ᠪᠤᠯᠴᠠᠭᠠᠷ 1-01ᠰᠢᠳᠢᠲᠡᠨ ᠳᠡᠯᠡᠬᠡᠢ ᠳᠦ ᠢᠷᠡᠭᠰᠡᠨ ᠨᠢБулцгар-Шидтэн дэлхийд ирсэн нь
ᠰᠢᠳᠢᠲᠡᠨ ᠳᠡᠯᠡᠬᠡᠢ ᠳᠦ ᠢᠷᠡᠭᠰᠡᠨ ᠨᠢ- ᠪᠤᠯᠴᠠᠭᠠᠷ1-01
ᠥᠨᠳᠥᠷ ᠮᠣᠳᠣᠳ ᠢ᠋ᠶ᠋ᠠᠷ ᠬᠦᠷᠢᠶᠡᠯᠡᠭᠳᠡᠭᠰᠡᠨ ᠦᠵᠡᠰᠬᠦᠯᠡᠩᠲᠦ ᠣᠢ ᠶ᠋ᠢᠨ ᠴᠤᠭᠤᠷᠬᠠᠢ ᠳ᠋ᠤ᠌ ᠳᠥᠩᠭᠡᠵᠦ ᠥᠷᠯᠥᠭᠡ ᠪᠣᠯᠵᠤ ᠪᠠᠢᠯ᠎ᠠ᠃
ᠥᠷᠯᠥᠭᠡᠨ ᠦ᠌ ᠴᠡᠪᠡᠷ ᠠᠭᠠᠷ ᠴᠤ᠌ ᠭᠡᠵᠦ ᠶᠠᠩᠵᠤ ᠲᠠᠢ᠃ ᠣᠢ ᠶ᠋ᠢᠨ ᠴᠣᠭᠣᠷᠬᠠᠢ ᠳ᠋ᠤ᠌ ᠭᠤᠷᠪᠠᠨ ᠮᠣᠳᠣᠨ ᠪᠠᠢᠰᠢᠩ ᠬᠠᠷᠠᠭᠳᠠᠨ᠎ᠠ᠃ ᠲᠡᠭᠦᠨ ᠡᠴᠡ ᠬᠣᠯᠠ ᠦᠭᠡᠢᠬᠡᠨ ᠪᠠᠢᠬᠤ ᠲᠠᠯᠠᠪᠠᠢ ᠳᠡᠭᠡᠷ᠎ᠡ ᠬᠡᠦᠬᠡᠳ ᠦ᠋ᠳ ᠲᠣᠭᠯᠠᠵᠤ ᠪᠠᠢᠯ᠎ᠠ᠃ ᠡᠢᠮᠦ ᠥᠷᠯᠥᠭᠡᠭᠦᠷ ᠬᠡᠨ ᠪᠠᠢᠳᠠᠭ ᠪᠢᠯᠡ᠃
ᠪᠤᠺᠠ᠄ ᠳᠥᠩᠭᠡᠵᠦ ᠰᠠᠶᠢᠬᠠᠨ ᠯᠠ ᠰᠡᠷᠡᠭᠰᠡᠨ ᠮᠥᠷᠳᠡᠯ᠎ᠡ ᠪᠡᠨ ᠨᠣᠢᠷ ᠬᠦᠷᠦᠭᠡᠳ ᠪᠠᠢᠬᠤ ᠴᠢᠨᠢ᠂ ᠵᠢᠭᠠᠬᠠᠨ ᠤᠨᠲᠠᠶ᠎ᠠ ᠳᠠ᠃
ᠷᠦᠪᠢ᠄ ᠬᠡᠩ ! ᠪᠥᠮᠪᠥᠭᠡ ᠮᠢᠨᠢ ᠣᠷᠣᠭᠠᠷᠠᠢ᠂ᠲᠡᠢᠮᠦ ᠠ᠋᠂ ᠭᠣᠶᠣ ᠭᠤᠷᠪᠠᠨ ᠤᠨᠤᠭ᠎ᠠ᠃ ᠬᠥᠶᠢ ᠬᠥᠶᠢ ᠨᠠᠢᠵᠠ ᠨᠤᠭᠤᠳ ᠠ᠋᠂ ᠲᠠ ᠨᠠᠷ ᠤᠢᠳᠬᠤ ᠦᠭᠡᠢ ᠪᠠᠢᠭ᠎ᠠ ᠶᠤᠮ ᠤᠤ ᠳᠠ᠂ ᠨᠠᠳᠠ ᠲᠠᠢ ᠬᠠᠮᠲᠤ ᠢᠷᠡᠵᠦ ᠲᠣᠭᠯᠠᠬᠤ ᠦᠭᠡᠢ ᠶᠦᠮ ᠤᠤ ?ᠬᠥᠶᠢ ᠬᠥᠶᠢ ᠰᠠᠨᠢ᠂ ᠴᠢ ᠨᠠᠳᠠ ᠲᠠᠢ ᠬᠠᠮᠲᠤ ᠲᠣᠭᠯᠠᠬᠤ ᠦᠭᠡᠢ ᠶᠦᠮ ᠤᠤ ᠳᠠ᠃
ᠰᠠᠨᠢ᠄ ᠬᠡᠩ᠂ ᠪᠥᠮᠪᠦᠭᠡᠨ ᠦ᠌ ᠲᠣᠭᠣᠰᠣ ᠬᠤᠪᠴᠠᠰᠤᠨ ᠳ᠋ᠤ᠌ ᠮᠢᠨᠢ ᠨᠠᠭᠠᠯᠳᠤᠴᠢᠬᠠᠪᠠᠯ ᠶᠠᠭᠠᠬᠢᠬᠤ ᠪᠣᠯᠵᠤ ᠪᠠᠢᠨ᠎ᠠ᠂ ᠦᠭᠡᠢ᠃ ᠲᠡᠭᠡᠭᠰᠡᠨ ᠴᠦ᠍ ᠪᠢ ᠣᠳᠣ ᠵᠢᠷᠤᠭ ᠵᠢᠷᠤᠬᠤ ᠶᠣᠰᠣᠲᠠᠢ ᠪᠠᠢᠬᠤ ᠦᠭᠡᠢ ᠤᠤ᠃ ᠪᠤᠺᠠ ᠲᠤᠤᠨᠢ ᠬᠣᠶᠠᠷ ᠯᠠ ᠲᠣᠭᠯᠠᠬᠤ ᠬᠡᠷᠡᠭᠲᠡᠢ ᠰᠢᠲᠠ᠂ ᠪᠥᠮᠪᠥᠭᠡ ᠪᠡᠷ ᠲᠣᠭᠯᠠᠪᠠᠯ ᠥᠨᠳᠥᠷ ᠪᠣᠯᠳᠠᠭ ᠭᠡᠰᠡᠨ᠂ ᠪᠢ ᠴᠦ᠍ ᠶᠠᠭᠠᠬᠢᠬᠤᠪ᠂ ᠥᠨᠳᠥᠷ ᠶᠦᠮ ᠴᠢᠨᠢ᠃
ᠷᠦᠪᠢ᠄ ᠦ᠋᠂ ᠵᠠ ᠵᠠ ᠲᠤᠤᠨᠢ ᠲᠡᠭᠡᠪᠡᠯ ᠴᠢ ᠨᠠᠳᠠ ᠲᠠᠢ ᠲᠣᠭᠯᠠᠴᠢᠬᠠ ᠠ᠋ ᠯᠠ ᠳᠠ᠃
ᠲᠤᠤᠨᠢ᠄ ᠦᠭᠡᠢ᠂ ᠪᠢ ᠭᠣᠶᠣ ᠨᠣᠮ ᠤᠩᠰᠢᠵᠤ ᠪᠠᠢᠨ᠎ᠠ᠂ ᠲᠠ ᠨᠠᠷ ᠬᠠᠷᠢᠨ ᠨᠠᠳᠠ ᠲᠠᠢ ᠬᠠᠮᠲᠤ ᠨᠣᠮ ᠤᠩᠰᠢᠬᠤ ᠶᠤᠮ ᠪᠣᠯ ᠤᠬᠠᠭᠠᠨ ᠲᠠᠢ ᠪᠣᠯᠤᠨ᠎ᠠ ᠳᠠ᠃ ᠲᠡᠭᠡᠯ᠎ᠡ ᠴᠦ᠍ ᠡᠨᠡ ᠰᠢᠲᠠ᠃
ᠷᠦᠪᠢ᠄ ᠲᠠᠭᠠᠷᠠᠵᠤ ᠳᠠ᠂ ᠵᠥᠪ ᠠ᠋ ᠵᠥᠪ᠂ ᠪᠢ ᠣᠳᠣ ᠭᠠᠭᠴᠠᠭᠠᠷ ᠢ᠋ᠶ᠋ᠠᠨ ᠯᠠ ᠲᠣᠭᠯᠠᠬᠤ ᠪᠠᠨ ᠯᠠ ᠳᠠ᠂ ᠴᠥᠪ ᠪᠠᠢ᠂ ᠦ ᠦ ᠣᠷᠣᠭᠰᠠᠨ ᠦᠭᠡᠢ ᠰᠢᠲᠠ᠂ ᠪᠥᠮᠪᠦᠭᠡᠨ ᠦ᠌ ᠪᠡᠨ ᠠᠷᠤ ᠠ᠋ᠴᠠ ᠶᠠᠪᠤᠬᠤ ᠠ᠋ᠴᠠ᠂ ᠰᠠᠬᠢᠯᠭ᠎ᠠ ᠦᠭᠡᠢ ᠪᠥᠮᠪᠥᠭᠡ ᠮᠢᠨᠢ ᠨᠠᠳᠠ ᠠ᠋ᠴᠠ ᠵᠢᠭᠤᠲᠠᠴᠢᠬᠠᠯᠠ ᠰᠢᠦ᠃ ᠨᠢᠭᠡ ᠬᠣᠶᠠᠷ ᠨᠢᠭᠡ ᠬᠣᠶᠠᠷ ᠁ ᠪᠥᠮᠪᠥᠭᠡ ᠮᠢᠨᠢ ᠴᠢ ᠬᠠᠮᠢᠭ᠎ᠠ ᠪᠠᠢᠨ᠎ᠠ ᠳᠠ᠃ ᠪᠥᠮᠪᠥᠭᠡ ᠪᠥᠮᠪᠥᠭᠡ ᠠ᠋᠂ ᠴᠢ ᠡᠨᠳᠡ ᠪᠠᠢᠨ᠎ᠠ ᠤᠤ? ᠪᠥᠮᠪᠥᠭᠡ ᠠ᠋᠂ ᠡᠨᠳᠡ ᠪᠠᠢᠨ᠎ᠠ ᠤᠤ? ᠲᠡᠨᠳᠡ ᠪᠠᠢᠨ᠎ᠠ ᠤᠤ? ᠡᠨᠳᠡ ᠤᠤ? ᠲᠡᠨᠳᠡ ᠤᠤ? ᠦ᠋᠂ ᠲᠡᠷᠡ ᠪᠠᠢᠨ᠎ᠠ᠂ ᠲᠡᠢᠮᠦ ᠠ᠋᠂ ᠪᠢ ᠪᠥᠮᠪᠥᠭᠡ ᠪᠡᠨ ᠡᠨᠳᠡ ᠪᠠᠢᠭ᠎ᠠ ᠶ᠋ᠢ ᠶᠠᠭ ᠮᠡᠳᠡᠭᠡᠳ ᠪᠠᠢᠭᠰᠠᠨ ᠶᠤᠮ᠂ ᠪᠢ ᠶᠠᠭ ᠰᠥᠩ ᠰᠤᠪᠢᠩ ᠲᠠᠢ ᠰᠤᠪᠢᠵᠤ ᠪᠠᠢᠬ᠎ᠠ ᠠ᠋᠃ ᠬᠥᠥᠭ᠂ ᠡᠨᠡ ᠶᠠᠭᠤᠨ ᠲᠣᠪᠴᠢ ᠪᠣᠢ? ᠮᠣᠳᠣᠨ ᠠ᠋ᠴᠠ ᠭᠡᠷᠡᠯ ᠠᠰᠠᠭᠠᠳᠠᠭ ᠲᠣᠪᠴᠢᠯᠠᠭᠤᠷ ᠶᠤᠮ ᠪᠣᠯ ᠤᠤ? ᠦᠭᠡᠢ ᠪᠠᠢᠬᠤ ᠠ᠋᠂ ᠭᠡᠷᠡᠯ ᠠᠰᠠᠬᠤ ᠦᠭᠡᠢ ᠯᠡ ᠪᠠᠢᠨ᠎ᠠ ᠳᠠ᠂ ᠡᠪᠳᠡᠷᠡᠴᠢᠬᠡᠭᠰᠡᠨ ᠶᠦᠮ ᠪᠣᠯ ᠤᠤ? ᠶᠣ ᠶᠣ ᠡᠨᠡ ᠶᠠᠭᠤ ᠪᠣᠢ ?ᠨᠠᠢᠵᠠ ᠨᠤᠭᠤᠳ ᠠ᠋!
ᠲᠤᠤᠨᠢ᠄ ᠶᠠᠭᠠᠬᠢᠭᠰᠠᠨ ᠪᠣᠢ ? ᠨᠠᠢᠵᠠ ᠠ᠋᠃ ᠬᠥᠥᠭ᠂ ᠡᠨᠡ ᠶᠠᠭᠤ ᠪᠣᠢ? ᠨᠠᠢᠵᠠ ᠨᠤᠭᠤᠳ ᠠ᠋᠃ ᠬᠥᠶᠢ ᠨᠠᠢᠵᠠ ᠨᠤᠭᠤᠳ ᠠ᠋ ᠡᠭᠦᠨ ᠢ᠋ ᠬᠠᠷ᠎ᠠ ᠳᠠ᠂ ᠡᠨᠡ ᠶᠠᠮᠠᠷ ᠰᠣᠨᠢᠨ ᠶᠠᠭᠤᠮ᠎ᠠ ᠪᠣᠢ? ᠠᠪᠤ ᠡᠵᠢ ᠨᠦ᠍ᠭᠦᠳ ᠮᠠᠨᠢ ᠪᠢᠳᠡᠨ ᠳ᠋ᠦ᠍ ᠲᠣᠭᠯᠠᠭᠠᠮ ᠪᠡᠯᠡᠭᠯᠡᠵᠦ ᠪᠠᠢᠭ᠎ᠠ ᠶᠤᠮ ᠪᠠᠢᠬᠤ ᠳᠠ᠃
ᠷᠦᠪᠢ᠄ ᠬᠥᠶᠢ ᠬᠥᠶᠢ᠂ ᠪᠢ ᠡᠢᠮᠦ ᠣᠩᠭᠣᠴᠠ ᠶ᠋ᠢ ᠵᠢᠷᠤᠭᠲᠤ ᠪᠠᠷ ᠬᠠᠷᠠᠭᠰᠠᠨ ᠰᠢᠲᠠ᠂ ᠬᠠᠷᠢ ᠭᠠᠷᠠᠭ ᠤ᠋ᠨ ᠣᠩᠭᠣᠴᠠ ᠶᠠᠭ ᠡᠢᠮᠦ ᠪᠠᠢᠳᠠᠭ ᠶᠤᠮ ᠪᠠᠢᠨ᠎ᠠ ᠯᠠ᠃ ᠲᠡᠭᠡᠭᠡᠳ ᠳᠣᠲᠣᠷ᠎ᠠ ᠠ᠋ᠴᠠ ᠨᠢ ᠠᠶᠤᠮᠠᠷ ᠨᠣᠭᠣᠭᠠᠨ ᠥᠩᠭᠡ ᠲᠡᠢ ᠠᠮᠢᠲᠠᠨ ᠭᠠᠷᠴᠤ ᠢᠷᠡᠭᠡᠳ ᠯᠡ᠁
ᠰᠠᠨᠢ᠄ ᠶᠠᠭᠠᠬᠢᠨ᠎ᠠ ᠶᠠᠮᠠᠷ ᠠᠶᠤᠮᠠᠷ ᠶᠤᠮ ᠪᠣᠢ? ᠪᠤᠺᠠ᠂ ᠡᠨᠡ ᠴᠢᠨᠦ ᠪᠤᠷᠤᠭᠤ᠂ ᠵᠠ ᠤᠤ᠃ ᠣᠳᠣ ᠪᠢᠳᠡ ᠨᠠᠷ ᠢ᠋ ᠮᠠᠩᠭᠤᠰ ᠠᠪᠤᠭᠠᠳ ᠶᠠᠪᠤᠴᠢᠬᠠᠨ᠎ᠠ ᠳᠠ᠃ ᠪᠠᠰᠠ ᠮᠢᠨᠦ ᠬᠠᠮᠤᠭ ᠤ᠋ᠨ ᠭᠣᠶᠣ ᠳᠠᠰᠢᠨᠵᠠ ᠰᠢᠷᠣᠢ ᠪᠣᠯᠴᠢᠬᠠᠯ᠎ᠠ᠃
ᠪᠤᠺᠠ᠄ ᠴᠢ ᠨᠠᠮ᠎ᠠ ᠶ᠋ᠢ ᠠᠷᠤ ᠠ᠋ᠴᠠ ᠲᠦᠯᠬᠢᠭᠡ ᠦᠭᠡᠢ ᠪᠣᠯ ᠪᠢ ᠣᠢᠴᠢᠬᠤ ᠦᠭᠡᠢ ᠯᠡ ᠪᠠᠢᠬᠤ ᠶᠤᠮᠰᠠᠨ ᠳᠠ᠂ ᠲᠡᠭᠡᠬᠦ ᠪᠡᠷ ᠡᠨᠡ ᠴᠢᠨᠦ ᠪᠤᠷᠤᠭᠤ᠃
ᠰᠠᠨᠢ᠄ ᠪᠢ ᠴᠢᠮ᠎ᠠ ᠳ᠋ᠤ᠌ ᠭᠣᠮᠣᠳᠠᠭᠰᠠᠨ ᠳᠠ᠂ ᠮᠠᠭᠤᠳᠠᠯ᠎ᠠ ᠮᠠᠭᠤᠳᠠᠯ᠎ᠠ᠂ ᠮᠤᠤᠷ ᠤ᠋ᠨ ᠪᠠᠢᠰᠢᠩ ᠰᠢᠳᠡᠯᠡ᠂ ᠳᠣᠷᠣᠢ ᠴᠢ ᠶᠠᠪᠤ !
ᠪᠤᠺᠠ᠄ ᠦᠭᠡᠢ᠂ ᠪᠣᠯᠬᠤ ᠦᠭᠡᠢ ᠰᠢᠲᠠ ᠰᠠᠨᠢ᠂ ᠴᠢ ᠥᠪᠡᠷ ᠦ᠋ᠨ ᠢ᠋ᠶ᠋ᠡᠨ ᠪᠠᠢᠰᠢᠩ ᠢ᠋ ᠰᠢᠲᠠᠭᠠᠴᠢᠬᠠᠬᠤ ᠪᠠᠷ ᠬᠠᠮᠢᠭ᠎ᠠ ᠠᠮᠢᠳᠤᠷᠠᠬᠤ ᠶᠠᠭᠤᠮ᠎ᠠ ᠪᠣᠯᠵᠤ ᠪᠠᠢᠨ᠎ᠠ᠃ ᠮᠠᠨ ᠤ᠋ ᠳ᠋ᠤ᠌ ᠯᠠᠪ ᠠᠮᠢᠳᠤᠷᠠᠵᠤ ᠪᠣᠯᠬᠤ ᠦᠭᠡᠢ ᠪᠠᠢᠬᠤ ᠳᠠ᠃ ᠴᠢ ᠨᠠᠳᠠ ᠪᠠᠨ ᠭᠣᠮᠣᠳᠠᠴᠢᠬᠠᠭᠰᠠᠨ ᠶᠤᠮ ᠴᠢᠨᠢ᠃ ᠴᠢ ᠲᠡᠭᠡᠭᠡᠳ ᠨᠡᠭᠡᠷᠡᠨ ᠨᠠᠳᠠ ᠭᠣᠮᠣᠳᠠᠬᠤ ᠶᠤᠮ ᠭᠡᠵᠦ ᠪᠠᠢᠭ᠎ᠠ ᠶᠤᠮ ᠤᠤ?
ᠰᠠᠨᠢ᠄ ᠦ᠂ ᠨᠡᠭᠡᠷᠡᠨ ᠪᠢ ᠪᠠᠢᠰᠢᠩ ᠢ᠋ᠶ᠋ᠠᠨ ᠰᠢᠲᠠᠭᠠᠵᠤ ᠶᠠᠭᠠᠬᠢᠵᠤ ᠪᠣᠯᠬᠤ ᠪᠢᠯᠡ ᠳᠠ᠃
ᠲᠤᠤᠨᠢ᠄ ᠬᠢ ᠬᠢ
ᠶᠦᠨᠢ᠄ ᠶᠣ ᠶᠣ
ᠲᠤᠤᠨᠢ᠄ ᠠ᠋! ᠬᠥᠶᠢ ᠬᠥᠶᠢ ᠨᠠᠢᠵᠠ ᠨᠤᠭᠤᠳ ᠠ᠋᠂ ᠲᠡᠷᠡ ᠨᠥᠭᠦᠭᠡ ᠨᠢᠭᠡ ᠬᠠᠷᠢ ᠭᠠᠷᠠᠭ ᠤ᠋ᠨ ᠮᠠᠩᠭᠤᠰ ᠨᠢ ᠭᠠᠷᠤᠭᠠᠳ ᠢᠷᠡᠯ᠎ᠡ᠂᠂ ᠭᠡᠬᠦ ᠳ᠋ᠦ᠍ ᠪᠡᠨ ᠪᠢᠲᠡᠭᠡᠢ ᠠᠶᠤᠭᠠᠷᠠᠢ᠃ ᠨᠠᠢᠵᠠ ᠨᠤᠭᠤᠳ ᠠ᠋᠂ ᠪᠢ ᠯᠠᠪ ᠠᠶᠤᠬᠤ ᠦᠭᠡᠢ ᠪᠠᠢᠨ᠎ᠠ᠃ ᠭᠡᠬᠦ ᠳ᠋ᠦ᠍ ᠪᠡᠨ ᠮᠠᠩᠭᠤᠰ ᠪᠠᠢᠨ᠎ᠠ᠂ ᠵᠢᠭᠤᠲᠠᠭᠠᠷᠠᠢ!
ᠶᠦᠨᠢ᠄ ᠠ !
ᠪᠦᠭᠦᠳᠡᠭᠡᠷ᠄ ᠠ !
ᠶᠦᠨᠢ᠄ ᠮᠠᠩᠭᠤᠰ ᠬᠠᠮᠢᠭ᠎ᠠ ᠪᠠᠢᠭ᠎ᠠ ᠶᠤᠮ ᠪᠣᠢ? ᠲᠡᠭᠡᠬᠦ ᠪᠡᠷ ᠪᠢ ᠮᠠᠩᠭᠤᠰ ᠠᠪᠠᠴᠢᠨ᠎ᠠ ᠭᠡᠵᠦ ᠮᠡᠳᠡᠵᠦ ᠪᠠᠢᠭᠰᠠᠨ ᠶᠤᠮ ᠠ᠋᠃ ᠦᠭᠡᠢ!
ᠲᠤᠤᠨᠢ᠄ ᠢ ᠢ᠂ ᠡᠨᠡ ᠮᠠᠩᠭᠤᠰ ᠴᠢᠨᠢ ᠨᠠᠮ᠎ᠠ ᠶ᠋ᠢ ᠪᠠᠷᠢᠬᠤ ᠭᠡᠳ ᠪᠠᠢᠨ᠎ᠠ ᠰᠢᠳᠡ᠂
ᠶᠦᠨᠢ᠄ᠠᠯᠢ ᠪᠤᠷᠬᠠᠨ ᠮᠢᠨᠢ᠂ ᠠᠯᠢ ᠪᠤᠷᠬᠠᠨ ᠮᠢᠨᠢ᠂
ᠲᠤᠤᠨᠢ᠄ᠬᠥᠶᠢ ᠶᠠᠭᠠᠬᠢᠭᠠᠳ ᠬᠥᠭᠡᠭᠡᠭᠡᠳ ᠪᠠᠢᠭ᠎ᠠ ᠶᠤᠮ ᠪᠣᠢ ?
ᠶᠦᠨᠢ᠄ ᠦᠭᠡᠢ᠂ ᠮᠠᠩᠭᠤᠰ ᠪᠠᠢᠭ᠎ᠠ ᠶᠤᠮ ᠤᠤ ᠳᠠ?
ᠲᠤᠤᠨᠢ᠄ ᠪᠤᠺᠠ ᠨᠠᠮ᠎ᠠ ᠶ᠋ᠢ ᠠᠪᠤᠷᠠᠭᠠᠴᠢ ᠳᠠ᠃ ᠬᠡ ᠬᠡ᠂ ᠠ !
ᠰᠠᠨᠢ᠄ ᠬᠦᠦᠱ᠌ᠢ
ᠪᠤᠺᠠ᠄ ᠪᠢᠲᠡᠭᠡᠢ ᠲᠦᠯᠬᠢᠭᠡᠳ ᠪᠠᠢᠭᠠᠴᠢ᠃
ᠰᠠᠨᠢ᠄ ᠪᠤᠺᠠ ᠴᠢ ᠨᠠᠮᠬᠠᠨ ᠶᠤᠮ ᠴᠢᠨᠢ ᠣᠴᠢᠭᠠᠳ ᠶᠠᠷᠢᠭᠰᠠᠨ ᠨᠢ ᠳᠡᠭᠡᠷ᠎ᠡ ᠪᠠᠢᠬ᠎ᠠ ᠠ᠋᠃
ᠪᠤᠺᠠ᠄ ᠡᠨᠳᠡ ᠴᠢᠨᠢ ᠮᠢᠨᠦ ᠨᠠᠮᠬᠠᠨ ᠶᠠᠮᠠᠷ ᠬᠠᠮᠢᠶ᠎ᠠ ᠲᠠᠢ ᠶᠤᠮ᠃
ᠰᠠᠨᠢ᠄ ᠮᠡᠳᠡᠬᠦ ᠦᠭᠡᠢ᠂ ᠡᠵᠢ ᠨᠠᠮ᠎ᠠ ᠶ᠋ᠢ ᠳᠣᠲᠣᠭᠠᠳᠤ ᠬᠥᠮᠦᠨ ᠢ᠋ᠶ᠋ᠡᠨ ᠰᠣᠨᠣᠰᠴᠤ ᠪᠠᠢ ᠭᠡᠰᠡᠨ ᠪᠠᠢᠬᠤ ᠦᠭᠡᠢ ᠤᠤ᠃ᠲᠡᠭᠡᠭᠰᠡᠨ ᠰᠠᠶᠢ ᠮᠢᠨᠦ ᠳᠣᠲᠣᠭᠠᠳᠤ ᠬᠥᠮᠦᠨ ᠢᠩᠭᠢᠵᠦ ᠬᠡᠯᠡᠭᠰᠡᠨ ᠶᠦᠮ ᠴᠢᠨᠢ᠃
ᠪᠤᠺᠠ᠄ ᠦ᠋ ᠵᠠ᠂ ᠲᠡᠭᠡᠪᠡᠯ ᠪᠢ ᠯᠡ ᠣᠴᠢᠬᠤ ᠠ᠋ᠴᠠ᠂ ᠮᠢᠨᠦ ᠳᠣᠲᠣᠭᠠᠳᠤ ᠬᠥᠮᠦᠨ ᠶᠠᠭ ᠠᠵᠢᠯᠯᠠᠳᠠᠭ ᠦᠭᠡᠢ ᠶᠦᠮ ᠰᠢᠭ ᠪᠠᠢᠨ᠎ᠠ᠂ ᠨᠠᠳᠠ ᠶᠠᠭᠤ ᠴᠤ᠌ ᠬᠡᠯᠡᠭᠰᠡᠨ ᠦᠭᠡᠢ᠂ ᠲᠡᠷᠡ ᠨᠠᠮ᠎ᠠ ᠶ᠋ᠢ ᠠᠪᠤᠭᠠᠳ ᠶᠠᠪᠤᠴᠢᠬᠠᠬᠤ ᠳᠠ᠂ ᠣᠳᠣ ᠶᠠᠭᠠᠬᠢᠨ᠎ᠠ?
ᠶᠦᠨᠢ᠄ ᠠᠭᠤᠴᠢᠯᠠᠭᠠᠷᠠᠢ ! ᠨᠠᠢᠵᠠ ᠨᠤᠭᠤᠳ ᠠ᠋᠂ ᠳᠣᠲᠣᠭᠠᠳᠤ ᠬᠥᠮᠦᠨ ᠭᠡᠵᠦ ᠶᠠᠭᠤ ᠶᠤᠮ ᠪᠣᠢ ? ᠪᠠᠰᠠ ᠪᠢ ᠬᠠᠮᠢᠭᠠᠰᠢ ᠪᠠᠨ ᠠᠪᠴᠤ ᠶᠠᠪᠤᠬᠤ ᠶᠤᠮ ᠪᠣᠯ ᠠ᠋᠃ ᠲᠡᠭᠡᠭᠡᠳ ᠨᠥᠭᠦᠭᠡ ᠮᠠᠩᠭᠤᠰ ᠴᠢᠨᠢ ᠨᠠᠮ᠎ᠠ ᠶ᠋ᠢ ᠪᠠᠷᠢᠵᠤ ᠴᠢᠳᠠᠬᠤ ᠦᠭᠡᠢ ᠪᠣᠯᠬᠣᠷ ᠢ᠋ᠶ᠋ᠠᠨ ᠪᠤᠴᠠᠭᠠᠳ ᠶᠠᠪᠤᠴᠢᠬᠠᠭᠰᠠᠨ ᠶᠤᠮ ᠤᠤ ?
ᠷᠦᠪᠢ᠄ ᠬᠥᠶᠢ ᠬᠥᠶᠢ᠂ ᠨᠠᠢᠵᠠ ᠨᠤᠭᠤᠳ ᠠ᠋᠂ ᠡᠭᠦᠨ ᠢ᠋ ᠬᠠᠷ᠎ᠠ ᠳᠠ᠂ ᠪᠢᠳᠡ ᠨᠠᠷ ᠲᠠᠢ ᠶᠠᠭ ᠠᠳᠠᠯᠢᠬᠠᠨ ᠶᠤᠮ ᠪᠠᠢᠨ᠎ᠠ ᠰᠢᠳᠡ᠂ ᠬᠣᠶᠠᠷ ᠨᠢᠳᠦ᠂ ᠬᠣᠶᠠᠷ ᠴᠢᠬᠢ᠂ ᠬᠠᠮᠠᠷ ᠠᠮᠠ᠃ ᠭᠦᠦᠭ᠂ ᠶᠠᠭ ᠪᠢᠳᠡ ᠨᠠᠷ ᠲᠠᠢ ᠠᠳᠠᠯᠢᠬᠠᠨ ᠶᠤᠮ ᠠ᠋᠃
ᠶᠦᠨᠢ᠄ ᠭᠦᠦᠭ᠂ ᠴᠢ ᠴᠦ᠍ ᠭᠡᠰᠡᠨ ᠨᠠᠳᠠ ᠲᠠᠢ ᠠᠳᠠᠯᠢᠬᠠᠨ ᠶᠤᠮ ᠪᠠᠢᠨ᠎ᠠ᠂ ᠶᠠᠮᠠᠷ ᠰᠣᠨᠢᠨ ᠶᠤᠮ ᠪᠣᠢ? ᠪᠢ ᠳᠡᠯᠡᠬᠡᠢ ᠳᠡᠭᠡᠷ᠎ᠡ ᠲᠠᠩᠳᠠ ᠯᠠ ᠮᠠᠩᠭᠤᠰ ᠪᠠᠢᠳᠠᠭ ᠭᠡᠵᠦ ᠪᠣᠳᠣᠳᠠᠭ ᠪᠠᠢᠭᠰᠠᠨ ᠠ᠋᠃
ᠲᠤᠤᠨᠢ᠄ ᠬᠥᠶᠢ᠂ ᠴᠢ ᠪᠢᠳᠡ ᠨᠠᠷ ᠲᠠᠢ ᠬᠡᠷᠪᠡ ᠠᠳᠠᠯᠢᠬᠠᠨ ᠶᠤᠮ ᠪᠣᠯ ᠲᠡᠭᠡᠭᠡᠳ ᠴᠢᠮ᠎ᠠ ᠶ᠋ᠢ ᠬᠡᠨ ᠭᠡᠳᠡᠭ ᠶᠦᠮ ᠳᠡ?
ᠶᠦᠨᠢ᠄ ᠨᠠᠮ᠎ᠠ ᠶ᠋ᠢ ᠭᠤᠷᠪᠠᠳᠤᠭᠠᠷ ᠠᠯᠢᠺᠤᠷᠤᠨ ᠶᠦᠨᠢᠹᠠᠢᠺᠠ ᠰᠤᠰᠲ᠋ᠠᠨ ᠭᠡᠳᠡᠭ᠃
ᠰᠠᠨᠢ᠄ ᠭᠦᠦᠭ᠂ ᠪᠢ ᠡᠮᠦᠨ᠎ᠡ ᠨᠢ ᠶᠡᠷᠦ ᠡᠴᠡ ᠪᠡᠨ ᠡᠢᠮᠦ ᠤᠷᠲᠤ ᠨᠡᠷ᠎ᠡ ᠰᠣᠨᠣᠰᠴᠤ ᠪᠠᠢᠭ᠎ᠠ ᠦᠭᠡᠢ ᠶᠦᠮ ᠪᠠᠢᠨ᠎ᠠ᠃
ᠪᠤᠺᠠ᠄ ᠬᠠᠷᠢᠨ ᠲᠡᠢᠮᠦ᠃
ᠷᠦᠪᠢ᠄ ᠪᠠᠢᠵᠤ ᠪᠠᠢ ᠳᠠ᠂ ᠭᠤᠷᠪᠠᠳᠤᠭᠠᠷ ᠠᠢᠯ ᠤ᠋ᠨ ᠫᠢᠺ ᠡᠴᠡ ᠪᠠᠰᠠ ᠲᠠᠨ ᠤᠤ?ᠶᠠᠭᠤ ᠭᠡᠰᠡᠨ ᠪᠣᠢ?
ᠶᠦᠨᠢ᠄ ᠦᠭᠡᠢ᠂ ᠬᠡ ᠬᠡ ᠭᠤᠷᠪᠠᠳᠤᠭᠠᠷ ᠠᠯᠢᠺᠤᠷᠤᠨ ᠶᠦᠨᠢᠹᠠᠢᠺᠠ ᠰᠤᠰᠲ᠋ᠠᠨ ᠭᠡᠳ ᠪᠠᠢᠬᠤ ᠳ᠋ᠤ᠌ ᠳᠠ᠃
ᠲᠤᠤᠨᠢ᠄ ᠬᠠ᠂ ᠲᠡᠭᠡᠪᠡᠯ ᠴᠢᠮ᠎ᠠ ᠳ᠋ᠤ᠌ ᠬᠣᠴᠢ ᠪᠠᠢᠳᠠᠭ ᠪᠠᠢᠬᠤ ᠨᠢ ᠠ᠋᠂ ᠴᠢᠨᠦ ᠬᠣᠴᠢ ᠴᠢᠨᠢ ᠶᠠᠭᠤ ᠪᠣᠢ?
ᠶᠦᠨᠢ᠄ ᠠ? ᠬᠣᠴᠢ ᠭᠡᠵᠦ ᠶᠠᠭᠤ ᠶᠤᠮ ᠪᠣᠢ? ᠪᠢ ᠯᠡ ᠯᠠᠪ ᠶᠡᠷᠦ ᠡᠴᠡ ᠪᠡᠨ ᠮᠡᠳᠡᠬᠦ ᠦᠭᠡᠢ ᠶᠦᠮ ᠪᠠᠢᠨ᠎ᠠ᠃
ᠪᠤᠺᠠ᠄ ᠴᠢᠮ᠎ᠠ ᠶ᠋ᠢ ᠳᠠᠭᠤᠳᠠᠳᠠᠭ ᠪᠣᠭᠣᠨᠢᠬᠠᠨ ᠨᠡᠷ᠎ᠡ ᠪᠠᠢᠬᠤ ᠦᠭᠡᠢ ᠤᠤ ᠬᠣᠴᠢ ᠨᠡᠷ᠎ᠡ ᠭᠡᠳᠡᠭ ᠴᠢᠨᠢ᠃
ᠶᠦᠨᠢ᠄ ᠠ ! ᠨᠠᠳᠠ ᠡᠢᠮᠦ ᠶᠠᠭᠤᠮ᠎ᠠ ᠪᠠᠢᠬᠤ ᠦᠭᠡᠢ ᠰᠢᠲᠠ᠂ ᠶᠠᠭᠠᠬᠢᠨ᠎ᠠ ? ᠨᠠᠳᠠ ᠬᠣᠴᠢ ᠪᠠᠢᠳᠠᠭ ᠦᠭᠡᠢ ᠶᠦᠮ ᠪᠠᠢᠨ᠎ᠠ᠃ ᠠᠪᠤ ᠡᠵᠢ ᠨᠠᠳᠠ ᠬᠣᠴᠢ ᠥᠭᠬᠦ ᠪᠡᠨ ᠮᠠᠷᠲᠠᠴᠢᠬᠠᠭᠰᠠᠨ ᠶᠤᠮ ᠪᠠᠢᠬᠤ ᠳᠠ᠃ ᠶᠠᠭ ᠮᠠᠷᠲᠠᠴᠢᠬᠠᠵᠠᠢ᠃ ᠠᠪᠤ ᠡᠵᠢ ᠡᠴᠡ ᠣᠴᠢᠵᠤ ᠠᠰᠠᠭᠤᠳᠠᠭ ᠬᠡᠷᠡᠭ ᠠ᠋᠃ ᠦ᠂ ᠪᠢ ᠨᠡᠭᠡᠷᠡᠨ ᠪᠤᠴᠠᠵᠤ ᠶᠠᠪᠤᠬᠤ ᠪᠠᠨ ᠮᠠᠷᠲᠠᠴᠢᠬᠠᠭᠰᠠᠨ ᠪᠠᠢᠨ᠎ᠠ ᠰᠢᠳᠡ᠃
ᠰᠠᠨᠢ᠄ ᠣᠳᠣ ᠶᠠᠪᠤᠬᠤ ᠭᠡᠵᠦ ᠪᠠᠢᠭ᠎ᠠ ᠶᠤᠮ ᠪᠠᠢᠬᠤ ᠳᠠ᠃
ᠲᠤᠤᠨᠢ᠄ ᠬᠠᠷᠢᠨ᠂ ᠶᠠᠭᠤ ᠴᠤ᠌ ᠭᠡᠰᠡᠨ ᠬᠡᠳᠦᠭᠦᠯᠡ ᠪᠡᠨ ᠠᠷᠤ ᠠ᠋ᠴᠠ ᠨᠢ ᠶᠠᠪᠤᠶ᠎ᠠ᠃
ᠷᠦᠪᠢ᠄ ᠡᠨᠡ ᠶᠠᠭᠤ ᠬᠠᠢᠭᠠᠳ ᠪᠠᠢᠭ᠎ᠠ ᠶᠤᠮ ᠪᠣᠯ?
ᠶᠦᠨᠢ᠄ ᠠ ! ᠬᠠᠮᠢᠭ᠎ᠠ ᠪᠠᠢᠯ᠎ᠠ᠁ ᠦ᠂ ᠡᠨᠡ ᠪᠠᠢᠨ᠎ᠠ ᠰᠢᠳᠡ᠂ ᠬᠤᠷᠳᠤᠬᠠᠨ ᠰᠢᠭ᠋ ᠠᠪᠤ ᠡᠵᠢ ᠳᠡᠭᠡᠷ᠎ᠡ ᠣᠴᠢᠭᠠᠳ ᠬᠣᠴᠢ ᠨᠡᠷ᠎ᠡ ᠪᠡᠨ ᠠᠰᠠᠭᠤᠨ᠎ᠠ᠂ ᠵᠠ ᠨᠠᠢᠵᠠ ᠨᠤᠭᠤᠳ ᠠ᠋᠂ ᠳᠠᠷᠤᠯ᠎ᠠ ᠰᠢᠦ᠃ ᠨᠢᠭᠡ ᠬᠣᠶᠠᠷ ᠤ᠋ᠨ ᠭᠤᠷᠪᠠ ᠠ᠋᠃ ᠬᠥᠶᠢ᠂ ᠪᠢ ᠶᠠᠪᠤᠭ᠎ᠠ ᠦᠭᠡᠢ ᠶᠦᠮ ᠶᠦᠮ ᠤᠤ᠂ ᠬᠥᠶᠢ᠂ ᠦ᠃ ᠬᠡ ᠬᠡ ᠦᠭᠡᠢ᠂ ᠪᠢ ᠡᠨᠳᠡ ᠪᠡᠨ ᠪᠠᠢᠵᠤ ᠪᠠᠢᠨ᠎ᠠ ᠰᠢᠲᠠ᠃ ᠮᠢᠨᠦ ᠭᠡᠷ ᠲᠦ᠍ ᠪᠡᠨ ᠬᠠᠷᠢᠬᠤ ᠪᠠᠭᠠᠵᠢ᠃ ᠦ᠋ ᠦᠭᠡᠢ᠂ ᠬᠠᠢ᠂ ᠣᠳᠣ ᠶᠠᠭᠠᠬᠢᠨ᠎ᠠ ?
ᠪᠤᠺᠠ᠄ ᠶᠠᠭᠠᠬᠢᠨ᠎ᠠ ? ᠶᠠᠭᠠᠬᠢᠭᠰᠠᠨ ᠶᠤᠮ ᠪᠣᠯ? ᠶᠠᠭᠤ ᠴᠤ᠌ ᠣᠢᠯᠠᠭᠠᠭᠰᠠᠨ ᠦᠭᠡᠢ᠃
ᠲᠤᠤᠨᠢ᠄ ᠦ ᠵᠦᠭᠡᠷ ᠠ᠋᠂ ᠨᠠᠢᠵᠠ ᠮᠢᠨᠢ᠂ ᠪᠢᠲᠡᠭᠡᠢ ᠤᠬᠢᠯᠠ᠂ ᠬᠡᠷᠪᠡ ᠢᠩᠭᠢᠭᠡᠳ ᠤᠬᠢᠯᠠᠭᠠᠳ ᠪᠠᠢᠬᠤ ᠶᠤᠮ ᠪᠣᠯ ᠡᠨᠡ ᠴᠢᠨᠢ ᠠᠵᠢᠯᠯᠠᠬᠤ ᠪᠠᠨ ᠪᠣᠯᠢᠴᠢᠬᠠᠳᠠᠭ ᠪᠠᠢᠬᠤ ᠦᠭᠡᠢ ᠤᠤ᠂ ᠪᠢᠲᠡᠭᠡᠢ ᠤᠬᠢᠯᠠ᠂ ᠵᠠ ᠤᠤ᠃
ᠰᠠᠨᠢ᠄ ᠴᠢ ᠪᠢᠲᠡᠭᠡᠢ ᠤᠬᠢᠯᠠ᠂ ᠴᠢ ᠤᠬᠢᠯᠠᠬᠤ ᠪᠠᠨ ᠪᠤᠯᠢᠴᠢᠬᠠᠬᠤ ᠶᠤᠮ ᠪᠣᠯ ᠪᠢ ᠴᠢᠮ᠎ᠠ ᠳ᠋ᠤ᠌ ᠡᠨᠡ ᠬᠠᠮᠤᠭ ᠤ᠋ᠨ ᠭᠣᠶᠣ ᠴᠦᠩᠬᠦ ᠪᠡᠨ ᠥᠭᠭᠦᠨ᠎ᠡ ᠰᠢᠦ᠂
ᠶᠦᠨᠢ᠄ ᠬᠡ ᠬᠡ ᠬᠡ᠂ ᠪᠠᠶᠠᠷᠯᠠᠯ᠎ᠠ ! ᠨᠠᠮ᠎ᠠ ᠶ᠋ᠢ ᠲᠠᠢᠪᠤᠰᠢᠷᠠᠭᠤᠯᠤᠭᠰᠠᠨ ᠳ᠋ᠤ᠌ ᠦᠨᠡᠬᠡᠷ ᠶᠡᠬᠡ ᠪᠠᠶᠠᠷᠯᠠᠯ᠎ᠠ᠂ ᠨᠠᠢᠵᠠ ᠨᠤᠭᠤᠳ ᠠ᠋᠂ ᠪᠢ ᠥᠪᠡᠷ ᠦ᠋ᠨ ᠶᠢᠷᠲᠢᠨᠴᠦ ᠤᠷᠤᠭᠤ ᠶᠠᠪᠤᠬᠤ ᠲᠣᠪᠴᠢᠯᠠᠭᠤᠷ ᠢ᠋ ᠵᠠᠪᠠᠯ ᠣᠯᠤᠨ᠎ᠠ᠂᠂ ᠬᠠᠷᠢᠨ ᠲᠠ ᠨᠠᠷ ᠨᠠᠳᠠ ᠲᠤᠰᠠᠯᠠᠬᠤ ᠤᠤ?
ᠪᠦᠭᠦᠳᠡᠭᠡᠷ᠄ ᠮᠡᠳᠡᠭᠡᠵᠢ ᠪᠢᠳᠡ ᠴᠢᠮ᠎ᠠ ᠳ᠋ᠤ᠌ ᠲᠤᠰᠠᠯᠠᠨ᠎ᠠ᠃
ᠪᠤᠺᠠ᠄ ᠶᠠ ᠶᠠᠭᠤ ᠴᠤ᠌ ᠣᠢᠯᠠᠭᠠᠭᠰᠠᠨ ᠦᠭᠡᠢ᠃
ᠲᠤᠤᠨᠢ ᠬᠡ ᠬᠡ ᠁
ᠾᠦᠩ ᠸᠧᠢ ᠦᠰᠦᠭ ᠢ᠋ ᠨᠢ ᠠᠮᠢᠯᠠᠭᠤᠯᠵᠤ ᠂ ᠬᠥᠳᠡᠯᠭᠡᠭᠡᠨᠲᠦ ᠵᠢᠷᠤᠭ ᠲᠤ᠌ ᠨᠢ ᠦᠰᠦᠭ ᠬᠠᠲᠠᠪᠠ ᠂ ᠱᠤᠳᠤᠷᠭᠤ ᠮᠥᠴᠢᠷ ᠨᠠᠷ ᠬᠢᠨᠠᠵᠤ ᠥᠭᠪᠡ ᠃
