ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠᠨ ᠬᠣᠶᠠᠷ> Хан мунын сүүрс < дээд > – Мөнх зохиоов ᠂ Тэргүүн бодь – Хоёрдугаар бүлэг <12>
ᠲᠡᠷᠢᠭᠦᠨ ᠪᠣᠲᠢ – ᠬᠣᠶᠠᠳᠤᠭᠠᠷ ᠪᠦᠯᠦᠭ <ᠠᠷᠪᠠᠨ ᠬᠣᠶᠠᠷ>
ᠦᠦᠷ ᠮᠠᠩᠬᠠᠢᠲᠠᠯ᠎ᠠ ᠴᠠᠢᠪᠠ᠃
ᠬᠣᠶᠠᠷ ᠲᠣᠮᠣ ᠪᠣᠷᠵᠢᠨ ᠴᠢᠯᠠᠭᠤᠨ ᠠᠷᠰᠯᠠᠨ ᠮᠠᠨᠠᠭ᠎ᠠ ᠲᠠᠢ ᠬᠣᠰᠢᠭᠤ ᠶᠠᠮᠤᠨ ᠤ᠋ ᠭᠠᠤᠯᠢᠨ ᠲᠣᠪᠤᠷᠤᠲᠦ᠂ ᠳᠣᠭᠰᠢᠨ ᠠᠷᠰᠯᠠᠨ ᠰᠣᠶᠣᠭᠠᠨ ᠳ᠋ᠠᠭᠠᠨ ᠵᠡᠰ ᠭᠠᠷᠠᠬ᠎ᠠ ᠡᠮᠬᠦᠭᠰᠡᠨ ᠬᠣᠣᠰ ᠪᠠᠷᠢᠭᠤᠯᠲᠤ ᠬᠦᠷᠡᠩ ᠤᠯᠠᠭᠠᠨ ᠪᠠᠨᠰᠠᠨ ᠬᠠᠭᠠᠯᠭ᠎ᠠ ᠬᠠᠭᠰᠠᠭᠰᠠᠨ ᠠᠷᠠᠯ ᠤ᠋ᠨ ᠭᠣᠣᠯ ᠰᠢᠭ᠋ ᠨᠦᠰᠡᠷ ᠮᠠᠭᠤᠬᠠᠢ ᠵᠢᠭᠤᠷᠠᠩᠬᠠᠢ ᠬᠢᠬᠤᠨᠠᠵᠤ ᠳᠤᠤᠭᠠᠷᠤᠭᠠᠳ ᠢᠷᠠᠭᠳᠠᠪᠠ᠃ ᠬᠣᠶᠠᠷ ᠡᠭᠦᠳᠡᠴᠢ ᠴᠡᠷᠢᠭ ᠲᠤᠰ ᠲᠤᠰ ᠬᠠᠭᠠᠯᠭᠠᠨ ᠤ᠋ ᠳᠠᠯᠳᠠ ᠳᠡᠪᠬᠡᠨ ᠦ᠌ ᠬᠢᠯᠭᠠᠰᠤᠨ ᠣᠭᠣᠰᠣᠷ ᠠ᠋ᠴᠠ ᠲᠠᠲᠠᠵᠤ ᠬᠡᠷᠡᠮ ᠦ᠋ᠨ ᠠᠷᠤ ᠴᠢᠯᠠᠭᠤᠨ ᠪᠠᠭᠠᠨ᠎ᠠ ᠠ᠋ᠴᠠ ᠠᠷᠭᠠᠮᠵᠢᠵᠤ ᠤᠶᠠᠪᠠ᠃
ᠡᠨᠡ ᠨᠢ ᠬᠣᠰᠢᠭᠤ ᠶᠠᠮᠤᠨ ᠤ᠋ ᠬᠠᠷᠠᠭᠤᠯ ᠤ᠋ᠨ ᠡᠭᠦᠳᠡᠴᠢ ᠴᠡᠷᠢᠭ ᠵᠢᠰᠢᠶ᠎ᠠ ᠬᠠᠯᠠᠬᠤ ᠶ᠋ᠢᠨ ᠡᠮᠦᠨᠡᠬᠢ ᠭᠣᠷᠢᠮ᠃ ᠶᠠᠮᠤᠨ ᠤ᠋ ᠡᠳᠦᠷ ᠦ᠋ᠨ ᠠᠵᠢᠯ ᠢᠩᠭᠢᠵᠦ ᠡᠬᠢᠯᠡᠳᠡᠭ᠃
ᠬᠣᠶᠠᠷ ᠨᠢᠳᠦᠲᠡᠢ ᠪᠣᠷᠵᠢᠨ ᠴᠢᠯᠠᠭᠤᠨ ᠱᠣᠩ ᠳᠡᠭᠡᠷ᠎ᠡ ᠮᠣᠷᠢᠲᠠᠢ ᠬᠥᠮᠦᠨ ᠪᠠᠭᠤᠵᠤ ᠪᠠᠢᠨ᠎ᠠ᠃ ᠲᠡᠷᠡ ᠬᠠᠷ᠎ᠠ ᠬᠡᠭᠡᠷ᠎ᠡ ᠮᠣᠷᠢᠨ ᠤ᠋ ᠬᠤᠯᠤᠭᠤᠨ ᠠ᠋ᠴᠠ ᠴᠢᠪ ᠴᠢᠪ ᠬᠥᠯᠥᠰᠥ ᠳᠤᠰᠤᠯᠠᠨ ᠬᠠᠮᠠᠷ ᠤ᠋ᠨ ᠨᠦᠬᠡ ᠨᠢ ᠣᠩᠭᠣᠯᠵᠠᠵᠤ ᠴᠢᠨᠣ᠎ᠠ ᠶ᠋ᠢᠨ ᠬᠣᠶᠠᠷ ᠴᠢᠬᠢ ᠨᠢ ᠱᠣᠷᠣᠯᠵᠢᠨ ᠰᠡᠷᠲᠡᠭᠡᠨᠡᠬᠦ ᠡᠴᠡ ᠬᠣᠯᠠ ᠵᠠᠮ ᠳ᠋ᠤ᠌ ᠤᠨᠤᠭᠰᠠᠨ ᠡᠵᠡᠨ ᠦ᠌ ᠪᠡᠨ ᠬᠠᠯᠠᠲᠠᠢ ᠳᠣᠪᠲᠣᠯᠭᠠᠨ ᠳ᠋ᠤ᠌ ᠲᠠᠮᠢᠷ ᠰᠢᠪᠬᠠᠭᠰᠠᠨ ᠰᠢᠨᠵᠢ ᠮᠡᠳᠡᠭᠳᠡᠵᠦ ᠪᠠᠢᠯ᠎ᠠ᠃
ᠬᠣᠰᠢᠭᠤ ᠶᠠᠮᠤᠨ ᠤ᠋ ᠵᠢᠷᠲᠠᠢᠲᠠᠯᠠ ᠣᠩᠭᠣᠢᠭᠰᠠᠨ ᠡᠭᠦᠳᠡ ᠶ᠋ᠢ ᠴᠢᠭᠯᠡᠨ ᠲᠦᠷᠦᠭᠦᠯᠡᠭᠡ ᠪᠡᠨ ᠲᠣᠩᠭᠤ ᠣᠴᠢᠮᠠᠷ ᠰᠠᠨᠳᠤᠷᠤᠨ ᠭᠦᠶᠦᠨ ᠭᠦᠶᠦᠨ ᠠᠯᠬᠤᠭᠰᠠᠨ ᠡᠵᠡᠨ ᠦ᠌ ᠪᠡᠨ ᠠᠷᠤ ᠠ᠋ᠴᠠ ᠭᠣᠮᠣᠳᠠᠯᠲᠠᠢ ᠬᠠᠷᠠᠭᠰᠠᠨ ᠲᠡᠷᠡ ᠬᠠᠷ᠎ᠠ ᠬᠡᠭᠡᠷ᠎ᠡ ᠮᠣᠷᠢ《ᠡᠴᠢᠭᠡ ᠳ᠋ᠡᠭᠡᠨ ᠢᠩᠭᠢᠵᠦ ᠰᠢᠰᠢᠨ ᠦ᠌ ᠬᠤᠯᠤᠭᠠᠨ᠎ᠠ ᠰᠢᠭ᠋ ᠢᠷᠡᠭᠰᠡᠨ ᠪᠤᠴᠠᠭᠰᠠᠨ ᠮᠥᠷ ᠢ᠋ᠶ᠋ᠡᠷ ᠢ᠋ᠶ᠋ᠡᠨ ᠡᠷᠭᠢᠨ ᠪᠤᠴᠠᠨ ᠢᠳᠡᠯᠭᠡ ᠤᠤᠭᠤᠯᠭ᠎ᠠ᠂ ᠤᠨᠲᠠᠯᠭ᠎ᠠ ᠬᠡᠪᠲᠡᠯᠭᠡ ᠦᠭᠡᠢ ᠳᠣᠪᠲᠣᠯᠭᠠᠭ᠎ᠠ ᠪᠣᠢ》 ᠭᠡᠰᠡᠨ ᠪᠠᠢᠳᠠᠯ ᠲᠠᠢ ᠳᠣᠷᠭᠢᠵᠤ ᠪᠡᠶ᠎ᠡ ᠨᠢ ᠬᠠᠯᠠᠰᠠᠭᠰᠠᠨ ᠤ᠋ ᠤᠤ ᠳᠠ ᠱᠣᠩ ᠤ᠋ᠨ ᠴᠢᠯᠠᠭᠤ ᠡᠷᠭᠢᠵᠦ ᠲᠣᠯᠣᠭᠠᠢ ᠪᠠᠷ ᠢ᠋ᠶ᠋ᠠᠨ ᠨᠠᠭᠠᠳᠤᠨ ᠭᠠᠩᠬᠤᠯᠵᠠᠨᠠ᠃
ᠥᠯᠵᠡᠢᠰᠠᠩ ᠳᠠᠪᠬᠤᠷ ᠳᠠᠪᠬᠤᠷ ᠳᠡᠪᠢᠰᠬᠡᠷᠲᠦ ᠡᠭᠦᠳᠡ ᠪᠡᠷ ᠳᠡᠭᠡᠷ᠎ᠡ ᠳᠣᠣᠷ᠎ᠠ ᠠᠯᠬᠤᠨ ᠪᠣᠯᠳᠠᠭ ᠰᠠᠨ ᠪᠣᠯ ᠬᠦᠷᠢᠶᠡᠨ ᠳᠡᠭᠡᠭᠦᠷ ᠨᠢᠰᠦᠭᠡᠳ ᠣᠷᠣᠴᠢᠬᠠᠮᠠᠷ ᠶᠠᠭᠠᠷᠠᠵᠤ ᠬᠣᠷᠮᠣᠢ ᠳᠡᠷᠪᠡᠯᠵᠡᠭᠦᠯᠦᠨᠡ᠃ ᠲᠡᠷᠡ ᠪᠡᠷ ᠵᠡᠭᠦᠨ ᠰᠤᠭᠤᠨ ᠳ᠋ᠠᠭᠠᠨ ᠭᠣᠷᠭᠢᠲᠦ ᠳᠠᠯᠠᠢ ᠨᠢ ᠤᠨᠵᠢᠭᠢᠨᠠᠭᠰᠠᠨ ᠴᠡᠷᠢᠭ ᠬᠤᠪᠴᠠᠰᠤ᠂ ᠭᠤᠲᠤᠯ ᠵᠡᠷᠭᠡ ᠡᠮᠦᠰᠬᠡᠯ ᠢ᠋ ᠡᠮᠬᠢ ᠵᠠᠮᠪᠠᠷᠠᠭ᠎ᠠ ᠦᠭᠡᠢ ᠪᠠᠭᠯᠠᠵᠤ ᠰᠤᠭᠤᠪᠴᠢᠯᠠᠭᠠᠳ᠂ ᠭᠠᠨᠵᠤᠭᠠᠯᠠᠵᠤ ᠢᠷᠡᠭᠰᠡᠨ ᠪᠠᠶᠠᠰᠤᠯ ᠨᠢ ᠬᠡᠩᠬᠦᠳᠡᠭ ᠲᠦ᠋ᠨᠢ ᠪᠠᠭᠲᠠᠮ᠎ᠠ ᠦᠭᠡᠢ ᠣᠪᠣᠰ ᠣᠪᠣᠰ ᠣᠪᠣᠯᠵᠠᠵᠤ ᠵᠠᠮ ᠳ᠋ᠤ᠌ ᠤᠴᠠᠷᠠᠭᠰᠠᠨ ᠬᠥᠮᠦᠨ ᠲᠡᠢ ᠦᠭᠡ ᠰᠣᠯᠢᠬᠤ ᠵᠠᠪ ᠦᠭᠡᠢ ᠢᠨᠢᠶᠡᠳᠦ ᠠᠰᠬᠠᠨ ᠶᠠᠪᠤᠭ᠎ᠠ ᠶ᠋ᠢ ᠭᠠᠯ ᠲᠣᠭᠣᠭᠠᠨ ᠤ᠋ ᠵᠠᠷᠤᠯᠭ᠎ᠠ ᠶ᠋ᠢᠨ ᠬᠥᠮᠦᠰ ᠬᠠᠯᠲᠤ ᠬᠠᠷᠠᠭᠠᠳ ᠬᠠᠴᠢᠷᠬᠠᠬᠤ ᠶ᠋ᠢ ᠬᠡᠯᠡᠬᠦ ᠦᠭᠡᠢ ᠡᠭᠦᠷ ᠡᠴᠡ ᠪᠡᠨ ᠮᠤᠯᠲᠤᠷᠠᠵᠤ ᠡᠳᠦᠷ ᠦ᠋ᠨ ᠰᠢᠨ᠎ᠡ ᠶ᠋ᠢ ᠰᠣᠨᠢᠭᠤᠴᠢᠯᠠᠭᠰᠠᠨ ᠰᠠᠷᠠᠪᠴᠢᠨ ᠤ᠋ ᠪᠣᠯᠵᠣᠮᠣᠷ ᠬᠦᠷᠲᠡᠯ᠎ᠡ ᠰᠠᠢᠨ ᠲᠠᠨᠢᠳᠠᠭ ᠢᠮᠠᠭᠠᠨ ᠳᠠᠭᠤᠲᠤ ᠦᠯᠵᠡᠢᠰᠠᠩ《 ᠶᠠᠭᠤ ᠪᠣᠯᠤᠭᠠᠳ ᠡᠢᠮᠦ ᠡᠷᠲᠡᠴᠢ᠂ ᠬᠠᠷ᠎ᠠ ᠨᠢᠳᠦ ᠪᠡᠨ ᠨᠡᠭᠡᠭᠡᠭᠰᠡᠭᠡᠷ ᠬᠠᠪᠴᠢᠭᠠᠨᠠᠵᠤ ᠭᠦᠶᠦᠭᠡ ᠨᠢ ᠪᠣᠢ》 ᠭᠡᠬᠦ ᠰᠢᠭ᠂ ᠬᠡᠷᠡᠮ ᠦ᠋ᠨ ᠳᠡᠭᠡᠷ᠎ᠡ ᠬᠣᠣᠰ ᠬᠣᠣᠰ ᠢ᠋ᠶ᠋ᠠᠷ ᠵᠡᠷᠭᠡᠴᠡᠵᠦ ᠰᠠᠭᠤᠭᠠᠳ ᠲᠣᠯᠣᠭᠠᠢ ᠬᠣᠰᠢᠭᠤ ᠪᠠᠨ ᠭᠢᠯᠵᠢᠢᠯᠭᠡᠨ ᠬᠣᠭᠣᠷᠣᠨᠳᠣ ᠪᠠᠨ ᠨᠢᠭᠡ ᠶᠠᠭᠤᠮ᠎ᠠ ᠱᠤᠯᠤᠭᠠᠨᠠᠨ᠎ᠠ᠃
ᠦᠯᠵᠡᠢᠰᠩ ᠳᠣᠲᠣᠷ᠎ᠠ ᠶ᠋ᠢᠨ ᠪᠠᠶᠠᠰᠤᠯ ᠢ᠋ᠶ᠋ᠠᠨ ᠳᠠᠷᠤᠵᠤ ᠶᠠᠳᠠᠨ《 ᠥᠨᠥᠳᠥᠷ ᠬᠦᠩ ᠨᠣᠶᠠᠨ ᠳ᠋ᠤ᠌ ᠡᠰᠢ ᠲᠡᠢ ᠪᠠᠷᠢᠮᠲᠠ ᠲᠠᠢ ᠶᠠᠭᠤᠮ᠎ᠠ ᠦᠵᠡᠭᠦᠯᠬᠦ ᠪᠣᠯᠤᠯ᠎ᠠ᠃ ᠬᠦᠩ ᠨᠣᠶᠠᠨ ᠣᠳᠣ ᠶᠠᠭᠤ ᠬᠡᠯᠡᠬᠦ ᠶ᠋ᠢ ᠨᠢ ᠦᠵᠡᠶ᠎ᠡ᠃ ᠮᠠᠭᠤ ᠮᠠᠨᠴᠤᠷᠭ᠎ᠠ ᠶ᠋ᠢᠨ ᠠᠮᠠᠨ ᠬᠦᠵᠦᠭᠦᠦ ᠶ᠋ᠢ ᠨᠢ ᠮᠤᠰᠬᠢᠵᠦ ᠠᠷᠤ ᠳ᠋ᠤᠨᠢ ᠭᠠᠷᠭᠠᠬᠤ ᠴᠠᠭ ᠢᠷᠡᠯ᠎ᠡ᠃ ᠡᠷᠯᠢᠭ ᠢ᠋ᠶ᠋ᠡᠨ ᠡᠷᠢᠭᠰᠡᠨ ᠬᠤᠯᠤᠭᠠᠨ᠎ᠠ ᠮᠤᠤᠷ ᠤ᠋ᠨ ᠪᠥᠭᠰᠡ ᠮᠠᠭᠠᠵᠢᠪᠠ ᠭᠡᠭᠴᠢ ᠡᠨᠡ ᠳᠡ! ᠣᠳᠣ ᠴᠢᠨᠦ ᠲᠡᠷᠡ ᠲᠠᠰᠢᠶᠠᠨ ᠳ᠋ᠤ᠌ ᠪᠠᠯᠲᠠᠭᠠᠨᠠᠳᠠᠭ ᠪᠠᠶᠠᠨᠽᠢ ᠴᠢᠨᠢ ᠮᠢᠨᠦ ᠲᠠᠰᠢᠶᠠᠨ ᠳ᠋ᠤ᠌ ᠪᠠᠢᠬᠤ ᠪᠣᠯᠤᠨ᠎ᠠ ᠳᠠ!》 ᠭᠡᠵᠦ ᠡᠯᠳᠡᠪ ᠢ᠋ ᠪᠣᠳᠣᠨ ᠬᠦᠩ ᠨᠣᠶᠠᠨ ᠤ᠋ ᠡᠭᠦᠳᠡᠨ ᠳ᠋ᠦ᠍ ᠬᠦᠷᠴᠦ ᠣᠴᠢᠯ᠎ᠠ᠃
ᠡᠭᠦᠳᠡᠨ ᠦ᠌ ᠬᠥᠲᠥᠴᠢ《ᠬᠦᠩ ᠨᠣᠶᠠᠨ ᠬᠤᠪᠴᠠᠯᠠᠵᠤ ᠶᠠᠩᠵᠤᠯᠠᠭᠠ ᠦᠭᠡᠢ ᠪᠠᠢᠨ᠎ᠠ》 ᠭᠡᠬᠦ ᠳ᠋ᠦ᠍ ᠦᠯᠵᠡᠢᠰᠠᠩ ᠠᠷᠭ᠎ᠠ ᠦᠭᠡᠢ ᠬᠦᠯᠢᠶᠡᠵᠦ ᠰᠠᠭᠤᠪᠠ᠃
ᠬᠡᠰᠡᠭ ᠤᠳᠠᠭᠠᠳ ᠬᠥᠲᠥᠴᠢ ᠴᠠᠭᠠᠰᠢ ᠶᠠᠪᠤᠵᠤ ᠬᠦᠩ ᠨᠣᠶᠠᠨ ᠤ᠋ ᠡᠭᠦᠳᠡᠨ ᠭᠠᠳᠠᠨ᠎ᠠ ᠠ᠋ᠴᠠ《 ᠬᠦᠩ ᠨᠣᠶᠠᠨ ᠳ᠋ᠤ᠌ ᠠᠢᠯᠠᠳᠬᠠᠶ᠎ᠠ᠃ ᠪᠣᠱᠣᠭᠣ ᠦᠯᠵᠡᠢᠰᠠᠩ᠂ ᠬᠦᠩ ᠨᠣᠶᠠᠨ ᠲᠠᠨ ᠲᠠᠢ ᠪᠡᠶ᠎ᠡ ᠪᠡᠷ ᠢ᠋ᠶ᠋ᠡᠨ ᠪᠠᠷᠠᠳᠠᠵᠤ ᠮᠡᠳᠡᠭᠦᠯᠬᠦ ᠴᠢᠬᠤᠯᠠ ᠤᠴᠢᠷ ᠲᠠᠢ ᠭᠡᠨ᠎ᠡ᠃ ᠣᠷᠣᠭᠤᠯᠬᠤ ᠤᠤ? ᠪᠠᠢᠬᠤ ᠤᠤ?》 ᠭᠡᠵᠦ ᠡᠷᠡᠦ ᠨᠢ ᠬᠠᠪᠬᠢᠨᠠᠨ ᠳᠣᠣᠷ᠎ᠠ ᠳᠠᠭᠤᠨ ᠢ᠋ᠶ᠋ᠠᠷ ᠠᠢᠯᠠᠳᠬᠠᠪᠠᠯ ᠴᠠᠭᠠᠨ᠎ᠠ ᠠ᠋ᠴᠠ᠄
— ᠬᠠᠷ᠎ᠠ ᠥᠷᠯᠥᠭᠡᠭᠦᠷ ᠶᠠᠭᠤ ᠪᠣᠯᠪᠠ? ᠭᠡᠯᠡ᠃
— ᠵᠠ᠂ ᠮᠡᠳᠡᠬᠦ ᠦᠭᠡᠢ᠃
— ᠁
ᠬᠦᠩ ᠨᠣᠶᠠᠨ ᠬᠠᠷᠢᠭᠤ ᠦᠭᠡᠢ᠃《ᠡᠨᠡ ᠮᠠᠭᠤ ᠢᠮᠠᠭᠠᠨ ᠳᠠᠭᠤᠲᠤ ᠣᠨᠴᠠᠭᠠᠢ ᠤᠴᠢᠷ ᠦᠭᠡᠢ ᠪᠣᠯ ᠢᠩᠭᠢᠵᠦ ᠡᠷᠲᠡᠯᠡᠬᠦ ᠶᠣᠰᠣ ᠦᠭᠡᠢ ᠰᠠᠨ᠃ ᠲᠡᠭᠡᠬᠦ ᠳ᠋ᠡᠭᠡᠨ ᠪᠠᠰᠠ ᠶᠠᠭᠠᠬᠢᠯ᠎ᠠ ᠭᠡᠵᠦ ᠴᠢᠬᠢ ᠬᠠᠳᠬᠤᠭᠰᠠᠨ ᠶᠠᠭᠤᠮ᠎ᠠ ᠰᠢᠪᠡᠨᠡᠵᠦ ᠬᠤᠯᠤᠭᠤ ᠶᠠᠩᠭᠢᠨᠠᠭᠤᠯᠳᠠᠭ ᠪᠣᠯ? ᠴᠢᠭᠢᠶᠡᠲᠦᠷᠦᠦ᠂ ᠠᠮᠠ ᠨᠢ ᠮᠤᠷᠤᠢᠭᠰᠠᠨ ᠠᠮᠢᠲᠠᠨ ᠤ᠋ ᠵᠠᠪᠠᠵᠢ ᠠ᠋ᠴᠠ ᠠᠷᠭᠠᠯ ᠤᠨᠠᠬᠤ ᠠ᠋ᠴᠠ ᠪᠢᠰᠢ ᠠᠯᠲᠠ ᠪᠤᠯᠲᠠᠢᠬᠤ ᠪᠢᠰᠢ᠃ ᠲᠡᠭᠡᠬᠦ ᠳ᠋ᠡᠭᠡᠨ ᠶᠠᠭᠠᠬᠢᠬᠤ ᠪᠣᠢ᠂ ᠡᠨᠡ ᠶᠠᠮᠤᠨ ᠰᠠᠩ ᠳ᠋ᠤ᠌ ᠡᠢᠮᠦ ᠬᠥᠮᠦᠨ ᠳᠤᠲᠠᠵᠤ ᠯᠠ ᠪᠣᠯᠬᠤ ᠦᠭᠡᠢ᠃ ᠲᠡᠷᠡ ᠵᠢᠯ ᠡᠨᠡ ᠮᠠᠭᠤ ᠭᠠᠢᠬᠠᠯ ᠤ᠋ᠨ ᠢᠮᠠᠭᠠᠨ ᠳᠠᠭᠤ ᠲᠠᠢ ᠮᠤᠷᠤᠢ ᠠᠮᠠ ᠯᠠ ᠪᠠᠭ᠎ᠠ ᠬᠠᠲᠤᠨ ᠢ᠋ ᠠᠶᠤᠯ ᠠ᠋ᠴᠠ ᠠᠪᠤᠷᠠᠭᠰᠠᠨ ᠰᠢᠦ!》 ᠭᠡᠵᠦ ᠪᠣᠳᠣᠨ ᠴᠠᠭᠠᠨ᠎ᠠ ᠯᠤᠤ ᠭᠠᠷᠤᠳᠢ ᠶ᠋ᠢᠨ ᠬᠡ ᠰᠡᠢᠯᠦᠭᠰᠡᠨ ᠬᠦᠷᠡᠩ ᠽᠠᠨᠳᠠᠨ ᠬᠦᠷᠢᠶ᠎ᠡ ᠲᠡᠢ ᠲᠣᠮᠣ ᠶᠠᠪᠠᠭᠠᠨ ᠲᠣᠯᠢᠨ ᠳ᠋ᠤ᠌ ᠦᠰᠦ ᠭᠡᠵᠢᠭᠡ ᠪᠡᠨ ᠶᠠᠩᠵᠤᠯᠠᠵᠤ ᠵᠣᠭᠰᠣᠭᠰᠠᠨ ᠰᠡᠷᠭᠦᠮ᠎ᠡ ᠪᠡᠨ ᠬᠠᠷᠠᠭᠠᠳ ᠪᠣᠳᠣᠯᠭ᠎ᠠ ᠪᠣᠯᠵᠤ ᠡᠭᠦᠳᠡᠨ ᠭᠠᠳᠠᠨ᠎ᠠ ᠬᠦᠯᠢᠶᠡᠵᠦ ᠵᠣᠭᠰᠣᠭᠰᠠᠨ ᠬᠥᠲᠥᠴᠢ ᠳ᠋ᠦ᠍᠄
— ᠴᠠᠭᠠᠳᠤᠬᠢ ᠪᠠᠨ ᠨᠠᠭᠠᠰᠢ ᠤᠷᠤᠭᠤᠯ ᠭᠡᠪᠡ᠃
ᠪᠠᠷᠤᠭ ᠭᠤᠷᠪᠠᠨ ᠳ᠋ᠠᠢ ᠲᠠᠮᠠᠬᠢ(ᠭᠠᠩᠰᠠ) ᠨᠣᠴᠣᠯᠳᠤᠬᠤ ᠶ᠋ᠢᠨ ᠬᠢᠷᠢ ᠬᠦᠯᠢᠶᠡᠵᠦ ᠵᠣᠭᠰᠣᠭᠰᠠᠨ ᠥᠯᠵᠠᠢᠰᠠᠩ ᠬᠦᠩ ᠨᠣᠶᠠᠨ ᠤ᠋ ᠬᠥᠲᠥᠴᠢ ᠶ᠋ᠢᠨ《ᠤᠷᠤᠭᠤᠯ》 ᠭᠡᠰᠡᠨ ᠵᠥᠪᠰᠢᠶᠡᠷᠡᠯ ᠢ᠋ ᠰᠣᠨᠣᠰᠤᠮᠠᠭᠴᠠ ᠴᠢᠪᠬ᠎ᠠ ᠠ᠋ᠴᠠ ᠦᠰᠦᠷᠦᠭᠰᠡᠨ ᠵᠢᠵᠢᠭ ᠴᠢᠯᠠᠭᠤ ᠰᠢᠭ᠋ ᠬᠣᠪᠬᠤ ᠦᠰᠦᠷᠦᠨ ᠭᠦᠶᠦᠵᠦ ᠬᠦᠩ ᠨᠣᠶᠠᠨ ᠤ᠋ ᠭᠡᠷ ᠲᠦ᠍ ᠱᠤᠩᠭᠤᠯᠠᠵᠤ ᠣᠷᠣᠯ᠎ᠠ᠃
— ᠬᠦᠩ ᠨᠣᠶᠠᠨ ᠳ᠋ᠤ᠌ ᠠᠢᠯᠠᠳᠬᠠᠨ ᠡᠷᠭᠦᠵᠦ ᠪᠠᠢᠨ᠎ᠠ ᠭᠡᠳ ᠥᠨᠥᠬᠢ ᠮᠠᠨᠴᠤᠷᠭ᠎ᠠ ᠶ᠋ᠢᠨ ᠬᠤᠪᠴᠠᠰᠤ ᠬᠤᠨᠠᠷ᠂ ᠭᠤᠲᠤᠯ ᠣᠢᠮᠣᠰᠤ᠂ ᠠᠬᠤᠷ ᠫᠤᠤ᠁ ᠵᠡᠷᠭᠡ ᠶᠠᠭᠤᠮᠠᠰ ᠢ᠋ ᠲᠣᠯᠣᠭᠠᠢ ᠳᠡᠭᠡᠷ᠎ᠡ ᠪᠡᠨ ᠥᠨᠳᠥᠷ ᠡᠷᠭᠦᠨ ᠲᠦᠰᠬᠢᠲᠡᠯ᠎ᠡ ᠰᠥᠭᠥᠳᠬᠦ ᠳ᠋ᠦ᠍ ᠡᠭᠡᠭᠡ ᠯᠡ ᠮᠠᠨᠵᠤ ᠶᠡᠬᠡ ᠬᠠᠭᠠᠨ ᠳ᠋ᠤ᠌ ᠦᠨᠡᠲᠦ ᠬᠦᠨᠳᠦ ᠪᠡᠯᠡᠭ ᠶᠣᠰᠣᠴᠢᠯᠠᠨ ᠡᠷᠭᠦᠭᠰᠡᠨ ᠭᠠᠪᠢᠶᠠᠲᠤ ᠲᠦᠰᠢᠮᠡᠯ ᠰᠢᠭ ᠬᠠᠷᠠᠭᠳᠠᠯ᠎ᠠ᠁
ᠥᠯᠵᠡᠢᠰᠠᠩ ᠥᠨᠥᠬᠢ ᠶᠠᠭᠤᠮᠠᠰ ᠢ᠋ᠶ᠋ᠠᠨ ᠳᠡᠭᠡᠷ᠎ᠡ ᠡᠷᠭᠦᠵᠦ ᠲᠣᠯᠣᠭᠠᠢ ᠮᠡᠬᠦᠢᠨ ᠰᠥᠭᠥᠳᠦᠭᠡᠳ ᠦᠭᠡ ᠳᠠᠭᠤᠨ ᠦᠭᠡᠢ ᠤᠳᠠᠵᠠᠢ᠃ ᠬᠦᠩ ᠨᠣᠶᠠᠨ ᠦᠯᠵᠡᠢᠰᠠᠩ ᠤ᠋ᠨ ᠦᠭᠡ ᠳᠠᠭᠤᠨ ᠦᠭᠡᠢ ᠰᠥᠭᠥᠳᠦᠭᠰᠡᠨ ᠳ᠋ᠦ᠍ ᠶᠠᠭᠤ ᠶᠠᠭᠠᠬᠢᠭᠰᠠᠨ ᠲᠤᠬᠠᠢ ᠤᠬᠠᠭᠠᠨ ᠲᠥᠬᠥᠭᠡ ᠶ᠋ᠢ ᠨᠢ ᠣᠯᠬᠤ ᠦᠭᠡᠢ ᠮᠡᠯᠡᠷᠡᠵᠦ᠄
— ᠡᠨᠡ ᠶᠠᠭᠤ ᠪᠣᠢ? ᠭᠡᠪᠡ᠃
— ᠮᠠᠨ᠁ ᠮᠠᠨᠴᠤ᠋᠁ ᠮᠠᠨᠴᠤᠷᠭ᠎ᠠ᠁ ᠭᠡᠳ ᠥᠯᠵᠡᠢᠰᠠᠩ ᠡᠭᠡᠷᠡᠪᠡ᠃ ᠴᠣᠬᠣᠮ ᠪᠠᠶᠠᠷᠯᠠᠬᠤ ᠳ᠋ᠠᠭᠠᠨ ᠤᠤ ᠬᠣᠷᠣᠰᠬᠤ ᠳ᠋ᠠᠭᠠᠨ ᠤᠤ ᠦᠭᠡ ᠪᠡᠨ ᠬᠡᠯᠡᠵᠦ ᠭᠠᠷᠬᠤ ᠦᠭᠡᠢ ᠲᠦᠭᠳᠡᠷᠡᠨᠡ᠃
— ᠮᠠᠨᠴᠤᠷᠭ᠎ᠠ ᠶᠠᠭᠠᠬᠢᠪᠠ? ᠭᠡᠵᠦ ᠬᠦᠩ ᠨᠣᠶᠠᠨ ᠠᠰᠠᠭᠤᠪᠠᠯ ᠦᠯᠵᠡᠢᠰᠠᠩ᠄
— ᠁
ᠮᠠᠨᠴᠤᠷᠭ᠎ᠠ ᠴᠡᠴᠡᠭ ᠬᠠᠲᠤᠨ ᠶᠠᠭᠠᠬᠢᠯ᠎ᠠ᠂ ᠡᠢᠯ᠎ᠡ ᠭᠡᠵᠦ ᠬᠡᠯᠡᠬᠦ ᠭᠡᠳ ᠠᠮᠠᠨ ᠠ᠋ᠴᠠ ᠨᠢ ᠭᠠᠷᠴᠤ ᠴᠢᠳᠠᠬᠤ ᠦᠭᠡᠢ ᠡᠭᠡᠷᠡᠵᠦ᠂ ᠦᠨᠡᠬᠡᠷ ᠡᠨᠡ ᠮᠠᠭᠤ ᠶᠣᠣᠵᠠ ᠦᠭᠡᠢ ᠴᠢᠮᠡᠭᠡ ᠶ᠋ᠢ ᠬᠦᠩ ᠨᠣᠶᠠᠨ ᠶᠠᠭᠠᠬᠢᠵᠤ ᠰᠣᠨᠣᠰᠬᠤ ᠪᠢᠯᠡ? ᠭᠡᠵᠦ ᠭᠡᠯᠮᠡᠬᠦ ᠪᠣᠯᠪᠠᠴᠤ ᠡᠨᠡ ᠳᠠᠵᠢᠶᠠᠨ ᠳ᠋ᠤ᠌ ᠬᠦᠷᠦᠭᠰᠡᠨ ᠶᠦᠮ ᠴᠢᠨᠢ ᠬᠡᠯᠡᠳᠡᠭ ᠯᠡ ᠬᠡᠷᠡᠭ ᠭᠡᠵᠦ ᠵᠣᠷᠢᠭ ᠢ᠋ᠶ᠋ᠠᠨ ᠪᠠᠷᠢᠨ᠄
— ᠮᠠᠨᠴᠤᠷᠭ᠎ᠠ᠂ ᠴᠡᠴᠡᠭ ᠬᠠᠲᠤᠨ ᠬᠣᠶᠠᠷ᠁ ᠭᠡᠲᠡᠯ᠎ᠡ ᠨᠣᠶᠠᠨᠲᠠᠨ᠄
— ᠶᠠᠭᠤ⁈ ᠭᠡᠵᠦ ᠬᠦᠩ ᠨᠣᠶᠠᠨ ᠴᠢᠬᠢ ᠪᠡᠨ ᠢᠳᠡᠭᠡ ᠶᠠᠳᠠᠨ ᠴᠢᠩᠭ᠎ᠠ ᠳᠤᠤᠭᠠᠷᠪᠠᠯ᠂ ᠦᠯᠵᠡᠢᠰᠠᠩ᠄
— ᠥᠴᠥᠭᠡᠳᠦᠷ ᠰᠥᠨᠢ ᠲᠡᠷᠡ ᠬᠣᠶᠠᠷ᠁ ᠡᠨᠡ᠁ ᠡᠨᠡ ᠮᠠᠨᠴᠤᠷᠭ᠎ᠠ ᠶ᠋ᠢᠨ ᠬᠤᠪᠴᠠᠰᠤ ᠬᠤᠨᠠᠷ᠂ ᠠᠬᠤᠷ ᠫᠤᠤ᠁ ᠪᠠᠢᠨ᠎ᠠ ᠭᠡᠯᠡ᠃
ᠠᠭᠤᠷ ᠬᠢᠯᠢᠩ ᠨᠢ ᠪᠠᠳᠠᠷᠠᠵᠤ ᠵᠤᠯᠠᠢ ᠶ᠋ᠢᠨ ᠬᠢᠨᠢ ᠣᠷᠣᠢ ᠪᠠᠷ ᠤᠲᠤᠭ᠎ᠠ ᠪᠠᠭᠠᠭᠢᠬᠤ ᠰᠢᠬᠠᠭᠰᠠᠨ ᠬᠦᠩ ᠨᠣᠶᠠᠨ ᠪᠤᠷᠬᠠᠨ ᠳ᠋ᠠᠭᠠᠨ ᠵᠤᠯᠠ ᠪᠠᠷᠢᠬᠤ ᠭᠡᠵᠦ ᠭᠠᠷ ᠲᠠᠭᠠᠨ ᠪᠠᠷᠢᠭᠰᠠᠨ ᠵᠤᠯᠠ ᠶ᠋ᠢᠨ ᠲᠠᠬᠢᠯ ᠢ᠋ᠶ᠋ᠠᠨ ᠬᠥᠰᠡᠷ ᠳ᠋ᠢᠩᠭᠠᠷ ᠭᠡᠲᠡᠯ᠎ᠡ ᠰᠠᠪᠠᠬᠤ ᠳ᠋ᠤ᠌ ᠦᠯᠵᠡᠢᠰᠠᠩ ᠰᠣᠴᠢᠵᠤ ᠨᠣᠶᠠᠨ ᠳ᠋ᠤ᠌ ᠡᠷᠭᠦᠭᠰᠡᠨ ᠮᠠᠨᠴᠤᠷᠭ᠎ᠠ ᠶ᠋ᠢᠨ ᠠᠬᠤᠷ ᠫᠤᠤ ᠶ᠋ᠢ ᠭᠠᠵᠠᠷ ᠤᠨᠠᠭᠠᠪᠠ᠃
— ᠮᠠᠨᠴᠤᠷᠭ᠎ᠠ ᠶ᠋ᠢ ᠲᠡᠭᠡᠭᠡᠳ ᠠᠯᠠᠴᠢᠬᠠᠪᠠ ᠤᠤ? ᠭᠡᠬᠦ ᠳ᠋ᠦ᠍ ᠦᠯᠵᠡᠢᠰᠠᠩ ᠤ᠋ᠨ ᠳᠣᠲᠣᠷ᠎ᠠ ᠣᠩᠭᠣᠢᠵᠤ《ᠵᠣᠤᠬᠠᠢ ᠳᠠ! ᠪᠢ ᠨᠣᠶᠠᠨᠲᠠᠨ ᠤ᠋ ᠠᠮᠠᠨ ᠠ᠋ᠴᠠ ᠮᠥᠨ ᠡᠨᠡ ᠦᠭᠡ ᠶ᠋ᠢ ᠯᠡ ᠰᠣᠨᠣᠰᠤᠶ᠎ᠠ ᠭᠡᠰᠡᠨ᠁ ᠮᠥᠨ ᠲᠡᠭᠡᠵᠦ ᠬᠢᠶ᠎ᠡ ᠭᠡᠰᠡᠨ ᠰᠠᠨ》 ᠭᠡᠵᠦ ᠲᠠᠷᠢᠬᠢᠨ ᠳ᠋ᠠᠭᠠᠨ ᠬᠣᠷᠣᠮᠬᠠᠨ ᠡᠷᠭᠢᠯᠳᠦᠭᠦᠯᠵᠦ ᠠᠮᠵᠢᠯ᠎ᠠ᠃ ᠲᠡᠭᠡᠭᠡᠳ᠄
— ᠦᠭᠡᠢ ᠠ᠋! ᠰᠢᠷᠡᠭᠡᠨ ᠦ᠌ ᠨᠢᠷᠤᠭᠤᠨ ᠳ᠋ᠤ᠌ ᠱᠠᠯᠳᠠᠩ ᠢ᠋ᠶ᠋ᠠᠷ ᠬᠦᠯᠢᠵᠦ ᠣᠷᠬᠢᠭᠠᠳ ᠬᠣᠶᠠᠷ ᠴᠡᠷᠢᠭ ᠢ᠋ᠶ᠋ᠡᠷ ᠰᠠᠬᠢᠭᠤᠯᠵᠦ ᠣᠷᠬᠢᠭᠰᠠᠨ! ᠭᠡᠪᠡ᠃
— ᠲᠡᠭᠡᠭᠡᠳ ᠶᠠᠭᠤ ᠭᠡᠵᠦ ᠲᠡᠷᠡ ᠳᠣᠣᠷ᠎ᠠ ᠨᠢ ᠪᠠᠯᠢᠩ ᠲᠠᠬᠢᠯ ᠢ᠋ ᠨᠢ ᠬᠤᠷᠢᠶᠠᠴᠢᠬᠠᠬᠤ ᠪᠠᠨ ᠶᠠᠭᠠᠬᠢᠭᠰᠠᠨ ᠪᠣᠢ?
— ᠁
— ᠲᠠᠨᠤᠰ ᠪᠦᠷᠢ ᠢᠳᠡᠯᠭᠡᠨ ᠦ᠌ ᠬᠠᠪᠤᠳᠠᠷ ᠤ᠋ᠳ᠁ ᠤᠮᠠᠳᠠᠭ ᠢ᠋ᠶ᠋ᠠᠨ ᠴᠢᠷᠦᠭᠰᠡᠨ ᠢ᠋ᠶ᠋ᠡᠨ ᠮᠡᠳᠡᠬᠦ ᠦᠭᠡᠢ ᠬᠡᠷᠡᠭ ᠡᠳᠦᠬᠦ ᠳᠤᠷᠠᠲᠠᠢ ᠭᠡᠳᠡᠭ ᠨᠢ!
— ᠲᠠᠨ ᠤ᠋ ᠵᠠᠷᠯᠢᠭ ᠵᠠᠬᠢᠶ᠎ᠠ ᠦᠭᠡᠢ ᠪᠡᠷ᠁
— ᠬᠥᠨᠳᠡᠯᠡᠨ ᠢ᠋ᠶ᠋ᠡᠨ ᠳᠡᠰ ᠬᠠᠪᠴᠢᠭᠠᠳ ᠴᠠᠭᠠᠰᠢ ᠲᠣᠨᠢᠯ! ᠶᠠᠮᠤ ᠰᠠᠩ ᠤ᠋ᠨ ᠪᠤᠳᠠᠭ᠎ᠠ ᠢᠯᠡᠭᠦᠦ ᠳ᠋ᠡᠭᠡᠨ ᠭᠠᠷᠴᠤ᠂ ᠲᠠᠩᠳᠠ ᠮᠠᠭᠤ ᠰᠠᠢᠨ ᠪᠤᠳᠠᠭᠠᠨ ᠤ᠋ ᠪᠠᠷᠠᠮᠠᠯ ᠪᠠᠭᠠᠰᠤᠨ ᠤ᠋ ᠲᠤᠯᠤᠮ ᠤ᠋ᠳ ᠢ᠋ ᠲᠡᠵᠢᠭᠡᠴᠢᠬᠡᠵᠡᠢ ᠭᠡᠪᠡᠯ ᠦᠯᠵᠡᠢᠰᠠᠩ ᠠᠶᠤᠨ ᠪᠡᠮᠪᠡᠭᠡᠨᠡᠵᠦ ᠬᠦᠩ ᠨᠣᠶᠠᠨ ᠤ᠋ ᠴᠢᠷᠠᠢ ᠥᠭᠡᠳᠡ ᠪᠦᠯᠲᠡᠯᠵᠡᠬᠦ ᠨᠢ ᠡᠵᠡᠨ ᠦ᠌ ᠬᠡᠰᠢᠭᠲᠦ ᠭᠠᠷ ᠠ᠋ᠴᠠ ᠬᠡᠰᠡᠭ ᠶᠠᠰᠤ ᠭᠣᠷᠢᠳᠠᠭᠰᠠᠨ ᠨᠣᠬᠠᠢ ᠶ᠋ᠢᠨ ᠭᠥᠯᠥᠭᠡ ᠰᠢᠭ ᠲᠣᠯᠣᠭᠠᠢ ᠪᠠᠨ ᠭᠢᠯᠵᠢᠢᠵᠦ ᠬᠢᠯᠠᠩ ᠬᠢᠯᠠᠩ ᠬᠠᠷᠠᠭᠠᠳ ᠨᠣᠶᠠᠨ ᠤ᠋ ᠠᠮᠠᠨ ᠠ᠋ᠴᠠ《ᠵᠠ᠂ ᠴᠢ ᠣᠳᠣ ᠪᠠᠷ ᠢ᠋ᠶ᠋ᠠᠨ ᠶᠠᠪᠤᠵᠤ ᠮᠥᠨ ᠡᠨᠡ ᠮᠠᠨᠴᠤᠷᠭ᠎ᠠ ᠶ᠋ᠢᠨ ᠫᠤᠤ ᠪᠠᠷ ᠲᠡᠭᠦᠨ ᠦ᠌ ᠮᠠᠩᠨᠠᠢ ᠳ᠋ᠤ᠌ ᠴᠢᠰᠤ ᠪᠤᠷᠭᠢᠭᠰᠠᠨ ᠰᠣᠷᠪᠢ ᠣᠩᠭᠣᠢᠯᠭᠠᠴᠢᠬᠠᠭᠠᠳ ᠲᠡᠭᠦᠨ ᠦ᠌ ᠵᠡᠷᠭᠡ ᠵᠢᠩᠰᠡ ᠶ᠋ᠢ ᠨᠢ ᠴᠢ ᠵᠡᠭᠦᠵᠦ ᠠᠬᠤᠷ ᠫᠤᠤ ᠶ᠋ᠢ ᠨᠢ ᠴᠢ ᠡᠵᠡᠮᠳᠡᠵᠦ ᠪᠠᠢ!》 ᠭᠡᠰᠡᠨ ᠦᠨᠡᠲᠡᠢ ᠦᠭᠡ ᠬᠠᠢᠷᠠᠯᠠᠬᠤ ᠶ᠋ᠢ ᠬᠦᠰᠡᠭᠰᠡᠨ ᠪᠣᠯᠪᠠᠴᠤ ᠲᠡᠭᠦᠨ ᠦ᠌ ᠰᠠᠨᠠᠭ᠎ᠠ ᠪᠠᠷ ᠪᠣᠯᠤᠭᠰᠠᠨ ᠦᠭᠡᠢ᠃ ᠭᠦᠩ ᠨᠣᠶᠠᠨ ᠨᠢᠷᠤᠭᠤ ᠪᠠᠨ ᠡᠭᠦᠷᠴᠦ ᠴᠠᠭᠠᠰᠢ ᠬᠡᠳᠦ ᠠᠯᠬᠤᠭᠠᠳ ᠨᠢᠭᠡ ᠭᠠᠷ ᠢᠶᠠᠨ ᠶᠠᠯᠢᠮ ᠦᠭᠡᠢ ᠡᠷᠭᠦᠵᠦ ᠥᠯᠵᠡᠢᠰᠠᠩ ᠢ 《ᠭᠠᠷ!》 ᠭᠡᠰᠡᠨ ᠳᠠᠭᠤ ᠦᠭᠡᠢ ᠲᠣᠬᠢᠶ᠎ᠠ ᠥᠭ᠍ᠪᠡ᠃ ᠦᠯᠵᠡᠢᠰᠠᠩ᠄
— ᠵᠠ! ᠭᠡᠳ ᠪᠥᠭᠰᠡ ᠪᠡᠷ ᠢ᠋ᠶ᠋ᠡᠨ ᠴᠤᠬᠤᠷᠢᠨ ᠡᠭᠦᠳᠡᠨ ᠬᠠᠲᠠᠪᠴᠢ ᠭᠠᠷᠬᠤ ᠭᠡᠲᠡᠯ᠎ᠡ ᠬᠦᠩ ᠨᠣᠶᠠᠨ ᠡᠷᠭᠢᠵᠦ ᠬᠠᠷᠠᠨ᠄
— ᠪᠠᠢᠵᠠ! ᠭᠡᠬᠦ ᠳ᠋ᠦ᠍ ᠦᠯᠵᠡᠢᠰᠠᠩ ᠪᠤᠯᠲᠠᠰ ᠬᠢᠨ ᠡᠷᠭᠢᠵᠦ᠄
— ᠵᠠ! ᠭᠡᠪᠡ᠃
— ᠴᠢ ᠣᠳᠣ ᠪᠠᠷ ᠢ᠋ᠶ᠋ᠠᠨ ᠨᠣᠶᠠᠨ ᠰᠠᠩ ᠤ᠋ᠨ ᠵᠤᠰᠠᠭᠠᠯ ᠤᠷᠤᠭᠤ ᠣᠴᠢᠵᠤ ᠮᠠᠨᠴᠤᠷᠭ᠎ᠠ ᠶ᠋ᠢ ᠳᠠᠯᠳᠠᠬᠠᠨ ᠭᠠᠵᠠᠷ ᠠᠪᠠᠴᠢᠵᠤ ᠡᠷᠡᠭᠦᠳᠡᠨ ᠳᠠᠷᠤ! ᠲᠦᠷ ᠬᠡᠨ ᠬᠥᠮᠦᠨ ᠳ᠋ᠦ᠍ ᠴᠤ᠌ ᠪᠢᠲᠡᠭᠡᠢ ᠮᠡᠳᠡᠭᠳᠡ! ᠡᠨᠡ ᠶᠠᠪᠤᠳᠠᠯ ᠳᠡᠯ ᠣᠷᠭᠣᠭᠠᠳ᠂ ᠰᠡᠭᠦᠯ ᠰᠢᠷᠪᠢᠨ ᠲᠦᠮᠡᠨ ᠠᠮᠢᠲᠠᠨ ᠳ᠋ᠤ᠌ ᠴᠤᠤ ᠲᠠᠷᠬᠠᠵᠤ᠂ ᠬᠣᠰᠢᠭᠤ ᠵᠠᠰᠠᠭ ᠤ᠋ᠨ ᠨᠡᠷ᠎ᠡ ᠨᠢᠭᠤᠷ ᠲᠤ᠌ ᠬᠦ ᠲᠦᠷᠬᠢᠭᠰᠡᠨ ᠠᠳᠠᠭ ᠤ᠋ᠨ ᠶᠠᠭᠤᠮ᠎ᠠ ᠪᠣᠯᠪᠠᠯ᠂ ᠬᠣᠵᠢᠮ ᠨᠢ ᠴᠢ ᠥᠪᠡᠷ ᠢ᠋ᠶ᠋ᠡᠨ ᠶᠠᠭᠠᠬᠢᠬᠤ ᠪᠠᠨ ᠮᠡᠳᠡᠨ᠎ᠡ ᠪᠢᠵᠡ! ᠭᠡᠵᠦ ᠬᠦᠩ ᠨᠣᠶᠠᠨ ᠨᠠᠮ ᠳᠣᠣᠷ᠎ᠠ ᠳᠠᠭᠤ ᠪᠠᠷ ᠵᠠᠩᠳᠤᠷᠤᠩᠭᠤᠢ ᠥᠭᠦᠯᠡᠪᠡᠯ ᠦᠯᠵᠡᠢᠰᠠᠩ ᠤ᠋ᠨ ᠴᠢᠮᠠᠷᠬᠠᠢ ᠤᠷᠤᠭᠤ ᠴᠢᠨᠵᠠᠯ ᠰᠢᠭᠠᠭᠰᠠᠨ ᠰᠢᠭ᠋ ᠪᠣᠯᠵᠤ ᠲᠣᠯᠣᠭᠠᠢ ᠳ᠋ᠤᠨᠢ ᠨᠢᠯ ᠬᠢᠨ ᠬᠠᠯᠠᠭᠤᠨ ᠴᠢᠰᠤ ᠣᠢᠯᠬᠤ ᠪᠠᠷ ᠨᠢᠳᠦ ᠨᠢ ᠬᠠᠷᠠᠩᠭᠤᠢᠯᠠᠵᠤ ᠪᠢᠯᠡ᠃
《ᠣᠷᠣᠬᠤ ᠳ᠋ᠠᠭᠠᠨ ᠣᠮᠣᠭ ᠲᠠᠢ᠂ ᠭᠠᠷᠬᠤ ᠳ᠋ᠠᠭᠠᠨ ᠭᠠᠰᠠᠯᠠᠩ ᠲᠠᠢ ᠮᠥᠷᠲᠡᠭᠡᠨ ᠭᠠᠭᠴᠠ ᠨᠢᠳᠦᠨ ᠳ᠋ᠡᠭᠡᠨ ᠳᠣᠭᠣᠯᠠᠩ ᠨᠢᠯᠪᠤᠰᠤ ᠲᠠᠢ》 ᠭᠡᠳᠡᠭ ᠱᠣᠭ ᠦᠭᠡ ᠪᠠᠢᠳᠠᠭ ᠨᠢ ᠥᠨᠥᠳᠥᠷ ᠦ᠋ᠨ ᠡᠨᠡᠭᠦᠬᠡᠨ ᠬᠣᠭᠣᠷᠣᠨᠳᠣ ᠦᠯᠵᠡᠢᠰᠠᠩ ᠤ᠋ᠨ ᠬᠤᠪᠢ ᠲᠠᠪᠢᠯᠠᠩ ᠢ᠋ ᠣᠨᠣᠭᠠᠵᠤ ᠬᠡᠯᠡᠭᠰᠡᠨ ᠦᠭᠡ ᠪᠣᠯᠵᠠᠢ᠃ ᠦᠯᠵᠡᠢᠰᠠᠩ ᠳᠡᠭᠡᠷ᠎ᠡ ᠤᠳᠠᠭ᠎ᠠ ᠰᠢᠭ᠋ ᠬᠦᠩ ᠨᠣᠶᠠᠨ ᠤ᠋ ᠨᠢᠭᠤᠷ ᠲᠠᠯ᠎ᠠ ᠳ᠋ᠤ᠌ ᠪᠠᠰᠠ ᠨᠢᠭᠡ ᠭᠠᠪᠢᠶ᠎ᠠ ᠲᠡᠮᠳᠡᠭᠯᠡᠭᠦᠯᠵᠦ ᠰᠠᠢᠷᠬᠠᠬᠤ ᠶ᠋ᠢ ᠪᠣᠳᠣᠭᠰᠠᠨ ᠨᠢ ᠶᠣᠰᠣᠲᠠᠢ ᠯᠠ ᠶᠡᠬᠡ ᠶ᠋ᠢ ᠰᠠᠨᠠᠭᠰᠠᠨ ᠭᠠᠵᠠᠷ ᠶᠢᠰᠦᠨ ᠬᠣᠨᠣᠭ ᠬᠣᠭᠣᠰᠣᠨ ᠭᠡᠭᠴᠢ ᠪᠣᠯᠵᠤ᠂ ᠪᠤᠴᠠᠬᠤ ᠳ᠋ᠠᠭᠠᠨ ᠤᠷᠤᠭᠤ ᠴᠠᠷᠠᠢᠯᠠᠵᠦ ᠶᠠᠪᠤᠨ᠎ᠠ᠃《ᠦᠭᠡᠢ ᠠ᠋᠂ ᠪᠢ ᠶᠠᠭᠠᠬᠢᠯ᠎ᠠ ᠭᠡᠵᠦ ᠡᠢᠮᠦ ᠪᠤᠬᠤᠷ ᠢ᠋ᠶ᠋ᠠᠨ ᠱᠠᠭᠠᠢᠭᠰᠠᠨ ᠪᠣᠯᠴᠢᠮ ᠦᠭᠡᠢ ᠠᠵᠢ ᠭᠡᠪᠡ⁈ ᠢᠩᠭᠢᠬᠦ ᠶ᠋ᠢ ᠮᠡᠳᠡᠭᠰᠡᠨ ᠪᠣᠯ ᠡᠴᠢᠭᠡ ᠪᠡᠨ ᠬᠢᠬᠦ ᠪᠣᠢ ᠳᠠ! ᠰᠥᠨᠢ ᠬᠠᠷᠠᠩᠭᠤᠢ ᠪᠠᠷ ᠦᠢᠯᠡ ᠪᠡᠨ ᠪᠠᠷᠠᠵᠤ ᠠᠯᠠ ᠪᠥᠭᠰᠡᠨ ᠦ᠌ ᠤᠴᠢᠷ ᠢ᠋ ᠭᠡᠲᠡᠵᠦ ᠮᠠᠨᠠᠨ ᠡᠷ᠎ᠡ ᠡᠮ᠎ᠡ ᠶ᠋ᠢᠨ ᠶᠠᠪᠤᠳᠠᠯ ᠳ᠋ᠤ᠌ ᠡᠯᠵᠢᠭᠡ ᠪᠣᠯᠵᠤ ᠵᠢᠷᠤᠭᠤᠯᠬᠤ ᠶ᠋ᠢᠨ ᠬᠡᠷᠡᠭ ᠪᠠᠢᠨ᠎ᠠ ᠤᠤ? ᠳᠤᠷ᠎ᠠ ᠳ᠋ᠤ᠌ ᠰᠢᠷ᠎ᠠ ᠦᠭᠡᠢ ᠭᠡᠭᠴᠢ ᠪᠡᠷ ᠮᠠᠨᠴᠤᠷᠭ᠎ᠠ ᠴᠡᠴᠡᠭ ᠬᠠᠲᠤᠨ ᠤ᠋ ᠠᠯᠠᠨ ᠳ᠋ᠤ᠌ ᠣᠴᠢᠵᠤ ᠮᠥᠷᠭᠥᠬᠦ ᠶ᠋ᠢ ᠪᠠᠢᠲᠤᠭᠠᠢ(ᠠᠭᠤᠢ) ᠳᠣᠲᠣᠷ᠎ᠠ ᠨᠢ ᠣᠷᠣᠭᠠᠳ ᠡᠪᠦᠯᠵᠢᠪᠡᠴᠦ ᠨᠠᠳᠠ ᠶᠠᠮᠠᠷ ᠰᠠᠪᠠᠭ᠎ᠠ ᠪᠠᠢᠪᠠ? ᠰᠠᠪᠠᠭ᠎ᠠ ᠦᠭᠡᠢ ᠨᠣᠬᠠᠢ ᠰᠠᠷ᠎ᠠ ᠥᠭᠡᠳᠡ ᠬᠤᠴᠠᠪᠠ ᠭᠡᠭᠴᠢ ᠶᠣᠰᠣᠲᠠᠢ ᠨᠠᠮ᠎ᠠ ᠶ᠋ᠢ ᠬᠡᠯᠡᠵᠦ ᠳᠡ᠂ ᠱᠣᠷᠣᠨ ᠳ᠋ᠠᠭᠠᠨ᠁ ᠦᠭᠡᠢ ᠠ᠋᠂ ᠮᠢᠨᠦ ᠤᠬᠠᠭᠠᠨ ᠳ᠋ᠤ᠌ ᠤᠬᠤᠨ᠎ᠠ ᠦᠬᠦᠴᠢᠬᠡᠵᠢ ᠤᠤ? ᠤᠩᠭᠠᠰᠤ ᠣᠷᠭᠣᠴᠢᠬᠠᠵᠢ ᠤᠤ? ᠶᠠᠭᠠᠬᠢᠭᠠᠳ ᠡᠭᠦᠨ ᠢ᠋ ᠪᠣᠳᠣᠵᠤ ᠣᠯᠤᠭᠰᠠᠨ ᠦᠭᠡᠢ ᠪᠣᠢ? ᠰᠡᠳᠬᠢᠯ ᠰᠠᠭᠠᠵᠤ ᠬᠥᠭᠡᠷᠦᠨ ᠪᠤᠴᠠᠯᠤᠭᠰᠠᠭᠠᠷ ᠠᠷᠭᠢᠶ᠎ᠠ ᠮᠣᠷᠢ ᠰᠢᠭ᠋ ᠤᠷᠢᠲᠠᠢ ᠬᠣᠢᠲᠠᠢ ᠵᠠᠮ ᠢ᠋ᠶ᠋ᠠᠨ ᠦᠵᠡᠬᠦ ᠦᠭᠡᠢ ᠠᠩᠭᠠᠯᠵᠢᠳᠠᠭ ᠨᠢ ᠮᠢᠨᠦ ᠭᠡᠮ ᠪᠠᠢᠵᠤ ᠤᠤ ᠳᠠ! ᠥᠴᠥᠭᠡᠳᠦᠷ ᠰᠥᠨᠢ ᠪᠡᠷ ᠮᠠᠭᠤ ᠯᠦᠳ᠋ ᠢ᠋ ᠱᠣᠷᠣᠩ ᠳ᠋ᠤ᠌ ᠴᠢᠬᠢᠳᠡᠭ ᠦᠭᠡᠢ ᠶᠠᠭᠠᠬᠢᠯ᠎ᠠ! ᠬᠦᠩ ᠨᠣᠶᠠᠨ ᠳ᠋ᠤ᠌ ᠨᠢᠳᠦ ᠪᠡᠷ ᠨᠢ ᠦᠵᠡᠭᠦᠯᠬᠦ ᠭᠡᠵᠦ ᠬᠡᠦᠬᠡᠳ ᠦ᠋ᠨ ᠦᠰ ᠪᠣᠳᠣᠬᠤ ᠥᠴᠦᠬᠡᠨ ᠤᠬᠠᠭᠠᠨ ᠢ᠋ᠶ᠋ᠠᠷ ᠴᠡᠴᠡᠭ ᠬᠠᠲᠤᠨ ᠥᠷᠥᠭᠡᠨ ᠳ᠋ᠦ᠍ ᠨᠢ ᠰᠢᠷᠡᠭᠡᠨ ᠦ᠌ ᠬᠢᠨᠢ ᠨᠢᠷᠤᠭᠤᠨ ᠳ᠋ᠤ᠌ ᠱᠠᠯᠳᠠᠩ ᠬᠦᠯᠢᠵᠦ ᠣᠷᠬᠢᠭᠰᠠᠨ ᠢ᠋ᠶ᠋ᠠᠨ ᠶᠡᠬᠡᠳᠡ ᠮᠡᠷᠭᠡᠨ ᠪᠣᠳᠣᠯᠭ᠎ᠠ ᠭᠡᠵᠦ ᠰᠠᠴᠠᠯᠠᠵᠤ ᠪᠠᠢᠭᠰᠠᠨ ᠮᠢᠨᠢ ᠪᠤᠷᠤᠭᠤᠳᠵᠠᠢ᠃ ᠲᠡᠷᠡ ᠳᠣᠣᠷ᠎ᠠ ᠨᠢ ᠴᠠᠭᠠᠰᠢ ᠪᠠᠨ ᠬᠠᠨᠳᠤᠭᠤᠯᠴᠢᠬᠠᠬᠤ ᠪᠠᠢᠵᠤ ᠳᠠ᠂ ᠲᠡᠭᠡᠭᠰᠡᠨ ᠪᠣᠯ ᠨᠢᠭᠡ ᠯᠡ ᠵᠦᠭ᠁ ᠦᠭᠡᠢ᠂ ᠡᠯᠳᠡᠩᠭᠡ ᠲᠤᠰᠠᠯᠠᠭᠴᠢ ᠭᠡᠵᠦ ᠪᠠᠰᠠ ᠨᠢᠭᠡ ᠵᠦᠭ ᠦ᠋ᠨ ᠲᠩᠷᠢ ᠰᠢᠦ ᠳᠡ! ᠪᠢ ᠲᠡᠭᠦᠨ ᠦ᠌ ᠴᠠᠭᠠᠲᠠᠢ ᠶᠠᠭᠤ ᠪᠠᠷ ᠢ᠋ᠶ᠋ᠠᠨ ᠴᠤ᠌ ᠭᠠᠷᠬᠤ ᠦᠭᠡᠢ᠃ ᠨᠠᠳᠠ ᠠ᠋ᠴᠠ ᠬᠦᠦ ᠶ᠋ᠢᠨ ᠢ᠋ᠶ᠋ᠡᠨ ᠠᠮᠢᠨ ᠬᠡᠷᠡᠭ ᠢ᠋ ᠨᠡᠬᠡᠪᠡᠯ ᠶᠣᠰᠣᠲᠠᠢ ᠥᠪᠡᠷ ᠢ᠋ ᠨᠢ ᠬᠠᠵᠠᠭᠰᠠᠨ ᠰᠢᠮᠠᠭᠤᠯ ᠢ᠋ ᠠᠯᠠᠬᠤ ᠰᠢᠭ᠋ ᠲᠡᠭᠦᠨ ᠦ᠌ ᠨᠢᠭᠡ ᠨᠢᠰᠠᠯᠬᠤ ᠶ᠋ᠢ ᠳᠠᠭᠠᠭᠠᠬᠤ ᠦᠭᠡᠢ ᠰᠢᠦ ᠪᠢ! ᠪᠢ ᠪᠠᠢᠲᠤᠭᠠᠢ᠂ ᠬᠦᠩ ᠨᠣᠶᠠᠨ ᠴᠤ᠌ ᠲᠡᠭᠦᠨ ᠡᠴᠡ ᠬᠡᠳᠦᠨ ᠬᠤᠪᠢ ᠰᠢᠷᠬᠡᠢᠵᠦ᠂ ᠪᠦᠬᠦᠢ ᠶᠠᠪᠤᠳᠠᠯ ᠢ᠋ᠶ᠋ᠠᠨ ᠲᠡᠭᠦᠨ ᠦ᠌ ᠲᠣᠬᠢᠯᠲᠠ ᠪᠠᠷ ᠪᠣᠯᠭᠠᠵᠤ ᠪᠠᠢᠭ᠎ᠠ ᠶᠤᠮ ᠴᠢᠨᠢ᠁ ᠣᠳᠣ ᠡᠨᠳᠡ ᠡᠴᠡ ᠳᠠᠷᠪᠠᠩ ᠳᠠᠷᠪᠠᠩ ᠭᠡᠵᠦ ᠨᠣᠶᠠᠨ ᠰᠠᠩ ᠤ᠋ᠨ ᠵᠤᠰᠠᠭᠠᠯ ᠬᠦᠷᠲᠡᠯ᠎ᠡ ᠠᠯᠢ ᠬᠤᠷᠳᠤᠨ ᠳ᠋ᠠᠭᠠᠨ ᠪᠠᠭ᠎ᠠ ᠦᠳᠡ ᠥᠩᠭᠡᠷᠡᠨ᠎ᠡ᠃ ᠲᠡᠷᠡ ᠦᠶ᠎ᠡ ᠳ᠋ᠦ᠍ ᠣᠯᠠᠨ ᠤ᠋ ᠨᠢᠳᠦ ᠠᠮᠠ ᠶ᠋ᠢ ᠶᠠᠭᠠᠬᠢᠵᠤ ᠪᠥᠭᠯᠡᠳᠡᠭ ᠪᠢᠯᠡ? ᠭᠦᠢᠴᠡᠭᠰᠡᠨ ᠬᠡᠷᠡᠭ ᠠ᠋᠂ ᠲᠦᠮᠡᠨ ᠦ᠌ ᠠᠮᠠ ᠶ᠋ᠢ ᠶᠠᠭᠠᠬᠢᠯᠲᠠᠢ ᠪᠣᠢ᠃ ᠬᠤᠵᠢᠷ ᠳᠣᠯᠢᠶᠠᠭᠰᠠᠨ ᠢᠮᠠᠭ᠎ᠠ ᠰᠢᠭ᠋ ᠳᠤᠷ᠎ᠠ ᠪᠠᠷ ᠲᠤᠷᠭᠢᠬᠤ ᠯᠠ ᠪᠠᠢ ᠯᠠ ᠦᠭᠡᠢ! ᠭᠡᠵᠦ ᠰᠢᠷᠢᠯᠳᠦᠭᠰᠡᠨ ᠣᠯᠣᠰᠣ ᠰᠢᠭ᠋ ᠪᠣᠳᠣᠯ ᠳ᠋ᠤ᠌ ᠪᠣᠭᠣᠭᠳᠠᠨ ᠶᠠᠭᠠᠬᠢᠵᠤ ᠮᠣᠷᠢᠨ ᠤ᠋ ᠪᠠᠨ ᠳᠡᠷᠭᠡᠳᠡ ᠣᠴᠢᠵᠤ ᠴᠤᠯᠪᠤᠭᠤᠷ ᠢ᠋ ᠨᠢ ᠲᠠᠢᠯᠵᠤ ᠮᠣᠷᠳᠠᠭᠰᠠᠨ ᠢ᠋ᠶ᠋ᠠᠨ ᠬᠦᠷᠲᠡᠯ᠎ᠡ ᠮᠡᠳᠡᠭᠰᠡᠨ ᠦᠭᠡᠢ᠃ ᠮᠣᠷᠢᠨ ᠤ᠋ ᠨᠢᠷᠤᠭᠤᠨ ᠳ᠋ᠤ᠌ ᠰᠠᠷᠢᠰᠤᠨ ᠪᠠᠭᠪᠠᠭᠠᠢ ᠰᠠᠭᠤᠭᠰᠠᠨ ᠶᠤᠮ ᠰᠢᠭ᠋ ᠯᠡ ᠰᠦᠨᠡᠰᠦ ᠦᠭᠡᠢ ᠶᠠᠪᠤᠵᠠᠢ᠃ ᠨᠢᠭᠡ ᠮᠡᠳᠡᠬᠦ ᠳ᠋ᠦ᠍ ᠵᠡᠭᠦᠨᠰᠢᠯᠡᠵᠦ ᠭᠡᠶᠦᠷᠡᠭᠡᠳ ᠬᠣᠰᠢᠭᠤ ᠣᠪᠣᠭ᠎ᠠ ᠬᠦᠷᠬᠦ ᠵᠠᠪᠳᠤᠨ《ᠱᠠᠵᠢᠨ ᠪᠠᠳᠠᠷᠠᠭᠤᠯᠤᠭᠴᠢ ᠰᠦᠮ᠎ᠡ 》 ᠶ᠋ᠢᠨ ᠴᠠᠭᠠᠨ ᠰᠤᠪᠤᠷᠭ᠎ᠠ ᠲᠡᠭᠦᠨ ᠦ᠌ ᠨᠢᠳᠦᠨ ᠳ᠋ᠦ᠍ ᠣᠢᠷᠠᠬᠠᠨ ᠬᠠᠷᠠᠭᠳᠠᠵᠠᠢ᠃
ᠢᠩᠭᠢᠵᠦ ᠵᠡᠭᠦᠨᠰᠢᠯᠡᠬᠦ ᠨᠢ ᠪᠤᠷᠤᠭᠤ ᠦᠭᠡᠢ᠃ ᠤᠴᠢᠷ ᠨᠢ ᠡᠨᠡ ᠪᠣᠯ ᠲᠡᠭᠦᠨ ᠦ᠌ ᠵᠥᠪ ᠰᠠᠷᠠᠯ ᠤ᠋ᠨ ᠬᠢᠨᠢ ᠠᠩᠬᠠᠨ ᠤ᠋ ᠲᠤᠰᠬᠠᠯ ᠮᠥᠨ᠃ ᠢᠩᠭᠢᠵᠦ ᠵᠡᠭᠦᠨᠰᠢᠯᠡᠨ《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠮᠠᠨᠢ ᠶ᠋ᠢᠨ ᠬᠤᠷᠠᠯ ᠳ᠋ᠤ᠌ ᠣᠴᠢᠬᠤ ᠵᠥᠪ ᠴᠢᠭᠯᠡᠯ ᠢ᠋ ᠲᠡᠭᠦᠨ ᠦ᠌ ᠠᠯᠠᠨ ᠳ᠋ᠤ᠌ ᠵᠠᠬᠢᠷᠤᠭᠳᠠᠵᠤ ᠪᠠᠢᠭ᠎ᠠ ᠤᠬᠠᠭᠠᠨ ᠮᠠᠲᠠᠯ ᠦᠭᠡᠢ ᠠᠳᠤᠭᠤᠰᠤ ᠠᠮᠢᠲᠠᠨ ᠬᠦᠷᠲᠡᠯ᠎ᠡ ᠠᠨᠳᠠᠬᠤ ᠦᠭᠡᠢ ᠮᠡᠳᠡᠵᠦ ᠪᠠᠢᠭ᠎ᠠ ᠶᠤᠮ ᠴᠢᠨᠢ᠃ ᠵᠥᠪᠬᠡᠨ ᠲᠡᠭᠦᠨ ᠦ᠌ ᠬᠡᠪ ᠦ᠋ᠨ ᠪᠠᠢᠳᠠᠯ ᠨᠢ ᠠᠯᠳᠠᠵᠤ ᠬᠡᠷᠡᠭ ᠪᠢᠰᠢᠳᠡᠵᠦ ᠯᠡ ᠪᠠᠢᠭ᠎ᠠ ᠠ᠋ᠴᠠ ᠪᠢᠰᠢ ᠨᠠᠷᠠ ᠤᠷᠭᠤᠳᠠᠭ ᠢ᠋ᠶ᠋ᠠᠨ ᠤᠷᠭᠤᠵᠤ᠂ ᠰᠢᠩᠭᠡᠬᠦ ᠳ᠋ᠡᠭᠡᠨ ᠰᠢᠩᠭᠡᠨ᠎ᠡ᠃
ᠭᠡᠨᠡᠳᠲᠡ ᠲᠡᠷᠡ ᠪᠠᠷᠠᠭᠤᠨ ᠡᠮᠦᠨᠡᠰᠢᠯᠡᠬᠦ ᠪᠠᠢᠭᠰᠠᠨ ᠢ᠋ᠶ᠋ᠠᠨ ᠵᠦᠭ ᠢ᠋ᠶ᠋ᠡᠨ ᠠᠯᠳᠠᠵᠤ ᠵᠡᠭᠦᠨᠰᠢᠯᠡᠭᠡᠳ ᠭᠣᠢᠭᠣᠷᠴᠤ ᠶᠠᠪᠤᠭᠰᠠᠨ ᠢ᠋ᠶ᠋ᠠᠨ ᠮᠡᠳᠡᠵᠦ ᠪᠠᠢᠳᠠᠭ ᠪᠤᠷᠤᠭᠤ ᠪᠠᠨ ᠮᠣᠷᠢᠨ ᠳ᠋ᠠᠭᠠᠨ ᠲᠦᠯᠬᠢᠵᠦ ᠪᠥᠭᠰᠡ ᠲᠣᠯᠣᠭᠠᠢ ᠦᠭᠡᠢ ᠭᠤᠶᠠᠳᠠᠯᠠᠵᠦ ᠳᠤᠨᠳᠠᠭᠤᠷ ᠡᠳᠦᠷ ᠦ᠋ᠨ ᠵᠠᠮ ᠢ᠋ᠶ᠋ᠠᠨ ᠪᠤᠴᠠᠭᠠᠨ ᠡᠪᠬᠡᠬᠦ ᠭᠡᠵᠦ ᠵᠢᠯᠣᠭᠣ ᠡᠷᠭᠢᠭᠦᠯᠵᠦ ᠳᠠᠪᠢᠷᠠᠭᠤᠯᠤᠨᠠ᠃
ᠭᠡᠨᠡᠳᠲᠡ ᠬᠠᠷᠠᠪᠠᠯ ᠵᠠᠮ ᠤ᠋ᠨ ᠭᠣᠣᠯ ᠳ᠋ᠤ᠌ ᠰᠢᠷ᠎ᠠ ᠲᠣᠭᠣᠰᠣ ᠮᠠᠨᠠᠷᠠᠵᠤ ᠨᠢᠭᠡᠨ ᠴᠤᠪᠤᠭ᠎ᠠ ᠲᠡᠷᠭᠡ ᠬᠥᠰᠬᠡ᠂ ᠮᠣᠷᠢᠲᠠᠳ ᠬᠥᠭᠯᠡᠷᠡᠵᠦ ᠠᠢᠰᠤᠢ᠃ ᠬᠦᠩ ᠨᠣᠶᠠᠨᠲᠠᠨ ᠨᠠᠷ《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠮᠠᠨᠢ ᠶ᠋ᠢᠨ ᠬᠤᠷᠠᠯ ᠳ᠋ᠤ᠌ ᠮᠣᠷᠢᠯᠠᠵᠤ ᠶᠠᠪᠤᠭ᠎ᠠ ᠨᠢ ᠡᠨᠡ ᠪᠠᠢᠵᠠᠢ᠃ ᠦᠯᠵᠡᠢᠰᠠᠩ ᠠᠷᠭ᠎ᠠ ᠪᠤᠶᠤ ᠮᠣᠷᠢᠨ ᠠ᠋ᠴᠠ ᠪᠠᠭᠤᠵᠤ ᠮᠠᠯᠠᠭᠠᠢ ᠪᠠᠨ ᠠᠪᠵᠤ ᠡᠨᠡ ᠬᠦ᠌ ᠰᠦᠷᠲᠦ ᠡᠩᠨᠡᠭᠡ ᠶ᠋ᠢ ᠥᠩᠭᠡᠷᠡᠭᠡᠬᠦ ᠭᠡᠵᠦ ᠲᠥᠪ ᠵᠣᠭᠰᠣᠪᠠ᠃
— ᠢᠮᠠᠭᠠᠨ ᠳᠠᠭᠤᠲᠤ ᠶᠠᠭᠠᠬᠢᠭᠠᠳ ᠡᠨᠳᠡ ᠭᠣᠵᠣᠢᠵᠤ ᠪᠠᠢᠳᠠᠭ ᠪᠢᠯᠡ?
—《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠭᠣᠨᠢᠷ ᠳᠣᠨᠢᠷ ᠲᠤ ᠬᠡᠯᠡ ᠴᠢᠮᠡᠭᠡ ᠬᠦᠷᠭᠡᠵᠦ ᠤᠭᠲᠤᠭᠤᠯ ᠤ᠋ᠨ ᠠᠵᠢᠯ ᠳ᠋ᠤ᠌ ᠶᠠᠭᠠᠷᠠᠭ᠎ᠠ ᠪᠠᠢ ᠯᠠ ᠦᠭᠡᠢ!
— ᠦᠭᠡᠢ ᠠ᠋᠂ ᠲᠠᠬᠠᠷ ᠭᠦᠶᠦᠯᠭᠡᠭᠰᠡᠨ ᠪᠠᠢᠬᠤ ᠶᠣᠰᠣᠲᠠᠢ᠁ ᠭᠡᠵᠦ ᠬᠦᠩ ᠨᠣᠶᠠᠨ ᠳ᠋ᠤ᠌ ᠪᠠᠷ᠎ᠠ ᠪᠣᠯᠵᠤ ᠵᠢᠭᠰᠠᠭᠠᠯ ᠳ᠋ᠤ᠌ ᠶᠠᠪᠤᠭ᠎ᠠ ᠬᠥᠮᠦᠰ ᠲᠡᠭᠦᠨ ᠦ᠌ ᠬᠠᠵᠠᠭᠤ ᠪᠠᠷ ᠥᠩᠭᠡᠷᠡᠬᠦ ᠳ᠋ᠡᠭᠡᠨ ᠡᠯᠳᠡᠪ ᠢ᠋ᠶ᠋ᠡᠷ ᠲᠠᠭᠠᠮᠠᠭᠯᠠᠪᠠᠴᠤ ᠵᠥᠪ ᠬᠠᠷᠢᠭᠤᠯᠲᠠ ᠣᠯᠤᠭᠰᠠᠨ ᠦᠭᠡᠢ ᠥᠩᠭᠡᠷᠡᠵᠦ ᠶᠠᠪᠤᠵᠠᠭᠠᠨ᠎ᠠ᠃
ᠡᠯᠳᠡᠩᠭᠡ ᠲᠤᠰᠠᠯᠠᠭᠴᠢ ᠭᠡᠨᠡᠳᠲᠡ ᠶᠠᠭᠤ ᠰᠠᠨᠠᠵᠤ ᠣᠯᠤᠭᠰᠠᠨ ᠢ᠋ ᠪᠤᠤ ᠮᠡᠳᠡ ᠣᠯᠠᠨ ᠤ᠋ ᠳᠤᠮᠳᠠ ᠠ᠋ᠴᠠ ᠰᠤᠭᠤᠷᠠᠵᠤ ᠭᠠᠷᠤᠨ ᠮᠣᠷᠢᠨ ᠤ᠋ ᠵᠢᠯᠣᠭᠣ ᠶ᠋ᠢ ᠡᠪᠬᠡᠨ ᠦᠯᠵᠡᠢᠰᠠᠩ ᠤ᠋ᠨ ᠬᠥᠯᠥᠰᠥᠨ ᠳ᠋ᠦ᠍ ᠵᠤᠩᠭᠠᠷᠠᠯᠳᠤᠵᠤ ᠶᠠᠳᠠᠭᠰᠠᠨ ᠮᠣᠷᠢ ᠶ᠋ᠢ ᠰᠢᠷᠪᠢᠭᠡᠳ《ᠡᠨᠡ ᠢᠮᠠᠭᠠᠨ ᠳᠠᠭᠤᠲᠤ ᠶᠠᠭᠤ ᠭᠡᠵᠦ ᠡᠨᠳᠡ ᠪᠢᠳᠡᠨᠦᠰ ᠲᠡᠢ ᠵᠠᠮ ᠰᠥᠷᠵᠦ ᠶᠠᠪᠤᠭ᠎ᠠ ᠪᠣᠢ? ᠪᠠᠰᠠ ᠠᠯᠢ ᠮᠠᠭᠤ ᠰᠢᠷᠪᠥᠰᠥ ᠨᠢ ᠲᠠᠲᠠᠯᠳᠤᠵᠤ ᠶᠠᠪᠤᠭ᠎ᠠ ᠶᠤᠮ ᠪᠣᠯ?》 ᠭᠡᠵᠦ ᠪᠣᠳᠣᠭᠠᠳ ᠦᠭᠡ ᠠᠰᠠᠭᠤᠬᠤ ᠭᠡᠰᠡᠨ ᠢ᠋ᠶ᠋ᠡᠨ ᠪᠣᠯᠢᠭᠠᠳ ᠲᠡᠭᠦᠨ ᠢ᠋ ᠰᠢᠷᠦᠭᠦᠨ ᠬᠠᠷᠠᠴᠠ ᠪᠠᠷ ᠬᠠᠷᠠᠨ ᠮᠣᠷᠢ ᠪᠠᠨ ᠳᠠᠪᠢᠷᠠᠵᠤ ᠵᠢᠭᠰᠠᠭᠠᠯ ᠤ᠋ᠨ ᠬᠣᠢᠨ᠎ᠠ ᠠ᠋ᠴᠠ ᠰᠠᠢᠪᠤᠷᠯᠠᠭᠤᠯᠪᠠ᠃ ᠦᠯᠵᠡᠢᠰᠠᠩ᠂ ᠡᠯᠳᠡᠩᠭᠡ ᠶ᠋ᠢᠨ ᠪᠠᠷ᠎ᠠ ᠶ᠋ᠢ ᠬᠠᠷᠠᠭᠠᠳ ᠥᠮᠥᠳᠥᠨ ᠳ᠋ᠡᠭᠡᠨ ᠰᠢᠭᠡᠰᠦ ᠳᠤᠰᠤᠭᠠᠵᠦ ᠡᠪᠦᠳᠦᠭ ᠢ᠋ᠶ᠋ᠡᠷ ᠢ᠋ᠶ᠋ᠡᠨ ᠴᠡᠴᠡᠷᠡᠵᠡᠢ᠃
《ᠡᠨᠡ ᠮᠠᠭᠤ ᠳᠠᠮᠰᠢᠭ ᠠᠷᠠᠢ ᠴᠤ᠌ ᠮᠠᠨᠴᠤᠷᠭ᠎ᠠ ᠶ᠋ᠢᠨ ᠤᠴᠢᠷ ᠲᠤ ᠮᠠᠭᠤ ᠰᠢᠭᠠᠵᠤ ᠶᠠᠪᠤᠭ᠎ᠠ ᠪᠢᠰᠢ ᠪᠢᠵᠡ? ᠥᠴᠥᠭᠡᠳᠦᠷ ᠰᠥᠨᠢ ᠡᠴᠡ ᠠᠪᠤᠭᠠᠳ ᠥᠨᠥ ᠥᠷᠯᠥᠭᠡ ᠴᠠᠢᠯᠠᠲᠠᠯᠠ ᠪᠠᠷ᠎ᠠ ᠨᠢ ᠬᠠᠷᠠᠭᠳᠠᠭᠰᠠᠨ ᠦᠭᠡᠢ ᠰᠢᠦ ᠳᠡ᠃ ᠠᠷᠠᠢ ᠮᠠᠨᠴᠤᠷᠭ᠎ᠠ᠂ ᠴᠡᠴᠡᠭ ᠬᠠᠲᠤᠨ ᠲᠠᠢ ᠶᠠᠭᠠᠬᠢᠯ᠎ᠠ ᠡᠢᠯ᠎ᠡ ᠭᠡᠳᠡᠭ ᠲᠦ᠍ ᠬᠡᠷᠡᠭ ᠯᠡᠪᠡᠷᠡᠵᠦ ᠶᠠᠭᠤᠮ᠎ᠠ ᠪᠤᠷᠤᠭᠤ ᠲᠠᠢᠰᠢ ᠡᠷᠭᠢᠭᠰᠡᠨ ᠦᠭᠡᠢ ᠪᠢᠵᠡ? ᠴᠡᠴᠡᠭ ᠬᠠᠲᠤᠨ ᠳᠠᠪᠬᠤᠷ ᠪᠣᠯᠴᠢᠬᠠᠯ᠎ᠠ ᠭᠡᠰᠡᠨ(ᠪᠠᠶᠠᠷᠲᠤ) ᠴᠢᠮᠡᠭᠡ ᠶ᠋ᠢ ᠰᠣᠨᠣᠰᠤᠶ᠎ᠠ ᠭᠡᠵᠦ ᠤᠳᠠᠭᠰᠠᠨ ᠳ᠋ᠠᠭᠠᠨ ᠡᠯᠳᠡᠩᠭᠡ ᠲᠤᠰᠠᠯᠠᠭᠴᠢ ᠡᠨᠡ ᠲᠤᠬᠠᠢ ᠰᠠᠨᠠᠭᠠᠰᠢᠷᠠᠬᠤ ᠦᠭᠡᠢ ᠪᠠᠢᠬᠤ ᠶ᠋ᠢᠨ ᠠᠷᠭ᠎ᠠ ᠦᠭᠡᠢ ᠪᠠᠢᠪᠠ᠃ ᠬᠡᠷᠪᠡ ᠪᠤᠷᠤᠭᠤ ᠲᠠᠢᠰᠢ ᠪᠠᠨ ᠡᠷᠭᠢᠭᠰᠡᠨ ᠪᠣᠯ ᠪᠠᠷᠠᠭᠰᠠᠨ᠁》 ᠭᠡᠵᠦ ᠪᠣᠳᠣᠨ ᠥᠷᠯᠥᠭᠡ ᠴᠡᠢᠯᠡᠵᠦ ᠪᠠᠷᠠᠭᠠᠳ ᠮᠣᠷᠳᠠᠬᠤ ᠳ᠋ᠤ᠌ ᠬᠦᠩ ᠨᠣᠶᠠᠨ ᠤ᠋ ᠴᠢᠷᠠᠢ ᠪᠠᠷᠤᠭᠠᠷ ᠪᠠᠢᠭᠰᠠᠨ ᠢ᠋ ᠰᠠᠨᠠᠵᠤ᠂ ᠭᠡᠨᠡᠳᠲᠡ ᠲᠣᠯᠣᠭᠠᠢ ᠨᠢ ᠡᠪᠡᠳᠬᠦ ᠰᠢᠭ ᠮᠠᠭᠤ ᠰᠤᠪᠢᠨ ᠲᠥᠷᠥᠭᠳᠡᠪᠡ᠃
ᠲᠦᠳᠡᠯ ᠦᠭᠡᠢ ᠶᠠᠪᠤᠨ ᠶᠠᠪᠤᠭᠰᠠᠭᠠᠷ ᠬᠣᠰᠢᠭᠤ ᠣᠪᠣᠭ᠎ᠠ ᠬᠦᠷᠪᠡ᠃ ᠬᠥᠮᠦᠰ ᠲᠡᠷᠭᠡ ᠤᠨᠤᠭᠠᠨ ᠠ᠋ᠴᠠ ᠪᠠᠨ ᠪᠠᠭᠤᠵᠤ ᠣᠪᠣᠭᠠᠨ ᠳ᠋ᠤ᠌ ᠴᠢᠯᠠᠭᠤ ᠨᠡᠮᠡᠵᠦ᠂ ᠲᠠᠬᠢᠯ ᠥᠭᠯᠢᠭᠡ ᠲᠠᠯᠪᠢᠨ ᠣᠪᠣᠭ᠎ᠠ ᠡᠷᠭᠢᠵᠦ ᠶᠠᠪᠤᠬᠤ ᠳ᠋ᠠᠭᠠᠨ ᠡᠯᠳᠡᠩᠭᠡ ᠲᠤᠰᠠᠯᠠᠭᠴᠢ ᠵᠣᠷᠢᠭᠤᠳᠠ ᠬᠦᠩ ᠨᠣᠶᠠᠨ ᠤ᠋ ᠳᠡᠷᠭᠡᠳᠡ ᠣᠴᠢᠵᠤ᠄
— ᠥᠨᠥᠳᠥᠷ ᠲᠩᠷᠢ ᠰᠠᠢᠬᠠᠨ ᠪᠠᠢᠨ᠎ᠠ ᠳᠠ! ᠭᠡᠵᠦ ᠠᠮᠠᠨ ᠵᠠᠪᠠᠵᠢ ᠶ᠋ᠢ ᠨᠢ ᠲᠡᠩᠰᠡᠬᠦ ᠰᠠᠨᠠᠭ᠎ᠠ ᠲᠠᠢ ᠬᠡᠯᠡᠪᠡᠯ ᠨᠣᠶᠠᠨᠲᠠᠨ᠄
— ᠬᠡᠩ! ᠲᠩᠷᠢ ᠶ᠋ᠢᠨ ᠶᠠᠪᠤᠳᠠᠯ ᠢ᠋ ᠬᠡᠨ ᠬᠡᠯᠡᠵᠦ ᠮᠡᠳᠡᠬᠦ ᠪᠣᠢ᠃ ᠰᠠᠢᠬᠠᠨ ᠨᠢ ᠴᠤ᠌ ᠰᠠᠢᠬᠠᠨ ᠯᠠ ᠪᠠᠢᠨ᠎ᠠ᠃ ᠮᠠᠷᠭᠠᠲᠤᠷ ᠠ᠋ᠴᠠ ᠡᠭᠦᠯᠡ ᠭᠠᠷᠴᠤ ᠲᠣᠭᠣᠰᠣ ᠪᠤᠵᠢᠭᠢᠨᠠᠬᠤ ᠴᠤ᠌ ᠮᠠᠭᠠᠳ ᠦᠭᠡᠢ ᠭᠡᠳ ᠬᠡᠭᠵᠢᠭᠦᠨ ᠳᠤᠤᠭᠠᠷᠴᠤ ᠪᠠᠷᠠᠭᠤᠨ ᠬᠣᠢᠲᠤ ᠵᠦᠭ ᠦ᠋ᠨ ᠲᠩᠷᠢ ᠶ᠋ᠢ ᠬᠠᠷᠠᠨ᠎ᠠ᠃
ᠬᠦᠩ ᠨᠣᠶᠠᠨ ᠤ᠋ ᠪᠠᠷᠠᠯᠠᠭᠰᠠᠨ ᠵᠦᠭ ᠲᠦ᠍ ᠬᠥᠮᠦᠰ ᠬᠠᠷᠠᠴᠠ ᠰᠢᠯᠵᠢᠭᠦᠯᠪᠡᠯ ᠬᠢᠮᠤᠰᠤᠨ ᠴᠢᠨᠡᠭᠡ ᠴᠤ᠌ ᠡᠭᠦᠯᠡ ᠦᠭᠡᠢ ᠴᠡᠯᠮᠡᠭ᠃ ᠲᠡᠷᠲᠡᠭᠡ ᠠᠭᠤᠯᠠ ᠲᠤᠯᠤᠭᠠᠳ ᠠ᠋ᠴᠠ ᠣᠨᠴᠠᠯᠠᠨ ᠴᠣᠷᠣᠢᠬᠤ ᠮᠤᠨᠠ ᠶ᠋ᠢᠨ ᠰᠢᠷ᠎ᠠ ᠣᠷᠣᠢ ᠰᠦᠷᠯᠢᠭ ᠵᠠᠩᠵᠤᠨ ᠤ᠋ ᠨᠠᠮᠪᠠᠭᠠᠲᠠᠢ ᠰᠦᠪᠡᠭᠡ ᠲᠤᠯᠤᠨ ᠵᠣᠭᠰᠣᠬᠤ ᠰᠢᠭ᠋ ᠬᠠᠨᠠᠢᠨ ᠰᠦᠮᠪᠦᠷᠯᠡᠨᠡ᠃
ᠬᠠᠨ ᠮᠤᠨᠠ ᠶ᠋ᠢᠨ ᠰᠢᠷ᠎ᠠ ᠣᠷᠣᠢ ᠳ᠋ᠤ᠌ ᠡᠭᠦᠯᠡ ᠴᠤ᠌ ᠦᠭᠡᠢ᠂ ᠬᠣᠰᠢᠭᠤ ᠣᠪᠣᠭᠠᠨ ᠤ᠋ ᠰᠦᠯᠳᠡ ᠶ᠋ᠢᠨ ᠬᠡᠢ ᠮᠣᠷᠢ ᠳᠠᠷᠴᠤᠭ ᠢ᠋ ᠬᠤᠷᠤᠯᠵᠠᠭᠤᠯᠬᠤ ᠵᠢᠪᠠᠷ ᠴᠤ᠌ ᠦᠭᠡᠢ ᠪᠠᠢᠲᠠᠯ᠎ᠠ《ᠮᠠᠷᠭᠠᠲᠤᠷ ᠠ᠋ᠴᠠ ᠡᠭᠦᠯᠡ ᠭᠠᠷᠴᠤ ᠲᠣᠭᠣᠰᠣ ᠪᠤᠵᠢᠭᠢᠨᠠᠬᠤ》 ᠭᠡᠵᠦ ᠬᠦᠩ ᠨᠣᠶᠠᠨ ᠤ᠋ ᠬᠡᠯᠡᠭᠰᠡᠨ ᠦᠭᠡ ᠪᠠ ᠴᠢᠷᠠᠢ ᠶ᠋ᠢᠨ ᠥᠩᠭᠡ ᠡᠴᠡ《ᠬᠡᠷᠡᠭ ᠮᠠᠭᠤ ᠪᠣᠯᠵᠠᠢ ᠠ᠋᠂ ᠨᠢᠭᠡ ᠤᠳᠠᠭᠠᠨ ᠤ᠋ ᠴᠢᠰᠤᠲᠤ ᠲᠡᠮᠡᠴᠡᠭᠡᠨ ᠡᠭᠦᠰᠦᠨ᠎ᠡ》 ᠭᠡᠵᠦ ᠠᠵᠢᠭ ᠮᠡᠳᠡᠭᠰᠡᠨ ᠡᠯᠳᠡᠩᠭᠡ ᠶ᠋ᠢᠨ ᠴᠢᠷᠠᠢ ᠳ᠋ᠤ᠌ ᠡᠭᠦᠯᠡ ᠪᠦᠷᠬᠦᠪᠡ᠃
ᠡᠯᠳᠡᠩᠭᠡ ᠬᠣᠰᠢᠭᠤ ᠣᠪᠣᠭᠠᠨ ᠳ᠋ᠤ᠌ ᠴᠡᠩᠬᠡᠷ ᠬᠠᠳᠠᠭ ᠡᠷᠭᠦᠵᠦ ᠡᠪᠦᠷ ᠡᠴᠡ ᠪᠡᠨ ᠨᠢᠭᠡ ᠯᠣᠩᠬᠣ ᠰᠢᠷ᠎ᠠ ᠲᠣᠰᠣ ᠭᠠᠷᠭᠠᠵᠤ ᠲᠠᠭ ᠢ᠋ ᠨᠢ ᠵᠠᠳᠠᠯᠤᠨ ᠣᠪᠣᠭᠠᠨ ᠤ᠋ ᠴᠣᠮᠴᠣᠭ ᠤ᠋ᠨ ᠬᠥᠬᠡ ᠴᠢᠯᠠᠭᠤ ᠶ᠋ᠢ ᠢᠳᠠᠮ ᠬᠤᠷᠤᠭᠤ ᠪᠠᠷ ᠮᠢᠯᠢᠶᠠᠵᠤ《ᠬᠠᠨ ᠮᠤᠨᠠ ᠰᠠᠬᠢᠭᠤᠰᠤ ᠮᠢᠨᠢ ᠠ᠋! ᠥᠴᠦᠬᠡᠨ ᠨᠠᠮᠠᠶ᠋ᠢ ᠢᠪᠡᠭᠡᠯ ᠳ᠋ᠡᠭᠡᠨ ᠪᠠᠭᠲᠠᠭᠠᠵᠤ ᠦᠷᠬᠦᠢ ᠡᠨᠡᠷᠢᠵᠦ ᠪᠠᠢᠭᠠᠷᠠᠢ! ᠣᠸᠮ ᠮᠠ ᠨᠢ ᠪᠠᠳ ᠮᠠᠢ ᠬᠣᠩ!》 ᠭᠡᠵᠦ ᠨᠠᠮᠠᠨᠴᠢᠯᠠᠭᠠᠳ ᠬᠣᠰᠢᠭᠤ ᠣᠪᠣᠭ᠎ᠠ ᠶ᠋ᠢ ᠨᠠᠷᠠᠨ ᠵᠥᠪ ᠭᠤᠷᠪᠠᠨᠲᠠ ᠡᠷᠭᠢᠭᠡᠳ ᠲᠡᠷᠲᠡᠭᠡ ᠴᠣᠮᠣᠭᠠᠲᠠᠢ ᠮᠣᠷᠢ ᠪᠠᠨ ᠲᠠᠢᠯᠵᠤ ᠬᠥᠲᠥᠯᠦᠭᠡᠳ ᠮᠠᠨᠢ ᠶ᠋ᠢᠨ ᠬᠤᠷᠠᠯ ᠢ᠋ ᠵᠣᠷᠢᠭᠰᠠᠨ ᠲᠡᠷᠭᠡ ᠬᠥᠰᠬᠡ ᠶ᠋ᠢᠨ ᠬᠣᠢᠨ᠎ᠠ ᠠ᠋ᠴᠠ ᠪᠣᠳᠣᠯᠭᠠᠰᠢᠷᠠᠨ ᠠᠯᠬᠤᠵᠠᠢ᠃
ᠲᠡᠷᠡ ᠪᠡᠷ ᠣᠪᠣᠭᠠᠨ ᠤ᠋ ᠴᠡᠭᠡᠷ ᠦ᠋ᠨ ᠵᠠᠢᠴᠠ ᠠ᠋ᠴᠠ ᠭᠠᠷᠴᠤ ᠮᠣᠷᠢᠨ ᠳ᠋ᠠᠭᠠᠨ ᠮᠣᠷᠳᠠᠬᠤ ᠭᠡᠲᠡᠯ᠎ᠡ ᠬᠠᠮᠢᠭ᠎ᠠ ᠨᠢᠭᠡ ᠭᠠᠵᠠᠷ ᠠ᠋ᠴᠠ ᠵᠢᠪᠠᠷ ᠬᠤᠢᠰᠠᠭᠠᠨᠠᠨ《ᠡᠯᠳᠡᠩᠭᠡ ᠠ᠋᠂ ᠴᠢ ᠰᠣᠨᠣᠰᠴᠤ ᠪᠠᠢ᠂ ᠬᠣᠰᠢᠭᠤ ᠣᠪᠣᠭ᠎ᠠ᠂ ᠨᠤᠲᠤᠭ ᠤ᠋ᠨ ᠰᠠᠬᠢᠭᠤᠰᠤ ᠳ᠋ᠠᠭᠠᠨ ᠮᠥᠷᠭᠥᠵᠦ᠂ ᠲᠠᠬᠢᠮᠳᠠᠭᠤ ᠳᠡᠭᠡᠳᠦᠯᠡᠵᠦ ᠶᠠᠪᠤᠭᠠᠷᠠᠢ! ᠨᠤᠲᠤᠭ ᠤᠰᠤ ᠪᠠᠨ ᠭᠤᠲᠤᠭᠠᠵᠤ᠂ ᠨᠠᠪᠳᠠᠭ ᠰᠠᠪᠳᠠᠭ ᠢ᠋ ᠨᠢ ᠭᠣᠮᠣᠳᠠᠭᠠᠪᠠᠯ ᠤᠳᠤᠮ ᠤᠭᠰᠠᠭ᠎ᠠ ᠴᠢᠨᠢ ᠲᠠᠰᠤᠷᠠᠵᠤ᠂ ᠤᠷᠠᠳ ᠤ᠋ᠨ ᠬᠣᠰᠢᠭᠤ ᠴᠢᠨᠢ ᠤᠷᠤᠭᠤᠳᠠᠵᠤ ᠳᠣᠷᠣᠢᠲᠠᠨ᠎ᠠ ᠳᠠ! ᠤᠭᠰᠠᠭ᠎ᠠ ᠶᠠᠰᠤᠲᠠᠨ ᠢ᠋ᠶ᠋ᠠᠨ ᠭᠤᠲᠤᠭᠠᠵᠤ ᠨᠤᠲᠤᠭ ᠭᠣᠯᠣᠮᠲᠠ ᠪᠠᠨ ᠬᠠᠢᠷᠠᠯᠠᠭᠤᠯᠬᠤ ᠭᠡᠳᠡᠭ ᠶᠠᠪᠤᠳᠠᠯ᠂ ᠡᠨᠡ ᠬᠣᠷᠸ᠎ᠠ ᠶ᠋ᠢᠨ ᠢᠴᠢᠭᠦᠷᠢ!》 ᠭᠡᠵᠦ ᠴᠢᠬᠢᠨ ᠳ᠋ᠦ᠍ᠨᠢ ᠨᠢᠭᠡ ᠬᠥᠮᠦᠨ ᠰᠢᠪᠡᠨᠡᠬᠦ ᠮᠡᠲᠦ ᠪᠣᠯᠬᠤ ᠳ᠋ᠤ᠌ ᠡᠯᠳᠡᠩᠭᠡ ᠪᠣᠳᠣᠯ ᠬᠦᠨᠳᠦᠷᠡᠨ ᠲᠡᠳᠡᠨᠦᠰ ᠦ᠋ᠨ ᠢ᠋ᠶ᠋ᠡᠨ ᠠᠷᠤ ᠠ᠋ᠴᠠ ᠬᠤᠷᠳᠤᠯᠠᠪᠠ᠃
ᠡᠯᠳᠡᠩᠭᠡ ᠡᠮᠦᠨᠡᠬᠢ ᠬᠥᠮᠦᠰ ᠢ᠋ᠶ᠋ᠡᠨ ᠬᠥᠭᠡᠭᠡᠵᠦ ᠭᠦᠢᠴᠡᠬᠦ ᠠᠶᠠᠳᠠᠭᠠᠳ ᠪᠤᠷᠤᠭᠤ ᠲᠠᠯ᠎ᠠ ᠪᠠᠷ ᠢ᠋ᠶ᠋ᠠᠨ ᠡᠷᠭᠢᠵᠦ ᠬᠠᠷᠠᠪᠠᠯ ᠦᠯᠵᠡᠢᠰᠠᠩ ᠬᠠᠷᠢᠨ ᠲᠡᠷᠡ ᠬᠣᠯᠠ ᠪᠠᠷᠠᠭᠤᠨᠲᠠᠢ ᠲᠣᠭᠣᠰᠣᠨ ᠪᠥᠮᠪᠥᠭᠡ ᠪᠣᠯᠵᠤ ᠴᠠᠭᠠᠰᠢᠯᠠᠬᠤ ᠬᠠᠷᠠᠭᠳᠠᠨ᠎ᠠ᠁
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
