ᠴᠡᠴᠡᠨ ᠮᠡᠷᠭᠡᠨ ᠬᠣᠶᠠᠷ1 ᠳᠦᠭᠡᠷ ᠠᠩᠭᠢ-ᠮᠢᠨᠦ ᠪᠡᠶ᠎ᠡ ᠮᠢᠨᠦ ᠡᠷᠳᠡᠨᠢЦэцэн, Мэргэн хоёр-Миний бие Миний эрдэнэ
ᠴᠡᠴᠡᠨ ᠮᠡᠷᠭᠡᠨ ᠬᠣᠶᠠᠷ ᠨᠢᠭᠡᠳᠦᠭᠡᠷ ᠠᠩᠭᠢ-ᠮᠢᠨᠦ ᠪᠡᠶ᠎ᠡ ᠮᠢᠨᠦ ᠡᠷᠳᠡᠨᠢ
ᠴᠡᠴᠡᠨ ᠦ᠌ ᠡᠵᠢ᠄ ᠮᠢᠨᠦ ᠥᠬᠢᠨ ᠠ᠋᠂ ᠮᠡᠷᠭᠡᠨ ᠨᠠᠶ᠋ᠢᠵᠠ ᠲᠠᠢ ᠪᠠᠨ ᠰᠠᠢᠬᠠᠨ ᠲᠣᠭᠯᠠᠭᠠᠳ ᠢᠷᠡᠭᠡᠷᠡᠢ᠂ ᠪᠣᠯᠭᠣᠮᠵᠢᠲᠠᠢ ᠶᠠᠪᠤᠭᠠᠷᠠᠢ᠂ ᠤᠨᠠᠵᠤ ᠪᠡᠷᠲᠡᠭᠦᠵᠠᠢ᠃
ᠮᠡᠷᠭᠡᠨ ᠦ᠌ ᠡᠵᠢ᠄ ᠮᠢᠨᠦ ᠬᠦᠦ᠂ ᠴᠡᠴᠡᠨ ᠨᠠᠶ᠋ᠢᠵᠠ ᠲᠠᠢ ᠪᠠᠨ ᠴᠦᠩᠬᠦ ᠪᠡᠨ ᠳᠠᠮᠵᠢᠯᠠᠭᠠᠳ ᠶᠠᠪᠤᠭᠠᠷᠠᠢ᠂ ᠭᠡᠷ ᠡᠴᠡ ᠪᠡᠨ ᠬᠣᠯᠠ ᠶᠠᠪᠤᠯ ᠦᠭᠡᠢ ᠪᠡᠷ ᠣᠶ᠋ᠢᠷᠠᠬᠠᠨ ᠲᠣᠭᠯᠠᠨ᠎ᠠ ᠰᠢᠦ! ᠬᠠᠷᠢᠨ ᠲᠠᠨᠢᠬᠤ ᠦᠭᠡᠢ ᠬᠥᠮᠦᠨ ᠳᠠᠭᠤᠳᠠᠪᠠᠯ ᠪᠢᠲᠡᠭᠡᠢ ᠣᠴᠢᠭᠠᠷᠠᠢ!
ᠮᠡᠷᠭᠡᠨ ᠦ᠌ ᠠᠪᠤ᠄ ᠡᠨᠡᠭᠦᠬᠡᠨ ᠣᠶ᠋ᠢᠷᠠᠬᠠᠨ ᠪᠢᠴᠢᠬᠠᠨ ᠭᠣᠷᠣᠬᠠᠨ ᠤ᠋ ᠴᠢᠮᠡᠭᠡ ᠳᠤᠭᠤᠯᠳᠠᠨ᠎ᠠ᠂ ᠳᠣᠪᠣᠴᠠᠭ ᠳᠡᠭᠡᠷ᠎ᠡ ᠭᠠᠷᠤᠩᠭᠤᠲᠠ ᠬᠠᠷᠠᠭᠳᠠᠳᠠᠭ ᠶᠤᠮ᠂ ᠲᠡᠨᠳᠡ ᠡᠴᠡ ᠬᠣᠯᠠᠳᠠᠵᠤ ᠪᠣᠯᠬᠤ ᠦᠭᠡᠢ ᠰᠢᠦ!
ᠴᠡᠴᠡᠨ᠄ ᠵᠠ ᠠᠪᠤ ᠠ᠋
ᠮᠡᠷᠭᠡᠨ᠄ ᠵᠠ ᠡᠵᠢ ᠠ᠋᠂ ᠪᠢᠳᠡ ᠬᠣᠯᠠ ᠦᠭᠡᠶ᠋ᠢᠬᠡᠨ ᠲᠣᠭᠯᠠᠨ᠎ᠠ᠃
ᠴᠡᠴᠡᠨ ᠮᠡᠷᠭᠡᠨ᠄ ᠪᠠᠶᠠᠷᠲᠠᠢ!
ᠴᠡᠴᠡᠨ ᠦ᠌ ᠠᠪᠤ᠄ ᠭᠡᠷ ᠦ᠋ᠨ ᠠᠷᠤ ᠳ᠋ᠤ᠌ ᠬᠢᠨ ᠲᠠᠯ᠎ᠠ ᠳ᠋ᠤ᠌ ᠪᠠᠶ᠋ᠢᠭ᠎ᠠ ᠨᠠᠷᠢᠨ ᠭᠣᠷᠣᠬ᠎ᠠ ᠮᠠᠨᠢ ᠴᠡᠴᠡᠨ ᠮᠡᠷᠭᠡᠨ ᠬᠣᠶᠠᠷ ᠲᠤ᠌ ᠪᠠᠨ ᠪᠣᠯ ᠬᠣᠯᠠ ᠭᠠᠵᠠᠷ ᠰᠢᠦ ᠳᠡ᠂ ᠮᠠᠨ ᠤ᠋ ᠬᠡᠦᠬᠡᠳ ᠦ᠋ᠳ ᠵᠢᠭᠠᠬᠠᠨ ᠴᠤ᠌ ᠭᠡᠰᠡᠨ ᠪᠡᠶ᠎ᠡ ᠳᠠᠭᠠᠭᠠᠨ ᠲᠣᠭᠯᠠᠵᠤ᠂ ᠬᠣᠭᠣᠷᠣᠨᠳᠣ ᠪᠠᠨ ᠬᠠᠷᠢᠯᠴᠠᠵᠤ ᠰᠤᠷᠤᠭᠰᠠᠨ ᠨᠢ ᠳᠡᠭᠡᠷ᠎ᠡ᠃
ᠮᠡᠷᠭᠡᠨ ᠦ᠌ ᠠᠪᠤ᠄ ᠲᠡᠶ᠋ᠢᠮᠦ ᠰᠢᠦ!
ᠮᠡᠷᠭᠡᠨ ᠦ᠌ ᠡᠵᠢ᠄ ᠬᠠᠷᠢᠨ ᠲᠡᠶ᠋ᠢᠮᠦ ᠠ᠋! ᠭᠡᠬᠦ ᠳ᠋ᠦ᠍ ᠪᠡᠨ ᠬᠡᠴᠢᠨᠡᠭᠡᠨ ᠣᠶ᠋ᠢᠷ᠎ᠠ ᠭᠠᠵᠠᠷ ᠴᠤ᠌ ᠭᠡᠰᠡᠨ ᠬᠣᠶᠠᠷ ᠬᠡᠦᠬᠡᠳ ᠢ᠋ᠶ᠋ᠡᠨ ᠰᠠᠢᠨ ᠯᠠ ᠬᠠᠷᠠᠵᠤ ᠪᠠᠶ᠋ᠢᠵᠠᠭᠠᠶᠠ!
ᠮᠡᠷᠭᠡᠨ ᠦ᠌ ᠡᠵᠢ᠄ ᠲᠡᠭᠡᠯᠭᠦᠢ ᠶᠠᠭᠠᠬᠢᠬᠤᠪ!
ᠴᠡᠴᠡᠨ ᠦ᠌ ᠡᠵᠢ᠄ ᠲᠡᠶ᠋ᠢᠮᠦ ᠰᠢᠦ!
ᠮᠡᠷᠭᠡᠨ᠄ ᠴᠡᠴᠡᠨ ᠠ᠋᠂ ᠡᠨᠡ ᠬᠥᠭᠡᠷᠦᠬᠦᠨ ᠪᠢᠯᠵᠤᠤᠬᠠᠢ ᠶᠠᠭᠠᠬᠢᠭᠠᠳ ᠪᠣᠢ? ᠬᠣᠯᠠ ᠶ᠋ᠢᠨ ᠬᠣᠯᠠ ᠨᠢᠰᠦᠭᠡᠳ ᠶᠠᠳᠠᠷᠠᠭᠰᠠᠨ ᠶᠤᠮ ᠪᠣᠯᠪᠠ ᠤᠤ?
ᠴᠡᠴᠡᠨ᠄ ᠶᠠᠭᠠᠬᠢᠨ᠎ᠠ ᠠ᠋᠂ ᠲᠡᠶ᠋ᠢᠮᠦ ᠪᠠᠶ᠋ᠢᠨ᠎ᠠ ᠰᠢᠳᠡ᠂ ᠬᠥᠭᠡᠷᠦᠬᠦᠢ ᠪᠢᠯᠵᠤᠤᠬᠠᠢ ᠳ᠋ᠤ᠌ ᠬᠣᠶᠠᠭᠤᠯᠠ ᠪᠠᠨ ᠤᠰᠤ᠂ ᠲᠠᠯᠬ᠎ᠠ ᠥᠭᠬᠦᠶ᠎ᠡ ᠯᠡ ᠳᠡ᠃
ᠮᠡᠷᠭᠡᠨ᠄ ᠵᠠ ᠲᠡᠭᠡᠶ᠎ᠡ
ᠪᠣᠯᠵᠣᠮᠣᠷ᠄ ᠨᠠᠮ᠎ᠠ ᠶ᠋ᠢ ᠦᠨᠡᠭᠡᠨ ᠦ᠌ ᠬᠣᠭᠣᠯᠠ ᠪᠣᠯᠬᠤ ᠠ᠋ᠴᠠ ᠠᠪᠤᠷᠠᠭᠰᠠᠨ ᠲᠠ ᠬᠣᠶᠠᠷ ᠲᠤ᠌ ᠪᠠᠶᠠᠷᠯᠠᠯ᠎ᠠ᠂ ᠠᠴᠢ ᠶ᠋ᠢ ᠴᠢᠨᠢ ᠠᠴᠢ ᠪᠠᠷ ᠬᠠᠷᠢᠭᠤᠯᠠᠵᠤ᠂ ᠠᠮᠢᠲᠠᠨ ᠤ᠋ ᠬᠡᠯᠡ ᠣᠶ᠋ᠢᠯᠠᠭᠠᠳᠠᠭ ᠷᠢᠳᠢ ᠰᠢᠳᠢ ᠶ᠋ᠢ ᠪᠡᠯᠡᠭᠯᠡᠶ᠎ᠡ!
ᠮᠡᠷᠭᠡᠨ᠄ ᠬᠥᠥᠭ! ᠪᠠᠶᠠᠷᠯᠠᠯ᠎ᠠ᠂ ᠪᠣᠯᠵᠣᠮᠣᠷ ᠮᠢᠨᠢ
ᠴᠡᠴᠡᠨ᠄ ᠶᠣᠬᠤ᠂ ᠪᠢ ᠪᠦᠷ ᠶᠠᠳᠠᠷᠠᠴᠢᠬᠠᠯ᠎ᠠ᠂ ᠶᠠᠪᠤᠵᠤ ᠴᠢᠳᠠᠬᠤ ᠦᠭᠡᠢ ᠨᠢ ᠠ᠋
ᠮᠡᠷᠭᠡᠨ᠄ ᠭᠣᠷᠣᠬ᠎ᠠ ᠶᠠᠭᠠᠬᠢᠭᠰᠠᠨ ᠬᠣᠯᠠ ᠶᠤᠮ ᠪᠣᠢ᠂ ᠠᠯᠬᠤᠵᠤ ᠴᠢᠳᠠᠬᠤ ᠪᠠᠨ ᠪᠠᠶ᠋ᠢᠯ᠎ᠠ ᠪᠦᠷ ᠶᠣᠬᠣ ᠶᠣᠬᠤ ᠁
ᠥᠳᠥ᠄ ᠬᠥᠯ ᠲᠡᠢ ᠴᠦ᠍ ᠪᠠᠶ᠋ᠢᠭᠰᠠᠨ ᠪᠣᠯᠤᠭᠠᠰᠠᠢ ᠬᠤᠷᠳᠤᠨ ᠶᠠᠪᠤᠭᠠᠳ ᠬᠣᠭᠣᠯᠠᠨ ᠳ᠋ᠤ᠌ ᠪᠠᠨ ᠬᠦᠷᠴᠢᠬᠡᠬᠦ ᠶᠦ᠍ᠮ ᠰᠠᠨ ᠳᠠ
ᠮᠡᠷᠭᠡᠨ᠄ ᠬᠥᠶᠢ ᠠ᠋᠂ ᠡᠨᠡ ᠥᠳᠥ ᠶᠠᠭᠤ ᠭᠡᠨ᠎ᠡ ᠪᠣᠢ? ᠬᠥᠯ ᠲᠡᠢ ᠪᠣᠯᠤᠭᠠᠰᠠᠢ ᠭᠡᠨ᠎ᠡ ᠤᠤ?
ᠴᠡᠴᠡᠨ᠄ ᠬᠠᠷᠢᠨ ᠲᠡᠶ᠋ᠢᠮᠦ ᠠ᠋᠂ ᠬᠥᠯ ᠲᠡᠢ ᠪᠣᠯ ᠰᠠᠢᠬᠠᠨ ᠶᠤᠮᠰᠠᠨ ᠭᠡᠨ᠎ᠡ᠂ ᠡᠨᠡ ᠥᠳᠥ ᠬᠡᠷᠪᠡ ᠬᠥᠯ ᠲᠡᠢ ᠪᠣᠯᠪᠠᠯ ᠶᠡᠬᠡ ᠣᠯᠠᠨ ᠭᠤᠲᠤᠯ ᠡᠮᠦᠰᠬᠦ ᠪᠠᠶ᠋ᠢᠭᠰᠠᠨ ᠳᠠ
ᠮᠡᠷᠭᠡᠨ᠄ ᠬᠡ ᠬᠡ ᠁ ᠴᠡᠴᠡᠨ ᠠ᠋᠂ ᠪᠢᠳᠡ ᠬᠡᠷᠪᠡ ᠥᠲᠥᠨ ᠦ᠌ ᠣᠷᠣᠨ ᠳ᠋ᠤ᠌ ᠪᠠᠶ᠋ᠢᠭᠰᠠᠨ ᠪᠣᠯ ᠶᠠᠭᠠᠬᠢᠬᠤ ᠪᠠᠶ᠋ᠢᠭᠰᠠᠨ ᠪᠣᠯ ᠠ᠋
ᠴᠡᠴᠡᠨ᠄ ᠠ ᠶᠠ ᠶᠠ᠂ ᠬᠦᠰᠡᠭᠰᠡᠨ ᠭᠠᠵᠠᠷ ᠮᠢᠨᠢ ᠬᠦᠷᠭᠡᠵᠦ ᠥᠭᠳᠡᠭ ᠬᠥᠯ ᠲᠡᠢ ᠪᠠᠶ᠋ᠢᠭ᠎ᠠ ᠳ᠋ᠤ᠌ ᠪᠠᠨ ᠪᠠᠶᠠᠷᠯᠠᠬᠤ ᠬᠡᠷᠡᠭ ᠲᠡᠢ ᠶᠦ᠍ᠮ ᠪᠠᠶ᠋ᠢᠨ᠎ᠠ᠃
ᠮᠡᠷᠭᠡᠨ᠄ ᠬᠠᠷᠢᠨ ᠲᠡᠶ᠋ᠢᠮᠦ᠂ ᠬᠣᠶᠠᠭᠤᠯᠠ ᠪᠠᠨ ᠬᠤᠷᠳᠤᠬᠠᠨ ᠠᠯᠬᠤᠶ᠎ᠠ᠃
ᠮᠡᠷᠭᠡᠨ᠄ ᠴᠡᠴᠡᠨ ᠠ᠋᠂ ᠡᠨᠡ ᠴᠥᠩᠬᠦᠨ ᠳᠣᠲᠣᠷ᠎ᠠ ᠭᠣᠣᠯᠳᠠᠭᠤ ᠴᠢᠨᠦ ᠯᠡ ᠶᠠᠭᠤᠮ᠎ᠠ ᠪᠠᠶ᠋ᠢᠭ᠎ᠠ ᠴᠢ ᠶᠡᠷᠦ ᠨᠢ ᠥᠪᠡᠷ ᠢ᠋ᠶ᠋ᠡᠨ ᠪᠡᠷᠢ᠂ ᠪᠢ ᠳᠠᠭᠠᠬᠤ ᠦᠭᠡᠢ ᠶᠦ᠍ᠮ ᠪᠠᠶ᠋ᠢᠨ᠎ᠠ᠃
ᠴᠡᠴᠡᠨ᠄ ᠪᠢ ᠴᠦ᠍ ᠭᠡᠰᠡᠨ ᠳᠠᠭᠠᠭᠠᠬᠤ ᠦᠭᠡᠢ ᠰᠢᠲᠠ᠂ ᠴᠢᠨᠦ ᠶᠠᠭᠤᠮ᠎ᠠ ᠴᠤ᠌ ᠭᠡᠰᠡᠨ ᠡᠨᠡ ᠴᠥᠩᠬᠦᠨ ᠳ᠋ᠦ᠍ ᠪᠠᠶ᠋ᠢᠭ᠎ᠠ ᠰᠢᠦ ᠳᠡ᠃
ᠮᠡᠷᠭᠡᠨ᠄ ᠬᠡᠩ᠂ ᠮᠢᠨᠦ ᠭᠠᠭᠴᠠᠬᠠᠨ ᠲᠠᠯᠬ᠎ᠠ ᠯᠠ ᠪᠠᠶ᠋ᠢᠭ᠎ᠠ᠂ ᠪᠢ ᠲᠡᠷᠡ ᠶ᠋ᠢ ᠪᠡᠨ ᠠᠪᠤᠯ᠎ᠠ᠂ ᠴᠢ ᠥᠪᠡᠷ ᠢ᠋ᠶ᠋ᠡᠨ ᠴᠦᠩᠬᠦ ᠪᠡᠨ ᠪᠡᠷᠢ᠃
ᠲᠠᠤᠯᠠᠢ᠄ ᠡᠨᠡ ᠬᠣᠶᠠᠷ ᠬᠡᠦᠬᠡᠳ ᠰᠢᠭ ᠭᠠᠷ ᠲᠠᠢ ᠴᠤ᠌ ᠪᠠᠶ᠋ᠢᠭᠰᠠᠨ ᠪᠣᠯᠤᠭᠠᠰᠠᠢ᠂ ᠲᠡᠭᠡᠪᠡᠯ ᠪᠥᠵᠥᠩ ᠦ᠋ᠳ ᠲᠦ᠍ ᠪᠡᠨ ᠨᠢᠭᠡᠮᠦᠰᠦᠨ ᠲᠠᠪᠤᠨ ᠯᠤᠤᠪᠠᠩ ᠪᠠᠷᠢᠵᠤ ᠠᠪᠠᠴᠢᠭᠠᠳ ᠥᠭᠴᠢᠬᠡᠬᠦ ᠦᠭᠡᠢ ᠦᠦ?
ᠮᠡᠷᠭᠡᠨ᠄ ᠬᠥᠥᠭ᠂ ᠴᠦᠩᠬᠦ ᠪᠡᠨ ᠡᠷᠭᠦᠭᠡᠳ ᠶᠠᠪᠤᠬᠤ ᠭᠠᠷ ᠲᠠᠢ ᠪᠠᠶ᠋ᠢᠭ᠎ᠠ ᠬᠡᠦᠬᠡᠳ ᠦ᠋ᠳ ᠪᠢᠳᠡ ᠶᠠᠮᠠᠷ ᠠᠵᠠ ᠲᠠᠢ ᠶᠤᠮ ᠪᠣᠢ? ᠭᠠᠷ ᠢ᠋ᠶ᠋ᠠᠨ ᠬᠠᠮᠠᠭᠠᠯᠠᠵᠤ ᠬᠠᠶ᠋ᠢᠷᠠᠯᠠᠬᠤ ᠬᠡᠷᠡᠭᠲᠡᠢ ᠶᠦ᠍ᠮ ᠪᠠᠶ᠋ᠢᠨ᠎ᠠ᠃
ᠴᠡᠴᠡᠨ᠄ ᠬᠡ ᠬᠡ ᠁ ᠨᠠᠶ᠋ᠢᠵᠠᠡ ᠠ᠋᠂ ᠬᠣᠶᠠᠭᠤᠯᠠ ᠪᠠᠨ ᠴᠦᠩᠬᠦ ᠪᠡᠨ ᠳᠠᠮᠵᠢᠯᠠᠭᠠᠳ ᠶᠠᠪᠤᠶ᠎ᠠ᠂ ᠨᠠᠶ᠋ᠢᠵᠢ ᠶ᠋ᠢᠨ ᠢ᠋ᠶ᠋ᠡᠨ ᠴᠦ᠍ ᠭᠠᠷ ᠊ᠢ ᠬᠠᠶ᠋ᠢᠷᠠᠯᠠᠬᠤ ᠬᠡᠷᠡᠭᠲᠡᠢ ᠰᠢᠦ ᠳᠡ᠃
ᠴᠡᠴᠡᠨ᠄ ᠮᠡᠷᠭᠡᠨ ᠠ᠋᠂ ᠭᠣᠷᠣᠬᠠᠨ ᠤ᠋ ᠴᠢᠮᠡᠭᠡ ᠳᠤᠭᠤᠯᠳᠠᠨ᠎ᠠ ᠭᠡᠰᠡᠨ ᠶᠠᠭᠠᠬᠢᠴᠢᠬᠠᠪᠠ?
ᠮᠡᠷᠭᠡᠨ᠄ ᠣᠳᠣ ᠣᠶ᠋ᠢᠷᠠᠳᠴᠤ ᠪᠠᠶ᠋ᠢᠭ᠎ᠠ ᠪᠠᠶ᠋ᠢᠬᠤ ᠤᠤ? ᠳᠠᠬᠢᠭᠠᠳ ᠵᠢᠭᠠᠬᠠᠨ ᠶᠠᠪᠤᠶ᠎ᠠ᠃
ᠰᠢᠷᠭᠤᠯᠵᠢ᠄ ᠬᠥᠶᠢ ᠬᠥᠶᠢ᠂ ᠰᠢᠷᠭᠤᠯᠵᠢ ᠨᠤᠭᠤᠳ ᠠ᠋᠂ ᠪᠢ ᠭᠠᠭᠴᠠᠭᠠᠷ ᠢ᠋ᠶ᠋ᠠᠨ ᠲᠣᠮᠣ ᠴᠠᠭᠠᠨ ᠪᠤᠳᠠᠭ᠎ᠠ ᠡᠭᠦᠷᠴᠦ ᠶᠠᠪᠤᠨ᠎ᠠ᠂ ᠢᠷᠡᠭᠡᠳ ᠳᠠᠮᠵᠢᠯᠠᠭᠠᠴᠢ᠂ ᠬᠥᠶᠢ᠂ ᠰᠢᠷᠭᠤᠯᠵᠢ ᠨᠤᠭᠤᠳ ᠠ᠋᠂ ᠴᠢᠬᠢ ᠦᠭᠡᠢ ᠶᠦ᠍ᠮ ᠦᠦ ᠳᠡ!
ᠤᠯᠠᠭᠠᠨ ᠰᠢᠷᠭᠤᠯᠵᠢ᠄ ᠠ᠋᠂ ᠨᠠᠶ᠋ᠢᠵᠠ ᠮᠠᠨᠢ᠂ ᠶᠠᠭᠤ ᠭᠡᠳ ᠪᠠᠶ᠋ᠢᠭ᠎ᠠ ᠶᠤᠮ ᠪᠣᠯ? ᠪᠢᠳᠡ ᠡᠨᠡ ᠬᠡᠦᠬᠡᠳ ᠦ᠋ᠳ ᠰᠢᠭ ᠴᠢᠬᠢ ᠲᠡᠢ ᠴᠦ᠍ ᠪᠠᠶ᠋ᠢᠭᠰᠠᠨ ᠪᠣᠯᠤᠭᠠᠰᠠᠢ᠂ ᠲᠡᠭᠡᠪᠡᠯ ᠪᠡᠶ᠎ᠡ ᠪᠡᠶ᠎ᠡ ᠳ᠋ᠦ᠍ ᠪᠡᠨ ᠲᠤᠰᠠᠯᠠᠭᠠᠳ ᠰᠠᠢᠬᠠᠨ ᠪᠠᠶ᠋ᠢᠬᠤ ᠦᠭᠡᠢ ᠦᠦ?
ᠮᠡᠷᠭᠡᠨ᠄ ᠦᠦ᠂ ᠴᠡᠴᠡᠨ ᠠ᠋᠂ ᠨᠠᠳᠠ ᠳ᠋ᠤ᠌ ᠣᠳᠣ ᠭᠣᠷᠣᠬᠠᠨ ᠤ᠋ ᠴᠢᠮᠡᠭᠡ ᠰᠣᠨᠣᠰᠤᠭᠳᠠᠵᠤ ᠪᠠᠶ᠋ᠢᠨ᠎ᠠ ᠰᠢᠦ᠂ ᠶᠠᠮᠠᠷ ᠰᠠᠢᠬᠠᠨ ᠶᠤᠮ ᠪᠣᠢ᠂ ᠨᠠᠶ᠋ᠢᠵᠠ ᠠ᠋᠂ ᠴᠢᠬᠢ ᠦᠭᠡᠢ ᠪᠣᠯ ᠡᠨᠡ ᠰᠢᠷᠭᠤᠯᠵᠢ ᠨᠤᠭᠤᠳ ᠰᠢᠬ ᠬᠡᠴᠡᠭᠦᠳᠡᠬᠦ ᠶᠦ᠍ᠮ ᠪᠠᠶ᠋ᠢᠨ᠎ᠠ ᠰᠢᠦ ᠲᠡᠶ᠋ᠢᠮᠦ ᠠ᠋!
ᠴᠡᠴᠡᠨ᠄ ᠲᠡᠶ᠋ᠢᠮᠦ ᠰᠢᠦ᠂ ᠣᠳᠣ ᠠ᠋ᠴᠠ ᠴᠢ ᠮᠢᠨᠦ ᠴᠢᠬᠢ ᠶ᠋ᠢ ᠮᠤᠰᠬᠢᠵᠦ ᠲᠣᠭᠯᠠᠬᠤ ᠪᠠᠨ ᠪᠣᠯᠢᠭᠠᠷᠠᠢ᠂ ᠡᠶ᠋ᠢᠮᠦ ᠶᠡᠬᠡ ᠬᠡᠷᠡᠭ ᠲᠡᠢ ᠪᠠᠶ᠋ᠢᠳᠠᠭ ᠴᠢᠬᠢ ᠪᠡᠨ ᠪᠢ ᠬᠠᠮᠠᠭᠠᠯᠠᠬᠤ ᠶᠣᠰᠣᠲᠠᠢ ᠪᠠᠨ ᠮᠡᠳᠡᠵᠦ ᠠᠪᠤᠯ᠎ᠠ᠂ ᠲᠡᠭᠡᠭᠡᠳ ᠯᠡ ᠠᠪᠤ ᠡᠵᠢ ᠬᠣᠶᠠᠷ ᠮᠠᠨᠢ ᠬᠦᠢᠲᠡᠨ ᠳ᠋ᠦ᠍ ᠵᠠᠪᠠᠯ ᠳᠤᠯᠠᠭᠠᠨ ᠮᠠᠯᠠᠭᠠᠢ ᠪᠠᠨ ᠡᠮᠦᠰ ᠭᠡᠳ ᠪᠠᠶ᠋ᠢᠳᠠᠭ ᠶᠤᠮ ᠪᠠᠶ᠋ᠢᠨ᠎ᠠ ᠰᠢᠦ ᠳᠡ᠃
ᠮᠡᠷᠭᠡᠨ᠄ ᠬᠢ ᠬᠢ ᠁ ᠵᠠ ᠵᠠ᠂ ᠪᠢ ᠳᠠᠬᠢᠵᠤ ᠴᠢᠨᠦ ᠴᠢᠬᠢ ᠶ᠋ᠢ ᠮᠤᠰᠬᠢᠵᠦ ᠲᠣᠭᠯᠠᠬᠤ ᠦᠭᠡᠢ᠂ ᠨᠠᠮ᠎ᠠ ᠶ᠋ᠢ ᠠᠭᠤᠴᠢᠯᠠᠭᠠᠷᠠᠢ!
ᠮᠡᠷᠭᠡᠨ᠄ ᠴᠢᠮᠡᠭᠡ ᠨᠢ ᠰᠣᠨᠣᠰᠤᠭᠳᠠᠭᠠᠳ ᠪᠠᠶ᠋ᠢᠭ᠎ᠠ ᠮᠥᠷᠳᠡᠯ᠎ᠡ ᠪᠡᠨ ᠭᠣᠷᠣᠬ᠎ᠠ ᠶᠡᠷᠦ ᠬᠠᠷᠠᠭᠳᠠᠬᠤ ᠦᠭᠡᠢ ᠶᠦ᠍ᠮ᠂ ᠮᠢᠨᠦ ᠨᠢᠳᠦ ᠬᠠᠷᠠᠬᠤ ᠦᠭᠡᠢ ᠶᠦ᠍ᠮ ᠪᠠᠶ᠋ᠢᠭ᠎ᠠ ᠶᠤᠮ ᠪᠣᠯᠪᠠ ᠤᠤ? ᠶᠠᠮᠠᠷ ᠬᠠᠴᠢᠨ ᠶᠠᠭᠤᠮ᠎ᠠ ᠪᠣᠢ?
ᠰᠣᠬᠣᠷ ᠨᠣᠮᠣᠨ᠄ ᠨᠢᠳᠦ ᠲᠡᠢ ᠴᠦ᠍ ᠪᠠᠶ᠋ᠢᠭᠰᠠᠨ ᠪᠣᠯᠤᠭᠠᠰᠠᠢ ᠠᠯᠲᠠᠨ ᠨᠠᠷᠠ ᠶᠠᠮᠠᠷ ᠥᠩᠭᠡ ᠲᠡᠢ ᠪᠠᠶ᠋ᠢᠳᠠᠭ ᠢ᠋ ᠨᠢᠭᠡ ᠬᠠᠷᠠᠬᠤ ᠰᠠᠨ᠂ ᠬᠤᠷᠴᠢᠭᠢᠨᠠᠨ ᠤᠷᠤᠰᠬᠤ ᠭᠣᠷᠣᠬ᠎ᠠ ᠬᠠᠮᠠᠷ ᠴᠣᠷᠭᠢᠮ᠎ᠠ ᠦᠨᠦᠷ ᠲᠡᠢ ᠴᠡᠴᠡᠭᠡᠰ ᠶᠠᠮᠠᠷ ᠥᠩᠭᠡ ᠲᠡᠢ ᠶ᠋ᠢ ᠨᠢᠭᠡ ᠦᠵᠡᠬᠦ ᠰᠠᠨ ᠳᠠ᠃
ᠴᠡᠴᠡᠨ᠄ ᠭᠦᠦᠭ! ᠪᠢᠳᠡᠨ ᠦ᠌ ᠨᠢᠳᠦ ᠶᠠᠮᠠᠷ ᠶᠡᠬᠡ ᠬᠡᠷᠡᠭ ᠲᠡᠢ ᠶᠦ᠍ᠮ ᠪᠣᠢ? ᠨᠢᠳᠦ ᠦᠭᠡᠢ ᠪᠣᠯ ᠬᠠᠮᠢᠭ᠎ᠠ ᠨᠢ ᠶᠠᠪᠤᠭ᠎ᠠ ᠪᠠᠨ ᠬᠠᠷᠠᠵᠤ ᠴᠢᠳᠠᠬᠤ ᠦᠭᠡᠢ ᠲᠥᠭᠡᠷᠢᠵᠦ᠂ ᠠᠶᠤᠯ ᠳ᠋ᠤ᠌ ᠣᠷᠣᠬᠤ ᠨᠢ ᠪᠠᠶ᠋ᠢᠨ᠎ᠠ ᠰᠢᠦ ᠳᠡ
ᠮᠡᠷᠭᠡᠨ᠄ ᠬᠠᠷᠢᠨ ᠲᠡᠶ᠋ᠢᠮᠦ ᠠ᠋᠂ ᠪᠠᠰᠠ ᠳᠤᠷᠠᠲᠠᠢ ᠬᠡᠦᠬᠡᠯᠳᠡᠢ ᠪᠡᠨ ᠴᠦ᠍ ᠦᠵᠡᠵᠦ ᠴᠢᠳᠠᠬᠤ ᠦᠭᠡᠢ ᠶᠦ᠍ᠮ ᠪᠠᠶ᠋ᠢᠨ᠎ᠠ᠂ ᠲᠡᠭᠡᠭᠡᠳ ᠯᠡ ᠡᠵᠢ ᠮᠢᠨᠢ ᠨᠠᠮ᠎ᠠ ᠶ᠋ᠢ ᠵᠢᠷᠤᠭᠲᠤ ᠪᠠᠭ᠎ᠠ ᠦᠵᠡᠭᠡᠷᠡᠢ᠂ ᠨᠢᠳᠦ ᠨᠢ ᠡᠪᠡᠳᠦᠨ᠎ᠡ᠂ ᠨᠢᠳᠦ ᠪᠡᠨ ᠬᠠᠶ᠋ᠢᠷᠠᠯᠠᠭᠠᠷᠠᠢ ᠭᠡᠳ ᠪᠠᠶ᠋ᠢᠳᠠᠭ ᠶᠤᠮ ᠪᠠᠶ᠋ᠢᠨ᠎ᠠ ᠰᠢᠦ ᠳᠡ᠃
ᠴᠡᠴᠡᠨ᠄ ᠭᠣᠶᠣ ᠳᠠ ᠭᠣᠶᠣ ᠳᠠ᠂ ᠭᠣᠷᠣᠬ᠎ᠠ ᠬᠠᠷᠠᠭᠳᠠᠵᠤ ᠪᠠᠶ᠋ᠢᠨ᠎ᠠ᠂ ᠬᠥᠭᠵᠢᠮ ᠰᠢᠭ ᠰᠣᠨᠣᠰᠳᠠᠵᠤ ᠪᠠᠶ᠋ᠢᠨ᠎ᠠ᠃ ᠮᠡᠷᠭᠡᠨ᠄ ᠣᠴᠢᠭᠠᠳ ᠰᠠᠢᠬᠠᠨ ᠲᠣᠭᠯᠠᠨ᠎ᠠ ᠳᠠ᠃ ᠴᠡᠴᠡᠨ᠄ ᠮᠡᠷᠭᠡᠨ ᠠ᠋᠂ ᠠᠮᠢᠲᠠᠨ ᠤ᠋ ᠬᠡᠯᠡ ᠣᠶ᠋ᠢᠯᠠᠭᠠᠳᠠᠭ ᠪᠣᠯᠤᠭᠰᠠᠨ ᠴᠢᠨᠢ ᠵᠥᠩᠳᠡᠭᠡᠨ ᠶᠠᠭᠤᠮ᠎ᠠ ᠮᠡᠳᠡᠵᠦ ᠠᠪᠤᠯ᠎ᠠ ᠰᠢᠦ ᠲᠡᠶ᠋ᠢᠮᠦ ᠠ᠋᠂ ᠪᠢᠳᠡᠨ ᠦ᠌ ᠪᠡᠶ᠎ᠡ ᠶ᠋ᠢᠨ ᠪᠦᠬᠦ ᠡᠷᠬᠡᠲᠡᠨ ᠪᠢᠳᠡᠨ ᠳ᠋ᠦ᠍ ᠶᠠᠮᠠᠷ ᠶᠡᠬᠡ ᠬᠡᠷᠡᠭ ᠲᠡᠢ ᠪᠠᠶ᠋ᠢᠳᠠᠭ ᠶᠤᠮ ᠪᠣᠢ᠃
ᠮᠡᠷᠭᠡᠨ᠄ ᠲᠡᠶ᠋ᠢᠮᠦ ᠰᠢᠦ᠂ ᠣᠳᠣ ᠠ᠋ᠴᠠ ᠪᠢ ᠥᠪᠡᠷ ᠦ᠋ᠨ ᠢ᠋ᠶ᠋ᠡᠨ ᠪᠡᠶ᠎ᠡ ᠶ᠋ᠢ ᠰᠠᠢᠨ ᠬᠠᠮᠠᠭᠠᠯᠠᠵᠤ ᠪᠠᠶ᠋ᠢᠶ᠎ᠠ᠂ ᠰᠢᠲᠦ ᠪᠡᠨ ᠬᠠᠮᠠᠭᠠᠯᠠᠬᠤ ᠶ᠋ᠢᠨ ᠲᠤᠯᠠᠳᠠ ᠲᠣᠭᠲᠠᠮᠠᠯ ᠤᠬᠢᠶᠠᠵᠤ᠂ ᠨᠢᠳᠦ ᠪᠡᠨ ᠡᠪᠡᠳᠬᠡᠬᠦ ᠦᠭᠡᠢ ᠶ᠋ᠢᠨ ᠲᠤᠯᠠᠳᠠ ᠵᠢᠷᠤᠭᠲᠤ ᠪᠠᠭ᠎ᠠ ᠦᠵᠡᠨ᠎ᠡ᠂ ᠪᠦᠷ ᠤᠲᠠᠰᠤ ᠪᠠᠷ ᠶᠡᠷᠦ ᠡᠴᠡ ᠪᠡᠨ ᠴᠦ᠍ ᠲᠣᠭᠯᠠᠬᠤ ᠦᠭᠡᠢ᠃
ᠴᠡᠴᠡᠨ᠄ ᠬᠢ ᠬᠢ ᠁ ᠪᠠᠯᠲᠠ ᠲᠠᠢ ᠨᠣᠴᠣᠯᠳᠤᠭᠠᠳ ᠪᠠᠶ᠋ᠢᠳᠠᠭ ᠢ᠋ᠶ᠋ᠠᠨ ᠴᠤ᠌ ᠭᠡᠰᠡᠨ ᠪᠣᠯᠢᠬᠤ ᠦᠭᠡᠢ ᠪᠣᠯ ᠴᠢ ᠥᠪᠡᠷ ᠦ᠋ᠨ ᠢ᠋ᠶ᠋ᠡᠨ ᠪᠠᠰᠠ ᠨᠠᠶ᠋ᠢᠵᠠ ᠶ᠋ᠢ ᠪᠡᠨ ᠡᠪᠡᠳᠬᠡᠨ᠎ᠡ᠂ ᠬᠡᠷᠪᠡ ᠲᠡᠭᠡᠬᠦ ᠶᠦ᠍ᠮ ᠪᠣᠯ ᠥᠪᠡᠷ ᠦ᠋ᠨ ᠢ᠋ᠶ᠋ᠡᠨ ᠪᠡᠶ᠎ᠡ ᠶ᠋ᠢ ᠪᠠᠰᠠ ᠨᠠᠶ᠋ᠢᠵᠠ ᠶ᠋ᠢᠨ ᠢ᠋ᠶ᠋ᠡᠨ ᠪᠡᠶ᠎ᠡ ᠶ᠋ᠢ ᠴᠦ᠍ ᠬᠠᠮᠠᠭᠠᠯᠠᠵᠤ ᠴᠢᠳᠠᠬᠤ ᠦᠭᠡᠢ᠃
ᠮᠡᠷᠭᠡᠨ᠄ ᠬᠡ ᠬᠡ ᠁ ᠵᠠ ᠣᠶ᠋ᠢᠯᠠᠭᠠᠯᠠ᠂ ᠪᠢ ᠳᠠᠬᠢᠵᠤ ᠨᠠᠶ᠋ᠢᠵᠠ ᠨᠤᠭᠤᠳ ᠢ᠋ᠶ᠋ᠠᠨ ᠭᠣᠮᠣᠳᠠᠭᠠᠬᠤ ᠦᠭᠡᠢ᠂ ᠭᠡᠬᠦ ᠳ᠋ᠦ᠍ ᠪᠡᠨ ᠨᠠᠶ᠋ᠢᠵᠠ ᠠ᠋᠂ ᠥᠳᠥ ᠶᠠᠭᠠᠬᠢᠭᠠᠳ ᠬᠥᠯ ᠦᠭᠡᠢ᠂ ᠰᠢᠷᠭᠤᠯᠵᠢ ᠶᠠᠭᠠᠬᠢᠭᠠᠳ ᠴᠢᠬᠢ ᠦᠭᠡᠢ᠂ ᠲᠠᠤᠯᠠᠢ ᠶᠠᠭᠠᠬᠢᠭᠠᠳ ᠭᠠᠷ ᠦᠭᠡᠢ᠂ ᠪᠠᠰᠠ ᠰᠣᠬᠣᠷ ᠨᠣᠮᠣᠨ ᠳ᠋ᠤ᠌ ᠶᠠᠭᠠᠬᠢᠭᠠᠳ ᠨᠢᠳᠦ ᠪᠠᠶ᠋ᠢᠳᠠᠭ ᠦᠭᠡᠢ ᠶᠦ᠍ᠮ ᠪᠣᠯ ᠠ᠋᠃
ᠴᠡᠴᠡᠨ᠄ ᠤᠤ᠂ ᠪᠢ ᠰᠠᠢᠨ ᠮᠡᠳᠡᠬᠦ ᠦᠭᠡᠢ ᠶᠦ᠍ᠮ ᠪᠠᠶ᠋ᠢᠨ᠎ᠠ᠂ ᠬᠣᠶᠠᠭᠤᠯᠠ ᠪᠠᠨ ᠡᠨᠡ ᠲᠤᠬᠠᠢ ᠳᠠᠷᠠᠭ᠎ᠠ ᠪᠠᠭᠰᠢ ᠠ᠋ᠴᠠ ᠪᠠᠨ ᠠᠰᠠᠭᠤᠴᠢᠬᠠᠶᠠ!
ᠮᠡᠷᠭᠡᠨ᠄ ᠵᠠ ᠵᠠ᠂ ᠬᠣᠶᠠᠭᠤᠯᠠ ᠪᠠᠨ ᠭᠣᠷᠣᠬᠠᠨ ᠤ᠋ ᠪᠠᠨ ᠬᠠᠵᠠᠭᠤ ᠳ᠋ᠤ᠌ ᠲᠣᠭᠯᠠᠶ᠎ᠠ᠃
ᠴᠡᠴᠡᠨ᠄ ᠭᠣᠶᠣ ᠳᠠ ᠭᠣᠶᠣ ᠳᠠ
ᠬᠢ ᠬᠢ ᠁
ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
