ᠨᠤᠲᠤᠭ ᠤ᠋ᠨ ᠪᠣᠷᠣ ᠴᠢᠯᠠᠭᠤ- ᠭ· ᠴᠢᠩᠪᠠᠭᠠᠲᠤᠷНутгийн бор чулуу-Г·Чинбаатар
ᠭ᠂ ᠴᠢᠩᠪᠠᠭᠠᠲᠤᠷ
ᠵᠢᠵᠢᠭᠬᠡᠨ ᠴᠠᠭᠠᠰᠤᠨ ᠬᠠᠢᠷᠴᠠᠭ ᠲᠤ ᠬᠢᠭᠡᠳ ᠬᠡᠷᠡᠮ ᠳᠡᠭᠡᠷ᠎ᠡ ᠪᠡᠨ ᠡᠯᠭᠦᠭᠰᠡᠨ ᠬᠥᠬᠡ ᠴᠢᠯᠠᠭᠤ ᠶ᠋ᠢ ᠨᠠᠢᠵᠠ ᠨᠠᠷ ᠮᠢᠨᠢ ᠦᠵᠡᠭᠡᠳ ᠶᠡᠬᠡ ᠱᠣᠬᠣᠭᠣᠷᠬᠠᠳᠠᠭ᠃
ᠵᠠᠷᠢᠮ ᠨᠢ ᠪᠦᠷ ᠦᠯᠦ ᠲᠣᠭᠣᠮᠰᠠᠷᠯᠠᠨ᠂ ᠬᠡᠷᠡᠭ ᠦᠭᠡᠢ ᠴᠢᠯᠠᠭᠤ ᠶ᠋ᠢ ᠬᠡᠷᠡᠮ ᠳᠡᠭᠡᠷ᠎ᠡ ᠪᠡᠨ ᠡᠯᠭᠦᠭᠡᠳ ᠬᠡᠨ ᠳ᠋ᠦ᠍ ᠦᠵᠡᠭᠦᠯᠬᠦ ᠪᠠᠭᠠᠰᠢ ᠪᠢᠯᠡ ᠭᠡᠬᠦ ᠰᠢᠤᠬᠠᠨ ᠠᠶᠠᠰ ᠲᠠᠢ ᠳᠤᠤᠭᠠᠷᠬᠤ ᠨᠢ ᠵᠥᠩᠳᠡᠭᠡᠨ᠃ ᠲᠡᠢᠮᠦ ᠠ᠋᠂ ᠲᠡᠷᠡ ᠪᠣᠯ ᠪᠠᠢᠭᠠᠯᠢ ᠠ᠋ᠴᠠ ᠲᠡᠭᠦᠭᠰᠡᠨ ᠶᠠᠯᠢᠮ ᠦᠭᠡᠢ ᠴᠢᠯᠠᠭᠤ ᠪᠢᠯᠡ᠃ ᠡᠨᠡ ᠴᠢᠯᠠᠭᠤ ᠪᠠᠭᠠᠷᠢᠨ ᠲᠡᠨᠢᠭᠡᠷ ᠰᠢᠭ ᠭᠤᠸᠠᠯᠢᠭ ᠥᠩᠭᠡ ᠭᠣᠶᠣᠬᠠᠨ ᠬᠡ ᠥᠬᠡᠢ᠂ ᠰᠣᠨᠢᠨ ᠬᠠᠴᠢᠨ ᠳᠦᠷᠰᠦᠲᠡᠢ ᠪᠠᠢᠭᠠᠯᠢ ᠶ᠋ᠢᠨ ᠱᠤᠭᠤᠮᠠᠯ ᠤᠷᠠᠯᠠᠯ ᠴᠤ ᠪᠢᠰᠢ᠂ ᠠᠯᠢ ᠡᠰᠡᠬᠦᠯ᠎ᠡ ᠬᠠᠮᠢᠭ᠎ᠠ ᠨᠢᠭᠡ ᠭᠠᠵᠠᠷ ᠠ᠋ᠴᠠ ᠭᠡᠨᠡᠳᠲᠡᠬᠡᠨ ᠣᠯᠳᠠᠭᠰᠠᠨ ᠰᠣᠯᠢᠷ ᠤ᠋ᠨ ᠬᠡᠯᠲᠡᠷᠬᠡᠢ᠂ ᠡᠷᠳᠡᠨᠢ ᠶ᠋ᠢᠨ ᠴᠢᠯᠠᠭᠤ ᠴᠤ ᠪᠢᠰᠢ᠂ ᠭᠡᠪᠡᠴᠦ ᠡᠪ ᠡᠩ ᠦ᠋ᠨ ᠠᠲᠠᠯ᠎ᠠ ᠨᠤᠲᠤᠭ ᠤ᠋ᠨ ᠮᠢᠨᠢ ᠳᠠᠭᠤᠤ ᠶ᠋ᠢ《ᠳᠠᠭᠤᠯᠠᠵᠤ》 ᠴᠢᠳᠠᠳᠠᠭ ᠲᠤᠨᠢ ᠪᠢ ᠡᠨᠡ ᠴᠢᠯᠠᠭᠤ ᠶ᠋ᠢ ᠬᠠᠢᠷᠠᠯᠠᠳᠠᠭ᠃
ᠨᠠᠮ ᠰᠡᠯᠡᠭᠦᠦ ᠣᠷᠣᠢ ᠶ᠋ᠢᠨ ᠴᠠᠭ ᠲᠤ᠂ ᠲᠠᠯᠪᠢᠭᠤᠷ ᠳ᠋ᠧᠩ ᠦ᠋ᠨ ᠭᠡᠷᠡᠯ ᠦ᠋ᠨ ᠳᠣᠣᠷ᠎ᠠ ᠶᠠᠭᠤ ᠨᠢᠭᠡ ᠶ᠋ᠢ ᠰᠡᠳᠬᠢᠵᠦ ᠡᠰᠡᠬᠦᠯ᠎ᠡ ᠳᠤᠷᠠᠰᠤᠯ ᠮᠥᠷᠥᠭᠡᠳᠦᠯ᠂ ᠮᠠᠷᠭᠠᠰᠢ ᠢᠷᠡᠭᠡᠳᠦᠢ ᠶ᠋ᠢᠨ ᠲᠤᠬᠠᠢ ᠪᠣᠳᠣᠯᠭᠠᠰᠢᠷᠠᠯ ᠳ᠋ᠤ᠌ ᠠᠪᠲᠠᠨ ᠰᠠᠭᠤᠬᠤ ᠳ᠋ᠠᠭᠠᠨ ᠪᠢ ᠡᠨᠡ ᠬᠡᠰᠡᠭ ᠴᠢᠯᠠᠭᠤ ᠶ᠋ᠢ ᠬᠠᠷᠠᠵᠤ᠂ ᠢᠯᠪᠢᠵᠦ᠂ ᠬᠠᠶᠠ ᠦᠨᠦᠷᠲᠦᠨ ᠦᠨᠦᠰᠦᠨ ᠰᠠᠭᠤᠳᠠᠭ ᠲᠤ ᠰᠠᠨ᠃ ᠲᠡᠭᠡᠬᠦ ᠳ᠋ᠦ᠍ ᠵᠢᠵᠢᠭᠬᠡᠨ ᠬᠥᠬᠡ ᠡᠨᠡ ᠴᠢᠯᠠᠭᠤ ᠨᠢᠯᠬ᠎ᠠ ᠪᠠᠭ᠎ᠠ ᠨᠠᠰᠤ᠂ ᠵᠠᠯᠠᠭᠤ ᠽᠠᠨᠳᠠᠨ ᠦᠶ᠎ᠡ ᠶ᠋ᠢᠨ ᠶᠠᠭᠤ ᠪᠦᠬᠦᠨ ᠢ᠋ ᠰᠠᠨᠠᠭᠳᠠᠭᠤᠯᠵᠤ᠂ ᠤᠶᠠᠩᠭ᠎ᠠ ᠶ᠋ᠢᠨ ᠳᠠᠭᠤᠤ ᠰᠢᠭ᠋ ᠵᠢᠷᠦᠬᠡᠨ ᠳ᠋ᠦ᠍ ᠣᠷᠣᠭᠤᠯᠳᠠᠭ ᠪᠠᠢᠭᠰᠠᠨ ᠶᠤᠮ᠃ ᠱᠠᠭᠠᠵᠠᠩ ᠤ᠋ᠨ ᠬᠡᠯᠲᠡᠷᠬᠡᠢ᠂ ᠸᠠᠭᠠᠷ ᠤ᠋ᠨ ᠬᠠᠭᠠᠷᠬᠠᠢ ᠪᠠᠷ ᠠᠢᠯ ᠭᠡᠷ ᠢ᠋ᠶ᠋ᠡᠨ ᠪᠤᠰᠬᠠᠭᠰᠠᠨ ᠬᠡᠦᠬᠡᠳ ᠦ᠋ᠨ ᠨᠠᠭᠠᠳᠤᠮ᠂ ᠪᠤᠭᠤᠷᠤᠯᠬᠠᠨ ᠡᠪᠦᠭᠡ ᠲᠡᠢ ᠪᠡᠨ ᠮᠥᠷᠭᠥᠴᠡᠭ ᠦ᠋ᠨ ᠬᠣᠭᠣᠯᠠᠢ᠂ ᠬᠠᠳᠠᠨ ᠡᠩᠭᠡᠷ ᠳᠠᠮᠵᠢᠨ ᠮᠥᠭᠥ ᠲᠡᠭᠦᠳᠡᠭ ᠪᠠᠢᠭᠰᠠᠨ ᠪᠠᠯᠴᠢᠷᠬᠠᠨ ᠬᠣᠷᠸ᠎ᠠ᠂ ᠰᠤᠷᠭᠠᠭᠤᠯᠢ ᠳ᠋ᠤ᠌ ᠰᠠᠭᠤᠬᠤ ᠭᠡᠵᠦ ᠡᠵᠢ ᠲᠡᠢ ᠪᠡᠨ ᠬᠠᠮᠲᠤ ᠦᠬᠡᠷ ᠲᠡᠷᠭᠡ ᠪᠡᠷ ᠰᠤᠮᠤ ᠣᠷᠣᠵᠤ ᠪᠠᠢᠭᠰᠠᠨ ᠠᠯᠳᠠᠷᠠᠢᠬᠠᠨ ᠵᠢᠷᠭᠤᠭᠠᠨ ᠣᠨ ᠤ᠋5 ᠳ᠋ᠤᠭᠠᠷ ᠬᠤᠭᠤᠴᠠᠭ᠎ᠠ ᠳ᠋ᠤ᠌ ᠨᠡᠢᠲᠡᠯᠡᠭᠳᠡᠭᠰᠡᠨ ᠪᠠᠢᠵᠠᠢ᠃
ᠨᠠᠰᠤ᠂ ᠡᠳ᠋ᠯᠡᠵᠦ ᠶᠠᠪᠤᠭ᠎ᠠ ᠬᠣᠷᠢᠨ ᠭᠤᠷᠪᠠᠨ ᠨᠠᠰᠤᠨ ᠤ᠋ ᠮᠢᠨᠢ ᠠᠯᠳᠠᠭ᠎ᠠ ᠤᠨᠤᠭ᠎ᠠ ᠵᠡᠷᠭᠡ ᠶ᠋ᠢ ᠮᠢᠨᠢ ᠵᠢᠷᠦᠬᠡᠨ ᠳ᠋ᠦ᠍
ᠰᠢᠪᠡᠨᠡᠵᠦ᠂ ᠠᠮᠢ ᠦᠭᠡᠢ ᠴᠢᠯᠠᠭᠤ ᠨᠢ ᠬᠦᠷᠲᠡᠯ᠎ᠡ ᠬᠥᠮᠦᠨ ᠦ᠌ ᠬᠠᠢᠷ᠎ᠠ ᠪᠠᠷ ᠡᠮᠵᠡᠭᠯᠡᠳᠡᠭ ᠮᠣᠩᠭᠣᠯ ᠨᠤᠲᠤᠭ ᠲᠤ ᠡᠷ᠎ᠡ ᠪᠣᠯᠵᠤ ᠲᠥᠷᠥᠭᠰᠡᠨ ᠦ᠌ ᠣᠯᠵᠠᠷᠬᠠᠯ ᠳᠣᠭᠳᠣᠯᠤᠯ ᠮᠢᠨᠦ ᠰᠡᠳᠬᠢᠯ ᠳ᠋ᠦ᠍ ᠰᠦ ᠰᠢᠭ ᠳᠡᠪᠡᠷᠡᠬᠦ ᠨᠢ ᠳᠠᠩᠴᠢ ᠰᠠᠢᠬᠠᠨ!
ᠢᠳᠡᠷ ᠬᠦᠷᠡᠩ ᠪᠠᠢᠭᠠᠯᠢ ᠲᠠᠢ ᠪᠠᠨ ᠨᠠᠰᠤ ᠴᠢᠴᠠᠤᠯᠠᠵᠤ᠂ ᠰᠠᠯᠬᠢᠨ ᠳ᠋ᠤ᠌ ᠢᠯᠪᠢᠭᠦᠯᠵᠦ ᠨᠠᠷᠠᠨ ᠳ᠋ᠤ᠌ ᠲᠠᠭᠠᠯᠠᠭᠳᠠᠵᠤ ᠶᠠᠪᠤᠭᠰᠠᠨ ᠡᠨᠡ ᠴᠢᠯᠠᠭᠤ ᠶ᠋ᠢ ᠦᠨᠦᠷᠲᠦᠬᠦ ᠳ᠋ᠦ᠍ ᠡᠯᠢᠭᠡᠳᠡᠨ ᠤᠨᠠᠭᠰᠠᠨ ᠡᠬᠡ ᠨᠤᠲᠤᠭ ᠤ᠋ᠨ ᠮᠢᠨᠢ ᠤᠰᠤ ᠬᠥᠷᠥᠰᠥᠨ ᠦ᠌ ᠦᠨᠦᠷ᠂ ᠬᠣᠨᠢᠴᠢᠨ ᠡᠪᠦᠭᠡ ᠶ᠋ᠢᠨ ᠮᠢᠨᠢ ᠨᠠᠷᠠᠨ ᠤ᠋ ᠰᠠᠯᠬᠢ ᠲᠠᠢ ᠦᠨᠦᠷ᠂ ᠪᠣᠷᠣ ᠢᠰᠡᠭᠡᠢ ᠭᠡᠷ ᠦ᠋ᠨ ᠮᠢᠨᠢ ᠠᠷᠭᠠᠯ ᠤ᠋ᠨ ᠤᠲᠤᠭ᠎ᠠ ᠲᠠᠢ ᠦᠨᠦᠷ᠁ ᠵᠡᠷᠭᠡ ᠵᠡᠷᠭᠡ ᠳ᠋ᠡᠭᠡᠨ ᠦᠨᠦᠷᠲᠦᠬᠦ ᠰᠢᠭ ᠰᠠᠨᠠᠭᠳᠠᠵᠤ᠂ ᠤᠷᠲᠤ ᠶ᠋ᠢᠨ ᠳᠠᠭᠤᠤ᠂ ᠤᠶᠠᠩᠭ᠎ᠠ ᠨᠠᠢᠷᠠᠭ ᠡᠨᠳᠡ ᠡᠴᠡ ᠯᠡ ᠲᠥᠷᠥᠳᠡᠭ ᠰᠢᠭ ᠪᠣᠳᠣᠭᠳᠠᠬᠤ ᠪᠠᠷ ᠨᠠᠷᠠᠨ ᠤ᠋ ᠳᠣᠣᠷ᠎ᠠ ᠠᠮᠢᠳᠤ ᠶᠠᠪᠤᠬᠤ ᠶ᠋ᠢᠨ ᠪᠠᠬᠠᠷᠬᠠᠯ ᠢ᠋ ᠨᠤᠲᠤᠭ ᠮᠢᠨᠢ ᠬᠠᠢᠷᠠᠯᠠᠳᠠᠭ ᠪᠠᠢᠵᠠᠢ ᠭᠡᠵᠦ ᠤᠬᠠᠭᠠᠷᠠᠳᠠᠭ ᠪᠠᠢᠭᠰᠠᠨ᠃ ᠤᠨᠠᠭᠰᠠᠨ ᠨᠤᠲᠤᠭ ᠤ᠋ᠨ ᠮᠢᠨᠢ ᠭᠠᠭᠴᠠ ᠬᠡᠰᠡᠭ ᠴᠢᠯᠠᠭᠤ ᠬᠦᠷᠲᠡᠯ᠎ᠡ ᠠᠮᠢ ᠠᠮᠢᠵᠢᠷᠠᠯ ᠤ᠋ᠨ ᠢᠷᠠᠭᠤ ᠰᠣᠳᠣᠨ ᠲᠤᠤᠯᠢ ᠬᠠᠢᠯᠠᠵᠤ᠂ ᠨᠤᠲᠤᠭᠴᠢ ᠬᠥᠮᠦᠨ ᠳ᠋ᠦ᠍ ᠠᠭᠤᠯᠠᠨ ᠤ᠋ ᠴᠢᠯᠠᠭᠤ ᠡᠷᠳᠡᠨᠢ ᠪᠣᠯᠳᠠᠭ ᠵᠢᠮ᠎ᠡ ᠶ᠋ᠢ ᠣᠢᠯᠠᠭᠠᠭᠤᠯᠵᠤ ᠴᠢᠳᠠᠭᠰᠠᠨ ᠪᠠᠢᠬᠤ ᠳ᠋ᠤ᠌ ᠪᠦᠳᠦᠷᠢᠬᠦ ᠶ᠋ᠢᠨ ᠰᠤᠷᠭᠠᠮᠵᠢ᠂ ᠪᠣᠰᠬᠤ ᠶ᠋ᠢᠨ ᠵᠣᠷᠢᠭ ᠱᠠᠩᠨᠠᠭᠰᠠᠨ ᠲᠡᠷᠡ ᠬᠡᠰᠡᠭ ᠬᠥᠬᠡ ᠴᠢᠯᠠᠭᠤ ᠶ᠋ᠢ ᠪᠢ ᠬᠠᠢᠷᠠᠯᠠᠬᠤ ᠦᠭᠡᠢ ᠪᠠᠢᠵᠤ ᠪᠣᠯᠤᠨ᠎ᠠ ᠤᠤ ᠳᠠ᠃
ᠪᠤᠶᠠᠨᠲᠠᠢ ᠪᠤᠭᠤᠷᠤᠯ ᠲᠣᠮᠣᠭᠠᠲᠠᠣᠨ ᠢ᠋ᠶ᠋ᠠᠨ ᠵᠠᠯᠭᠠᠵᠤ ᠪᠤᠩᠬᠤᠨ ᠡᠩᠭᠡᠷ ᠨᠤᠲᠤᠭ ᠲᠠᠭᠠᠨ ᠵᠢᠷᠭᠠᠵᠤ ᠭᠤᠨᠳᠠᠵᠤ ᠶᠠᠪᠤᠭᠰᠠᠨ ᠨᠠᠳᠠ ᠠᠳᠠᠯᠢ ᠣᠯᠠᠨ ᠮᠣᠩᠭᠣᠯ ᠬᠦᠦ ᠠᠭᠤᠯᠠᠨ ᠤ᠋ ᠪᠠᠨ ᠴᠢᠯᠠᠭᠤᠨ ᠳ᠋ᠤ᠌ ᠡᠭᠡᠯᠢᠲᠡᠢ ᠶᠠᠪᠤᠳᠠᠭ ᠶᠤᠮ ᠪᠣᠯ ᠨᠤᠲᠤᠭ ᠤ᠋ᠨ ᠮᠢᠨᠢ ᠠᠯᠠᠭᠠᠨ ᠬᠢᠷᠢ ᠭᠠᠵᠠᠷ ᠴᠤ ᠬᠥᠮᠦᠨ ᠦ᠌ ᠬᠠᠢᠷ᠎ᠠ ᠦᠭᠡᠢ ᠥᠨᠥᠴᠢᠷᠡᠬᠦ ᠦᠭᠡᠢ ᠯᠡ ᠳᠡ ᠬᠥᠭᠡᠷᠦᠬᠦᠢ! ᠪᠤᠩᠬᠤᠨ ᠠᠭᠤᠯᠠᠨ ᠤ᠋ ᠪᠠᠨ ᠪᠤᠲᠠ ᠪᠤᠷᠭᠠᠰᠤ᠂ ᠬᠤᠯᠤᠰᠤ ᠳᠡᠷᠡᠰᠦᠨ ᠳ᠋ᠦ᠍ᠨᠢ ᠬᠦᠷᠲᠡᠯ᠎ᠡ ᠬᠠᠢᠷᠠᠲᠠᠢ᠂ ᠶᠠᠪᠤᠭᠰᠠᠨ ᠮᠢᠨᠦ ᠡᠪᠦᠭᠡ ᠰᠢᠭ ᠤᠬᠠᠭᠠᠨᠲᠤ ᠪᠤᠭᠤᠷᠤᠯ ᠠᠬᠠᠮᠠᠳ ᠤ᠋ᠳ ᠮᠢᠨᠢ ᠲᠥᠷᠥᠭᠰᠡᠨ ᠨᠤᠲᠤᠭ ᠤ᠋ᠨ ᠢ᠋ᠶ᠋ᠠᠨ ᠪᠣᠷᠣᠬᠠᠨ ᠬᠥᠷᠥᠰᠥᠨ ᠳ᠋ᠦ᠍ ᠬᠠᠢᠷ᠎ᠠ ᠪᠠᠷ ᠠᠭᠤᠰᠤᠨ ᠰᠢᠩᠭᠡᠬᠦ ᠳ᠋ᠡᠭᠡᠨ ᠴᠢᠯᠠᠭᠤᠨ ᠳ᠋ᠤ᠌ ᠬᠠᠢᠷᠠᠲᠠᠢ ᠶᠠᠪᠤᠬᠤ ᠤᠶᠠᠨ ᠤᠬᠠᠭᠠᠨ ᠢ᠋ ᠬᠣᠢᠴᠢᠰ ᠲᠠᠭᠠᠨ ᠦᠯᠡᠳᠡᠭᠡᠳᠡᠭ ᠨᠢ ᠲᠦᠮᠡᠨ ᠵᠥᠪ ᠠᠪᠠᠢ᠃
ᠪᠠᠭ᠎ᠠ ᠨᠠᠰᠤᠨ ᠤ᠋ ᠪᠠᠭᠤᠴᠠ ᠠ᠋ᠴᠠ ᠪᠠᠨ ᠲᠡᠭᠦᠭᠰᠡᠨ ᠡᠨᠡ ᠵᠢᠵᠢᠭᠬᠡᠨ ᠬᠥᠬᠡ ᠴᠢᠯᠠᠭᠤ ᠤᠲᠤᠭᠠᠲᠤ ᠪᠢᠴᠢᠬᠠᠨ ᠭᠡᠷ ᠦ᠋ᠨ ᠮᠢᠨᠢ ᠬᠡᠷᠡᠮ ᠳᠡᠭᠡᠷ᠎ᠡ ᠳᠤᠭᠤᠢᠬᠠᠨ ᠡᠯᠭᠦᠭᠳᠡᠵᠦ᠂ ᠥᠨᠳᠥᠷᠯᠢᠭ ᠦ᠋ᠨ ᠨᠠᠷᠠ ᠰᠠᠯᠬᠢᠨ ᠳ᠋ᠤ᠌ ᠬᠡᠴᠢᠨᠡᠭᠡᠨ ᠴᠤ ᠵᠢᠯ ᠪᠠᠢᠪᠠ ᠳᠠ ᠭᠡᠮᠡᠷ ᠡᠭᠡᠯ ᠭᠠᠩᠳᠠᠭᠤ ᠪᠣᠷᠣᠭᠵᠢᠭᠤᠨ ᠴᠡᠮᠴᠡᠭᠡᠷ ᠳᠦᠷᠢ ᠪᠡᠷ ᠢ᠋ᠶ᠋ᠡᠨ ᠨᠠᠳᠠ ᠬᠠᠨᠢ ᠪᠣᠯᠤᠭᠰᠠᠭᠠᠷ᠂ ᠨᠤᠲᠤᠭ ᠠ᠋ᠴᠠ ᠪᠠᠨ ᠰᠠᠯᠤᠭᠰᠠᠨ ᠮᠢᠨᠦ ᠰᠡᠳᠬᠢᠯ ᠳ᠋ᠦ᠍ ᠬᠥᠮᠦᠨ ᠪᠠᠢᠭᠠᠯᠢ ᠬᠣᠶᠠᠷ ᠤ᠋ᠨ ᠤᠶᠠᠬᠠᠨ ᠳᠠᠲᠠᠯᠳᠤᠯ ᠢ᠋ ᠬᠦᠦᠷᠨᠢᠭᠰᠡᠭᠡᠷ᠁
ᠪᠠᠷᠢᠵᠤ ᠦᠵᠡᠪᠡᠯ ᠬᠥᠪ ᠬᠦᠢᠲᠡᠨ᠂ ᠬᠠᠪ ᠬᠠᠲᠠᠭᠤ ᠡᠨᠡ ᠴᠢᠯᠠᠭᠤᠨ ᠤ᠋ ᠳᠣᠲᠣᠷ᠎ᠠ᠃ ᠮᠠᠭᠮᠠ ᠰᠢᠭ᠋ ᠣᠷᠭᠢᠯᠤᠭᠰᠠᠨ ᠬᠠᠯᠠᠭᠤᠨ ᠢᠯᠴᠢ ᠪᠠᠢᠭ᠎ᠠ᠂ ᠡᠭᠦᠨ ᠢ᠋ ᠴᠢ ᠮᠡᠳᠡᠬᠦ ᠦᠭᠡᠢ᠃ ᠤᠴᠢᠷ ᠨᠢ ᠴᠢ ᠪᠤᠩᠬᠤᠨ ᠡᠩᠭᠡᠷ ᠦ᠋ᠨ ᠬᠦᠦ ᠪᠢᠰᠢ ᠪᠣᠯᠬᠣᠷ ᠨᠤᠲᠤᠭ ᠤ᠋ᠨ ᠮᠢᠨᠢ ᠴᠢᠯᠠᠭᠤᠨ ᠤ᠋ ᠢᠯᠴᠢ ᠶ᠋ᠢ ᠮᠡᠳᠡᠷᠡᠵᠦ ᠳᠡᠢᠯᠬᠦ ᠦᠭᠡᠢ᠃ ᠡᠨᠡ ᠴᠢᠯᠠᠭᠤ ᠶ᠋ᠢ ᠬᠦᠯᠬᠦᠬᠦ ᠳ᠋ᠦ᠍ ᠡᠵᠢ ᠶ᠋ᠢᠨ ᠴᠠᠭᠠᠨ ᠰᠦ ᠠᠮᠲᠠᠭᠳᠠᠨ᠂ ᠠᠭᠢ ᠶ᠋ᠢᠨ ᠰᠣᠳᠣᠨ ᠦᠨᠦᠷ ᠬᠠᠩᠬᠤᠯᠤᠨ᠂ ᠠᠪᠤ ᠶ᠋ᠢᠨ ᠮᠢᠨᠢ ᠥᠬᠥᠭᠡᠷᠳᠡᠭᠰᠡᠨ ᠬᠠᠢᠷ᠎ᠠ ᠡᠷᠬᠡ ᠦᠭᠡᠢ ᠰᠠᠨᠠᠭᠳᠠᠳᠠᠭ᠃ ᠡᠭᠦᠨ ᠢ᠋ ᠴᠢ ᠮᠡᠳᠡᠬᠦ ᠦᠭᠡᠢ᠃ ᠤᠴᠢᠷ ᠨᠢ ᠲᠠ ᠡᠨᠡ ᠴᠢᠯᠠᠭᠤᠨ ᠳ᠋ᠤ᠌ ᠪᠦᠳᠦᠷᠢᠵᠦ᠂ ᠡᠨᠡ ᠴᠢᠯᠠᠭᠤ ᠶ᠋ᠢ ᠲᠦᠰᠢᠵᠦ ᠬᠥᠯ ᠳ᠋ᠦ᠍ ᠣᠷᠣᠭᠰᠠᠨ ᠦᠭᠡᠢ ᠪᠣᠯᠬᠣᠷ ᠮᠢᠨᠦ ᠨᠤᠲᠤᠭ ᠤ᠋ᠨ ᠴᠢᠯᠠᠭᠤᠨ ᠤ᠋ ᠰᠡᠳᠬᠢᠯ ᠢ᠋ ᠣᠢᠯᠠᠭᠠᠬᠤ ᠦᠭᠡᠢ ᠨᠢ ᠶᠠᠷᠢᠶᠠᠨ ᠦᠭᠡᠢ᠃ ᠵᠢᠪ ᠵᠢᠵᠢᠭᠬᠡᠨ ᠡᠨᠡ ᠴᠢᠯᠠᠭᠤ ᠶ᠋ᠢ ᠴᠢᠮᠡᠭᠡ ᠦᠭᠡᠢᠬᠡᠨ ᠬᠠᠷᠠᠭᠠᠳ ᠰᠠᠭᠤᠬᠤ ᠳ᠋ᠤ᠌ ᠪᠣᠷᠣ ᠭᠥᠷᠥᠭᠡᠰᠦ ᠴᠠᠬᠢᠯᠠᠭᠰᠠᠨ᠂ ᠪᠤᠲᠠ ᠪᠤᠷᠭᠠᠰᠤ ᠨᠠᠢᠭᠤᠭᠰᠠᠨ ᠥᠩᠭᠡᠷᠡᠭᠴᠢ ᠣᠨ ᠵᠢᠯ ᠦ᠋ᠳ ᠦ᠋ᠨ ᠪᠠᠢᠭᠠᠯᠢ ᠶ᠋ᠢᠨ ᠰᠠᠢᠬᠠᠨ ᠠᠬᠤᠢ ᠪᠠ ᠬᠠᠭᠠᠰ ᠲᠠᠴᠢᠷᠳᠠᠨ ᠬᠠᠭᠠᠰ ᠡᠯᠡᠰᠦᠷᠬᠡᠭᠵᠢᠵᠦ᠂ ᠪᠣᠷᠣ ᠭᠥᠷᠥᠭᠡᠰᠦ ᠶ᠋ᠢ ᠪᠦᠦ ᠬᠡᠯᠡ᠂ ᠪᠤᠲᠠᠨ ᠤ᠋ ᠲᠠᠤᠯᠠᠢ ᠴᠤ᠌ ᠴᠥᠭᠡᠷᠡᠭᠰᠡᠨ ᠥᠨᠥ ᠴᠠᠭ ᠤ᠋ᠨ ᠬᠠᠷᠠᠮᠰᠠᠯ ᠮᠢᠨᠦ ᠨᠢᠳᠦᠨ ᠳ᠋ᠦ᠍᠂ ᠮᠢᠨᠦ ᠰᠡᠳᠬᠢᠯ ᠳ᠋ᠦ᠍ ᠨᠢᠯᠪᠤᠰᠤᠨ ᠵᠠᠢᠷ ᠲᠠᠢ ᠲᠤᠨᠤᠷᠠᠵᠤ ᠢᠷᠡᠳᠡᠭ ᠢ᠋ ᠴᠦ᠍ ᠲᠠ ᠮᠡᠳᠡᠬᠦ ᠦᠭᠡᠢ᠃ ᠤᠴᠢᠷ ᠨᠢ ᠪᠠᠢᠭᠠᠯᠢ ᠠᠬᠤᠢ ᠲᠠᠢ ᠪᠠᠨ ᠢᠳᠡᠭᠡᠰᠢᠨ ᠲᠡᠰᠴᠦ᠂ ᠵᠢᠷᠦᠬᠡᠨ ᠰᠤᠳᠠᠰᠤ ᠪᠠᠷ ᠢ᠋ᠶ᠋ᠠᠨ ᠬᠣᠯᠪᠣᠭ᠎ᠠ ᠲᠠᠢ ᠶᠠᠪᠤᠳᠠᠭ ᠡᠨᠡ ᠨᠤᠲᠤᠭ ᠤ᠋ᠨ ᠬᠦᠦ ᠪᠢᠰᠢ ᠪᠣᠯ ᠡᠨᠡ ᠴᠢᠯᠠᠭᠤ ᠶ᠋ᠢ ᠬᠠᠢᠷᠠᠯᠠᠵᠤ ᠶᠠᠪᠤᠳᠠᠭ ᠮᠢᠨᠦ ᠰᠡᠳᠬᠢᠯ ᠢ᠋ ᠣᠢᠯᠠᠭᠠᠬᠤ ᠦᠭᠡᠢ ᠴᠢᠨᠢ ᠵᠥᠪ ᠯᠡ ᠳᠡ᠃
ᠬᠠᠶᠠ ᠪᠢ ᠨᠤᠲᠤᠭ ᠤ᠋ᠨ ᠴᠢᠯᠠᠭᠤ ᠲᠠᠢ ᠪᠠᠨ ᠶᠠᠷᠢᠯᠴᠠᠵᠤ ᠰᠠᠭᠤᠳᠠᠭ᠄
—ᠨᠤᠲᠤᠭ ᠤ᠋ᠨ ᠮᠢᠨᠢ ᠴᠢᠯᠠᠭᠤ ᠠ᠋᠂ ᠪᠢ ᠴᠢᠮᠠᠶ᠋ᠢ ᠪᠠᠨ ᠠᠭᠤᠯᠠᠨ ᠠ᠋ᠴᠠ ᠴᠢᠨᠢ ᠰᠠᠯᠭᠠᠵᠤ᠂ ᠬᠠᠷᠢ ᠶ᠋ᠢᠨ ᠭᠠᠵᠠᠷ ᠲᠤ ᠥᠨᠦᠴᠢᠷᠡᠭᠦᠯᠴᠢᠬᠡᠪᠡ ᠤᠤ ᠳᠠ?
—ᠦᠭᠡᠢ ᠠ᠋᠂ ᠦᠭᠡᠢ᠃ ᠨᠤᠲᠤᠭ ᠲᠠᠭᠠᠨ ᠬᠠᠢᠷᠠᠲᠠᠢ᠂ ᠨᠠᠳᠠ ᠬᠠᠢᠷᠠᠲᠠᠢ ᠪᠤᠩᠬᠤᠨ ᠡᠩᠭᠡᠷ ᠦ᠋ᠨ ᠬᠥᠪᠡᠭᠦᠨ ᠴᠢᠮ᠎ᠠ ᠲᠠᠢ ᠴᠣᠭ ᠪᠠᠢᠬᠤ ᠳ᠋ᠠᠭᠠᠨ ᠠᠭᠤᠯᠠᠨ ᠳ᠋ᠠᠭᠠᠨ ᠪᠠᠢᠬᠤ ᠰᠢᠭ᠋ ᠬᠠᠨᠢ ᠲᠠᠢ ᠰᠠᠨᠠᠭᠳᠠᠨ᠎ᠠ᠃ ᠡᠵᠡᠨ ᠨᠤᠲᠤᠭ ᠬᠣᠶᠠᠷ ᠠᠮᠢᠨ ᠬᠣᠯᠪᠣᠭ᠎ᠠ ᠲᠠᠢ ᠭᠡᠳᠡᠭ ᠦ᠋ᠨ ᠤᠴᠢᠷ ᠡᠨᠡ ᠳᠡ᠃
—ᠲᠠ ᠪᠤᠩᠬᠤᠨ ᠡᠩᠭᠡᠷ ᠢ᠋ᠶ᠋ᠡᠨ ᠰᠠᠨᠠᠳᠠᠭ ᠤᠤ?
—ᠰᠠᠨᠠᠨ᠎ᠠ ᠰᠢᠦ᠂ ᠬᠦᠦ ᠮᠢᠨᠢ᠃ ᠠᠭᠢ ᠰᠢᠷᠠᠯᠵᠢ ᠦᠨᠦᠷᠲᠦᠭᠰᠡᠨ᠂ ᠪᠥᠪᠡᠭᠡᠯᠵᠢ ᠰᠢᠪᠠᠭᠤ ᠳᠣᠩᠭᠣᠳᠤᠭᠰᠠᠨ ᠲᠡᠷᠡ ᠨᠠᠮᠬᠠᠨ ᠪᠣᠷᠣ ᠠᠭᠤᠯᠠ ᠨᠠᠳᠠ ᠲᠠᠢ ᠵᠢᠷᠦᠬᠡᠨ ᠬᠣᠯᠪᠣᠭ᠎ᠠ ᠲᠠᠢ ᠶᠤᠮ ᠠ᠋᠃ ᠴᠢ ᠡᠵᠢ ᠪᠡᠨ ᠰᠠᠨᠠᠳᠠᠭ ᠲᠠᠢ ᠠᠳᠠᠯᠢ ᠪᠢ ᠪᠠᠰᠠ ᠠᠭᠤᠯᠠ ᠪᠠᠨ ᠦᠭᠡᠶ᠋ᠢᠯᠡᠨᠡ ᠰᠢᠦ᠁
— ᠲᠠ ᠠᠷᠪᠢᠨ ᠵᠦᠢᠯ ᠊ᠢ ᠮᠥᠷᠥᠭᠡᠳᠳᠡᠭ ᠊ᠤᠤ?
— ᠲᠡᠶ᠋ᠢᠮᠦ ᠠ᠋᠂ ᠬᠦᠦ ᠮᠢᠨᠢ᠂ ᠥᠩᠭᠡᠷᠡᠨ ᠣᠳᠤᠭᠰᠠᠨ ᠡᠳᠦᠷ ᠰᠠᠷ᠎ᠠ ᠨᠤᠭᠤᠳ ᠊ᠢ ᠲᠣᠭᠠᠯᠠᠪᠠᠯ ᠲᠣᠩ ᠤᠷᠲᠤ ᠪᠣᠯᠴᠢᠬᠠᠵᠠᠢ᠃ ᠲᠡᠷᠡ ᠦᠶ᠎ᠡ ᠵᠢᠨ ᠬᠥᠮᠦᠰ ᠪᠠᠶ᠋ᠢᠭᠠᠯᠢ ᠳ᠋ᠠᠭᠠᠨ ᠬᠠᠶ᠋ᠢᠷᠠᠲᠠᠢ ᠂ ᠴᠢᠯᠠᠭᠤᠨ ᠳ᠋ᠤ᠌ ᠬᠠᠶ᠋ᠢᠷᠠᠲᠠᠢ ᠪᠠᠶ᠋ᠢᠭᠰᠠᠨ ᠶᠤᠮ ᠡ᠁ ᠥᠨᠥ ᠪᠣᠯᠬᠤ ᠳ᠋ᠤ᠌ ᠣᠷᠭᠢᠯ ᠵᠢᠠᠨ ᠪᠠᠷᠠᠳᠠᠨ ᠨᠢᠰᠳᠡᠭ ᠪᠠᠶ᠋ᠢᠭᠰᠠᠨ ᠲᠡᠷᠡ ᠬᠦᠷᠡᠩ ᠪᠦᠷᠭᠦᠳ ᠴᠤ᠌ ᠦᠭᠡᠢ ᠪᠣᠯᠴᠢᠬᠠᠭᠰᠠᠨ᠂ ᠪᠤᠩᠬᠤᠨ ᠡᠩᠭᠡᠷ ᠮᠢᠨᠢ ᠪᠤᠲᠠᠨ ᠳ᠋ᠠᠭᠠᠨ ᠡᠯᠡᠰᠦ ᠨᠥᠮᠦᠭᠡᠯᠡᠭᠡᠳ᠁ ᠴᠢᠮ᠎ᠠ ᠰᠢᠭ᠋ ᠨᠤᠲᠤᠭ ᠲᠠᠭᠠᠨ ᠬᠠᠶ᠋ᠢᠷᠠᠲᠠᠢ ᠬᠥᠮᠦᠨ ᠊ᠢ ᠠᠭᠤᠯᠠᠨ ᠊ᠤ ᠴᠢᠨᠢ ᠴᠢᠯᠠᠭᠤᠳ ᠶᠡᠬᠡ ᠦᠭᠡᠶ᠋ᠢᠯᠡᠳᠡᠭ ᠶᠤᠮ ᠠ᠋ ᠁
— ᠲᠡᠷᠡ ᠬᠦᠷᠡᠩ ᠪᠦᠷᠭᠦᠳ ᠶᠠᠭᠠᠬᠢᠴᠢᠬᠠᠭᠰᠠᠨ ᠶᠤᠮ ᠪᠣᠢ? ᠦᠬᠦᠴᠢᠬᠡᠭᠰᠡᠨ ᠶᠤᠮ ᠊ᠤᠤ?
— ᠦᠭᠡᠢ᠂ ᠲᠡᠷᠡ ᠦᠬᠦᠭᠡ ᠦᠭᠡᠢ! ᠠᠭᠤᠯᠠ ᠪᠠᠨ ᠥᠮᠥᠭᠡᠷᠡᠵᠦ ᠬᠠᠳᠠ ᠬᠢᠰᠠᠭᠠᠨ ᠳ᠋ᠡᠬᠢ ᠡᠭᠦᠷ ᠵᠢᠡᠨ ᠥᠮᠥᠭᠡᠷᠡᠵᠦ᠂ ᠮᠥᠨ ᠴᠦ᠍ ᠠᠭᠤᠯᠠᠨ ᠳ᠋ᠠᠭᠠᠨ ᠳᠠᠩᠴᠤ ᠬᠠᠶ᠋ᠢᠷᠠᠲᠠᠢ ᠵᠢᠨ ᠤᠯᠠᠮ ᠵᠢᠠᠷ ᠠᠭᠤᠯᠠᠨ ᠳ᠋ᠠᠭᠠᠨ ᠰᠢᠩᠭᠡᠴᠢᠬᠡᠭᠰᠡᠨ ᠶᠤᠮ ᠃ ᠲᠡᠷᠡ ᠪᠦᠷᠭᠦᠳ ᠪᠤᠩᠬᠤᠨ ᠠᠭᠤᠯᠠ ᠵᠢᠨ ᠴᠢᠨᠢ ᠡᠪᠦᠷ ᠲᠦ᠍ ᠪᠠᠶ᠋ᠢᠭ᠎ᠠ ᠰᠢᠦ ᠳ᠋ᠠ᠂ ᠭᠡᠶ᠎ᠡ ᠨᠤᠲᠤᠭ ᠲᠠᠭᠠᠨ ᠬᠠᠶ᠋ᠢᠷ᠎ᠠ ᠦᠭᠡᠢ ᠬᠥᠮᠦᠨ ᠲᠡᠷᠡ ᠪᠦᠷᠭᠦᠳ ᠊ᠢ ᠦᠬᠦᠴᠢᠬᠡᠭᠰᠡᠨ ᠭᠡᠳᠡᠭ ᠶᠤᠮ ᠠ᠋᠃
— ᠲᠠ ᠤᠬᠢᠯᠠᠵᠤ ᠥᠩᠭᠡᠷᠡᠪᠡ ᠊ᠦᠦ?
ᠥᠩᠭᠡᠷᠡᠭᠰᠡᠨ ᠡ᠂ ᠪᠤᠩᠬᠤᠨ ᠡᠩᠭᠡᠷ ᠲᠦ᠍ ᠬᠥᠮᠦᠨ ᠪᠣᠯᠤᠭᠰᠠᠨ ᠦᠶᠡᠰ ᠮᠢᠨᠢ ᠨᠠᠮᠠᠶ᠋ᠢ ᠮᠠᠷᠲᠠᠬᠤ ᠪᠠᠷ ᠨᠢᠭᠡ ᠤᠬᠢᠯᠠᠳᠠᠭ᠂ ᠰᠠᠨᠠᠬᠤ ᠦᠶ᠎ᠡ ᠳ᠋ᠤ᠌ ᠪᠠᠰᠠ ᠨᠢᠭᠡ ᠤᠬᠢᠯᠠᠳᠠᠭ ᠶᠤᠮ ᠰᠢᠦ ᠪᠢ᠁
ᠥᠩᠭᠡᠪᠴᠢᠬᠡᠨ ᠬᠣᠷᠸ᠋᠎ᠠ ᠵᠢᠨ ᠨᠠᠷᠠ ᠰᠠᠯᠬᠢᠨ ᠬᠣᠶᠠᠷ ᠲᠤ᠌ ᠪᠦᠪᠡᠶ᠋ᠢᠯᠡᠭᠳᠡᠵᠦ᠂ ᠬᠠᠯᠠ ᠬᠠᠶ᠋ᠢᠷ᠎ᠠ ᠬᠣᠶᠠᠷ ᠵᠢᠠᠷ ᠴᠤᠭᠴᠠᠵᠢᠭᠰᠠᠨ ᠨᠤᠲᠤᠭ ᠊ᠤᠨ ᠮᠢᠨᠢ ᠬᠥᠬᠡ ᠴᠢᠯᠠᠭᠤ ᠴᠢ ᠲᠥᠷᠥᠭᠰᠡᠨ ᠨᠤᠲᠤᠭ ᠲᠠᠭᠠᠨ ᠬᠠᠶ᠋ᠢᠷᠠᠲᠠᠢ ᠶᠠᠪᠤᠬᠤ ᠵᠢᠨ ᠮᠥᠩᠬᠡ ᠵᠢᠨ ᠤᠬᠠᠭᠠᠨ ᠊ᠢ ᠨᠠᠳᠠ ᠰᠢᠪᠡᠨᠡᠭᠰᠡᠨ ᠡᠷᠲᠡ ᠭᠠᠯᠪᠠ ᠵᠢᠨ ᠪᠤᠭᠤᠷᠤᠯ ᠳᠣᠮᠣᠭ ᠊ᠤᠤ ᠳ᠋ᠠ᠃ ᠬᠥᠮᠦᠨ ᠪᠠᠶ᠋ᠢᠭᠠᠯᠢ ᠬᠣᠶᠠᠷ ᠊ᠤᠨ ᠢᠳᠡᠭᠡᠰᠢᠭ ᠳᠠᠰᠤᠯᠴᠡᠯ ᠲᠠᠢ ᠪᠠᠶ᠋ᠢᠭᠰᠠᠨ ᠥᠴᠥᠭᠡᠳᠦᠷ ᠊ᠦᠨ ᠵᠠᠢ ᠶ᠋ᠢ ᠲᠤᠭᠤᠯᠵᠤ᠂ ᠠᠬᠤᠢ ᠪᠠᠶ᠋ᠢᠭᠠᠯᠢ ᠳ᠋ᠠᠭᠠᠨ ᠣᠰᠣᠯᠳᠠᠭᠰᠠᠨ ᠬᠥᠮᠦᠨ ᠨᠡᠶ᠋ᠢᠭᠡᠮ ᠊ᠦᠨ ᠥᠨᠥᠳᠥᠷ ᠊ᠢ ᠦᠵᠡᠵᠦ᠂ ᠮᠠᠷᠭᠠᠰᠢ ᠵᠦᠭ ᠪᠠᠷᠠᠯᠠᠨ ᠪᠠᠶ᠋ᠢᠭ᠎ᠠ ᠨᠤᠲᠤᠭ ᠊ᠤᠨ ᠮᠢᠨᠢ ᠴᠢᠯᠠᠭᠤ ᠴᠢ ᠭᠣᠮᠣᠳᠠᠨ ᠤᠬᠢᠯᠠᠵᠤ ᠳᠣᠭᠳᠣᠯᠤᠨ ᠪᠡᠶᠡᠰᠴᠦ᠂ ᠬᠠᠯᠠᠭᠤᠨ ᠳ᠋ᠤ᠌ ᠬᠠᠯᠠᠵᠤ᠂ ᠬᠦᠢᠲᠡᠨ ᠳ᠋ᠦ᠍ ᠬᠦᠷᠦᠵᠦ᠂ ᠣᠯᠠᠨ ᠣᠯᠠᠨ ᠬᠥᠮᠦᠨ ᠳ᠋ᠦ᠍ ᠬᠠᠶ᠋ᠢᠷᠠᠯᠠᠭᠳᠠᠵᠤ᠂ ᠣᠯᠠᠨ ᠣᠯᠠᠨ ᠬᠥᠮᠦᠨ ᠳ᠋ᠦ᠍ ᠮᠠᠷᠲᠠᠭᠳᠠᠵᠤ ᠶᠠᠪᠤᠬᠤ ᠳ᠋ᠠᠭᠠᠨ ᠲᠥᠷᠥᠭᠰᠡᠨ ᠦᠷ᠎ᠡ ᠨᠢ ᠨᠤᠲᠤᠭ ᠲᠠᠭᠠᠨ ᠬᠠᠶ᠋ᠢᠷᠠᠲᠠᠢ ᠪᠠᠶ᠋ᠢᠬᠤ ᠶᠠᠰᠤᠯᠢᠭ ᠤᠬᠠᠭᠠᠨ ᠊ᠢ ᠬᠤᠭᠤᠷ ᠊ᠤᠨ ᠮᠢᠩᠭᠠᠨ ᠡᠬᠡᠰᠢᠭ ᠵᠢᠡᠷ ᠵᠢᠷᠦᠬᠡᠨ ᠳ᠋ᠦ᠍ ᠮᠢᠨᠢ ᠰᠢᠪᠡᠨᠡᠭᠰᠡᠨ ᠪᠠᠶ᠋ᠢᠵᠠᠢ ᠳ᠋ᠠ᠃
ᠡᠭᠡᠯ ᠪᠣᠷᠣᠭᠵᠢᠭᠤᠨ ᠡᠨᠡ ᠴᠢᠯᠠᠭᠤ ᠰᠢᠭ᠋ ᠪᠤᠩᠬᠤᠨ ᠡᠩᠭᠡᠷ ᠊ᠦᠨ ᠮᠢᠨᠢ ᠣᠯᠠᠨ ᠣᠯᠠᠨ ᠬᠠᠭᠠᠨ ᠴᠢᠯᠠᠭᠤᠳ ᠲᠤ᠌᠂ ᠲᠡᠷᠡ ᠨᠤᠲᠤᠭ ᠲᠤ᠌ ᠬᠥᠮᠦᠨ ᠪᠣᠯᠵᠤ ᠬᠦᠵᠦᠭᠦᠦ ᠲᠣᠯᠣᠭᠠᠢ ᠳᠡᠭᠦᠵᠢᠯᠡᠵᠦ ᠶᠠᠪᠤᠭᠰᠠᠨ ᠪᠣᠯᠭᠠᠨ ᠬᠠᠶ᠋ᠢᠷᠠᠲᠠᠢ ᠪᠠᠶ᠋ᠢᠳᠠᠭ ᠶᠤᠮ ᠪᠣᠯ᠂ ᠵᠢᠷᠦᠬᠡ ᠰᠡᠳᠬᠢᠯ ᠵᠢᠡᠷ ᠵᠢᠡᠨ ᠨᠤᠲᠤᠭ ᠊ᠤᠨ ᠴᠢᠯᠠᠭᠤᠨ ᠊ᠤ ᠭᠣᠮᠣᠳᠠᠯ ᠪᠠᠶᠠᠰᠤᠯ ᠬᠣᠶᠠᠷ ᠊ᠢ ᠣᠶ᠋ᠢᠯᠠᠭᠠᠵᠤ ᠴᠢᠳᠠᠳᠠᠭ ᠶᠤᠮ ᠪᠣᠯ ᠡᠯᠢᠭᠡ ᠪᠦᠲᠦᠨ ᠲᠡᠷᠡ ᠰᠠᠶ᠋ᠢᠬᠠᠨ ᠪᠠᠶ᠋ᠢᠭᠠᠯᠢ ᠪᠢᠳᠡᠨ ᠳ᠋ᠤ᠌ ᠥᠭᠭᠢᠶᠡᠮᠦᠷ ᠬᠠᠶ᠋ᠢᠷ᠎ᠠ ᠵᠢᠨ ᠶᠠᠭᠤ ᠪᠦᠬᠦᠨ ᠵᠢᠡᠨ᠃
ᠥᠭᠭᠦᠨ᠎ᠡ ᠰᠢᠦ ᠳ᠋ᠠ᠃
ᠬᠥᠭᠡᠷᠦᠬᠦᠢ᠂ ᠨᠠᠮᠠᠶ᠋ᠢ ᠳᠠᠭᠠᠵᠤ ᠠᠯᠤᠰ ᠬᠠᠷᠢ ᠵᠢᠨ ᠭᠠᠵᠠᠷ ᠶᠠᠪᠤᠬᠤ ᠳ᠋ᠠᠭᠠᠨ ᠡᠬᠡ ᠨᠤᠲᠤᠭ ᠵᠢᠠᠨ ᠬᠠᠶ᠋ᠢᠷᠠᠯᠠᠬᠤ᠂ ᠤᠤᠭᠤᠭᠰᠠᠨ ᠤᠰᠤ ᠪᠠᠨ ᠰᠠᠨᠠᠬᠤ ᠵᠢᠨ ᠲᠡᠷᠡ ᠵᠢᠮ᠎ᠡ ᠶ᠋ᠢ ᠰᠢᠪᠡᠨᠡᠵᠦ ᠦᠭᠭᠦᠭᠰᠡᠨ ᠪᠤᠩᠬᠤᠨ ᠡᠩᠭᠡᠷ ᠊ᠦᠨ ᠮᠢᠨᠢ ᠵᠢᠵᠢᠭᠬᠡᠨ ᠬᠥᠬᠡ ᠴᠢᠯᠠᠭᠤ ᠴᠢ ᠬᠠᠶ᠋ᠢᠷ᠎ᠠ ᠵᠢᠨ ᠲᠤᠤᠯᠢ ᠨᠤᠲᠤᠭ ᠊ᠤᠨ ᠪᠣᠷᠣᠬᠠᠨ ᠵᠢᠷᠦᠬᠡ ᠊ᠤᠤ ᠳ᠋ᠠ᠃
① ᠡᠨᠡ ᠵᠣᠬᠢᠶᠠᠯ 《ᠬᠥᠯᠥᠨ ᠪᠤᠢᠷ 》ᠰᠡᠳᠬᠦᠯ ᠦ᠋ᠨ1998
ᠦᠰᠦᠭ ᠠᠮᠢᠯᠠᠭᠤᠯᠤᠭᠴᠢ᠄ ᠨᠡᠭᠦᠳᠡᠯ᠂ ᠢᠳᠰᠢᠩᠬᠣᠷᠯᠣ᠂ ᠨᠠᠷᠠᠨᠲᠤᠶᠠᠭ᠎ᠠ᠂ ᠪᠤᠤ ᠵᠢᠨ ᠿᠦᠩ᠂ ᠳ᠋ᠦ᠋ᠩ ᠢᠦᠢ ᠯᠢᠩ᠂ ᠪᠤᠤ ᠿᠦᠩ ᠬᠤᠸᠠ᠂ ᠰᠠᠷᠠᠨ᠎ᠠ
ᠬᠢᠨᠠᠭᠴᠢ᠄ ᠰᠡᠬᠡᠭᠡᠷᠡᠯ᠂ ᠣᠳᠬᠠᠨᠰᠣᠠ᠋᠂ ᠮᠥᠴᠢᠷ
