ᠴᠡᠴᠡᠨ ᠮᠡᠷᠭᠡᠨ ᠬᠣᠶᠠᠷ 2 ᠳ᠋ᠤᠭᠠᠷ ᠠᠩᠭᠢ-ᠤᠴᠢᠷᠲᠠᠢ ᠲᠣᠭᠯᠠᠭᠠᠮ ᠤᠬᠠᠭᠠᠨᠲᠠᠢ ᠰᠢᠢᠳᠪᠦᠷᠢЦэцэн, Мэргэн хоёр- 2-р анги Учиртай тоглоом Ухаантай шийдвэр
ᠴᠡᠴᠡᠨ ᠮᠡᠷᠭᠡᠨ ᠬᠣᠶᠠᠷ 2 ᠳ᠋ᠤᠭᠠᠷ ᠠᠩᠭᠢ-ᠤᠴᠢᠷᠲᠠᠢ ᠲᠣᠭᠯᠠᠭᠠᠮ ᠤᠬᠠᠭᠠᠨᠲᠠᠢ ᠰᠢᠢᠳᠪᠦᠷᠢ
ᠮᠡᠷᠭᠡᠨ ᠄ ᠴᠡᠴᠡᠨ ᠡ᠂
ᠬᠣᠶᠠᠭᠤᠯᠠ ᠪᠠᠨ ᠡᠨᠡ ᠵᠢᠭᠠᠰᠤ ᠶ᠋ᠢ ᠠᠪᠤᠷᠠᠶ᠎ᠠ ᠲᠡᠭᠡᠬᠦ ᠤᠤ? ᠬᠥᠭᠡᠷᠦᠬᠦᠢ ᠠᠮᠢᠲᠠᠨ
ᠠᠮᠠ ᠨᠢ ᠴᠠᠩᠭᠠᠵᠤ ᠪᠠᠶ᠋ᠢᠭ᠎ᠠ ᠳ᠋ᠠ
ᠴᠡᠴᠡᠨ ᠄ ᠲᠡᠭᠡᠶ᠎ᠡ
ᠲᠡᠭᠡᠶ᠎ᠡ ᠂ ᠠᠯᠢᠪ ᠬᠤᠷᠳᠤᠨ ᠠᠪᠠᠴᠢᠭᠠᠳ ᠤᠰᠤᠨ ᠳᠤ ᠨᠢ ᠲᠠᠯᠪᠢᠴᠢᠬᠠᠶᠠ ᠃
ᠠᠯᠲᠠᠨ ᠵᠢᠭᠠᠰᠤ ᠄
ᠴᠠᠩᠭᠠᠵᠤ ᠦᠬᠦᠬᠦ ᠠᠶᠤᠯ ᠠ᠋ᠴᠠ ᠠᠪᠤᠷᠠᠭᠰᠠᠨ ᠵᠥᠭᠡᠯᠡᠨ ᠰᠡᠳᠬᠢᠯ ᠲᠡᠢ ᠬᠡᠦᠬᠡᠳ ᠦᠳ ᠲᠦ ᠪᠡᠨ
ᠪᠠᠶᠠᠷᠯᠠᠯ᠎ᠠ ᠃ ᠠᠴᠢ ᠶ᠋ᠢ ᠲᠠᠨᠢ ᠠᠴᠢ ᠪᠠᠷ ᠬᠠᠷᠢᠭᠤᠯᠠᠵᠤ ᠂ ᠬᠦᠰᠡᠭᠰᠡᠨ ᠳᠤᠷᠠᠰᠤᠭᠰᠠᠨ ᠳᠤ ᠴᠢᠨᠢ
ᠬᠤᠪᠢᠷᠠᠳᠠᠭ ᠰᠢᠳᠢᠲᠦ ᠴᠢᠯᠠᠭᠤ ᠶ᠋ᠢ ᠲᠠ ᠬᠣᠶᠠᠷ ᠲᠤ᠌ ᠪᠠᠨ ᠪᠡᠯᠡᠭᠯᠡᠶ᠎ᠡ ᠂ ᠰᠠᠶ᠋ᠢᠬᠠᠨ
ᠲᠣᠭᠯᠠᠭᠠᠷᠠᠢ!
ᠴᠡᠴᠡᠨ ᠄ ᠬᠡ ᠬᠡ᠂
ᠪᠠᠶᠠᠷᠯᠠᠯ᠎ᠠ ᠠᠯᠲᠠᠨ ᠵᠢᠭᠠᠰᠤ ᠮᠢᠨᠢ᠂ ᠰᠢᠳᠢᠲᠦ ᠴᠢᠯᠠᠭᠤ ᠪᠠᠷ ᠢᠶ᠋ᠠᠨ ᠬᠣᠶᠠᠭᠤᠯᠠ ᠪᠠᠨ ᠭᠣᠶᠣ
ᠲᠣᠭᠯᠠᠨ᠎ᠠ ᠃
ᠮᠡᠷᠭᠡᠨ᠄ ᠠᠶ᠋ᠢᠯ ᠭᠡᠷ
ᠪᠣᠯᠵᠤ ᠲᠣᠭᠯᠠᠶ᠎ᠠ᠂ ᠬᠣᠶᠠᠭᠤᠯᠠ ᠪᠠᠨ ᠪᠠᠶ᠋ᠢᠰᠢᠩ ᠪᠠᠷᠢᠨ᠎ᠠ᠂ ᠪᠠᠰᠠ ᠮᠠᠰᠢᠨ ᠠᠪᠤᠨ᠎ᠠ᠂ ᠵᠢᠭᠠᠰᠤ
ᠲᠡᠵᠢᠭᠡᠨ᠎ᠡ ᠂ ᠦ᠂ ᠪᠠᠰᠠ ᠬᠥᠭᠡᠷᠦᠬᠦᠨ ᠬᠡᠦᠬᠡᠳ ᠬᠠᠷᠠᠨ᠎ᠠ ᠂ ᠬᠣᠭᠣᠯᠠ ᠪᠡᠨ ᠬᠢᠶ᠎ᠡ ᠃
ᠴᠡᠴᠡᠨ ᠄ ᠵᠠ ᠂
ᠲᠡᠭᠡᠶ᠎ᠡ ᠲᠡᠭᠡᠶ᠎ᠡ ᠂ ᠬᠠᠮᠲᠤ ᠰᠢᠦ ᠵᠠ! ᠪᠢ ᠮᠠᠰᠢᠨ ᠢᠶ᠋ᠠᠷ ᠲᠣᠭᠯᠠᠨ᠎ᠠ ᠰᠢᠦ ᠂
ᠮᠡᠷᠭᠡᠨ ᠄ ᠪᠢ ᠴᠤ᠌ ᠭᠡᠰᠡᠨ ᠮᠠᠰᠢᠨ ᠢᠶ᠋ᠠᠷ ᠲᠣᠭᠯᠠᠮᠠᠷ ᠪᠠᠶ᠋ᠢᠨ᠎ᠠ ᠰᠢᠦ
ᠳ᠋ᠡ᠂ ᠬᠡᠵᠢᠶ᠎ᠡ ᠡᠮᠡᠭᠲᠡᠢ ᠬᠡᠦᠬᠡᠳ ᠮᠠᠰᠢᠨ ᠢᠶ᠋ᠠᠷ ᠲᠣᠭᠯᠠᠳᠠᠭ ᠪᠠᠶ᠋ᠢᠬᠰᠠᠨ ᠶᠤᠮ?
ᠴᠡᠴᠡᠨ ᠄ ᠶᠠᠭᠠᠬᠢᠭᠠᠳ
ᠪᠣᠯᠬᠤ ᠦᠭᠡᠢ ᠭᠡᠵᠦ? ᠪᠢ ᠮᠠᠰᠢᠨ ᠢᠶ᠋ᠠᠷ
ᠲᠣᠭᠯᠠᠮᠠᠷ ᠪᠠᠶ᠋ᠢᠨ᠎ᠠ᠂ ᠪᠢ ᠮᠠᠰᠢᠨ ᠳᠤ ᠳᠤᠷ᠎ᠠ ᠲᠠᠢ᠂ ᠴᠢ ᠬᠠᠷᠢᠨ ᠪᠠᠷᠪᠢ ᠪᠠᠷ ᠲᠣᠭᠯᠠᠵᠤ ᠪᠣᠯᠤᠨ᠎ᠠ
ᠰᠢᠲᠠ
ᠮᠡᠷᠭᠡᠨ᠄ ᠶᠠᠭᠠᠬᠢᠬᠤ
ᠶᠤᠮ᠂ ᠦᠭᠡᠢ
ᠠᠯᠲᠠᠨ ᠵᠢᠭᠠᠰᠤ ᠄
ᠡᠩᠬᠦᠷᠡᠢ ᠬᠥᠭᠡᠷᠦᠬᠦᠨ ᠬᠡᠦᠬᠡᠳ ᠦᠳ ᠮᠢᠨᠢ᠂ ᠪᠢᠲᠡᠭᠡᠢ ᠮᠠᠭᠤᠳᠠᠯᠴᠠᠭᠠᠷᠠᠢ! ᠲᠣᠭᠯᠠᠭᠠᠮ ᠢᠶ᠋ᠠᠨ
ᠬᠤᠪᠢᠶᠠᠭᠠᠳ ᠲᠣᠭᠯᠠᠴᠢᠬᠠ᠂ ᠲᠠ ᠬᠣᠶᠠᠷ ᠤᠨ ᠬᠡᠨ ᠨᠢ ᠴᠤ᠌ ᠮᠠᠰᠢᠨ ᠢᠶ᠋ᠠᠷ ᠲᠣᠭᠯᠠᠵᠤ ᠪᠣᠯᠤᠨ᠎ᠠ ᠰᠢᠦ ᠳ᠋ᠡ
ᠮᠡᠷᠭᠡᠨ ᠄ ᠭᠡᠬᠦ ᠳᠤ
ᠪᠠᠨ ᠪᠢ ᠴᠢᠨᠢ ᠡᠷᠡᠭᠲᠡᠢ᠂ ᠬᠠᠷᠢᠨ ᠴᠡᠴᠡᠨ ᠡᠮᠡᠭᠲᠡᠢ᠂ ᠡᠮᠡᠭᠲᠡᠢ ᠬᠡᠦᠬᠡᠳ ᠮᠠᠰᠢᠨ ᠢᠶ᠋ᠠᠷ ᠲᠣᠭᠯᠠᠳᠠᠭ
ᠦᠭᠡᠢ ᠰᠢᠦ ᠳ᠋ᠡ᠂ ᠬᠠᠷᠢᠨ ᠬᠡᠦᠬᠡᠯᠳᠡᠢ ᠪᠡᠷ ᠲᠣᠭᠯᠠᠬᠤ ᠬᠡᠷᠡᠭᠲᠡᠢ᠃
ᠠᠯᠲᠠᠨ ᠵᠢᠭᠠᠰᠤ᠄
ᠡᠷᠡᠭᠲᠡᠢ ᠡᠮᠡᠭᠲᠡᠢ ᠬᠡᠦᠬᠡᠳ ᠦᠳ ᠦᠨ ᠪᠡᠶ᠎ᠡ ᠢᠯᠭᠠᠭ᠎ᠠ ᠲᠠᠢ ᠪᠠᠶ᠋ᠢᠳᠠᠭ ᠴᠤ᠌᠂ ᠠᠳᠠᠯᠢᠬᠠᠨ ᠲᠣᠭᠯᠠᠭᠠᠮ ᠢᠶ᠋ᠠᠷ ᠲᠣᠭᠯᠠᠵᠤ᠂ ᠢᠵᠢᠯᠢ
ᠵᠦᠢᠯ ᠬᠢᠵᠦ ᠪᠣᠯᠤᠨ᠎ᠠ ᠰᠢᠦ ᠳ᠋ᠡ
ᠮᠡᠷᠭᠡᠨ᠄ ᠲᠡᠭᠡᠭᠡᠳ
ᠪᠢᠳᠡᠨ ᠦ ᠬᠣᠭᠣᠷᠣᠨᠳᠣ ᠪᠠᠨ ᠢᠯᠭᠠᠭ᠎ᠠ ᠲᠠᠢ ᠭᠡᠵᠦ ᠤᠤ? ᠮᠢᠨᠦ ᠪᠡᠶ᠎ᠡ ᠴᠡᠴᠡᠨ
ᠬᠢ ᠡᠴᠡ ᠶᠠᠭ ᠶᠠᠭᠤ ᠪᠠᠷ ᠢᠶ᠋ᠠᠨ ᠥᠭᠡᠷ᠎ᠡ ᠶᠤᠮ ᠪᠤᠢ?
ᠠᠯᠲᠠᠨ ᠵᠢᠭᠠᠰᠤ᠄ ᠠ᠂
ᠲᠠ ᠬᠣᠶᠠᠷ ᠤᠨ ᠪᠡᠶ᠎ᠡ ᠶ᠋ᠢᠨ ᠵᠠᠷᠢᠮ ᠬᠡᠰᠡᠭ ᠥᠭᠡᠷ᠎ᠡ ᠥᠭᠡᠷ᠎ᠡ ᠪᠠᠶ᠋ᠢᠳᠠᠭ ᠶᠤᠮ᠂ ᠶᠠᠭ ᠲᠠᠨ ᠤ ᠠᠪᠤ
ᠡᠵᠢ ᠰᠢᠭ᠌ ᠴᠢᠨᠢ ᠂ ᠡᠷᠡᠭᠲᠡᠢ ᠡᠮᠡᠭᠲᠡᠢ ᠬᠥᠮᠦᠰ ᠬᠣᠭᠣᠷᠣᠨᠳᠣ ᠪᠠᠨ ᠬᠦᠢᠰᠦ ᠪᠡᠷ ᠢᠶ᠋ᠡᠨ ᠪᠤᠶᠤ
ᠨᠢᠭᠤᠴᠠ ᠡᠷᠬᠡᠲᠡᠨ ᠢᠶ᠋ᠡᠷ ᠢᠶ᠋ᠡᠨ ᠢᠯᠭᠠᠭ᠎ᠠ ᠲᠠᠢ ᠪᠠᠶ᠋ᠢᠳᠠᠭ᠂ ᠡᠷᠡᠭᠲᠡᠢ ᠬᠥᠮᠦᠨ ᠦ ᠨᠢᠭᠤᠴᠠ
ᠡᠷᠬᠡᠲᠡᠨ ᠳᠦ ᠱᠣᠳᠣᠢ᠂ ᠡᠮᠡᠭᠲᠡᠢ ᠬᠥᠮᠦᠨ ᠨᠢᠭᠤᠴᠠ ᠡᠷᠬᠡᠲᠡᠨ ᠳᠦ ᠤᠮᠠᠳᠠᠭ ᠭᠡᠳᠡᠭ᠃ ᠡᠨᠡ ᠪᠣᠯ ᠬᠥᠮᠦᠨ ᠦ
ᠪᠡᠶ᠎ᠡ ᠶ᠋ᠢᠨ ᠬᠠᠮᠤᠭ ᠤᠨ ᠨᠠᠨᠳᠢᠨ ᠬᠡᠰᠡᠭ ᠤᠴᠢᠷ ᠠ᠋ᠴᠠ ᠪᠤᠰᠤᠳ ᠲᠤ ᠬᠠᠷᠠᠭᠤᠯᠬᠤ ᠦᠭᠡᠢ ᠨᠢᠭᠤᠵᠤ᠂
ᠪᠠᠰᠠ ᠬᠠᠮᠠᠭᠠᠯᠠᠳᠠᠭ ᠶᠤᠮ ᠰᠢᠦ ᠳ᠋ᠡ
ᠴᠡᠴᠡᠨ ᠄ ᠦ ᠂
ᠲᠡᠭᠡᠪᠡᠯ ᠠᠯᠲᠠᠨ ᠵᠢᠭᠠᠰᠤ ᠠ᠋᠂ ᠮᠠᠨ ᠤ ᠵᠢᠭᠠᠬᠠᠨ ᠳᠡᠭᠦᠦ ᠶᠠᠭᠠᠬᠢᠭᠠᠳ ᠳᠣᠲᠣᠭᠤᠷ ᠬᠤᠪᠴᠠᠰᠤ ᠡᠮᠦᠰᠳᠡᠭ
ᠦᠭᠡᠢ ᠶᠤᠮ ᠪᠤᠢ?
ᠠᠯᠲᠠᠨ ᠵᠢᠭᠠᠰᠤ ᠄ ᠬᠡ
ᠬᠡ᠂ ᠵᠢᠭᠠᠬᠠᠨ ᠬᠡᠦᠬᠡᠳ ᠢ ᠥᠯᠥᠭᠡᠶ᠋ᠢᠳᠡᠵᠦ ᠪᠠᠶ᠋ᠢᠩᠭᠤ ᠬᠠᠭᠤᠷᠠᠶ᠋ᠢᠯᠠᠬᠤ ᠬᠡᠷᠡᠭ ᠲᠡᠢ ᠪᠠᠶ᠋ᠢᠳᠠᠭ
ᠤᠴᠢᠷ ᠠ᠋ᠴᠠ᠂ ᠪᠡᠶ᠎ᠡ ᠶ᠋ᠢᠨ ᠬᠢᠨᠢ ᠡᠮᠵᠡᠭ ᠬᠡᠰᠡᠭ ᠢ ᠳᠠᠯᠳᠠᠯᠠᠬᠤ ᠦᠭᠡᠢ ᠪᠠᠶ᠋ᠢᠭ᠎ᠠ ᠨᠢ ᠠᠷᠠᠢ ᠲᠣᠮᠣ
ᠪᠣᠯᠤᠩᠭᠤᠲᠠ ᠨᠢ ᠪᠡᠶ᠎ᠡ ᠶ᠋ᠢᠨ ᠨᠢᠭᠤᠴᠠ ᠬᠡᠰᠡᠭ ᠢ ᠨᠢ ᠳᠠᠯᠳᠠᠯᠠᠵᠤ ᠳᠣᠲᠣᠭᠤᠷ ᠬᠤᠪᠴᠠᠰᠤ ᠡᠮᠦᠰᠬᠡᠳᠡᠭ
ᠪᠠᠶ᠋ᠢᠬᠤ ᠦᠭᠡᠢ ᠤᠤ?
ᠬᠡᠦᠬᠡᠳ ᠦᠳ ᠡ? ᠲᠠ ᠬᠣᠶᠠᠷ ᠰᠠᠨᠠ ᠳ᠋ᠠ᠂ ᠲᠠ ᠨᠠᠷ ᠢ ᠶᠠᠮᠠᠷᠴᠤ ᠬᠤᠪᠴᠠᠰᠤ ᠦᠭᠡᠢ ᠪᠠᠶ᠋ᠢᠬᠤ ᠳᠤ
ᠬᠠᠵᠠᠭᠤ ᠳᠤ ᠴᠢᠨᠢ ᠬᠡᠨ ᠬᠡᠨ ᠪᠠᠶ᠋ᠢᠳᠠᠭ ᠪᠤᠢ? ᠨᠢᠭᠤᠴᠠ ᠡᠷᠬᠡᠲᠡᠨ ᠢ
ᠴᠢᠨᠢ ᠬᠡᠨ ᠬᠡᠨ ᠬᠠᠷᠠᠵᠤ ᠬᠡᠨ ᠲᠡᠭᠦᠨ ᠳᠦ ᠬᠦᠷᠴᠦ ᠤᠬᠢᠶᠠᠵᠤ ᠥᠭᠳᠡᠭ ᠪᠤᠢ?
ᠴᠡᠴᠡᠨ ᠄ ᠬᠢ ᠬᠢ ᠂ ᠠᠪᠤ ᠡᠵᠢ ᠤᠰᠤᠨ ᠳᠤ ᠣᠷᠣᠭᠤᠯᠵᠤ᠂ ᠪᠠᠰᠠ ᠤᠬᠢᠶᠠᠵᠤ ᠪᠠᠶ᠋ᠢᠬᠤ ᠳᠤ ᠬᠦᠷᠳᠡᠭ ᠰᠢᠦ ᠳ᠋ᠡ
᠃
ᠮᠡᠷᠭᠡᠨ ᠄ ᠪᠠᠰᠠ ᠡᠮᠴᠢ
ᠦᠵᠡᠬᠦ ᠳᠦ ᠪᠡᠨ ᠬᠦᠷᠳᠡᠭ ᠃
ᠠᠯᠲᠠᠨ ᠵᠢᠭᠠᠰᠤ᠄ ᠲᠠ
ᠬᠣᠶᠠᠷ ᠤᠨ ᠵᠥᠪ᠂ ᠡᠵᠢ ᠠᠪᠤ ᠨᠠᠷ ᠪᠣᠯᠤᠨ ᠳᠣᠲᠣᠨᠣ ᠶ᠋ᠢᠨ ᠬᠥᠮᠦᠰ ᠨᠢ ᠬᠡᠦᠬᠡᠳ ᠢᠶ᠋ᠡᠨ ᠤᠰᠤᠨ ᠳᠤ
ᠣᠷᠣᠭᠤᠯᠬᠤ ᠵᠣᠷᠢᠯᠭ᠎ᠠ ᠪᠠᠷ᠂ ᠡᠮᠴᠢ ᠡᠮᠴᠢᠯᠡᠬᠦ ᠵᠣᠷᠢᠯᠭ᠎ᠠ ᠪᠠᠷ ᠲᠠ ᠨᠠᠷ ᠤᠨ ᠪᠡᠶ᠎ᠡ ᠶ᠋ᠢᠨ
ᠨᠢᠭᠤᠴᠠ ᠬᠡᠰᠡᠭ ᠲᠦ ᠬᠦᠷᠴᠦ ᠪᠣᠯᠤᠨ᠎ᠠ ᠂ ᠬᠠᠷᠢᠨ ᠥᠭᠡᠷ᠎ᠡ ᠬᠥᠮᠦᠰ ᠡᠨᠡ ᠬᠡᠰᠡᠭ ᠲᠦ ᠬᠦᠷᠴᠦ ᠂ ᠪᠠᠰᠠ
ᠬᠠᠷᠠᠵᠤ ᠴᠤ᠌ ᠪᠣᠯᠬᠤ ᠦᠭᠡᠢ ᠃ ᠬᠡᠦᠬᠡᠳ ᠦᠳ ᠡ ᠂
ᠨᠣᠭᠣᠭᠠᠨ ᠥᠩᠭᠡ ᠪᠡᠷ ᠲᠡᠮᠳᠡᠭᠯᠡᠭᠰᠡᠨ ᠪᠠᠶ᠋ᠢᠭ᠎ᠠ ᠪᠡᠶ᠎ᠡ ᠶ᠋ᠢᠨ ᠬᠡᠰᠡᠭ ᠲᠦ ᠬᠦᠷᠴᠦ ᠪᠣᠯᠤᠨ᠎ᠠ
ᠭᠡᠰᠡᠨ ᠦᠭᠡ ᠂ ᠬᠠᠷᠢᠨ ᠤᠯᠠᠭᠠᠨ ᠥᠩᠭᠡ ᠪᠡᠷ ᠲᠡᠮᠳᠡᠭᠯᠡᠭᠰᠡᠨ ᠪᠠᠶ᠋ᠢᠭ᠎ᠠ ᠡᠨᠡ ᠬᠡᠰᠡᠭ ᠪᠣᠯ ᠲᠠ ᠨᠠᠷ ᠤᠨ
ᠨᠢᠭᠤᠴᠠ ᠬᠡᠰᠡᠭ ᠤᠴᠢᠷ ᠂ ᠬᠡᠨ ᠢ ᠴᠤ᠌ ᠪᠤᠤ
ᠬᠦᠷᠭᠡᠭᠡᠷᠡᠢ!
ᠮᠡᠷᠭᠡᠨ ᠄ ᠭᠡᠬᠦ ᠳᠤ
ᠪᠠᠨ ᠬᠥᠷᠰᠢ ᠠᠶ᠋ᠢᠯ ᠤᠨ ᠠᠬ᠎ᠠ ᠮᠢᠨᠦ ᠪᠣᠵᠣᠭᠣᠢ ᠳᠤ ᠂ ᠡ ᠬᠡ ᠂ ᠨᠢᠭᠡ ᠲᠠᠮᠠᠬᠢᠯᠠᠴᠢᠬᠠᠶᠠ ᠭᠡᠳ ᠬᠦᠷᠦᠭᠡᠳ ᠪᠠᠶ᠋ᠢᠳᠠᠭ ᠰᠢᠦ ᠳ᠋ᠡ ᠂
ᠠᠯᠲᠠᠨ ᠵᠢᠭᠠᠰᠤ᠄ ᠲᠡᠷᠡ
ᠬᠥᠮᠦᠨ ᠳᠠᠬᠢᠭᠠᠳ ᠴᠢᠨᠦ ᠪᠡᠶ᠎ᠡ ᠶ᠋ᠢᠨ ᠨᠢᠭᠤᠴᠠ ᠬᠡᠰᠡᠭ ᠲᠦ ᠬᠦᠷᠬᠦ ᠶ᠋ᠢ ᠣᠷᠣᠯᠳᠣᠪᠠᠯ ᠂ 《 ᠪᠣᠯᠬᠤ ᠦᠭᠡᠢ ᠂ ᠪᠤᠯᠢ》 ᠭᠡᠵᠦ ᠴᠢᠩᠭ᠎ᠠ ᠪᠠᠷ
ᠬᠡᠯᠡᠭᠡᠷᠡᠢ ᠂ ᠵᠠ ᠤᠤ?
ᠮᠡᠷᠭᠡᠨ ᠄ ᠵᠠ ᠂
ᠣᠶ᠋ᠢᠯᠠᠭᠠᠯᠠ ᠃
ᠴᠡᠴᠡᠨ ᠄ ᠬᠡᠷᠪᠡ ᠬᠡᠨ
ᠨᠢᠭᠡᠨ ᠬᠥᠮᠦᠨ ᠪᠢᠳᠡᠨ ᠦ ᠪᠡᠶ᠎ᠡ ᠶ᠋ᠢᠨ ᠨᠢᠭᠤᠴᠠ ᠬᠡᠰᠡᠭ ᠲᠦ ᠬᠦᠷᠬᠦ ᠭᠡᠪᠡᠯ 《 ᠪᠤᠯᠢ 》 ᠭᠡᠵᠦ ᠴᠢᠩᠭ᠎ᠠ
ᠬᠡᠯᠡᠨ᠎ᠡ ᠃
ᠠᠯᠲᠠᠨ ᠵᠢᠭᠠᠰᠤ ᠄
ᠡᠷᠡᠭᠲᠡᠢ ᠡᠮᠡᠭᠲᠡᠢ ᠬᠥᠮᠦᠰ ᠦᠨ ᠪᠡᠶ᠎ᠡ ᠬᠦᠢᠰᠦ ᠥᠭᠡᠷ᠎ᠡ ᠴᠤ᠌ ᠭᠡᠰᠡᠨ ᠤᠬᠠᠭᠠᠨ ᠴᠢᠳᠠᠪᠤᠷᠢ ᠂ ᠮᠥᠷᠥᠭᠡᠳᠦᠯ ᠨᠢ ᠠᠪ
ᠠᠳᠠᠯᠢᠬᠠᠨ ᠂ ᠲᠡᠶ᠋ᠢᠮᠦ ᠪᠣᠯᠬᠣᠷ ᠦᠬᠢᠳ ᠬᠥᠪᠡᠭᠦᠳ ᠠᠳᠠᠯᠢᠬᠠᠨ ᠲᠣᠭᠯᠠᠭᠠᠮ ᠢᠶ᠋ᠠᠷ ᠲᠣᠭᠯᠠᠵᠤ ᠂ ᠨᠠᠰᠤᠨ
ᠳᠤ ᠬᠦᠷᠦᠭᠰᠡᠨ ᠬᠥᠮᠦᠰ ᠠᠳᠠᠯᠢᠬᠠᠨ ᠠᠵᠢᠯ ᠮᠡᠷᠭᠡᠵᠢᠯ ᠲᠡᠢ ᠪᠠᠶ᠋ᠢᠳᠠᠭ ᠶᠤᠮ ᠰᠢᠦ ᠳ᠋ᠡ ᠂ ᠲᠠ ᠬᠣᠶᠠᠷ
ᠲᠤ᠌ ᠪᠠᠨ ᠠᠵᠠ ᠵᠢᠷᠭᠠᠯ ᠬᠦᠰᠡᠶ᠎ᠡ!
ᠴᠡᠴᠡᠨ ᠄ ᠠ ᠂
ᠮᠡᠳᠡᠯ᠎ᠡ ᠂ ᠡᠷᠡᠭᠲᠡᠢ ᠡᠮᠡᠭᠲᠡᠢ ᠬᠥᠮᠦᠰ ᠦᠨ ᠪᠡᠶ᠎ᠡ ᠡᠷᠬᠡᠲᠡᠨ ᠥᠭᠡᠷ᠎ᠡ ᠪᠣᠯᠬᠣᠷ ᠂ ᠵᠠᠷᠢᠮ ᠨᠢ ᠡᠵᠢ
᠂ ᠵᠠᠷᠢᠮ ᠨᠢ ᠠᠪᠤ ᠪᠣᠯᠳᠠᠭ ᠶᠤᠮ ᠪᠠᠶ᠋ᠢᠨ᠎ᠠ ᠂ ᠬᠡᠦᠬᠡᠳ ᠦᠳ ᠴᠤ᠌ ᠭᠡᠰᠡᠨ ᠪᠠᠰᠠ ᠲᠥᠷᠥᠬᠦ ᠳᠦ ᠪᠡᠨ ᠯᠡ ᠪᠡᠶ᠎ᠡ
ᠡᠷᠬᠡᠲᠡᠨ ᠢᠶ᠋ᠡᠷ ᠢᠶ᠋ᠡᠨ ᠢᠯᠭᠠᠭ᠎ᠠ ᠲᠠᠢ ᠲᠦᠷᠦᠴᠢᠬᠡᠳᠡᠭ ᠶᠤᠮ
ᠪᠠᠶ᠋ᠢᠨ᠎ᠠ ᠃
ᠮᠡᠷᠭᠡᠨ ᠄ ᠦᠬᠢᠳ
ᠬᠥᠪᠡᠭᠦᠳ ᠨᠢᠭᠤᠴᠠ ᠡᠷᠬᠡᠲᠡᠨ ᠢᠶ᠋ᠡᠷ ᠢᠶ᠋ᠡᠨ ᠢᠯᠭᠠᠭ᠎ᠠ ᠲᠠᠢ᠂ ᠲᠡᠭᠦᠨ ᠢ ᠪᠡᠨ ᠨᠢᠭᠤᠴᠠᠯᠠᠵᠤ ᠂
ᠳᠣᠲᠣᠭᠤᠷ ᠬᠤᠪᠴᠠᠰᠤ ᠡᠮᠦᠰᠳᠡᠭ ᠂ ᠪᠢᠳᠡᠨ ᠦ ᠪᠡᠶ᠎ᠡ ᠡᠷᠬᠡᠲᠡᠨ ᠳᠦ ᠠᠪᠤ ᠡᠵᠢ ᠪᠠᠰᠠ ᠡᠮᠴᠢ ᠯᠠ ᠬᠦᠷᠴᠦ
ᠪᠣᠯᠳᠠᠭ ᠶᠤᠮ ᠪᠠᠶ᠋ᠢᠨ᠎ᠠ ᠃ ᠪᠤᠰᠤᠳ ᠬᠥᠮᠦᠨ ᠪᠣᠯ ᠶᠠᠭᠠᠬᠢᠬᠰᠠᠨ ᠴᠤ᠌ ᠪᠣᠯᠬᠤ ᠦᠭᠡᠢ ᠂ ᠲᠡᠶ᠋ᠢᠮᠦ ᠡ!
ᠴᠡᠴᠡᠨ ᠄ ᠵᠠ ᠵᠠ ᠂ ᠬᠣᠶᠠᠭᠤᠯᠠ ᠪᠠᠨ ᠲᠣᠭᠯᠠᠭᠠᠮ ᠢᠶ᠋ᠠᠨ ᠥᠪᠡᠷᠰᠡᠳ ᠢᠶ᠋ᠡᠨ ᠰᠣᠩᠭᠣᠭᠠᠳ ᠬᠠᠮᠲᠤ ᠳᠤ
ᠪᠠᠨ ᠲᠣᠭᠯᠠᠶ᠎ᠠ ᠂ ᠶᠠᠭᠠᠬᠢᠬᠰᠠᠨ
ᠬᠥᠭᠡᠷᠦᠬᠦᠨ ᠴᠢᠯᠠᠭᠤ ᠨᠤᠭᠤᠳ ᠪᠤᠢ ᠂ ᠲᠡᠶ᠋ᠢᠮᠦ ᠡ
ᠦᠰᠦᠭ ᠠᠮᠢᠯᠠᠭᠤᠯᠤᠭᠰᠠᠨ
ᠨᠢ ᠄ ᠬᠠᠳᠠᠴᠢ ᠤᠷᠠᠨ᠎ᠠ
ᠦᠰᠦᠭ ᠬᠠᠲᠠᠭᠰᠠᠨᠨ ᠨᠢ
᠄ ᠣᠳᠣᠨᠭᠡᠷᠡᠯ
ᠬᠢᠨᠠᠭᠴᠢ ᠄ ᠨᠠᠷᠠᠨ᠎ᠠ
ᠮᠥᠩᠭᠥᠨᠴᠡᠴᠡᠭ
ᠤᠤᠬᠠᠨᠰᠤᠠ
ᠠᠵᠠᠵᠠᠶᠠᠭ᠎ᠠ ᠨᠠᠷ
