ᠲᠠᠨᠢᠬᠤ ᠦᠭᠡᠢ ᠶᠦᠮ ᠪᠠᠢᠨ᠎ᠠ᠂ ᠲᠠ ᠨᠠᠷ ᠤ᠋ᠨ ᠰᠠᠢᠨ ᠨᠠᠢᠵᠠ ᠶᠤᠮ ᠤᠤ?
ᠰᠠᠨᠢ: ᠶᠠᠭᠤ?
ᠷᠦᠪᠢ᠄ ᠶᠠᠭᠤ ᠪᠣᠢ?ᠴᠢᠨᠦ ᠪᠠᠢᠳᠠᠭ ᠭᠠᠵᠠᠷ ᠨᠠᠮᠤᠷ ᠪᠣᠯᠳᠠᠭ ᠦᠭᠡᠢ ᠭᠡᠵᠦ ᠤᠤ ᠳᠠ᠂ ᠪᠦᠷ ᠨᠡᠭᠡᠷᠡᠨ ᠡᠴᠡ ᠪᠡᠨ ᠤᠤ ᠳᠠ᠃
ᠶᠦᠨᠢ᠄ ᠠ ᠠ᠂ ᠪᠢ ᠮᠡᠳᠡᠴᠢᠬᠡᠯ᠎ᠡ᠂ ᠶᠠᠭ ᠮᠡᠳᠡᠭᠰᠡᠨ᠂ ᠨᠠᠮᠤᠷ ᠭᠡᠵᠦ ᠪᠠᠶᠠᠷ ᠪᠠᠢᠳᠠᠭ ᠶᠤᠮ ᠪᠠᠢᠨ᠎ᠠ᠂ ᠲᠡᠢᠮᠦ᠃
ᠷᠦᠪᠢ᠄ ᠡᠨᠳᠡ ᠪᠠᠢᠭ᠎ᠠ ᠶᠡᠬᠡᠩᠬᠢ ᠮᠣᠳᠣᠨ ᠤ᠋ ᠨᠠᠪᠴᠢ ᠰᠢᠷ᠎ᠠ ᠥᠩᠭᠡ ᠲᠡᠢ ᠪᠣᠯᠤᠭᠠᠳ᠂ ᠭᠠᠳᠠᠭ᠎ᠠ ᠬᠦᠢᠲᠡᠨ ᠪᠣᠯᠤᠨ᠎ᠠ᠂ ᠲᠡᠭᠡᠭᠡᠳ᠂ ᠲᠡᠭᠡᠭᠡᠳ ᠶᠡᠷᠦ ᠨᠢ ᠵᠠ᠂ ᠲᠡᠭᠡᠭᠡᠳ ᠯᠡ ᠪᠣᠳᠣᠴᠢᠬ᠎ᠠ ᠳᠠ᠃ ᠬᠥᠶᠢ᠂ ᠬᠦᠯᠢᠶᠡᠭᠡᠷᠡᠢ ᠬᠦᠯᠢᠶᠡᠭᠡᠷᠡᠢ᠂ ᠪᠠᠢᠵᠤ ᠪᠠᠢ ᠳᠠ᠂ ᠲᠠᠨ ᠤ᠋ ᠲᠡᠭᠡᠬᠦ ᠪᠡᠷ ᠪᠦᠷ ᠴᠠᠰᠤ ᠴᠤ᠌ ᠣᠷᠣᠳᠠᠭ ᠦᠭᠡᠢ ᠶᠦᠮ ᠤᠤ?
ᠰᠠᠨᠢ᠄ ᠬᠠᠶᠠ ᠥᠪᠡᠷ ᠢ᠋ᠶ᠋ᠡᠨ ᠥᠪᠡᠷᠲᠡᠭᠡᠨ ᠢᠩᠭᠢᠭᠡᠳ ᠶᠠᠷᠢᠭᠠᠳ ᠪᠠᠢᠳᠠᠭ ᠶᠤᠮ ᠠ᠋᠂ ᠭᠠᠢᠬᠠᠬᠤ ᠬᠡᠷᠡᠭ ᠦᠭᠡᠢ᠂ ᠵᠠ᠃
ᠷᠦᠪᠢ᠄ ᠶᠠᠭᠠᠬᠢᠭᠰᠠᠨ ᠶᠤᠮ ᠪᠣᠢ? ᠶᠠᠭᠤ ᠶᠠᠷᠢᠭᠠᠳ ᠪᠠᠢᠭ᠎ᠠ ᠶᠤᠮ ᠪᠣᠢ? ᠴᠠᠰᠤ ᠣᠷᠣᠳᠠᠭ ᠦᠭᠡᠢ ᠭᠠᠵᠠᠷ ᠭᠡᠵᠦ ᠪᠠᠰᠠ ᠪᠠᠢᠳᠠᠭ ᠶᠤᠮ ᠤᠤ? ᠶᠠᠮᠠᠷ ᠰᠣᠨᠢᠨ ᠶᠤᠮ ᠪᠣᠢ? ᠨᠡᠭᠡᠷᠡᠨ ᠶᠠᠷᠢᠭᠠᠳ ᠪᠠᠢᠭ᠎ᠠ ᠶᠤᠮ ᠤᠤ? ᠪᠦᠷ ᠡᠪᠦᠯ ᠴᠦ᠍ ᠤᠤ?
ᠶᠦᠨᠢ᠄ ᠲᠡᠢᠮᠦ᠃
ᠷᠦᠪᠢ᠄ ᠲᠡᠭᠡᠬᠦ ᠪᠡᠷ ᠪᠦᠷ ᠪᠠᠰᠠ ᠬᠠᠪᠤᠷ ᠴᠤ᠌ ᠤᠤ?
ᠶᠦᠨᠢ᠄ ᠲᠡᠢᠮᠦ ᠠ᠋᠃
ᠷᠦᠪᠢ᠄ ᠫᠠᠢ᠂ ᠲᠠᠨ ᠤ᠋ ᠭᠠᠷᠠᠭ ᠴᠢᠨᠢ ᠪᠠᠷᠤᠭ ᠬᠠᠷᠢ ᠭᠠᠷᠠᠭ ᠶᠤᠮ ᠪᠢᠰᠢ ᠤᠤ?
ᠰᠠᠨᠢ᠄ ᠷᠦᠪᠢ! 
ᠶᠦᠨᠢ᠄ ᠮᠠᠨ ᠤ᠋ ᠭᠠᠷᠠᠭ ᠪᠦᠷ ᠬᠡᠲᠦᠷᠬᠡᠢ ᠬᠠᠯᠠᠭᠤᠨ᠂ ᠪᠦᠬᠦ ᠶᠠᠭᠤᠮ᠎ᠠ ᠨᠢ ᠳᠡᠯᠡᠬᠡᠢ ᠡᠴᠡ ᠥᠭᠡᠷ᠎ᠡ᠂ ᠬᠥᠬᠡ ᠨᠠᠪᠴᠢ ᠴᠡᠴᠡᠭ ᠨᠢ ᠴᠦ᠍ ᠭᠡᠰᠡᠨ᠂ ᠨᠠᠮᠤᠷ ᠡᠪᠦᠯ ᠴᠦ᠍ ᠪᠣᠯᠳᠠᠭ ᠦᠭᠡᠢ᠂ ᠳᠡᠯᠡᠬᠡᠢ ᠴᠦ᠍ ᠬᠥᠭᠵᠢᠯᠲᠡᠢ ᠶᠦᠮ ᠠ᠋᠃
ᠷᠦᠪᠢ᠄ ᠬᠥᠶᠢ᠂ ᠨᠠᠳᠠ ᠶᠣᠰᠣᠲᠠᠢ ᠭᠣᠶᠣ ᠰᠠᠨᠠᠭ᠎ᠠ ᠲᠥᠷᠥᠯ᠎ᠡ᠃ ᠴᠢ ᠳᠡᠯᠡᠬᠡᠢ ᠳᠡᠭᠡᠷ᠎ᠡ ᠨᠠᠮᠤᠷ ᠲᠡᠭᠡᠭᠡᠳ ᠪᠦᠷ ᠡᠪᠦᠯ ᠬᠦᠷᠲᠡᠯ᠎ᠡ ᠪᠠᠢᠴᠢᠬ᠎ᠠ᠂ ᠲᠡᠭᠡᠭᠡᠳ ᠪᠢᠳᠡ ᠨᠠᠷ ᠲᠠᠢ ᠬᠠᠮᠲᠤ ᠭᠣᠶᠣ ᠳᠠᠭᠤᠯᠠᠵᠤ ᠪᠥᠵᠢᠭᠯᠡᠭᠡᠳ ᠯᠡ᠂ ᠭᠣᠶᠣ ᠭᠣᠶᠣ ᠬᠦᠷᠮ᠎ᠡ ᠨᠦ᠍ᠭᠦᠳ ᠡᠮᠦᠰᠦᠭᠡᠳ᠂ ᠲᠡᠢᠮᠦ᠃
ᠰᠠᠨᠢ᠄ ᠴᠢ ᠭᠤᠨᠢᠭᠯᠠᠬᠤ ᠬᠡᠷᠡᠭ ᠦᠭᠡᠢ ᠳᠡ᠂ ᠳᠣᠲᠣᠭᠠᠳᠤ ᠬᠥᠮᠦᠨ ᠦ᠌ ᠪᠡᠨ ᠡᠮᠦᠨ᠎ᠡ ᠡᠴᠡ ᠪᠣᠳᠣᠬᠤ ᠳ᠋ᠤ᠌ ᠯᠠᠪ ᠪᠤᠴᠠᠬᠤ ᠲᠣᠪᠴᠢ ᠶ᠋ᠢ ᠴᠢᠨᠢ ᠣᠯᠴᠢᠬᠠᠨ᠎ᠠ ᠭᠡᠵᠦ ᠪᠣᠳᠣᠵᠤ ᠪᠠᠢᠨ᠎ᠠ᠃
ᠶᠦᠨᠢ᠄ ᠲᠡᠢᠮᠦ ᠯᠡ ᠳᠡ᠂ ᠭᠡᠬᠦ ᠳ᠋ᠦ᠍ ᠪᠡᠨ ᠦᠨᠡᠬᠡᠷ ᠤᠤ?
ᠷᠦᠪᠢ᠄ ᠰᠠᠨᠠᠭ᠎ᠠ ᠵᠣᠪᠠᠯᠲᠠ ᠦᠭᠡᠢ᠂ ᠡᠨᠡ ᠬᠣᠶᠠᠷ ᠣᠯᠴᠢᠬᠠᠯ᠎ᠠ ᠭᠡᠳ ᠯᠡ ᠬᠦᠷᠦᠭᠡᠳ ᠢᠷᠡᠨ᠎ᠡ᠃
ᠶᠦᠨᠢ᠄ ᠮᠡᠳᠡᠭᠡᠵᠢ᠂ ᠭᠡᠬᠦ ᠳ᠋ᠦ᠍ ᠪᠡᠨ ᠨᠠᠳᠠ ᠡᠮᠦᠰᠬᠦ ᠥᠭᠡᠷ᠎ᠡ ᠬᠤᠪᠴᠠᠰᠤ ᠪᠠᠢᠬᠤ ᠦᠭᠡᠢ᠂ ᠶᠡᠷᠦ ᠨᠢ ᠶᠠᠭᠤ ᠴᠤ᠌ ᠪᠠᠢᠬᠤ ᠦᠭᠡᠢ᠃
ᠰᠠᠨᠢ᠄ ᠰᠠᠨᠢ ᠪᠠᠢᠬᠤ ᠳ᠋ᠤ᠌ ᠪᠦᠬᠦ ᠶᠠᠭᠤᠮ᠎ᠠ ᠣᠭᠲᠣ ᠠᠰᠠᠭᠤᠳᠠᠯ ᠭᠡᠵᠦ ᠪᠠᠢᠬᠤ ᠦᠭᠡᠢ᠂ ᠣᠭᠲᠣ ᠰᠢᠢᠳᠦᠭᠡᠳ ᠥᠭᠭᠦᠨ᠎ᠡ ᠪᠢ ᠪᠦᠭᠦᠳᠡ ᠶ᠋ᠢ ᠨᠢ᠃ ᠠᠯᠢᠪ ᠪᠦᠭᠦᠳᠡᠭᠡᠷ ᠢ᠋ᠶ᠋ᠡᠨ ᠨᠢᠭᠡ
ᠷᠦᠪᠢ᠄ ᠬᠣᠶᠠᠷ
ᠰᠠᠨᠢ᠄ ᠭᠤᠷᠪᠠ
ᠷᠦᠪᠢ᠄ ᠳᠥᠷᠪᠡ
ᠰᠠᠨᠢ᠄ ᠲᠠᠪᠤ
ᠷᠦᠪᠢ᠄ ᠶᠧ! 
ᠶᠦᠨᠢ᠄ ᠭᠤᠷᠪᠠᠳᠤᠭᠠᠷ ᠠᠯᠢᠺᠤᠷᠤᠨ ᠶᠦᠨᠢᠹᠠᠢᠺᠠ ᠰᠤᠰᠲ᠋ᠠᠨ ᠪᠢ ᠲᠠ ᠪᠦᠬᠦᠨ ᠳ᠋ᠦ᠍ ᠦᠨᠡᠬᠡᠷ ᠲᠠᠯᠠᠷᠬᠠᠯ ᠢᠯᠡᠷᠬᠡᠢᠯᠡᠵᠦ ᠪᠠᠢᠨ᠎ᠠ᠃ ᠲᠠ ᠪᠦᠬᠦᠨ ᠦ᠌ ᠡᠨᠡ ᠶᠡᠬᠡ ᠲᠤᠰᠠ ᠵᠠᠢ ᠪᠢ ᠬᠡᠵᠢᠶ᠎ᠡ ᠴᠦ᠍ ᠮᠠᠷᠲᠠᠬᠤ ᠦᠭᠡᠢ᠃
ᠰᠠᠨᠢ᠄ ᠵᠦᠭᠡᠷ ᠠ᠋
ᠷᠦᠪᠢ ᠰᠠᠨᠢ (ᠵᠡᠷᠭᠡ ᠪᠡᠷ)᠄ ᠪᠢᠳᠡ ᠴᠢᠨᠢ ᠨᠠᠢᠵᠠ ᠨᠤᠭᠤᠳ ᠰᠢᠦ ᠳᠡ᠃
ᠷᠦᠪᠢ᠄ ᠪᠢ ᠣᠯᠴᠢᠬᠠᠯ᠎ᠠ᠂ ᠪᠢ ᠣᠯᠴᠢᠬᠠᠯ᠎ᠠ᠂ ᠲᠡᠢᠮᠦ ᠠ᠋᠃
ᠰᠠᠨᠢ᠄ ᠶᠠᠭᠤ ᠶᠠᠭᠤ ᠪᠣᠢ? ᠲᠣᠪᠴᠢ ᠶ᠋ᠢ ᠨᠢ ᠣᠯᠴᠢᠬᠠᠭ᠎ᠠ ᠤᠤ? ᠠᠯᠢᠪ ᠬᠠᠮᠢᠭ᠎ᠠ?
ᠷᠦᠪᠢ᠄ ᠦᠭᠡᠢ ᠦᠭᠡᠢ᠂ ᠪᠢ ᠬᠣᠴᠢ ᠨᠡᠷ᠎ᠡ ᠪᠡᠨ ᠪᠣᠳᠣᠭᠠᠳ ᠣᠯᠴᠢᠬᠠᠯ᠎ᠠ ᠭᠡᠬᠦ ᠭᠡᠰᠡᠨ ᠶᠦᠮ᠂ ᠡᠷ᠎ᠡ ᠵᠣᠷᠢᠭᠲᠤ ᠷᠦᠪᠢ ᠶ᠋ᠢᠨ ᠲᠤᠰᠠᠯᠠᠬᠤ ᠭᠡᠪᠡᠯ ᠭᠣᠶᠣ ᠶᠤᠮ ᠪᠢᠰᠢ ᠤᠤ? ᠠ᠁ ᠷᠦᠪᠢ ᠶ᠋ᠢᠨ ᠲᠤᠰᠠᠯᠠᠬᠤ᠁ ᠁᠃
ᠰᠠᠨᠢ᠄ ᠬᠡᠵᠢᠶ᠎ᠡ ᠤᠷᠲᠤ ᠨᠡᠷ᠎ᠡ ᠥᠭᠳᠡᠭ ᠪᠠᠢᠭᠰᠠᠨ ᠶᠤᠮ᠂ ᠵᠦᠭᠡᠷ ᠯᠡ ᠶᠠᠭᠠᠨ᠎ᠠ ᠭᠡᠵᠦ ᠬᠣᠴᠢ ᠥᠭᠭᠦᠶ᠎ᠡ᠂ ᠲᠡᠷᠡ ᠦᠰᠦ ᠶ᠋ᠢ ᠨᠢ ᠬᠠᠷᠠ ᠯᠠ ᠳᠠ᠃
ᠶᠦᠨᠢ: ᠸᠠ᠂ ᠶᠠᠭᠠᠨ᠎ᠠ ᠭᠡᠨ᠎ᠡ᠂ ᠶᠣᠰᠣᠲᠠᠢ ᠭᠣᠶᠣ ᠶᠤᠮ ᠠ᠋᠃
ᠷᠦᠪᠢ᠄ ᠶᠠᠷᠰᠢᠭ ᠠ᠋᠂ ᠲᠡᠭᠡᠪᠡᠯ ᠪᠥᠮᠪᠥᠭᠡ ᠭᠡᠬᠦ ᠤᠤ᠂ ᠪᠣᠭᠣᠨᠢᠬᠠᠨ ᠴᠤ᠌ ᠶᠤᠮ ᠠᠮᠠᠷᠬᠠᠨ ᠴᠤ᠌ ᠶᠤᠮ᠃
ᠶᠦᠨᠢ᠄ ᠪᠥᠮᠪᠥᠭᠡ ᠪᠥᠮᠪᠥᠭᠡ᠂ ᠭᠣᠶᠣ ᠰᠢᠲᠠ᠃
ᠰᠠᠨᠢ᠄ ᠶᠠᠭᠤᠨ ᠪᠥᠮᠪᠥᠭᠡ ᠪᠣᠢ᠂ ᠬᠠᠮᠢᠭ᠎ᠠ ᠠ᠋ᠴᠠ ᠳᠠ᠂ ᠶᠠᠭᠠᠨ᠎ᠠ ᠯᠠ ᠭᠣᠶᠣ ᠪᠠᠢᠭ᠎ᠠ ᠪᠢᠵᠡ ᠳᠡ᠃
ᠷᠦᠪᠢ᠄ ᠪᠥᠮᠪᠥᠭᠡ
ᠰᠠᠨᠢ᠄ ᠶᠠᠭᠠᠨ᠎ᠠ
ᠷᠦᠪᠢ᠄ ᠪᠥᠮᠪᠥᠭᠡ
ᠰᠠᠨᠢ᠄ ᠶᠠᠭᠠᠨ᠎ᠠ
ᠲᠤᠤᠨᠢ᠄ ᠬᠡᠩ! ᠶᠣ ᠶᠣ᠃
ᠶᠦᠨᠢ᠄ ᠲᠠ ᠨᠠᠷ ᠡᠨᠡ ᠪᠠᠢᠳᠠᠯ ᠢ᠋ᠶ᠋ᠠᠷ ᠨᠠᠳᠠ ᠬᠣᠴᠢ ᠥᠭᠭᠦᠨ᠎ᠡ ᠭᠡᠪᠡᠯ ᠠᠷᠪᠠᠨ ᠵᠠᠭᠤᠨ ᠵᠢᠯ ᠪᠣᠯᠬᠤ ᠶᠤᠮ ᠪᠠᠢᠨ᠎ᠠ ᠳᠠ᠃ ᠬᠥᠶᠢ ᠨᠠᠢᠵᠠ ᠨᠤᠭᠤᠳ ᠠ᠋᠂ ᠢᠩᠭᠢᠵᠦ ᠪᠠᠢᠬᠤ ᠶ᠋ᠢᠨ ᠣᠷᠣᠨ ᠳ᠋ᠤ᠌ ᠪᠢ ᠲᠠ ᠨᠠᠷ ᠲᠤ᠌ ᠥᠪᠡᠷ ᠦ᠋ᠨ ᠰᠢᠭ ᠢ᠋ᠶ᠋ᠡᠨ ᠤᠷᠲᠤ ᠠ᠋ᠴᠠ ᠤᠷᠲᠤ ᠨᠡᠷ᠎ᠡ ᠥᠭᠴᠢᠶ᠎ᠡ ᠯᠡ ᠳᠡ᠃
ᠷᠦᠪᠢ᠄ ᠬᠥᠶᠢ ᠬᠥᠶᠢ᠂ ᠴᠢ ᠨᠠᠭᠠᠳᠤ ᠰᠠᠨᠠᠭ᠎ᠠ ᠪᠠᠨ ᠢᠯᠡᠳᠬᠡᠯ ᠦᠭᠡᠢ ᠶᠠᠭᠠᠬᠢᠭᠰᠠᠨ ᠶᠤᠮ ᠪᠣᠢ? ᠲᠡᠭᠡᠭᠰᠡᠨ ᠪᠣᠯ ᠪᠢᠳᠡ ᠬᠣᠶᠠᠷ ᠢᠩᠭᠢᠵᠦ ᠤᠳᠠᠬᠤ ᠦᠭᠡᠢ ᠪᠠᠢᠭᠰᠠᠨ ᠶᠤᠮ᠂ ᠵᠠ᠂ ᠪᠤᠰᠢᠭᠤᠯᠠ ᠪᠤᠰᠢᠭᠤᠯᠠ᠁
ᠶᠦᠨᠢ᠄ ᠲᠡᠭᠡᠬᠦ ᠪᠡᠷ ᠢ᠋ᠶ᠋ᠡᠨ ᠰᠢᠦ ᠳᠡ᠂ ᠥᠩ᠂ ᠲᠡᠭᠡᠬᠦ ᠪᠡᠷ᠂ ᠥᠩ᠁ ᠲᠡᠭᠡᠬᠦ ᠪᠡᠷ ᠢ᠋ᠶ᠋ᠡᠨ ᠰᠢᠲᠠ᠂ ᠦ ᠬᠣᠴᠢ ᠨᠡᠷ᠎ᠡ ᠪᠣᠳᠣᠬᠤ ᠴᠢᠨᠢ ᠠᠶᠠᠭᠦᠢ ᠬᠡᠴᠡᠭᠦᠦ ᠶᠦᠮ ᠠ᠋᠂ ᠪᠢ ᠪᠣᠳᠣᠭᠰᠠᠭᠠᠷ ᠪᠠᠢᠭᠠᠳ ᠪᠦᠷ ᠶᠠᠳᠠᠷᠠᠴᠢᠬᠠᠯ᠎ᠠ᠂ ᠤᠬᠠᠭᠠᠨ ᠲᠠᠢ ᠭᠠᠭᠴᠠ ᠶᠡᠷᠦᠳᠡ ᠶ᠋ᠢᠨ ᠪᠣᠳᠣᠯ ᠨᠠᠳᠠ ᠠ᠋ᠴᠠ ᠵᠢᠭᠤᠲᠠᠴᠢᠬᠠᠬᠤ ᠰᠢᠭ᠋ ᠪᠣᠯᠤᠯ᠎ᠠ᠃
ᠷᠦᠪᠢ᠄ ᠨᠠᠳᠠ ᠪᠦᠷ ᠨᠣᠮ ᠳ᠋ᠤ᠌ ᠪᠢᠴᠢᠭᠳᠡᠭᠡ ᠦᠭᠡᠢ ᠭᠣᠶᠣ ᠨᠡᠷ᠎ᠡ ᠶ᠋ᠢᠨ ᠰᠠᠨᠠᠭ᠎ᠠ ᠣᠷᠣᠭᠠᠳ ᠢᠷᠡᠯ᠎ᠡ ᠭᠡᠵᠦ ᠪᠣᠳᠣ᠂ ᠰᠣᠨᠣᠰᠴᠤ ᠪᠠᠢ᠂ ᠵᠠ᠃ ᠶᠢᠤ ᠶᠢᠤ᠂ ᠨᠢᠭᠡᠳᠦᠭᠡᠷ ᠠᠯᠢᠹᠢᠢᠺᠠ ᠶ᠋ᠢᠨ ᠣᠷᠣᠨ ᠳ᠋ᠤ᠌ ᠰᠠᠨᠢᠺᠠ ᠶ᠋ᠢ ᠠᠰᠠᠭᠤᠭᠰᠠᠨ᠂ ᠬᠣᠶᠠᠳᠤᠭᠠᠷ ᠠᠯᠢᠹᠢᠢᠺᠠ ᠶ᠋ᠢᠨ ᠣᠷᠣᠨ ᠳ᠋ᠤ᠌ ᠲᠤᠤᠨᠢᠺᠠ ᠶ᠋ᠢ ᠠᠰᠠᠭᠤᠭᠰᠠᠨ᠂ ᠭᠤᠷᠪᠠᠳᠤᠭᠠᠷ ᠠᠯᠢᠹᠢᠢᠺᠠ ᠶ᠋ᠢᠨ ᠣᠷᠣᠨ ᠳ᠋ᠤ᠌ ᠶᠦᠨᠢᠺᠠ ᠶ᠋ᠢ ᠠᠰᠠᠭᠤᠭᠰᠠᠨ᠂ ᠲᠠᠪᠤᠳᠤᠭᠠᠷ ᠠᠯᠢᠹᠢᠢᠺᠠ ᠶ᠋ᠢᠨ ᠣᠷᠣᠨ ᠳ᠋ᠤ᠌ ᠪᠤᠺᠠᠺᠠ ᠶ᠋ᠢ ᠠᠰᠠᠭᠤᠭᠰᠠᠨ᠃
ᠰᠠᠨᠢ᠄ ᠪᠤᠷᠤᠭᠤ ᠰᠢᠲᠠ᠂ ᠷᠦᠪᠢ᠃
ᠷᠦᠪᠢ᠄ ᠥ᠂ ᠲᠡᠢᠮᠦ ᠶᠧ ᠶᠧ᠂ ᠳᠥᠷᠪᠡᠳᠦᠭᠡᠷ ᠠᠯᠢᠹᠢᠢᠺᠠ ᠶ᠋ᠢᠨ ᠣᠷᠣᠨ ᠳ᠋ᠤ᠌ ᠪᠤᠺᠠᠺᠠ ᠶ᠋ᠢ ᠠᠰᠠᠭᠤᠭᠰᠠᠨ᠂ ᠲᠠᠪᠤᠳᠤᠭᠠᠷ ᠠᠯᠢᠹᠢᠢᠺᠠ ᠶ᠋ᠢᠨ ᠣᠷᠣᠨ ᠳ᠋ᠤ᠌ ᠰᠠᠨᠢᠺᠠ ᠶ᠋ᠢ ᠠᠰᠠᠭᠤ᠂ ᠦᠭᠡᠢ᠂ ᠪᠤᠺᠠᠺᠠ ᠦᠭᠡᠢ ᠷᠦᠨᠢᠺᠠ ᠶ᠋ᠢ ᠠᠰᠠᠭᠤᠭᠰᠠᠨ᠂ ᠶᠧ ᠶᠧ᠃
ᠰᠠᠨᠢ᠄ ᠶᠣᠬᠣ᠂ ᠡᠨᠡ ᠤᠷᠲᠤ ᠨᠡᠷ᠎ᠡ ᠨᠦ᠍ᠭᠦᠳ ᠶᠣᠰᠣᠲᠠᠢ ᠪᠦᠲᠦᠬᠦ ᠦᠭᠡᠢ ᠶᠦᠮ ᠪᠠᠢᠨ᠎ᠠ ᠳᠠ᠃
ᠷᠦᠪᠢ᠄ ᠡᠨᠡ ᠴᠢᠨᠢ ᠶᠣᠰᠣᠲᠠᠢ ᠬᠡᠴᠡᠭᠦᠦ ᠠᠵᠢᠯ ᠶᠤᠮ ᠪᠠᠢᠨ᠎ᠠ᠂ ᠡᠨᠡ ᠠᠵᠢᠯ ᠢ᠋ᠶ᠋ᠠᠷ ᠠᠵᠢᠯᠯᠠᠳᠠᠭ ᠬᠥᠮᠦᠰ ᠪᠠᠷᠤᠭ ᠪᠣᠳᠣᠭᠰᠠᠭᠠᠷ ᠪᠠᠢᠭᠠᠳ ᠪᠦᠭᠦᠳᠡᠭᠡᠷ ᠢ᠋ᠶ᠋ᠡᠨ ᠤᠨᠲᠠᠳᠠᠭ ᠪᠠᠢᠬ᠎ᠠ᠃
ᠰᠠᠨᠢ᠄ ᠵᠠ ᠪᠠᠢᠵᠠ᠂ᠭᠤᠷᠪᠠᠳᠤᠭᠠᠷ ᠠᠯᠢᠺᠤᠷᠤᠨ ᠶᠦᠨᠢᠹᠠᠢᠺᠠ ᠰᠤᠰᠲ᠋ᠠᠨ᠂ ᠦ ᠶᠦᠨᠢ᠂ ᠡᠨᠡ ᠯᠡ ᠪᠠᠢᠭᠰᠠᠨ ᠶᠤᠮ ᠪᠠᠢᠨ᠎ᠠ ᠰᠢᠳᠡ᠂ ᠷᠦᠪᠢ᠃
ᠶᠦᠨᠢ᠄ ᠶᠠᠭᠤ ᠪᠠᠢᠭᠰᠠᠨ ᠭᠡᠵᠦ?
ᠷᠦᠪᠢ ᠰᠠᠨᠢ᠄ ᠶᠦᠨᠢ᠂ ᠴᠢᠮ᠎ᠠ ᠳ᠋ᠤ᠌ ᠶᠦᠨᠢ ᠭᠡᠳᠡᠭ ᠬᠣᠴᠢ ᠥᠭᠭᠦᠶ᠎ᠡ᠃
ᠶᠦᠨᠢ᠄ ᠠ᠂ ᠶᠦᠨᠢ ᠶᠦᠨᠢ᠂ ᠭᠣᠶᠣ ᠪᠠᠢᠨ᠎ᠠ!  ᠰᠠᠢᠨ ᠤᠤ? ᠨᠠᠮ᠎ᠠ ᠶ᠋ᠢ ᠶᠦᠨᠢ ᠭᠡᠳᠡᠭ ᠭᠡᠳ ᠯᠡ᠃ ᠲᠠ ᠬᠣᠶᠠᠷ ᠢ᠋ ᠨᠠᠳᠠ ᠡᠢᠮᠦ ᠭᠣᠶᠣ ᠨᠡᠷ᠎ᠡ ᠥᠭᠭᠦᠭᠰᠡᠨ ᠪᠣᠯᠬᠣᠷ ᠴᠢᠨᠢ ᠥᠪᠡᠷ ᠦ᠋ᠨ ᠢ᠋ᠶ᠋ᠡᠨ ᠭᠠᠷᠠᠭ ᠲᠤ᠌ ᠣᠴᠢᠭᠠᠳ ᠲᠠ ᠬᠣᠶᠠᠷ ᠤ᠋ᠨ ᠬᠥᠰᠢᠶ᠎ᠡ ᠶ᠋ᠢ ᠪᠣᠰᠬᠠᠨ᠎ᠠ᠃
ᠰᠠᠨᠢ᠄ ᠮᠠᠨ ᠤ᠋ ᠪᠤᠺᠠ ᠪᠠᠰᠠ ᠲᠤᠤᠨᠢ ᠪᠣᠰᠬᠠᠭᠤᠯᠤᠮᠠᠷ ᠯᠠ ᠪᠠᠢᠭ᠎ᠠ ᠪᠠᠢᠬᠤ ᠳᠠ᠃
ᠷᠦᠪᠢ᠄ ᠶᠠᠭ ᠵᠥᠪ᠃
ᠶᠦᠨᠢ᠄ ᠶᠡᠷᠦ ᠨᠢ ᠪᠢ ᠲᠠ ᠨᠠᠷ ᠤ᠋ᠨ ᠪᠦᠭᠦᠳᠡ ᠶ᠋ᠢᠨ ᠬᠢᠨᠢ ᠬᠥᠰᠢᠶ᠎ᠡ ᠶ᠋ᠢ ᠪᠣᠰᠬᠠᠨ᠎ᠠ᠂ ᠲᠡᠭᠡᠭᠡᠳ ᠳᠣᠣᠷ᠎ᠠ ᠨᠢ《 ᠨᠥᠬᠥᠷᠯᠡᠯ ᠦ᠋ᠨ ᠬᠥᠰᠢᠶ᠎ᠡ》 ᠭᠡᠵᠦ ᠪᠢᠴᠢᠨ᠎ᠡ᠃
ᠰᠠᠨᠢ᠄ ᠬᠥᠥᠭ ᠶᠠᠮᠠᠷ ᠭᠣᠶᠣ ᠪᠣᠢ᠃
ᠲᠤᠤᠨᠢ᠄ ᠶᠠ ᠶᠦ
ᠶᠦᠨᠢ᠄ ᠬᠥᠥᠭ ᠭᠠᠳᠠᠭ᠎ᠠ ᠶᠠᠮᠠᠷ ᠭᠣᠶᠣ ᠥᠩᠭᠡ ᠲᠡᠢ ᠪᠣᠯᠴᠢᠬᠠᠪᠠ? ᠸᠠ ᠧᠦ᠃
ᠰᠠᠨᠢ᠄ ᠣᠳᠣ ᠬᠠᠷᠠᠩᠭᠤᠢ ᠪᠣᠯᠬᠤ ᠠ᠋ᠴᠠ ᠡᠮᠦᠨ᠎ᠡ ᠬᠡᠳᠦᠭᠦᠯᠡ ᠪᠡᠨ ᠲᠣᠭᠯᠠᠵᠠᠭᠠᠬᠤ ᠤᠤ? ᠠ᠂ ᠥᠨᠥᠳᠥᠷ ᠯᠠᠪ ᠲᠣᠭᠯᠠᠭᠰᠠᠨ ᠦᠭᠡᠢ ᠰᠢᠦ᠃
ᠷᠦᠪᠢ᠄ ᠰᠠᠨᠢ ᠴᠢ ᠴᠢᠨᠣ᠎ᠠ ᠰᠢᠦ᠂ ᠶᠦᠨᠢ ᠵᠢᠭᠤᠲᠠᠭᠠᠳ᠃ ᠪᠢ ᠲᠣᠮᠣ ᠪᠣᠯᠤᠭᠠᠳ ᠴᠤ᠌ ᠪᠠᠰᠠ ᠢᠩᠭᠢᠵᠦ ᠲᠣᠭᠯᠠᠬᠤ ᠶ᠋ᠢ ᠮᠥᠷᠥᠭᠡᠳᠳᠡᠭ ᠠ᠋᠃
ᠰᠠᠨᠢ᠄ ᠶᠠᠭᠠᠬᠢᠭᠠᠳ?
ᠷᠦᠪᠢ᠄ ᠲᠣᠮᠣ ᠪᠣᠯᠬᠤ ᠪᠠᠷ ᠠᠪᠤ ᠡᠵᠢ ᠨᠠᠷ ᠲᠣᠭᠯᠠᠬᠤ ᠪᠠᠨ ᠴᠤ᠌ ᠮᠠᠷᠲᠠᠴᠢᠬᠠᠳᠠᠭ᠂ ᠲᠡᠭᠡᠭᠡᠳ ᠬᠡᠦᠬᠡᠳ ᠦ᠋ᠳ ᠲᠡᠢ ᠪᠡᠨ ᠲᠣᠭᠯᠠᠬᠤ ᠪᠠᠨ ᠴᠤ᠌ ᠮᠠᠷᠲᠠᠴᠢᠬᠠᠨ᠎ᠠ᠃ ᠤᠤᠯ ᠨᠢ ᠲᠣᠮᠣ ᠪᠣᠯᠤᠭᠰᠠᠨ ᠬᠥᠮᠦᠰ ᠴᠢᠨᠢ ᠥᠨᠳᠥᠷ ᠪᠠᠰᠠ ᠤᠬᠠᠭᠠᠨ ᠲᠠᠢ ᠯᠠ ᠪᠣᠯᠴᠢᠬᠠᠭᠰᠠᠨ ᠪᠣᠯᠬᠣᠷ ᠪᠢᠳᠡ ᠨᠠᠷ ᠲᠠᠢ ᠯᠠ ᠠᠳᠠᠯᠢᠬᠠᠨ ᠬᠡᠦᠬᠡᠳ ᠦ᠋ᠳ ᠪᠠᠢᠬᠤ ᠦᠭᠡᠢ ᠤᠤ᠃
ᠰᠠᠨᠢ᠄ ᠲᠡᠢᠮᠦ ᠰᠢᠦ᠂ ᠮᠠᠨ ᠤ᠋ ᠡᠵᠢ ᠴᠦ᠍ ᠪᠠᠰᠠ ᠵᠠᠷᠢᠮ ᠳ᠋ᠤ᠌ ᠪᠠᠨ ᠨᠠᠳᠠ ᠲᠠᠢ ᠲᠣᠭᠯᠠᠬᠤ ᠦᠭᠡᠢ ᠭᠡᠳ ᠪᠠᠢᠳᠠᠭ ᠠ᠋᠃ᠲᠡᠭᠡᠪᠡᠯ ᠬᠡᠳᠦᠭᠦᠯᠡ ᠪᠡᠨ ᠲᠣᠮᠣ ᠪᠣᠯᠤᠭᠠᠳ ᠬᠡᠵᠢᠶ᠎ᠡ ᠴᠦ᠍ ᠲᠣᠭᠯᠠᠬᠤ ᠪᠠᠨ ᠮᠠᠷᠲᠠᠬᠤ ᠦᠭᠡᠢ ᠰᠢᠦ᠂ ᠵᠠ ᠤᠤ? ᠬᠡᠳᠦᠭᠦᠯᠡ ᠪᠡᠨ ᠲᠠᠩᠳᠠ ᠪᠠᠨ ᠢᠩᠭᠢᠵᠦ ᠲᠣᠭᠯᠠᠨ᠎ᠠ᠂ ᠪᠠᠰᠠ ᠲᠠᠩᠳᠠ ᠪᠠᠨ ᠬᠠᠮᠲᠤ ᠪᠠᠢᠨ᠎ᠠ᠂ ᠪᠤᠺᠠ ᠲᠤᠤᠨᠢ ᠬᠣᠶᠠᠷ ᠢ᠋ ᠢᠷᠡᠬᠦ ᠪᠡᠷ ᠭᠤᠷᠪᠠᠭᠤᠯᠠ ᠪᠠᠨ ᠠᠮᠠᠯᠠᠯᠲᠠ ᠠᠪᠤᠨ᠎ᠠ᠃
ᠷᠦᠪᠢ᠄ ᠪᠢ ᠰᠠᠨᠠᠯ ᠨᠢᠭᠡ ᠪᠠᠢᠨ᠎ᠠ᠂ ᠬᠠᠷᠢᠨ ᠴᠢ ᠶᠦᠨᠢ?
ᠶᠦᠨᠢ᠄ ᠪᠢ ᠮᠥᠷᠥᠭᠡᠳᠦᠯ ᠭᠡᠵᠦ ᠶᠠᠭᠤ ᠪᠠᠢᠳᠠᠭ ᠢ᠋ ᠮᠡᠳᠡᠬᠦ ᠦᠭᠡᠢ ᠯᠡ ᠳᠡ᠂ ᠭᠡᠬᠦ ᠳ᠋ᠦ᠍ ᠪᠠᠨ ᠯᠠ ᠪᠢ ᠲᠠ ᠨᠠᠷ ᠲᠠᠢ ᠶᠠᠭ ᠠᠳᠠᠯᠢᠬᠠᠨ ᠮᠥᠷᠥᠭᠡᠳᠦᠯ ᠲᠡᠢ ᠪᠣᠯᠤᠨ᠎ᠠ᠃ ᠶᠡᠷᠦ ᠨᠢ ᠳᠡᠯᠡᠬᠡᠢ ᠶ᠋ᠢᠨ ᠬᠡᠦᠬᠡᠳ ᠦ᠋ᠳ ᠶᠠᠭᠤ ᠮᠥᠷᠥᠭᠡᠳᠳᠡᠭ ᠪᠣᠯ?
ᠷᠦᠪᠢ᠄ ᠪᠤᠺᠠ ᠡᠨᠳᠡ ᠪᠠᠢᠭᠰᠠᠨ ᠪᠣᠯ ᠶᠠᠭ ᠢᠩᠭᠢᠵᠦ ᠬᠡᠯᠡᠨ᠎ᠡ᠃ ᠬᠥᠮᠦᠨ ᠦ᠌ ᠬᠠᠮᠤᠭ ᠤ᠋ᠨ ᠬᠦᠰᠡᠳᠡᠭ ᠵᠦᠢᠯ ᠢ᠋ ᠮᠥᠷᠥᠭᠡᠳᠦᠯ ᠭᠡᠳᠡᠭ ᠶᠦᠮ ᠠ᠋᠃
ᠲᠤᠤᠨᠢ᠄ ᠠ ᠶᠠᠭᠤ ᠪᠣᠢ? ᠬᠣᠶᠠᠭᠤᠯᠠ ᠪᠠᠨ ᠶᠠᠭ ᠲᠣᠪᠴᠢ ᠶ᠋ᠢ ᠨᠢ ᠣᠯᠴᠢᠬᠠᠭᠰᠠᠨ ᠶᠤᠮ ᠪᠠᠢᠨ᠎ᠠ᠂ ᠲᠡᠢᠮᠦ ᠠ᠋᠃ᠲᠡᠢᠮᠦ ᠠ᠋ ᠪᠢᠳᠡ ᠣᠯᠴᠢᠬᠠᠯ᠎ᠠ᠂ ᠶᠧ ᠶᠧ ᠸᠠ ᠧᠦ᠃ ᠪᠢᠳᠡ ᠨᠠᠷ ᠪᠦᠷ ᠯᠠᠭ ᠶᠤᠮ ᠠ᠋᠂ ᠲᠡᠢᠮᠦ ᠠ᠋? ᠡᠨᠡ ᠲᠥᠷᠥᠯᠬᠢ ᠶ᠋ᠢᠨ ᠬᠢ ᠯᠡ ᠳᠡ᠂ ᠲᠣᠮᠣ ᠪᠣᠯᠤᠭᠠᠳ ᠮᠥᠷᠳᠡᠭᠴᠢ ᠪᠣᠯᠳᠠᠭ ᠶᠤᠮ ᠪᠣᠯ ᠤᠤ?
ᠪᠤᠺᠠ᠄ ᠬᠥᠶᠢ᠂ ᠪᠢ ᠨᠢᠭᠡ ᠶᠠᠭᠤᠮ᠎ᠠ ᠬᠡᠯᠡᠴᠢᠬᠡᠬᠦ ᠤᠤ? ᠰᠠᠶᠢ ᠶ᠋ᠢᠨ ᠬᠢ ᠨᠢᠰᠳᠡᠭ ᠲᠠᠪᠠᠭ ᠠ᠋ᠴᠠ ᠠᠷᠠᠢ ᠯᠠ ᠵᠢᠵᠢᠭᠬᠡᠨ ᠪᠠᠢᠭᠰᠠᠨ ᠠ᠋᠃ ᠴᠢᠮ᠎ᠠ ᠳ᠋ᠤ᠌ ᠲᠡᠭᠡᠵᠦ ᠪᠣᠳᠣᠭᠳᠠᠬᠤ ᠦᠭᠡᠢ ᠪᠠᠢᠨ᠎ᠠ ᠤᠤ?
ᠲᠤᠤᠨᠢ᠄ ᠶᠠᠭᠤ? ᠲᠡᠷᠡ ᠲᠡᠭᠡᠬᠦ ᠪᠡᠷ
ᠰᠠᠨᠢ᠄ ᠶᠦᠨᠢ ᠲᠠᠨ ᠤ᠋ ᠭᠠᠷᠠᠭ ᠠ᠋ᠴᠠ ᠳᠠᠬᠢᠭᠠᠳ ᠬᠥᠮᠦᠨ ᠢᠷᠡᠵᠦ ᠪᠠᠢᠭ᠎ᠠ ᠶᠤᠮ ᠤᠤ? ᠲᠩᠷᠢ ᠡᠴᠡ ᠰᠡᠭᠦᠯ ᠦ᠋ᠨ ᠦᠶ᠎ᠡ ᠳ᠋ᠦ᠍ ᠶᠠᠭᠠᠬᠢᠭᠰᠠᠨ ᠶᠡᠬᠡ ᠶᠠᠭᠤᠮ᠎ᠠ ᠤᠨᠠᠭᠠᠳ ᠪᠠᠢᠨ᠎ᠠ?
ᠶᠦᠨᠢ᠄ ᠦᠭᠡᠢ ᠳᠡ᠃

    ᠾᠦᠩ ᠸᠧᠢ ᠦᠰᠦᠭ ᠢ᠋ ᠨᠢ ᠠᠮᠢᠯᠠᠭᠤᠯᠵᠤ᠂ ᠬᠥᠳᠡᠯᠭᠡᠭᠡᠨᠲᠦ ᠵᠢᠷᠤᠭ ᠲᠤ᠌ ᠦᠰᠦᠭ ᠬᠠᠲᠠᠪᠠ᠂ ᠱᠤᠳᠤᠷᠭᠤ ᠮᠥᠴᠢᠷ ᠠᠢ ᠵᠢᠶᠦ᠋ᠨ ᠵᠡᠷᠭᠡ ᠪᠠᠭᠰᠢ ᠨᠠᠷ ᠬᠢᠨᠠᠵᠤ ᠥᠭᠪᠡ᠃