ᠴᠡᠴᠡᠨ ᠮᠡᠷᠭᠡᠨ ᠬᠣᠶᠠᠷ 3 ᠳ᠋ᠤᠭᠠᠷ ᠠᠩᠭᠢ-ᠠᠶᠤᠯ ᠤᠨ ᠳᠣᠬᠢᠶ᠎ᠠ ᠠᠪᠤᠷᠠᠯ ᠤᠨ ᠳᠦᠷᠢᠮЦэцэн, Мэргэн хоёр- Аюулын дохио Авралын дүрэм
ᠠᠶᠤᠯ ᠤ᠋ᠨ ᠳᠣᠬᠢᠶ᠎ᠠ ᠠᠪᠤᠷᠠᠯ ᠤ᠋ᠨ ᠳᠦᠷᠢᠮ
ᠭᠤᠷᠪᠠᠳᠤᠭᠠᠷ ᠠᠩᠭᠢ
ᠠᠶᠤᠯ ᠤ᠋ᠨ ᠳᠣᠬᠢᠶ᠎ᠠ
ᠠᠪᠤᠷᠠᠯ ᠤ᠋ᠨ ᠳᠦᠷᠢᠮ
ᠮᠡᠷᠭᠡᠨ ᠠ᠋
ᠪᠢᠳᠡ ᠬᠣᠶᠠᠷ ᠶᠠᠮᠠᠷ ᠬᠣᠯᠠ ᠶᠠᠪᠤᠭ᠎ᠠ ᠪᠣᠢ?
ᠬᠠᠷᠢᠨ ᠲᠡᠢᠮᠦ ᠠ᠋
ᠬᠣᠶᠠᠭᠤᠯᠠ ᠪᠠᠨ ᠲᠣᠭᠯᠠᠵᠤ ᠶᠠᠪᠤᠭᠠᠳ
ᠭᠡᠷ ᠡᠴᠡ ᠪᠡᠨ ᠨᠡᠯᠢᠶᠡᠳ ᠬᠣᠯᠠᠳᠠᠭᠰᠠᠨ ᠪᠠᠢᠨ᠎ᠠ ᠰᠢᠦ
ᠮᠡᠷᠭᠡᠨ ᠠ᠋
ᠡᠵᠢ ᠠᠪᠤ ᠨᠠᠷ ᠮᠠᠨᠢ ᠪᠢᠳᠡ ᠬᠣᠶᠠᠷ ᠢ᠋ ᠪᠢᠲᠡᠭᠡᠢ ᠣᠷᠣᠢᠳᠠᠭᠠᠷᠠᠢ ᠭᠡᠰᠡᠨ
ᠬᠣᠶᠠᠭᠤᠯᠠ ᠪᠠᠨ ᠣᠳᠣ ᠬᠠᠷᠢᠬᠤ ᠤᠤ?
ᠵᠠ ᠲᠡᠭᠡᠶ᠎ᠡ
ᠬᠣᠶᠠᠭᠤᠯᠠ ᠪᠠᠨ ᠲᠣᠭᠯᠠᠭᠠᠮ ᠢ᠋ᠶ᠋ᠠᠨ ᠬᠤᠷᠢᠶᠠᠭᠠᠳ ᠴᠦᠩᠬᠦ ᠪᠡᠨ ᠳᠠᠮᠵᠢᠯᠠᠭᠠᠳ ᠶᠠᠪᠤᠶ᠎ᠠ ᠳᠠ
ᠨᠠᠮ᠎ᠠ ᠶ᠋ᠢ ᠠᠪᠤᠷᠠᠭᠠᠷᠠᠢ!
ᠠᠪᠤᠷᠠᠭᠠᠷᠠᠢ!
ᠨᠠᠮ᠎ᠠ ᠶ᠋ᠢ ᠠᠪᠤᠷᠠᠭᠠᠷᠠᠢ
ᠠᠪᠤᠷᠠᠭᠠᠷᠠᠢ!
ᠬᠥᠶᠢ ᠂ ᠶᠠᠭᠠᠬᠢᠭᠰᠠᠨ ᠵᠢᠭᠠᠬᠠᠨ ᠭᠥᠯᠥᠭᠡ ᠪᠣᠢ ᠶᠠᠭᠠᠬᠢᠭᠠᠳ ᠴᠢ ᠣᠷᠢᠶᠠᠯᠳᠤᠴᠢᠬᠠᠭᠠ ᠪᠣᠢ?
ᠬᠡ ᠬᠡ ᠂ ᠨᠠᠮ᠎ᠠ ᠶ᠋ᠢ ᠠᠪᠤᠷᠠᠭᠰᠠᠨ ᠵᠣᠷᠢᠭᠲᠠᠢ ᠬᠡᠦᠬᠡᠳ ᠦ᠋ᠳ ᠲᠡᠭᠡᠨ ᠪᠠᠶᠠᠷᠯᠠᠯ᠎ᠠ ᠠᠴᠢ ᠶ᠋ᠢ ᠲᠠᠨᠢ ᠠᠴᠢ ᠪᠠᠷ ᠬᠠᠷᠢᠭᠤᠯᠠᠵᠤ ᠂ ᠲᠠ ᠬᠣᠶᠠᠷ ᠲᠤ᠌ ᠮᠠᠰᠢ ᠬᠤᠷᠳᠤᠨ ᠭᠦᠶᠦᠳᠡᠭ ᠬᠦᠴᠦ ᠴᠢᠳᠠᠯ ᠥᠭᠭᠦᠶ᠎ᠡ
ᠬᠥᠥᠭ᠂ ᠪᠠᠶᠠᠷᠯᠠᠯ᠎ᠠ! ᠪᠢᠳᠡ ᠬᠣᠶᠠᠷ ᠴᠢᠮ᠎ᠠ ᠶ᠋ᠢ ᠠᠪᠤᠷᠠᠬᠤ ᠶ᠋ᠢᠨ ᠲᠤᠯᠠ ᠪᠠᠶᠠᠨ ᠳ᠋ᠤ᠌ ᠴᠢᠨᠢ ᠬᠦᠷᠦᠭᠰᠡᠨ ᠶᠦᠮ ᠂
ᠡᠩᠬᠡᠵᠢᠯ ᠭᠡᠰᠡᠨ ᠦᠭᠡ ᠰᠢᠦ ᠬᠡ ᠬᠡ ᠁
ᠶᠠᠭᠠᠬᠢᠨ᠎ᠠ ᠠ᠋! ᠡᠨᠡ ᠶᠠᠭᠤ ᠪᠣᠢ
ᠶᠠᠮᠠᠷ ᠠᠶᠤᠮᠠᠷ ᠠᠮᠢᠲᠠᠨ
ᠪᠢᠳᠡ ᠬᠣᠶᠠᠷ ᠢ᠋ ᠳᠠᠭᠠᠭᠠᠳ ᠪᠠᠢᠨ᠎ᠠ
ᠲᠠᠨᠢᠬᠤ ᠦᠭᠡᠢ ᠬᠥᠮᠦᠨ ᠪᠠᠢᠨ᠎ᠠ ᠰᠢᠦ ᠳᠡ
ᠣᠳᠣ ᠶᠠᠭᠠᠬᠢᠬᠤ ᠪᠣᠢ ᠬᠣᠶᠠᠭᠤᠯᠠ ᠪᠠᠨ
ᠶᠠᠭᠠᠬᠢᠭᠰᠠᠨ ᠬᠥᠭᠡᠷᠦᠬᠦᠨ ᠬᠡᠦᠬᠡᠳ ᠦ᠋ᠳ ᠪᠣᠢ
ᠠᠯᠢᠪ ᠨᠢᠭᠡ ᠦᠨᠦᠰᠦᠶ᠎ᠡ
ᠬᠡᠦᠬᠡᠳ ᠦ᠋ᠳ ᠠ᠋
ᠪᠣᠰᠤᠭᠠᠷᠠᠢ! ᠴᠢᠩᠭ᠎ᠠ ᠬᠠᠰᠬᠢᠷᠤᠭᠠᠳ ᠵᠢᠭᠤᠲᠠᠭᠠᠷᠠᠢ!
ᠨᠠᠭᠠᠳᠤ ᠬᠥᠮᠦᠨ ᠴᠢᠨᠢ ᠲᠠ ᠬᠣᠶᠠᠷ ᠤ᠋ᠨ ᠪᠡᠶ᠎ᠡ ᠳ᠋ᠦ᠍ ᠬᠠᠮᠢᠶ᠎ᠠ ᠦᠭᠡᠢ ᠬᠦᠷᠦᠭᠡᠳ ᠪᠠᠢᠨ᠎ᠠ ᠰᠢᠦ
ᠪᠣᠯᠢᠭᠠᠴᠢ ᠂ ᠪᠣᠯᠢ! ᠨᠠᠳᠠ ᠳ᠋ᠤ᠌ ᠪᠢᠲᠡᠭᠡᠢ ᠬᠦᠷᠦ ᠲᠠᠨ ᠲᠠᠢ ᠬᠠᠮᠲᠤ ᠶᠠᠪᠤᠬᠤ ᠦᠭᠡᠢ
ᠬᠥᠶᠢ᠂ ᠬᠥᠶᠢ᠂ ᠬᠥᠶᠢ᠂ ᠬᠡᠦᠬᠡᠳ ᠦ᠋ᠳ ᠠ᠋
ᠪᠢ ᠰᠠᠢᠨ ᠬᠥᠮᠦᠨ ᠰᠢᠦ
ᠪᠢ ᠭᠣᠶᠣ ᠲᠣᠭᠯᠠᠭᠠᠮ ᠠᠪᠴᠤ ᠥᠭᠭᠦᠨ᠎ᠡ ᠰᠢᠦ
ᠪᠠᠰᠠ ᠵᠠᠢᠷᠮᠠᠭ ᠠᠪᠴᠤ ᠥᠭᠭᠦᠨ᠎ᠡ
ᠠᠬ᠎ᠠ ᠨᠢ ᠰᠠᠢᠨ ᠬᠥᠮᠦᠨ ᠰᠢᠦ
ᠲᠠᠨ ᠤ᠋ ᠠᠪᠤ ᠡᠵᠢ ᠶ᠋ᠢᠨ ᠲᠠᠨᠢᠯ ᠰᠢᠦ
ᠵᠣᠭᠰᠣᠭᠠᠷᠠᠢ ᠬᠥᠶᠢ ᠬᠥᠶᠢ ᠬᠥᠰᠢ
ᠬᠥᠭᠡᠷᠦᠬᠦᠨ ᠭᠥᠯᠥᠭᠡ ᠴᠢᠮ᠎ᠠ ᠳ᠋ᠤ᠌ ᠪᠠᠨ ᠪᠠᠶᠠᠷᠯᠠᠯ᠎ᠠ ᠡᠬᠢᠯᠡᠭᠡᠳ ᠴᠢᠩᠭ᠎ᠠ ᠬᠠᠰᠬᠢᠷᠴᠤ
ᠳᠠᠷᠠᠭ᠎ᠠ ᠨᠢ ᠬᠤᠷᠳᠤᠨ ᠵᠢᠭᠤᠲᠠᠭᠠᠬᠤ
ᠬᠡᠷᠡᠭᠲᠡᠢ ᠶᠦᠮ ᠪᠠᠢᠨ᠎ᠠ᠃
ᠴᠡᠴᠡᠨ ᠠ᠋
ᠬᠣᠶᠠᠭᠤᠯᠠ ᠪᠠᠨ ᠭᠡᠷ ᠡᠴᠡ ᠪᠡᠨ ᠬᠣᠯᠠ ᠶᠠᠪᠤᠭᠰᠠᠨ ᠢ᠋ᠶ᠋ᠠᠨ
ᠪᠠᠰᠠ ᠶᠠᠮᠠᠷ ᠠᠶᠤᠮᠠᠷ ᠬᠥᠮᠦᠨ ᠲᠡᠢ ᠲᠠᠭᠠᠷᠠᠯᠳᠤᠭᠰᠠᠨ ᠢ᠋ᠶ᠋ᠠᠨ ᠡᠵᠢ ᠠᠪᠤ ᠳ᠋ᠤ᠌ ᠪᠠᠨ ᠬᠡᠯᠡᠬᠦ ᠦᠭᠡᠢ ᠰᠢᠦ
ᠲᠡᠳᠡ ᠮᠡᠳᠡᠴᠢᠬᠡᠪᠡᠯ ᠪᠢᠳᠡᠨ ᠢ᠋ ᠳᠠᠬᠢᠵᠤ ᠭᠠᠳᠠᠭ᠎ᠠ ᠲᠣᠭᠯᠠᠭᠤᠯᠬᠤ ᠦᠭᠡᠢ ᠪᠣᠯᠴᠢᠬᠠᠪᠠᠯ ᠶᠠᠭᠠᠬᠢᠬᠤ ᠪᠣᠢ
ᠬᠣᠶᠠᠭᠤᠯᠠ ᠪᠠᠨ ᠡᠨᠡ ᠲᠤᠬᠠᠢ ᠵᠦᠭᠡᠷ ᠯᠡ ᠨᠢᠭᠤᠴᠠᠯᠠᠶᠠ
ᠬᠡᠦᠬᠡᠳ ᠦ᠋ᠳ ᠠ᠋
ᠡᠢᠮᠦ ᠵᠦᠢᠯ ᠢ᠋ ᠨᠢᠭᠤᠵᠤ ᠪᠣᠯᠳᠠᠭ ᠦᠭᠡᠢ ᠶᠦᠮ ᠠ᠋
ᠬᠠᠷᠢᠨ ᠴᠤ᠌ ᠠᠪᠤ ᠡᠵᠢ ᠳ᠋ᠦ᠍ ᠪᠡᠨ ᠪᠠᠭᠰᠢ ᠳ᠋ᠠᠭᠠᠨ ᠡᠰᠡᠪᠡᠯ ᠴᠠᠭᠳᠠᠭ᠎ᠠ ᠳ᠋ᠤ᠌ ᠵᠠᠪᠠᠯ ᠬᠡᠯᠡᠬᠦ ᠬᠡᠷᠡᠭᠲᠡᠢ
ᠡᠨᠡ ᠲᠤᠬᠠᠢ ᠲᠡᠳᠡᠨ ᠳ᠋ᠦ᠍ ᠬᠡᠯᠡᠬᠦ ᠦᠭᠡᠢ ᠶᠦᠮ ᠪᠣᠯ ᠲᠡᠷᠡ ᠮᠠᠭᠤ ᠬᠥᠮᠦᠨ ᠳᠠᠬᠢᠭᠠᠳ ᠥᠭᠡᠷ᠎ᠡ ᠬᠡᠦᠬᠡᠳ ᠦ᠋ᠳ ᠢ᠋ ᠭᠣᠮᠣᠳᠠᠭᠠᠵᠤ ᠮᠠᠭᠠᠳ ᠦᠭᠡᠢ ᠰᠢᠦ ᠳᠡ
ᠴᠠᠭᠳᠠᠭ᠎ᠠ ᠳ᠋ᠤ᠌ ᠠ᠋ ᠂ ᠴᠠᠭᠳᠠᠭ᠎ᠠ ᠬᠠᠮᠢᠭ᠎ᠠ ᠨᠢ ᠪᠠᠢᠳᠠᠭ ᠢ᠋ ᠪᠢ ᠮᠡᠳᠡᠬᠦ ᠦᠭᠡᠢ ᠰᠢᠲᠠ
ᠲᠠ ᠬᠣᠶᠠᠷ ᠬᠡᠦᠬᠡᠳ ᠦ᠋ᠨ 108 ᠤᠲᠠᠰᠤ ᠶ᠋ᠢ ᠮᠡᠳᠡᠬᠦ ᠤᠤ?
ᠬᠡᠦᠬᠡᠳ ᠦ᠋ᠳ ᠲᠠ ᠨᠠᠷ ᠢ᠋ ᠠᠶᠤᠯ ᠳ᠋ᠤ᠌ ᠣᠷᠣᠭᠰᠠᠨ ᠦᠶ᠎ᠡ ᠳ᠋ᠦ᠍ ᠲᠤᠰᠠᠯᠠᠳᠠᠭ ᠠᠬ᠎ᠠ ᠡᠭᠡᠴᠢ ᠨᠠᠷ ᠴᠠᠭᠳᠠᠭ᠎ᠠ ᠂ ᠡᠮᠴᠢ ᠭᠡᠳ ᠣᠯᠠᠨ ᠬᠥᠮᠦᠨ ᠲᠡᠨᠳᠡ ᠠᠵᠢᠯᠯᠠᠳᠠᠭ ᠶᠤᠮ
108 ᠤᠲᠠᠰᠤ ᠤᠷᠤᠭᠤ ᠵᠠᠯᠠᠭᠠᠬᠤ ᠮᠠᠰᠢ ᠠᠮᠠᠷᠬᠠᠨ
ᠨᠢᠭᠡ ᠲᠡᠭ ᠨᠠᠢ᠍ᠮᠠ
ᠢᠩᠭᠢᠭᠡᠳ ᠯᠡ ᠪᠣᠯᠤᠭ᠎ᠠ
ᠠ ᠂ ᠶᠠᠭ ᠬᠡᠷᠡᠭ ᠲᠡᠢ ᠪᠡᠨ ᠣᠳᠣ ᠯᠠ ᠮᠡᠳᠡᠯ᠎ᠡ ᠪᠢᠳᠡᠨ ᠳ᠋ᠦ᠍ ᠲᠤᠰᠠᠯᠠᠵᠤ ᠬᠡᠷᠡᠭ ᠲᠡᠢ ᠵᠥᠪᠯᠡᠭᠡ ᠦᠭᠭᠦᠭᠰᠡᠨ ᠴᠢᠮ᠎ᠠ ᠳ᠋ᠤ᠌ ᠪᠠᠶᠠᠷᠯᠠᠯ᠎ᠠ
ᠴᠢᠳᠠᠯ ᠲᠠᠢ ᠬᠥᠭᠡᠷᠦᠬᠦᠨ ᠬᠡᠦᠬᠡᠳ ᠦ᠋ᠳ ᠮᠢᠨᠢ ᠠᠶᠤᠯ ᠲᠣᠬᠢᠶᠠᠯᠳᠤᠭᠰᠠᠨ ᠴᠠᠭ ᠲᠤ᠌ ᠴᠢᠩᠭ᠎ᠠ ᠳᠠᠭᠤ ᠪᠠᠷ《ᠦᠭᠡᠢ᠂ ᠪᠣᠯᠢ》ᠭᠡᠵᠦ ᠬᠠᠰᠬᠢᠷᠳᠠᠭ ᠶᠤᠮ ᠰᠢᠦ
ᠡᠨᠡ ᠪᠣᠯ ᠨᠢᠭᠡᠳᠦᠭᠡᠷ ᠳᠦᠷᠢᠮ ᠰᠢᠦ
ᠰᠠᠷᠠᠭᠤᠯ ᠤᠬᠠᠭᠠᠨ ᠲᠠᠢ ᠬᠡᠦᠬᠡᠳ ᠦ᠋ᠳ ᠮᠢᠨᠢ ᠲᠡᠭᠡᠭᠡᠳ ᠬᠤᠷᠳᠤᠯᠠᠨ ᠵᠢᠭᠤᠲᠠ
ᠡᠨᠡ ᠪᠣᠯ ᠬᠣᠶᠠᠳᠤᠭᠠᠷ ᠳᠦᠷᠢᠮ ᠰᠢᠦ
ᠳᠠᠷᠠᠭ᠎ᠠ ᠨᠢ ᠬᠠᠢᠷᠠᠲᠠᠢ ᠠᠪᠤ ᠡᠵᠢ ᠳ᠋ᠦ᠍ ᠪᠡᠨ
ᠪᠠᠭᠰᠢ ᠳ᠋ᠠᠭᠠᠨ ᠭᠡᠳ ᠢᠲᠡᠭᠡᠵᠦ ᠪᠣᠯᠬᠤ ᠬᠥᠮᠦᠰ ᠲᠡᠭᠡᠨ ᠪᠣᠯᠤᠭᠰᠠᠨ ᠪᠦᠬᠦᠨ ᠢ᠋ ᠨᠢᠭᠤᠯ ᠦᠭᠡᠢ ᠬᠡᠯᠡᠵᠦ ᠪᠠᠢᠭᠠᠷᠠᠢ
ᠡᠨᠡ ᠪᠣᠯ ᠭᠤᠷᠪᠠᠳᠤᠭᠠᠷ ᠳᠦᠷᠢᠮ
ᠠᠶᠤᠯ ᠦᠭᠡᠢ ᠶ᠋ᠢᠨ ᠭᠤᠷᠪᠠᠨ ᠳᠦᠷᠢᠮ ᠢ᠋ᠶ᠋ᠡᠨ ᠬᠡᠵᠢᠶ᠎ᠡ ᠴᠦ᠍ ᠪᠢᠲᠡᠭᠡᠢ ᠮᠠᠷᠲᠠᠭᠠᠷᠠᠢ
ᠴᠡᠴᠡᠨ ᠮᠡᠷᠭᠡᠨ ᠬᠣᠶᠠᠷ ᠨᠠᠢᠵᠠ ᠶ᠋ᠢᠨ ᠢ᠋ᠶ᠋ᠡᠨ ᠭᠤᠷᠪᠠᠨ ᠠᠩᠭᠢᠲᠤ ᠲᠡᠦᠬᠡ ᠶ᠋ᠢ ᠳᠠᠬᠢᠨ ᠳᠠᠬᠢᠨ ᠦᠵᠡᠭᠡᠷᠡᠢ! ᠬᠡᠵᠢᠶ᠎ᠡ ᠴᠦ᠍ ᠪᠢᠲᠡᠭᠡᠢ ᠮᠠᠷᠲᠠᠭᠠᠷᠠᠢ!
ᠪᠠᠶᠠᠷᠲᠠᠢ
ᠦᠰᠦᠭ ᠠᠮᠢᠯᠠᠭᠤᠯᠤᠭᠴᠢ ᠄ ᠣᠲᠣᠨᠬᠡᠷᠡᠯ
ᠬᠢᠨᠠᠭᠴᠢ ᠪᠠᠭᠰᠢ ᠄ ᠣᠳᠬᠠᠨᠰᠸ᠎ᠠ ᠂ ᠨᠡᠷᠡᠨ᠎ᠡ ᠂ ᠠᠵᠠᠵᠠᠶᠠᠭ᠎ᠠ ᠂ ᠮᠥᠩᠭᠦᠨᠴᠡᠴᠡᠭ ᠨᠠᠷ
