ᠪᠤᠯᠴᠠᠭᠠᠷ1-03-ᠨᠢᠭᠤᠴᠠ ᠪᠠ ᠷᠢᠳᠢ ᠰᠢᠳᠢ-Булцгар - Нууц ба ид шид 1р бүлгийн 3р анги
ᠨᠢᠭᠤᠴᠠ ᠪᠠ ᠷᠢᠳᠢ ᠰᠢᠳᠢ
ᠬᠡᠦᠬᠡᠯᠲᠡᠢ ᠺᠢᠨᠤ᠋ ᠪᠤᠯᠴᠠᠭᠠᠷ 1-03
ᠷᠦᠪᠢ᠄ ᠡᠨᠳᠡ ᠵᠦᠭᠡᠷ ᠯᠡ ᠨᠢᠭᠡ ᠪᠥᠮᠪᠥᠭᠡᠯᠢᠭ ᠪᠠᠢᠨ᠎ᠠ ᠬᠠᠷ᠎ᠠ ᠳᠠ!
ᠲᠤᠤᠨᠢ᠄ ᠲᠡᠭᠡᠬᠦ ᠪᠡᠷ ᠶᠦᠨᠢ ᠡᠨᠳᠡ ᠭᠠᠭᠴᠠᠬᠠᠨ ᠭᠠᠷᠤᠯᠭ᠎ᠠ ᠪᠠᠢᠨ᠎ᠠ ᠴᠢᠮ᠎ᠠ ᠶ᠋ᠢ ᠢᠷᠡᠬᠦ ᠡᠴᠡ ᠡᠮᠦᠨ᠎ᠡ ᠡᠨᠳᠡ ᠲᠩᠷᠢ ᠡᠴᠡ ᠪᠥᠮᠪᠥᠭᠡᠯᠢᠭ ᠤᠨᠠᠬᠤ ᠪᠠᠢᠲᠤᠭᠠᠢ ᠪᠣᠷᠣᠭᠠᠨ ᠴᠤ᠌ ᠣᠷᠣᠳᠠᠭ ᠦᠭᠡᠢ ᠪᠠᠢᠭᠰᠠᠨ
ᠷᠦᠪᠢ᠄ ᠭᠦᠦᠰᠢ ᠪᠢᠰᠢ ᠲᠠᠪᠤ ᠬᠣᠨᠣᠭ ᠤ᠋ᠨ ᠡᠮᠦᠨ᠎ᠡ ᠪᠣᠷᠣᠭᠠᠨ ᠣᠷᠣᠭ᠎ᠠ ᠯᠠ ᠪᠢᠵᠡ ᠳᠡ! ᠴᠢ ᠶᠠᠭᠠᠬᠢᠪᠠ ᠪᠣᠷᠣᠭᠠᠨ ᠳ᠋ᠤ᠌ ᠨᠣᠷᠤᠭᠰᠠᠨ ᠠ᠋ᠴᠠ ᠪᠠᠨ ᠪᠣᠯᠤᠭᠠᠳ ᠬᠠᠨᠢᠶᠠᠳᠤ ᠬᠦᠷᠦᠭᠡ ᠪᠢᠵᠡ ᠳᠡ᠂ ᠡᠢᠮᠦ ᠮᠠᠷᠲᠠᠮᠠᠬᠠᠢ ᠪᠠᠢᠵᠤ ᠪᠣᠯᠬᠤ ᠦᠭᠡᠢ
ᠲᠤᠤᠨᠢ᠄ ᠦ᠁ ᠷᠦᠪᠢ᠂ ᠶᠦᠨᠢ ᠶ᠋ᠢ ᠢᠷᠡᠭᠰᠡᠨ ᠡᠴᠡ ᠬᠣᠢᠰᠢ ᠯᠠ ᠲᠩᠷᠢ ᠡᠴᠡ ᠶᠠᠩᠵᠤ ᠪᠦᠷᠢ ᠶ᠋ᠢᠨ ᠶᠠᠭᠤᠮ᠎ᠠ ᠤᠨᠠᠭᠠᠳ ᠪᠠᠢᠨ᠎ᠠ ᠭᠡᠵᠦ ᠬᠡᠯᠡᠭᠡᠳ ᠪᠠᠢᠨ᠎ᠠ ᠯᠠ ᠳᠠ᠃
ᠷᠦᠪᠢ᠄ ᠴᠢ ᠨᠠᠭᠠᠳᠤ ᠦᠭᠡ ᠪᠡᠷ ᠢ᠋ᠶ᠋ᠡᠨ ᠴᠢᠨᠠᠭᠰᠢᠳᠠ ᠴᠤ᠌ ᠪᠠᠰᠠ ᠲᠩᠷᠢ ᠡᠴᠡ ᠶᠠᠩᠵᠤ ᠪᠦᠷᠢ ᠶ᠋ᠢᠨ ᠶᠠᠭᠤᠮ᠎ᠠ ᠤᠨᠠᠨ᠎ᠠ ᠭᠡᠵᠦ ᠬᠡᠯᠡᠭᠡᠳ ᠪᠠᠢᠭ᠎ᠠ ᠶᠤᠮ ᠤᠤ?᠁ ᠣᠳᠣ ᠤᠨᠠᠬᠤ ᠦᠭᠡᠢ ᠪᠠᠢᠬᠤ ᠠ᠋
ᠶᠦᠨᠢ᠄ ᠪᠢ ᠪᠠᠭ᠎ᠠ ᠠ᠋ᠴᠠ ᠪᠠᠨ ᠭᠠᠷᠠᠭ ᠤ᠋ᠨ ᠢ᠋ᠶ᠋ᠠᠨ ᠣᠷᠳᠣᠨ ᠳ᠋ᠤ᠌ ᠥᠰᠦᠭᠰᠡᠨ ᠤᠯᠤᠰ ᠤ᠋ᠨ ᠭᠦᠩᠵᠦ ᠨᠢ ᠪᠣᠯᠬᠣᠷ ᠭᠠᠳᠠᠭᠤᠷ ᠬᠠᠮᠢᠶ᠎ᠠ ᠦᠭᠡᠢ ᠭᠠᠷᠤᠭᠠᠳ ᠪᠠᠢᠭ᠎ᠠ ᠦᠭᠡᠢ ᠲᠡᠢᠮᠦ ᠪᠣᠯᠬᠣᠷ ᠨᠠᠢᠵᠠ ᠨᠤᠭᠤᠳ ᠴᠤ᠌ ᠭᠡᠵᠦ ᠪᠠᠢᠳᠠᠭ ᠦᠭᠡᠢ ᠂ᠨᠠᠢᠵᠠ ᠨᠤᠭᠤᠳ ᠪᠠᠢᠬᠤ ᠦᠭᠡᠢ ᠪᠣᠯᠬᠣᠷ ᠠᠪᠤ ᠡᠵᠢ ᠬᠣᠶᠠᠷ ᠨᠠᠳᠠ ᠳ᠋ᠤ᠌ ᠲᠣᠭᠯᠠᠭᠠᠮ ᠤ᠋ᠨ ᠪᠦᠬᠦᠯᠢ ᠪᠦᠲᠦᠨ ᠲᠣᠮᠣ ᠥᠷᠥᠭᠡ ᠭᠠᠷᠭᠠᠵᠤ ᠦᠭᠭᠦᠭᠰᠡᠨ
ᠷᠦᠪᠢ᠄ ᠦ ᠬᠦ᠁ᠳᠦᠭᠦᠷᠡᠩ ᠲᠣᠭᠯᠠᠭᠠᠮ ᠲᠠᠢ ᠂ᠭᠡᠬᠦ ᠳ᠋ᠦ᠍ ᠪᠡᠨ ᠲᠠᠨᠠᠷ ᠲᠤ᠌ ᠪᠠᠢᠳᠠᠭ ᠰᠢᠭ᠋ ᠪᠢᠰᠢ ᠯᠡ ᠳᠡ ᠢᠯᠡᠭᠦᠦ ᠥᠭᠡᠷ᠎ᠡ᠂ ᠭᠡᠬᠦ ᠳ᠋ᠦ᠍ ᠪᠡᠨ ᠲᠡᠷᠡ ᠲᠣᠭᠯᠠᠭᠠᠮ ᠤ᠋ᠨ ᠳᠤᠮᠳᠠ ᠡᠢᠮᠦ ᠰᠢᠯᠢᠨ ᠪᠥᠮᠪᠥᠭᠡᠯᠢᠭ ᠬᠠᠷᠠᠭᠳᠠᠵᠤ ᠪᠠᠢᠭ᠎ᠠ ᠦᠭᠡᠢ ᠶᠦᠮ ᠪᠠᠢᠨ᠎ᠠ᠃ ᠪᠢ ᠦᠨᠡᠬᠡᠷ ᠮᠡᠳᠡᠬᠦ ᠦᠭᠡᠢ ᠪᠠᠢᠨ᠎ᠠ᠃
ᠪᠦᠺᠠ᠄ ᠵᠦᠭᠡᠷ ᠳᠡ ᠶᠦᠨᠢ ᠪᠦᠭᠦᠳᠡᠭᠡᠷ ᠢ᠋ᠶ᠋ᠡᠨ ᠬᠠᠮᠲᠤ ᠡᠭᠦᠨ ᠦ᠌ ᠤᠴᠢᠷ ᠢ᠋ ᠨᠢ ᠣᠯᠬᠤ ᠳ᠋ᠤ᠌ ᠪᠠᠨ ᠯᠠ ᠣᠯᠤᠨ᠎ᠠ ᠬᠠᠷᠢᠨ ᠤᠴᠢᠷ ᠢ᠋ ᠨᠢ ᠣᠯᠬᠤ ᠠᠰᠠᠭᠤᠳᠠᠯ ᠴᠠᠭ ᠪᠦᠷᠢ ᠨᠡᠮᠡᠭᠳᠡᠭᠡᠳ ᠪᠠᠢᠭ᠎ᠠ ᠶᠤᠮ ᠠ᠋ ᠲᠡᠢᠮᠦ ᠠ᠋?
ᠰᠠᠨᠢ ᠄ ᠲᠡᠭᠡᠬᠦ ᠪᠡᠷ ᠶᠦᠨᠢ ᠲᠠᠨ ᠤ᠋ ᠭᠠᠷᠠᠭ ᠶᠠᠭ ᠮᠠᠨ ᠤ᠋ ᠳᠡᠯᠡᠬᠡᠢ ᠰᠢᠭ ᠤᠤ? ᠡᠰᠡᠪᠡᠯ ᠠᠷᠠᠢ ᠥᠭᠡᠷ᠎ᠡ ᠤᠤ?᠃
ᠷᠦᠪᠢ᠄ ᠠ ᠠ᠁ ᠲᠡᠭᠡᠪᠡᠯ᠄ ᠺᠢᠨᠣ᠋ ᠳᠡᠭᠡᠷ᠎ᠡ ᠭᠠᠷᠳᠠᠭ ᠰᠢᠭ᠋ ᠰᠢᠳᠢᠲᠡᠨ ᠦ᠌ ᠰᠤᠷᠭᠠᠭᠤᠯᠢ ᠲᠠᠢ᠂ ᠭᠡᠰᠡᠨ ᠢ᠋ᠶ᠋ᠡᠨ ᠡᠰᠡᠷᠭᠦ ᠮᠠᠭᠤ ᠲᠠᠯ᠎ᠠ ᠶ᠋ᠢᠨ ᠠᠪᠤᠷᠭᠤ ᠪᠡᠶᠡᠳᠡᠨ ᠨᠦ᠍ᠭᠦᠳ ᠲᠡᠢ ᠰᠢᠳᠢ ᠪᠡᠷ ᠲᠤᠯᠤᠯᠳᠤᠳᠠᠭ ᠤᠤ? ᠠ? ᠠ? ᠠ?
ᠲᠤᠤᠨᠢ᠄ ᠡᠰᠡᠬᠦᠯ᠎ᠡ ᠶᠠᠭ ᠦᠯᠢᠭᠡᠷ ᠲᠦ᠍ ᠭᠠᠷᠳᠠᠭ ᠰᠢᠭ᠋ ᠭᠡᠷ ᠣᠷᠣᠨ ᠢ᠋ᠶ᠋ᠠᠨ ᠷᠢᠳᠢ ᠰᠢᠳᠢ ᠪᠡᠷ ᠴᠡᠪᠡᠷᠯᠡᠳᠡᠭ ᠪᠠᠢᠬ᠎ᠠ ᠳᠠ ᠲᠡᠢᠮᠦ᠂
ᠷᠦᠨᠢ᠄ ᠶᠠᠭᠠᠬᠢᠬᠤᠪ! ᠲᠠ ᠨᠠᠷ ᠤ᠋ᠨ ᠶᠠᠷᠢᠵᠤ ᠪᠠᠢᠭ᠎ᠠ ᠵᠥᠪ ᠯᠡ ᠳᠡ!ᠮᠠᠨ ᠤ᠋ ᠭᠠᠷᠠᠭ ᠴᠡᠩᠬᠡᠷ ᠥᠩᠭᠡ ᠶ᠋ᠢᠨ ᠮᠣᠳᠣᠳ ᠲᠠᠢ ᠡᠭᠦᠯᠡᠰ ᠪᠣᠯᠭᠠᠨ ᠳᠡᠭᠡᠷ᠎ᠡ ᠨᠢ ᠪᠦᠬᠦᠯᠢ ᠪᠦᠲᠦᠨ ᠬᠣᠲᠠ ᠣᠷᠣᠰᠢᠳᠠᠭ ᠦᠨᠡᠬᠡᠷ ᠦᠵᠡᠰᠬᠦᠯᠡᠩᠲᠡᠢ! ᠬᠠᠷᠠᠵᠤ ᠪᠠᠢᠨ᠎ᠠ ᠤᠤ? ᠡᠨᠡ ᠶ᠋ᠢ ᠬᠠᠷ᠎ᠠ ᠳᠠ! ᠶᠠᠭ ᠡᠭᠦᠨ ᠰᠢᠭ ᠲᠡᠷᠡ ᠨᠠᠭᠠᠨ᠎ᠠ ᠨᠢ ᠪᠠᠰᠠ ᠴᠡᠩᠬᠡᠷ ᠥᠩᠭᠡ ᠶ᠋ᠢᠨ ᠮᠣᠳᠣᠳ ᠬᠠᠷᠠᠭᠳᠠᠵᠤ ᠪᠠᠢᠨ᠎ᠠ᠃ ᠬᠦᠢ ᠬᠦᠢ ᠨᠠᠢᠵᠠ ᠨᠤᠭᠤᠳ ᠠ᠋? ᠡᠨᠡ ᠬᠥᠭᠡᠰᠦ ᠪᠠᠰᠠ ᠲᠠ ᠨᠠᠷ ᠲᠤ᠌ ᠴᠤ᠌ ᠭᠡᠰᠡᠨ ᠬᠠᠷᠠᠭᠳᠠᠭᠠᠳ ᠪᠠᠢᠨ᠎ᠠ ᠡᠰᠡᠬᠦᠯ᠎ᠡ ᠪᠢ ᠭᠠᠭᠴᠠᠭᠠᠷ ᠢ᠋ᠶ᠋ᠠᠨ ᠬᠠᠷᠠᠭᠠᠳ ᠪᠠᠢᠨ᠎ᠠ? ᠤᠤ?
ᠷᠦᠪᠢ᠄ ᠬᠠᠷᠠᠵᠤ ᠪᠠᠢᠨ᠎ᠠ᠂ ᠬᠠᠷᠠᠵᠤ ᠪᠠᠢᠨ᠎ᠠ᠃
ᠲᠤᠤᠨᠢ᠄ ᠠ᠋ ᠬᠡ᠂ ᠪᠢ ᠴᠦ᠍ ᠪᠠᠰᠠ
ᠭᠦᠦᠰᠢ ᠠ᠋! ᠠ! ᠡᠨᠡ ᠴᠢᠨᠢ ᠶᠠᠭᠤ ᠪᠣᠯᠤᠭᠠᠳ ᠪᠠᠢᠨ᠎ᠠ?
ᠷᠦᠪᠢ᠄ ᠸᠠ! ᠵᠢᠩᠬᠢᠨᠢ ᠷᠢᠳᠢ ᠰᠢᠳᠢ ᠭᠡᠳᠡᠭ ᠴᠢᠨᠢ ᠡᠨᠡ ᠪᠠᠢᠨ᠎ᠠ ᠳᠠ᠃
ᠪᠣᠺᠠ᠄ ᠡᠨᠳᠡ ᠦᠨᠡᠬᠡᠷ ᠴᠡᠩᠬᠡᠷ ᠶᠠᠭᠠᠨ ᠥᠩᠭᠡ ᠶ᠋ᠢᠨ ᠮᠣᠳᠣᠳ ᠪᠠᠢᠨ᠎ᠠ᠃
ᠶᠦᠨᠢ᠄ ᠡᠨᠡ᠁ ᠡᠨᠡ ᠴᠢᠨᠢ ᠬᠦᠢ ᠠ᠋ ᠡᠨᠡ ᠴᠢᠨᠢ ᠮᠢᠨᠦ ᠲᠣᠭᠯᠠᠭᠠᠮ ᠤ᠋ᠨ ᠥᠷᠥᠭᠡ ᠪᠠᠢᠨ᠎ᠠ ᠰᠢᠦ ᠳᠡ᠃
ᠲᠤᠤᠨᠢ᠄ ᠮᠠᠨᠠᠢᠬᠢ ᠠ᠋ ᠡᠭᠦᠨ ᠢ᠋ ᠬᠠᠷ᠎ᠠ ᠳᠠ
ᠠ! ᠮᠠᠨ ᠤ᠋ ᠬᠢ ᠠ᠋ ᠡᠭᠦᠨ ᠢ᠋ ᠬᠠᠷ᠎ᠠ ᠳᠠ
ᠷᠦᠪᠢ᠄ ᠭᠦᠦᠰᠢ ᠠ᠋ ᠡᠭᠦᠨ ᠢ᠋ ᠬᠠᠷ᠎ᠠ ᠳᠠ! ᠶᠠᠮᠠᠷ ᠭᠣᠶᠣ ᠶᠤᠮ ᠪᠣᠢ!
ᠰᠠᠨᠢ᠄ ᠡᠨᠡ ᠴᠢᠨᠦ ᠲᠣᠭᠯᠠᠭᠠᠮ ᠤ᠋ᠨ ᠥᠷᠥᠭᠡ ᠶᠦᠮ ᠤᠤ? ᠶᠠᠮᠠᠷ ᠭᠣᠶᠣ ᠶᠤᠮ ᠪᠣᠢ?
ᠲᠤᠤᠨᠢ᠄ ᠶᠣ ᠶᠣ ᠁ ᠪᠦᠷ ᠶᠠᠳᠠᠷᠠᠴᠢᠬᠠᠯ᠎ᠠ ᠡᠨᠡ
ᠰᠠᠨᠢ᠄ ᠶᠣᠬᠣ! ᠬᠠᠷᠢᠨ ᠲᠡᠢᠮᠦ ᠠ᠋! ᠪᠦᠷ ᠠᠶᠤᠮᠠᠷ ᠶᠠᠳᠠᠷᠠᠴᠢᠬᠠᠯ᠎ᠠ! ᠪᠤᠷᠬᠠᠨ ᠮᠢᠨᠢ ᠭᠡᠵᠦ
ᠰᠠᠨᠢ᠄ ᠭᠡᠬᠦ ᠳ᠋ᠦ᠍ ᠪᠠᠨ ᠯᠠ ᠪᠢ ᠡᠨᠡ ᠮᠥᠴᠡ ᠶ᠋ᠢ ᠭᠡᠷ ᠴᠦ᠍ ᠪᠡᠨ ᠣᠷᠣᠭᠠᠳ ᠵᠠᠪᠠᠯ ᠵᠢᠷᠤᠨ᠎ᠠ᠃
ᠪᠢ ᠤᠷᠢᠳ ᠡᠮᠦᠨ᠎ᠡ ᠨᠢ ᠡᠢᠮᠦ ᠭᠣᠶᠣ ᠵᠦᠢᠯᠡᠰ ᠬᠠᠷᠠᠵᠤ ᠪᠠᠢᠭ᠎ᠠ ᠦᠭᠡᠢ᠃
ᠦᠨᠡᠬᠡᠷ ᠭᠣᠶᠣ ᠶᠤᠮ ᠠ᠋᠃
ᠲᠤᠤᠨᠢ᠄ ᠪᠢ ᠴᠦ᠍ ᠭᠡᠰᠡᠨ! ᠶᠣᠰᠣ ᠲᠠᠢ ᠯᠠ ᠷᠢᠳᠢ ᠰᠢᠳᠢ ᠪᠠᠢᠨ᠎ᠠ ᠳᠠ!
ᠶᠦᠨᠢ᠄ ᠬᠡ ᠬᠡ ᠪᠢ ᠴᠦ᠍ ᠪᠠᠰᠠ ᠵᠢᠷᠤᠨ᠎ᠠ! ᠶᠠᠭᠠᠬᠢᠭᠰᠠᠨ ᠪᠣᠢ?ᠪᠢ ᠪᠠᠰᠠ ᠡᠢᠮᠦ ᠶᠠᠭᠤᠮ᠎ᠠ ᠬᠠᠷᠠᠵᠤ ᠪᠠᠢᠭ᠎ᠠ ᠦᠭᠡᠢ ᠯᠡ ᠶᠦᠮ ᠴᠢᠨᠢ ᠳᠡ
ᠷᠦᠪᠢ᠄ ᠭᠡᠬᠦ ᠳ᠋ᠦ᠍ ᠪᠠᠨ ᠯᠠ ᠴᠢ ᠴᠢᠨᠢ ᠷᠢᠳᠢ ᠰᠢᠳᠢ ᠶ᠋ᠢᠨ ᠭᠠᠷᠠᠭ ᠤ᠋ᠨ ᠬᠢ ᠭᠡᠵᠦ ᠬᠡᠯᠡᠭᠡ ᠪᠢᠵᠡ ᠳᠡ!
ᠶᠦᠨᠢ᠄ ᠲᠡᠭᠡᠭᠰᠡᠨ ᠴᠦ᠍ ᠭᠡᠰᠡᠨ
ᠲᠤᠤᠨᠢ᠄ ᠠ᠋ ? ᠶᠠᠭᠤ ᠪᠣᠢ? ᠶᠠᠭᠤ ᠪᠣᠯᠤᠭᠠᠳ ᠪᠠᠢᠨ᠎ᠠ ᠨᠠᠢᠵᠠ ᠨᠤᠭᠤᠳ ᠠ᠋!
ᠶᠦᠨᠢ᠄᠄ ᠶᠠᠭᠠᠬᠢᠨ᠎ᠠ! ᠶᠠᠮᠠᠷ ᠠᠶᠤᠮᠠᠷ ᠶᠤᠮ ᠪᠣᠢ? ᠡᠵᠢ ᠠ᠋!
ᠡᠵᠢ᠄ ᠦᠷ᠎ᠡ ᠮᠢᠨᠢ! ᠦᠨᠳᠦᠰᠦ ᠮᠢᠨᠢ᠂ ᠴᠢ ᠮᠢᠨᠢ ᠵᠦᠭᠡᠷ ᠪᠢᠵᠡ ᠳᠡ ᠮᠢᠨᠦ ᠥᠬᠢᠨ
ᠶᠦᠨᠢ᠄ ᠲᠡᠢᠮᠦ ᠠ᠋ ᠡᠵᠢ ᠠ᠋!ᠪᠢ ᠮᠠᠰᠢ ᠰᠠᠢᠨ ᠪᠠᠢᠭ᠎ᠠ ᠲᠠ ᠨᠠᠮ᠎ᠠ ᠶ᠋ᠢ ᠬᠠᠷᠠᠵᠤ ᠪᠠᠢᠭ᠎ᠠ ᠪᠢᠵᠡ ᠳᠡ᠂ ᠪᠠᠰᠠ ᠪᠢ ᠨᠠᠢᠵᠠ ᠨᠤᠭᠤᠳ ᠲᠠᠢ ᠪᠣᠯᠤᠭᠰᠠᠨ ᠡᠨᠡ ᠮᠠᠨ ᠤ᠋ ᠨᠠᠢᠵᠠ ᠨᠤᠭᠤᠳ
ᠪᠦᠭᠦᠳᠡᠭᠡᠷ᠄ ᠰᠠᠢᠨ ᠤᠤ?
ᠡᠵᠢ᠄ ᠮᠡᠳᠡᠭᠡᠵᠢ ᠰᠢᠦ ᠳᠡ ᠴᠢ ᠮᠢᠨᠢ ᠡᠢᠮᠦ ᠮᠤᠨᠳᠠᠭ᠃ ᠡᠵᠢ ᠨᠢ ᠴᠢᠮ᠎ᠠ ᠶ᠋ᠢ ᠪᠡᠨ ᠳᠡᠯᠡᠬᠡᠢ ᠳᠡᠭᠡᠷ᠎ᠡ ᠨᠠᠢᠵᠠ ᠨᠤᠭᠤᠳ ᠲᠠᠢ ᠪᠣᠯᠤᠨ᠎ᠠ ᠭᠡᠵᠦ ᠮᠡᠳᠡᠵᠦ ᠪᠠᠢᠭᠰᠠᠨ
ᠶᠦᠨᠢ᠄ ᠭᠡᠬᠦ ᠳ᠋ᠦ᠍ ᠪᠡᠨ ᠶᠠᠭᠤ ᠪᠣᠯᠤᠭᠠᠳ ᠪᠠᠢᠭ᠎ᠠ ᠶᠤᠮ ᠪᠣᠢ? ᠲᠠ ᠶᠠᠭᠠᠬᠢᠭᠠᠳ ᠨᠠᠭᠠᠨ᠎ᠠ ᠪᠠᠨ ᠪᠠᠢᠭ᠎ᠠ ᠶᠤᠮ ᠪᠣᠢ?
ᠪᠠᠰᠠ ᠮᠠᠨ ᠤ᠋ ᠭᠠᠷᠠᠭ ᠶᠠᠭᠠᠬᠢᠭᠠᠳ ᠰᠦᠢᠷᠡᠭᠡᠳ ᠪᠠᠢᠭ᠎ᠠ ᠶᠤᠮ ᠪᠣᠢ? ᠲᠠ! ᠲᠠ ᠬᠡᠯᠡᠬᠦ ᠳ᠋ᠦ᠍ ᠪᠡᠨ ᠮᠠᠨ ᠤ᠋ ᠭᠠᠷᠠᠭ ᠮᠥᠩᠬᠡ ᠬᠡᠵᠢᠶ᠎ᠡ ᠴᠦ᠍ ᠰᠦᠢᠷᠡᠬᠦ ᠦᠭᠡᠢ ᠭᠡᠵᠦ ᠬᠡᠯᠡᠭᠰᠡᠨ ᠰᠢᠳᠡ᠂
ᠡᠵᠢ᠄ ᠮᠢᠨᠦ ᠥᠬᠢᠨ᠂ ᠣᠳᠣ ᠡᠵᠢ ᠶ᠋ᠢᠨ ᠢ᠋ᠶ᠋ᠡᠨ ᠬᠡᠯᠡᠬᠦ ᠶ᠋ᠢ ᠰᠠᠢᠨ ᠰᠣᠨᠣᠰᠤᠭᠠᠷᠠᠢ!
ᠡᠨᠡ ᠭᠠᠷᠠᠭ ᠶᠢᠷᠲᠢᠨᠴᠦ ᠳᠡᠭᠡᠷ᠎ᠡ ᠨᠢᠭᠡ ᠨᠢᠭᠡ ᠶ᠋ᠢ ᠪᠡᠨ ᠡᠵᠡᠯᠡᠬᠦ ᠭᠡᠰᠡᠨ ᠰᠢᠳᠢᠲᠡᠨ ᠨᠦ᠍ᠭᠦᠳ ᠮᠠᠰᠢ ᠣᠯᠠᠨ ᠪᠠᠢᠭ᠎ᠠ ᠲᠡᠳᠡ ᠨᠢᠭᠡᠨ ᠳ᠋ᠦ᠍ ᠪᠡᠨ ᠮᠠᠭᠤ ᠰᠠᠨᠠᠵᠤ ᠦᠰ ᠰᠠᠨᠠᠵᠤ ᠶᠠᠪᠤᠭᠰᠠᠭᠠᠷ ᠥᠨᠥᠳᠥᠷ ᠦ᠋ᠨ ᠡᠨᠡ ᠪᠠᠢᠳᠠᠯ ᠳ᠋ᠤ᠌ ᠬᠦᠷᠦᠭᠡᠳ ᠪᠠᠢᠨ᠎ᠠ᠃ᠨᠣᠣᠷᠣᠢ ᠭᠠᠷᠠᠭ ᠲᠤ᠌ ᠮᠠᠨᠢ ᠠᠶᠤᠮᠰᠢᠭᠲᠠᠢ ᠵᠦᠢᠯᠡᠰ ᠪᠣᠯᠤᠭᠠᠳ ᠪᠠᠢᠨ᠎ᠠ᠃ ᠡᠨᠡ ᠪᠦᠬᠦ ᠵᠦᠢᠯᠡᠰ ᠢ᠋ ᠵᠣᠭᠰᠣᠭᠠᠬᠤ ᠠᠭᠤᠤ ᠰᠢᠳᠢᠲᠡᠨ ᠵᠠᠪᠠᠯ ᠪᠠᠢᠳᠠᠭ᠃ᠲᠡᠷᠡ ᠰᠢᠳᠢᠲᠡᠨ ᠮᠢᠨᠦ ᠥᠬᠢᠨ ᠴᠢ ᠳᠡᠯᠡᠬᠡᠢ ᠶ᠋ᠢᠨ ᠵᠢᠷᠦᠬᠡᠨ ᠳ᠋ᠦ᠍ ᠴᠣᠬᠢᠯᠠᠬᠤ ᠰᠤᠪᠤᠳ ᠨᠢ ᠪᠢᠳᠡᠨ ᠦ᠌ ᠭᠠᠷᠠᠭ ᠳᠠᠬᠢ ᠬᠦᠴᠦ ᠴᠢᠳᠠᠯ ᠤ᠋ᠨ ᠲᠡᠭ ᠬᠠᠭᠠᠰ ᠨᠢ ᠪᠠᠢᠭ᠎ᠠ᠃ ᠲᠡᠭᠦᠨ ᠢ᠋ ᠣᠯ ᠥᠬᠢᠨ ᠮᠢᠨᠢ
ᠶᠦᠨᠢ᠄ ᠣᠢᠯᠠᠭᠠᠯ᠎ᠠ ᠡᠵᠢ ᠠ᠋! ᠣᠢᠯᠠᠭᠠᠯ᠎ᠠ᠂ᠭᠡᠬᠦ ᠳ᠋ᠦ᠍ ᠪᠡᠨ ᠪᠢ ᠲᠡᠷᠡ ᠠᠤᠭ᠎ᠠ ᠰᠢᠳᠢᠲᠡᠨ ᠨᠢ ᠮᠥᠨ ᠪᠣᠯ ᠤᠤ?
ᠡᠵᠢ᠄ ᠠᠭᠤᠤ ᠰᠢᠳᠢᠲᠡᠨ ᠪᠣᠯᠬᠤ ᠦᠭᠡᠢ ᠶ᠋ᠢ ᠮᠢᠨᠦ ᠥᠬᠢᠨ ᠴᠢ ᠥᠪᠡᠷ ᠢ᠋ᠶ᠋ᠡᠨ ᠯᠡ ᠣᠯᠵᠤ ᠮᠡᠳᠡᠨ᠎ᠡ᠃
ᠪᠤᠺᠠ᠄ ᠪᠢᠳᠡ ᠴᠢᠮ᠎ᠠ ᠳ᠋ᠤ᠌ ᠪᠣᠯᠤᠨ ᠨᠣᠣᠷᠣᠢ ᠭᠠᠷᠠᠭ ᠲᠤ᠌ ᠲᠤᠰᠠᠯᠠᠨ᠎ᠠ ᠭᠡᠳᠡᠭ ᠢ᠋ᠶ᠋ᠡᠨ ᠠᠮᠠᠯᠠᠵᠤ ᠪᠠᠢᠨ᠎ᠠ ᠶᠦᠨᠢ
ᠷᠦᠪᠢ᠄ ᠲᠡᠢᠮᠦ ᠠ᠋ ᠪᠢᠳᠡ ᠠᠮᠠᠯᠠᠵᠤ ᠪᠠᠢᠨ᠎ᠠ᠃
ᠡᠵᠢ᠄ ᠬᠠᠷᠠᠵᠤ ᠪᠠᠢᠨ᠎ᠠ ᠤᠤ?! ᠦᠷ᠎ᠡ ᠮᠢᠨᠢ᠂ ᠴᠢ ᠭᠠᠭᠴᠠᠭᠠᠷ ᠢ᠋ᠶ᠋ᠠᠨ ᠪᠢᠰᠢ᠂ ᠲᠡᠭᠡᠭᠡᠳ ᠮᠥᠨ ᠨᠢᠭᠡ ᠵᠦᠢᠯ ᠢ᠋ ᠬᠡᠵᠢᠶ᠎ᠡ ᠴᠦ᠍ ᠮᠠᠷᠲᠠᠵᠤ ᠪᠣᠯᠬᠤ ᠦᠭᠡᠢ᠃ ᠰᠤᠪᠤᠳ ᠲᠤ᠌ ᠪᠠᠢᠭ᠎ᠠ ᠬᠦᠴᠦ ᠶ᠋ᠢ ᠠᠪᠬᠤ ᠠ᠋ᠴᠠ ᠪᠠᠨ ᠡᠮᠦᠨ᠎ᠡ ᠥᠪᠡᠷ ᠦ᠋ᠨ ᠪᠦᠬᠦᠢᠯᠡ ᠬᠦᠴᠦ ᠪᠡᠨ ᠣᠯᠵᠤ ᠠᠪᠤᠭᠰᠠᠨ ᠪᠠᠢᠬᠤ ᠶᠣᠰᠣ ᠲᠠᠢ ᠰᠢᠦ᠂ᠵᠠᠮ ᠳ᠋ᠤ᠌ ᠲᠠᠭᠠᠷᠠᠬᠤ ᠠᠶᠤᠯ ᠪᠦᠷᠢ ᠡᠴᠡ ᠪᠡᠨ ᠴᠢ ᠬᠦᠴᠦ ᠪᠡᠨ ᠣᠯᠵᠤ ᠠᠪᠬᠤ ᠪᠣᠯᠤᠨ᠎ᠠ᠂ ᠭᠠᠭᠴᠠᠭᠠᠷ ᠢ᠋ᠶ᠋ᠠᠨ ᠪᠢᠰᠢ ᠬᠠᠮᠲᠤ ᠪᠠᠷ ᠢ᠋ᠶ᠋ᠠᠨ ᠭᠡᠳᠡᠭ ᠢ᠋ᠶ᠋ᠡᠨ ᠬᠡᠵᠢᠶ᠎ᠡ ᠴᠦ᠍ ᠪᠦᠦ ᠮᠠᠷᠲᠠᠭᠠᠷᠠᠢ! ᠡᠴᠦᠰ ᠲᠦ᠍ ᠨᠢ ᠡᠵᠢ ᠨᠢ ᠴᠢᠮ᠎ᠠ ᠳ᠋ᠤ᠌ ᠪᠠᠨ ᠣᠳᠣᠨ ᠤ᠋ ᠪᠦᠷᠢᠨ ᠲᠣᠭ᠎ᠠ ᠪᠠᠷ ᠬᠠᠢᠷᠠᠲᠠᠢ ᠭᠦᠩᠵᠦ ᠮᠢᠨᠢ!
ᠶᠦᠨᠢ᠄ ᠡᠵᠢ ᠠ᠋! ᠪᠢ ᠶᠠᠭᠠᠬᠢᠵᠤ ᠬᠦᠴᠦ ᠴᠢᠳᠠᠯ ᠢ᠋ᠶ᠋ᠠᠨ ᠣᠯᠵᠤ ᠠᠪᠬᠤ ᠶᠤᠮ ᠪᠣᠢ᠃ ᠡᠨᠡ ᠪᠦᠭᠦᠳᠡ ᠦᠨᠡᠨ ᠭᠡᠵᠦ ᠤᠤ⁈
ᠨᠣᠣᠷᠣᠢ ᠭᠠᠷᠠᠭ ᠢ᠋ᠶ᠋ᠠᠨ ᠪᠠᠰᠠ ᠭᠡᠷ ᠪᠦᠯᠢ ᠠᠷᠠᠳ ᠢᠷᠭᠡᠳ ᠢ᠋ᠶ᠋ᠡᠨ ᠠᠪᠤᠷᠠᠵᠤ ᠴᠢᠳᠠᠬᠤ ᠦᠭᠡᠢ ᠪᠣᠯ ᠶᠠᠭᠠᠬᠢᠬᠤ ᠶᠤᠮ ᠪᠣᠢ ᠨᠠᠢᠵᠠ ᠨᠤᠭᠤᠳ ᠠ᠋ ᠪᠢᠳᠡ ᠴᠢᠳᠠᠬᠤ ᠪᠣᠯ ᠤᠤ?
ᠪᠤᠺᠠ᠄ ᠪᠢ ᠨᠢᠭᠡ ᠦᠭᠡ ᠮᠡᠳᠡᠨ᠎ᠡ᠂ ᠡᠪᠦᠭᠡ ᠮᠢᠨᠢ ᠦᠷᠭᠦᠯᠵᠢ ᠬᠡᠯᠡᠳᠡᠭ ᠪᠠᠢᠭᠰᠠᠨ ᠶᠤᠮ᠂ ᠲᠡᠷᠡ ᠬᠡᠯᠡᠬᠦ ᠳ᠋ᠦ᠍ ᠪᠡᠨ᠄ ᠥᠨᠳᠥᠷ ᠠᠭᠤᠯᠠ ᠶ᠋ᠢ ᠵᠣᠷᠢ ᠥᠷᠭᠡᠨ ᠳᠠᠯᠠᠢ ᠶ᠋ᠢ ᠭᠠᠲᠤᠯ᠂ ᠶᠠᠪᠤᠪᠠᠯ ᠬᠦᠷᠦᠨ᠎ᠡ ᠵᠣᠷᠢᠪᠠᠯ ᠪᠦᠲᠦᠨ᠎ᠡ ᠭᠡᠳᠡᠭ ᠪᠠᠢᠭᠰᠠᠨ᠂ ᠲᠡᠢᠮᠦ ᠡᠴᠡ ᠪᠣᠯᠤᠮᠵᠢ ᠦᠭᠡᠢ ᠪᠠᠢᠭᠰᠠᠨ ᠴᠣ ᠪᠣᠯᠤᠮᠵᠢ ᠲᠠᠢ ᠪᠣᠯᠲᠠᠯ᠎ᠠ ᠨᠢ ᠬᠢᠴᠢᠶᠡᠵᠡᠭᠡᠶᠡ!
ᠷᠦᠪᠢ᠄ ᠲᠡᠢᠮᠦ ᠰᠢᠦ! ᠭᠠᠭᠴᠠᠭᠠᠷ ᠢ᠋ᠶ᠋ᠠᠨ ᠪᠢᠰᠢ ᠬᠠᠮᠲᠤ ᠳ᠋ᠤ᠌ ᠪᠠᠨ ᠪᠠᠢᠪᠠᠯ ᠪᠢᠳᠡ ᠪᠦᠭᠦᠳᠡ ᠶ᠋ᠢ ᠪᠦᠲᠦᠭᠡᠵᠦ ᠴᠢᠳᠠᠨ᠎ᠠ᠃ ᠶᠠᠭ ᠵᠥᠪ
ᠡᠰᠡᠷᠭᠦ ᠰᠢᠳᠢᠲᠡᠨ᠄ ᠬᠠ ᠬᠠ ᠬᠠ᠂ ᠬᠡᠦᠬᠡᠳ ᠦ᠋ᠳ ᠶᠠᠭᠤ ᠶᠠᠷᠢᠵᠤ ᠪᠠᠢᠭ᠎ᠠ ᠶ᠋ᠢ ᠬᠠᠷᠠᠭᠠᠴᠢ ᠠ᠋! ᠨᠠᠮ᠎ᠠ ᠶ᠋ᠢ ᠠᠷᠠᠢ ᠳᠡᠢᠯᠦᠨ᠎ᠡ ᠭᠡᠵᠦ ᠰᠠᠨᠠᠭᠰᠠᠨ ᠶᠤᠮ ᠪᠠᠢᠨ᠎ᠠ᠂ ᠮᠢᠨᠦ ᠲᠠᠨᠠᠷ ᠲᠤ᠌ ᠪᠡᠯᠡᠳᠦᠭᠰᠡᠨ ᠳᠠᠷᠠᠭ᠎ᠠ ᠶ᠋ᠢᠨ ᠪᠡᠯᠡᠭ ᠢ᠋ ᠬᠡᠷᠬᠢᠨ ᠳᠠᠪᠠᠨ ᠳᠠᠭᠤᠯᠠᠬᠤ ᠶ᠋ᠢ ᠴᠢᠨᠢ ᠨᠢᠭᠡ ᠬᠠᠷᠠᠶ᠎ᠠ ᠂ ᠪᠠᠢᠵᠠ᠃ ᠢᠩᠭᠢᠭᠡᠳ ᠲᠣᠭᠯᠠᠶ᠎ᠠ! ᠡᠬᠢᠯᠡᠯ᠎ᠡ᠃
ᠡᠷᠳᠡᠨᠢᠪᠢᠯᠢᠭ ᠦᠰᠦᠭ ᠢ᠋ ᠨᠢ ᠠᠮᠢᠯᠠᠭᠤᠯᠵᠤ ᠂ ᠾᠦᠩ ᠸᠧᠢ ᠬᠥᠳᠡᠯᠭᠡᠭᠡᠨᠲᠦ ᠵᠢᠷᠤᠭ ᠲᠤ᠌ ᠦᠰᠦᠭ ᠬᠠᠲᠠᠪᠠ ᠂ ᠱᠤᠳᠤᠷᠭᠤ ᠮᠥᠴᠢᠷ ᠨᠠᠷ ᠬᠢᠨᠠᠵᠤ ᠥᠭᠪᠡ᠃
