ᠮᠣᠩᠭᠣᠯ ᠳ᠋ᠠᠭᠠᠨ ᠡᠷᠭᠢᠵᠦ ᠲᠦᠷᠦᠭᠡᠷᠡᠢ-ᠬᠠᠢᠷ᠎ᠠ ᠶ᠋ᠢᠨ ᠬᠠᠪᠤᠷ ᠨᠠᠢᠷᠠᠭᠤᠯᠤᠯ ᠤᠨ ᠣᠷᠣᠰᠢᠯ-ᠵᠠᠮᠢᠶᠠᠩ ᠬᠠᠢᠰᠠᠩМонголдоо эргэж төрөөрэй -Хайрын хавар найрууллын оршил-Жамъян Хайсан
ᠮᠣᠩᠭᠣᠯ ᠳ᠋ᠠᠭᠠᠨ ᠡᠷᠭᠢᠵᠦ ᠲᠦᠷᠦᠭᠡᠷᠡᠢ
—ᠣᠷᠣᠰᠢᠯ ᠤ᠋ᠨ ᠣᠷᠣᠨ ᠳ᠋ᠤ᠌
ᠵᠠᠮᠢᠶᠠᠩ ᠬᠠᠢᠰᠠᠩ
ᠬᠥᠲᠥᠯᠦᠭᠴᠢ ᠴᠢᠩᠪᠠᠭᠠᠲᠤᠷ ᠨᠠᠰᠤ ᠪᠠᠷᠠᠬᠤ ᠳ᠋ᠤ᠌ ᠮᠣᠩᠭᠣᠯᠴᠤᠳ ᠬᠠᠷᠠᠭᠤᠰᠠᠯ ᠤ᠋ᠨ ᠨᠢᠯᠪᠤᠰᠤ ᠪᠠᠷ ᠡᠩᠭᠡᠷ ᠢ᠋ᠶ᠋ᠡᠨ ᠳᠡᠪᠲᠦᠭᠡᠭᠰᠡᠨ᠃ ᠬᠠᠢᠯᠠᠷ ᠭᠣᠣᠯ ᠤ᠋ᠨ ᠬᠥᠪᠡᠭᠡᠨ ᠡᠴᠡ ᠮᠤᠨᠠ ᠶ᠋ᠢᠨ ᠡᠩᠭᠡᠷ ᠬᠦᠷᠲᠡᠯ᠎ᠡ᠂ ᠭᠠᠯᠪᠠ ᠶ᠋ᠢᠨ ᠭᠣᠪᠢ ᠠ᠋ᠴᠠ ᠲᠩᠷᠢ ᠠᠭᠤᠯᠠ ᠶ᠋ᠢᠨ ᠬᠣᠷᠮᠣᠢ ᠬᠦᠷᠲᠡᠯ᠎ᠡ ᠰᠠᠴᠤᠭᠰᠠᠨ ᠱᠠᠭ᠎ᠠ ᠰᠢᠭ᠋ ᠪᠤᠲᠠᠷᠠᠭᠰᠠᠨ ᠮᠣᠩᠭᠣᠯᠴᠤᠳ᠂ ᠠᠩᠬ᠎ᠠ ᠤᠳᠠᠭ᠎ᠠ ᠪᠠᠨ ᠡᠭᠡᠯ ᠵᠢᠷ ᠦ᠋ᠨ ᠨᠢᠭᠡᠨ ᠮᠣᠩᠭᠣᠯ ᠬᠥᠪᠡᠭᠦᠨ ᠦ᠌ ᠡᠮᠦᠨ᠎ᠡ ᠡᠴᠡ ᠨᠢᠯᠪᠤᠰᠤ ᠤᠷᠤᠰᠬᠠᠭᠰᠠᠨ ᠶᠤᠮ᠃ ᠮᠣᠩᠭᠣᠯ ᠬᠥᠮᠦᠨ ᠨᠢᠯᠪᠤᠰᠤ ᠪᠠᠨ ᠬᠥᠮᠦᠨ ᠳ᠋ᠦ᠍ ᠬᠠᠷᠠᠭᠤᠯᠬᠤ ᠳᠤᠷ᠎ᠠ ᠦᠭᠡᠢ ᠶᠦᠮ ᠰᠢᠦ! ᠪᠤᠷᠬᠠᠨ ᠲᠩᠷᠢ ᠡᠴᠡ ᠢᠯᠡᠭᠡᠭᠰᠡᠨ ᠴᠢᠩ ᠵᠣᠷᠢᠭᠲᠤ᠂ ᠲᠥᠪ ᠰᠢᠳᠤᠷᠭᠤ᠂ ᠤᠬᠠᠭᠠᠨ ᠪᠢᠯᠢᠭᠲᠦ ᠬᠦᠦ ᠪᠡᠨ ᠳᠠᠩᠴᠤ ᠡᠷᠲᠡ ᠠᠯᠳᠠᠯ᠎ᠠ ᠭᠡᠵᠦ ᠮᠣᠩᠭᠣᠯ ᠲᠦᠮᠡᠨ ᠮᠠᠨᠢ ᠵᠠᠶᠠᠭᠠᠨ ᠳ᠋ᠠᠭᠠᠨ ᠭᠣᠮᠣᠳᠠᠭᠰᠠᠨ ᠪᠠᠢᠯᠭᠦᠢ᠃ ᠮᠣᠩᠭᠣᠯᠴᠤᠳ ᠰᠡᠬᠡᠭᠡᠷᠡᠵᠦ ᠪᠠᠢᠨ᠎ᠠ᠃ ᠳᠤᠤᠭᠠᠷᠪᠠᠯ ᠳᠠᠭᠤ ᠨᠢᠭᠡ᠂ ᠳᠤᠭᠲᠤᠷᠪᠠᠯ ᠬᠦᠴᠦ ᠨᠢᠭᠡ᠂ ᠬᠠᠢᠷᠠᠯᠠᠪᠠᠯ ᠵᠢᠷᠦᠬᠡ ᠨᠢᠭᠡ᠂ ᠬᠠᠮᠲᠤᠷᠠᠪᠠᠯ ᠵᠣᠷᠢᠭ ᠨᠢᠭᠡ᠂ ᠬᠠᠰᠬᠢᠷᠪᠠᠴᠤ ᠦᠭᠡ ᠨᠢᠭᠡ᠂ ᠬᠠᠢᠯᠠᠪᠠᠴᠤ ᠭᠣᠮᠣᠳᠠᠯ ᠨᠢᠭᠡ ᠪᠣᠯᠵᠤ ᠪᠠᠢᠨ᠎ᠠ᠃ ᠥᠨᠥᠳᠥᠷ ᠡᠷᠭᠢᠵᠦ ᠬᠠᠷᠠᠬᠤ ᠳ᠋ᠤ᠌᠂ ᠡᠨᠡ ᠨᠢ ᠲᠤᠩ ᠴᠤ ᠡᠭᠡᠯ ᠪᠤᠰᠤ ᠤᠳᠬ᠎ᠠ ᠠᠭᠤᠯᠭ᠎ᠠ ᠲᠠᠢ ᠤᠴᠢᠷ ᠪᠣᠯᠤᠭᠰᠠᠨ ᠠᠵᠢ᠃ ᠥᠪᠥᠷ ᠮᠣᠩᠭᠣᠯᠴᠤᠳ᠂ ᠣᠷᠴᠢᠨ ᠦᠶ᠎ᠡ ᠶ᠋ᠢᠨ ᠲᠡᠦᠬᠡᠨ ᠳᠡᠭᠡᠷ᠎ᠡ᠂ ᠮᠣᠩᠭᠣᠯ ᠬᠥᠮᠦᠨ ᠦ᠌ ᠪᠡᠨ ᠬᠣᠢᠨ᠎ᠠ ᠠ᠋ᠴᠠ ᠠᠩᠬ᠎ᠠ ᠤᠳᠠᠭ᠎ᠠ ᠪᠠᠨ ᠭᠠᠰᠢᠭᠤᠳᠠᠵᠤ ᠪᠠᠢᠭ᠎ᠠ ᠨᠢ ᠡᠨᠡ ᠪᠢᠯᠡ᠃
ᠬᠠᠮᠤᠭ ᠤ᠋ᠨ ᠬᠡᠴᠡᠭᠦᠦ ᠪᠣᠭᠣᠯᠴᠢᠯᠠᠯ ᠪᠣᠯ ᠦᠵᠡᠯ ᠰᠠᠨᠠᠭᠠᠨ ᠤ᠋ ᠪᠣᠭᠣᠯᠴᠢᠯᠠᠯ ᠶᠤᠮ᠃ ᠭᠡᠬᠦ ᠳ᠋ᠡᠭᠡᠨ ᠬᠠᠢᠷ᠎ᠠ ᠰᠡᠳᠬᠢᠯ ᠦ᠋ᠨ ᠪᠣᠭᠣᠯᠴᠢᠯᠠᠯ ᠨᠢ ᠦᠵᠡᠯ ᠰᠠᠨᠠᠭᠠᠨ ᠤ᠋ ᠪᠣᠭᠣᠯᠴᠢᠯᠠᠯ ᠠ᠋ᠴᠠ ᠴᠤ ᠵᠡᠷᠯᠢᠭ ᠪᠠᠢᠳᠠᠭ᠃ ᠪᠢᠳᠡ ᠰᠠᠶᠢᠬᠠᠨ ᠮᠣᠩᠭᠣᠯ ᠤ᠋ᠨ ᠰᠠᠢᠨ ᠬᠥᠪᠡᠭᠦᠨ ᠴᠢᠩᠪᠠᠭᠠᠠᠲᠤᠷ ᠢ᠋ᠶ᠋ᠠᠨ ᠭᠠᠰᠢᠭᠤᠳᠠᠬᠤ ᠳ᠋ᠠᠭᠠᠨ ᠬᠠᠢᠷ᠎ᠠ ᠰᠡᠳᠬᠢᠯ ᠦ᠋ᠨ ᠪᠣᠭᠣᠯᠴᠢᠯᠠᠯ ᠠ᠋ᠴᠠ ᠮᠤᠯᠲᠤᠷᠠᠯᠠ᠃ ᠬᠦᠨᠳᠦᠯᠡᠵᠦ ᠬᠠᠢᠷᠠᠯᠠᠶ᠎ᠠ ᠭᠡᠰᠡᠨ ᠬᠥᠮᠦᠨ ᠢ᠋ᠶ᠋ᠡᠨ ᠬᠦᠨᠳᠦᠯᠡᠵᠦ ᠬᠠᠢᠷᠠᠯᠠᠵᠤ ᠪᠣᠯᠬᠤ ᠴᠠᠭ ᠬᠦᠷᠴᠦ ᠢᠷᠡᠵᠡᠢ᠃ ᠲᠧᠯᠸᠢᠰ ᠷᠠᠳᠢᠣ᠋᠂ ᠰᠣᠨᠢᠨ ᠰᠡᠳᠬᠦᠯ᠂ ᠰᠦᠯᠵᠢᠶᠡᠨ ᠳᠡᠭᠡᠷ᠎ᠡ᠂ ᠪᠢᠳᠡᠨ ᠦ᠌ ᠡᠮᠦᠨ᠎ᠡ ᠡᠴᠡ ᠦᠭᠡ ᠶᠠᠷᠢᠵᠤ᠂ ᠮᠣᠩᠭᠣᠯ ᠬᠥᠮᠦᠨ᠂ ᠨᠤᠲᠤᠭ ᠪᠠᠢᠭᠠᠯᠢ᠂ ᠤᠨᠠᠭᠠᠨ ᠰᠣᠶᠣᠯ ᠤ᠋ᠨ ᠢ᠋ᠶ᠋ᠠᠨ ᠲᠥᠯᠥᠭᠡ ᠵᠣᠪᠠᠵᠤ ᠰᠢᠨᠠᠯᠵᠤ᠂ ᠠᠮᠢ ᠨᠠᠰᠤ᠂ ᠠᠯᠲᠠᠨ ᠪᠡᠶ᠎ᠡ ᠪᠡᠨ ᠵᠣᠯᠢᠶᠠᠰᠤᠯᠠᠭᠰᠠᠨ ᠴᠢᠩᠪᠠᠭᠠᠲᠤᠷ ᠲᠤ ᠡᠷᠬᠢᠮ ᠳᠡᠭᠡᠳᠦ ᠬᠦᠨᠳᠦᠳᠬᠡᠯ ᠪᠢᠰᠢᠷᠡᠯ ᠢ᠋ᠶ᠋ᠡᠨ ᠢᠯᠡᠷᠬᠡᠢᠯᠡᠵᠦ ᠪᠠᠢᠭ᠎ᠠ ᠨᠢ ᠮᠣᠩᠭᠣᠯ ᠬᠥᠮᠦᠨ ᠦ᠌ ᠨᠢᠩᠵᠢᠨ ᠰᠡᠳᠬᠢᠯ ᠰᠡᠷᠭᠦᠵᠦ ᠪᠠᠢᠭ᠎ᠠ ᠶ᠋ᠢᠨ ᠪᠡᠯᠭᠡ ᠲᠡᠮᠳᠡᠭ ᠮᠥᠨ ᠭᠡᠵᠦ ᠪᠢ ᠪᠣᠳᠣᠵᠤ ᠪᠠᠢᠨ᠎ᠠ᠃
《ᠪᠠᠭᠠᠲᠤᠷ ᠪᠠᠢᠭᠠᠳ ᠪᠠᠭᠠᠲᠤᠷ ᠢ᠋ᠶ᠋ᠠᠨ ᠬᠠᠢᠷᠠᠯᠠᠵᠤ ᠥᠮᠥᠭᠯᠡᠳᠡᠭ ᠦᠭᠡᠢ ᠦᠨᠳᠦᠰᠦᠲᠡᠨ᠂ ᠠᠳᠤᠭᠤᠰᠤ ᠠᠮᠢᠲᠠᠨ ᠤ᠋ ᠰᠦᠷᠦᠭ ᠲᠡᠢ ᠢᠯᠭᠠᠭ᠎ᠠ ᠶᠠᠭᠤᠨ ᠪᠠᠢᠬᠤ ᠪᠣᠢ?》 ᠭᠡᠵᠦ ᠨᠢᠭᠡᠨ ᠮᠡᠷᠭᠡᠳ ᠶᠠᠷᠢᠭᠰᠠᠨ᠃ ᠡᠨᠡ ᠴᠠᠭ ᠦᠶ᠎ᠡ ᠳ᠋ᠦ᠍᠂ ᠮᠠᠨ ᠤ᠋ ᠮᠣᠩᠭᠣᠯ ᠳ᠋ᠤ᠌ ᠴᠢᠩᠪᠠᠭᠠᠲᠤᠷ ᠰᠢᠭ᠋ ᠰᠢᠭᠤᠷᠬᠠᠢ ᠴᠢᠮᠪᠠᠢ ᠰᠣᠶᠣᠯ ᠤ᠋ᠨ ᠪᠠᠭᠠᠲᠤᠷ ᠬᠡᠷᠡᠭᠲᠡᠢ᠃ ᠭᠡᠬᠦ ᠳ᠋ᠡᠭᠡᠨ ᠡᠢᠮᠦ ᠪᠠᠭᠠᠲᠤᠷ ᠢ᠋ᠶ᠋ᠠᠨ ᠬᠠᠢᠷᠠᠯᠠᠵᠤ ᠥᠮᠥᠭᠯᠡᠳᠡᠭ ᠴᠢᠩ ᠵᠣᠷᠢᠭᠲᠤ ᠠᠷᠠᠳ ᠲᠦᠮᠡᠨ ᠨᠡᠩ ᠬᠡᠷᠡᠭᠲᠡᠢ᠃
ᠣᠳᠣ ᠲᠠ ᠪᠦᠬᠦᠨ ᠦ᠌ ᠡᠮᠦᠨ᠎ᠡ ᠳᠡᠯᠭᠡᠭᠳᠡᠵᠦ ᠪᠠᠢᠭ᠎ᠠ ᠡᠨᠡ ᠨᠣᠮ ᠪᠣᠯ ᠨᠢᠭᠡ ᠶᠣᠰᠣᠨ ᠳ᠋ᠠᠭᠠᠨ ᠴᠢᠩᠪᠠᠭᠠᠲᠤᠷ ᠤ᠋ᠨ ᠭᠡᠷᠢᠶᠡᠰ ᠶᠦᠮ᠃《ᠭᠠᠷᠴᠠᠭ᠎ᠠ ᠦᠭᠡᠢ ᠪᠢ᠂ ᠯᠡ ᠰᠢᠭ ᠤᠨᠲᠠᠷᠠᠯᠠ ᠴᠤ / ᠭᠠᠭᠴᠠᠬᠠᠨ ᠵᠢᠷᠦᠬᠡ ᠮᠢᠨᠢ ᠴᠣᠭᠰᠢᠵᠤ ᠦᠯᠡᠳᠡᠬᠦ ᠶᠦᠮ / ᠴᠣᠭ ᠲᠠᠢ ᠲᠡᠷᠡ ᠵᠢᠷᠦᠬᠡᠨ ᠡᠴᠡ ᠭᠠᠯ ᠠᠰᠠᠭᠠᠭᠰᠠᠨ ᠬᠣᠢᠴᠢᠰ ᠮᠢᠨᠢ / ᠴᠣᠮᠪᠣᠩ ᠲᠤᠭᠤᠷᠠᠢ ᠲᠠᠢ ᠬᠦᠯᠦᠭ ᠢ᠋ᠶ᠋ᠡᠷ ᠢ᠋ᠶ᠋ᠡᠨ ᠲᠠᠰᠤᠷᠬᠠᠢ ᠲᠠᠯ᠎ᠠ ᠪᠠᠨ ᠬᠦᠪᠦᠷᠢᠳᠬᠦ ᠶᠦᠮ》 ᠭᠡᠵᠦ ᠴᠢᠩᠪᠠᠭᠠᠲᠤᠷ《ᠡᠷᠡᠮᠡᠯᠵᠡᠯ》 ᠭᠡᠬᠦ ᠰᠢᠯᠦᠭ ᠲᠡᠭᠡᠨ ᠪᠢᠴᠢᠭᠰᠡᠨ ᠪᠠᠢᠳᠠᠭ᠃ ᠲᠡᠷᠡ᠂ ᠶᠠᠭᠤᠨ ᠤ᠋ ᠲᠥᠯᠥᠭᠡ ᠵᠣᠪᠠᠵᠤ ᠡᠮᠵᠡᠭᠯᠡᠵᠦ ᠶᠠᠭᠤᠨ ᠤ᠋ ᠲᠥᠯᠥᠭᠡ ᠵᠣᠷᠢᠭᠵᠢᠵᠤ ᠪᠠᠬᠠᠷᠬᠠᠵᠤ ᠶᠠᠪᠤᠭᠰᠠᠨ ᠶᠤᠮ ᠪᠣᠢ? ᠭᠡᠳᠡᠭ ᠢ᠋ ᠨᠢ ᠡᠨᠡ ᠲᠡᠭᠦᠪᠦᠷᠢ ᠡᠴᠡ ᠬᠠᠷᠠᠵᠤ ᠪᠣᠯᠤᠨ᠎ᠠ᠃ ᠭᠡᠲᠡᠯ᠎ᠡ᠂ ᠦᠭᠡ ᠪᠡᠨ ᠳᠠᠭᠤᠰᠬᠠᠨ ᠥᠭᠦᠯᠡᠪᠡᠰᠦ ᠤᠳᠬ᠎ᠠ ᠤᠶᠠᠩᠭ᠎ᠠ ᠦᠯᠦ ᠪᠦᠲᠦᠨᠡᠮ᠃ ᠡᠳᠡᠭᠡᠷ ᠵᠣᠬᠢᠶᠠᠯ ᠢ᠋ᠶ᠋ᠠᠷ ᠴᠢᠩᠪᠠᠭᠠᠲᠤᠷ ᠤ᠋ᠨ ᠦᠵᠡᠯ ᠪᠣᠳᠣᠯ ᠢ᠋ ᠪᠦᠷᠢᠨ ᠣᠢᠯᠠᠭᠠᠬᠤ ᠳ᠋ᠤ᠌ ᠪᠡᠷᠬᠡ ᠠ᠋᠃ ᠡᠢᠨ ᠬᠦ᠌᠂ ᠮᠢᠨᠦ ᠪᠡᠶ᠎ᠡ᠂ ᠴᠢᠩᠪᠠᠭᠠᠲᠤᠷ ᠤ᠋ᠨ ᠬᠠᠢᠷᠠᠲᠤ ᠭᠡᠷᠭᠡᠢ ᠷᠤᠯᠮ᠎ᠠ (ᠰᠡᠷᠡᠩᠷᠤᠯᠮ᠎ᠠ) ᠶ᠋ᠢᠨ ᠨᠠᠢᠳᠠᠯᠭ᠎ᠠ ᠪᠠᠷ ᠴᠢᠩᠪᠠᠭᠠᠲᠤᠷ ᠲᠠᠢ ᠬᠠᠮᠲᠤ ᠠᠵᠢᠯᠯᠠᠵᠤ᠂ ᠦᠵᠡᠯ ᠪᠣᠳᠣᠯ ᠢ᠋ᠶ᠋ᠠᠨ ᠣᠢᠯᠠᠭᠠᠯᠴᠠᠵᠤ ᠶᠠᠪᠤᠭᠰᠠᠨ ᠤ᠋ ᠬᠤᠪᠢ ᠪᠠᠷ᠂ ᠴᠢᠩᠪᠠᠭᠠᠲᠤᠷ ᠤ᠋ᠨ ᠲᠤᠬᠠᠢ ᠮᠡᠳᠡᠭᠰᠡᠨ ᠵᠦᠢᠯ ᠢ᠋ᠶ᠋ᠡᠨ ᠲᠠ ᠪᠦᠬᠦᠨ ᠲᠡᠢ ᠪᠡᠨ ᠬᠤᠪᠢᠶᠠᠯᠴᠠᠶ᠎ᠠ ᠭᠡᠵᠦ ᠪᠣᠳᠣᠭᠰᠠᠨ ᠢ᠋ᠶ᠋ᠠᠨ ᠥᠭᠦᠯᠡᠪᠡᠰᠦ᠄
ᠴᠢᠩᠪᠠᠭᠠᠲᠤᠷ ᠪᠣᠯ ᠵᠥᠪᠬᠡᠨ ᠰᠠᠢᠨ ᠬᠥᠲᠥᠯᠦᠭᠴᠢ ᠲᠡᠳᠦᠢ ᠪᠢᠰᠢ᠂ ᠲᠡᠷᠡ ᠪᠣᠯ ᠮᠣᠩᠭᠣᠯᠴᠤᠳ ᠢ᠋ ᠰᠣᠶᠣᠨ ᠰᠡᠩᠬᠡᠷᠡᠭᠦᠯᠬᠦ ᠦᠢᠯᠡᠰ ᠦ᠋ᠨ ᠲᠥᠯᠥᠭᠡ ᠣᠢᠭ᠎ᠠ ᠦᠭᠡᠢ ᠵᠢᠳᠬᠦᠵᠦ ᠶᠠᠪᠤᠭᠰᠠᠨ ᠳᠠᠢᠴᠢᠨ ᠪᠠᠢᠯᠳᠤᠭᠴᠢ ᠶᠤᠮ᠃ ᠲᠡᠷᠡ᠂ ᠢᠲ᠋ᠠᠯᠢ ᠶ᠋ᠢᠨ ᠤᠳᠬ᠎ᠠ ᠤᠷᠠᠯᠢᠭ ᠤ᠋ᠨ ᠰᠡᠷᠭᠦᠯᠲᠡ ᠶ᠋ᠢᠨ ᠴᠠᠭ ᠦᠶ᠎ᠡ ᠶ᠋ᠢᠨ ᠰᠣᠶᠣᠯ
ᠤᠷᠠᠯᠢᠭ ᠤ᠋ᠨ ᠠᠪᠤᠷᠭᠤᠴᠤᠤᠯ ᠪᠣᠯᠬᠤ ᠤᠷᠠᠨ ᠵᠢᠷᠤᠭᠴᠢᠨ ᠂ ᠱᠤᠭᠤᠮᠠᠯᠴᠢ ᠮᠢᠺᠸᠯᠠᠨᠵᠸᠯᠣ᠋᠂ ᠠᠯᠳᠠᠷᠲᠤ ᠵᠢᠷᠤᠭᠠᠴᠢ ᠳ• ᠸᠢᠨᠴᠢ᠂ ᠠᠯᠪᠷᠸᠴᠠᠲ ᠳ᠋ᠦᠢᠷᠸᠷ᠂ ᠺᠷᠦᠢᠨᠧᠸᠯᠳ᠋᠂ ᠲᠡᠷᠡᠴᠢᠯᠡᠨ ᠠᠭᠤᠤ ᠶᠡᠬᠡ ᠱᠸᠺᠰᠫᠢᠶᠸᠷ ᠵᠡᠷᠭᠡ ᠶ᠋ᠢ ᠮᠣᠩᠭᠣᠯᠴᠤᠳ ᠲᠠᠭᠠᠨ ᠲᠠᠨᠢᠯᠴᠠᠭᠤᠯᠵᠤ ᠰᠦᠯᠵᠢᠶᠡᠨ ᠳᠡᠭᠡᠷ᠎ᠡ ᠨᠡᠢᠲᠡᠯᠡᠵᠦ ᠪᠠᠢᠭᠰᠠᠨ᠃
ᠮᠣᠩᠭᠣᠯᠴᠤᠳ ᠪᠣᠯ ᠰᠣᠶᠣᠨ ᠰᠡᠩᠬᠡᠷᠡᠭᠦᠯᠬᠦ ᠴᠠᠭ ᠦᠶ᠎ᠡ ᠶ᠋ᠢ ᠥᠩᠭᠡᠷᠡᠭᠡ ᠦᠭᠡᠢ᠂14—17 ᠳ᠋ᠤᠭᠠᠷ ᠵᠠᠭᠤᠨ ᠳ᠋ᠤ᠌ ᠡᠸᠦᠷᠦᠫᠡ ᠳ᠋ᠦ᠍ ᠤᠳᠬ᠎ᠠ ᠤᠷᠠᠯᠢᠭ ᠤ᠋ᠨ ᠰᠡᠷᠭᠦᠯᠲᠡ ᠪᠣᠯᠵᠤ᠂ ᠰᠣᠶᠣᠨ ᠰᠡᠩᠬᠡᠷᠡᠭᠦᠯᠬᠦ ᠬᠥᠳᠡᠯᠭᠡᠭᠡᠨ ᠢᠳᠡ ᠥᠷᠨᠢᠵᠦ ᠪᠠᠢᠬᠤ ᠳ᠋ᠤ᠌ ᠮᠣᠩᠭᠣᠯᠴᠤᠳ ᠶᠠᠭ ᠡᠨᠡ ᠦᠶ᠎ᠡ ᠳ᠋ᠦ᠍《ᠬᠠᠭᠠᠨ ᠰᠢᠷᠡᠭᠡᠨ ᠦ᠌ ᠲᠥᠯᠥᠭᠡ ᠪᠡᠶ᠎ᠡ ᠪᠡᠶ᠎ᠡ ᠤᠷᠤᠭᠤ ᠪᠠᠨ ᠰᠡᠯᠡᠮ᠎ᠡ ᠳᠠᠯᠠᠢᠭᠰᠠᠨ ᠴᠠᠭ ᠦᠶ᠎ᠡ ᠪᠠᠢᠯ᠎ᠠ ᠭᠡᠳᠡᠭ ᠢ᠋ ᠪᠤᠳᠤᠬᠤᠶ᠎ᠠ ᠭᠤᠨᠢᠭᠲᠠᠢ ᠪᠥᠭᠡᠳ ᠶᠠᠭ ᠯᠠ ᠡᠨᠡ ᠴᠠᠭ ᠦᠶ᠎ᠡ ᠳ᠋ᠦ᠍ ᠥᠷᠥᠨᠡᠳᠠᠬᠢᠨ ᠳ᠋ᠤ᠌ ᠡᠢᠮᠦ ᠰᠡᠷᠭᠦᠨ ᠮᠠᠨᠳᠤᠯᠲᠠ ᠶ᠋ᠢᠨ ᠬᠥᠳᠡᠯᠭᠡᠭᠡᠨ ᠥᠷᠨᠢᠵᠦ ᠪᠠᠢᠭᠰᠠᠨ ᠢ᠋ ᠰᠠᠨᠠᠬᠤᠶ᠎ᠠ ᠠᠲᠠᠭ᠎ᠠ ᠬᠦᠷᠦᠮᠡᠷ᠃ ᠲᠡᠭᠡᠬᠦ ᠲᠣᠰᠤᠮ ᠢ᠋ᠶ᠋ᠠᠨ ᠲᠡᠷᠡ ᠴᠠᠭ ᠦᠶ᠎ᠡ ᠶ᠋ᠢᠨ ᠠᠤᠭ᠎ᠠ ᠰᠣᠳᠣᠨ ᠬᠥᠮᠦᠰ ᠦ᠋ᠨ ᠲᠤᠬᠠᠢ ᠣᠢᠯᠠᠭᠠᠵᠤ ᠮᠡᠳᠡᠬᠦ ᠴᠢᠬᠤᠯᠠᠴᠢᠯᠠᠭ᠎ᠠ ᠪᠠᠢᠭ᠎ᠠ ᠶᠤᠮᠰᠠᠨ》 ᠭᠡᠵᠦ ᠴᠢᠩᠪᠠᠭᠠᠲᠤᠷ ᠪᠢᠴᠢᠵᠦ ᠪᠢᠯᠡ᠃
ᠴᠢᠩᠪᠠᠭᠠᠲᠤᠷ ᠪᠠᠷᠠᠭᠤᠨ ᠬᠣᠢᠲᠤ ᠶ᠋ᠢᠨ ᠦᠨᠳᠦᠰᠦᠲᠡᠨ ᠦ᠌ ᠶᠡᠬᠡ ᠰᠤᠷᠭᠠᠭᠤᠯᠢ ᠪᠠᠨ ᠲᠡᠭᠦᠰᠦᠭᠰᠡᠨ ᠦ᠌ ᠬᠣᠢᠨ᠎ᠠ ᠢᠷᠠᠭᠤ ᠨᠠᠢᠷᠠᠭ ᠤ᠋ᠨ ᠠᠶᠠᠨ ᠳ᠋ᠤ᠌ ᠳᠥᠷᠥᠭᠡ ᠴᠢᠩᠭᠠᠯᠠᠨ ᠮᠣᠷᠳᠠᠭᠰᠠᠨ ᠶᠤᠮ᠃ ᠲᠡᠷᠡ ᠦᠭᠡ ᠦᠰᠦᠭ ᠢ᠋ᠶ᠋ᠡᠨ ᠰᠠᠢᠲᠤᠷ ᠬᠡᠮᠨᠡᠵᠦ ᠰᠢᠷᠭᠠᠭᠠᠵᠤ ᠪᠢᠴᠢᠳᠡᠭ᠃ ᠰᠠᠨᠠᠭ᠎ᠠ ᠠᠬᠤᠢ ᠲᠠᠢ᠂ ᠦᠵᠡᠯ ᠪᠣᠳᠣᠯ ᠲᠠᠢ᠂ ᠬᠥᠮᠦᠨ ᠳ᠋ᠦ᠍ ᠶᠠᠭᠤ ᠨᠢᠭᠡ ᠶ᠋ᠢ ᠰᠡᠳᠬᠢᠭᠦᠯᠬᠦ ᠶ᠋ᠢ ᠵᠣᠷᠢᠭᠰᠠᠨ ᠢᠷᠠᠭᠤ ᠨᠠᠢᠷᠠᠭ ᠲᠤᠭᠤᠷᠪᠢᠳᠠᠭ ᠨᠢ ᠲᠡᠭᠦᠨ ᠦ᠌ ᠬᠥᠲᠥᠯᠦᠭᠴᠢ ᠶ᠋ᠢᠨ ᠬᠡᠪ ᠨᠠᠮᠪᠠ ᠪᠦᠷᠢᠳᠬᠦ ᠳ᠋ᠦ᠍ ᠡᠷᠬᠡ ᠦᠭᠡᠢ ᠨᠥᠯᠥᠭᠡᠯᠡᠵᠡᠢ᠃ ᠥᠪᠥᠷ ᠮᠣᠩᠭᠣᠯ ᠤ᠋ᠨ ᠷᠠᠳᠢᠣ᠋ ᠬᠣᠷᠢᠶᠠᠨ ᠤ᠋《ᠦᠳᠡᠰᠢ ᠶ᠋ᠢᠨ ᠴᠢᠯᠥᠭᠡ》 ᠮᠣᠩᠭᠣᠯ ᠰᠣᠶᠣᠯ ᠤ᠋ᠨ ᠰᠢᠭᠤᠳ ᠨᠡᠪᠲᠡᠷᠡᠭᠦᠯᠭᠡ ᠪᠣᠯ ᠲᠡᠭᠦᠨ ᠦ᠌ ᠥᠰᠴᠦ ᠬᠥᠮᠦᠵᠢᠭᠰᠡᠨ ᠭᠠᠵᠠᠷ ᠮᠥᠨ ᠮᠥᠷᠲᠡᠭᠡᠨ ᠲᠡᠭᠦᠨ ᠦ᠌ ᠬᠠᠮᠤᠭ ᠠ᠋ᠴᠠ ᠬᠠᠢᠷᠠᠯᠠᠳᠠᠭ᠂ ᠬᠠᠮᠠᠭᠠᠯᠠᠳᠠᠭ ᠰᠣᠶᠣᠯ ᠤ᠋ᠨ ᠭᠠᠯ ᠹᠷᠣᠨᠲ ᠶᠤᠮ᠃ ᠲᠡᠷᠡ ᠵᠢᠷᠦᠬᠡᠨ ᠦ᠌ ᠴᠢᠰᠤ ᠪᠠᠷ ᠢ᠋ᠶ᠋ᠠᠨ《ᠦᠳᠡᠰᠢ ᠶ᠋ᠢᠨ ᠴᠢᠯᠥᠭᠡ》 ᠬᠡᠮᠡᠬᠦ ᠮᠣᠩᠭᠣᠯ ᠰᠣᠶᠣᠯ ᠤ᠋ᠨ ᠨᠡᠪᠲᠡᠷᠡᠭᠦᠯᠭᠡ ᠶ᠋ᠢᠨ ᠠᠯᠲᠠᠨᠵᠤᠯᠠ ᠴᠡᠴᠡᠭ ᠢ᠋ ᠤᠮᠳᠠᠯᠠᠨ ᠥᠰᠬᠡᠭᠰᠡᠨ ᠪᠣᠯᠬᠣᠷ ᠰᠣᠶᠣᠯ ᠢ᠋ᠶ᠋ᠠᠨ ᠭᠡᠪᠡᠯ ᠥᠨᠥᠴᠢᠨ ᠡᠯᠢᠭᠡ ᠨᠢ ᠥᠨᠳᠡᠢᠳᠡᠭ ᠬᠥᠳᠡᠭᠡ ᠶ᠋ᠢᠨ ᠪᠤᠭᠤᠷᠤᠯ ᠲᠣᠮᠣᠭᠠᠴᠤᠤᠯ ᠴᠢᠩᠪᠠᠭᠠᠲᠤᠷ ᠢ᠋ ᠰᠣᠶᠣᠯ ᠢ᠋ᠶ᠋ᠠᠨ ᠣᠢᠯᠠᠭᠠᠵᠤ ᠬᠠᠢᠷᠠᠯᠠᠳᠠᠭ ᠵᠠᠯᠠᠭᠤ ᠬᠥᠮᠦᠨ᠂ ᠢᠲᠡᠭᠡᠵᠦ ᠨᠠᠢᠳᠠᠵᠤ ᠪᠣᠯᠬᠤ ᠬᠥᠮᠦᠨ ᠭᠡᠵᠦ ᠥᠪᠡᠷ ᠦ᠋ᠨ ᠮᠡᠳᠡᠭᠰᠡᠨ ᠴᠤᠭᠯᠠᠭᠤᠯᠤᠭᠰᠠᠨ ᠮᠣᠩᠭᠣᠯ ᠰᠣᠶᠣᠯ ᠤ᠋ᠨ ᠥᠪ ᠢ᠋ᠶ᠋ᠡᠨ ᠪᠢᠴᠢᠭ ᠦᠰᠦᠭ ᠢᠶᠡᠷ ᠂ ᠰᠢᠭᠤᠳ ᠨᠡᠪᠲᠡᠷᠡᠭᠦᠯᠭᠡ ᠪᠡᠷ᠂ ᠴᠢᠨᠠᠭᠰᠢᠯᠠᠨ ᠭᠠᠷ ᠤᠲᠠᠰᠤ ᠪᠠᠷ ᠭᠡᠷᠢᠶᠡᠰᠯᠡᠵᠦ᠂ ᠥᠴᠦᠬᠡᠨ ᠴᠦ᠍ ᠬᠠᠷᠠᠮ ᠦᠭᠡᠢ ᠳᠤᠷᠠᠰᠬᠠᠵᠤ ᠥᠭᠴᠦ ᠪᠠᠢᠭᠰᠠᠨ ᠪᠢᠯᠡ᠃ ᠡᠨᠡ ᠪᠦᠭᠦᠳᠡ ᠶ᠋ᠢ ᠴᠢᠩᠪᠠᠭᠠᠲᠤᠷ ᠨᠡᠪᠲᠡᠷᠡᠭᠦᠯᠭᠡ ᠪᠡᠷ ᠢ᠋ᠶ᠋ᠡᠨ ᠳᠠᠮᠵᠢᠭᠤᠯᠤᠭᠰᠠᠨ ᠢ᠋ᠶ᠋ᠠᠷ ᠦᠯᠦ ᠪᠠᠷᠠᠮ ᠬᠥᠮᠦᠨ ᠲᠠᠭᠠᠷᠠᠪᠠᠯ ᠶᠠᠷᠢᠵᠤ᠂ ᠮᠣᠳᠣ ᠦᠵᠡᠪᠡᠯ ᠪᠢᠴᠢᠵᠦ ᠶᠠᠪᠤᠬᠤ ᠬᠡᠮᠵᠢᠶᠡᠨ ᠳ᠋ᠦ᠍ ᠬᠦᠷᠦᠭᠰᠡᠨ ᠶᠦᠮ᠃ ᠲᠡᠷᠡ ᠮᠣᠩᠭᠣᠯ ᠨᠤᠲᠤᠭ ᠢ᠋ᠶ᠋ᠠᠷ ᠬᠡᠭᠡᠷ᠎ᠡ ᠶ᠋ᠢᠨ ᠰᠢᠨᠵᠢᠯᠡᠯ ᠬᠢᠵᠦ᠂ ᠨᠠᠰᠤᠲᠠᠨ ᠪᠤᠭᠤᠷᠤᠯᠴᠤᠳ ᠤ᠋ᠨ ᠶᠠᠷᠢᠶ᠎ᠠ ᠶ᠋ᠢ ᠰᠡᠭᠦᠳᠡᠷᠯᠡᠵᠦ᠂ ᠰᠢᠩᠭᠡᠭᠡᠵᠦ ᠦᠯᠡᠳᠡᠭᠡᠬᠦ ᠲᠣᠮᠣᠬᠠᠨ ᠲᠥᠰᠥᠪ ᠭᠠᠷᠭᠠᠭᠠᠳ᠂ ᠡᠭᠦᠨ ᠢ᠋ᠶ᠋ᠡᠨ ᠡᠬᠢᠯᠡᠭᠦᠯᠵᠦ ᠬᠢᠭᠰᠡᠨ ᠨᠢ ᠣᠳᠣ ᠪᠢᠳᠡᠨ ᠳ᠋ᠦ᠍ ᠨᠠᠨᠳᠢᠨ ᠥᠪ ᠪᠣᠯᠵᠤ ᠦᠯᠡᠳᠡᠭᠰᠡᠭᠡᠷ ᠪᠠᠢᠨ᠎ᠠ᠃ ᠲᠡᠷᠡ《ᠨᠡᠢᠭᠡᠮ ᠦ᠋ᠨ ᠪᠠᠢᠴᠠᠭᠠᠯᠲᠠ》 ᠨᠡᠷ᠎ᠡ ᠪᠡᠷ ᠠᠷᠪᠠᠭᠠᠳ ᠵᠢᠯ ᠦ᠋ᠨ ᠲᠤᠷᠰᠢ ᠬᠢᠭᠰᠡᠨ ᠥᠪᠥᠷ ᠮᠣᠩᠭᠣᠯ ᠤ᠋ᠨ ᠬᠥᠳᠡᠭᠡ ᠨᠤᠲᠤᠭ ᠤ᠋ᠨ ᠠᠵᠤ ᠠᠬᠤᠢ᠂ ᠰᠣᠶᠣᠯ ᠤ᠋ᠨ ᠬᠤᠪᠢᠰᠤᠯᠲᠠ ᠪᠠ ᠪᠠᠢᠭᠠᠯᠢ ᠣᠷᠴᠢᠨ ᠤ᠋ ᠡᠪᠳᠡᠭᠳᠡᠯ ᠦ᠋ᠨ ᠲᠤᠬᠠᠢ ᠬᠡᠳᠦᠨ ᠵᠠᠭᠤᠨ ᠵᠠᠬᠢᠳᠠᠯ ᠪᠠ ᠬᠡᠳᠦᠨ ᠵᠠᠭᠤᠨ ᠴᠠᠭ ᠤ᠋ᠨ ᠳᠠᠭᠤ ᠪᠢᠴᠢᠯᠭᠡ ᠪᠡᠨ《ᠠᠯᠲᠠᠨ ᠲᠠᠪᠤ》 ᠰᠦᠯᠵᠢᠶᠡᠨ ᠳ᠋ᠦ᠍ ᠨᠡᠢᠲᠡᠯᠡᠨ᠂ ᠥᠷᠭᠡᠨ ᠣᠯᠠᠨ ᠤᠩᠰᠢᠭᠴᠢ ᠪᠠ ᠰᠣᠶᠣᠯ ᠬᠥᠮᠦᠨ ᠵᠦᠢ ᠶ᠋ᠢᠨ ᠰᠤᠳᠤᠯᠤᠭᠠᠴᠢ ᠨᠠᠷ ᠤ᠋ᠨ ᠬᠦᠷᠲᠡᠭᠡᠯ ᠪᠣᠯᠭᠠᠭᠰᠠᠨ ᠶᠤᠮ᠃
ᠳᠠᠩᠴᠤ ᠣᠯᠠᠨ ᠬᠥᠮᠦᠨ ᠲᠡᠭᠦᠨ ᠳ᠋ᠦ᠍ ᠬᠦᠰᠡᠯ ᠨᠠᠢᠳᠠᠯᠭ᠎ᠠ ᠪᠠᠨ ᠲᠠᠯᠪᠢᠵᠤ ᠪᠠᠢᠭᠰᠠᠨ ᠪᠣᠯᠬᠣᠷ ᠲᠡᠷᠡ ᠥᠪᠡᠷ ᠦ᠋ᠨ ᠢ᠋ᠶ᠋ᠡᠨ ᠬᠠᠷᠢᠭᠤᠴᠠᠯᠭ᠎ᠠ ᠪᠠᠨ ᠦᠨᠡᠨ ᠬᠦ᠌ ᠮᠡᠳᠡᠷᠡᠵᠦ᠂ ᠴᠠᠭ ᠲᠠᠢ ᠤᠷᠤᠯᠳᠤᠨ᠂ ᠦᠢᠯᠡᠰ ᠪᠦᠲᠦᠭᠡᠵᠦ ᠶᠠᠪᠤᠭᠰᠠᠨ ᠢ᠋ ᠨᠢ ᠥᠨᠥᠳᠥᠷ ᠬᠠᠷᠠᠬᠤ ᠳ᠋ᠤ᠌᠂ ᠣᠬᠣᠷᠬᠠᠨ ᠬᠡᠳᠦᠨ ᠵᠢᠯ ᠳ᠋ᠦ᠍ ᠶᠠᠭᠤᠲᠠᠢ ᠶᠡᠬᠡ ᠶ᠋ᠢ ᠪᠦᠲᠦᠭᠡᠵᠦ᠂ ᠶᠠᠮᠠᠷ ᠶᠡᠬᠡ ᠨᠥᠯᠥᠭᠡ ᠭᠠᠷᠭᠠᠭᠰᠠᠨ ᠪᠣᠢ? ᠭᠡᠵᠦ ᠭᠠᠢᠬᠠᠰᠢ ᠠᠯᠳᠠᠬᠤ ᠳ᠋ᠤ᠌ ᠬᠦᠷᠦᠭᠰᠡᠨ ᠶᠦᠮ᠃ ᠴᠢᠩᠪᠠᠭᠠᠲᠤᠷ ᠠᠷᠢᠬᠢ ᠤᠤᠭᠤᠳᠠᠭ ᠦᠭᠡᠢ᠂ ᠲᠠᠮᠠᠬᠢ ᠲᠠᠲᠠᠳᠠᠭ ᠦᠭᠡᠢ᠂ ᠡᠯᠳᠡᠪ ᠮᠠᠭᠤ ᠰᠤᠷᠲᠠᠯ ᠳᠠᠳᠬᠠᠯ ᠦᠭᠡᠢ᠂ ᠴᠠᠭ ᠢ᠋ ᠳᠡᠮᠡᠢ ᠥᠷᠡᠭᠡᠬᠦ ᠶ᠋ᠢ ᠮᠠᠰᠢᠳᠠ ᠦᠵᠡᠨ ᠶᠠᠳᠠᠳᠠᠭ ᠪᠣᠯᠬᠣᠷ ᠤᠳᠬ᠎ᠠ ᠠᠭᠤᠯᠭ᠎ᠠ ᠦᠭᠡᠢ ᠰᠤᠨᠵᠢᠷᠠᠭᠰᠠᠨ ᠨᠠᠢᠷ ᠤ᠋ᠨ ᠰᠢᠷᠡᠭᠡᠨ ᠳ᠋ᠦ᠍ ᠣᠴᠢᠳᠠᠭ ᠦᠭᠡᠢ ᠪᠤᠶᠤ ᠡᠷᠲᠡ《ᠵᠢᠭᠤᠲᠠᠵᠤ》 ᠶᠠᠪᠤᠳᠠᠭ᠃ ᠰᠤᠯᠠ ᠰᠡᠯᠡᠭᠦᠦ ᠴᠠᠭ ᠢ᠋ᠶ᠋ᠠᠷ ᠢ᠋ᠶ᠋ᠠᠨ ᠨᠣᠮ ᠤᠩᠰᠢᠬᠤ᠂ ᠵᠣᠬᠢᠶᠠᠯ ᠪᠢᠴᠢᠬᠦ ᠨᠢ ᠲᠡᠭᠦᠨ ᠦ᠌ ᠬᠠᠮᠤᠭ ᠤ᠋ᠨ ᠶᠡᠬᠡ ᠳᠤᠷ᠎ᠠ ᠰᠣᠨᠢᠷᠬᠠᠯ ᠨᠢ ᠶᠦᠮ᠃《ᠠᠯᠲᠠᠨ ᠲᠠᠪᠤ》 ᠰᠦᠯᠵᠢᠶ᠎ᠡ ᠶ᠋ᠢ ᠨᠠᠢᠵᠠ ᠲᠠᠢ ᠪᠠᠨ ᠬᠠᠮᠲᠤ ᠡᠷᠬᠢᠯᠡᠨ ᠬᠢᠭᠰᠡᠨ ᠡᠴᠡ ᠬᠣᠢᠰᠢ ᠰᠦᠯᠵᠢᠶᠡᠨ ᠳᠡᠭᠡᠷ᠎ᠡ ᠦᠷᠭᠦᠯᠵᠢ ᠵᠣᠬᠢᠶᠠᠯ ᠨᠡᠢᠲᠡᠯᠡᠵᠦ᠂ ᠮᠣᠩᠭᠣᠯᠴᠤᠳ ᠲᠠᠭᠠᠨ ᠨᠣᠮ ᠪᠢᠴᠢᠭ ᠲᠠᠨᠢᠯᠴᠠᠭᠤᠯᠬᠤ᠂ ᠦᠵᠡᠭᠰᠡᠨ ᠶᠠᠪᠤᠭᠰᠠᠨ ᠭᠠᠵᠠᠷ ᠤ᠋ᠨ ᠢ᠋ᠶ᠋ᠠᠨ ᠰᠣᠨᠢᠨ ᠬᠠᠴᠢᠨ ᠢ᠋ ᠶᠠᠷᠢᠬᠤ᠂᠃ ᠡᠷᠳᠡᠮᠲᠡᠨ ᠮᠡᠷᠭᠡᠳ ᠦ᠋ᠨ ᠦᠵᠡᠯ ᠪᠣᠳᠣᠯ ᠢ᠋ ᠰᠤᠷᠪᠤᠯᠵᠢᠯᠠᠬᠤ ᠳ᠋ᠠᠭᠠᠨ ᠮᠣᠩᠭᠣᠯ ᠨᠤᠲᠤᠭ ᠤ᠋ᠨ ᠠᠮᠢ ᠠᠬᠤᠢ᠂ ᠮᠣᠩᠭᠣᠯ
ᠰᠣᠶᠣᠯ ᠤ᠋ᠨ ᠮᠠᠨᠳᠤᠯ ᠬᠥᠭᠵᠢᠯ᠂ ᠮᠣᠩᠭᠣᠯ ᠬᠥᠮᠦᠨ ᠦ᠌ ᠤᠬᠠᠭᠠᠷᠠᠯ ᠰᠡᠬᠡᠭᠡᠷᠡᠯ ᠦ᠋ᠨ ᠲᠣᠭᠣᠷᠢᠨ ᠳ᠋ᠤ᠌ ᠯᠠ ᠶᠠᠷᠢᠶ᠎ᠠ ᠰᠡᠳᠦᠪ ᠢ᠋ᠶ᠋ᠡᠨ ᠴᠢᠭᠯᠡᠭᠦᠯᠵᠦ ᠪᠠᠢᠭᠰᠠᠨ ᠨᠢ ᠨᠢᠭᠡ ᠬᠡᠮᠵᠢᠶᠡᠨ ᠳ᠋ᠦ᠍ ᠮᠣᠩᠭᠣᠯ ᠦᠨᠳᠦᠰᠦᠲᠡᠨ ᠦ᠌ ᠰᠣᠶᠣᠨ ᠰᠡᠩᠬᠡᠷᠡᠭᠦᠯᠬᠦ ᠭᠡᠭᠡᠨ ᠦᠢᠯᠡᠰ ᠲᠦ᠍ ᠬᠦᠴᠦᠨ ᠵᠢᠳᠬᠦᠯ ᠢ᠋ᠶ᠋ᠡᠨ ᠬᠠᠷᠠᠮ ᠦᠭᠡᠢ ᠡᠷᠭᠦᠵᠦ ᠶᠠᠪᠤᠭᠰᠠᠨ ᠤ᠋ ᠬᠢᠨᠢ ᠭᠡᠷᠡᠴᠢ ᠪᠣᠯᠬᠤ ᠨᠢ ᠶᠠᠷᠢᠶᠠᠨ ᠦᠭᠡᠢ ᠪᠢᠯᠡ᠃
ᠴᠢᠩᠪᠠᠭᠠᠲᠤᠷ ᠶᠡᠷᠦ ᠳ᠋ᠡᠭᠡᠨ ᠨᠡᠭᠦᠳᠡᠯ ᠮᠠᠯᠵᠢᠯ ᠰᠣᠶᠣᠯ ᠤ᠋ᠨ ᠲᠤᠬᠠᠢ ᠰᠠᠨᠠᠭᠠᠰᠢᠷᠠᠵᠤ᠂ ᠮᠣᠩᠭᠣᠯ ᠤ᠋ᠨ ᠭᠠᠵᠠᠷ ᠰᠢᠷᠣᠢ᠂ ᠪᠠᠢᠭᠠᠯᠢ ᠣᠷᠴᠢᠨ ᠤ᠋ ᠡᠪᠳᠡᠷᠡᠯ ᠪᠤᠰᠠᠨᠢᠯ ᠳ᠋ᠤ᠌ ᠦᠷᠦ ᠡᠮᠲᠡᠷᠡᠳᠡᠭ᠃《ᠮᠠᠯᠴᠢᠳ ᠮᠠᠨᠢ᠂ ᠭᠠᠳᠠᠨ᠎ᠠ ᠪᠠᠨ ᠭᠠᠭᠴᠠ ᠬᠣᠶᠠᠷ ᠠᠯᠠᠭ ᠦᠨᠢᠶ᠎ᠡ ᠲᠡᠢ ᠦᠯᠡᠲᠡᠯ᠎ᠡ》 ᠭᠡᠵᠦ ᠰᠢᠭᠤᠳ ᠨᠡᠪᠲᠡᠷᠡᠭᠦᠯᠭᠡ ᠪᠡᠷ ᠶᠠᠷᠢᠵᠤ ᠪᠠᠢᠭᠰᠠᠨ ᠨᠢ ᠬᠥᠮᠦᠰ ᠦ᠋ᠨ ᠰᠣᠨᠣᠷ ᠲᠤ ᠬᠦᠷᠴᠦ ᠪᠠᠢᠭᠰᠠᠨ ᠶᠤᠮ᠃ ᠰᠡᠭᠦᠯ ᠦ᠋ᠨ ᠵᠢᠯ ᠦ᠋ᠳ ᠲᠦ᠍ ᠤᠭᠰᠠᠭᠠᠲᠠᠨ ᠵᠦᠢ᠂ ᠬᠥᠮᠦᠨ ᠵᠦᠢ ᠶ᠋ᠢᠨ ᠲᠠᠯ᠎ᠠ ᠪᠠᠷ ᠰᠣᠨᠢᠷᠬᠠᠬᠤ ᠪᠣᠯᠤᠭᠰᠠᠨ᠃ ᠶᠡᠷᠦ ᠨᠢ ᠬᠥᠮᠦᠨ ᠵᠦᠢ ᠶ᠋ᠢᠨ ᠬᠠᠷᠠᠭᠠᠰᠤ ᠪᠠᠷ ᠮᠣᠩᠭᠣᠯ ᠰᠣᠶᠣᠯ ᠢ᠋ᠶ᠋ᠠᠨ ᠳᠠᠬᠢᠨ ᠲᠤᠩᠭᠠᠬᠤ ᠳ᠋ᠤ᠌᠂ ᠢᠲᠡᠭᠡᠯ ᠬᠦᠰᠡᠯ ᠪᠠ ᠢᠷᠡᠭᠡᠳᠦᠢ ᠪᠡᠨ ᠣᠯᠵᠤ ᠬᠠᠷᠠᠬᠤ ᠰᠢᠭ᠋ ᠪᠣᠯᠳᠠᠭ ᠲᠠᠭᠠᠨ ᠲᠠᠢᠳᠬᠤᠷᠠᠳᠠᠭ ᠪᠠᠢᠭᠰᠠᠨ ᠶᠤᠮ᠃ ᠲᠡᠷᠡ ᠮᠣᠩᠭᠣᠯ ᠨᠣᠮ ᠯᠠ ᠤᠩᠰᠢᠳᠠᠭ ᠪᠠᠢᠭᠰᠠᠨ ᠠ᠋ᠴᠠ ᠪᠠᠨ ᠭᠠᠳᠠᠭᠠᠳᠤ ᠶ᠋ᠢᠨ ᠨᠡᠢᠭᠡᠮ ᠵᠦᠢ᠂ ᠬᠥᠮᠦᠨ ᠵᠦᠢ ᠶ᠋ᠢᠨ ᠥᠷᠭᠡᠨ ᠴᠠᠷ᠎ᠠ ᠬᠦᠷᠢᠶᠡᠨ ᠳ᠋ᠦ᠍ ᠨᠣᠮ ᠤᠩᠰᠢᠵᠤ᠂ ᠵᠠᠷᠢᠮ ᠳ᠋ᠠᠭᠠᠨ ᠠᠭᠤᠯᠵᠠᠬᠤ ᠪᠠᠷ ᠨᠢ ᠦᠵᠡᠭᠰᠡᠨ ᠨᠣᠮ ᠢ᠋ᠶ᠋ᠠᠨ ᠲᠠᠨᠢᠯᠴᠠᠭᠤᠯᠵᠤ《ᠪᠢᠳᠡᠨ ᠦ᠌ ᠪᠣᠳᠣᠵᠤ ᠶᠠᠷᠢᠵᠤ ᠪᠠᠢᠭᠰᠠᠨ ᠵᠦᠢᠯ ᠵᠥᠪ ᠪᠠᠢᠭᠰᠠᠨ ᠶᠤᠮ ᠪᠠᠢᠨ᠎ᠠ》 ᠭᠡᠵᠦ ᠦᠷᠭᠦᠯᠵᠢ ᠥᠭᠦᠯᠡᠳᠡᠭ ᠰᠠᠨ᠃《ᠪᠢᠳᠡᠨ ᠦ᠌ ᠪᠣᠳᠣᠵᠤ ᠶᠠᠷᠢᠵᠤ ᠪᠠᠢᠭᠰᠠᠨ ᠵᠦᠢᠯ》 ᠭᠡᠳᠡᠭ ᠮᠠᠨᠢ᠂ ᠮᠣᠩᠭᠣᠯ ᠰᠣᠶᠣᠯ ᠤ᠋ᠨ ᠡᠷᠬᠢᠮ ᠰᠢᠯᠢᠳᠡᠭ ᠴᠢᠨᠠᠷ ᠪᠠ ᠣᠷᠣᠰᠢᠨ ᠲᠣᠭᠲᠠᠨᠢᠬᠤ ᠶ᠋ᠢᠨ ᠵᠦᠢ ᠶᠣᠰᠣᠲᠤ ᠴᠢᠨᠠᠷ ᠪᠠᠢᠭ᠎ᠠ ᠶᠤᠮ᠃ ᠤᠴᠢᠷ ᠨᠢ ᠠᠯᠢᠪᠠ ᠤᠭᠰᠠᠭ᠎ᠠ ᠦᠨᠳᠦᠰᠦᠲᠡᠨ ᠦ᠌ ᠰᠣᠶᠣᠯ ᠪᠦᠬᠦᠨ ᠰᠠᠢᠨ ᠮᠠᠭᠤ᠂ ᠳᠠᠪᠰᠢᠩᠭᠤᠢ ᠬᠣᠴᠣᠷᠤᠩᠭᠤᠢ ᠶ᠋ᠢᠨ ᠢᠯᠭᠠᠭ᠎ᠠ ᠪᠠᠢᠬᠤ ᠦᠭᠡᠢ᠃ ᠶᠡᠷᠦ ᠨᠢ ᠴᠦ᠍ ᠥᠪᠡᠷ ᠦ᠋ᠨ ᠰᠣᠶᠣᠯ ᠤ᠋ᠨ ᠥᠷᠲᠡᠭ ᠦ᠋ᠨ ᠦᠵᠡᠯᠲᠡ ᠪᠡᠷ ᠥᠷᠥᠭᠡᠯ ᠦ᠋ᠨ ᠰᠣᠶᠣᠯ ᠢ᠋ ᠦᠨᠡᠯᠡᠵᠦ ᠬᠡᠮᠵᠢᠵᠦ ᠪᠣᠯᠬᠤ ᠦᠭᠡᠢ᠃ ᠰᠣᠶᠣᠯ ᠣᠯᠠᠨ ᠶᠠᠩᠵᠤᠲᠤ ᠰᠢᠨᠵᠢ ᠲᠡᠢ ᠪᠣᠯᠬᠤ ᠳᠣᠳᠣᠮ ᠬᠥᠮᠦᠨ ᠲᠥᠷᠥᠯᠬᠢᠲᠡᠨ ᠳᠠᠪᠰᠢᠵᠤ ᠬᠥᠭᠵᠢᠵᠦ ᠴᠢᠳᠠᠨ᠎ᠠ ᠭᠡᠳᠡᠭ ᠨᠢ ᠪᠣᠯᠪᠠᠰᠤᠨ ᠤᠯᠤᠰ ᠦᠨᠳᠦᠰᠦᠲᠡᠨ ᠪᠣᠯᠭᠠᠨ ᠤ᠋ ᠬᠠᠮᠲᠤ ᠶ᠋ᠢᠨ ᠲᠠᠨᠢᠯᠲᠠ ᠪᠣᠯᠤᠭᠰᠠᠨ ᠪᠣᠯᠬᠣᠷ ᠴᠢᠩᠪᠠᠭᠠᠲᠤᠷ ᠡᠨᠡ ᠲᠠᠨᠢᠯᠲᠠ ᠶ᠋ᠢ ᠮᠣᠩᠭᠣᠯᠴᠤᠳ ᠤ᠋ᠨ ᠬᠠᠮᠲᠤ ᠶ᠋ᠢᠨ ᠤᠬᠠᠮᠰᠠᠷ ᠪᠣᠯᠭᠠᠬᠤ ᠪᠠᠷ ᠴᠢᠷᠮᠠᠢᠵᠤ ᠪᠠᠢᠭᠰᠠᠨ ᠶᠤᠮ᠃
ᠴᠢᠩᠪᠠᠭᠠᠲᠤᠷ ᠤ᠋ᠨ ᠡᠨᠡ ᠬᠦ᠌ ᠲᠡᠭᠦᠪᠦᠷᠢ ᠬᠡᠪᠯᠡᠭᠳᠡᠬᠦ ᠶ᠋ᠢᠨ ᠲᠠᠰᠢᠷᠠᠮ ᠳ᠋ᠤ᠌ ᠴᠢᠩ ᠰᠡᠳᠬᠢᠯ ᠦ᠋ᠨ ᠦᠭᠡ ᠪᠡᠨ ᠠᠭᠤᠳᠠᠯᠵᠤ ᠥᠭᠦᠯᠡᠪᠡᠯ᠂ ᠴᠢᠩᠪᠠᠭᠠᠲᠤᠷ ᠤ᠋ᠨ ᠦᠵᠡᠯ ᠪᠣᠳᠣᠯ᠂ ᠦᠢᠯᠡᠰ ᠪᠦᠲᠦᠭᠡᠯ᠂ ᠬᠥᠮᠦᠨ ᠴᠢᠨᠠᠷ᠂ ᠵᠠᠩ ᠰᠤᠷᠲᠠᠯ ᠤ᠋ᠨ ᠠᠯᠢᠨ ᠨᠢ ᠴᠣ ᠰᠢᠨ᠎ᠡ ᠦᠶ᠎ᠡ ᠶ᠋ᠢᠨ ᠮᠣᠩᠭᠣᠯ ᠵᠠᠯᠠᠭᠤᠰ ᠤ᠋ᠨ ᠳᠠᠭᠤᠷᠢᠶᠠᠯ ᠪᠣᠯᠤᠭᠰᠠᠨ ᠶᠤᠮ᠃《ᠳᠠᠭᠤᠷᠢᠶᠠᠯ ᠤ᠋ᠨ ᠬᠦᠴᠦᠨ ᠪᠣᠯ ᠬᠡᠮᠵᠢᠶᠡᠯᠡᠰᠢ ᠦᠭᠡᠢ ᠶᠦᠮ》᠃ ᠴᠢᠩᠪᠠᠭᠠᠲᠤᠷ ᠢ᠋ ᠪᠤᠤ ᠮᠠᠷᠲᠠᠭᠠᠷᠠᠢ! ᠬᠥᠮᠦᠰ ᠮᠢᠨᠢ!
ᠴᠢᠩᠪᠠᠭᠠᠲᠤᠷ ᠤ᠋ᠨ ᠵᠠᠬᠢᠵᠤ ᠰᠠᠨᠠᠭᠤᠯᠤᠭᠰᠠᠨ ᠢ᠋ ᠨᠡᠩ ᠴᠤ᠌ ᠪᠤᠤ ᠮᠠᠷᠲᠠᠭᠠᠷᠠᠢ! ᠤᠭᠰᠠᠭ᠎ᠠ᠂ ᠦᠨᠳᠦᠰᠦᠲᠡᠨ᠂ ᠰᠣᠶᠣᠯ ᠤ᠋ᠨ ᠢ᠋ᠶ᠋ᠠᠨ ᠲᠥᠯᠥᠭᠡ ᠦᠷᠡᠭᠳᠡᠭᠰᠡᠨ ᠡᠨᠡ ᠵᠠᠯᠠᠭᠤ ᠶ᠋ᠢᠨ ᠭᠡᠭᠡᠨ ᠰᠦᠨᠡᠰᠦ᠂ ᠮᠣᠩᠭᠣᠯ ᠳ᠋ᠠᠭᠠᠨ ᠡᠷᠭᠢᠵᠦ ᠲᠥᠷᠥᠲᠦᠭᠡᠢ!
ᠮᠣᠩᠭᠣᠯ᠂ ᠠᠪᠢᠶᠠᠰ ᠪᠢᠯᠢᠭᠲᠡᠨ ᠢ᠋ᠶ᠋ᠡᠷ ᠳᠤᠲᠠᠭ᠎ᠠ ᠦᠭᠡᠢ ᠶᠦᠮ
ᠮᠣᠩᠭᠣᠯ᠂ ᠠᠪᠢᠶᠠᠰ ᠪᠢᠯᠢᠭᠲᠡᠨ ᠢ᠋ᠶ᠋ᠡᠨ ᠬᠠᠢᠷᠠᠯᠠᠬᠤ ᠰᠡᠳᠬᠢᠯ ᠢ᠋ᠶ᠋ᠡᠷ ᠳᠤᠲᠠᠭ᠎ᠠ ᠶᠤᠮ
ᠮᠣᠩᠭᠣᠯ᠂ ᠵᠣᠪᠠᠯᠠᠩ ᠭᠤᠨᠢᠭ ᠢ᠋ᠶ᠋ᠠᠷ ᠳᠤᠲᠠᠭ᠎ᠠ ᠦᠭᠡᠢ ᠶᠦᠮ
ᠮᠣᠩᠭᠣᠯ᠂ ᠵᠣᠪᠠᠵᠤ ᠭᠤᠨᠢᠬᠤ ᠳ᠋ᠠᠭᠠᠨ ᠵᠣᠷᠢᠭ ᠢᠲᠡᠭᠡᠯ ᠢ᠋ᠶ᠋ᠡᠷ ᠯᠡ ᠳᠤᠲᠠᠭ᠎ᠠ ᠶᠤᠮ
ᠦᠰᠦᠭ ᠠᠮᠢᠯᠠᠭᠤᠯᠤᠭᠴᠢ ᠭᠡᠷᠡᠯ᠂ ᠨᠠᠷᠠᠨᠲᠤᠶᠠᠭ᠎ᠠ᠂ ᠢᠳᠰᠢᠩᠬᠣᠷᠯᠣ᠂ ᠨᠡᠭᠦᠳᠡᠯ
ᠬᠢᠨᠠᠭᠴᠢ᠄ ᠰᠡᠬᠡᠭᠡᠷᠡᠯ᠂ ᠣᠳᠬᠠᠨᠰᠣ᠎ᠠ
