ᠬᠠᠢᠷ᠎ᠠ ᠶ᠋ᠢᠨ ᠬᠠᠪᠤᠷ- ᠭ· ᠴᠢᠩᠪᠠᠭᠠᠲᠤᠷХайрын хавар-Г·Чинбаатар ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠶ᠋ᠢᠨ ᠬᠠᠪᠤᠷ- ᠭ· ᠴᠢᠩᠪᠠᠭᠠᠲᠤᠷХайрын хавар-Г·Чинбаатар

ᠬᠠᠢᠷ᠎ᠠ ᠶ᠋ᠢᠨ ᠬᠠᠪᠤᠷ- ᠭ· ᠴᠢᠩᠪᠠᠭᠠᠲᠤᠷХайрын хавар-Г·Чинбаатар

2024-06-25

359

ᠬᠠᠢᠷ᠎ᠠ ᠶ᠋ᠢᠨ ᠬᠠᠪᠤᠷ

           ᠭ᠂ ᠴᠢᠩᠪᠠᠭᠠᠲᠤᠷ
        ᠠᠵᠢᠯ ᠳ᠋ᠤ᠌ ᠭᠠᠷᠤᠭᠰᠠᠨ ᠤ᠋ ᠳᠠᠷᠠᠭᠠᠬᠠᠨ ᠪᠠᠢᠭᠰᠠᠨ ᠰᠠᠨ᠃ ᠰᠢᠨ᠎ᠡ ᠣᠷᠴᠢᠨ ᠳ᠋ᠠᠭᠠᠨ ᠳᠠᠳᠴᠤ ᠡᠬᠢᠯᠡᠭᠰᠡᠨ ᠪᠣᠯᠪᠠᠴᠤ ᠦᠶ᠎ᠡ ᠳᠠᠩ ᠤ᠋ᠨ ᠬᠥᠮᠦᠨ ᠴᠥᠭᠡᠨ ᠲᠡᠢ᠂ ᠲᠡᠷᠡ ᠮᠥᠷᠲᠡᠭᠡᠨ ᠰᠤᠷᠭᠠᠭᠤᠯᠢ ᠶ᠋ᠢᠨ ᠬᠦᠷᠢᠶᠡᠨ ᠳ᠋ᠡᠬᠢ ᠲᠣᠮᠣᠭ᠎ᠠ ᠦᠭᠡᠢ ᠦᠶ᠎ᠡ ᠮᠢᠨᠢ ᠥᠩᠭᠡᠷᠡᠭᠰᠡᠨ ᠪᠣᠯᠬᠣᠷ ᠠᠯᠪᠠᠨ ᠪᠠᠢᠭᠤᠯᠭ᠎ᠠ ᠳ᠋ᠤ᠌ ᠠᠵᠢᠯᠯᠠᠨ᠎ᠠ ᠭᠡᠳᠡᠭ ᠭᠠᠭᠴᠠᠭᠠᠷᠳᠠᠯ ᠲᠠᠢ ᠰᠠᠨᠠᠭᠳᠠᠵᠤ ᠪᠠᠢᠭᠰᠠᠨ ᠳᠠ᠃ ᠬᠠᠷᠢᠨ ᠠᠵᠢᠯ ᠤ᠋ᠨ ᠡᠷᠬᠡ ᠪᠡᠷ ᠰᠤᠷᠪᠤᠯᠵᠢᠯᠠᠭ᠎ᠠ ᠠᠪᠬᠤ ᠶᠤᠮ ᠭᠡᠳ ᠬᠥᠬᠡᠬᠣᠲᠠ ᠶ᠋ᠢᠨ ᠵᠡᠭᠡᠯᠢ ᠪᠡᠷ ᠳᠠᠪᠬᠢᠳᠠᠭ ᠯᠠ ᠪᠠᠢᠭᠰᠠᠨ ᠮᠢᠨᠢ ᠶᠠᠭᠤ ᠶᠠᠭᠤᠨ ᠠ᠋ᠴᠠ ᠴᠤ᠌ ᠢᠯᠡᠭᠦᠦ ᠠᠵᠠ ᠪᠠᠢᠭᠰᠠᠨ ᠪᠣᠯᠪᠠ ᠤᠤ!
        ᠲᠡᠷᠡ ᠵᠢᠯ ᠦ᠋ᠨ ᠡᠪᠦᠯ ᠦ᠋ᠨ ᠰᠡᠭᠦᠯᠴᠢ ᠡᠳᠦᠷ ᠦ᠋ᠳ ᠨᠠᠳᠠ ᠲᠣᠳᠣ ᠠ᠋ᠴᠠ ᠲᠣᠳᠣ ᠰᠠᠨᠠᠭᠳᠠᠵᠤ ᠪᠠᠢᠨ᠎ᠠ᠃ ᠰᠢᠨᠡᠬᠡᠨ ᠨᠡᠭᠡᠭᠡᠭᠰᠡᠨ ᠨᠣᠮ ᠤ᠋ᠨ ᠳᠡᠯᠭᠡᠭᠦᠷ ᠦ᠋ᠨ ᠡᠭᠦᠳᠡ ᠶ᠋ᠢ ᠠᠯᠬᠤᠵᠤ ᠣᠷᠣᠬᠤ ᠳ᠋ᠤ᠌ ᠡᠭᠦᠳᠡᠨ ᠲᠤᠰᠢᠶ᠎ᠠ ᠰᠠᠭᠤᠭᠰᠠᠨ ᠵᠢᠭᠠᠬᠠᠨ ᠪᠣᠷᠣ ᠥᠬᠢᠨ ᠴᠢᠷᠠᠢ ᠤᠯᠠᠢᠯᠭᠠᠨ ᠤᠭᠲᠤᠭᠰᠠᠨ ᠢ᠋ ᠨᠡᠬᠡᠨ ᠰᠠᠨᠠᠬᠤ ᠳ᠋ᠤ᠌ ᠰᠠᠢᠬᠠᠨ ᠪᠠᠢᠨ᠎ᠠ᠃
        — ᠡᠨᠡ ᠨᠣᠮ ᠤ᠋ᠨ ᠳᠡᠯᠭᠡᠭᠦᠷ ᠢ᠋ ᠴᠢ ᠡᠷᠬᠢᠯᠡᠵᠦ ᠪᠠᠢᠬᠤ ᠶᠤᠮ ᠤᠤ?  (ᠲᠠᠨᠢᠬᠤ ᠴᠤ᠌ ᠦᠭᠡᠢ ᠪᠠᠢᠵᠤ ᠴᠢ ᠭᠡᠳ ᠳᠠᠭᠤᠳᠠᠴᠢᠬᠠᠳᠠᠭ ᠵᠣᠯᠢᠭ ᠰᠢᠦ
ᠪᠢ !)
        —ᠦᠭᠡᠢ᠁
        —ᠲᠡᠭᠡᠪᠡᠯ ᠵᠠᠩᠭᠤᠢᠳᠠ ᠴᠢᠨᠢ᠁?
        — ᠳᠡᠮᠡᠢ ᠢᠷᠡᠳᠡᠭ ᠦᠭᠡᠢ᠁
        — ᠵᠠ᠁
        ᠠᠮᠢᠳᠤᠷᠠᠯ ᠳᠤᠮᠳᠠ ᠰᠠᠢᠬᠠᠨ ᠬᠡᠦᠬᠡᠨ ᠵᠥᠩᠳᠡᠭᠡᠨ ᠪᠠᠢᠳᠠᠭ ᠪᠣᠯᠪᠠᠴᠤ ᠲᠡᠷᠡ ᠪᠣᠯᠭᠠᠨ ᠡᠭᠡᠯᠢᠲᠡᠢ ᠰᠠᠢᠬᠠᠨ ᠬᠠᠷᠠᠭᠳᠠᠳᠠᠭ ᠦᠭᠡᠢ ᠯᠡ ᠳᠡ᠃ ᠭᠡᠪᠡᠴᠦ ᠴᠢᠷᠠᠢ ᠪᠠᠨ ᠤᠯᠠᠢᠯᠭᠠᠭᠰᠠᠨ ᠪᠢᠰᠢᠭᠦᠷᠬᠡᠭ ᠳᠥᠯᠭᠡᠨ ᠵᠠᠩ ᠲᠠᠢ ᠡᠨᠡ ᠬᠡᠦᠬᠡᠨ ᠢ᠋ ᠪᠢ ᠠᠩᠬ᠎ᠠ ᠬᠠᠷᠠᠩᠭᠤᠲᠠ ᠪᠠᠨ ᠯᠠ ᠳᠠᠬᠢᠵᠤ ᠤᠴᠠᠷᠠᠬᠤ ᠶ᠋ᠢ ᠰᠠᠨᠠᠴᠢᠬᠠᠵᠤ ᠪᠢᠯᠡ᠃ ᠬᠣᠷᠣᠮ ᠵᠠᠭᠤᠷ᠎ᠠ ᠪᠣᠯᠵᠤ ᠥᠩᠭᠡᠷᠡᠭᠰᠡᠨ ᠤᠴᠠᠷᠠᠯ ᠢ᠋ᠶ᠋ᠠᠨ ᠬᠣᠵᠢᠮ ᠨᠢ ᠬᠣᠶᠠᠭᠤᠯᠠ ᠳᠤᠷᠠᠰᠤᠭᠠᠳ ᠢᠨᠢᠶᠡᠯᠴᠡᠳᠡᠭ ᠪᠠᠢᠯ᠎ᠠ᠃ ᠠᠮᠢᠳᠤᠷᠠᠯ ᠳᠤᠮᠳᠠ ᠭᠡᠨᠡᠳᠲᠡ ᠶ᠋ᠢᠨ ᠲᠣᠬᠢᠶᠠᠯ ᠢ᠋ᠶ᠋ᠠᠷ ᠮᠥᠴᠢᠳᠬᠡᠨ ᠵᠠᠭᠤᠷ᠎ᠠ ᠴᠤ ᠪᠣᠯᠲᠤᠭᠠᠢ ᠵᠢᠷᠭᠠᠯ ᠡᠳ᠋ᠯᠡᠭᠦᠯᠦᠭᠰᠡᠨ ᠪᠦᠬᠦᠨ ᠢ᠋ ᠡᠷᠭᠢᠨ ᠳᠤᠷᠠᠰᠬᠤ ᠳ᠋ᠤ᠌ ᠰᠠᠢᠬᠠᠨ ᠯᠠ ᠪᠠᠢᠳᠠᠭ ᠳᠠ᠃
        ᠬᠣᠶᠠᠷ ᠬᠣᠨᠣᠭ ᠤ᠋ᠨ ᠬᠢᠨᠢ ᠳᠠᠷᠠᠭ᠎ᠠ ᠰᠤᠷᠪᠤᠯᠵᠢᠯᠠᠬᠤ ᠶᠤᠮ ᠭᠡᠰᠡᠨ ᠨᠡᠷ᠎ᠡ ᠵᠢᠭᠠᠵᠤ ᠣᠴᠢᠬᠤ ᠳ᠋ᠠᠭᠠᠨ ᠳᠡᠯᠭᠡᠭᠦᠷ ᠢ᠋ ᠭᠣᠣᠯᠯᠠᠨ ᠬᠠᠮᠢᠶᠠᠷᠴᠤ ᠪᠠᠢᠭᠰᠠᠨ ᠵᠠᠯᠠᠭᠤ ᠲᠠᠢ ᠲᠠᠨᠢᠯᠴᠠᠵᠤ ᠨᠠᠢᠵᠠᠯᠠᠭᠰᠠᠨ ᠮᠠᠨᠢ ᠡᠷᠭᠢᠵᠦ ᠣᠯᠠᠨ ᠳᠠᠬᠢᠨ ᠢᠷᠡᠬᠦ ᠶ᠋ᠢᠨ ᠠᠵᠠ ᠪᠣᠯᠵᠠᠢ᠃ ᠴᠠᠭᠠᠨ ᠰᠠᠷ᠎ᠠ ᠠ᠋ᠴᠠ ᠡᠮᠦᠨᠡᠬᠡᠨ ᠨᠣᠮ ᠦᠵᠡᠬᠦ᠂ ᠰᠠᠶᠢᠬᠢ ᠥᠬᠢᠨ ᠲᠡᠢ ᠤᠴᠠᠷᠠᠬᠤ ᠠᠴᠠ ᠪᠣᠳᠣᠯ ᠳ᠋ᠤ᠌ ᠬᠥᠲᠥᠯᠦᠭᠳᠡᠨ ᠣᠴᠢᠬᠤ ᠳ᠋ᠠᠭᠠᠨ ᠬᠡᠳᠦᠨ ᠦᠭᠡ ᠰᠣᠯᠢᠯᠴᠠᠭᠰᠠᠨ ᠶᠤᠮ᠃
        —ᠭᠡᠷ ᠲᠡᠭᠡᠨ ᠬᠠᠷᠢᠬᠤ ᠪᠣᠯᠤᠭ᠎ᠠ ᠦᠭᠡᠢ ᠤᠤ?
        —ᠬᠣᠶᠠᠷ ᠬᠣᠨᠣᠭ ᠠ᠋ᠴᠠ᠁ (ᠪᠠᠰᠠ ᠯᠠ ᠬᠠᠴᠠᠷ ᠨᠢ ᠤᠯᠠᠢᠬᠤ ᠨᠢ ᠲᠡᠷᠡ)
        —ᠨᠤᠲᠤᠭ ᠴᠢᠨᠢ?
        —ᠣᠷᠳᠣᠰ ᠤ᠋ᠨ ᠦᠦᠰᠢᠨ ᠦ᠌ ᠱᠠᠷᠯᠢᠭ ᠤ᠋ᠨ᠁
        ᠬᠠᠴᠠᠷ ᠤ᠋ᠨ ᠬᠢᠨᠢ ᠶᠠᠭᠠᠨ ᠲᠤᠶᠠᠭᠠᠨ ᠳ᠋ᠤ᠌ ᠪᠠᠬᠠᠷᠬᠠᠯ ᠪᠤᠴᠠᠯᠤᠭᠤᠯᠤᠨ ᠨᠣᠮ ᠦᠵᠡᠭᠴᠢ ᠪᠣᠯᠤᠨ ᠤᠳᠠᠭᠠᠨ ᠵᠣᠭᠰᠣᠭᠰᠠᠨ ᠢ᠋ᠶ᠋ᠠᠨ ᠰᠠᠨᠠᠵᠤ ᠪᠠᠢᠨ᠎ᠠ᠃
        ᠴᠠᠭᠠᠨ ᠰᠠᠷ᠎ᠠ ᠴᠤ ᠫᠤᠤᠵᠢᠩ ᠤ᠋ᠨ ᠳᠠᠭᠤᠨ ᠳᠤᠮᠳᠠ ᠶᠠᠭᠤ ᠬᠠᠢ ᠦᠭᠡᠢ ᠥᠩᠭᠡᠷᠡᠴᠢᠬᠡᠯ᠎ᠡ᠃ ᠬᠠᠪᠤᠷ ᠤ᠋ᠨ ᠤᠷᠢᠨ ᠪᠣᠯᠵᠤ᠂ ᠨᠣᠮ ᠤ᠋ᠨ ᠳᠡᠯᠭᠡᠭᠦᠷ ᠦ᠋ᠨ ᠡᠭᠦᠳᠡᠨ ᠳ᠋ᠡᠬᠢ ᠮᠣᠳᠣᠳ ᠴᠤ ᠨᠠᠬᠢᠶᠠᠯᠠᠵᠤ ᠡᠬᠢᠯᠡᠪᠡ᠃ ᠨᠣᠮ ᠤ᠋ᠨ ᠳᠡᠯᠭᠡᠭᠦᠷ ᠦ᠋ᠨ ᠵᠠᠯᠠᠭᠤ ᠪᠢᠳᠡ ᠬᠣᠶᠠᠭᠤᠯᠠ ᠺᠢᠷᠢᠯ ᠦᠰᠦᠭ ᠦ᠋ᠨ ᠨᠣᠮ ᠪᠠᠭᠤᠯᠭᠠᠬᠤ ᠠᠵᠢᠯ ᠳ᠋ᠤ᠌ ᠶᠠᠭᠠᠷᠠᠨ (ᠦᠨᠡᠨ ᠳ᠋ᠡᠭᠡᠨ ᠨᠠᠳᠠ ᠯᠠ ᠵᠠᠪᠰᠢᠶᠠᠨ ᠪᠠᠢᠭᠰᠠᠨ ᠭᠡᠳᠡᠭ ᠢ᠋ ᠨᠢᠭᠤᠯ ᠦᠭᠡᠢ ᠬᠡᠯᠡᠴᠢᠬᠡᠶ᠎ᠡ) ᠰᠥᠨᠢ ᠳᠦᠯᠢ ᠪᠣᠯᠲᠠᠯ᠎ᠠ ᠰᠠᠭᠤᠳᠠᠭ ᠪᠠᠢᠯ᠎ᠠ᠃ ᠴᠠᠭ ᠣᠷᠣᠢ ᠪᠣᠯᠪᠠᠯ ᠵᠠᠯᠠᠭᠤ ᠪᠢᠳᠡ ᠬᠣᠶᠠᠭᠤᠯᠠ ᠭᠡᠷ ᠭᠡᠷ ᠵᠦᠭ ᠢ᠋ᠶ᠋ᠡᠨ ᠪᠤᠴᠠᠵᠤ᠂ ᠰᠠᠶᠢᠬᠢ ᠬᠡᠦᠬᠡᠨ ᠳᠡᠯᠭᠡᠭᠦᠷ ᠦ᠋ᠨ ᠬᠠᠵᠠᠭᠤ ᠳ᠋ᠠᠬᠢ ᠴᠢᠬᠢᠨ ᠭᠡᠷ ᠲᠦ᠍ ᠭᠠᠭᠴᠠᠭᠠᠷ ᠬᠣᠴᠣᠷᠳᠠᠭ ᠪᠠᠢᠯ᠎ᠠ᠃ ᠡᠳᠦᠷ ᠦ᠋ᠨ ᠤᠳᠠᠭᠠᠨ ᠳ᠋ᠤ᠌ ᠳᠠᠰᠤᠯᠴᠠᠵᠤ ᠢᠷᠡᠬᠦ ᠪᠡᠷ ᠪᠢᠳᠡ ᠬᠣᠶᠠᠷ ᠬᠠᠶᠠ ᠶᠠᠷᠢᠯᠴᠠᠳᠠᠭ ᠪᠣᠯᠤᠯ᠎ᠠ᠃
        —ᠨᠣᠮ ᠤ᠋ᠨ ᠳᠡᠯᠭᠡᠭᠦᠷ ᠲᠦ᠍ ᠣᠶᠤᠲᠠᠳ ᠣᠯᠠᠨ ᠢᠷᠡᠨ᠎ᠡ᠂ ᠲᠡᠳᠡᠨ ᠢ᠋ ᠬᠠᠷᠠᠭᠠᠳ ᠪᠢ ᠪᠠᠰᠠ ᠰᠤᠷᠤᠭᠴᠢ ᠪᠣᠯᠤᠭᠰᠠᠨ ᠪᠣᠯ ᠠ᠋ ᠭᠡᠵᠦ ᠰᠠᠨᠠᠬᠤ ᠶᠤᠮ᠁
(ᠲᠡᠷᠡ ᠥᠨᠳᠥᠷ ᠳᠤᠮᠳᠠᠳᠤ ᠪᠠᠨ ᠲᠡᠭᠦᠰᠦᠭᠡᠳ ᠡᠨᠳᠡ ᠢᠷᠡᠭᠰᠡᠨ ᠪᠠᠢᠵᠠᠢ)
        —ᠪᠣᠯᠣᠯᠭᠦᠢ ᠳᠡ᠂ ᠡᠨᠡ ᠨᠠᠮᠤᠷ ᠴᠢ ᠲᠤᠰᠬᠠᠢ ᠮᠡᠷᠭᠡᠵᠢᠯ ᠦ᠋ᠨ ᠠᠩᠭᠢ ᠳ᠋ᠤ᠌ ᠨᠡᠷ᠎ᠡ ᠮᠡᠳᠡᠭᠦᠯ (ᠪᠢ ᠰᠠᠨᠠᠭᠠᠨ ᠳ᠋ᠠᠭᠠᠨ ᠲᠡᠭᠦᠨ ᠢ᠋ ᠬᠥᠬᠡᠬᠣᠲᠠ ᠳ᠋ᠤ᠌ ᠯᠠ ᠪᠠᠢᠯᠭᠠᠬᠤ ᠬᠣᠷᠣᠨ ᠤᠬᠠᠭ᠎ᠠ ᠵᠠᠷᠤᠵᠤ ᠪᠠᠢᠬ᠎ᠠ ᠨᠢ ᠲᠡᠷᠡ) !
        —ᠭᠡᠷ ᠲᠡᠭᠡᠨ ᠬᠡᠯᠡᠵᠦ ᠪᠠᠢᠭᠠᠳ ᠪᠣᠯᠤᠶ᠎ᠠ᠁
        ᠳᠥᠯᠭᠡᠨ ᠪᠣᠷᠣ ᠨᠢᠳᠦᠨ ᠦ᠌ ᠬᠢᠨᠢ ᠴᠠᠭᠠᠨ᠎ᠠ ᠰᠤᠷᠤᠭᠴᠢ ᠪᠣᠯᠬᠤ ᠰᠠᠨ ᠭᠡᠰᠡᠨ ᠳᠡᠩᠳᠡᠭᠦᠦ ᠮᠥᠷᠥᠭᠡᠳᠦᠯ ᠨᠢ ᠮᠠᠨᠠᠭ᠎ᠠ ᠲᠠᠢ ᠪᠠᠢᠯ᠎ᠠ᠃
       ᠬᠠᠪᠤᠷ ᠤ᠋ᠨ ᠪᠦᠯᠢᠶᠡᠨ ᠡᠳᠦᠷ ᠦ᠋ᠳ ᠥᠩᠭᠡᠷᠡᠭᠰᠡᠭᠡᠷ ᠯᠡ᠁ ᠲᠡᠷᠡ ᠬᠠᠪᠤᠷ ᠮᠢᠨᠦ ᠤᠷᠢᠳᠤ ᠨᠢ ᠥᠩᠭᠡᠷᠡᠭᠡᠵᠦ ᠢᠷᠡᠭᠰᠡᠨ ᠣᠯᠠᠨ ᠬᠠᠪᠤᠷ ᠠ᠋ᠴᠠ ᠬᠣᠯᠠ ᠲᠤᠯᠭᠠᠨ ᠪᠦᠯᠢᠶᠡᠨ᠂ ᠴᠠᠭᠠᠨ᠎ᠠ ᠪᠠᠨ ᠨᠢᠭᠡᠯᠡ ᠮᠥᠷᠥᠭᠡᠳᠦᠯ ᠤᠶᠠᠰᠬᠠᠭᠰᠠᠨ ᠬᠠᠪᠤᠷ ᠪᠠᠢᠯ᠎ᠠ᠃ ᠶᠡᠬᠡ ᠰᠤᠷᠭᠠᠭᠤᠯᠢ ᠶ᠋ᠢᠨ ᠵᠠᠮ ᠳ᠋ᠠᠬᠢ ᠢᠪᠴᠤᠤ ᠨᠠᠷᠢᠬᠠᠨ ᠭᠤᠳᠤᠮᠵᠢ ᠪᠠᠷ ᠡᠳᠦᠷᠵᠢᠨ ᠨᠠᠭᠠᠰᠢ ᠴᠠᠭᠠᠰᠢ ᠶᠠᠪᠤᠬᠤ ᠳ᠋ᠠᠭᠠᠨ ᠬᠥᠮᠦᠨ ᠳ᠋ᠦ᠍ ᠳᠤᠷᠠᠯᠠᠬᠤ ᠶ᠋ᠢᠨ ᠵᠢᠷᠭᠠᠯ ᠳ᠋ᠤ᠌ ᠬᠠᠪᠤᠷ ᠤ᠋ᠨ ᠨᠠᠯᠠᠭᠠᠷ ᠡᠳᠦᠷ ᠦ᠋ᠳ ᠲᠡᠢ ᠴᠣᠭ ᠬᠠᠯᠭᠢᠵᠤ ᠶᠠᠪᠤᠭᠰᠠᠨ ᠪᠠᠢᠵᠤ ᠳᠠ!
       ᠤᠷᠠᠨ ᠵᠣᠬᠢᠶᠠᠯ᠂ ᠠᠮᠢᠳᠤᠷᠠᠯ ᠦᠢᠯᠡᠰ ᠦ᠋ᠨ ᠲᠠᠯ᠎ᠠ ᠪᠠᠷ ᠳᠤᠷ᠎ᠠ ᠰᠣᠨᠢᠷᠬᠠᠯ ᠨᠡᠢᠯᠡᠭᠡᠳ ᠢᠷᠡᠬᠦᠯᠡᠷ ᠶᠠᠷᠢᠶ᠎ᠠ ᠴᠤ ᠤᠷᠲᠤᠯᠠᠨ᠎ᠠ᠃ ᠲᠡᠷᠡ ᠴᠤ ᠮᠡᠯᠲᠡᠭᠡᠷ ᠪᠣᠷᠣ ᠨᠢᠳᠦ ᠪᠡᠷ ᠢ᠋ᠶ᠋ᠡᠨ ᠨᠠᠮᠠᠶ᠋ᠢ ᠳᠤᠭᠤᠢᠬᠠᠨ ᠰᠢᠷᠳᠡᠵᠦ᠂ ᠬᠠᠶᠠ ᠬᠠᠶᠠ ᠴᠣᠯᠭᠢᠨ ᠴᠣᠪᠣᠭᠣ ᠢᠨᠢᠶᠡᠴᠢᠬᠡᠭᠰᠡᠨ᠂ ᠪᠢ ᠤᠯᠠᠮ ᠲᠡᠨᠡᠭ ᠬᠥᠳᠡᠯᠦᠨ ᠶᠠᠷᠢᠬᠤ ᠦᠭᠡᠢ᠂ ᠦᠯᠢᠶᠡᠬᠦ ᠦᠭᠡᠢ ᠶᠠᠭᠤᠮ᠎ᠠ ᠦᠭᠡᠢ ᠪᠣᠯᠴᠢᠬᠠᠭᠰᠠᠨ ᠪᠠᠢᠳᠠᠭ ᠮᠠᠨᠢ ᠣᠢᠯᠠᠭᠠᠯᠴᠠᠯ ᠳᠠᠰᠤᠯᠴᠠᠯ ᠤ᠋ᠨ ᠰᠢᠵᠢᠮ ᠪᠣᠯᠤᠨ ᠬᠦᠪᠦᠷᠡᠭᠰᠡᠭᠡᠷ ᠠᠪᠠᠢ᠃ ᠳᠤᠷᠠᠯᠠᠯ ᠬᠠᠢᠷ᠎ᠠ ᠶ᠋ᠢ ᠮᠡᠳᠡᠬᠦ ᠪᠣᠯᠤᠭᠰᠠᠨ ᠠ᠋ᠴᠠ ᠪᠠᠨ ᠠᠪᠤᠭᠠᠳ ᠰᠡᠳᠬᠢᠯ ᠳ᠋ᠡᠭᠡᠨ ᠰᠠᠮ ᠡᠷᠢᠭᠰᠡᠭᠡᠷ ᠢᠷᠡᠭᠰᠡᠨ ᠬᠡᠦᠬᠡᠳᠯᠢᠭ ᠨᠢᠯᠬᠠᠰᠠᠭ᠂ ᠭᠡᠨᠡᠨ ᠴᠠᠭᠠᠪᠤᠷ᠂ ᠡᠭᠡᠯ ᠪᠣᠷᠣᠭᠵᠢᠭᠤᠨ ᠮᠣᠩᠭᠣᠯ ᠬᠡᠦᠬᠡᠨ ᠦ᠌ ᠳᠦᠷᠢ ᠢᠩᠭᠢᠵᠦ ᠯᠡ ᠪᠡᠶᠡᠯᠡᠯ ᠢ᠋ᠶ᠋ᠡᠨ ᠣᠯᠬᠤ ᠪᠠᠷ ᠬᠤᠪᠢ ᠲᠠᠪᠢᠯᠠᠩ ᠤ᠋ᠨ ᠲᠤᠬᠠᠢ ᠪᠢ ᠢᠳᠡᠭᠡᠨ ᠰᠠᠨᠠᠳᠠᠭ ᠪᠣᠯᠤᠭᠰᠠᠨ ᠶᠤᠮ᠃ ᠤᠶᠠᠷᠠᠭᠤᠨ ᠭᠤᠨᠢᠭᠲᠤ ᠵᠣᠬᠢᠶᠠᠯ ᠶᠠᠷᠢᠪᠠᠯ ᠨᠢᠳᠦᠨ ᠳ᠋ᠦ᠍ᠨᠢ ᠨᠢᠯᠪᠤᠰᠤ ᠮᠡᠯᠲᠡᠭᠡᠨᠡᠳᠡᠭ ᠪᠢᠴᠢᠬᠠᠨ ᠬᠡᠦᠬᠡᠨ  ᠡᠳᠦᠭᠡ ᠴᠤ ᠰᠢᠷᠪᠡᠭᠡᠨᠡᠭ ᠬᠡᠷᠪᠢ ᠵᠠᠩ ᠢ᠋ᠶ᠋ᠠᠷ ᠢ᠋ᠶ᠋ᠠᠨ ᠪᠣᠯᠪᠠᠴᠤ ᠥᠩᠭᠡᠷᠡᠭᠰᠡᠨ ᠪᠦᠬᠦᠨ ᠢ᠋ ᠳᠤᠷᠠᠰᠤᠨ ᠶᠠᠷᠢᠯᠴᠠᠬᠤ ᠳ᠋ᠤ᠌ ᠱᠣᠭᠲᠠᠢ ᠰᠢᠦ ᠭᠡᠳ ᠢᠨᠢᠶᠡᠳᠡᠭ ᠲᠡᠷᠡ ᠮᠠᠨᠢ ᠨᠠᠳᠠ ᠠ᠋ᠴᠠ ᠢᠴᠢᠬᠦ ᠪᠡᠨ ᠪᠣᠯᠢᠭᠰᠠᠨ ᠰᠢᠦ ᠳᠡ᠃
        —ᠴᠢ ᠦᠨᠡᠬᠡᠷ ᠪᠦᠳᠦᠭᠦᠨ ᠵᠢᠷᠦᠬᠡ ᠲᠡᠢ᠁
        —ᠶᠠᠭᠠᠬᠢᠪᠠ?
        —ᠶᠠᠷᠢᠯᠴᠠᠵᠤ ᠪᠠᠢᠭᠠᠳ ᠭᠡᠨᠡᠳᠲᠡᠬᠡᠨ ᠬᠥᠮᠦᠨ ᠦ᠌ ᠭᠠᠷ ᠢ᠋ ᠪᠠᠷᠢᠴᠢᠬᠠᠭᠠᠳ᠁
        —ᠪᠢ ᠪᠦᠳᠦᠭᠦᠨ ᠵᠢᠷᠦᠬᠡ ᠭᠠᠷᠭᠠᠬᠤ ᠦᠭᠡᠢ ᠪᠣᠯ ᠴᠢᠨᠦ ᠲᠡᠷᠡ ᠶᠠᠩᠵᠤ ᠪᠠᠷ ᠬᠡᠵᠢᠶ᠎ᠡ ᠠᠮᠠ ᠨᠡᠭᠡᠭᠡᠳᠡᠭ ᠢ᠋ ᠪᠦᠦ ᠮᠡᠳᠡ᠃ ᠪᠢ ᠬᠦᠯᠢᠶᠡᠭᠰᠡᠭᠡᠷ ᠪᠠᠢᠭᠠᠳ ᠪᠦᠷ ᠡᠪᠦᠭᠡᠷᠡᠴᠢᠬᠡᠬᠦ ᠦᠭᠡᠢ ᠤᠤ?
        —ᠦᠨᠡᠨ ᠢ᠋ ᠬᠡᠯᠡᠪᠡᠯ ᠪᠢ ᠴᠢᠮᠠᠢ᠍ᠢ ᠲᠠᠩᠳᠠ ᠪᠣᠳᠣᠳᠠᠭ ᠪᠠᠢᠭᠰᠠᠨ ᠰᠢᠦ᠁
        —ᠪᠢ ᠴᠦ᠍ ᠠᠳᠠᠯᠢᠬᠠᠨ᠁
         ᠮᠥᠩᠬᠡ ᠶ᠋ᠢᠨ ᠴᠠᠢᠯᠭᠠᠨ ᠳᠤᠷᠠᠰᠤᠮᠵᠢ ᠪᠣᠯᠤᠨ ᠬᠠᠳᠠᠩᠰᠢᠭᠰᠠᠨ ᠲᠡᠷᠡ ᠬᠠᠪᠤᠷ ᠶᠠᠭᠤ ᠪᠦᠬᠦᠨ ᠳᠤᠷᠠᠯᠠᠯ ᠬᠠᠢᠷ᠎ᠠ ᠶ᠋ᠢ ᠠᠪᠴᠢᠷᠠᠭᠰᠠᠨ ᠪᠢᠴᠢᠬᠠᠨ ᠥᠬᠢᠨ ᠦ᠌ ᠬᠡᠦᠬᠡᠳᠯᠢᠭ ᠬᠠᠷᠠᠴᠠ ᠰᠢᠭ᠋ ᠮᠢᠨᠦ ᠵᠢᠷᠦᠬᠡᠨ ᠳ᠋ᠦ᠍ ᠢᠨᠢᠶᠡᠭᠰᠡᠭᠡᠷ ᠪᠠᠢᠭ᠎ᠠ᠃ ᠰᠠᠨᠠᠭᠰᠠᠨ ᠬᠦᠰᠡᠯ ᠨᠢ ᠲᠡᠷᠭᠡᠯᠰᠢᠭᠰᠡᠨ ᠲᠡᠷᠡ ᠵᠢᠯ ᠦ᠋ᠨ ᠨᠠᠮᠤᠷ《ᠪᠢᠴᠢᠬᠠᠨ ᠥᠬᠢᠨ》 ᠶᠡᠬᠡ ᠰᠤᠷᠭᠠᠭᠤᠯᠢ ᠶ᠋ᠢᠨ ᠬᠦᠷᠢᠶᠡᠨ ᠳ᠋ᠦ᠍ ᠪᠢᠴᠢᠭ ᠦ᠋ᠨ ᠪᠣᠭᠴᠣ ᠮᠥᠷᠥᠯᠡᠨ ᠠᠯᠬᠤᠬᠤ ᠪᠣᠯᠤᠭᠰᠠᠨ ᠪᠢᠯᠡ᠃
         ᠤᠢᠳᠬᠠᠷ ᠪᠤᠬᠢᠨᠢᠳᠤᠯ ᠢ᠋ ᠮᠢᠨᠢ ᠬᠤᠪᠢᠶᠠᠯᠴᠠᠨ ᠨᠠᠮᠠᠶ᠋ᠢ ᠪᠠᠶᠠᠷᠯᠠᠭᠤᠯᠬᠤ ᠭᠡᠵᠦ ᠬᠡᠦᠬᠡᠳ ᠰᠢᠭ ᠠᠭᠠᠰᠢᠯᠠᠳᠠᠭ᠂ ᠰᠠᠢᠬᠠᠨ ᠳᠠᠭᠤᠤ ᠰᠣᠨᠣᠰᠪᠠᠯ ᠮᠥᠮᠥ ᠪᠡᠨ ᠰᠠᠨᠠᠭᠠᠳ ᠨᠢᠯᠪᠤᠰᠤ ᠵᠠᠶ᠋ᠢᠷᠯᠠᠭᠤᠯᠳᠠᠭ᠂ ᠠᠬ᠎ᠠ ᠶ᠋ᠢᠨ ᠢ᠋ᠶ᠋ᠡᠨ ᠠᠳᠬᠤᠭᠤᠯᠤᠭᠰᠠᠨ ᠭᠠᠭᠴᠠ ᠠᠯᠢᠮ᠎ᠠ ᠶ᠋ᠢ ᠨᠠᠳᠠ ᠲᠠᠢ ᠬᠤᠪᠢᠶᠠᠵᠤ ᠢᠳᠡᠬᠦ ᠶᠦᠮ ᠭᠡᠳ ᠦᠯᠡᠳᠡᠭᠡᠳᠡᠭ ᠲᠡᠷᠡ ᠪᠢᠴᠢᠬᠠᠨ ᠥᠬᠢᠨ ᠊ᠢ ᠷᠤᠯᠮ᠎ᠠ ᠭᠡᠳᠡᠭ᠃
   ※ ᠠᠷᠪᠠᠨ ᠵᠢᠯ ᠪᠣᠯᠴᠢᠬᠠᠯ᠎ᠠ᠃ ᠶᠠᠭᠠᠬᠢᠭᠰᠠᠨ ᠬᠤᠷᠳᠤᠨ ᠤᠷᠤᠰᠳᠠᠭ ᠴᠠᠭ ᠶᠤᠮ ᠪᠣᠢ! ᠭᠡᠪᠡᠴᠦ ᠲᠡᠷᠡ ᠬᠠᠪᠤᠷ ᠵᠢᠯ ᠵᠢᠯ ᠦ᠋ᠨ ᠬᠠᠪᠤᠷ ᠲᠠᠢ ᠴᠣᠭ ᠡᠷᠭᠢᠨ ᠪᠤᠴᠠᠨ ᠪᠢᠳᠡ ᠬᠣᠶᠠᠷ ᠤ᠋ᠨ ᠳᠡᠷᠭᠡᠳᠡ ᠢᠷᠡᠭᠰᠡᠭᠡᠷ ᠪᠠᠢᠳᠠᠭ ᠨᠢ ᠳᠠᠩᠴᠤ ᠰᠠᠢᠬᠠᠨ᠃ ᠶᠠᠯᠢᠮ ᠦᠭᠡᠢ ᠵᠦᠢᠯ ᠳ᠋ᠦ᠍ ᠤᠴᠠᠭᠠᠷ ᠬᠦᠷᠬᠦ ᠪᠣᠯᠭᠠᠨ ᠨᠣᠮ ᠤ᠋ᠨ ᠰᠠᠩ ᠤ᠋ᠨ ᠲᠡᠷᠡ ᠦᠢᠯᠡᠴᠢᠯᠡᠭᠴᠢ ᠥᠬᠢᠨ ᠢ᠋ ᠨᠡᠬᠡᠨ ᠰᠠᠨᠠᠪᠠᠯ᠂ ᠳᠦᠷᠡᠰᠬᠢᠨ ᠰᠢᠳᠡᠮᠡᠷ ᠪᠠᠢᠭᠰᠠᠨ ᠠᠭᠤᠷ ᠮᠠᠨᠢ ᠰᠠᠯᠬᠢ ᠦᠵᠡᠭᠰᠡᠨ ᠤᠲᠤᠭ᠎ᠠ ᠰᠢᠭ᠋ ᠠᠷᠢᠯᠳᠠᠭ ᠰᠠᠨ᠃ ᠠᠷᠪᠠᠨ ᠵᠢᠯ《ᠪᠢᠴᠢᠬᠠᠨ ᠥᠬᠢᠨ》 ᠦ᠌ ᠮᠢᠨᠢ ᠵᠠᠩ ᠠᠪᠤᠷᠢ ᠶ᠋ᠢ ᠥᠭᠡᠷᠡᠴᠢᠯᠡᠵᠦ ᠴᠢᠳᠠᠭ᠎ᠠ ᠦᠭᠡᠢ ᠯᠡ ᠪᠠᠢᠨ᠎ᠠ᠃ ᠬᠥᠳᠡᠭᠡ ᠪᠡᠨ ᠬᠠᠷᠢᠪᠠᠯ ᠦᠨᠢᠶ᠎ᠡ ᠬᠣᠨᠢ ᠪᠠᠨ ᠰᠠᠭᠠᠵᠤ᠂ ᠠᠢᠷᠠᠭ ᠴᠠᠭ᠎ᠠ ᠪᠠᠨ ᠣᠷᠣᠯᠳᠣᠳᠠᠭ ᠲᠡᠷᠡ《ᠪᠢᠴᠢᠬᠠᠨ ᠥᠬᠢᠨ》 ᠢ᠋ ᠪᠤᠷᠬᠠᠨ ᠲᠩᠷᠢ ᠨᠠᠳᠠ ᠬᠠᠢᠷᠠᠯᠠᠭᠰᠠᠨ ᠳᠠᠭᠢᠨᠢ ᠭᠡᠮᠡᠨ ᠪᠢ ᠢᠲᠡᠭᠡᠵᠦ ᠶᠠᠪᠤᠳᠠᠭ᠃ ᠲᠡᠷᠡ ᠵᠢᠯ ᠦ᠋ᠨ ᠲᠡᠷᠡ ᠬᠠᠪᠤᠷ ᠬᠡᠵᠢᠶ᠎ᠡ ᠴᠦ᠍ ᠥᠩᠭᠡᠷᠡᠨ ᠣᠳᠬᠤ ᠶᠣᠰᠣ ᠦᠭᠡᠢ ᠮᠥᠩᠬᠡ ᠶ᠋ᠢᠨ ᠬᠠᠪᠤᠷ ᠭᠡᠳᠡᠭ ᠲᠦ᠍ ᠪᠢ ᠡᠷᠡᠭᠡᠯᠵᠡᠬᠦ ᠦᠭᠡᠢ᠁᠃

    2007. 5. 11 ᠥᠨᠥᠳᠥᠷ ᠮᠠᠰᠢ ᠰᠠᠯᠬᠢ ᠲᠠᠢ᠂ ᠪᠢ ᠲᠡᠷᠡ ᠬᠠᠪᠤᠷ ᠢ᠋ ᠪᠠᠰᠠ ᠯᠠ ᠰᠠᠨᠠᠴᠢᠬᠠᠯ᠎ᠠ᠁

     ᠦᠰᠦᠭ ᠠᠮᠢᠯᠠᠭᠤᠯᠤᠭᠴᠢ᠄ ᠢᠳᠰᠢᠩᠬᠣᠷᠯᠣ᠂ ᠪᠠᠶᠠᠨᠴᠡᠴᠡᠭ᠂ ᠨᠡᠭᠦᠳᠡᠯ᠂ ᠭᠡᠷᠡᠯ 
     ᠬᠢᠨᠠᠭᠴᠢ᠄ ᠭᠠᠷᠮ᠎ᠠ᠂ ᠰᠡᠬᠡᠭᠡᠷᠡᠯ᠂ ᠣᠳᠬᠠᠨᠰᠣ᠎ᠠ