ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠳᠥᠷᠪᠡ> Хан мунын сүүрс < дээд > – Мөнх зохиоов ᠂ Тэргүүн бодь – Хоёрдугаар бүлэг <4>
ᠲᠡᠷᠢᠭᠦᠨ ᠪᠣᠲᠢ – ᠬᠣᠶᠠᠳᠤᠭᠠᠷ ᠪᠦᠯᠦᠭ <ᠳᠥᠷᠪᠡ>
ᠥᠷᠯᠥᠭᠡ ᠠᠩᠴᠢᠨᠵᠠᠪ ᠡᠷᠲᠡᠯᠡᠨ ᠪᠣᠰᠴᠤ ᠪᠯᠠᠮᠤ ᠶ᠋ᠢᠨ ᠴᠢᠨᠠᠭᠰᠠᠨ ᠴᠠᠢ ᠶ᠋ᠢ ᠬᠥᠯᠥᠷᠡᠲᠡᠯ᠎ᠡ ᠪᠡᠨ ᠤᠤᠭᠤᠵᠤ ᠵᠠᠮ ᠢ᠋ᠶ᠋ᠠᠨ ᠡᠯᠭᠦᠬᠦ ᠭᠡᠰᠡᠨ ᠨᠢ ᠬᠣᠭᠣᠰᠣᠨ ᠪᠣᠯᠵᠠᠢ᠃ ᠲᠡᠭᠦᠨ ᠳ᠋ᠦ᠍ ᠶᠢᠷᠲᠢᠨᠴᠦ ᠶ᠋ᠢᠨ ᠮᠥᠩᠬᠡ ᠪᠤᠰᠤ ᠶ᠋ᠢ ᠦᠵᠡᠭᠦᠯᠦᠭᠰᠡᠨ ᠨᠠᠰᠤᠲᠠᠢ ᠠᠪᠤ ᠪᠠᠨ ᠬᠠᠷᠠᠵᠤ ᠨᠢᠯᠪᠤᠰᠤᠨ ᠳ᠋ᠤ᠌ ᠳᠡᠪᠲᠦᠭᠰᠡᠨ ᠡᠨᠡ ᠬᠦ᠌ ᠥᠨᠥᠴᠢᠨ ᠪᠡᠯᠪᠡᠰᠦᠨ᠂ ᠭᠠᠳᠠᠨ᠎ᠠ ᠪᠠᠨ ᠭᠠᠩ ᠭᠡᠬᠦ ᠨᠣᠬᠠᠢ ᠦᠭᠡᠢ᠂ ᠭᠠᠵᠠᠷ ᠭᠢᠰᠬᠢᠬᠦ ᠮᠠᠯ ᠦᠭᠡᠢ ᠶᠠᠳᠠᠭᠤ ᠠᠢᠯ ᠤ᠋ᠨ ᠪᠡᠳᠡᠷᠡᠭᠰᠡᠨ ᠦᠶ᠎ᠡ ᠳ᠋ᠦ᠍ ᠭᠠᠷ ᠰᠠᠵᠢᠨ ᠪᠡᠶ᠎ᠡ ᠵᠠᠢᠯᠠᠬᠤ ᠵᠣᠷᠢᠭ ᠪᠠᠢᠭᠰᠠᠨ ᠦᠭᠡᠢ᠃
ᠬᠥᠮᠦᠨ ᠭᠡᠳᠡᠭ ᠰᠣᠨᠢᠨ᠃ ᠡᠨᠡ ᠲᠣᠭᠣᠰᠣᠲᠤ ᠬᠣᠷᠸ᠎ᠠ ᠳ᠋ᠤ᠌ ᠬᠥᠮᠦᠨ ᠦ᠌ ᠰᠦᠨᠡᠰᠦ ᠶ᠋ᠢ ᠲᠠᠨᠢᠵᠤ ᠢᠷᠡᠬᠦ ᠳ᠋ᠡᠭᠡᠨ ᠶᠠᠭᠤ ᠴᠤ᠌ ᠦᠭᠡᠢ ᠭᠠᠷ ᠬᠣᠭᠣᠰᠣᠨ ᠤᠬᠢᠯᠠᠭᠠᠳ ᠢᠷᠡᠳᠡᠭ ᠪᠠᠢᠭᠰᠠᠨ ᠪᠣᠯ ᠡᠨᠡ ᠪᠤᠳᠤᠯᠢᠶᠠᠨᠲᠤ ᠬᠣᠷᠸ᠎ᠠ ᠠ᠋ᠴᠠ ᠰᠠᠯᠵᠤ ᠶᠠᠪᠤᠬᠤ ᠳ᠋ᠠᠭᠠᠨ ᠮᠥᠨ ᠶᠠᠭᠤ ᠶ᠋ᠢ ᠨᠢ ᠠᠪᠳᠠᠭ ᠦᠭᠡᠢ ᠭᠠᠷ ᠬᠣᠭᠣᠰᠣᠨ ᠢ᠋ᠶ᠋ᠠᠷ ᠬᠥᠮᠦᠨ ᠢ᠋ ᠣᠬᠢᠯᠠᠭᠤᠯᠤᠭᠠᠳ ᠶᠠᠪᠤᠵᠤ ᠣᠳᠤᠨ᠎ᠠ᠃ ᠶᠠᠭᠤᠮ᠎ᠠ ᠠᠪᠴᠤ ᠶᠠᠪᠤᠬᠤ ᠪᠠᠷ ᠪᠣᠳᠣᠬᠤ ᠳ᠋ᠤ᠌ ᠡᠨᠡ ᠠᠢᠯ ᠠ᠋ᠴᠠ ᠥᠨᠢᠳᠡ ᠠᠩᠭᠢᠵᠢᠷᠠᠬᠤ ᠬᠥᠮᠦᠨ ᠳ᠋ᠦ᠍ ᠥᠭᠴᠦ ᠶᠠᠪᠤᠭᠤᠯᠤᠮᠠᠷ ᠶᠠᠭᠤᠮ᠎ᠠ ᠪᠠᠢᠭ᠎ᠠ ᠦᠭᠡᠢ᠃
ᠠᠩᠴᠢᠨᠵᠠᠪ᠂ ᠪᠯᠠᠮᠤ ᠶ᠋ᠢᠨ ᠲᠥᠷᠥᠯ ᠦ᠋ᠨ ᠳᠡᠭᠦᠦ ᠶ᠋ᠢᠨ ᠬᠤᠪᠢ ᠪᠠᠷ ᠠᠪᠤ ᠶ᠋ᠢᠨ ᠬᠢᠨᠢ ᠣᠷᠣᠰᠢᠭᠤᠯᠭ᠎ᠠ ᠶ᠋ᠢᠨ ᠡᠨᠡ ᠲᠡᠷᠡ ᠠᠵᠢᠯ ᠳ᠋ᠤ᠌ ᠬᠠᠮ ᠳᠠᠮ ᠪᠣᠯᠵᠤ᠂ ᠯᠠᠮᠠ ᠬᠠᠷ᠎ᠠ ᠵᠠᠯᠠᠵᠤ ᠨᠣᠮ ᠭᠦᠷᠢᠮ ᠬᠢᠯᠭᠡᠵᠦ᠂ ᠭᠤᠷᠪᠠ ᠬᠣᠨᠣᠭ᠂ ᠳᠣᠯᠣᠭ᠎ᠠ ᠬᠣᠨᠣᠭ᠂ ᠬᠣᠶᠠᠷ ᠳᠣᠯᠣᠭ᠎ᠠ ᠬᠣᠨᠣᠭ᠂ ᠬᠣᠷᠢᠨ ᠨᠢᠭᠡ ᠬᠣᠨᠣᠭ᠂ ᠪᠡᠯᠪᠡᠰᠦᠷᠡᠯ ᠭᠦᠢᠴᠡᠳᠬᠡᠬᠦ ᠠᠯᠢᠨ ᠪᠣᠯᠭᠠᠨ ᠠᠵᠢᠯ ᠳ᠋ᠤᠨᠢ ᠬᠠᠮ ᠳᠠᠮ ᠪᠣᠯᠵᠤ ᠰᠠᠭᠤᠯ᠎ᠠ᠃ ᠬᠣᠶᠠᠷ ᠤᠩᠭᠤᠯᠠᠢ ᠪᠢᠴᠢᠬᠠᠨ ᠬᠦᠦ ᠨᠢ ᠴᠤ᠌᠂ ᠲᠡᠭᠦᠨ ᠢ᠋《ᠠᠩᠴᠢᠨ ᠨᠠᠭᠠᠴᠤ ᠭᠤᠸᠠᠢ》 ᠭᠡᠵᠦ ᠳᠠᠭᠤᠳᠠᠵᠤ ᠵᠠᠩᠰᠢᠪᠠ᠃
ᠡᠨᠡ ᠠᠢᠯ ᠠᠪᠤ ᠶ᠋ᠢᠨ ᠢ᠋ᠶ᠋ᠡᠨ ᠪᠡᠶ᠎ᠡ ᠥᠩᠭᠡᠷᠡᠭᠰᠡᠨ ᠦ᠌ ᠬᠣᠢᠲᠤᠬᠢ ᠶᠠᠪᠤᠳᠠᠯ ᠢ᠋ ᠲᠡᠭᠦᠰᠬᠡᠬᠦ ᠬᠣᠷᠢᠨ ᠨᠢᠭᠡ ᠬᠣᠨᠣᠭ ᠲᠤᠨᠢ ᠭᠣᠮᠣᠳᠠᠯ ᠲᠠᠢᠯᠬᠤ ᠭᠡᠵᠦ ᠪᠠᠰᠠ ᠯᠠᠮᠠ ᠬᠠᠷ᠎ᠠ ᠵᠠᠯᠠᠵᠤ ᠨᠣᠮ ᠤᠩᠰᠢᠭᠤᠯᠬᠤ ᠪᠤᠶᠠᠨ ᠦᠢᠯᠡᠳᠬᠦ ᠪᠡᠷ ᠪᠣᠯᠪᠠ᠃
ᠠᠩᠴᠢᠨᠵᠠᠪ᠂ ᠵᠢᠯᠢᠢᠭᠴᠢ ᠶ᠋ᠢᠨ ᠬᠡᠷᠡᠭᠯᠡᠵᠦ ᠪᠠᠢᠭᠰᠠᠨ ᠠᠪᠠ ᠶ᠋ᠢᠨ ᠫᠤᠤ ᠶ᠋ᠢ ᠨᠠᠷᠠᠰᠤᠲᠠᠢ ᠶ᠋ᠢᠨ ᠬᠣᠩᠭᠢᠯ ᠳ᠋ᠤ᠌ ᠳᠠᠯᠳᠠᠯᠠᠵᠤ ᠪᠠᠢᠭᠰᠠᠨ ᠢ᠋ ᠣᠯᠵᠤ ᠠᠪᠴᠢᠷᠠᠭᠠᠳ ᠨᠢᠭᠡ ᠡᠳᠦᠷ ᠭᠥᠷᠦᠭᠡᠨ ᠳ᠋ᠦ᠍ ᠶᠠᠪᠤᠪᠠ᠃ ᠠᠩᠴᠢᠨᠵᠠᠪ ᠡᠨᠡ ᠬᠦ᠌ ᠭᠣᠮᠣᠳᠠᠯ ᠲᠠᠢᠯᠬᠤ᠂ ᠬᠣᠷᠢᠨ ᠨᠢᠭᠡ ᠬᠣᠨᠣᠭ ᠳᠡᠭᠡᠷ᠎ᠡ ᠨᠢ ᠵᠠᠪᠠᠯ ᠬᠦᠷᠦᠭᠡ ᠬᠢᠬᠦ ᠪᠡᠷ ᠶᠠᠪᠤᠳᠠᠭ ᠨᠢ ᠬᠣᠶᠠᠷ ᠰᠢᠯᠲᠠᠭᠠᠨ ᠲᠠᠢ ᠪᠠᠢᠯ᠎ᠠ᠃ ᠨᠢᠭᠡ ᠨᠢ ᠡᠨᠡ ᠶᠠᠳᠠᠭᠰᠠᠨ ᠠᠢᠯ ᠤ᠋ᠨ ᠬᠠᠶᠠᠭᠠᠨ ᠳ᠋ᠤ᠌《ᠤᠨᠤᠬᠤ ᠪᠠᠷ ᠬᠦᠯᠦᠭ ᠦᠭᠡᠢ ᠤᠨᠠᠭᠠᠬᠤ ᠠ᠋ᠴᠠ ᠢᠮᠠᠭ᠎ᠠ ᠦᠭᠡᠢ》 ᠵᠥᠪᠬᠡᠨ ᠲᠠᠪᠤ ᠠᠷᠪᠠᠬᠠᠨ ᠢᠰᠢᠭᠡ ᠲᠡᠢ ᠢᠮᠠᠭᠠᠨ ᠤ᠋ ᠳᠠᠯᠠᠩ ᠰᠢᠪᠲᠤᠷᠠᠵᠤ ᠴᠠᠢ ᠨᠠᠢᠷᠠᠭᠤᠯᠬᠤ ᠰᠦ ᠪᠣᠯᠤᠨ ᠪᠠᠭ᠎ᠠ ᠰᠠᠭ᠎ᠠ ᠠᠢᠷᠠᠭ ᠢᠰᠬᠡᠬᠦ ᠡᠴᠡ ᠪᠤᠰᠤ ᠱᠥᠯᠥ ᠤᠰᠤᠨ ᠤ᠋ ᠶᠠᠭᠤᠮ᠎ᠠ ᠪᠠᠢᠳᠠᠭ ᠦᠭᠡᠢ ᠳ᠋ᠦ᠍ ᠭᠤᠷ᠎ᠠ ᠵᠦᠷ ᠠᠩᠨᠠᠵᠤ ᠬᠣᠭᠣᠯᠠ ᠬᠦᠨᠡᠰᠦᠨ ᠳ᠋ᠦ᠍ᠨᠢ ᠪᠠᠭ᠎ᠠ ᠰᠠᠭ᠎ᠠ ᠨᠡᠮᠡᠷᠢᠯᠡᠬᠦ ᠶ᠋ᠢ ᠪᠣᠳᠣᠭᠰᠠᠨ ᠬᠡᠷᠡᠭ᠃ ᠨᠥᠭᠦᠭᠡ ᠨᠢ ᠬᠥᠮᠦᠨ ᠬᠠᠷ᠎ᠠ ᠰᠦᠯᠵᠢᠵᠦ ᠶᠠᠪᠤᠭᠠᠳ ᠥᠪᠡᠷ ᠢ᠋ ᠪᠡᠨ ᠪᠤᠰᠤᠳ ᠲᠤ ᠲᠠᠨᠢᠭᠳᠠᠵᠤ ᠶᠠᠯᠢ ᠦᠭᠡᠢ ᠶᠠᠭᠤᠮᠠᠨ ᠳ᠋ᠤ᠌ ᠢᠮᠠᠭᠠᠨ ᠤ᠋ ᠭᠠᠷᠤᠵᠠ ᠪᠣᠯᠬᠤ ᠠ᠋ᠴᠠ ᠵᠠᠢᠯᠠᠰᠬᠢᠵᠡᠢ᠃ ᠭᠡᠮᠲᠦ ᠬᠥᠮᠦᠨ ᠦ᠌ ᠭᠡᠭᠡᠨ ᠤᠬᠠᠭᠠᠨ ᠭᠡᠭᠴᠢ ᠢᠮᠠᠭᠲᠠ ᠴᠠᠬᠢᠯᠭᠠᠨ ᠴᠠᠬᠢᠬᠤ ᠰᠢᠭ᠋ ᠲᠠᠷᠢᠬᠢᠨ ᠳ᠋ᠤ᠌ ᠪᠡᠯᠡᠬᠡᠨ ᠮᠥᠷᠲᠡᠭᠡᠨ ᠲᠦᠷᠭᠡᠨ ᠪᠠᠢᠳᠠᠭ ᠠᠵᠢ!
ᠲᠡᠷᠡ ᠪᠡᠷ ᠨᠠᠷᠠᠰᠤᠲᠠᠢ ᠬᠥᠲᠥᠯ ᠢ᠋ ᠳᠠᠪᠠᠵᠤ᠂ ᠴᠠᠭᠠᠰᠢ ᠢᠮᠠᠭᠠᠨ ᠵᠥᠷᠢᠭ ᠢ᠋ ᠪᠠᠷᠢᠨ ᠶᠠᠪᠤᠬᠤ ᠳ᠋ᠤ᠌ ᠠᠭᠤᠯᠠ ᠬᠠᠳᠠ ᠲᠠᠢ ᠪᠠᠷᠲᠠᠭᠠᠲᠤ ᠵᠠᠮ ᠢ᠋ᠶ᠋ᠠᠷ ᠭᠥᠷᠥᠭᠡᠯᠡᠵᠦ ᠶᠠᠪᠤᠬᠤ ᠶ᠋ᠢ ᠪᠠᠢᠲᠤᠭᠠᠢ᠂ ᠠᠰ ᠰᠢᠯᠤᠭᠤᠨ ᠶᠠᠪᠤᠬᠤ ᠳ᠋ᠤ᠌ ᠴᠤ᠌ ᠪᠡᠷᠬᠡ ᠲᠡᠢ ᠪᠠᠢᠯ᠎ᠠ᠃ ᠭᠣᠪᠢ ᠨᠤᠲᠤᠭ᠂ ᠡᠯᠡᠰᠦ ᠮᠠᠩᠬᠠᠨ ᠳ᠋ᠤ᠌ ᠶᠠᠪᠤᠵᠤ ᠪᠤᠲᠠᠨ ᠤ᠋ ᠲᠠᠤᠯᠠᠢ ᠳᠡᠷᠡᠰᠦᠨ ᠦ᠌ ᠲᠠᠷᠪᠠᠭ᠎ᠠ ᠠᠩᠨᠠᠬᠤ ᠲᠠᠢ ᠣᠭᠲᠣ ᠣᠨᠳᠣᠣ ᠶᠤᠮ ᠠ᠋᠃ ᠡᠯᠡᠰᠦ ᠬᠤᠮᠠᠭ ᠲᠤ᠌ ᠪᠣᠯ ᠭᠢᠰᠬᠢᠭᠰᠡᠨ ᠭᠠᠵᠠᠷ ᠯᠠᠭᠬᠢᠵᠦ ᠪᠣᠷᠪᠢ ᠬᠦᠨᠳᠦᠷᠡᠵᠦ ᠪᠠᠢᠳᠠᠭ ᠪᠣᠯ ᠠᠭᠤᠯᠠ ᠬᠠᠳᠠᠨ ᠤ ᠪᠠᠷᠲᠠᠭᠠᠨ ᠳ᠋ᠤ᠌ ᠬᠠᠲᠠᠭᠤ ᠬᠠᠷᠭᠤᠢ ᠬᠠᠢᠷ ᠵᠢᠮ ᠳ᠋ᠦ᠍ ᠥᠯᠮᠡᠢ ᠥᠨᠳᠡᠢᠯᠭᠡᠬᠦ ᠨᠢ ᠪᠠᠰᠠ ᠴᠤ᠌ ᠬᠡᠴᠡᠭᠦᠦ᠃ ᠱᠣᠷᠣ ᠴᠢᠯᠠᠭᠤ᠂ ᠴᠤᠴᠠᠯᠢ ᠬᠣᠵᠤᠤᠯ᠎ᠠ ᠶ᠋ᠢᠨ ᠦᠵᠦᠭᠦᠷ ᠤᠯᠠ ᠬᠠᠳᠬᠤᠨ ᠨᠢᠳᠡᠷᠡᠵᠦ᠂ ᠨᠠᠷᠢᠨ ᠰᠠᠢᠷ ᠲᠠᠢ ᠨᠠᠯᠠᠤ ᠭᠠᠵᠠᠷ ᠬᠠᠯᠲᠤᠰᠬᠢᠪᠡᠯ ᠬᠠᠵᠠᠭᠤ ᠪᠠᠷ ᠢ᠋ᠶ᠋ᠠᠨ ᠬᠠᠯᠲᠤᠷᠢᠵᠤ ᠤᠨᠠᠬᠤ᠂ ᠪᠢᠲᠡᠭᠦᠦ ᠰᠢᠷᠢᠩᠭᠢ ᠲᠡᠢ ᠲᠠᠤᠯᠠᠢ ᠶ᠋ᠢᠨ ᠵᠢᠮ ᠢ᠋ᠶ᠋ᠡᠷ ᠰᠢᠷᠭᠤᠯᠠᠵᠤ ᠶᠠᠪᠤᠬᠤ ᠳ᠋ᠤ᠌ ᠣᠷᠢᠶᠠᠯᠳᠤᠭᠰᠠᠨ ᠰᠢᠷᠢᠩᠭᠢ ᠳ᠋ᠦ᠍ ᠬᠠᠴᠠᠷ ᠢ᠋ᠶ᠋ᠠᠨ ᠰᠢᠪᠬᠠᠷᠠᠭᠤᠯᠬᠤ ᠨᠢ ᠴᠤ᠌ ᠬᠠᠯᠠᠲᠠᠢ᠃ ᠠᠭᠤᠯᠠᠨ ᠳ᠋ᠤ᠌ ᠬᠦᠷᠦᠭᠡ ᠬᠢᠬᠦ ᠭᠡᠳᠡᠭ ᠨᠢ ᠭᠤᠷ᠎ᠠ ᠭᠥᠷᠥᠭᠡᠰᠦ ᠶ᠋ᠢ ᠭᠦᠢᠴᠡᠮᠡ ᠬᠤᠷᠳᠤᠴᠠ ᠪᠤᠶᠤ ᠬᠥᠩᠬᠥᠢᠭᠰᠡᠨ ᠠᠰᠬ᠎ᠠ ᠬᠠᠳᠠᠨ ᠳ᠋ᠤ᠌ ᠬᠥᠬᠡ ᠢᠮᠠᠭ᠎ᠠ ᠰᠢᠭ᠋ ᠬᠠᠷᠠᠢᠵᠤ ᠴᠢᠳᠠᠬᠤ᠂ ᠰᠢᠷᠢᠩᠭᠢ ᠪᠢᠲᠡᠭᠦᠦ ᠰᠢᠭᠤᠢ ᠳᠣᠲᠣᠷ᠎ᠠ ᠰᠢᠪᠠᠭᠤ ᠰᠢᠬ ᠱᠤᠩᠭᠤᠯᠠᠵᠤ ᠶᠠᠪᠤᠬᠤ ᠡᠷᠳᠡᠮ ᠳᠠᠩᠴᠤ ᠬᠡᠷᠡᠭᠲᠡᠢ ᠪᠠᠢᠪᠠ᠃ ᠭᠡᠲᠡᠯ᠎ᠡ ᠲᠠᠯ᠎ᠠ ᠭᠣᠪᠢ ᠨᠤᠲᠤᠭ ᠲᠤ᠌ ᠥᠰᠦᠭᠰᠡᠨ ᠠᠳᠤᠭᠤᠴᠢᠨ ᠬᠦᠦ ᠳ᠋ᠦ᠍ ᠠᠩᠬᠠᠯᠠᠨ ᠬᠡᠷᠬᠢᠨ ᠲᠡᠢᠮᠦ ᠡᠷᠳᠡᠮ ᠪᠦᠷᠢᠳᠬᠦ ᠠᠵᠢ ᠠ᠋ !
ᠬᠡᠳᠦᠨ ᠡᠳᠦᠷ ᠦᠨ ᠡᠮᠦᠨ᠎ᠡ ᠪᠯᠠᠮᠤ ᠲᠠᠢ ᠬᠣᠶᠠᠭᠤᠯᠠ ᠨᠢᠭᠡ ᠤᠳᠠᠭ᠎ᠠ ᠠᠭᠤᠯᠠᠨ ᠳ᠋ᠤ᠌ ᠭᠠᠷᠴᠤ᠂ ᠨᠠᠷᠠᠰᠤᠲᠠᠢ ᠶ᠋ᠢᠨ ᠬᠣᠩᠭᠢᠯ ᠠ᠋ᠴᠠ ᠵᠢᠯᠢᠢᠭᠴᠢ ᠶ᠋ᠢᠨ ᠨᠢᠭᠤᠵᠤ ᠲᠠᠯᠪᠢᠭᠰᠠᠨ ᠠᠪᠠ ᠶ᠋ᠢᠨ ᠫᠤᠤ ᠶ᠋ᠢ ᠣᠯᠬᠤ ᠭᠡᠵᠦ ᠶᠠᠪᠤᠬᠤ ᠳ᠋ᠤ᠌ ᠪᠯᠠᠮᠤ ᠶ᠋ᠢᠨ 《ᠠᠭᠤᠯᠠ ᠥᠭᠰᠥᠬᠦ ᠳ᠋ᠦ᠍ ᠥᠯᠮᠡᠢ ᠪᠡᠷ ᠢ᠋ᠶ᠋ᠡᠨ ᠠᠭᠤᠯᠠᠨ ᠠ᠋ᠴᠠ ᠪᠠᠭᠤᠬᠤ ᠳ᠋ᠤ᠌ ᠥᠰᠥᠭᠡᠢ ᠪᠠᠷ ᠢᠶᠠᠨ ᠭᠡᠵᠦ ᠬᠡᠯᠡᠭᠰᠡᠨ ᠨᠢ ᠰᠠᠨᠠᠭᠳᠠᠨ᠎ᠠ᠃ ᠪᠯᠠᠮᠤ ᠲᠡᠭᠦᠨ ᠳ᠋ᠦ᠍ 《ᠲᠠ – ᠷᠠ ᠬᠠᠮᠠᠷ ᠢ᠋ ᠳᠠᠪᠠᠵᠤ ᠭᠠᠷᠪᠠᠯ ᠬᠥᠷᠥᠭ ᠦ᠋ᠨ ᠡᠬᠢ᠂ ᠲᠡᠭᠡᠭᠡᠳ ᠴᠠᠭᠠᠰᠢ ᠪᠠᠨ ᠬᠠᠷ᠎ᠠ ᠪᠤᠶᠠᠨᠲᠤ᠂ ᠰᠢᠵᠠᠷᠭᠠᠨ ᠤ ᠭᠣᠣᠯ᠂ ᠥᠯᠥᠩᠲᠦ᠂ ᠰᠢᠷᠭ᠎ᠠ ᠮᠣᠷᠢᠲᠤ ᠶ᠋ᠢᠨ ᠭᠣᠣᠯ᠂ ᠬᠦᠷᠢᠶ᠎ᠡ ᠨᠠᠷᠠᠰᠤ ᠁》 ᠭᠡᠬᠦ ᠮᠡᠲᠦᠴᠢᠯᠡᠨ ᠮᠤᠨᠠ ᠠᠭᠤᠯᠠ ᠶ᠋ᠢᠨ ᠣᠢᠷ᠎ᠠ ᠵᠠᠭᠤᠷ᠎ᠠ ᠶ᠋ᠢᠨ ᠭᠠᠵᠠᠷ ᠤᠨ ᠨᠡᠷ᠎ᠡ ᠶ᠋ᠢ ᠲᠣᠭᠠᠯᠠᠵᠤ ᠬᠡᠯᠡᠭᠰᠡᠨ ᠪᠠ 《ᠬᠠᠷ᠎ᠠ ᠪᠤᠶᠠᠨᠲᠤ ᠶ᠋ᠢᠨ ᠡᠬᠢ ᠳ᠋ᠦ᠍ ᠭᠠᠷᠤᠭᠰᠠᠭᠠᠷ ᠬᠢᠷ᠎ᠠ ᠳᠠᠭᠠᠭᠰᠠᠨ ᠣᠢ ᠶ᠋ᠢᠨ ᠴᠣᠭᠣᠷᠬᠠᠢ ᠳ᠋ᠤ᠌ ᠭᠤᠷ᠎ᠠ ᠵᠦᠷ ᠣᠯᠠᠨ ᠪᠣᠢ ᠁ ᠥᠯᠥᠩᠲᠦ ᠶ᠋ᠢᠨ ᠠᠮᠠ ᠭᠡᠵᠦ ᠪᠢᠲᠡᠭᠦᠦ ᠣᠢ ᠲᠠᠢ ᠴᠢᠨᠣ᠎ᠠ ᠡᠭᠦᠷᠯᠡᠭᠰᠡᠨ ᠳᠣᠭᠰᠢᠨ ᠠᠷᠢᠶᠠᠲᠠᠨ ᠲᠠᠢ ᠠᠢᠩᠭᠤᠷᠢᠲᠦ ᠭᠠᠵᠠᠷ ᠶᠤᠮ᠃ ᠬᠦᠷᠢᠶ᠎ᠡ ᠨᠠᠷᠠᠰᠤᠨ ᠤ ᠬᠠᠳᠠᠨ ᠳ᠋ᠤ᠌ ᠬᠥᠬᠡ ᠢᠮᠠᠭ᠎ᠠ᠂ ᠶᠠᠩᠭᠢᠷ ᠁ ᠵᠥᠩᠳᠡᠭᠡᠨ ᠪᠠᠢᠳᠠᠭ᠃ ᠶᠣᠯᠣᠲᠣ ᠶ᠋ᠢᠨ ᠬᠠᠳᠠᠨ ᠳ᠋ᠤ᠌ ᠶᠣᠯᠣ ᠰᠢᠪᠠᠭᠤ ᠡᠭᠦᠷᠯᠡᠳᠡᠭ᠂ ᠬᠥᠬᠡ ᠬᠣᠨᠢᠲᠤ ᠶ᠋ᠢᠨ ᠬᠢᠷ᠎ᠠ ᠳ᠋ᠤ᠌ ᠠᠷᠭᠠᠯᠢ ᠤᠭᠠᠯᠵᠠ ᠰᠦᠷᠦᠭᠯᠡᠵᠦ ᠶᠠᠪᠤᠳᠠᠭ᠃ ᠰᠢᠪᠠᠭᠤᠲᠤ ᠶ᠋ᠢᠨ ᠴᠠᠭᠠᠳᠤ ᠬᠥᠲᠥᠯ ᠦ᠋ᠨ ᠲᠤᠤᠨᠠᠨ ᠬᠠᠳᠠᠨ ᠤ᠋ ᠭᠠᠴᠢᠭᠠᠳᠤ ᠴᠣᠩᠬᠢᠶᠠᠯ ᠤ᠋ᠨ ᠤᠰᠤᠨ ᠳ᠋ᠤ᠌ ᠡᠷᠲᠡ ᠤᠷᠢᠳᠤ ᠴᠠᠭ ᠲᠤ᠌ ᠨᠢᠭᠡ ᠴᠡᠷᠢᠭ ᠤ᠋ᠨ ᠵᠠᠩᠵᠤᠨ ᠳᠠᠯᠠᠨ ᠠᠴᠢᠶ᠎ᠠ ᠮᠥᠩᠭᠥ ᠠᠪᠴᠢᠷᠠᠵᠤ ᠲᠡᠷᠡ ᠭᠠᠴᠢᠭᠠᠨ ᠤ᠋ ᠴᠣᠩᠬᠢᠶᠠᠯ ᠤᠰᠤᠨ ᠳ᠋ᠤ᠌ ᠬᠠᠳᠠᠭᠠᠯᠠᠵᠤ ᠲᠠᠯᠪᠢᠯ᠎ᠠ ᠭᠡᠰᠡᠨ᠃ ᠰᠡᠭᠦᠯ ᠳ᠋ᠦ᠍ᠨᠢ ᠬᠥᠮᠦᠰ ᠮᠥᠩᠭᠥ ᠴᠠᠭᠠᠨ ᠨᠢᠳᠦ ᠤᠯᠠᠭᠠᠨ ᠭᠡᠳᠡᠭ ᠢ᠋ᠶ᠋ᠡᠷ ᠲᠡᠷᠡ ᠭᠠᠴᠢᠭᠠᠨ ᠤ᠋ ᠴᠣᠩᠬᠢᠶᠠᠯ ᠤ᠋ᠨ ᠤᠰᠤᠨ ᠳ᠋ᠤ᠌ ᠨᠢᠭᠤᠵᠤ ᠬᠠᠳᠠᠭᠠᠯᠠᠭᠰᠠᠨ ᠮᠥᠩᠭᠥ ᠶ᠋ᠢ ᠠᠪᠬᠤ ᠭᠡᠵᠦ ᠡᠯᠳᠡᠪ ᠶᠠᠩᠵᠤ ᠶ᠋ᠢᠨ ᠠᠷᠭ᠎ᠠ ᠠᠪᠴᠠᠢ ᠭᠡᠨ᠎ᠡ᠃ ᠬᠥᠮᠦᠰ ᠦ᠋ᠨ ᠬᠡᠯᠡᠯᠴᠡᠬᠦ ᠪᠡᠷ ᠴᠡᠯᠮᠡᠭ ᠰᠠᠢᠬᠠᠨ ᠡᠳᠦᠷ ᠲᠣᠬᠢᠶᠠᠭᠰᠠᠭᠠᠷ ᠲᠡᠷᠡ ᠬᠠᠳᠠᠨ ᠭᠠᠴᠢᠭᠠᠨ ᠳᠡᠭᠡᠷ᠎ᠡ ᠭᠠᠷᠴᠤ ᠴᠣᠩᠬᠢᠶᠠᠯ ᠤ᠋ᠨ ᠤᠰᠤ ᠤᠷᠤᠭᠤ ᠱᠠᠭᠠᠢᠪᠠᠯ ᠴᠣᠩᠬᠢᠶᠠᠯ ᠤ᠋ᠨ ᠭᠦᠨ ᠤᠰᠤᠨ ᠤ᠋ ᠢᠷᠣᠭᠠᠷ ᠲᠤ᠌ ᠠᠯᠲᠠ ᠮᠥᠩᠭᠥ ᠣᠪᠣᠭᠠᠯᠠᠭᠠᠰᠤᠲᠠᠢ ᠪᠠᠢᠬᠤ ᠶ᠋ᠢ ᠲᠣᠪ ᠲᠣᠳᠣ ᠬᠠᠷᠠᠳᠠᠭ ᠭᠡᠨ᠎ᠡ᠃ ᠲᠡᠭᠡᠭᠡᠳ ᠵᠠᠷᠢᠮ ᠨᠢᠭᠡ ᠨᠢ ᠰᠠᠶᠢᠬᠠᠨ ᠠᠯᠠᠭᠰᠠᠨ ᠮᠠᠯ ᠤ᠋ᠨ ᠨᠣᠢᠲᠠᠨ ᠮᠢᠬ᠎ᠠ ᠶ᠋ᠢ ᠴᠣᠩᠬᠢᠶᠠᠯ ᠤ᠋ᠨ ᠭᠦᠨ ᠤᠰᠤᠨ ᠳ᠋ᠤ᠌ ᠲᠠᠯᠪᠢᠵᠤ ᠣᠷᠣᠭᠤᠯᠤᠨ ᠮᠥᠩᠭᠥ ᠤᠬᠠᠭᠠᠯᠠᠬᠤ ᠶ᠋ᠢ ᠰᠢᠨᠤᠳᠠᠭ᠃ ᠮᠥᠩᠭᠥ ᠪᠠᠰᠠ ᠰᠣᠨᠢᠨ᠂ ᠤᠰᠤᠨ ᠳ᠋ᠤ᠌ ᠲᠠᠯᠪᠢᠵᠤ ᠣᠷᠣᠭᠤᠯᠤᠭᠰᠠᠨ ᠨᠣᠢᠲᠠᠨ ᠮᠢᠬ᠎ᠠ ᠲᠠᠢ ᠨᠠᠭᠠᠯᠳᠤᠳᠠᠭ ᠪᠠᠢᠵᠠᠢ᠃ ᠲᠡᠭᠡᠭᠡᠳ ᠬᠥᠮᠦᠰ ᠥᠨᠥᠬᠢ ᠴᠠᠢᠷᠠᠲᠠᠯᠠ ᠮᠥᠩᠭᠥ ᠨᠠᠭᠠᠯᠳᠤᠭᠰᠠᠨ ᠨᠣᠢᠲᠠᠨ ᠮᠢᠬ᠎ᠠ ᠪᠠᠨ ᠳᠡᠭᠡᠭᠰᠢ ᠴᠣᠩᠬᠢᠶᠠᠯ ᠤ᠋ᠨ ᠢᠷᠮᠡᠭ ᠤᠷᠤᠭᠤ ᠬᠦᠴᠦ ᠮᠡᠳᠡᠨ ᠳᠡᠭᠡᠭᠰᠢ ᠲᠠᠲᠠᠵᠤ ᠠᠪᠬᠤ ᠭᠡᠬᠦ ᠳ᠋ᠦ᠍ᠨᠢ <ᠮᠥᠩᠭᠥᠨ ᠳ᠋ᠦ᠍ ᠬᠤᠯᠠᠭᠠᠢ ᠣᠷᠣᠯ᠎ᠠ!> ᠭᠡᠵᠦ ᠬᠠᠮᠢᠭ᠎ᠠ ᠨᠢᠭᠡ ᠭᠠᠵᠠᠷ ᠠ᠋ᠴᠠ ᠬᠥᠮᠦᠨ ᠬᠠᠰᠬᠢᠷᠪᠠᠯ ᠥᠨᠥᠬᠢ ᠨᠣᠢᠲᠠᠨ ᠮᠢᠬᠠᠨ ᠳ᠋ᠤ᠌ ᠨᠠᠭᠠᠯᠳᠤᠭᠰᠠᠨ ᠮᠥᠩᠭᠥ ᠨᠢ <ᠳ᠋ᠢᠩᠭᠠᠷ᠂ ᠳ᠋ᠠᠩᠭᠠᠷ ᠁> ᠭᠡᠳ ᠴᠣᠩᠬᠢᠶᠠᠯ ᠤ᠋ᠨ ᠢᠷᠣᠭᠠᠷ ᠤᠷᠤᠭᠤ ᠤᠨᠠᠭᠠᠳ ᠶᠠᠪᠤᠴᠢᠬᠠᠳᠠᠭ᠃ ᠲᠡᠢᠨ ᠬᠦ᠌ ᠡᠨᠡ ᠮᠡᠲᠦ ᠶ᠋ᠢᠨ ᠠᠷᠭ᠎ᠠ ᠪᠠᠷ ᠬᠡᠴᠢᠨᠡᠭᠡᠨ ᠬᠥᠮᠦᠨ ᠬᠡᠴᠢᠨᠡᠭᠡᠨ ᠤᠳᠠᠭ᠎ᠠ ᠣᠷᠣᠯᠳᠤᠭᠠᠳ ᠴᠤ᠌ ᠲᠡᠷᠡ ᠮᠥᠩᠭᠥ ᠶ᠋ᠢ ᠠᠪᠴᠤ ᠴᠢᠳᠠᠭᠰᠠᠨ ᠦᠭᠡᠢ ᠭᠡᠨ᠎ᠡ᠃ ᠡᠦᠲᠦ ᠲᠡᠷᠡ ᠬᠦᠷᠡᠩ ᠬᠦᠷᠡᠩ ᠲᠤᠤᠨᠠᠨ ᠬᠠᠳᠠ ᠲᠠᠢ ᠭᠠᠴᠢᠭᠠᠨ ᠤ ᠬᠠᠪᠢ ᠳᠤ ᠮᠡᠷᠭᠡᠨ ᠴᠠᠭᠠᠨ ᠯᠠᠮᠠᠬᠠᠢ ᠭᠡᠳᠡᠭ ᠮᠥᠩᠭᠥᠨ ᠦ᠌ ᠳᠠᠷᠬᠠᠨ ᠳᠢᠶᠠᠨᠴᠢ ᠳ᠋ᠤ᠌ ᠰᠠᠭᠤᠵᠤ᠂ ᠡᠷᠳᠡᠮ ᠨᠣᠮ ᠤ᠋ᠨ ᠲᠠᠷᠨᠢ ᠪᠢᠰᠢᠯᠭᠠᠵᠤ ᠪᠠᠢᠳᠠᠭ》 ᠭᠡᠵᠦ ᠰᠣᠨᠢᠭᠤᠴᠢᠯᠠᠵᠤ ᠶᠠᠷᠢᠭᠰᠠᠨ ᠢ ᠰᠠᠨᠠᠵᠤ ᠰᠡᠳᠬᠢᠯ ᠬᠥᠭᠰᠡᠨ ᠲᠡᠮᠡᠦᠯᠬᠦ ᠪᠣᠯᠪᠠᠴᠤ ᠶᠠᠪᠤᠬᠤ ᠲᠣᠰᠤᠮ ᠢ᠋ᠶ᠋ᠠᠨ ᠪᠠᠷᠲᠠᠭ᠎ᠠ ᠪᠡᠷᠬᠡ ᠠᠭᠤᠯᠠ ᠶ᠋ᠢᠨ ᠵᠠᠮ ᠢ᠋ᠶ᠋ᠠᠷ ᠮᠥᠰᠥᠨ ᠦ᠌ ᠡᠯᠵᠢᠭᠡ ᠰᠢᠭ ᠴᠥᠮᠴᠥᠷᠢᠵᠦ ᠵᠠᠮ ᠲᠦᠭᠦᠳᠡᠭ ᠦᠭᠡᠢ ᠨᠢ ᠪᠠᠰᠠ ᠨᠢᠭᠡ ᠵᠣᠪᠠᠯᠠᠩ ᠪᠠᠢᠯ᠎ᠠ᠃ ᠮᠥᠨ ᠡᠨᠡ ᠴᠢᠷᠠᠢ ᠪᠠᠷ ᠭᠤᠷ᠎ᠠ ᠵᠦᠷ ᠠᠩᠨᠠᠬᠤ ᠪᠠᠢᠲᠤᠭᠠᠢ ᠭᠤᠷᠭᠤᠤᠯ ᠲᠠᠤᠯᠠᠢ ᠴᠤ᠌ ᠥᠭᠲᠡᠬᠦ ᠶᠠᠭᠤᠮ᠎ᠠ ᠪᠢᠰᠢ ᠠ᠋! ᠭᠡᠵᠦ ᠪᠡᠶ᠎ᠡ ᠪᠡᠨ ᠭᠣᠯᠣᠨ ᠭᠤᠲᠤᠷᠠᠵᠤ ᠬᠠᠢᠯᠠᠰᠤᠨ ᠬᠣᠵᠤᠤᠯ᠎ᠠ ᠶ᠋ᠢᠨ ᠲᠣᠯᠣᠭᠠᠢ ᠳᠡᠭᠡᠷ᠎ᠡ ᠲᠦᠷ ᠬᠥᠯ ᠠᠮᠠᠷᠠᠵᠤ ᠰᠠᠭᠤᠯ᠎ᠠ᠃ ᠠᠯᠤᠰ ᠲᠤ᠌ ᠬᠥᠬᠡᠷᠡᠬᠦ ᠠᠭᠠᠷᠤᠲᠠᠢ ᠡᠩᠭᠡᠷ ᠨᠠᠷᠠᠰᠤᠲᠠᠢ ᠬᠠᠳᠠ᠂ ᠤᠯᠢᠶᠠᠰᠤ ᠭᠠᠯᠳᠠᠰᠤᠳᠤ᠂ ᠬᠤᠰᠤ ᠪᠤᠷᠭᠠᠰᠤᠲᠤ ᠠᠷᠤ ᠡᠩᠭᠡᠷ ᠨᠢ ᠨᠢᠳᠦ ᠰᠡᠳᠬᠢᠯ ᠦ᠋ᠨ ᠴᠢᠮᠡᠭ ᠪᠣᠯᠵᠤ᠂ ᠭᠣᠣᠯ ᠭᠣᠷᠣᠬ᠎ᠠ᠂ ᠲᠤᠤᠨᠠᠨ ᠬᠠᠳᠠᠨ ᠠ᠋ᠴᠠ ᠱᠠᠭᠢᠬᠤ ᠮᠥᠩᠭᠥᠨ ᠬᠦᠷᠬᠢᠷ᠎ᠡ᠂ ᠣᠷᠭᠢᠯ ᠪᠤᠯᠠᠭ ᠤ᠋ᠨ ᠬᠤᠷᠴᠢᠭᠢᠨᠠᠭᠠ᠂ ᠵᠦᠢᠯ ᠦ᠋ᠨ ᠴᠡᠴᠡᠭ ᠦ᠋ᠨ ᠰᠢᠪᠡᠨᠡᠭᠡ ᠵᠢᠷᠭᠢᠭᠰᠡᠨ ᠰᠢᠪᠠᠭᠤᠳ ᠤ᠋ᠨ ᠳᠣᠩᠭᠣᠳᠤᠭ᠎ᠠ ᠨᠢ ᠴᠢᠬᠢᠨ ᠦ᠌ ᠴᠢᠮᠡᠭ ᠪᠣᠯᠵᠤ ᠰᠣᠨᠣᠰᠳᠠᠬᠤ ᠳ᠋ᠤ᠌ ᠶᠠᠳᠠᠷᠠᠭ᠎ᠠ ᠲᠠᠢᠯᠤᠭᠳᠠᠵᠤ ᠴᠢᠯᠡᠭᠡ ᠭᠠᠷᠬᠤ ᠰᠢᠭ᠋ ᠪᠣᠯᠪᠠ᠃ ᠠ᠂ ᠶᠠᠭᠠᠬᠢᠭᠰᠠᠨ ᠰᠠᠢᠬᠠᠨ ᠨᠤᠲᠤᠭ ᠪᠣᠢ! ᠨᠤᠲᠣᠭᠯᠠᠵᠤ ᠬᠣᠷᠭᠣᠳᠠᠮᠠᠷ ᠭᠠᠵᠠᠷ ᠪᠠᠢᠨ᠎ᠠ᠂ ᠨᠠᠳᠠ ᠰᠢᠭ᠋ ᠬᠦᠩ ᠨᠣᠶᠠᠨ ᠤ᠋ ᠬᠠᠲᠤᠨ ᠳ᠋ᠤ᠌ ᠬᠠᠯᠳᠠᠭᠠᠳ ᠣᠷᠭᠣᠳᠠᠭᠤᠯ ᠪᠣᠯᠤᠭᠰᠠᠨ ᠬᠥᠮᠦᠨ ᠳ᠋ᠦ᠍ ᠬᠠᠳᠠᠨ ᠤ᠋ ᠬᠢᠨᠢ ᠠᠩ ᠳᠤ ᠬᠠᠪᠴᠢᠭᠳᠠᠵᠤ᠂ ᠰᠢᠭᠤᠢ ᠶᠢᠨ ᠬᠢᠨᠢ ᠭᠦᠨ ᠳ᠋ᠦ᠍ ᠰᠢᠷᠭᠤᠬᠤ ᠳ᠋ᠤ᠌ ᠬᠡᠨ ᠨᠠᠮᠠᠶ᠋ᠢ ᠣᠯᠵᠤ ᠴᠢᠳᠠᠬᠤ ᠪᠣᠢ? ᠪᠤᠷᠬᠠᠨ ᠴᠢᠳᠬᠥᠷ ᠬᠣᠶᠠᠷ ᠠ᠋ᠴᠠ ᠥᠭᠡᠷ᠎ᠡ ᠬᠡᠨ ᠴᠤ᠌ ᠮᠡᠳᠡᠬᠦ ᠦᠭᠡᠢ ᠡ ! ᠤᠳᠤ ᠠᠪᠠ ᠶ᠋ᠢᠨ ᠫᠤᠤ ᠲᠠᠢ ᠪᠤᠯᠤᠭᠰᠠᠨ ᠶᠤᠮ ᠴᠢᠨᠢ ᠠᠶᠤᠬᠤ ᠶᠠᠭᠤᠮ᠎ᠠ ᠠᠯᠠᠭ᠎ᠠ᠃ ᠥᠯᠪᠡᠷᠴᠦ ᠦᠬᠦᠨ᠎ᠡ ᠴᠤ᠌ ᠭᠡᠵᠦ ᠯᠠᠪ ᠪᠠᠢᠬᠤ ᠦᠭᠡᠢ᠃ ᠵᠠ ᠪᠠᠢᠵᠠ᠂ ᠬᠥᠭᠡᠷᠦᠬᠦᠢ ᠪᠯᠠᠮᠤ ᠵᠢ ᠭᠡᠷ ᠢᠶᠠᠷ ᠨᠢ ᠨᠡᠭᠦᠯᠭᠡᠵᠦ ᠠᠪᠴᠢᠷᠠᠭᠠᠳ ᠡᠨᠡ ᠠᠭᠤᠯᠠ ᠶ᠋ᠢᠨ ᠠᠯᠢ ᠪᠣᠢᠳᠠ ᠪᠥᠭᠯᠡᠭᠦᠭᠡᠨ ᠭᠠᠵᠠᠷ ᠲᠤ᠌ ᠠᠶᠠᠲᠠᠢᠬᠠᠨ ᠨᠤᠲᠤᠭᠯᠠᠵᠤ ᠠᠵᠤ ᠲᠥᠷᠥᠬᠦ ᠳᠤ ᠬᠡᠨ ᠪᠠᠢᠭ ᠭᠡᠬᠦ ᠪᠣᠢ? ᠬᠡᠯᠡᠬᠦ ᠡᠴᠡ ᠪᠯᠠᠮᠤ ᠨᠠᠳᠠ ᠠᠴᠠ ᠡᠭᠡᠴᠢᠮᠡᠳ ᠁ ᠭᠡᠵᠦ ᠡᠯᠳᠡᠪ ᠢ ᠪᠣᠳᠣᠨ ᠪᠣᠰᠴᠤ ᠶᠠᠪᠤᠬᠤ ᠶᠢ ᠵᠣᠷᠢᠲᠠᠯᠠ ᠨᠢᠭᠡ ᠰᠦᠷᠦᠭ ᠪᠣᠷᠣ ᠪᠣᠷᠣ ᠲᠠᠬᠢᠶ᠎ᠠ ᠰᠢᠭ᠋ ᠤᠯᠠᠭᠠᠨ ᠬᠣᠰᠢᠭᠤ ᠲᠠᠢ ᠰᠢᠪᠠᠭᠤ ᠭᠣᠪᠣᠷ ᠭᠣᠪᠣᠷ ᠭᠡᠵᠦ ᠳᠣᠣᠷ᠎ᠠ ᠪᠠᠨ ᠰᠢᠪᠡᠨᠡᠯᠴᠡᠨ ᠪᠥᠭᠴᠥᠭᠡᠨᠡᠨᠡ᠃ ᠰᠠᠢᠬᠠᠨ ᠬᠠᠷᠠᠪᠠᠯ ᠠᠷᠪᠠᠭᠠᠳ ᠳᠡᠭᠳᠡᠭᠡᠬᠡᠢ ᠳᠠᠭᠠᠭᠤᠯᠤᠭᠰᠠᠨ ᠤᠯᠠᠭᠠᠨ ᠬᠣᠰᠢᠭᠤᠲᠤ ᠰᠣᠢᠷ ① ᠪᠠᠢᠯ᠎ᠠ᠃ ᠡᠨᠡ ᠰᠣᠢᠷ ᠠ᠋ᠴᠠ ᠬᠡᠳᠦ ᠶ᠋ᠢ ᠤᠨᠠᠭᠠᠭᠰᠠᠨ ᠴᠤ᠌ ᠶᠠᠭᠠᠬᠢᠬᠤ ᠪᠣᠢ᠂ ᠲᠣᠯᠣᠭᠠᠢ ᠰᠢᠭᠢᠷ᠎ᠡ ᠨᠡᠢᠯᠡᠵᠦ ᠲᠣᠭᠣᠭ᠎ᠠ ᠳᠦᠭᠦᠷᠦᠨ᠎ᠡ ᠭᠡᠳᠡᠭ ᠢ᠋ᠶ᠋ᠡᠷ ᠡᠬᠡ ᠬᠦᠦ ᠬᠡᠳᠦᠭᠦᠯᠡ ᠳ᠋ᠦ᠍ ᠨᠢᠭᠡ ᠡᠷᠢᠨ ᠦ᠌ ᠰᠠᠢᠬᠠᠨ ᠬᠣᠭᠣᠯᠠ ᠭᠡᠳ ᠥᠨᠥᠬᠢ ᠤᠯᠠᠭᠠᠨ ᠬᠣᠰᠢᠭᠤᠲᠤ ᠰᠣᠢᠷ ᠢ ᠣᠨᠢᠯᠠᠪᠠᠯ ᠬᠠᠷᠠᠭᠠᠨ ᠳ᠋ᠤ᠌ ᠣᠷᠣᠳᠠᠭ ᠶᠠᠭᠤᠮ᠎ᠠ ᠪᠢᠰᠢ᠃ ᠭᠣᠪᠣᠷ ᠭᠣᠪᠣᠷ ᠭᠡᠳ ᠱᠤᠯᠤᠭᠠᠨᠠᠭᠠᠳ ᠰᠡᠷᠪᠡᠭᠡᠷ ᠬᠠᠳᠠ ᠰᠦᠯᠵᠢᠵᠦ ᠭᠦᠶᠦᠭᠡᠳ ᠨᠢᠭᠡ ᠭᠠᠵᠠᠷ ᠲᠣᠭᠲᠠᠬᠤ ᠦᠭᠡᠢ ᠨᠢ ᠬᠠᠴᠢᠨ᠃ ᠳᠥᠷᠪᠡ ᠲᠠᠪᠤ ᠨᠢ ᠨᠢᠭᠡ ᠳᠣᠣᠷ᠎ᠠ ᠪᠥᠭᠡᠮᠨᠡᠷᠡᠯᠳᠦᠭᠡᠳ ᠴᠠᠷᠴᠠᠬᠠᠢ ᠪᠤᠶᠤ ᠬᠣᠷᠣᠬᠠᠢ ᠰᠢᠪᠡᠵᠢ ᠳᠡᠭᠡᠷ᠎ᠡ ᠪᠤᠯᠢᠶᠠᠯᠳᠤᠭᠠᠨ ᠪᠣᠯᠬᠤ ᠳ᠋ᠤᠨᠢ ᠨᠢᠭᠡ ᠫᠤᠤᠳᠠᠪᠠᠯ 《ᠳ᠋ᠦᠩ —》 ᠭᠡᠰᠡᠨ ᠳᠠᠭᠤᠨ ᠳ᠋ᠤ᠌ ᠰᠦᠷᠦᠭ ᠰᠣᠢᠷ《ᠣᠲᠣᠭᠠᠢ᠂ ᠶᠠᠭᠤ ᠪᠣᠯᠪᠠ?》 ᠭᠡᠰᠡᠨ ᠰᠢᠦᠭᠡᠨ ᠫᠦᠷᠳ᠋ ᠬᠢᠨ ᠨᠢᠰᠦᠨ ᠡᠦᠲᠦᠯ᠎ᠡ᠃ ᠭᠠᠯ ᠫᠤᠤ ᠶ᠋ᠢᠨ ᠳᠣᠷᠭᠢᠶᠠᠨ ᠳ᠋ᠤ᠌ ᠬᠠᠴᠠᠷ ᠨᠢ ᠨᠢᠯᠴᠢᠭᠢᠨᠡᠭᠡᠳ ᠴᠢᠬᠢ ᠨᠢ ᠱᠤᠤᠭᠢᠬᠤ ᠠ᠋ᠴᠠ ᠪᠢᠰᠢ ᠬᠠᠪᠢ ᠲᠥᠰᠦᠷ ᠶᠠᠭᠤ ᠴᠤ᠌ ᠪᠠᠢᠬᠤ ᠦᠭᠡᠢ᠃ ᠬᠡᠰᠡᠭ ᠤᠳᠠᠭᠠᠳ ᠴᠠᠭᠠᠳᠤ ᠬᠠᠳᠠ ᠲᠠᠢ ᠡᠩᠭᠡᠷ ᠲᠦ᠍ ᠰᠦᠷᠦᠭ ᠰᠣᠢᠷ ᠪᠠᠷᠵᠠᠢᠲᠠᠯᠠ ᠰᠠᠭᠤᠵᠤ ᠡᠬᠡ ᠰᠣᠢᠷ ᠤ᠋ᠨ ᠳᠠᠭᠠᠭᠤᠯᠭ᠎ᠠ ᠪᠠᠷ 《ᠭᠠᠳ ᠭᠠᠳ ᠁ ᠭᠠᠳ ᠭᠠᠳ》 ᠭᠡᠵᠦ ᠭᠠᠭᠠᠭᠯᠠᠨ ᠣᠷᠢᠯᠠᠯᠳᠤᠨᠠ᠃ ᠠᠩᠴᠢᠨᠵᠠᠪ ᠰᠡᠮᠡᠭᠡᠷᠬᠡᠨ ᠵᠡᠭᠦᠨ ᠨᠤᠭᠤᠮᠠ ᠪᠠᠷ ᠳᠡᠭᠡᠭᠰᠢ ᠥᠭᠰᠥᠵᠦ ᠬᠠᠳᠠ ᠲᠠᠢ ᠡᠩᠭᠡᠷ ᠦ᠋ᠨ ᠴᠠᠭᠠᠳᠤ ᠲᠠᠯ᠎ᠠ ᠠ᠋ᠴᠠ ᠨᠢ ᠥᠨᠳᠡᠢᠪᠡᠯ ᠡᠬᠡ ᠰᠣᠢᠷ ᠨᠢ ᠫᠦᠷ ᠁ ᠫᠦᠷ ᠬᠢᠨ ᠨᠢᠰᠦᠨ ᠣᠳᠴᠠᠢ᠃ ᠥᠳᠥ ᠰᠥᠳᠥ ᠨᠢ ᠭᠦᠢᠴᠡᠭᠡᠳᠦᠢ ᠪᠣᠷᠣ ᠪᠣᠷᠣ ᠳᠡᠭᠳᠡᠭᠡᠬᠡᠢ ᠨᠦ᠍ᠭᠦᠳ ᠨᠢ ᠠᠷᠵᠠᠭᠠᠨᠠᠯᠳᠤᠵᠤ ᠠᠪᠤᠭᠠᠳ ᠠᠭᠱᠠᠨ ᠵᠠᠭᠤᠷ᠎ᠠ ᠠᠯᠠᠭ᠎ᠠ ᠪᠣᠯᠪᠠ᠃ ᠦᠭᠡᠢ᠂ ᠭᠠᠵᠠᠷ ᠴᠠᠪᠠ ᠲᠠᠢ ᠰᠠᠨ ᠪᠣᠯ ᠭᠠᠵᠠᠷ ᠤ᠋ᠨ ᠠᠩ ᠳ᠋ᠤ᠌ ᠣᠷᠣᠴᠢᠬᠠᠪᠠ ᠤᠤ ? ᠨᠢᠳᠦ ᠢᠷᠮᠡᠬᠦ ᠵᠠᠭᠤᠷ᠎ᠠ ᠨᠢᠰᠬᠦ ᠨᠢ ᠦᠵᠡᠭᠳᠡᠬᠦ ᠦᠭᠡᠢ ᠪᠠᠷ᠎ᠠ ᠳᠣᠷᠣ ᠦᠭᠡᠢ ᠪᠣᠯᠴᠢᠬᠠᠳᠠᠭ ᠴᠢᠨᠢ ᠭᠡᠵᠦ ᠠᠩᠴᠢᠨᠵᠠᠪ ᠭᠠᠢᠬᠠᠰᠢ ᠠᠯᠲᠠᠨ ᠡᠬᠡ ᠰᠣᠢᠷ ᠤ᠋ᠨ ᠭᠠᠭᠠᠭᠯᠠᠵᠤ ᠪᠠᠢᠭᠰᠠᠨ ᠱᠣᠪᠣᠭᠣᠷ ᠬᠠᠳᠠᠨ ᠳᠡᠭᠡᠷ᠎ᠡ ᠣᠴᠣᠢᠵᠤ ᠰᠠᠭᠤᠭᠠᠳ ᠥᠨᠥᠬᠢ ᠪᠤᠷᠤ ᠪᠣᠷᠣ ᠳᠡᠭᠳᠡᠭᠡᠬᠡᠢ ᠨᠦ᠍ᠭᠦᠳ ᠴᠣᠬᠣᠮ ᠬᠠᠮᠢᠭ᠎ᠠ ᠨᠢᠭᠤᠭᠳᠠᠭᠰᠠᠨ ᠢ᠋ ᠮᠡᠳᠡᠬᠦ ᠰᠠᠨᠠᠭᠠᠲᠠᠢ ᠬᠡᠰᠡᠭ ᠬᠦᠯᠢᠶᠡᠵᠦ ᠰᠠᠭᠤᠪᠠ᠃ ᠨᠢᠭᠡ ᠭᠠᠩᠰᠠ ᠲᠠᠮᠠᠬᠢ ᠲᠠᠲᠠᠬᠤ ᠶ᠋ᠢᠨ ᠬᠢᠷᠢ ᠪᠣᠯᠤᠯ᠎ᠠ᠃ ᠴᠢᠮᠡᠭᠡ ᠠᠯᠠᠭ᠎ᠠ᠃ ᠭᠡᠨᠡᠳᠲᠡ ᠠᠳᠠ ᠲᠡᠨᠳᠡ ᠬᠡᠦᠬᠡᠳ ᠦ᠋ᠨ ᠨᠢᠳᠤᠷᠭᠠᠨ ᠴᠢᠨᠡᠭᠡ ᠴᠢᠯᠠᠭᠤ ᠨᠤᠭᠤᠳ ᠣᠪᠣᠰ ᠣᠪᠣᠰ ᠬᠥᠳᠡᠯᠬᠦ ᠰᠢᠭ ᠪᠣᠯᠪᠠ᠃ ᠨᠠᠷᠢᠪᠴᠢᠯᠠᠨ ᠬᠠᠷᠠᠬᠤᠯ᠎ᠠ ᠪᠣᠷᠣ ᠪᠤᠷᠤ ᠪᠢᠴᠢᠬᠠᠨ ᠰᠣᠢᠷ ᠤ᠋ᠨ ᠳᠡᠭᠳᠡᠭᠡᠬᠡᠢ ᠨᠦ᠍ᠭᠦᠳ ᠡᠯᠢᠭᠡᠨ ᠳ᠋ᠡᠭᠡᠨ ᠨᠢᠭᠡ ᠨᠢᠭᠡ ᠪᠤᠷᠵᠢᠭᠢᠷ ᠴᠢᠯᠠᠭᠤ ᠲᠡᠪᠡᠷᠢᠭᠡᠳ ᠲᠡᠭᠷᠢ ᠬᠠᠷᠠᠨ ᠬᠡᠪᠲᠡᠵᠦ ᠪᠠᠢᠪᠠ᠃ ᠡᠨᠡ ᠨᠢ ᠲᠡᠳᠡᠨ ᠤ ᠳᠠᠢᠰᠤᠨ ᠠ᠋ᠴᠠ ᠪᠡᠶ᠎ᠡ ᠪᠡᠨ ᠬᠠᠮᠠᠭᠠᠯᠠᠬᠤ ᠠᠷᠭ᠎ᠠ ᠪᠠᠢᠵᠠᠢ᠃ ᠠᠩᠴᠢᠨᠵᠠᠪ ᠤᠨ ᠨᠢᠳᠦ ᠨᠢ ᠣᠷᠣᠢ ᠳᠡᠭᠡᠷ᠎ᠡ ᠪᠠᠨ ᠭᠠᠷᠴᠤ ᠰᠡᠮᠡᠭᠡᠷᠬᠡᠨ ᠶᠠᠪᠤᠵᠤ ᠣᠴᠢᠭᠠᠳ ᠨᠢᠭᠡ ᠪᠣᠷᠣ ᠳᠡᠭᠳᠡᠭᠡᠬᠡᠢ ᠶ᠋ᠢ ᠪᠠᠷᠢᠵᠤ ᠠᠪᠤᠪᠠ᠃ ᠲᠡᠭᠡᠬᠦ ᠳ᠋ᠦ᠍ 《ᠽᠢᠳ — ᠽᠢᠳ— ᠽᠢᠳ》ᠭᠡᠵᠦ ᠣᠷᠢᠯᠠᠨ ᠲᠡᠭᠦᠨ ᠦ᠌ ᠭᠠᠷ ᠲᠤ᠌ ᠬᠢᠷᠢ ᠪᠡᠷ ᠢ᠋ᠶ᠋ᠡᠨ ᠲᠡᠯᠴᠢᠯᠡᠵᠦ ᠪᠠᠢᠯ᠎ᠠ᠃ ᠠᠩᠴᠢᠨᠵᠠᠪ ᠤᠨ ᠭᠠᠷ ᠤ᠋ᠨ ᠮᠡᠳᠡᠷᠡᠯ ᠳ᠋ᠦ᠍ ᠲᠡᠷᠡ ᠴᠢᠭ ᠢ᠋ᠶ᠋ᠡᠷ ᠢ᠋ᠶ᠋ᠡᠨ ᠨᠢᠭᠡ ᠳᠠᠯᠠᠪᠴᠢ ᠲᠠᠢ ᠵᠢᠷᠦᠬᠡ ᠠᠳᠬᠤᠭᠰᠠᠨ ᠰᠢᠭ᠋ ᠰᠠᠨᠠᠭᠳᠠᠵᠤ ᠵᠢᠵᠢᠭᠬᠡᠨ ᠤᠯᠠᠭᠠᠨ ᠵᠣᠪᠬᠢ ᠲᠠᠢ ᠨᠢᠳᠦ ᠨᠢ 《ᠵᠢᠷᠠᠰ ᠵᠢᠷᠠᠰ》ᠭᠡᠵᠦ ᠠᠮᠢ ᠲᠡᠮᠡᠴᠡᠨ ᠮᠤᠯᠲᠤᠷᠠᠬᠤ ᠶ᠋ᠢ ᠭᠣᠷᠢᠳᠠᠭᠰᠠᠨ ᠬᠦᠰᠡᠯ ᠨᠢ ᠶᠠᠭᠤᠲᠠᠢ ᠪᠠᠴᠢᠭᠤ ᠠᠵᠢ᠃ ᠪᠣᠷᠣ ᠲᠡᠭᠲᠡᠭᠡᠭᠡᠢ ᠶ᠋ᠢᠨ ᠵᠢᠵᠢᠭᠢᠨᠠᠨ ᠣᠷᠢᠯᠠᠬᠤ ᠴᠢᠮᠡᠭᠡ ᠪᠡᠷ ᠣᠢᠷ᠎ᠠ ᠬᠠᠪᠢ ᠪᠠᠷ ᠳᠠᠯᠳᠠᠯᠠᠭᠰᠠᠨ ᠪᠣᠷᠣ ᠪᠤᠷᠤ ᠳᠡᠭᠳᠡᠭᠡᠬᠡᠢ ᠨᠦ᠍ᠭᠦᠳ ᠴᠤ᠌ ᠲᠡᠪᠡᠷᠢᠭᠰᠡᠨ ᠪᠥᠷᠵᠢᠭᠢᠷ ᠴᠢᠯᠠᠭᠤ ᠪᠠᠨ ᠲᠦᠯᠬᠢᠵᠦ ᠨᠢᠭᠡ ᠲᠠᠢᠰᠢ ᠭᠦᠶᠦᠵᠡᠭᠡᠪᠠ᠃ ᠨᠥᠭᠦᠭᠡ ᠬᠠᠮᠠᠷ ᠳᠡᠭᠡᠷ᠎ᠡ ᠳᠡᠭᠳᠡᠭᠡᠬᠡᠢ ᠨᠦ᠍ᠭᠦᠳ ᠦ᠋ᠨ ᠢ᠋ᠶ᠋ᠡᠨ ᠬᠤᠪᠢ ᠲᠠᠪᠢᠯᠠᠩ ᠳ᠋ᠤ᠌ ᠵᠣᠪᠠᠭᠰᠠᠨ ᠡᠬᠡ ᠰᠣᠢᠷ ᠡᠭᠦᠨ ᠢ᠋ ᠬᠠᠷᠠᠭᠠᠳ᠂ ᠦᠨᠳᠦᠷᠬᠡᠨ ᠰᠢᠭ ᠬᠠᠳᠠᠨ ᠤ ᠣᠷᠣᠢ ᠳᠡᠭᠡᠷ᠎ᠡ ᠭᠠᠷᠴᠤ 《ᠭᠠᠭ᠂ ᠭᠠᠭ ᠁ ᠭᠠᠭ ᠁ 》 ᠭᠡᠬᠦ ᠨᠢ 《ᠬᠡᠦᠬᠡᠳ ᠦ᠋ᠳ ᠮᠢᠨᠢ᠂ ᠨᠠᠭᠠᠰᠢ ᠪᠠᠨ ! ᠬᠤᠷᠳᠤᠨ!》ᠭᠡᠬᠦ ᠰᠢᠭ ᠴᠢᠨᠡᠭᠡ ᠪᠡᠷ ᠢ᠋ᠶ᠋ᠡᠨ ᠳᠠᠭᠤᠳᠠᠵᠤ ᠪᠠᠢᠪᠠ᠃ ᠡᠭᠦᠨ ᠢ᠋ ᠬᠠᠷᠠᠭᠰᠠᠨ ᠠᠩᠴᠢᠨᠵᠠᠪ ᠲᠡᠷᠲᠡᠭᠡ ᠬᠠᠳᠠᠨ ᠳᠡᠭᠡᠷ᠎ᠡ ᠡᠴᠡ ᠦᠷ᠎ᠡ ᠵᠤᠯᠵᠠᠭ᠎ᠠ ᠪᠠᠨ ᠴᠢᠨᠡᠭᠡ ᠮᠡᠳᠡᠨ ᠭᠠᠭᠠᠭᠯᠠᠨ ᠳᠠᠭᠤᠳᠠᠭᠰᠠᠨ ᠡᠨᠡᠷᠢᠯᠲᠦ ᠤᠶᠠᠷᠠᠩᠭᠤᠢ ᠳᠠᠭᠤᠨ ᠳ᠋ᠤ᠌ ᠰᠡᠳᠬᠢᠯ ᠨᠢ ᠤᠶᠠᠷᠠᠨ ᠡᠯᠢᠭᠡ ᠨᠢ ᠡᠮᠲᠡᠷᠡᠵᠦ ᠬᠦᠦ ᠶ᠋ᠢᠨ ᠢ᠋ᠶ᠋ᠡᠨ ᠬᠣᠢᠨ᠎ᠠ ᠠ᠋ᠴᠠ ᠰᠠᠨᠠᠭ᠎ᠠ ᠪᠣᠯᠵᠤ ᠬᠤᠴᠤᠷᠤᠭᠰᠠᠨ ᠡᠵᠢ ᠪᠠᠨ ᠥᠪᠡᠷ ᠤᠨ ᠡᠷᠬᠡ ᠦᠭᠡᠢ ᠰᠠᠨᠠᠵᠤ᠂ ᠥᠪᠡᠷ ᠨᠢ ᠡᠭᠡᠭᠡ ᠯᠠ ᠰᠠᠶᠢ ᠶᠢᠨ ᠠᠳᠬᠤ ᠳᠦᠭᠦᠷᠬᠦ ᠦᠭᠡᠢ ᠪᠤᠷᠤ ᠪᠤᠷᠤ ᠳᠡᠭᠳᠡᠭᠡᠬᠡᠢ ᠰᠢᠭ ᠰᠢᠷᠠᠪᠲᠤᠷᠵᠢ ᠭᠦᠨᠭ ᠨᠣᠶᠠᠨ ᠤ᠋ ᠬᠣᠷᠣᠰᠤᠯᠳᠤ ᠨᠢᠳᠦᠨ ᠳᠤᠤᠷ᠎ᠠ ᠠᠮᠢ ᠲᠡᠮᠡᠴᠡᠨ ᠵᠢᠭᠤᠲᠠᠵᠤ ᠪᠠᠢᠭ᠎ᠠ ᠲᠠᠢ ᠠᠳᠠᠯᠢ ᠰᠠᠨᠠᠭᠳᠠᠪᠠ᠃ ᠬᠥᠭᠡᠷᠦᠬᠦᠢ ᠡᠵᠢ ᠮᠢᠨᠢ ᠲᠡᠷᠡ ᠬᠠᠳᠠᠨ ᠳᠡᠭᠡᠷᠡᠬᠢ ᠦᠷ᠎ᠡ ᠵᠤᠯᠵᠠᠭ᠎ᠠ ᠪᠠᠨ ᠭᠡᠵᠦ ᠴᠢᠨᠡᠭᠡ ᠪᠠᠷ ᠢᠶᠠᠨ ᠭᠠᠭᠠᠭᠯᠠᠭᠰᠠᠨ ᠡᠬᠡ ᠰᠤᠢᠷ ᠰᠢᠭ᠋ ᠡᠳᠦᠷ ᠦᠨ ᠮᠠᠷᠭᠠᠲᠤᠷ ᠮᠠᠭᠤ ᠬᠦᠦ ᠪᠡᠨ ᠦᠭᠡᠢᠯᠡᠵᠦ ᠥᠷᠯᠥᠭᠡ ᠪᠦᠷᠢ ᠴᠠᠢ ᠶᠢᠨ ᠢᠶᠡᠨ ᠳᠡᠭᠡᠵᠢ ᠶ᠋ᠢ ᠲᠡᠭᠷᠢ ᠪᠤᠷᠬᠠᠨ ᠳ᠋ᠠᠭᠠᠨ ᠡᠷᠭᠦᠵᠦ ᠠᠪᠤᠷᠠᠯ ᠭᠤᠶᠤᠭ᠎ᠠ ᠪᠥᠭᠴᠥᠭᠡᠷ ᠳᠦᠷᠢ ᠨᠢ ᠨᠢᠳᠦᠨ᠎ᠡ ᠲᠣᠳᠣᠷᠠᠨ᠎ᠠ᠃ ᠢᠩᠭᠢᠬᠦ ᠪᠡᠷ ᠲᠡᠷᠡ ᠡᠯᠢᠭᠡ ᠬᠠᠢᠯᠵᠤ ᠥᠨᠥᠬᠢ ᠠᠤᠬᠠᠨ ᠳ᠋ᠠᠬᠢ ᠪᠣᠷᠣ ᠳᠡᠭᠳᠡᠭᠡᠬᠡᠢ ᠶ᠋ᠢ ᠡᠬᠡ ᠶ᠋ᠢᠨ ᠬᠢᠨᠢ ᠵᠦᠭ ᠲᠦ᠍ ᠲᠠᠯᠪᠢᠵᠤ ᠶᠠᠪᠤᠭᠤᠯᠪᠠ᠃ ᠠᠶᠤᠯ ᠠ᠋ᠴᠠ ᠮᠤᠯᠲᠤᠷᠠᠭᠰᠠᠨ ᠪᠣᠷᠣ ᠳᠡᠭᠳᠡᠭᠡᠬᠡᠢ ᠶ᠋ᠢᠨ ᠡᠬᠡ ᠶ᠋ᠢᠨ ᠢ᠋ᠶ᠋ᠡᠨ ᠵᠦᠭ ᠳᠡᠷᠪᠡᠭᠴᠡᠨ ᠲᠡᠮᠡᠦᠯᠬᠦ ᠳ᠋ᠡᠭᠡᠨ 《ᠽᠢᠳ᠂ ᠽᠢᠳ》 ᠭᠡᠬᠦ ᠳᠠᠭᠤ ᠪᠠᠷ ᠴᠠᠭᠠᠳᠤ ᠬᠠᠳᠠᠨ ᠳᠡᠭᠡᠷᠡᠬᠢ ᠡᠬᠡ ᠰᠣᠢᠷ ᠤ᠋ᠨ ᠬᠢᠨᠢ ᠳᠠᠭᠤᠨ ᠤ ᠥᠩᠭᠡ ᠨᠢ ᠬᠤᠪᠢᠷᠠᠵᠤ 《ᠭᠠᠭ ᠭᠠᠭ᠂ ᠭᠠᠭ ᠭᠠᠭ ᠁ 》ᠭᠡᠵᠦ ᠪᠠᠢᠭᠰᠠᠨ ᠢ᠋ᠶ᠋ᠠᠨ《ᠭᠠᠵᠠ ᠭᠠᠵᠠ᠂ ᠬᠠᠵᠠ ᠬᠠᠵᠠ 》ᠭᠡᠬᠦ ᠮᠡᠲᠦ ᠤᠯᠠᠮ ᠬᠦᠴᠦᠲᠡᠢ ᠱᠠᠭᠰᠢᠷᠠᠨ᠎ᠠ᠃ ᠰᠡᠭᠦᠯ ᠳ᠋ᠡᠭᠡᠨ ᠪᠦᠷ ᠴᠤ᠌ ᠴᠢᠩᠭᠠᠷᠠᠵᠤ《ᠣᠵᠣᠭᠣᠢ ᠬᠠᠵᠠ᠂ ᠣᠵᠣᠭᠣᠢ ᠬᠠᠵᠠ ᠁ 》 ᠭᠡᠵᠦ ᠲᠡᠭᠦᠨ ᠢ᠋ ᠬᠣᠷᠣᠰᠤᠯᠲᠠᠢ ᠬᠠᠷᠢᠶᠠᠬᠤ ᠰᠢᠭ᠋ ᠬᠦᠵᠦᠭᠦᠨ ᠦ ᠬᠢᠨᠢ ᠲᠣᠷᠭᠠᠨ ᠥᠳᠥ᠍ ᠨᠢ ᠠᠷᠵᠠᠢᠨ ᠪᠣᠰᠴᠤ ᠲᠣᠯᠣᠭᠠᠢ ᠭᠣᠬᠢᠢᠯᠭᠠᠨ ᠳᠣᠩᠭᠣᠳᠤᠨ᠎ᠠ ᠁ ᠠᠩᠴᠢᠨᠵᠠᠪ ᠰᠤᠢᠷ ᠲᠤ 《ᠬᠠᠷᠢᠶᠠᠭᠳᠠᠭᠰᠠᠨ》 ᠳ᠋ᠠᠭᠠᠨ ᠢᠨᠢᠶᠡᠳᠦ ᠨᠢ ᠬᠦᠷᠴᠦ ᠶᠠᠮᠠᠷ ᠴᠤ᠌ ᠠᠮᠢᠲᠠᠨ ᠴᠥᠮ ᠲᠤᠰ ᠲᠤᠰ ᠤ᠋ᠨ ᠢ᠋ᠶ᠋ᠠᠨ ᠬᠠᠢᠷ᠎ᠠ ᠳᠤᠷᠠᠯᠠᠯ᠂ ᠬᠣᠷᠣᠰᠤᠯ ᠵᠠᠨᠤᠯ ᠢ᠋ᠶ᠋ᠠᠨ ᠢᠯᠡᠳᠬᠡᠬᠦ ᠦᠭᠡ ᠬᠡᠯᠡ ᠪᠠᠢᠳᠠᠭ ᠪᠠᠢᠵᠢ ᠳ᠋ᠠ! ᠮᠤᠨᠠ ᠠᠭᠤᠯᠠ ᠶᠢᠨ ᠤᠯᠠᠭᠠᠨ ᠬᠣᠰᠢᠭᠤᠲᠤ ᠪᠣᠷᠣ ᠰᠣᠢᠷ ᠨᠢ ᠬᠦᠷᠲᠡᠯ᠎ᠡ ᠲᠠᠨᠢᠯ ᠪᠤᠰᠤ ᠠᠮᠢᠲᠠᠨ ᠢ ᠬᠦᠨᠡᠢᠷᠬᠡᠵᠦ ᠪᠠᠢᠭ᠎ᠠ ᠁ ᠭᠡᠵᠦ ᠪᠣᠳᠣᠨ ᠴᠢᠨᠠᠭᠰᠢ ᠬᠥᠲᠥᠯ ᠥᠭᠰᠥᠨ ᠵᠠᠮ ᠢᠶᠠᠨ ᠬᠥᠭᠡᠭᠡᠯ᠎ᠡ ᠁
ᠨᠠᠷᠠ ᠦᠳᠡ ᠬᠡᠯᠪᠡᠢᠯᠡ᠃
ᠠᠢᠯ ᠠᠢᠮᠠᠭ ᠤ᠋ᠨ ᠬᠢᠨ᠂ ᠲᠥᠷᠥᠯ ᠰᠠᠳᠤᠨ ᠭᠡᠳ ᠴᠥᠭᠡᠪᠲᠦᠷ ᠬᠥᠮᠦᠰ ᠪᠯᠠᠮᠤ ᠶᠢᠨ ᠳᠦ ᠴᠤᠭᠯᠠᠷᠠᠵᠤ ᠢᠷᠡᠨ ᠡᠨᠡ ᠲᠡᠷᠡ ᠶᠢ ᠨᠢ ᠬᠠᠪᠰᠤᠷᠴᠤ ᠬᠢᠬᠦᠢᠴᠡ ᠪᠣᠯᠣᠨ ᠲᠡᠭᠦᠨ ᠢ᠋ ᠲᠠᠢᠳᠬᠤᠷᠠᠭᠤᠯᠤᠨ ᠲᠠᠯᠢᠢᠭᠴᠢ ᠶ᠋ᠢᠨ ᠬᠣᠷᠢᠨ ᠨᠢᠭᠡ ᠬᠣᠨᠣᠭ ᠤ᠋ᠨ ᠭᠣᠮᠣᠳᠠᠯ ᠲᠠᠢᠯᠬᠤ ᠶᠣᠰᠣᠨ ᠢ᠋ ᠭᠦᠢᠴᠡᠳᠬᠡᠵᠦ᠂ ᠳᠥᠬᠥᠮᠬᠡᠨ ᠪᠤᠳᠠᠭ᠎ᠠ ᠲᠠᠷᠢᠶ᠎ᠠ ᠢᠳᠡᠵᠦ ᠪᠠᠷᠠᠭᠠᠳ ᠬᠥᠮᠦᠰ ᠤᠪᠤᠨ ᠴᠤᠪᠤᠨ ᠲᠠᠷᠬᠠᠵᠠᠭᠠᠪᠠ᠃ ᠭᠠᠭᠴᠠ ᠥᠯᠵᠡᠢᠬᠤᠲᠤᠭ ᠰᠦᠮ᠎ᠡ ᠶ᠋ᠢᠨ ᠭᠡᠪᠬᠦᠢ ᠴᠣᠢᠮᠹᠤᠯ ᠯᠠᠮᠠ ᠲᠠᠪᠤᠨ ᠰᠦᠨᠡᠰᠦ ᠶ᠋ᠢ ᠨᠢ ᠪᠠᠶᠠᠰᠬᠠᠬᠤ ᠭᠡᠵᠦ ᠢᠷᠦᠭᠡᠯ ᠤᠩᠰᠢᠨ᠎ᠠ᠃ ᠢᠷᠦᠭᠡᠯ ᠤᠩᠰᠢᠭᠰᠠᠨ ᠲᠡᠷᠡ ᠯᠠᠮᠠ ᠬᠠᠨᠵᠤ ᠳᠠᠷᠤᠨ ᠰᠠᠭᠤᠭᠠᠳ ᠪᠥᠭᠰᠡ ᠶ᠋ᠢ ᠨᠢ ᠴᠠᠪᠠᠤᠳᠠᠭᠰᠠᠨ ᠶᠤᠮ ᠰᠢᠭ᠋ ᠬᠥᠳᠡᠯᠬᠦ ᠦᠭᠡᠢ ᠪᠠᠢᠯ᠎ᠠ᠃ ᠱᠣᠩ ᠳᠡᠭᠡᠷ᠎ᠡ ᠤᠶᠠᠭᠠᠲᠠᠢ ᠪᠥᠭᠡᠷ᠎ᠡ ᠠᠯᠠᠭ ᠮᠣᠷᠢ ᠡᠵᠡᠨ ᠢ᠋ᠶ᠋ᠡᠨ ᠬᠦᠯᠢᠶᠡᠵᠦ ᠴᠥᠬᠥᠷᠡᠭᠰᠡᠨ ᠶᠦᠮ ᠰᠢᠭ ᠦᠷᠭᠡᠯᠡᠨ᠎ᠡ᠃ ᠬᠥᠮᠦᠰ ᠦ᠋ᠨ ᠬᠥᠯ ᠲᠠᠲᠠᠷᠠᠵᠤ ᠢᠷᠡᠬᠦ ᠲᠣᠰᠤᠮ ᠯᠠᠮᠠᠬᠠᠢ ᠶ᠋ᠢᠨ ᠬᠣᠩᠬᠣ ᠳᠠᠮᠠᠷᠤ ᠶ᠋ᠢᠨ ᠳᠠᠭᠤ ᠴᠢᠩᠭᠠᠷᠠᠵᠤ ᠬᠣᠭᠣᠯᠠᠢ ᠶ᠋ᠢᠨ ᠥᠩᠭᠡ ᠨᠢ ᠴᠤ᠌ ᠤᠯᠠᠮ ᠬᠦᠩᠭᠢᠨᠡᠵᠦ ᠮᠠᠭᠤ ᠭᠡᠷ ᠢ᠋ ᠨᠢ ᠡᠷᠭᠦᠴᠢᠭᠡᠮᠡ ᠰᠣᠨᠣᠰᠳᠠᠬᠤ ᠨᠢ 《ᠲᠠ ᠨᠠᠷ ᠶᠠᠪᠤᠬᠤ ᠪᠠᠷ ᠢ᠋ᠶ᠋ᠠᠨ ᠶᠠᠪᠤᠵᠠᠭ᠎ᠠ᠂ ᠨᠠᠮᠠᠶ᠋ᠢ ᠬᠠᠷᠠᠬᠤ ᠬᠡᠷᠡᠭ ᠦᠭᠡᠢ᠃ ᠪᠢ ᠬᠣᠯᠠ ᠪᠠᠢᠭᠰᠠᠭᠠᠷ ᠁ ᠵᠢᠯᠢᠢᠭᠴᠢ ᠶ᠋ᠢᠨ ᠪᠣᠳᠢ ᠮᠥᠷ ᠢ᠋ ᠪᠦᠷᠢᠮᠦᠰᠦᠨ ᠭᠣᠣᠯ ᠮᠥᠷᠡᠨ ᠭᠡᠲᠦᠯᠦᠭᠦᠯᠵᠦ᠂ ᠠᠭᠤᠯᠠ ᠬᠥᠲᠥᠯ ᠳᠠᠪᠠᠭᠤᠯᠴᠢᠬᠠᠭᠠᠳ ᠶᠠᠪᠤᠨ᠎ᠠ ᠁》ᠭᠡᠬᠦ ᠲᠠᠢᠪᠤᠩ ᠪᠠᠢᠳᠠᠯ ᠲᠠᠢ ᠪᠠᠢᠪᠠ᠃
ᠪᠯᠠᠮᠤ ᠯᠠᠮᠠ ᠭᠤᠸᠠᠢ ᠶ᠋ᠢᠨ ᠨᠣᠮ ᠠᠢᠯᠠᠳᠬᠠᠭᠰᠠᠨ ᠤ᠋ ᠬᠠᠷᠢᠭᠤ ᠳ᠋ᠤ᠌ ᠶᠠᠭᠤ ᠪᠠᠷᠢᠬᠤ ᠪᠠᠨ ᠣᠯᠬᠤ ᠦᠭᠡᠢ ᠵᠣᠪᠠᠨᠢᠨ ᠠᠷᠭ᠎ᠠ ᠠᠭᠠᠰᠢ ᠪᠠᠨ ᠠᠯᠳᠠᠷᠠᠨ ᠪᠣᠳᠣᠩ ᠳᠦᠭᠦᠷᠬᠦ ᠦᠭᠡᠢ ᠠᠢᠷᠠᠭ ᠢ᠋ᠶ᠋ᠠᠨ ᠲᠤᠯᠭᠠᠨ ᠤ᠋ ᠠᠮᠠᠨ ᠳ᠋ᠤ᠌ ᠬᠠᠯᠠᠭᠠᠨ ᠪᠦᠯᠢᠵᠦ ᠰᠢᠳᠦᠯᠡᠩ ᠢᠮᠠᠭᠠᠨ ᠤ᠋ ᠪᠠᠨ ᠳᠡᠭᠡᠷ᠎ᠡ ᠪᠦᠯᠢᠯᠭᠡ ᠶ᠋ᠢᠨ ᠲᠣᠰᠣ ᠥᠭᠬᠦ ᠰᠠᠨᠠᠭᠠᠲᠠᠢ ᠮᠤᠩᠭᠠᠨᠢᠨ᠎ᠠ᠃
ᠭᠡᠷ ᠳᠣᠲᠣᠷ᠎ᠠ ᠠᠷᠴᠠ ᠬᠦᠵᠢ ᠶ᠋ᠢᠨ ᠦᠨᠦᠷ᠂ ᠬᠡᠦᠷᠰᠢᠨ ᠪᠠᠳᠮᠠᠯᠠᠭᠰᠠᠨ ᠵᠤᠯᠠ ᠶ᠋ᠢᠨ ᠴᠡᠴᠡᠭ ᠡᠴᠡ ᠠᠩᠬᠢᠯᠬᠤ ᠦᠨᠦᠷ ᠪᠠ ᠥᠷᠥᠮᠡᠰᠢᠨ ᠱᠤᠤᠭᠢᠭᠰᠠᠨ ᠠᠢᠷᠠᠭ ᠤ᠋ᠨ ᠬᠦᠴᠢᠯᠢᠭ ᠦᠨᠦᠷ ᠬᠣᠯᠢᠯᠳᠤᠨ ᠦᠨᠦᠷᠲᠦᠵᠦ ᠶᠣᠰᠣᠲᠠᠢ ᠠᠳᠠ ᠴᠢᠳᠬᠥᠷ ᠦᠭᠡᠢ ᠠᠷᠢᠭᠤᠨ ᠴᠡᠪᠡᠷ ᠷᠠᠭᠢᠨᠢ ᠶ᠋ᠢᠨ ᠣᠷᠣᠨ ᠰᠢᠭ᠋ ᠬᠥᠭᠵᠢᠮᠯᠢᠭ ᠪᠠᠢᠯ᠎ᠠ᠃
ᠨᠤᠮ ᠦᠨ ᠳᠠᠭᠤᠨ ᠲᠦᠷ ᠵᠠᠪᠰᠠᠷᠯᠠᠵᠤ ᠴᠣᠢᠮᠹᠤᠯ ᠯᠠᠮᠠᠬᠠᠢ ᠰᠢᠷ᠎ᠠ ᠲᠣᠰᠣ ᠲᠠᠢ ᠶᠤᠤᠮᠠᠢ ᠶ᠋ᠢᠨ ᠭᠤᠯᠢᠷ ᠢ᠋ᠶ᠋ᠠᠷ ᠣᠯᠠᠨ ᠶᠠᠩᠵᠤ ᠶ᠋ᠢᠨ ᠳᠦᠷᠰᠦᠲᠦ ᠪᠠᠯᠢᠩ ᠴᠢᠮᠬᠢᠵᠦ᠂ ᠣᠷᠣᠢ ᠳᠣᠭᠵᠢᠷ ᠬᠠᠶᠠᠬᠤ ᠳ᠋ᠤ᠌ ᠬᠡᠷᠡᠭᠯᠡᠬᠦ ᠭᠡᠵᠦ ᠡᠨᠡ ᠲᠡᠷᠡ ᠶᠠᠭᠤᠮ᠎ᠠ ᠪᠠᠵᠠᠭᠠᠨ᠎ᠠ᠃
— ᠡᠵᠡᠭᠲᠡᠢ ᠠ᠋ ᠂ ᠵᠠ ᠪᠠᠢᠵᠠ ᠳᠣᠯᠣᠭᠠᠨ ᠥᠩᠭᠡ ᠶ᠋ᠢᠨ ᠥᠭᠡᠳᠡᠰᠦ᠂ ᠬᠠᠭᠤᠷᠠᠢ ᠴᠠᠢ᠂ ᠪᠤᠳᠠᠭ᠎ᠠ᠂ ᠲᠠᠪᠤᠨ ᠠᠮᠲᠠᠲᠠᠨ᠂ ᠲᠦᠭᠦᠬᠡᠢ ᠮᠢᠬ᠎ᠠ ᠁ ᠭᠡᠵᠦ ᠯᠠᠮᠠᠬᠠᠢ ᠶᠢ ᠬᠡᠯᠡᠵᠦ ᠪᠠᠷᠠᠬᠤ ᠠᠴᠠ ᠡᠮᠦᠨ᠎ᠡ ᠪᠯᠠᠮᠤ ᠄
— ᠪᠠᠭᠰᠢ ᠯᠠᠮᠠ ᠭᠤᠸᠠᠢ ᠠ᠋᠂ ᠲᠦᠭᠦᠬᠡᠢ ᠮᠢᠬ᠎ᠠ ᠪᠠᠢᠬᠤ ᠦᠭᠡᠢ᠂ ᠶᠠᠭᠠᠬᠢᠳᠠᠭ ᠪᠢᠯᠡ? ᠭᠡᠪᠡ᠃
— ᠵᠠ ᠪᠠᠢᠵᠠ᠂ ᠬᠠᠲᠠᠭᠰᠠᠨ ᠪᠣᠷᠴᠠ ᠴᠤ᠌ ᠪᠣᠯᠤᠨ᠎ᠠ᠃
— ᠲᠡᠷᠡ ᠴᠤ᠌ ᠠᠯᠠᠭ᠎ᠠ ᠳᠠ !
— ᠵᠠ ᠪᠠᠢᠵᠠ᠂ ᠥᠭᠡᠬᠦᠨ ᠲᠣᠰᠣ᠂ ᠰᠢᠮᠡᠯᠳᠡᠭ ᠴᠤ᠌ ᠶᠠᠭᠠᠬᠢᠬᠤ ᠪᠣᠢ ᠡᠪᠯᠡᠭᠦᠯᠵᠦ ᠦᠵᠡ ! ᠪᠢ ᠴᠠᠭᠠᠰᠢ ᠨᠢ ᠲᠣᠮ ᠬᠢᠬᠦ ᠶ᠋ᠢ ᠪᠣᠳᠣᠶ᠎ᠠ! ᠣᠷᠣᠢ ᠨᠢᠭᠤᠷ ᠭᠠᠷ ᠢ᠋ᠶ᠋ᠠᠨ ᠤᠬᠢᠶᠠᠵᠤ ᠠᠷᠢᠭᠤᠯᠠᠨ᠎ᠠ ᠰᠢᠦ᠃
— ᠵᠠ᠂ ᠮᠡᠳᠡᠯ᠎ᠡ ᠡ᠂ ᠪᠠᠭᠰᠢ ᠯᠠᠮᠠ ᠭᠤᠸᠠᠢ ᠡ !
ᠪᠯᠠᠮᠤ ᠡᠨᠡ ᠲᠡᠷᠡ ᠶᠠᠭᠤᠮ᠎ᠠ ᠬᠡᠦᠮ᠎ᠡ ᠪᠡᠯᠡᠳᠬᠡᠬᠦ ᠳᠠᠰᠢᠷᠠᠮ ᠳᠠᠭᠠᠨ ᠠᠢᠷᠠᠭ ᠤᠨ ᠪᠦᠯᠢᠯᠭᠡ ᠶᠢᠨ ᠲᠣᠭ᠎ᠠ ᠬᠦᠢᠴᠡᠭᠡᠬᠦ ᠭᠡᠵᠦ ᠰᠢᠮᠲᠠᠨᠠ᠃ ᠠᠢᠷᠠᠭ ᠪᠦᠯᠢᠭᠰᠡᠨ ᠪᠦᠰᠡᠭᠦᠢ ᠶ᠋ᠢᠨ ᠡᠩᠭᠡᠯᠵᠡᠭᠦᠷ ᠢ᠋ᠶ᠋ᠡᠷ ᠬᠠᠶᠠ ᠦᠵᠡᠭᠳᠡᠬᠦ ᠬᠣᠶᠠᠷ ᠰᠠᠢᠬᠠᠨ ᠮᠥᠮᠥ ᠶ᠋ᠢᠨ ᠬᠢᠨᠢ ᠭᠦᠨ ᠰᠤᠪᠠᠭ ᠭᠣᠣ ᠲᠠᠲᠠᠵᠤ ᠬᠠᠷᠠᠭᠳᠠᠬᠤ ᠶ᠋ᠢ ᠲᠠᠴᠢᠶᠠᠯ ᠤ᠋ᠨ ᠭᠠᠯ ᠢ ᠨᠣᠮ ᠤᠨ ᠰᠠᠬᠢᠯ ᠰᠠᠨᠸᠠᠷ ᠢ᠋ᠶ᠋ᠠᠷ ᠴᠢᠩᠭ᠎ᠠ ᠴᠢᠳᠥᠷᠯᠡᠭᠰᠡᠨ ᠯᠠᠮᠠᠬᠠᠢ ᠶ᠋ᠢᠨ ᠰᠢᠨᠤᠭ ᠨᠢᠳᠦ ᠶᠠᠭᠤ ᠠᠨᠳᠠᠬᠤ ᠪᠢᠯᠡ ? ᠲᠡᠪᠴᠢᠶᠡᠷᠢ ᠠᠯᠳᠠᠭᠰᠠᠨ ᠯᠠᠮᠠᠬᠠᠢ ᠪᠠᠢᠨ ᠪᠠᠢᠨ ᠪᠠᠩᠵᠠᠯ ᠢᠶᠠᠨ ᠰᠡᠬᠦᠵᠦ ᠵᠠᠪᠢᠯᠠᠵᠤ ᠨᠢᠭᠡ ᠰᠠᠭᠤᠵᠤ ᠦᠵᠡᠨ᠎ᠡ᠂ ᠴᠣᠮᠴᠣᠢᠵᠤ ᠨᠢᠭᠡ ᠰᠠᠭᠤᠵᠤ ᠦᠵᠡᠨ᠎ᠡ ᠁ 《ᠵᠠ᠂ ᠪᠠᠢᠵᠠ ᠤᠤ ? ᠡᠨᠡ ᠬᠠᠷ᠎ᠠ ᠬᠥᠮᠦᠨ ᠨᠢ ᠲᠦᠷᠦᠭᠦᠦ ᠬᠡᠳᠦᠨ ᠵᠢᠯ ᠦ᠋ᠨ ᠦᠭᠡᠢ ᠴᠡᠷᠢᠭ ᠲᠡᠢᠨ ᠳ᠋ᠦ᠍ ᠲᠠᠲᠠᠭᠳᠠᠵᠤ ᠡᠢᠮᠦ ᠲᠡᠢᠮᠦ ᠪᠣᠯᠤᠯ᠎ᠠ ᠭᠡᠰᠡᠨ ᠰᠤᠷᠠᠭ ᠭᠠᠷᠤᠭᠰᠠᠨ᠃ ᠡᠦᠲᠦ ᠡᠨᠡ ᠬᠣᠶᠠᠷ ᠵᠢᠭᠠᠯ ᠪᠠᠨᠳᠢ ᠲᠠᠢ ᠪᠠᠨ ᠯᠠ ᠠᠮᠢᠳᠤᠷᠠᠳᠠᠭ ᠬᠣᠢᠨ᠎ᠠ ᠳᠠ ! ᠰᠠᠢᠬᠠᠨ ᠵᠣᠯ ᠶᠤᠮ ᠠ᠋᠃ ᠡᠮ᠎ᠡ ᠰᠦᠪᠡ ᠨᠢ ᠪᠢᠲᠡᠭᠦᠷᠡᠭᠰᠡᠨ ᠦᠭᠡᠢ ᠯᠡ ᠶᠦᠮ ᠪᠣᠯ ᠡᠪ ᠲᠦᠢ ᠶ᠋ᠢ ᠨᠢ ᠣᠯᠵᠤ ᠪᠣᠯᠬᠤ ᠯᠠ ᠪᠠᠢᠯᠭᠦᠢ᠃ ᠵᠠ ᠶᠠᠭᠠᠬᠢᠬᠤ ᠪᠣᠢ᠂ ᠡᠨᠡ ᠬᠣᠷᠸ᠎ᠠ ᠶ᠋ᠢᠨ ᠡᠮᠡᠰ ᠦ᠋ᠨ ᠵᠠᠩ ᠠᠷᠠᠨᠰᠢᠨ ᠭᠡᠵᠦ ᠶᠠᠩᠵᠤ ᠶᠠᠩᠵᠤ᠃ ᠡᠨᠡ ᠪᠯᠠᠮᠤ ᠭᠡᠭᠴᠢ ᠳᠠᠩᠴᠤ ᠨᠢᠭᠡ ᠡᠷ᠎ᠡ ᠬᠦᠢᠰᠦ ᠬᠠᠪᠢᠳᠠᠭᠤᠯᠤᠮᠠ ᠦᠭᠡᠢ ᠭᠠᠵᠢ ᠵᠠᠩ ᠲᠠᠢ ᠨᠡᠷᠡᠯᠬᠡᠦ ᠶᠠᠭᠤᠮ᠎ᠠ ᠪᠠᠢᠵᠤ ᠴᠤ᠌ ᠮᠠᠭᠠᠳ ᠦᠭᠡᠢ᠃ ᠶᠠᠭᠤ ᠴᠤ᠌ ᠪᠣᠯᠤᠭ᠂ ᠰᠥᠨᠢ ᠶ᠋ᠢᠨ ᠵᠠᠢᠳᠠᠩ ᠳ᠋ᠤ᠌ ᠶᠠᠮᠠᠷ ᠬᠥᠮᠦᠨ ᠦ᠌ ᠶᠠᠰᠤ ᠬᠠᠪᠲᠠᠭᠠᠢᠷᠠᠬᠤ ᠦᠭᠡᠢ ᠪᠠᠢᠵᠤ ᠴᠢᠳᠠᠬᠤ ᠪᠢᠯᠡ᠃ ᠭᠠᠨᠳᠠᠩ ᠪᠦᠷᠢᠶ᠎ᠡ ᠶ᠋ᠢᠨ ᠵᠢᠪᠡᠭᠦᠦ ᠠᠶ᠎ᠠ ᠪᠠᠷᠤᠭ ᠤ᠋ᠨ ᠬᠥᠮᠦᠨ ᠦ᠌ ᠰᠡᠳᠬᠢᠯ ᠢ᠋ ᠴᠠᠷᠴᠠᠭᠠᠵᠤ ᠬᠠᠶᠠᠨ᠎ᠠ ᠳᠠ᠃ ᠡᠷ᠎ᠡ ᠡᠴᠡ ᠪᠡᠨ ᠬᠣᠢᠰᠢ ᠵᠢᠩᠬᠢᠨᠢ ᠬᠠᠭᠰᠠᠷᠠᠭᠰᠠᠨ ᠯᠠ ᠡᠮ᠎ᠡ ᠪᠣᠯ ᠳᠠᠭᠠᠵᠢᠩ ᠢ᠋ ᠨᠢ ᠣᠭᠣᠰᠣᠷᠯᠠᠬᠤ ᠳ᠋ᠤ᠌ ᠶᠠᠭᠤ ᠪᠠᠢᠬᠤ ᠪᠣᠢ᠃ ᠭᠠᠢ ᠪᠠᠷᠴᠢᠳ ᠢ᠋ ᠠᠷᠢᠯᠭᠠᠵᠤ᠂ ᠪᠠᠳᠮᠠᠷᠠᠭ ᠵᠤᠯᠠ ᠤᠨᠲᠠᠷᠠᠬᠤ ᠳ᠋ᠤ᠌ ᠪᠠᠯᠠᠭ ᠠᠯᠲᠠᠨ ᠠᠢᠳᠠᠰ ᠲᠤ᠌ ᠪᠣᠭᠣᠭᠳᠠᠭᠰᠠᠨ ᠨᠥᠮᠥᠭᠡᠨ ᠪᠦᠰᠡᠭᠦᠢ ᠪᠠᠩᠵᠠᠯ ᠳᠣᠣᠭᠤᠷ ᠯᠠ ᠳᠠᠭᠵᠢᠨ ᠪᠡᠮᠪᠡᠭᠡᠨᠡᠬᠦ ᠪᠠᠢᠯᠭᠦᠢ ᠲᠡᠷᠡ ! ᠭᠠᠯ ᠤ᠋ᠨ ᠳᠥᠯᠥ ᠠᠪᠤᠯᠴᠠᠴᠢᠬᠠᠪᠠᠯ ᠬᠠᠭᠤᠷᠠᠢ ᠲᠦᠯᠡᠭᠡ ᠳᠦᠷᠡᠯᠵᠡᠨ ᠨᠣᠴᠣᠬᠤ ᠦᠭᠡᠢ ᠶᠣᠰᠣ ᠭᠡᠵᠦ ᠪᠠᠢᠬᠤ ᠦᠭᠡᠢ》᠃ ᠢᠩᠭᠢᠵᠦ ᠨᠢᠰᠸᠠᠨᠢᠰ ᠤ᠋ᠨ ᠨᠢᠮᠭᠡᠨ ᠬᠥᠰᠢᠭᠡ ᠶ᠋ᠢ ᠠᠭᠠᠵᠢᠮ ᠢ᠋ᠶ᠋ᠠᠷ ᠲᠠᠲᠠᠵᠤ ᠰᠠᠭᠤᠭᠰᠠᠨ ᠴᠣᠢᠮᠹᠤᠯ ᠯᠠᠮᠠᠬᠠᠢ ᠬᠡᠰᠡᠭ ᠬᠡᠰᠡᠭ ᠪᠣᠳᠣᠯ ᠳ᠋ᠠᠭᠠᠨ ᠵᠥᠨᠥᠭᠷᠡᠵᠦ ᠰᠠᠢᠬᠠᠨ ᠪᠦᠰᠡᠭᠦᠢ ᠶ᠋ᠢᠨ ᠲᠦᠨᠲᠦᠭᠦᠷ ᠠᠯᠢᠮ᠎ᠠ ᠶ᠋ᠢ ᠮᠡᠯᠡᠷᠡᠨ ᠬᠠᠷᠠᠬᠤ ᠳ᠋ᠠᠭᠠᠨ ᠠᠮᠠ ᠠᠩᠭᠠᠢᠵᠤ ᠪᠠᠯᠢᠩ ᠢ᠋ᠶ᠋ᠠᠨ ᠴᠢᠮᠬᠢᠬᠦ ᠪᠡᠨ ᠮᠠᠷᠲᠠᠵᠤ ᠣᠷᠬᠢᠨ᠎ᠠ᠃
ᠠᠭᠠᠷᠤ ᠰᠢᠷᠡᠭᠡᠨ ᠦ᠌ ᠬᠣᠶᠠᠷ ᠥᠨᠴᠥᠭ ᠢ᠋ ᠡᠷᠡᠦᠳᠡᠵᠦ ᠰᠠᠭᠤᠭᠰᠠᠨ ᠬᠣᠶᠠᠷ ᠵᠢᠭᠠᠯ ᠬᠦᠦ ᠯᠠᠮᠠᠬᠠᠢ ᠶ᠋ᠢᠨ ᠪᠠᠯᠢᠩ ᠴᠢᠮᠬᠢᠬᠦ ᠶ᠋ᠢ ᠱᠣᠬᠣᠭᠣᠷᠬᠠᠬᠤ ᠳᠠᠭᠠᠨ᠄
— ᠯᠠᠮᠠᠬᠠᠢ ᠡ᠂ ᠲᠡᠷᠡ ᠡ᠂ ᠡᠨᠡ ᠨᠢᠭᠡ ᠨᠢ ᠭᠠᠷ ᠦᠭᠡᠢ᠂ ᠲᠡᠷᠡ ᠨᠢᠭᠡ ᠨᠢ ᠬᠥᠯ ᠦᠭᠡᠢ᠂ ᠲᠡᠷᠡ ᠲᠣᠮᠣᠬᠠᠨ ᠰᠢᠭ᠋ ᠨᠢ ᠤᠨᠠᠴᠢᠬᠠᠯ᠎ᠠ ᠡ ᠁ ᠭᠡᠵᠦ ᠯᠠᠮᠠᠬᠠᠢ ᠳ᠋ᠤ᠌ ᠰᠠᠢᠷᠬᠠᠬᠤ ᠳ᠋ᠤ᠌ ᠯᠠᠮᠠᠬᠠᠢ ᠬᠡᠦᠬᠡᠳ ᠦ᠋ᠨ ᠬᠠᠰᠬᠢᠷᠬᠤ ᠳ᠋ᠤ᠌ ᠪᠣᠳᠣᠯ ᠤ᠋ᠨ ᠵᠢᠯᠣᠭᠣ ᠠᠯᠳᠠᠭᠰᠠᠨ ᠢ᠋ᠶ᠋ᠠᠨ ᠰᠡᠷᠡᠵᠦ᠄
— ᠠ᠂ ᠠ ᠁ ᠵᠦᠭᠡᠷ᠂ ᠵᠦᠭᠡᠷ ᠭᠡᠵᠦ ᠳᠡᠮᠡᠢ ᠯᠡ ᠲᠣᠯᠣᠭᠠᠢ ᠲᠣᠬᠢᠨ᠎ᠠ᠃
ᠨᠠᠷᠠ ᠪᠠᠰᠠ ᠠᠷᠠᠢ ᠡᠷᠲᠡ ᠪᠠᠢᠨ᠎ᠠ᠃
ᠪᠠᠭᠰᠢ ᠯᠠᠮᠠᠬᠠᠢ ᠪᠠᠰᠠ ᠨᠢᠭᠡ ᠬᠡᠰᠡᠭ ᠨᠣᠮ ᠤᠩᠰᠢᠬᠤ ᠬᠡᠷᠡᠭᠲᠡᠢ ᠪᠠᠢᠯ᠎ᠠ ᠁
ᠬᠠᠨᠵᠤᠨ ᠤ᠋ ᠭᠣᠣᠯ ᠳ᠋ᠤ᠌ ᠯᠠᠷᠵᠢᠶᠠᠲᠠᠢᠬᠠᠨ ᠵᠠᠪᠢᠯᠠᠵᠤ ᠨᠣᠮ ᠭᠦᠷᠢᠮ ᠠᠢᠯᠠᠳᠬᠠᠬᠤ ᠳ᠋ᠠᠭᠠᠨ ᠬᠥᠰᠡᠷ ᠲᠦ᠍ ᠠᠢᠷᠠᠭ ᠪᠦᠯᠢᠭᠰᠡᠨ ᠵᠠᠯᠠᠭᠤ ᠪᠦᠰᠡᠭᠦᠢ ᠶ᠋ᠢᠨ ᠴᠡᠭᠡᠵᠢᠨ ᠪᠡᠶ᠎ᠡ ᠨᠢ ᠲᠠᠷᠭᠤᠨ ᠬᠣᠨᠢᠨ ᠤ᠋ ᠰᠡᠭᠦᠯ ᠰᠢᠭ ᠠᠢᠵᠠᠮ ᠲᠠᠢ ᠴᠡᠴᠡᠷᠭᠡᠨᠡᠬᠦ ᠶ᠋ᠢ ᠠᠯᠢ ᠤᠵᠠᠭᠤᠷ ᠤ᠋ᠨ ᠦᠭᠡᠢ ᠬᠤᠯᠠᠭᠠᠢ ᠨᠢᠳᠦ ᠭᠦᠶᠦᠯᠭᠡᠵᠦ ᠰᠠᠶᠢᠬᠢ ᠶᠠᠭᠤᠮ᠎ᠠ ᠨᠢ ᠳᠣᠭᠰᠢᠷᠠᠵᠤ ᠬᠥᠷᠪᠡᠰ ᠬᠥᠷᠪᠡᠰ ᠬᠥᠳᠡᠯᠵᠦ ᠨᠠᠪᠲᠠᠭᠠᠷ ᠲᠣᠯᠣᠭᠠᠢ ᠨᠢ ᠴᠡᠨᠡᠭᠷᠡᠨ ᠰᠤᠬᠠᠢ ᠲᠠᠰᠢᠭᠤᠷ ᠤ᠋ᠨ ᠪᠦᠷᠢᠶ᠎ᠡ ᠰᠢᠭ ᠬᠠᠲᠠᠭᠤᠷᠠᠵᠤ ᠪᠠᠢᠪᠠ᠃
ᠬᠣᠶᠠᠷ ᠵᠢᠭᠠᠯ ᠬᠦᠦ ᠰᠠᠨᠠᠭᠠᠨ ᠳ᠋ᠠᠭᠠᠨ ᠰᠡᠵᠢᠭ ᠥᠬᠡᠢ ᠰᠦᠨᠡᠰᠦᠨ ᠳ᠋ᠡᠭᠡᠨ ᠰᠦᠵᠢᠭ ᠦᠭᠡᠢ ᠳ᠋ᠡᠭᠡᠨ ᠶᠤᠤᠮᠠᠢ ᠶ᠋ᠢᠨ ᠭᠤᠯᠢᠷ ᠤ᠋ᠨ ᠪᠠᠯᠢᠩ ᠢ᠋ ᠱᠣᠬᠣᠭᠣᠷᠬᠠᠵᠤ ᠪᠠᠢᠭ᠎ᠠ ᠠ᠋ᠴᠠ ᠪᠢᠰᠢ ᠴᠠᠭᠠᠰᠢ ᠶᠠᠭᠤ ᠪᠣᠯᠤᠭ᠎ᠠ ᠶ᠋ᠢ ᠮᠡᠳᠡᠭᠰᠡᠨ ᠦᠭᠡᠢ᠃ ᠯᠠᠮᠠᠬᠠᠢ ᠪᠣᠯᠤᠨ ᠡᠬᠡ ᠬᠣᠶᠠᠷ ᠤ᠋ᠨ ᠬᠡᠨ ᠠᠯᠢᠨ ᠢ᠋ ᠴᠤ᠌ ᠠᠵᠢᠭᠰᠠᠨ ᠦᠭᠡᠢ᠃
ᠠᠭᠠᠷᠤ ᠽᠠᠨᠳᠠᠨ ᠰᠢᠷᠡᠭᠡᠨ ᠦ᠌ ᠳᠣᠣᠭᠤᠷ ᠬᠡᠪᠲᠡᠵᠦ ᠪᠠᠢᠭᠰᠠᠨ ᠰᠢᠷ᠎ᠠ ᠡᠷᠢᠶᠡᠨ ᠮᠤᠤᠷ ᠤ᠋ᠨ ᠰᠡᠭᠦᠯ ᠦ᠋ᠨ ᠦᠵᠦᠭᠦᠷ ᠨᠢ ᠭᠣᠳᠣᠭᠣᠨᠠᠵᠤ ᠪᠠᠢᠭ᠎ᠠ ᠶ᠋ᠢ ᠵᠢᠭᠠᠯ ᠬᠦᠦ ᠭᠡᠨᠡᠳᠲᠡ ᠣᠯᠵᠤ ᠬᠠᠷᠠᠪᠠ᠃ ᠮᠤᠤᠷ ᠬᠤᠯᠤᠭᠠᠨ᠎ᠠ ᠪᠤᠶᠤ ᠪᠣᠯᠵᠣᠮᠣᠷ ᠲᠤ᠌ ᠮᠢᠷᠢᠶᠠᠬᠤ ᠳ᠋ᠠᠭᠠᠨ ᠵᠠᠪᠠᠯ ᠰᠡᠭᠦᠯ ᠢ᠋ᠶ᠋ᠡᠨ ᠭᠤᠶᠠᠳᠠᠨ ᠦᠵᠦᠭᠦᠷ ᠨᠢ ᠭᠤᠲᠤᠭᠤᠨᠠᠳᠠᠭ ᠠᠵᠢ᠃ ᠪᠢᠴᠢᠬᠠᠨ ᠬᠦᠦ ᠮᠤᠤᠷ ᠤ᠋ᠨ ᠰᠡᠭᠦᠯ ᠭᠣᠳᠣᠭᠣᠨᠠᠬᠤ ᠪᠠᠷ ᠡᠨᠡ ᠮᠠᠭᠤ ᠮᠤᠤᠷ ᠶᠠᠭᠤ ᠣᠯᠤᠭᠠᠳ ᠦᠵᠡᠴᠢᠬᠡᠪᠡ ᠭᠡᠵᠦ ᠭᠠᠢᠬᠠᠰᠢ ᠠᠯᠲᠠᠨ ᠰᠢᠷᠡᠭᠡᠨ ᠳᠣᠣᠭᠤᠷ ᠮᠤᠤᠷ ᠤ᠋ᠨ ᠮᠢᠷᠢᠶᠠᠭᠰᠠᠨ ᠵᠦᠭ ᠲᠦ᠍ ᠬᠠᠷᠠᠪᠠᠯ ᠯᠠᠮᠠᠬᠠᠢ ᠶ᠋ᠢᠨ ᠪᠠᠩᠵᠠᠯ ᠲᠣᠤᠭᠣᠷ ᠰᠣᠬᠣᠷ ᠨᠢᠳᠦ ᠲᠡᠢ ᠰᠠᠷᠪᠠᠢᠭᠰᠠᠨ ᠰᠠᠬᠠᠯ ᠲᠠᠢ ᠬᠤᠯᠤᠭᠠᠨ᠎ᠠ ᠬᠣᠯᠬᠣᠯᠵᠠᠵᠤ ᠪᠠᠢᠭ᠎ᠠ ᠶ᠋ᠢ ᠣᠯᠵᠤ ᠬᠠᠷᠠᠪᠠ᠃
ᠲᠡᠭᠡᠭᠡᠳ ᠬᠣᠶᠠᠷ ᠵᠢᠭᠠᠯ ᠬᠦᠦ ᠶ᠋ᠢᠨ ᠲᠣᠮᠣᠬᠠᠨ ᠰᠢᠭ᠋ ᠨᠢ ᠯᠠᠮᠠᠬᠠᠢ ᠶ᠋ᠢ ᠬᠠᠷᠠᠭᠠᠳ ᠠᠪᠬᠤ ᠳ᠋ᠤ᠌ ᠪᠠᠭᠰᠢ ᠯᠠᠮᠠᠬᠠᠢ ᠨᠢᠳᠦ ᠪᠡᠨ ᠦᠯᠦ ᠮᠡᠳᠡᠭ ᠠᠨᠢᠨ ᠣᠪᠣᠷ ᠲᠣᠪᠣᠷ ᠶᠠᠭᠤᠮ᠎ᠠ ᠤᠩᠰᠢᠵᠤ ᠪᠠᠢᠨ᠎ᠠ᠃
ᠲᠡᠷᠡ ᠲᠣᠮᠣᠬᠠᠨ ᠰᠢᠭ᠋ ᠨᠢ᠄
ᠯᠠᠮᠠᠬᠠᠢ ᠯᠠᠮᠠᠬᠠᠢ ᠯᠠᠪ ᠰᠠᠭᠤ
ᠯᠠᠮᠠ ᠶ᠋ᠢᠨ ᠭᠤᠷᠪᠠ ᠪᠠᠨ ᠬᠠᠪᠴᠢᠵᠤ ᠰᠠᠭᠤ
ᠮᠢ ᠮᠢ (ᠮᠤᠤᠷ) ᠮᠡᠷᠭᠡᠨ ᠪᠤᠢ
ᠮᠢᠨᠦ ᠬᠡᠯᠡᠭᠰᠡᠨ ᠦᠨᠡᠨ ᠪᠣᠢ ᠁ ᠭᠡᠵᠦ ᠰᠢᠯᠦᠭ ᠰᠢᠭ ᠶᠠᠭᠤᠮ᠎ᠠ ᠤᠩᠰᠢᠪᠠ᠃ ᠡᠨᠡ ᠵᠠᠭᠤᠷ᠎ᠠ ᠯᠠᠮᠠᠬᠠᠢ ᠬᠦᠦ ᠶᠢᠨ ᠶᠠᠭᠤ ᠬᠡᠯᠡᠭᠰᠡᠨ ᠢ ᠤᠪᠠᠢᠯᠠᠬᠤ ᠰᠠᠨᠠᠭ᠎ᠠ ᠦᠭᠡᠢ《ᠠ᠂ ᠵᠦᠭᠡᠷ ᠯᠠ ᠯᠠᠮᠠ ᠬᠥᠮᠥᠨ ᠦ ᠨᠣᠮ ᠤᠩᠰᠢᠬᠤ ᠶᠢ ᠳᠠᠭᠤᠷᠢᠶᠠᠵᠤ ᠳᠦᠷᠰᠦ ᠦᠭᠡᠢᠯᠡᠵᠦ ᠪᠠᠢᠭ᠎ᠠ ᠪᠠᠢᠯᠭᠦᠢ》ᠭᠡᠵᠦ ᠰᠠᠨᠠᠨ ᠮᠥᠨ ᠯᠡ ᠴᠠᠭᠠᠭᠤᠷ ᠰᠠᠨᠠᠭᠰᠠᠨ ᠰᠢᠨᠤᠯ ᠳ᠋ᠠᠭᠠᠨ ᠰᠣᠭᠲᠣᠭᠤᠷᠠᠨ ᠪᠠᠢᠯ᠎ᠠ᠃
ᠠᠢᠷᠠᠭ ᠪᠦᠯᠢᠭᠰᠡᠨ ᠪᠯᠠᠮᠤ ᠪᠦᠰᠡᠭᠦᠢ ᠬᠠᠷᠢᠨ ᠬᠡᠦᠬᠡᠳ ᠤᠨ ᠢᠶᠠᠨ ᠳᠦᠷᠰᠦ ᠦᠭᠡᠢᠯᠡᠭᠰᠡᠨ ᠳᠦ ᠠᠵᠢᠭ ᠮᠡᠲᠠᠵᠤ 《ᠲᠡᠮᠦᠷᠰᠤᠬᠡ ᠮᠢᠨᠦ ᠬᠦᠦ ᠳᠡᠭᠦᠦᠳᠡᠢ ᠲᠡᠢ ᠬᠤᠶᠠᠭᠤᠯᠠ ᠪᠠᠨ ᠶᠠᠪᠤ᠂ ᠢᠮᠠᠭᠠᠨ ᠤ ᠲᠦᠷᠦᠭᠦᠦ ᠢᠷᠡᠵᠦ ᠪᠠᠢᠨ᠎ᠠ ᠤᠤ? ᠬᠠᠷᠠᠭᠠᠳ ᠢᠷ᠎ᠡ! ᠢᠷᠡᠵᠦ ᠪᠠᠢᠪᠠᠯ ᠬᠤᠵᠢᠷ ᠤ᠋ᠨ ᠴᠢᠯᠠᠭᠤᠨ ᠳᠡᠭᠡᠷ᠎ᠡ ᠬᠤᠵᠢᠷ ᠴᠢᠳᠬᠤᠵᠤ ᠳᠣᠯᠢᠶᠠᠯᠭᠠᠴᠢᠬᠠ! ᠮᠡᠳᠡᠪᠡ ᠤᠤ? ᠮᠢᠨᠦ ᠬᠦᠦ!》 ᠭᠡᠳ ᠲᠣᠯᠣᠭᠠᠢ ᠶᠢ ᠨᠢ ᠢᠯᠪᠢᠬᠦ ᠳᠦ ᠬᠣᠶᠠᠷ ᠵᠢᠭᠠᠯ ᠬᠦᠦ 《ᠵᠠ》 ᠭᠡᠳ ᠭᠠᠷᠬᠤ ᠳ᠋ᠠᠭᠠᠨ ᠠᠷᠠᠶ ᠪᠠᠭ᠎ᠠ ᠰᠢᠭ᠋ ᠨᠢ ᠪᠠᠰᠠ᠄
ᠯᠠᠮᠠᠬᠠᠢ ᠯᠠᠮᠠᠬᠠᠢ ᠯᠠᠪ ᠰᠠᠭᠤ ᠁ ᠭᠡᠵᠦ ᠠᠬ᠎ᠠ ᠶᠢᠨ ᠢᠶᠡᠨ ᠬᠡᠯᠡᠭᠰᠡᠨ ᠢ ᠳᠠᠬᠢᠨ ᠨᠢᠭᠡ ᠨᠤᠷᠰᠢᠵᠤ ᠬᠡᠯᠡᠭᠡᠳ ᠭᠠᠷᠪᠠ᠃ ᠬᠣᠶᠠᠷ ᠵᠢᠭᠠᠯ ᠬᠦᠦ ᠪᠠᠨᠰᠠᠨ ᠬᠠᠭᠠᠯᠭ᠎ᠠ ᠶᠢ ᠭᠢᠬᠤᠨᠠᠭᠤᠯᠤᠨ ᠭᠠᠷᠬᠤ ᠲᠠᠢ ᠵᠡᠷᠭᠡ ᠰᠢᠷ᠎ᠠ ᠡᠷᠢᠶᠡᠨ ᠮᠤᠤᠷ ᠯᠠᠮᠠᠬᠠᠢ ᠶᠢᠨ 《ᠭᠤᠷᠪᠠᠨ ᠡᠷᠳᠡᠨᠢ》 ᠶᠢ ᠬᠤᠯᠤᠭᠠᠨ᠎ᠠ ᠭᠡᠵᠦ ᠮᠠᠰᠢᠳᠠ ᠡᠨᠳᠡᠭᠦᠷᠡᠨ ᠠᠯᠠᠭᠠᠳᠠᠳᠠᠭ ᠶᠤᠮ ᠪᠠᠢᠨ᠎ᠠ᠃
ᠯᠠᠮᠠᠬᠠᠢ ᠰᠠᠨᠳᠤᠷᠴᠤ᠄
— ᠡᠪᠡᠦ ᠡ᠂ ᠬᠠᠯᠳᠠᠭ ᠴᠢᠨᠢ ᠁ ᠭᠡᠳ ᠬᠣᠩᠬᠣ ᠲᠠᠮᠠᠷᠤ ᠪᠠᠨ ᠠᠯᠳᠠᠵᠤ ᠪᠠᠯᠢᠩ ᠲᠠᠬᠢᠯ ᠢᠶᠠᠨ ᠣᠨᠣᠭᠠᠵᠤ ᠫᠢᠵᠢᠷ ᠲᠦᠵᠢᠷ ᠭᠡᠳ ᠶᠠᠪᠤᠴᠢᠬᠠᠪᠠ᠃
— ᠪᠠᠭᠰᠢ ᠯᠠᠮᠠᠬᠠᠢ ᠠ᠋᠂ ᠶᠠᠭᠠᠬᠢᠪᠠ? ᠭᠡᠵᠦ ᠪᠯᠠᠮᠤ ᠪᠦᠰᠡᠬᠦᠢ ᠰᠠᠨᠳᠤᠷᠪᠠᠯ᠂ ᠯᠠᠮᠠᠬᠠᠢ᠄
— ᠠ᠋᠂ ᠠ! ᠵᠦᠭᠡᠷ ᠵᠦᠭᠡᠷ᠂ ᠴᠢᠭᠢᠶᠡᠲᠦᠷᠦᠦ ᠡᠨᠡ ᠮᠠᠭᠤ ᠮᠤᠤᠷ ᠤ᠋ᠨ ᠵᠤᠯᠵᠠᠭ᠎ᠠ ᠲᠣᠰᠣ ᠵᠠᠭᠤᠭᠰᠠᠨ ᠪᠠᠯᠢᠩ ᠳ᠋ᠤ᠌ ᠰᠠᠨᠠᠭᠠᠷᠬᠠᠵᠤ ᠶᠡᠬᠡ ᠶᠠᠭᠤᠮᠠᠨ ᠳ᠋ᠤ᠌ ᠭᠣᠷᠢᠳᠠᠳᠠᠭ ᠪᠠᠢᠵᠠᠢ ᠭᠡᠬᠦ ᠳ᠋ᠦ᠍ ᠪᠯᠠᠮᠤ《ᠭᠠᠰ》 ᠭᠡᠵᠦ ᠮᠤᠤᠷ ᠢ᠋ ᠠᠯᠠᠭᠠᠳᠠᠵᠤ ᠬᠥᠭᠡᠭᠡᠪᠡ᠃
ᠭᠠᠳᠠᠨ᠎ᠠ ᠬᠣᠶᠠᠷ ᠵᠢᠭᠠᠯ ᠬᠤᠵᠢᠷ ᠤ᠋ᠨ ᠴᠢᠯᠠᠭᠤᠨ ᠤ᠋ ᠳᠡᠷᠭᠡᠳᠡ ᠵᠣᠭᠰᠣᠭᠠᠳ᠄
ᠱᠠᠭᠠᠵᠠᠭᠠᠢ ᠱᠠᠭ
ᠰᠢᠷ᠎ᠠ ᠮᠣᠳᠣᠨ ᠲᠣᠭ
ᠪᠦᠪᠡᠭᠡᠯᠵᠢ ᠪᠦᠭ
ᠪᠥᠭᠡᠷ᠎ᠡ ᠠᠯᠠᠭ ᠰᠤᠭ! ᠭᠡᠵᠦ ᠦᠵᠡᠭᠰᠡᠨ ᠬᠠᠷᠠᠭᠰᠠᠨ ᠪᠠᠶ᠋ᠢᠭᠠᠯᠢ ᠶ᠋ᠢᠨ ᠶ᠋ᠢᠡᠨ ᠰᠣᠨᠢᠬᠠᠨ ᠊ᠢ ᠤᠩᠰᠢᠨ᠎ᠠ᠃
ᠨᠠᠷᠠ ᠤᠨᠠᠵᠤ ᠪᠦᠷᠦᠢ ᠳᠠᠰᠤᠷᠠᠪᠠ᠃
ᠠᠩᠴᠢᠵᠠᠪ ᠭᠤᠷᠭᠤᠤᠯ ᠲᠠᠤᠯᠠᠢ ᠮᠡᠲᠦ ᠶ᠋ᠢᠨ ᠠᠩᠨᠠᠭᠰᠠᠨ ᠶᠠᠭᠤᠮ᠎ᠠ ᠪᠠᠨ ᠡᠭᠦᠷᠴᠦ ᠠᠭᠤᠯᠠᠨ ᠠ᠋ᠴᠠ ᠪᠠᠭᠤᠵᠤ ᠢᠷᠡᠪᠡ᠃ ᠪᠯᠠᠮᠤ ᠶ᠋ᠢᠨ ᠬᠠᠶᠠᠭᠠᠨ ᠳᠤ ᠲᠥᠬᠦᠵᠦ ᠢᠷᠡᠬᠦᠯ᠎ᠡ ᠭᠡᠷ ᠡᠴᠡ ᠭᠠᠨᠳᠠᠩ ᠪᠦᠷᠢᠶ᠎ᠡ ② ᠶ᠋ᠢᠨ《ᠪᠢᠦ᠁ ᠪᠢᠦ᠁》 ᠭᠡᠬᠦ ᠰᠣᠨᠢᠨ ᠬᠠᠴᠢᠨ ᠳᠠᠭᠤ ᠦᠷᠭᠦᠯᠵᠢᠯᠡᠵᠦ ᠰᠣᠨᠣᠰᠳᠠᠬᠤ ᠳᠤ ᠬᠤᠶ᠋ᠢᠬᠠ ᠶ᠋ᠢᠨ ᠦᠰᠦ ᠠᠷᠵᠠᠶ᠋ᠢᠨᠠ᠃
– – – –
① ᠰᠣᠢᠷ — ᠢᠲᠠᠭᠤ᠃
② ᠠᠷᠪᠠᠨ ᠨᠠᠢ᠍ᠮᠠᠲᠠᠢ ᠬᠡᠦᠬᠡᠨ ᠦ ᠴᠢᠮᠦᠭᠡ ᠪᠡᠷ ᠵᠠᠰᠠᠭᠰᠠᠨ ᠪᠦᠷᠢᠶ᠎ᠡ᠃
ᠦᠰᠦᠭ ᠠᠮᠢᠯᠠᠭᠤᠯᠤᠭᠰᠠᠨ ᠨᠢ᠄ <ᠬᠡᠯᠡ ᠪᠢᠴᠢᠭ> ᠬᠣᠯᠪᠣᠭ᠎ᠠ
