ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠭᠤᠷᠪᠠ> Хан мунын сүүрс < дээд > – Мөнх зохиоов ᠂ Тэргүүн бодь – Хоёрдугаар бүлэг <3> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠭᠤᠷᠪᠠ> Хан мунын сүүрс < дээд > – Мөнх зохиоов ᠂ Тэргүүн бодь – Хоёрдугаар бүлэг <3>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠭᠤᠷᠪᠠ> Хан мунын сүүрс < дээд > – Мөнх зохиоов ᠂ Тэргүүн бодь – Хоёрдугаар бүлэг <3>

ᠠᠩᠭᠢᠯᠠᠯ:ᠲᠤᠭᠤᠵᠢ ᠷᠣᠮᠠᠨ
2024-05-28

323

ᠲᠡᠷᠢᠭᠦᠨ ᠪᠣᠲᠢ – ᠬᠣᠶᠠᠳᠤᠭᠠᠷ ᠪᠦᠯᠦᠭ <ᠭᠤᠷᠪᠠ>


               
               ᠭᠤᠷᠪᠠ        

       ᠶᠡᠬᠡ ᠵᠣᠣ ᠶ᠋ᠢᠨ ᠴᠢᠭᠤᠯᠭᠠᠨ ᠤ᠋ ᠳᠠᠯᠠᠳ ᠬᠦᠩ ᠦ᠋ᠨ ᠪᠠᠶᠠᠨ ᠣᠢᠷᠣᠪ ᠤ᠋ᠨ ᠠᠳᠤᠭᠤᠴᠢᠨ ᠠᠩᠴᠢᠨᠵᠠᠪ ᠵᠠᠯᠠᠭᠤ ᠬᠥᠮᠦᠨ ᠦ᠌ ᠣᠮᠣᠭ ᠢ᠋ᠶ᠋ᠠᠷ ᠢᠨᠠᠭ ᠬᠣᠩᠭᠣᠷ ᠤ᠋ᠨ ᠢ᠋ᠶ᠋ᠠᠨ ᠬᠣᠢᠨ᠎ᠠ ᠠ᠋ᠴᠠ ᠰᠡᠳᠬᠢᠯ ᠦ᠋ᠨ ᠭᠣᠯᠣᠮᠲᠠ ᠪᠠᠨ ᠬᠠᠷᠠᠯᠠᠭᠤᠯᠬᠤ ᠰᠢᠬᠠᠭᠰᠠᠨ ᠠ᠋ᠴᠠ᠂ ᠶᠠᠭᠤ ᠴᠤ᠌ ᠬᠢᠴᠢᠬᠡᠬᠦ ᠭᠡᠨᠡᠨ ᠨᠠᠰᠤᠨ ᠤ᠋ ᠠᠭᠠᠭ ᠲᠤ᠌ ᠰᠡᠷᠭᠦᠮ᠎ᠡ ᠶ᠋ᠢᠨ ᠬᠤᠷᠤᠭᠤ ᠬᠠᠭᠤᠳᠠᠰᠤ ᠶ᠋ᠢ ᠲᠤᠰᠤᠮᠠᠭᠴᠠ ᠲᠡᠷᠡ ᠰᠥᠨᠢ ᠳ᠋ᠡᠭᠡᠨ ᠪᠠᠶᠠᠨ ᠣᠢᠷᠣᠪ ᠤ᠋ᠨ ᠠᠳᠤᠭᠤᠨ ᠠ᠋ᠴᠠ ᠠᠯᠢ ᠰᠠᠢᠨ ᠬᠣᠶᠠᠷ ᠠᠭᠲᠠ ᠰᠢᠯᠢᠵᠦ ᠤᠨᠤᠨ ᠵᠠᠶᠠᠭᠠᠨ ᠤ᠋ ᠪᠠᠨ ᠠᠮᠠᠷᠠᠭ ᠤ᠋ᠨ ᠬᠣᠢᠨ᠎ᠠ ᠠ᠋ᠴᠠ ᠶᠠᠪᠤᠪᠠ᠃ ᠬᠠᠢᠷᠠᠲᠤ ᠬᠥᠮᠦᠨ ᠢ᠋ᠶ᠋ᠡᠨ ᠬᠠᠷᠢ ᠬᠤᠰᠢᠭᠤᠨ ᠤ᠋ ᠬᠦᠩ ᠨᠣᠶᠠᠨ ᠳ᠋ᠤ᠌ ᠠᠯᠳᠠᠵᠤ ᠲᠠᠭᠤᠭᠰᠠᠨ ᠳ᠋ᠠᠭᠠᠨ ᠢᠴᠢᠵᠦ ᠰᠡᠳᠬᠢᠯ ᠲᠦᠪᠳᠡᠬᠦ ᠦᠭᠡᠢ ᠰᠢᠨᠠᠯᠤᠨ ᠪᠠᠢᠭᠰᠠᠨ ᠢ᠋ ᠥᠭᠦᠯᠡᠬᠦ ᠶᠠᠭᠤᠨ᠃ ᠡᠴᠢᠭᠡ ᠡᠬᠡ ᠶ᠋ᠢᠨ ᠮᠠᠭᠤ ᠠ᠋ᠴᠠ ᠶᠤᠮ ᠤᠤ ᠳᠠ᠂ ᠠ᠂ ᠬᠠᠷᠢᠨ ᠡᠨᠡ ᠬᠣᠷᠸ᠎ᠠ ᠳ᠋ᠤ᠌ ᠡᠳ᠋ ᠮᠥᠩᠭᠥ ᠡᠷᠬᠡ ᠰᠦᠷ ᠦ᠋ᠨ ᠠᠯᠢᠨ ᠨᠢ ᠴᠤ᠌ ᠪᠡᠶ᠎ᠡ ᠳ᠋ᠦ᠍ ᠨᠠᠭᠠᠯᠳᠤᠬᠤ ᠶᠠᠭᠤᠮ᠎ᠠ ᠦᠭᠡᠢ᠂ ᠮᠠᠭᠤ ᠡᠦᠲᠦᠨ ᠳ᠋ᠦ᠍ ᠲᠥᠷᠥᠯ᠎ᠡ ᠭᠡᠵᠦ ᠲᠡᠷᠡ ᠶᠡᠷᠦ ᠭᠣᠮᠣᠳᠠᠳᠠᠭ ᠦᠭᠡᠢ᠃ ᠭᠠᠭᠴᠠ ᠰᠡᠷᠭᠦᠮ᠎ᠡ ᠲᠠᠢ ᠪᠠᠨ ᠯᠠ ᠵᠠᠶᠠᠭ᠎ᠠ ᠪᠠᠨ ᠬᠣᠯᠪᠣᠵᠤ ᠶᠠᠪᠤᠪᠠᠯ᠂ ᠵᠠ ᠶᠠᠭᠠᠬᠢᠬᠤ ᠪᠣᠢ ᠶᠣᠳᠣᠷ ᠵᠠᠢᠳᠠᠯᠠᠭᠠᠳ ᠶᠣᠷᠣᠭ ᠡᠮᠦᠰᠴᠦ ᠶᠠᠪᠤᠭᠰᠠᠨ ᠴᠤ᠌ ᠰᠡᠳᠬᠢᠯ ᠢ᠋ᠶ᠋ᠡᠷ ᠪᠠᠶᠠᠨ ᠴᠠᠳᠬᠤᠯᠠᠩ ᠠᠮᠢᠳᠤᠷᠠᠨ᠎ᠠ ᠭᠡᠵᠦ ᠰᠠᠨᠠᠵᠤ ᠰᠠᠷᠪᠠᠢᠵᠤ ᠪᠠᠢᠯ᠎ᠠ᠃ ᠶᠠᠭᠤᠮ᠎ᠠ ᠦᠭᠡᠢ ᠶᠠᠳᠠᠷᠠᠭᠤ ᠬᠥᠮᠦᠰ ᠢ᠋ ᠶᠠᠭᠠᠬᠢᠬᠤ ᠳ᠋ᠠᠭᠠᠨ ᠲᠠᠩᠳᠠ ᠠᠳᠠ ᠦᠵᠡᠵᠦ ᠶᠠᠪᠤᠳᠠᠭ ᠡᠨᠡ ᠬᠣᠷᠸ᠎ᠠ ᠶ᠋ᠢᠨ ᠲᠡᠭᠰᠢ ᠪᠤᠰᠤ ᠶ᠋ᠢ ᠶᠠᠰᠤᠨ ᠳ᠋ᠠᠭᠠᠨ ᠣᠷᠣᠲᠠᠯ᠎ᠠ ᠬᠣᠷᠣᠰᠤᠭᠰᠠᠨ ᠠᠳᠤᠭᠤᠴᠢᠨ ᠬᠦᠦ ᠤᠷᠠᠳ ᠤ᠋ᠨ ᠪᠠᠷᠠᠭᠤᠨ ᠬᠦᠩ ᠦ᠋ᠨ ᠬᠦᠩ ᠨᠣᠶᠠᠨ ᠤ᠋ ᠬᠠᠯᠠᠭᠤᠨ ᠡᠪᠦᠷ ᠡᠴᠡ ᠬᠠᠢᠷᠠᠲᠤ ᠠᠮᠠᠷᠠᠭ ᠢ᠋ᠶ᠋ᠠᠨ ᠪᠣᠰᠬᠠᠵᠤ ᠠᠪᠤᠭᠠᠳ ᠬᠠᠷᠢ ᠬᠣᠯᠠ ᠨᠤᠲᠤᠭ ᠲᠤ᠌ ᠬᠥᠯ ᠲᠣᠭᠲᠠᠶ᠎ᠠ ᠭᠡᠵᠦ ᠰᠢᠭᠤᠳᠤᠭᠠᠳ ᠲᠡᠭᠡᠵᠦ ᠬᠢᠭᠰᠡᠨ ᠨᠢ ᠳᠡᠩᠳᠡᠭᠦᠦ ᠴᠦᠯᠲᠦ ᠪᠣᠯᠵᠤ ᠲᠠᠤᠯᠠᠢ ᠪᠤᠷᠤᠭᠤ ᠪᠣᠰᠳᠠᠭ ᠤ᠋ᠨ ᠢᠷᠣ᠎ᠠ ᠪᠠᠷ ᠬᠣᠭᠣᠰᠣᠨ ᠭᠣᠣ ᠬᠠᠷᠠᠢᠭᠰᠠᠨ ᠳ᠋ᠠᠭᠠᠨ ᠨᠠᠰᠤᠨ ᠤ᠋ ᠭᠡᠮᠰᠢᠭᠦᠯᠡᠩ ᠪᠣᠯᠵᠠᠢ᠃         
       ᠨᠢᠭᠡ ᠬᠠᠵᠠᠭᠠᠢ ᠬᠢᠰᠬᠢᠪᠡᠯ ᠠᠷᠪᠠ ᠲᠤᠭᠤᠯᠤᠨ᠎ᠠ ᠭᠡᠭᠴᠢ ᠪᠡᠷ ᠪᠤᠷᠤᠭᠤ ᠵᠠᠮ ᠢ᠋ᠶ᠋ᠠᠷ ᠪᠤᠳᠠᠭ᠎ᠠ ᠲᠡᠭᠡᠭᠡᠵᠦ᠂ ᠪᠤᠴᠠᠬᠤ ᠵᠠᠮ ᠳ᠋ᠠᠭᠠᠨ ᠰᠢᠷᠣᠢ ᠲᠡᠭᠡᠭᠡᠵᠦ ᠤᠷᠭᠤᠨ ᠶᠠᠪᠤᠬᠤ ᠳᠠᠭᠠᠨ ᠬᠥᠮᠥᠨ ᠳᠦ ᠮᠡᠳᠡᠭᠳᠡᠵᠦ᠂ ᠪᠤᠴᠠᠭᠠᠳ ᠪᠤᠯᠲᠠᠬᠤ ᠭᠡᠲᠡᠯ᠎ᠡ ᠪᠠᠷᠢᠭᠳᠠᠬᠤ ᠶ᠋ᠢᠨ ᠳᠡᠮ ᠳᠡᠮ ᠠᠶᠤᠯ ᠳ᠋ᠤ᠌ ᠳᠠᠭᠠᠷᠢᠭᠳᠠᠭᠰᠠᠨ ᠨᠢ ᠥᠪᠡᠷ ᠦ᠋ᠨ ᠬᠢ ᠪᠢᠰᠢ ᠬᠥᠮᠦᠨ ᠤ ᠶᠠᠭᠤᠮᠠᠨ ᠳ᠋ᠤ᠌ ᠭᠣᠷᠢᠯᠠᠵᠤ ᠪᠡᠶ᠎ᠡ ᠪᠡᠨ ᠬᠡᠳᠦ ᠵᠣᠪᠠᠭᠠᠭᠰᠠᠨ ᠶᠠᠭᠤᠮ᠎ᠠ ᠪᠣᠯᠵᠢ ᠤᠤ ᠳᠠ ᠭᠡᠵᠦ ᠴᠤ᠌ ᠪᠣᠳᠣᠨ᠎ᠠ᠃ 
       ᠲᠡᠷᠡ ᠣᠷᠣᠢ ᠪᠡᠯᠴᠢᠭᠡᠷ ᠲᠦ ᠪᠠᠢᠭᠰᠠᠨ ᠠᠢᠯ ᠤ᠋ᠨ ᠴᠢᠳᠥᠷ ᠲᠡᠢ ᠬᠣᠶᠠᠷ ᠮᠣᠷᠢ ᠶ᠋ᠢ ᠵᠠᠢᠳᠠᠯᠠᠵᠤ ᠲᠣᠲᠠᠭᠠᠬᠤ ᠳ᠋ᠠᠭᠠᠨ ᠴᠤᠯᠪᠤᠭᠤᠷ ᠤ᠋ᠨ ᠦᠵᠦᠭᠦᠷ ᠢ᠋ᠶ᠋ᠡᠷ ᠮᠣᠷᠢᠨ ᠤ ᠳᠠᠰᠢᠶ᠎ᠠ ᠤᠷᠤᠭᠤ ᠬᠦᠱ ᠭᠡᠲᠡᠯ᠎ᠡ ᠥᠭᠬᠦ ᠳᠦ ᠨᠠᠮᠤᠷ ᠤᠨ ᠴᠠᠳᠬᠤᠯᠳᠠᠭᠰᠠᠨ ᠮᠣᠷᠢ ᠢᠨᠴᠠᠭ ᠠᠯᠳᠠᠵᠤ ᠳᠤᠷᠪᠠᠨ ᠲᠤᠭᠤᠷᠠᠢ ᠨᠢ ᠳᠣᠣᠷ᠎ᠠ ᠪᠠᠨ ᠲᠠᠪᠠᠷᠠᠩ ᠲᠠᠪᠠᠷᠠᠩ ᠳᠠᠪᠢᠷᠴᠠᠭᠯᠠᠬᠤ ᠠᠴᠠ ᠴᠠᠭᠠᠰᠢ ᠦᠭᠡᠢ ᠪᠠᠢᠭᠰᠠᠨ ᠨᠢ ᠰᠠᠨᠳᠤᠷᠤᠭᠰᠠᠨ ᠰᠡᠳᠬᠢᠯ ᠦᠨ ᠵᠢᠬᠦᠷ ᠡᠴᠡ ᠨᠢ ᠬᠣᠯᠠ ᠬᠠᠶᠠᠭᠳᠠᠵᠤ᠂ ᠬᠠᠱᠠᠩ ᠰᠠᠷᠯᠤᠭ ᠤᠨᠤᠴᠢᠬᠠᠭᠰᠠᠨ ᠰᠢᠭ᠋ ᠭᠠᠵᠠᠷ ᠬᠣᠷᠣᠭᠠᠬᠤ ᠦᠭᠡᠢ ᠰᠦᠷᠡᠬᠡᠢ ᠰᠠᠨᠳᠤᠷᠠᠭᠠᠪᠠ᠃ ᠨᠡᠬᠡᠭᠦᠯ ᠦᠨ ᠴᠢᠮᠡᠭᠡ ᠮᠣᠷᠢᠨ ᠤ ᠬᠢᠨᠢ ᠠᠷᠤ ᠪᠠᠷ ᠰᠤᠭᠳᠠᠯᠠᠭᠰᠠᠨ ᠴᠢᠳᠬᠦᠷ ᠰᠢᠭ ᠣᠢᠷᠠᠬᠠᠨ ᠰᠣᠨᠣᠰᠳᠠᠬᠤ ᠪᠠᠷ ᠮᠥᠨ ᠢᠩᠬᠢᠵᠦ ᠬᠠᠱᠠᠩᠳᠠᠪᠠᠯ ᠠᠮᠠᠨ ᠬᠦᠵᠦᠭᠦᠦ ᠪᠠᠨ ᠮᠤᠰᠭᠢᠭᠤᠯᠬᠤ ᠳᠤ ᠬᠣᠯᠠ ᠦᠭᠡᠢ ᠭᠡᠳᠡᠭ ᠲᠦ ᠪᠠᠯᠠᠭᠳᠠᠵᠠᠢ ᠪᠢᠯᠡ᠃ ᠨᠣᠬᠠᠢ ᠬᠠᠮᠠᠷ ᠲᠠᠭᠠᠨ ᠬᠦᠷᠬᠦ ᠪᠡᠷ ᠤᠰᠤᠴᠢ ᠭᠡᠭᠴᠢ ᠪᠡᠷ ᠲᠡᠷᠡ ᠵᠠᠢ ᠦᠵᠡᠵᠦ ᠬᠣᠶᠠᠷ ᠮᠣᠷᠢᠨ ᠤ ᠪᠥᠭᠰᠡᠨ ᠳᠦ ᠵᠠᠩᠭᠤᠤ ᠬᠠᠪᠴᠢᠭᠤᠯᠵᠤ ᠬᠣᠶᠠᠭᠤᠯᠠ ᠶᠢ ᠬᠣᠯᠪᠣᠨ ᠵᠦᠭ ᠪᠤᠷᠤᠭᠤᠯᠠᠨ ᠭᠤᠶᠠᠳᠠᠵᠤ ᠠᠮᠢ ᠪᠠᠨ ᠪᠤᠯᠲᠠᠬᠤ ᠳᠤ ᠵᠣᠯ ᠢᠶᠠᠷ ᠨᠡᠬᠡᠭᠦᠯ ᠦᠨ ᠬᠥᠮᠥᠰ ᠲᠦ ᠮᠡᠳᠡᠭᠳᠡᠭᠰᠡᠨ ᠦᠭᠡᠢ᠃ ᠨᠡᠬᠡᠭᠦᠯ ᠦᠨ ᠲᠦᠷᠦᠭᠦᠦ ᠨᠢ ᠨᠢᠭᠡ ᠪᠣᠯ ᠬᠠᠰᠢᠷ ᠡᠷ᠎ᠡ ᠲᠣᠬᠢᠶᠠᠵᠤ ᠮᠢᠨᠦ ᠪᠤᠷᠤᠭᠤᠯᠠᠭᠰᠠᠨ ᠢ ᠠᠵᠢᠭ ᠮᠡᠳᠡᠵᠦ ᠵᠣᠷᠢᠭᠤᠳᠠ ᠲᠠᠯᠪᠢᠵᠤ ᠶᠠᠪᠤᠭᠤᠯᠤᠭᠰᠠᠨ᠂ ᠨᠢᠭᠡ ᠪᠣᠯ ᠬᠠᠢᠩᠭᠤᠬᠠᠨ ᠡᠷ᠎ᠡ ᠲᠠᠭᠠᠷᠠᠯᠳᠤᠵᠤ ᠮᠣᠷᠢᠨ ᠤ ᠲᠣᠭᠣᠰᠣᠨ ᠠᠴᠠ ᠰᠤᠭᠤᠷᠠᠭᠰᠠᠨ ᠲᠥᠪᠡᠷᠬᠡᠨ ᠳᠦ ᠬᠠᠭᠤᠷᠳᠠᠵᠤ ᠡᠵᠡᠨ ᠦᠭᠡᠢ ᠬᠣᠶᠠᠷ ᠮᠣᠷᠢ ᠶᠢ ᠲᠠᠭᠤᠭᠰᠠᠨ ᠁  ᠭᠡᠳ ᠠᠶᠤᠯ ᠠᠴᠠ ᠮᠤᠯᠲᠤᠷᠠᠭᠰᠠᠨ ᠠᠢᠩᠭᠤᠷᠢ ᠪᠠᠨ ᠠᠷᠠᠢ ᠭᠡᠵᠦ ᠨᠠᠮᠵᠢᠭᠤᠯᠵᠤ ᠪᠤᠷᠬᠠᠨᠲᠤ ᠶᠢᠨ ᠡᠩᠭᠡᠷ ᠢᠶᠡᠷ ᠬᠠᠷᠠᠩᠭᠤᠢ ᠳᠤ ᠲᠡᠮᠲᠡᠴᠢᠨ ᠶᠠᠪᠤᠯ᠎ᠠ᠃ 
       ᠵᠠᠮ ᠲᠠᠢ ᠵᠠᠮ ᠦᠭᠡᠢ ᠶᠠᠪᠤᠭᠰᠠᠭᠠᠷ ᠬᠡᠳᠦᠨ ᠬᠥᠲᠥᠯ ᠳᠠᠪᠠᠪᠠ᠃ ᠲᠡᠷᠲᠡᠭᠡ ᠴᠠᠭᠠᠨ᠎ᠠ ᠪᠠᠷᠠᠭᠤᠨ ᠬᠣᠢᠨ᠎ᠠ ᠵᠢᠯᠠᠭ᠎ᠠ ᠶ᠋ᠢᠨ ᠠᠮᠠᠨ ᠳ᠋ᠤ᠌ ᠨᠢᠭᠡ ᠮᠠᠭᠤᠬᠠᠨ ᠳ᠋ᠸᠩ ᠦ᠋ᠨ ᠭᠡᠷᠡᠯ ᠬᠠᠷᠠᠭᠳᠠᠬᠤ ᠰᠢᠦ ᠪᠣᠯᠬᠤ ᠳ᠋ᠤ᠌ ᠬᠥᠮᠦᠨ ᠦ᠌ ᠠᠨᠢᠷ ᠢ᠋ᠶ᠋ᠠᠷ ᠨᠣᠬᠠᠢ ᠬᠣᠷᠭᠣᠭᠣᠪᠠ᠃ ᠨᠣᠬᠠᠢ ᠬᠤᠴᠠᠬᠤ ᠳᠠᠭᠤᠨ ᠢ᠋ᠶ᠋ᠠᠷ ᠲᠡᠷᠡ ᠰᠦᠮᠡᠯᠵᠡᠭᠰᠡᠨ ᠳ᠋ᠧᠩ ᠦ᠋ᠨ ᠬᠡᠷᠡᠯ᠎ ᠲᠦᠳᠡᠬᠡᠨ ᠤᠨᠲᠠᠷᠠᠪᠠ᠃ ᠡᠨᠡ ᠠᠢᠯ ᠨᠢ ᠬᠠᠳᠤᠮᠠᠯ ᠤ᠋ᠨ ᠵᠡᠭᠦᠨ ᠰᠤᠵᠠᠭ ᠤ᠋ᠨ ᠠᠮᠠᠨ ᠳ᠋ᠤ᠌ ᠨᠤᠲᠤᠭᠰᠢᠭᠰᠠᠨ ᠪᠯᠠᠮᠤ ᠶ᠋ᠢᠨ ᠬᠢ ᠪᠠᠢᠪᠠ᠃ ᠠᠪᠤ ᠨᠢ  ᠲᠤᠤᠷᠬ᠎ᠠ ① ᠣᠷᠣᠵᠤ ᠢᠳᠡᠯᠭᠡ ᠤᠤᠭᠤᠯᠭ᠎ᠠ ᠠ᠋ᠴᠠ ᠭᠠᠷᠴᠤ ᠬᠡᠪᠲᠡᠷᠢ ᠳ᠋ᠦ᠍ ᠣᠷᠣᠭᠰᠠᠨ ᠪᠠᠢᠵᠠᠢ᠃ ᠡᠢᠨ ᠬᠦ᠌ ᠪᠯᠠᠮᠤ ᠡᠪᠡᠳᠴᠢᠨ ᠲᠡᠢ ᠠᠪᠤ ᠥᠨᠥᠴᠢᠨ ᠬᠡᠦᠬᠡᠳ ᠲᠡᠢ ᠪᠡᠨ ᠪᠠᠳᠠᠷᠠᠵᠤ ᠠᠮᠢᠳᠤᠷᠠᠨ᠎ᠠ᠃  ᠬᠠᠷ᠎ᠠ ᠬᠥᠮᠥᠨ ᠨᠢ ᠬᠣᠰᠢᠭᠤ ᠴᠡᠷᠢᠭ ᠲᠦ ᠲᠠᠲᠠᠭᠳᠠᠵᠤ ᠶᠠᠪᠤᠭᠠᠳ ᠲᠡᠷᠡ ᠵᠢᠯ ᠳᠡᠭᠡᠷᠡᠮ ᠳᠦ ᠠᠯᠠᠭᠳᠠᠭᠰᠠᠨ ᠴᠤᠤ ᠪᠠᠷ ᠰᠤᠷᠠᠭ ᠳᠠᠰᠤᠷᠠᠪᠠ᠃  ᠪᠯᠠᠮᠤ ᠪᠦᠰᠡᠭᠦᠢ ᠭᠠᠳᠠᠨ᠎ᠠ ᠨᠣᠬᠠᠢ ᠶ᠋ᠢᠨ ᠳᠠᠭᠤ ᠪᠠᠷ ᠰᠣᠴᠢᠨ ᠭᠡᠯᠮᠡᠭᠳᠡᠵᠦ 《 ᠳᠡᠭᠡᠷᠡᠮ ᠢᠷᠡᠯ᠎ᠡ!》 ᠭᠡᠳ ᠪᠠᠢᠳᠠᠭ ᠢ᠋ᠶ᠋ᠠᠨ ᠳᠠᠯᠳᠠᠯᠠᠵᠤ ᠳ᠋ᠧᠩ ᠢ᠋ᠶ᠋ᠡᠨ ᠤᠨᠲᠠᠷᠠᠭᠠᠵᠠᠢ᠃ ᠳᠡᠭᠡᠷ᠎ᠡ ᠪᠡᠨ ᠲᠦᠰᠢᠭ ᠦᠭᠡᠢ ᠳᠡᠷᠭᠡᠳᠡ ᠪᠡᠨ ᠥᠮᠥᠭ ᠦᠭᠡᠢ ᠡᠨᠡ ᠪᠦᠰᠡᠭᠦᠢ ᠥᠴᠥᠭᠡᠳᠦᠷ ᠰᠥᠨᠢ ᠦᠦᠷ ᠴᠠᠢᠬᠤ ᠠᠯᠲᠠ ᠪᠠᠷ ᠳᠡᠭᠡᠷᠡᠮ ᠳ᠋ᠦ᠍ ᠪᠠᠢᠳᠠᠭ ᠢ᠋ᠶ᠋ᠠᠨ ᠲᠣᠨᠣᠭᠤᠯᠤᠭᠰᠠᠨ ᠳᠠᠭᠠᠨ ᠨᠣᠬᠠᠢ ᠬᠤᠴᠠᠬᠤ ᠳᠠᠭᠤᠨ ᠠ᠋ᠴᠠ ᠬᠠᠰᠢᠷᠠᠬᠤ ᠪᠣᠯᠤᠭᠰᠠᠨ ᠠᠵᠢ᠃ ᠣᠷᠴᠢᠮ ᠤ᠋ᠨ ᠵᠢᠯ ᠦᠳ ᠠ᠋ᠴᠠ ᠲᠤᠨᠤᠭ᠎ᠠ ᠳᠡᠭᠡᠷᠡᠮ ᠬᠡᠴᠡᠭᠦᠳᠡᠵᠦ᠂ ᠮᠠᠯ ᠦᠨ ᠴᠢᠷᠠᠢ ᠬᠠᠷᠠᠵᠤ᠂ ᠲᠠᠷᠢᠶᠠᠨ ᠲᠦᠷᠦᠭᠦᠦ ᠲᠡᠭᠦᠵᠦ ᠤᠨᠳᠤᠷᠤᠭᠰᠠᠨ ᠮᠠᠯᠴᠢᠳ ᠠᠮᠤᠷ ᠰᠠᠭᠤᠬᠤ ᠠᠷᠭ᠎ᠠ ᠦᠭᠡᠢ ᠪᠣᠯᠵᠤ᠂ ᠪᠦᠷ ᠠᠭᠤᠯᠠ ᠶᠢᠨ ᠵᠢᠯᠠᠭ᠎ᠠ ᠬᠠᠪᠢᠳᠠᠵᠤ ᠰᠠᠭᠤᠷᠢᠰᠢᠬᠤ ᠪᠣᠯᠵᠠᠢ᠃
       ᠭᠠᠳᠠᠨ᠎ᠠ ᠤᠶᠠᠭ᠎ᠠ ᠲᠠᠢ ᠨᠣᠬᠠᠢ ᠰᠣᠶᠣᠭ᠎ᠠ ᠶ᠋ᠢ ᠨᠢ ᠪᠤᠯᠭᠤᠯᠬᠤ ᠭᠡᠵᠦ ᠪᠠᠢᠭ᠎ᠠ ᠰᠢᠭ᠋ ᠠᠭᠰᠤᠷᠤᠨ ᠬᠣᠷᠭᠣᠭᠣᠨ᠎ᠠ᠃ 
       ᠭᠡᠷ ᠲᠤᠲᠤᠷ᠎ᠠ ᠬᠥᠮᠥᠰ ᠣᠳᠣ ᠪᠠᠰᠠ ᠶᠠᠮᠠᠷ ᠭᠠᠢ ᠪᠣᠯᠳᠠᠭ ᠪᠣᠯ ᠭᠡᠵᠦ ᠶᠠᠮᠠᠷ ᠴᠤ᠌ ᠠᠷᠭ᠎ᠠ ᠦᠭᠡᠢ ᠬᠤᠪᠢ ᠵᠠᠶᠠᠭᠠᠨ ᠳᠠᠭᠠᠨ ᠳᠠᠭᠠᠳᠬᠠᠵᠤ ᠭᠡᠷ ᠦᠨ ᠮᠤᠬᠤᠷ ᠪᠤᠯᠤᠩ ᠪᠠᠷᠢᠵᠤ ᠬᠠᠷᠠᠩᠭᠤᠢ ᠳᠤ ᠪᠥᠯᠲᠡᠩ ᠪᠥᠯᠲᠡᠩ ᠭᠡᠵᠦ ᠪᠡᠭᠡᠪᠡᠢᠨ᠎ᠡ᠃
       — ᠵᠣᠪ! ᠶᠠᠭᠤ ᠶᠠᠭᠠᠬᠢᠪᠠ ᠭᠡᠵᠦ ᠮᠣᠩᠭᠣᠯ ᠢᠶᠠᠷ ᠵᠠᠩᠳᠤᠷᠬᠤ ᠳᠠᠭᠤᠨ ᠢ ᠰᠣᠨᠣᠰᠤᠭᠰᠠᠨ ᠪᠯᠠᠮᠤ ᠪᠦᠰᠡᠬᠦᠢ ᠶᠢᠨ ᠵᠢᠷᠦᠬᠡ ᠠᠷᠠᠢ ᠲᠠᠢᠪᠤᠰᠢᠷᠠᠵᠤ 《ᠬᠥᠷᠥᠭ ᠦᠨ ᠭᠣᠣᠯ ᠤᠨ ᠠᠩᠴᠢᠨ ᠸᠠᠩᠵᠢᠯ ᠭᠤᠸᠠᠢ ᠴᠤ᠌ ᠶᠤᠮ ᠤᠤ?》 ᠭᠡᠵᠦ ᠴᠠᠭᠠᠳᠤ ᠪᠤᠯᠤᠩ ᠳᠤ ᠬᠡᠪᠲᠡᠭᠰᠡᠨ ᠠᠪᠤ ᠳᠠᠭᠠᠨ ᠦᠭᠡ ᠳᠠᠮᠵᠢᠭᠤᠯᠵᠤ ᠬᠡᠯᠡᠨ᠎ᠡ᠃ ᠲᠡᠭᠡᠵᠦ ᠪᠠᠢᠲᠠᠯ᠎ᠠ ᠮᠠᠭᠤ ᠪᠠᠨᠰᠠᠨ ᠡᠭᠦᠳᠡ ᠵᠢᠷᠳ᠋ ᠭᠡᠵᠦ ᠨᠡᠭᠡᠭᠡᠭᠳᠡᠨ ᠨᠢᠭᠡ ᠬᠥᠮᠥᠨ ᠣᠷᠣᠵᠤ ᠢᠷᠡᠪᠡ᠃ 
       —  ᠬᠥᠮᠥᠨ ᠪᠠᠢᠨ᠎ᠠ ᠤᠤ ?
       — ᠁ 
       —  ᠳ᠋ᠸᠩ ᠢᠶᠡᠨ ᠨᠣᠴᠣᠭ᠎ᠠ! ᠪᠢ ᠵᠠᠮ ᠤᠨ ᠬᠥᠮᠥᠨ ᠪᠠᠢᠨ᠎ᠠ᠃ ᠬᠣᠨᠣᠭ ᠭᠣᠶᠣᠭᠠᠳ ᠭᠠᠷᠤᠶ᠎ᠠ ᠭᠡᠬᠦ ᠡᠴᠡ ᠨᠢ ᠲᠠᠨᠢᠯ ᠪᠢᠰᠢ ᠴᠤ᠌ ᠮᠣᠩᠭᠣᠯ ᠬᠥᠮᠥᠨ ᠪᠠᠢᠭ᠎ᠠ ᠳᠤ ᠪᠯᠠᠮᠤ ᠠᠷᠠᠢ ᠵᠢᠷᠦᠬᠡ ᠣᠷᠣᠵᠤ ᠴᠦᠳᠡᠩ ᠵᠢᠷᠤᠵᠤ ᠱᠥᠯᠥᠨ ᠦ ᠲᠣᠰᠣᠨ ᠳ᠋ᠧᠩ ᠢ᠋ᠶ᠋ᠡᠨ ᠠᠰᠠᠭᠠᠪᠠ᠃ ᠪᠡᠶ᠎ᠡ ᠪᠡᠨ ᠴᠤ᠌ ᠰᠠᠢᠨ ᠣᠯᠵᠤ ᠦᠵᠡᠬᠦ ᠦᠭᠡᠢ ᠮᠠᠭᠤᠬᠠᠨ ᠰᠦᠮᠡᠭᠢ ᠳ᠋ᠸᠩ ᠦᠨ ᠭᠡᠷᠡᠯ ᠳ᠋ᠦ᠍ ᠱᠠᠯᠳᠠᠩ ᠨᠢᠴᠦᠭᠦᠨ ᠰᠢᠬᠠᠭᠤ ᠡᠪᠦᠭᠡᠨ ᠬᠠᠨᠵᠤᠨ ᠤ᠋ ᠬᠣᠢᠲᠤ ᠢᠷᠣᠭᠠᠷ ᠲᠤ᠌ ᠶᠣᠣᠯᠠᠵᠤ ᠬᠡᠪᠲᠡᠬᠦ ᠬᠠᠷᠠᠭᠳᠠᠨ᠎ᠠ᠃ ᠠᠳᠠᠭ ᠨᠢ ᠣᠯᠢᠭᠲᠠᠢᠬᠠᠨ ᠬᠤᠴᠢᠯᠭ᠎ᠠ ᠶᠢᠨ ᠶᠠᠭᠤᠮ᠎ᠠ ᠴᠤ᠌ ᠦᠭᠡᠢ ᠠᠵᠢ᠃ ᠨᠢᠭᠡ ᠵᠠᠯᠠᠭᠤᠬᠠᠨ ᠡᠬᠡᠨᠡᠷ ᠬᠠᠨᠵᠤᠨ ᠤ᠋ ᠪᠤᠯᠤᠩ ᠳ᠋ᠤ᠌ ᠬᠠᠷᠴᠠᠭᠠᠢ ᠦᠵᠡᠭᠡᠳ ᠪᠤᠳᠠᠨ ᠳᠤ ᠰᠢᠷᠭᠤᠭᠰᠠᠨ ᠪᠣᠷᠣ ᠪᠣᠯᠵᠣᠮᠣᠷ ᠰᠢᠭ᠋ ᠪᠡᠭᠡᠪᠡᠢᠵᠦ ᠬᠠᠷᠠᠭᠳᠠᠬᠤ ᠨᠢ ᠦᠷᠦ ᠡᠪᠡᠳᠦᠯᠲᠡᠢ᠃ 
       ᠬᠡᠯᠡ ᠤᠯᠠ ᠪᠠᠨ ᠣᠯᠣᠯᠴᠠᠵᠤ᠂ ᠭᠡᠷ ᠲᠣᠲᠣᠷ᠎ᠠ ᠠᠷᠠᠢ ᠲᠠᠢᠪᠤᠩ ᠠᠮᠢᠰᠬᠤᠯ ᠲᠠᠢ ᠪᠣᠯᠵᠤ ᠪᠯᠠᠮᠤ᠄
       — ᠮᠠᠭᠤ ᠵᠤᠯᠵᠠᠭ᠎ᠠ ᠨᠤᠭᠤᠳ ᠮᠢᠨᠢ ᠭᠠᠷᠴᠤ ᠢᠷ᠎ᠡ ! ᠳᠡᠭᠡᠷᠡᠮ ᠪᠢᠰᠢ ᠠ᠋ ᠂ ᠰᠠᠢᠨ ᠬᠥᠮᠦᠨ ᠪᠠᠢᠨ᠎ᠠ᠁ ᠭᠡᠬᠦ ᠳ᠋ᠦ᠍ᠨᠢ ᠬᠥᠰᠡᠷ ᠳᠣᠣᠷ᠎ᠠ ᠵᠡᠷᠭᠡᠯᠡᠵᠦ ᠬᠥᠮᠥᠷᠢᠭᠰᠡᠨ ᠮᠠᠢᠵᠢᠢᠭᠰᠠᠨ ᠬᠣᠶᠠᠷ ᠠᠷᠤᠭ ᠤ᠋ᠨ ᠳᠣᠣᠷ᠎ᠠ ᠠ᠋ᠴᠠ ᠳᠠᠯᠠᠨ ᠳᠠᠪᠬᠤᠷ ᠨᠥᠬᠥᠭᠡᠰᠦ ᠲᠡᠢ ᠰᠤᠮᠠᠯ ᠤ᠋ᠨ ᠥᠭᠡᠳᠡᠰᠦ ᠨᠥᠮᠥᠷᠦᠭᠰᠡᠨ ᠬᠣᠶᠠᠷ ᠵᠢᠭᠠᠯ ᠬᠦᠦ ᠨᠢᠰᠦ ᠪᠡᠨ ᠲᠠᠲᠠᠭᠰᠠᠭᠠᠷ ᠲᠣᠯᠣᠭᠠᠢ ᠪᠠᠨ ᠪᠤᠯᠲᠠᠢᠯᠭᠠᠪᠠ᠃ 
       ᠠᠩᠴᠢᠨᠵᠠᠪ ᠡᠨᠡ ᠠᠢᠯ ᠤ᠋ᠨ ᠪᠡᠲᠡᠷᠡᠭᠰᠡᠨ ᠴᠢᠷᠠᠢ ᠶ᠋ᠢ ᠬᠠᠷᠠᠭᠠᠳ ᠡᠯᠢᠭᠡ ᠰᠢᠮᠰᠢᠷᠡᠵᠦ ᠥᠪᠡᠷ ᠦ᠋ᠨ ᠡᠮᠦᠰᠴᠦ ᠪᠠᠢᠭ᠎ᠠ ᠬᠤᠪᠴᠠᠰᠤ <ᠲᠡᠷᠡ ᠡᠳᠦᠷ ᠵᠢᠰᠦ ᠪᠤᠷᠤᠭᠤᠯᠠᠬᠤ ᠭᠡᠵᠦ ᠲᠠᠷᠢᠶᠠᠴᠢᠨ ᠠᠢᠯ ᠠ᠋ᠴᠠ ᠬᠤᠳᠠᠯᠳᠤᠵᠤ ᠠᠪᠤᠭᠰᠠᠨ ᠣᠭᠣᠲᠣᠷ ᠬᠤᠪᠴᠠᠰᠤ> ᠪᠠᠨ ᠲᠠᠢᠯᠵᠤ ᠲᠡᠨᠳᠡ ᠣᠯᠢᠭᠲᠠᠢ ᠬᠣᠶᠠᠷ ᠦᠭᠡ ᠬᠡᠯᠡᠴᠢᠬᠡᠮᠡᠷ ᠳᠡᠷ᠎ ᠦᠭᠡᠢ ᠬᠡᠪᠲᠡᠭᠰᠡᠨ ᠡᠪᠦᠭᠡᠨ ᠦ᠌ ᠳᠡᠭᠡᠭᠦᠷ ᠬᠤᠴᠢᠵᠤ ᠥᠭᠪᠡ᠃ 
       — ᠦᠬᠡᠷ ᠵᠢᠯ ᠤ᠋ᠨ ᠬᠠᠯᠬ᠎ᠠ ᠶ᠋ᠢᠨ ᠦᠢᠮᠡᠭᠡᠨ ᠡᠴᠡ ᠬᠣᠢᠰᠢ ᠮᠠᠨ ᠤ᠋ ᠨᠤᠲᠤᠭ ᠲᠤ᠌ ᠲᠣᠨᠣᠭ᠎ᠠ ᠳᠡᠭᠡᠷᠡᠮ ᠭᠠᠵᠠᠷ ᠤ᠋ᠨ ᠬᠥᠷᠥᠰᠥᠨ ᠡᠴᠡ ᠤᠷᠭᠤᠵᠤ ᠪᠠᠢᠭ᠎ᠠ ᠰᠢᠬ᠎ ᠵᠦᠩᠳᠡᠭᠡᠨ ᠪᠣᠯᠵᠤ ᠠᠲᠠᠷ ᠬᠠᠭᠠᠯᠪᠤᠷᠢᠯᠠᠵᠤ ᠪᠡᠯᠴᠢᠭᠡᠷ ᠡᠪᠳᠡᠭᠡᠳ ᠮᠤᠨᠠ ᠶ᠋ᠢᠨ ᠬᠥᠭᠡᠪᠦᠷ ᠦ᠋ᠨ ᠮᠠᠯᠴᠢᠳ ᠠᠮᠢᠳᠤᠷᠠᠬᠤ ᠠᠷᠭᠠᠴᠠᠯ ᠦᠭᠡᠢ ᠪᠣᠯᠬᠤ ᠳ᠋ᠠᠭᠠᠨ ᠠᠭᠤᠯᠠᠨ ᠳ᠋ᠤ᠌ ᠰᠢᠷᠭᠤᠵᠤ᠂ ᠴᠢᠳᠠᠯ ᠲᠡᠩᠬᠡᠬᠡᠲᠡᠢ ᠨᠢᠭᠡ ᠨᠢ ᠠᠩ ᠬᠥᠷᠥᠭᠡ ᠬᠢᠵᠦ ᠳᠥᠩᠭᠡᠵᠦ ᠠᠮᠢ ᠵᠠᠭᠤᠨ᠎ᠠ ᠁ ᠥᠴᠥᠭᠡᠳᠦᠷ ᠰᠥᠨᠢ ᠪᠠᠰᠠ ᠳᠡᠭᠡᠷᠡᠮ ᠢᠷᠡᠭᠰᠡᠨ ᠭᠡᠵᠦ ᠬᠡᠯᠡᠬᠦ ᠳ᠋ᠦ᠍ᠨᠢ ᠡᠪᠦᠭᠡᠨ ᠦ ᠠᠮᠢᠰᠬᠤᠭ᠎ᠠ ᠳᠡᠭᠡᠷᠡᠲᠡᠵᠦ ᠭᠡᠷᠡᠯ ᠨᠢ ᠤᠨᠲᠠᠷᠠᠭᠰᠠᠨ ᠡᠭᠦᠯᠡᠨ ᠬᠥᠬᠡ ᠨᠢᠳᠦ ᠨᠢ ᠴᠠᠪᠴᠢᠯᠬᠢᠯᠠᠨ᠂ ᠤᠷᠤᠭᠤᠯ ᠨᠢ ᠣᠮᠣᠭᠣᠨᠠᠵᠤ  ᠪᠠᠢᠯ᠎ᠠ᠃ ᠬᠡᠴᠢᠨᠡᠬᠡᠨ ᠡᠳᠦᠷ ᠬᠡᠯᠡᠨ ᠳᠡᠭᠡᠷ᠎ᠡ ᠪᠡᠨ ᠨᠣᠢᠲᠠᠨ ᠶᠠᠭᠤᠮ᠎ᠠ ᠲᠠᠯᠪᠢᠭ᠎ᠠ ᠦᠭᠡᠢ ᠡᠪᠡᠳᠴᠢᠨ ᠦ ᠡᠪᠡᠷᠰᠢᠶᠡᠯ ᠳᠦ ᠲᠠᠮᠤᠯᠠᠭᠳᠠᠵᠤ ᠬᠡᠪᠲᠡᠭᠰᠡᠨ ᠳ᠋ᠡᠭᠡᠨ ᠠᠳᠠᠭ ᠨᠢ ᠤᠬᠢᠯᠠᠬᠤ ᠭᠡᠬᠦ ᠳ᠋ᠤᠨᠢ ᠨᠢᠯᠪᠤᠰᠤ ᠦᠭᠡᠢ ᠤᠬᠤᠷᠬᠠᠢ ᠨᠢ ᠰᠢᠷᠭᠢᠵᠦ ᠬᠠᠲᠠᠭᠰᠠᠨ ᠢ ᠶᠠᠭᠤ ᠬᠡᠯᠡᠬᠦ ᠪᠣᠢ!
       — ᠠᠢ ᠳ᠋ᠠ᠂ ᠡᠨᠡ ᠬᠥᠯ ᠦᠭᠡᠢ ᠳᠦᠷᠪᠡᠭᠰᠡᠨ ᠨᠡᠢᠭᠡᠮ ᠳ᠋ᠦ᠍ ᠶᠠᠭᠠᠬᠢᠵᠤ ᠴᠤ᠌ ᠠᠮᠢᠳᠤᠷᠠᠶ᠎ᠠ ᠳ᠋ᠠ! ᠭᠡᠳ ᠲᠡᠨᠳᠡ ᠶᠣᠣᠯᠠᠨ ᠬᠡᠪᠲᠡᠭᠡ ᠠᠪᠤ ᠪᠣᠯᠤᠨ ᠬᠣᠶᠠᠷ ᠨᠢᠴᠦᠭᠦᠨ ᠬᠦᠦ ᠪᠡᠨ ᠡᠭᠡᠯᠵᠢᠯᠡᠨ ᠬᠠᠷᠠᠬᠤ ᠪᠦᠰᠡᠭᠦᠢ 《ᠮᠥᠨ ᠡᠢᠮᠦ ᠯᠡ ᠬᠥᠭᠰᠢᠨ ᠨᠢ ᠬᠥᠭᠰᠢᠨ᠂ ᠬᠡᠦᠬᠡᠳ ᠨᠢ ᠬᠡᠦᠬᠡᠳ ᠁ ᠬᠠᠶᠠᠭᠠᠳ ᠴᠤ᠌ ᠶᠠᠪᠤᠵᠤ ᠲᠦᠪᠳᠡᠬᠦ ᠦᠭᠡᠢ᠂ ᠳᠡᠭᠡᠭᠰᠢ ᠨᠢ ᠲᠠᠲᠠᠬᠤ ᠴᠤ᠌ ᠲᠡᠩᠬᠡᠭᠡ ᠦᠭᠡᠢ ᠪᠠᠳᠠᠷᠠᠵᠤ ᠠᠮᠢᠳᠤᠷᠠᠭ᠎ᠠ ᠰᠢᠦ ! ᠪᠣᠯᠳᠠᠭ ᠰᠠᠨ ᠪᠣᠯ ᠁ 》ᠭᠡᠵᠦ ᠵᠣᠪᠠᠯᠠᠩ ᠢ᠋ᠶ᠋ᠠᠨ ᠲᠣᠭᠠᠴᠢᠵᠤ ᠲᠡᠭᠦᠨ ᠡᠴᠡ ᠠᠪᠤᠷᠠᠯ ᠭᠣᠶᠣᠭ᠎ᠠ ᠰᠢᠭ᠋ ᠬᠡᠯᠡᠵᠦ ᠪᠠᠢᠭ᠎ᠠ ᠶ᠋ᠢ ᠠᠩᠴᠢᠨᠵᠠᠪ ᠣᠢᠯᠠᠭᠠᠵᠠᠢ᠃ 
       ᠠᠩᠴᠢᠨᠵᠠᠪ ᠲᠡᠷᠡ ᠪᠡᠲᠡᠷᠡᠭᠰᠡᠨ ᠡᠬᠡᠨᠡᠷ ᠡᠴᠡ 《 ᠦᠭᠡᠢ᠂ ᠲᠠᠨ ᠤ᠋ ᠬᠠᠷ᠎ᠠ ᠬᠥᠮᠦᠨ ᠴᠢᠨᠢ?》 ᠭᠡᠵᠦ ᠠᠰᠠᠭᠤᠬᠤ ᠭᠡᠳ ᠠᠰᠠᠭᠤᠵᠤ ᠴᠢᠳᠠᠬᠤ ᠦᠭᠡᠢ ᠪᠠᠢᠭ᠎ᠠ ᠶ᠋ᠢ ᠠᠵᠢᠭᠠᠳ ᠪᠯᠠᠮᠤ ᠪᠦᠰᠡᠭᠦᠢ ᠠᠩᠴᠢᠨᠵᠠᠪ ᠤᠨ ᠨᠢᠴᠦᠭᠦᠨ ᠮᠥᠷᠥ ᠱᠠᠯᠳᠠᠩ ᠴᠡᠭᠡᠵᠢ ᠶ᠋ᠢ ᠬᠠᠢᠩᠭᠤᠳᠠ ᠰᠢᠷᠲᠡᠭᠰᠡᠨ ᠢ᠋ᠶ᠋ᠡᠨ ᠨᠢᠭᠤᠷ ᠨᠢ ᠨᠢᠯᠴᠢᠭᠢᠨᠡᠵᠦ᠄
      — ᠬᠠᠷ᠎ᠠ ᠬᠥᠮᠦᠨ ᠮᠢᠨᠢ ᠪᠠᠢᠭᠰᠠᠨ ᠪᠣᠯ ᠮᠠᠨ ᠤ᠋ ᠬᠢ ᠠᠷᠠᠢ ᠡᠢᠮᠦ ᠳᠠᠵᠢᠶᠠᠨ ᠳ᠋ᠤ᠌ ᠬᠦᠷᠬᠦ ᠦᠭᠡᠢ ᠯᠡ ᠳᠡ ! ᠠᠢ ᠳᠠ ᠂ ᠮᠤᠨᠠ ᠠᠭᠤᠯᠠ ᠶ᠋ᠢᠨ ᠪᠥᠭᠡᠰᠦ ② ᠶ᠋ᠢ ᠣᠯᠠᠨ ᠬᠣᠷᠣᠭᠠᠯ᠎ᠠ ᠭᠡᠵᠦ ᠲᠡᠭᠷᠢ ᠪᠤᠷᠬᠠᠨ ᠪᠤᠷᠤᠭᠤ ᠦᠵᠡᠴᠢᠬᠡᠵᠡᠢ ! ᠭᠡᠳ ᠰᠠᠨᠠᠭ᠎ᠠ ᠠᠯᠳᠠᠪᠠ᠃
       — ᠁ 
       — ᠠᠩ ᠬᠦᠷᠦᠭᠡ ᠰᠠᠢᠨ ᠬᠢᠵᠦ ᠫᠤᠤ ᠳ᠋ᠠᠭᠠᠨ ᠴᠡᠴᠡᠨ ᠪᠣᠯᠬᠣᠷ ᠬᠣᠰᠢᠭᠤ ᠬᠦᠩ ᠦ᠋ᠨ ᠲᠤᠰᠠᠯᠠᠭᠴᠢ ᠦᠵᠡᠵᠦ ᠲᠣᠭᠣᠭᠠᠳ ᠴᠡᠷᠢᠭ ᠲᠦ᠍ ᠲᠠᠲᠠᠭᠰᠠᠨ ᠁ ᠭᠡᠳ ᠪᠦᠰᠡᠬᠦᠢ ᠮᠡᠭᠰᠢᠪᠡ᠃
       — ᠲᠡᠭᠡᠭᠡᠳ ᠳᠡᠭᠡᠷᠡᠮ ᠳᠦ ᠠᠯᠠᠭᠳᠠᠯ᠎ᠠ ᠭᠡᠰᠡᠨ ᠰᠤᠷᠠᠭ ᠭᠠᠷᠤᠭᠰᠠᠨ ᠠ᠋ᠴᠠ ᠬᠣᠢᠰᠢ ᠬᠣᠶᠠᠷ ᠵᠢᠯ ᠦ᠋ᠨ ᠨᠢᠭᠤᠷ ᠦᠵᠡᠯ᠎ᠡ ᠁ 
       ᠪᠯᠠᠮᠤ ᠶᠢᠨ ᠬᠠᠷ᠎ᠠ ᠬᠥᠮᠥᠨ ᠢ ᠵᠠᠩᠴᠤᠪ ᠭᠡᠳᠡᠭ᠃ ᠬᠡᠴᠢᠨᠡᠬᠡᠨ ᠵᠢᠯ ᠦᠨ ᠳᠤᠷᠰᠢ ᠮᠤᠨᠠ ᠠᠭᠤᠯᠠ ᠶᠢᠨ ᠣᠲᠣᠷ ᠤᠨ ᠪᠠᠢᠰᠢᠩ ᠳᠤ ᠮᠠᠯ ᠬᠠᠷᠢᠭᠤᠯᠬᠤ ᠳᠠᠭᠠᠨ ᠭᠠᠯ ᠫᠤᠤ ᠪᠠᠷ ᠠᠩ ᠬᠥᠷᠥᠭᠡ ᠬᠢᠵᠦ ᠪᠤᠭᠤ᠂ ᠭᠤᠷ᠎ᠠ᠂ ᠦᠨᠡᠬᠡ᠂ ᠴᠢᠨᠣ᠎ᠠ ᠠᠯᠠᠵᠤ ᠠᠮᠢᠳᠤᠷᠠᠯ ᠳᠠᠭᠠᠨ ᠨᠡᠮᠡᠷᠢᠯᠡᠵᠦ ᠪᠠᠢᠪᠠ᠃ ᠲᠡᠷᠡ ᠪᠡᠷ ᠪᠠᠯᠠᠷᠯᠢᠭ ᠭᠠᠯ ᠫᠤᠤ <ᠠᠮᠠ ᠪᠠᠷ ᠨᠢ ᠰᠤᠯᠠ ᠳᠠᠷᠢ ᠰᠠᠪᠠᠯᠠᠵᠤ ᠨᠦᠳᠦᠭᠡᠳ ᠴᠡᠨᠡᠭᠯᠡᠳᠡᠭ> ᠪᠠᠷ ᠭᠥᠷᠥᠭᠡ ᠬᠢᠬᠦ  ᠳ᠋ᠡᠭᠡᠨ ᠴᠤ᠌ ᠣᠨᠢᠯᠠᠵᠤ ᠬᠠᠷᠠᠭᠠᠯᠠᠳᠠᠭ ᠦᠭᠡᠢ ᠳᠠᠮ ᠢᠶᠠᠷ ᠢᠶᠠᠨ ᠫᠤᠤᠳᠠᠵᠤ ᠨᠢᠭᠡ ᠳᠤ ᠨᠢᠭᠡ ᠤᠨᠠᠭᠠᠳᠠᠭ᠃ ᠦᠨᠡᠭᠡ ᠲᠠᠤᠯᠠᠢ ᠶᠢ ᠳᠡᠷᠭᠡᠳᠡ ᠪᠡᠨ ᠳᠠᠭᠤᠳᠠᠵᠤ ᠠᠪᠴᠢᠷᠠᠭᠠᠳ ᠲᠠᠬᠢᠨ ᠳᠤᠰᠬᠠᠢ ᠦᠷᠭᠦᠭᠡᠵᠦ ᠴᠠᠭᠠᠰᠢ ᠲᠣᠭᠲᠠᠭᠠᠬᠤ ᠳ᠋ᠤᠨᠢ ᠬᠣᠢᠨ᠎ᠠ ᠠᠴᠠ ᠨᠢ ᠬᠠᠷᠪᠤᠵᠤ ᠤᠨᠠᠭᠠᠳᠠᠭ ᠴᠡᠴᠡᠨ ᠫᠤᠤᠴᠢ ᠪᠠᠢᠵᠠᠢ᠃  
       ᠨᠢᠭᠡ ᠡᠳᠦᠷ ᠵᠠᠩᠴᠤᠪ ᠥᠯᠵᠡᠢᠲᠦ ᠶᠢᠨ ᠭᠣᠣᠯ ᠳᠤ ᠰᠢᠷᠬᠠᠳᠤᠭᠤᠯᠤᠭᠰᠠᠨ ᠦᠨᠡᠭᠡ ᠬᠥᠭᠡᠭᠡᠵᠦ ᠶᠠᠪᠤᠭᠠᠳ ᠠᠷᠪᠠᠭᠠᠳ ᠫᠤᠤ ᠲᠠᠢ ᠬᠥᠮᠥᠰ ᠲᠠᠢ ᠠᠭᠤᠯᠵᠠᠪᠠ᠃ ᠠᠵᠢᠭᠯᠠᠬᠤᠯ᠎ᠠ ᠴᠥᠮ ᠮᠣᠩᠭᠣᠯᠵᠢᠭᠤ ᠵᠠᠰᠠᠯ ᠲᠠᠢ᠂ ᠬᠠᠶᠠ ᠨᠢᠭᠡ ᠬᠣᠶᠠᠷ ᠨᠢ ᠴᠡᠷᠢᠭ ᠬᠤᠪᠴᠠᠰᠤ ᠰᠤᠷ ᠪᠦᠰᠡ ᠲᠡᠢ ᠡᠴᠡ ᠨᠢ ᠳᠡᠭᠡᠷᠡᠮ ᠪᠢᠰᠢ ᠴᠡᠷᠢᠭ ᠦ᠋ᠨ ᠬᠥᠮᠦᠰ ᠭᠡᠵᠦ ᠮᠡᠳᠡᠭᠡᠳ ᠰᠠᠨᠠᠭ᠎ᠠ ᠨᠢ ᠠᠭᠤᠵᠢᠷᠠᠵᠠᠢ᠃ ᠲᠡᠭᠡᠲᠡᠯ᠎ᠡ ᠳᠠᠷᠤᠭ᠎ᠠ ᠮᠠᠶᠢᠭᠲᠠᠢ ᠪᠢᠲᠡᠭᠦᠦ ᠨᠠᠭᠠᠯ ᠲᠠᠢ ᠨᠢᠭᠡ ᠡᠷ᠎ᠡ᠄
       — ᠴᠢ ᠶᠠᠭᠤᠨ ᠤ ᠬᠥᠮᠦᠨ ᠪᠤᠢ?  ᠭᠡᠯ᠎ᠡ᠃
       —  ᠭᠥᠷᠥᠭᠡᠴᠢ  ᠭᠡᠬᠦ ᠳᠦ ᠥᠨᠥᠬᠢ ᠡᠷ᠎ᠡ ᠮᠣᠷᠢᠨ ᠠᠴᠠ ᠪᠠᠨ ᠪᠠᠭᠤᠵᠤ ᠠᠬᠤᠷ ᠫᠤᠤ ᠪᠠᠨ ᠬᠤᠢᠯᠠᠭᠰᠠᠨ ᠳᠤ ᠳᠠᠭᠠᠭᠰᠠᠳ ᠨᠢ ᠮᠣᠷᠢᠨ ᠠᠴᠠ ᠪᠠᠨ ᠪᠠᠭᠤᠵᠠᠭᠠᠪᠠ᠃ ᠲᠡᠷᠡ ᠪᠢᠲᠡᠭᠦᠦ ᠨᠠᠭᠠᠯ ᠲᠠᠢ ᠡᠷ᠎ᠡ ᠵᠠᠩᠴᠤᠪ ᠢ  ᠵᠤᠯᠠᠢ ᠠᠴᠠ ᠨᠢ ᠠᠪᠤᠭᠠᠳ ᠤᠯᠠ ᠳ᠋ᠤᠨᠢ ᠲᠤᠯᠲᠠᠯ᠎ᠠ ᠠᠵᠢᠭᠯᠠᠯ᠎ᠠ᠃
       — ᠨᠡᠷ᠎ᠡ ᠴᠢᠨᠢ ? 
       —  ᠵᠠᠩᠴᠤᠪ !
       —  ᠵᠠᠩᠴᠤᠪ 
       — ᠁ 
       ᠵᠠᠩᠴᠤᠪ ᠲᠣᠯᠣᠭᠠᠢ ᠪᠠᠨ ᠲᠣᠬᠢᠪᠠ᠂
       — ᠠᠩ ᠬᠥᠷᠥᠭᠡᠨ ᠳ᠋ᠦ᠍ ᠰᠠᠢᠨ ᠬᠠᠷᠪᠤᠭᠠᠴᠢ ᠭᠡᠵᠦ ᠨᠡᠷ᠎ᠡ ᠴᠤᠤ ᠭᠠᠷᠳᠠᠭ ᠵᠠᠩᠴᠤᠪ ᠮᠥᠨ ᠪᠢᠵᠡ ? 
       — ᠲᠡᠢᠮᠦ ᠴᠤ᠌ ᠶᠡᠬᠡ ᠴᠤᠤ ᠭᠠᠷᠴᠤ ᠳᠠᠶᠠᠩ ᠢ᠋ ᠱᠤᠤᠭᠢᠭᠤᠯᠤᠨ᠎ᠠ ᠦᠭᠡᠢ᠃ 
       — ᠫᠤᠤ ᠳ᠋ᠠᠭᠠᠨ ᠴᠡᠴᠡᠨ ᠤᠤ ? 
       — ᠴᠡᠴᠡᠨ ᠴᠤ᠌ ᠭᠡᠵᠦ ᠬᠥᠪᠰᠥᠷᠳᠡᠵᠦ ᠴᠢᠳᠠᠬᠤ ᠦᠭᠡᠢ ᠠ᠋ ! ᠳᠥᠩᠭᠡᠭᠦᠷᠢ ᠭᠡᠬᠦ ᠳ᠋ᠦ᠍ᠨᠢ ᠥᠨᠥᠬᠢ ᠪᠢᠲᠡᠭᠦᠦ ᠨᠠᠭᠠᠯ ᠲᠠᠢ ᠡᠷ᠎ᠡ 《 ᠫᠤᠤ ᠪᠠᠨ ᠠᠯᠢᠵᠢ !》 ᠭᠡᠵᠦ ᠲᠡᠭᠦᠨ ᠥᠭᠡᠳᠡ ᠭᠠᠷ ᠢ᠋ᠶ᠋ᠠᠨ ᠵᠠᠩᠭᠠᠪᠠᠯ ᠮᠠᠭᠤ ᠭᠠᠯ ᠫᠤᠤ ᠪᠠᠨ ᠲᠡᠷᠡ ᠡᠷ᠎ᠡ ᠳ᠋ᠦ᠍ ᠱᠣᠷᠳ᠋ ᠭᠡᠲᠡᠯ᠎ᠡ ᠰᠢᠳᠡᠵᠦ ᠥᠭᠪᠡ᠃  ᠲᠡᠷᠡ ᠡᠷ᠎ᠡ ᠵᠠᠩᠴᠤᠪ ᠤᠨ ᠭᠠᠯ ᠫᠤᠤ ᠶ᠋ᠢᠨ ᠵᠠᠮᠤᠭ ᠢ᠋ ᠲᠠᠢᠯᠤᠨ ᠰᠠᠪᠠᠯᠠᠭᠰᠠᠨ ᠳᠠᠷᠢ ᠶ᠋ᠢ ᠨᠢ ᠠᠰᠬᠠᠪᠠ᠃ 
       —  ᠳᠥᠷᠪᠡᠨ ᠬᠥᠯ ᠲᠠᠢ ᠬᠥᠷᠥᠭᠡᠨ ᠳ᠋ᠡᠭᠡᠨ ᠰᠠᠢᠨ ᠭᠡᠵᠦ ᠠᠯᠳᠠᠷᠰᠢᠭᠰᠠᠨ ᠬᠥᠮᠦᠨ ᠬᠣᠶᠠᠷ ᠬᠥᠯ ᠲᠡᠢ ᠬᠥᠷᠥᠭᠡᠨ ᠳ᠋ᠦ᠍ ᠶᠠᠮᠠᠷ ᠪᠣᠢ ? 
       —  ᠠ ᠮᠡᠳᠡᠬᠦ ᠦᠭᠡᠢ ᠡ !  ᠪᠢ ᠲᠡᠢᠮᠦ ᠠᠵᠢ ᠬᠢᠵᠦ ᠦᠵᠡᠭᠡ ᠦᠭᠡᠢ᠃
       — ᠪᠠᠢᠳᠠᠯ ᠲᠥᠯᠥᠪ ᠡᠴᠡ ᠴᠢᠨᠢ ᠦᠵᠡᠬᠦ ᠳ᠋ᠦ᠍ ᠵᠢᠭᠠᠬᠠᠨ ᠳᠡᠭᠡᠷᠡᠮ ᠦ᠋ᠨ ᠰᠢᠨᠵᠢ ᠲᠡᠢ᠃ ᠳᠡᠭᠡᠷᠡᠮ ᠬᠢᠵᠦ ᠥᠩᠭᠡᠷᠡᠭᠰᠡᠨ ᠤᠤ ? 
       — ᠦᠭᠡᠢ ᠠ᠋ ᠂ ᠦᠭᠡᠢ᠃ ᠳᠡᠭᠡᠷᠡᠮ ᠳ᠋ᠦ᠍ ᠳᠡᠭᠡᠷᠡᠮᠳᠡᠭᠳᠡᠭᠰᠡᠨ ᠡᠴᠡ ᠪᠢᠰᠢ ᠬᠠᠷᠢᠨ ᠳᠡᠭᠡᠷᠡᠮ ᠬᠢᠵᠦ ᠦᠵᠡᠭᠡ ᠦᠭᠡᠢ᠃ 
       — ᠶᠠᠩᠬᠠᠢ ᠶ᠋ᠢᠨ ᠭᠣᠣᠯ ᠠᠳᠠ ᠠ᠋ᠴᠠ ᠬᠡᠳᠦᠢ ᠬᠣᠯᠠ ᠪᠣᠢ ? 
       —  ᠲᠡ‍ –  ᠷᠡ ᠤᠯᠠᠭᠠᠨ ᠰᠡᠷᠪᠡᠭᠡᠷ ᠬᠠᠳᠠ ᠲᠠᠢ ᠣᠷᠣᠢ ᠶ᠋ᠢᠨ ᠨᠠᠭᠠᠳᠤ ᠳᠣᠣᠷ᠎ᠠ ᠪᠣᠢ᠃ 
       — ᠬᠡᠳᠦᠢ ᠤᠳᠠᠭᠠᠨ ᠶᠠᠪᠤᠪᠠᠯ ᠲᠡᠨᠳᠡ ᠬᠦᠷᠬᠦ ᠪᠣᠢ? 
       —  ᠠᠭᠤᠯᠠᠨ ᠵᠠᠮ ᠪᠠᠷᠲᠠᠭᠠᠲᠠᠢ ᠳᠠ ᠭᠡᠳ ᠲᠡᠷᠡ ᠴᠡᠷᠢᠭ ᠦ᠋ᠳ ᠦ᠋ᠨ ᠮᠣᠷᠢᠳ ᠢ᠋ ᠬᠠᠷᠠᠭᠠᠳ 《 ᠲᠠᠨᠤᠰ ᠤ᠋ᠨ ᠮᠣᠷᠢᠳ ᠤ᠋ᠨ ᠴᠢᠷᠠᠢ ᠪᠠᠷ ᠨᠠᠷᠠ ᠰᠢᠩᠭᠡᠬᠦ ᠳ᠋ᠦ᠍ ᠬᠥᠷᠪᠡᠯ ᠪᠤᠷᠬᠠᠨ ᠳ᠋ᠠᠭᠠᠨ ᠵᠠᠯᠪᠠᠷᠢ 》ᠭᠡᠵᠦ ᠪᠣᠳᠣᠭᠠᠳ᠄
       — ᠮᠣᠷᠢᠲᠠᠢ ᠬᠥᠮᠥᠰ ᠶᠠᠭᠤ ᠤᠳᠠᠬᠤ ᠪᠣᠢ! ᠳᠤᠨᠳᠠᠭᠤᠷ ᠡᠳᠦᠷ ᠦ᠋ᠨ ᠵᠠᠮ ᠠ᠋ ᠭᠡᠪᠡ᠃ 
       — ᠲᠦᠷᠦᠭᠦᠬᠡᠨ ᠶᠠᠩᠬᠠᠢ ᠶ᠋ᠢᠨ ᠭᠣᠣᠯ ᠢ᠋ᠶ᠋ᠠᠷ ᠨᠢᠭᠡ ᠪᠦᠯᠦᠭ ᠳᠡᠭᠡᠷᠡᠮ ᠠᠢᠯ ᠲᠣᠨᠣᠵᠤ ᠪᠠᠢᠨ᠎ᠠ ᠭᠡᠰᠡᠨ ᠢ᠋ ᠲᠤᠭᠤᠯᠤᠭᠰᠠᠨ ᠤᠤ?
       — ᠲᠤᠭᠤᠯᠤᠭᠰᠠᠨ! ᠥᠴᠥᠭᠡᠳᠦᠷᠬᠡᠨ ᠵᠤᠳᠪᠠ ᠮᠡᠢᠷᠡᠨ ᠦ᠌ ᠭᠤᠴᠢᠭᠠᠳ ᠦᠬᠡᠷ᠂ ᠵᠠᠭᠤ ᠭᠠᠷᠤᠢ ᠬᠣᠨᠢ ᠢᠮᠠᠭ᠎ᠠ ᠶ᠋ᠢ ᠨᠢ ᠰᠠᠯᠭᠠᠵᠤ ᠲᠠᠭᠤᠯ᠎ᠠ ᠭᠡᠰᠡᠨ᠃ 
       — ᠲᠡᠷᠡ ᠳᠡᠭᠡᠷᠡᠮ ᠦᠳ ᠡᠦᠲᠦ ᠶᠠᠩᠬᠠᠢ ᠶ᠋ᠢᠨ ᠭᠣᠣᠯ ᠳ᠋ᠤ᠌ ᠪᠠᠢᠭ᠎ᠠ ᠪᠣᠯᠪᠠ ᠤᠤ ? 
       —  ᠶᠠᠪᠤᠴᠢᠬᠠᠭ᠎ᠠ ᠦᠭᠡᠢ ᠪᠣᠯ ᠪᠠᠢᠬᠤ ᠯᠠ ᠶᠣᠰᠣᠲᠠᠢ᠃ 
       —  ᠴᠢ ᠮᠠᠨᠤᠰ ᠲᠤ ᠲᠦᠳᠡ ᠵᠠᠮ ᠢ᠋ᠶ᠋ᠠᠷ ᠭᠠᠵᠠᠷᠴᠢᠯᠠᠵᠤ ᠵᠤᠳᠪᠠ ᠮᠡᠢᠷᠡᠨ ᠦ᠌ ᠬᠢ ᠶ᠋ᠢ ᠵᠢᠭᠠᠵᠤ ᠥᠭ! ᠮᠡᠳᠡᠪᠡ ᠤᠤ ⁈ ᠭᠡᠳ ᠬᠥᠲᠥᠯᠵᠦ ᠶᠠᠪᠤᠭ᠎ᠠ  ᠵᠠᠢᠳᠠᠩ ᠮᠣᠷᠢᠨ ᠤ ᠰᠣᠷ ᠴᠤᠯᠪᠤᠭᠤᠷ ᠢ ᠰᠢᠲᠡᠵᠦ ᠥᠭᠪᠡ᠃ 
       ᠨᠠᠷᠠ ᠬᠥᠲᠥᠯ ᠦᠨ ᠣᠷᠣᠢ ᠰᠢᠪᠲᠤᠷᠤᠨ᠂ ᠠᠭᠤᠯᠠ ᠶ᠋ᠢᠨ ᠰᠡᠭᠦᠳᠡᠷ ᠤᠨᠠᠬᠤ ᠳ᠋ᠤ᠌ ᠶᠠᠩᠬᠠᠢ ᠶ᠋ᠢᠨ ᠭᠣᠣᠯ ᠤ᠋ᠨ ᠠᠮᠠᠨ ᠳ᠋ᠤ᠌ ᠣᠲᠣᠷᠯᠠᠭᠰᠠᠨ ᠵᠤᠳᠪᠠ ᠮᠡᠢᠷᠡᠨ ᠤ ᠣᠲᠣᠷ ᠤᠨ ᠭᠡᠷ ᠦᠨ ᠬᠢᠨᠢ ᠵᠡᠭᠦᠨ ᠬᠠᠮᠠᠷ ᠳᠡᠭᠡᠷ᠎ᠡ ᠣᠴᠢᠵᠤ ᠮᠣᠷᠢᠨ ᠠ᠋ᠴᠠ ᠪᠠᠭᠤᠵᠠᠭᠠᠪᠠ᠃ 
       ᠳᠤᠷᠠᠨ ᠤ ᠬᠠᠷᠠᠭᠠᠨ ᠳᠤ ᠬᠣᠷᠢ ᠭᠤᠴᠢᠭᠠᠳ ᠮᠣᠷᠢᠳ ᠡᠨᠳᠡ ᠲᠡᠨᠳᠡ ᠮᠣᠳᠣᠨ ᠤ ᠳᠣᠣᠷ᠎ᠠ ᠤᠶᠠᠭᠠᠲᠠᠢ ᠬᠠᠷᠠᠭᠳᠠᠵᠤ᠂ ᠭᠡᠷ ᠦᠨ ᠲᠣᠲᠣᠷ᠎ᠠ ᠭᠠᠳᠠᠨ᠎ᠠ ᠬᠥᠮᠥᠰ ᠠᠪᠠᠭᠠᠷᠠᠯᠳᠤᠵᠤ᠂ ᠲᠤᠯᠭ᠎ᠠ ᠲᠣᠭᠣᠭ᠎ᠠ ᠲᠣᠭᠣᠷᠢᠭᠠᠳ ᠪᠤᠵᠢᠭᠢᠨᠠᠯᠳᠤᠵᠤ  ᠪᠠᠢᠭ᠎ᠠ ᠠᠴᠠ ᠪᠣᠳᠣᠪᠠᠯ ᠬᠣᠨᠢ ᠮᠠᠯ ᠠᠯᠠᠵᠤ ᠮᠢᠬ᠎ᠠ ᠴᠢᠨᠠᠵᠤ ᠢᠳᠡᠬᠦ ᠭᠡᠵᠦ ᠪᠠᠢᠭ᠎ᠠ ᠪᠣᠯᠣᠯᠲᠠᠢ᠃ ᠣᠴᠢᠭᠰᠠᠨ ᠬᠥᠮᠥᠰ ᠱᠠᠯᠠᠪᠳᠠᠵᠤ ᠵᠡᠭᠦᠨ ᠪᠠᠷᠠᠭᠤᠨ ᠬᠣᠢᠳᠤ ᠬᠥᠲᠥᠯ ᠢ ᠪᠦᠰᠡᠯᠡᠵᠦ᠂ ᠤᠷᠳᠤ ᠠᠮᠠ ᠶᠢ ᠨᠢ ᠣᠩᠭᠣᠢᠯᠭᠠᠵᠤ ᠲᠡᠭᠦᠪᠡᠷ ᠲᠤᠲᠠᠭᠠᠬᠤ ᠳ᠋ᠤᠨᠢ ᠪᠦᠭᠭᠦᠵᠦ ᠤᠰᠠᠳᠬᠠᠬᠤ ᠪᠠᠷ ᠪᠡᠯᠡᠳᠬᠡᠪᠡ᠃ ᠬᠣᠶᠠᠷ ᠲᠠᠯ᠎ᠠ ᠪᠠᠷ ᠢᠶᠠᠨ ᠰᠢᠷᠦᠭᠦᠨ ᠲᠤᠯᠤᠯᠳᠤᠵᠤ ᠡᠬᠢᠯᠡᠯ᠎ᠡ᠃ ᠵᠠᠩᠴᠤᠪ ᠡᠳᠡᠨᠥᠰ ᠦ᠋ᠨ ᠫᠤᠤ ᠰᠠᠢᠨ ᠴᠤ᠌ ᠳᠡᠮᠡᠢ ᠬᠣᠭᠣᠰᠣᠨ ᠫᠤᠤᠳᠠᠬᠤ ᠶ᠋ᠢ ᠦᠵᠡᠭᠡᠳ ᠭᠠᠩᠰᠠᠨ ᠲᠠᠮᠠᠬᠢ ᠪᠤᠭ ᠤᠷᠤᠯᠳᠤᠵᠤ ᠰᠠᠭᠤᠬᠤ ᠳ᠋ᠠᠭᠠᠨ ᠫᠤᠤ ᠰᠤᠮᠤᠨ ᠤ᠋ ᠬᠣᠷᠣᠬᠠᠢ ᠨᠢ ᠬᠥᠳᠡᠯᠵᠦ ᠭᠠᠷ ᠨᠢ ᠵᠠᠭᠠᠲᠤᠨᠠᠵᠤ᠄ 
       —  ᠢᠰᠢ᠂ ᠶᠣᠰᠣᠲᠠᠢ ᠬᠠᠢᠷᠠᠨ ᠰᠤᠮᠤ ᠡᠢᠮᠦ ᠰᠠᠢᠨ ᠫᠤᠤ ᠰᠤᠮᠤ ᠲᠠᠢ ᠪᠠᠢᠭᠠᠳ ᠁ ᠭᠡᠳ  ᠡᠷᠡᠦ ᠪᠡᠨ ᠮᠤᠰᠬᠢᠵᠤ ᠬᠡᠯᠡᠬᠦ ᠳᠦ ᠨᠥᠭᠦᠭᠡ ᠪᠢᠲᠡᠭᠦᠦ ᠨᠠᠭᠠᠯ ᠲᠠᠢ ᠡᠷ᠎ᠡ ᠰᠣᠨᠣᠰᠤᠭᠠᠳ᠄
      — ᠡᠨᠡ ᠴᠤ᠌ ᠪᠠᠰᠠ ᠨᠢᠭᠡ ᠲᠠᠭᠠᠲᠠᠢ ᠠᠷᠠᠰᠤᠨ ᠳᠠᠭᠠᠨ ᠪᠠᠭᠲᠠᠬᠤ ᠦᠭᠡᠢ ᠬᠥᠪᠰᠥᠷᠳᠡᠳᠡᠭ 《ᠭᠠᠯ ᠦᠨ ᠭᠡᠰᠢᠭ 》③ ᠶᠤᠮ ᠡ ! ᠮᠠᠢ᠂  ᠴᠢᠮ᠎ᠠ ᠳᠤ ᠨᠢᠭᠡ ᠫᠤᠤ ᠥᠭᠭᠦᠶ᠎ᠡ! ᠴᠢᠨᠦ ᠫᠤᠤᠳᠠᠬᠤ ᠶ᠋ᠢ ᠦᠵᠡᠶ᠎ᠡ᠃ ᠵᠠᠳᠠᠭᠠᠢ ᠭᠦᠶᠦᠭᠰᠡᠨ ᠭᠥᠷᠥᠭᠡᠰᠦ ᠠᠷᠠᠢ ᠪᠢᠰᠢ ᠰᠢᠦ᠃ ᠴᠠᠭᠠᠳᠤᠬᠢ ᠴᠢᠨᠢ ᠫᠤᠤ ᠵᠡᠪᠰᠡᠭ ᠲᠡᠢ ᠬᠥᠮᠦᠨ ᠪᠠᠢᠨ᠎ᠠ᠁  ᠶᠠᠭᠤ ᠭᠡᠵᠦ ᠰᠠᠨᠠᠪᠠ? ᠭᠡᠬᠦ ᠳᠦ᠂
      —  ᠵᠠ᠂ ᠠᠯᠢ! ᠭᠡᠳ ᠠᠯᠢ ᠬᠡᠳᠦᠢᠨ ᠭᠠᠷ ᠨᠢ ᠵᠠᠭᠠᠲᠤᠨᠠᠭᠰᠠᠨ ᠵᠠᠩᠴᠤᠪ ᠲᠦᠷᠭᠡᠨ ᠫᠤᠤ  ᠶ᠋ᠢ ᠲᠣᠰᠴᠤ ᠰᠤᠮᠤ ᠳᠠᠷᠤᠮᠠᠭᠴᠠ ᠬᠠᠷᠠᠭᠠᠯᠠᠬᠤ ᠴᠤ᠌ ᠦᠭᠡᠢ ᠪᠡᠷ ᠫᠤᠤᠳᠠᠬᠤ ᠭᠡᠬᠦ ᠳᠦ ᠄
      —  ᠬᠦᠶᠢ᠂ ᠬᠦᠶᠢ!  ᠬᠢᠴᠢᠶᠡ᠂ ᠬᠢᠴᠢᠶᠡ 《 ᠭᠠᠯ ᠤ᠋ᠨ ᠬᠡᠰᠢᠭ 》 ᠠ᠋ ! ᠫᠤᠤ ᠰᠤᠮᠤ ᠭᠡᠭᠴᠢ ᠠᠨᠳᠠᠭ᠎ᠠ ᠲᠠᠢ ᠪᠠᠢᠳᠠᠭ ᠰᠢᠦ ! ᠲᠦᠷᠭᠡᠨ ᠫᠤᠤ ᠭᠡᠭᠴᠢ  ᠣᠨᠢᠯᠠᠵᠤ ᠬᠠᠷᠠᠭᠠᠯᠠᠳᠠᠭ ᠶᠤᠮ ᠰᠢᠦ ! ᠵᠦᠭᠡᠷ ᠯᠡ ᠶᠣᠳᠠᠷ ᠳᠠᠯᠠᠢᠬᠤ ᠰᠢᠭ᠋ ᠁ ᠠᠢ ᠳᠠ᠂ ᠡᠨᠡ ᠴᠤ᠌ ᠲᠦᠷᠭᠡᠨ ᠫᠤᠤ ᠪᠠᠷᠢᠵᠤ ᠴᠤ᠌ ᠦᠭᠡᠢ ᠵᠣᠯᠢᠭ ᠶᠤᠮ ᠪᠠᠢᠨ᠎ᠠ ᠁ ᠴᠢᠨᠦ ᠡᠨᠡ ᠶᠠᠩᠵᠤ ᠪᠠᠷ ᠳᠠ! ᠭᠡᠵᠦ ᠴᠠᠭᠠᠳᠤᠬᠢ ᠨᠢ ᠲᠣᠭᠣᠮᠰᠠᠷ ᠦᠭᠡᠢ ᠢᠷᠪᠠᠢᠵᠤ ᠪᠠᠢᠯ᠎ᠠ᠃ 
       ᠵᠠᠩᠴᠤᠪ ᠬᠥᠮᠥᠨ ᠰᠢᠭ ᠫᠤᠤ ᠣᠨᠢᠯᠠᠵᠤ ᠬᠠᠷᠠᠭᠠᠯᠠᠨ᠎ᠠ ᠭᠡᠳᠡᠭ ᠦᠭᠡᠢ ᠡᠷᠭᠦᠵᠦ ᠠᠪᠤᠭᠠᠳ ᠲᠡᠷᠡ ᠵᠦᠭ ᠤᠷᠤᠭᠤ ᠳᠠᠮ ᠢᠶᠠᠷ ᠨᠢ ᠫᠤᠤᠳᠠᠵᠤ ᠥᠭᠪᠡ᠃ ᠲᠡᠭᠡᠬᠦ ᠳᠦ ᠨᠡᠬᠡᠷᠡᠨ ᠰᠠᠨᠠᠭᠰᠠᠨ ᠠᠴᠠ ᠭᠠᠳᠠᠭᠤᠷ ᠬᠡᠳᠦ ᠬᠡᠳᠦᠨ ᠳᠡᠭᠡᠷᠡᠮ ᠢ ᠲᠣᠩᠭᠣᠢᠯᠭᠠᠴᠢᠬᠠᠪᠠ᠃ ᠲᠡᠭᠡᠭᠡᠳ ᠲᠡᠷᠡ ᠤᠳᠠᠭ᠎ᠠ ᠣᠯᠠᠨ ᠳᠡᠭᠡᠷᠡᠮ ᠢ᠋ ᠤᠰᠠᠳᠬᠠᠭᠰᠠᠨ ᠠ᠋ᠴᠠ ᠪᠢᠲᠡᠭᠦᠦ ᠨᠠᠭᠠᠯ ᠲᠠᠢ ᠡᠶ᠎ᠡ ᠲᠡᠭᠦᠨ ᠢ᠋ ᠲᠣᠭᠣᠵᠤ ᠬᠣᠰᠢᠭᠤ ᠴᠡᠷᠢᠭ ᠲᠡᠭᠡᠨ ᠲᠠᠲᠠᠵᠤ ᠠᠪᠴᠠᠢ᠃ 
       ᠁
      ᠪᠯᠠᠮᠤ ᠪᠦᠰᠡᠬᠦᠢ ᠨᠢᠯᠪᠤᠰᠤ ᠪᠠᠨ ᠵᠦᠯᠭᠦᠵᠦ᠄
      —  ᠥᠴᠥᠭᠡᠳᠦᠷ ᠰᠥᠨᠢ ᠶᠢᠨ ᠳᠡᠭᠡᠷᠡᠮ ᠭᠡᠵᠦ ᠶᠣᠰᠣᠲᠠᠢ ᠨᠢᠳᠦᠨ ᠳ᠋ᠡᠭᠡᠨ ᠤᠰᠤ ᠦᠭᠡᠢ ᠴᠢᠰᠤ ᠨᠤᠭᠤᠳ ᠪᠠᠢᠭ᠎ᠠ ᠁  ᠦᠬᠦᠬᠦ ᠳ᠋ᠡᠭᠡᠨ ᠣᠢᠷᠠᠲᠤᠭᠰᠠᠨ ᠡᠪᠦᠭᠡᠨ ᠦ ᠬᠤᠴᠢᠯᠭ᠎ᠠ <ᠤᠲᠠᠰᠤᠨ ᠰᠢᠷᠬᠡᠭ ᠲᠠᠢ ᠨᠢᠮᠬᠡᠨ ᠬᠤᠴᠢᠯᠭ᠎ᠠ> ᠶᠢ ᠬᠦᠷᠲᠡᠯ᠎ᠡ ᠬᠠᠭᠤᠯᠵᠤ᠂ ᠡᠮᠦᠰᠦᠭᠰᠡᠨ ᠮᠠᠭᠤ ᠲᠠᠪᠤᠤ ᠲᠡᠷᠯᠢᠭ ᠢ ᠨᠢ ᠬᠦᠷᠲᠡᠯ᠎ᠡ ᠠᠪᠴᠤ ᠶᠠᠪᠤᠭᠰᠠᠨ ᠁  ᠭᠡᠬᠦ ᠨᠢ ᠡᠭᠡᠭᠡ ᠯᠠ ᠬᠦᠯᠢᠶᠡᠵᠦ ᠬᠦᠯᠢᠶᠡᠵᠦ ᠤᠳᠠᠭᠠᠳ ᠢᠷᠡᠬᠦ ᠬᠠᠷ᠎ᠠ ᠬᠥᠮᠥᠨ ᠦ ᠪᠡᠨ ᠪᠠᠷ᠎ᠠ ᠪᠠᠷ ᠲᠣᠨᠢᠷᠬᠠᠨ ᠭᠣᠮᠣᠳᠠᠵᠤ ᠳᠠᠯᠠᠨ ᠪᠤᠯᠴᠢᠷᠬᠠᠢ ᠪᠠᠨ ᠲᠣᠭᠠᠯᠠᠵᠤ ᠪᠠᠢᠭ᠎ᠠ ᠰᠢᠭ᠋ ᠪᠠᠢᠯ᠎ᠠ᠃
       —  ᠠᠢ᠂ ᠪᠢ ᠴᠢᠨᠢ ᠦᠭᠡᠨ ᠳ᠋ᠡᠭᠡᠨ ᠪᠣᠯᠣᠭᠠᠳ ᠵᠣᠴᠢᠨ ᠳᠠᠭᠠᠨ ᠴᠠᠢ ᠴᠤ᠌ ᠦᠭᠡᠢ ᠭᠡᠳ ᠪᠣᠰᠴᠤ ᠵᠡᠰ ᠳᠡᠪᠦᠷ᠎ᠡ ᠳᠦ ᠴᠠᠢ ᠣᠢᠵᠤ ᠭᠠᠯ ᠨᠣᠴᠣᠭᠠᠪᠠ᠃ 
       ᠬᠥᠰᠡᠷ ᠵᠣᠭᠰᠣᠭ᠎ᠠ ᠬᠣᠶᠠᠷ ᠵᠢᠭᠠᠯ ᠬᠦᠦ ᠡᠨᠡ ᠢᠷᠡᠭᠰᠡᠨ ᠭᠡᠢᠴᠢᠨ ᠦ᠌ ᠭᠠᠷ ᠠ᠋ᠴᠠ ᠶᠠᠭᠤ ᠨᠢᠭᠡ ᠶᠠᠭᠤᠮ᠎ᠠ ᠭᠣᠷᠢᠳᠠᠭᠰᠠᠨ ᠰᠢᠭ᠋ ᠪᠦᠯᠲᠡᠩ ᠪᠦᠯᠲᠡᠩ ᠬᠠᠷᠠᠨ᠎ᠠ᠃ 
     ᠠᠩᠴᠢᠨᠵᠠᠪ ᠱᠤᠤᠮᠠᠰᠠ ᠪᠠᠨ ᠲᠡᠮᠲᠡᠷᠢᠵᠦ ᠬᠡᠦᠬᠡᠳ ᠦ᠋ᠨ ᠨᠢᠳᠤᠷᠭᠠᠨ ᠴᠢᠨᠡᠭᠡ ᠬᠣᠶᠠᠷ ᠬᠡᠰᠡᠭ ᠮᠥᠰᠥᠨ ᠰᠢᠬᠢᠷ ᠭᠠᠷᠭᠠᠵᠤ ᠥᠨᠥᠬᠢ ᠬᠣᠶᠠᠷ ᠬᠡᠦᠬᠡᠳ ᠲᠦ᠍ ᠥᠭᠪᠡᠯ ᠬᠣᠶᠠᠷ ᠬᠡᠦᠬᠡᠳ ᠲᠠᠨᠢᠬᠤ ᠦᠭᠡᠢ ᠬᠠᠷ᠎ᠠ ᠬᠥᠮᠦᠨ ᠡᠴᠡ ᠪᠢᠰᠢᠭᠦᠷᠬᠡᠵᠦ ᠬᠣᠶᠠᠷ ᠪᠢᠴᠢᠬᠠᠨ ᠭᠠᠷ ᠢ᠋ᠶ᠋ᠠᠨ ᠨᠤᠬᠤᠯᠠᠭᠠᠳ ᠠᠪ ᠶᠠᠳᠠᠨ᠎ᠠ᠃ ᠠᠪᠤ ᠠ᠋ᠴᠠ ᠪᠠᠨ ᠬᠣᠢᠰᠢ ᠶᠡᠬᠡ ᠤᠳᠠᠭᠠᠨ ᠰᠢᠬᠢᠷ ᠦ᠋ᠨ ᠠᠮᠲᠠ ᠶ᠋ᠢ ᠠᠮᠲᠠᠯᠠᠵᠤ ᠦᠵᠡᠭᠡ ᠦᠭᠡᠢ᠂ ᠪᠠᠷᠤᠭ ᠮᠠᠷᠲᠠᠬᠤ ᠳᠡᠭᠡᠷ᠎ᠡ ᠬᠦᠷᠦᠭᠰᠡᠨ ᠬᠣᠶᠠᠷ ᠬᠡᠦᠬᠡᠳ ᠦ᠋ᠨ ᠪᠣᠳᠣᠯ ᠳ᠋ᠤ᠌ ᠡᠨᠡ ᠬᠥᠮᠦᠨ ᠦ᠌ ᠭᠠᠷ ᠳᠠᠬᠢ ᠮᠥᠰᠥᠨ ᠰᠢᠬᠢᠷ ᠨᠢ ᠶᠠᠭᠤᠨ ᠠᠴᠠ ᠢᠯᠡᠭᠦᠦ ᠡᠷᠬᠢᠮ ᠰᠠᠢᠬᠠᠨ ᠰᠠᠨᠠᠭᠳᠠᠵᠤ᠂ ᠡᠨᠡ ᠰᠢᠬᠢᠷ ᠥᠭᠴᠦ ᠪᠠᠢᠭ᠎ᠠ ᠬᠥᠮᠦᠨ ᠠᠪᠤ ᠨᠢ ᠪᠠᠢᠭᠰᠠᠨ ᠪᠣᠯ ᠠᠯᠢ ᠬᠡᠳᠦᠢᠨ ᠡᠪᠦᠷ ᠲᠤᠨᠢ ᠣᠴᠢᠵᠤ ᠰᠠᠭᠤᠭᠠᠳ ᠪᠤᠯᠢᠶᠠᠯᠳᠤᠵᠤ ᠰᠢᠬᠢᠷ ᠢ᠋ᠶ᠋ᠡᠷ ᠨᠣᠵᠣᠭᠣᠷᠠᠭᠰᠠᠨ ᠰᠢᠯᠦᠰᠦ ᠪᠡᠨ ᠴᠤᠪᠤᠷᠠᠭᠤᠯᠲᠠᠯ᠎ᠠ ᠬᠦᠯᠬᠦᠬᠦ ᠪᠠᠢᠭᠰᠠᠨ᠃ ᠭᠡᠲᠡᠯ᠎ᠡ ᠡᠨᠡ ᠬᠠᠷ᠎ᠠ ᠬᠥᠮᠦᠨ ᠠᠪᠤ ᠨᠢ ᠪᠢᠰᠢ ᠪᠣᠯᠬᠣᠷ ᠲᠡᠭᠡᠵᠦ ᠡᠷᠬᠡ ᠳᠤᠷ᠎ᠠ ᠪᠡᠷ ᠪᠣᠯᠵᠤ ᠴᠢᠳᠠᠬᠤ ᠦᠭᠡᠢ ᠯᠡ ᠪᠠᠢᠯ᠎ᠠ᠃ 
       ᠨᠢᠵᠢᠭᠡᠳ ᠮᠥᠰᠥᠨ ᠰᠢᠬᠢᠷ ᠢ᠋ᠶ᠋ᠠᠷ ᠱᠠᠩᠨᠠᠭᠤᠯᠤᠭᠠᠳ ᠬᠣᠶᠠᠷ ᠵᠢᠭᠠᠯ ᠬᠦᠦ ᠠᠮᠲᠠᠷᠬᠠᠨ ᠬᠦᠯᠬᠦᠵᠦ ᠪᠠᠢᠪᠠ᠃ ᠳᠡᠮᠡᠢ ᠤᠳᠠᠭᠰᠠᠨ ᠦᠭᠡᠢ ᠥᠨᠥᠬᠢ ᠬᠣᠶᠠᠷ  ᠵᠢᠭᠠᠯ ᠬᠦᠦ ᠶᠢᠨ ᠵᠣᠷᠢᠭ ᠨᠢ ᠪᠦᠳᠦᠭᠦᠷᠡᠵᠦ ᠬᠠᠨᠵᠤᠨ ᠳᠡᠭᠡᠷ᠎ᠡ ᠦᠰᠦᠷᠴᠦ ᠭᠠᠷᠤᠭᠠᠳ ᠠᠩᠴᠢᠨᠵᠠᠪ ᠢ ᠠᠪᠤ ᠪᠠᠨ ᠭᠡᠵᠦ ᠪᠣᠳᠣᠭᠰᠠᠨ ᠴᠤ᠌ ᠪᠣᠯᠪᠠ ᠤᠤ ᠭᠡᠮᠡᠷ ᠲᠡᠭᠦᠨ ᠲᠡᠢ ᠡᠭᠡᠨᠡᠭᠰᠢᠵᠦ ᠬᠠᠪᠢᠳᠠᠬᠤ ᠰᠠᠨᠠᠭᠠᠲᠠᠢ ᠭᠠᠷ ᠬᠤᠷᠤᠭᠤ ᠶ᠋ᠢ ᠨᠢ ᠣᠷᠣᠯᠳᠣᠬᠤ ᠰᠢᠭ᠋ ᠪᠣᠯᠤᠯ᠎ᠠ᠃ 
      ᠳᠡᠪᠦᠷ᠎ᠡ ᠲᠠᠢ ᠴᠠᠢ ᠪᠤᠴᠠᠯᠪᠠ᠃  ᠪᠯᠠᠮᠤ ᠠᠩᠴᠢᠨᠵᠠᠪ ᠲᠤ ᠴᠠᠢ ᠠᠶᠠᠭᠠᠯᠠᠬᠤ ᠶ᠋ᠢᠨ ᠵᠠᠪᠰᠠᠷ᠄
      —  ᠲᠣᠮᠣᠭ᠎ᠠ ᠲᠠᠢ ᠰᠠᠭᠤ!  ᠡᠨᠡ ᠬᠥᠮᠥᠨ ᠬᠤᠭᠤᠨᠤᠩ ④ ᠬᠡᠦᠬᠡᠳ ᠦᠨ ᠴᠢᠬᠢ ᠣᠭᠲᠣᠯᠳᠠᠭ ᠰᠢᠦ!  ᠲᠠᠬᠢᠭᠠᠳ ᠦᠭᠡ ᠰᠣᠨᠣᠰᠬᠤ ᠦᠭᠡᠢ ᠪᠣᠯ  ᠪᠥᠯᠳᠦᠭ ᠴᠤ᠌ ᠠᠪᠴᠢᠬᠠᠳᠠᠭ ᠬᠥᠮᠥᠨ ᠭᠡᠨ᠎ᠡ ᠯᠠᠢ ᠭᠡᠬᠦ ᠳᠦ ᠬᠣᠶᠠᠷ ᠬᠡᠦᠬᠡᠳ ᠠᠩᠴᠢᠨᠵᠠᠪ ᠤᠨ ᠴᠢᠷᠠᠢ ᠥᠭᠡᠳᠡ ᠨᠢᠳᠦ ᠴᠠᠪᠴᠢᠯ ᠦᠭᠡᠢ ᠬᠠᠷᠠᠩᠭᠠᠨ ᠦᠨᠡᠭᠡᠷ ᠨᠠᠮᠠᠶ᠋ᠢ ᠮᠥᠰᠥᠨ ᠰᠢᠬᠢᠷ ᠢᠶᠡᠷ ᠢᠶᠡᠨ ᠬᠠᠭᠤᠷᠴᠤ ᠪᠠᠢᠭᠠᠳ ᠪᠥᠯᠳᠦᠭ ᠢ ᠮᠢᠨᠢ᠂ ᠡᠰᠡᠪᠡᠰᠦ ᠴᠢᠬᠢ ᠶᠢ ᠮᠢᠨᠢ ᠠᠪᠴᠢᠬᠠᠳᠠᠭ ᠴᠤ᠌ ᠶᠤᠮ ᠪᠢᠯᠡ ᠤᠤ ᠭᠡᠰᠡᠨ ᠰᠢᠨᠵᠢᠲᠡᠢ ᠨᠢᠭᠡ ᠨᠢ ᠴᠢᠬᠢ ᠪᠡᠨ ᠪᠠᠷᠢᠵᠤ᠂ ᠨᠥᠭᠦᠭᠡ ᠨᠢ ᠪᠥᠯᠲᠦᠭ ᠢ᠋ᠶ᠋ᠡᠨ ᠲᠡᠮᠲᠡᠷᠢᠵᠦ ᠪᠥᠭᠰᠡ ᠪᠡᠷ ᠢ᠋ᠶ᠋ᠡᠨ ᠶᠤᠭᠤᠵᠤ ᠠᠷᠤᠨᠰᠢ ᠪᠠᠨ ᠰᠠᠭᠤᠪᠠ᠃ 
       ᠪᠯᠠᠮᠤ ᠭᠤᠷ᠎ᠠ ᠶ᠋ᠢᠨ ᠠᠷᠠᠰᠤᠨ ᠲᠤᠯᠤᠮ ᠤ᠋ᠨ ᠢᠷᠣᠭᠠᠷ ᠰᠡᠭᠰᠦᠷᠦᠨ ᠲᠤᠯᠤᠮ ᠤ᠋ᠨ ᠰᠢᠭᠢᠷ᠎ᠡ᠂ ᠥᠨᠴᠥᠭ ᠪᠤᠯᠤᠩ ᠳ᠋ᠤ᠌ ᠦᠯᠡᠳᠡᠵᠦ ᠬᠣᠴᠣᠷᠤᠭᠰᠠᠨ ᠬᠠᠭᠤᠷᠤᠭᠰᠠᠨ  ᠪᠤᠳ᠋ᠠᠭᠠᠨ ᠤ᠋ ᠠᠭ᠎ᠠ ᠵᠠᠷᠮ᠎ᠠ ᠨᠢ ᠳᠡᠢᠯᠳᠡᠬᠦᠦ ᠪᠠᠯᠪᠠᠳᠠᠭ ᠢ᠋ ᠠᠷᠠᠢ ᠳᠤᠨᠳᠠᠭᠤᠷ ᠠᠶᠠᠭ᠎ᠠ ᠬᠢᠷᠢᠲᠡᠢ ᠬᠥᠪᠢᠵᠦ ᠣᠯᠤᠭᠠᠳ ᠭᠡᠢᠴᠢᠨ ᠦ᠌ ᠪᠡᠨ ᠤᠷᠢᠲᠠᠢ ᠲᠠᠯᠪᠢᠵᠤ ᠳᠠᠷᠠᠭ᠎ᠠ ᠨᠢ ᠤᠢᠰᠤᠨ ᠬᠠᠪᠴᠢᠭ ᠲᠠᠢ ᠬᠦᠴᠢᠲᠡᠢ ᠰᠦ᠂ ᠭᠠᠰᠢᠯᠤᠭᠰᠠᠨ ᠠᠮᠲᠠ ᠲᠠᠢ ᠬᠠᠷ᠎ᠠ ᠠᠭᠠᠷᠤᠤᠯ ᠵᠡᠷᠭᠡ ᠶᠠᠭᠤᠮ᠎ᠠ ᠲᠠᠯᠪᠢᠵᠤ ᠥᠭᠪᠡ᠃ ᠡᠨᠡ ᠠᠢᠯ ᠤᠨ ᠪᠠᠢᠳᠠᠭ ᠢ᠋ᠶ᠋ᠠᠨ ᠲᠡᠮᠲᠡᠷᠢᠵᠦ᠂ ᠬᠦᠨᠳᠦᠲᠡᠢ ᠵᠣᠴᠢᠨ ᠢ᠋ᠶ᠋ᠠᠨ ᠵᠣᠴᠢᠯᠠᠵᠤ ᠪᠠᠢᠭ᠎ᠠ ᠶ᠋ᠢᠨ ᠬᠢᠨᠢ ᠲᠠᠷ ᠨᠢ ᠡᠨᠡ ᠪᠠᠢᠯ᠎ᠠ᠃ ᠡᠬᠡᠨᠡᠷ ᠬᠥᠮᠦᠨ ᠨᠢ ᠡᠵᠡᠭᠦᠢ ᠠᠢᠯ ᠤ᠋ᠨ ᠢᠯᠴᠢ ᠴᠢᠮᠡᠭ ᠨᠢ ᠰᠤᠯᠠᠷᠠᠵᠤ᠂ ᠡᠷ᠎ᠡ ᠪᠦᠰᠡᠲᠡᠢ ᠬᠥᠮᠦᠨ ᠨᠢ ᠡᠵᠡᠭᠦᠢ ᠠᠢᠯ ᠤ᠋ᠨ ᠰᠦᠷ ᠰᠦᠯᠳᠡ ᠨᠢ ᠤᠨᠲᠠᠷᠠᠭᠰᠠᠨ ᠭᠡᠪᠡᠯ ᠡᠨᠡ ᠠᠢᠯ ᠢ᠋ ᠬᠡᠯᠡᠵᠡᠢ᠃ ᠭᠡᠬᠦ ᠳ᠋ᠡᠭᠡᠨ ᠡᠨᠡ ᠣᠷᠣᠶ᠎ ᠶ᠋ᠢᠨ ᠡᠨᠡᠬᠡᠨ ᠠᠭᠱᠠᠨ ᠳ᠋ᠤ᠌ ᠡᠨᠡ ᠠᠢᠯ ᠤᠨ ᠢᠯᠴᠢ ᠴᠢᠮᠡᠭ᠂ ᠰᠦᠷ ᠰᠦᠯᠳᠡ ᠨᠢ ᠵᠡᠷᠭᠡ ᠪᠡᠷ ᠭᠢᠯᠠᠷᠠᠬᠤ ᠰᠢᠭ᠋ ᠪᠣᠯᠪᠠ᠃  ᠪᠯᠠᠮᠤ ᠶ᠋ᠢᠨ ᠴᠢᠷᠠᠢ ᠳ᠋ᠤ᠌ 《ᠥᠨᠥᠳᠥᠷ ᠳᠡᠭᠡᠷᠡᠮ ᠪᠠᠢᠲᠤᠭᠠᠢ᠂ ᠲᠡᠭᠷᠢ ᠨᠤᠷᠠᠵᠤ ᠭᠠᠯᠪᠠ ᠶᠡᠭᠦᠷᠡᠪᠡᠴᠦ ᠲᠤᠯᠤᠭᠠᠳ ᠠᠪᠬᠤ ᠲᠦᠰᠢᠭ ᠲᠤᠯᠭᠠᠭᠤᠷᠢ ᠲᠠᠢ ᠪᠣᠯᠤᠯ᠎ᠠ 》 ᠭᠡᠰᠡᠨ ᠪᠠᠢᠳᠠᠯ ᠢᠯᠡ ᠪᠠᠢᠯ᠎ᠠ᠃ 
       ᠴᠠᠢ ᠤᠤᠭᠤᠭᠠᠳ ᠬᠥᠯᠥᠷᠡᠵᠦ ᠰᠠᠭᠤᠭᠰᠠᠨ ᠭᠡᠷᠳᠡᠭᠡᠷ ᠱᠠᠯᠳᠠᠩ ᠴᠡᠭᠡᠵᠢ ᠲᠠᠢ ᠡᠷ᠎ᠡ ᠬᠥᠮᠥᠨ ᠢ ᠬᠠᠶᠠ ᠬᠠᠶᠠ ᠬᠤᠯᠠᠭᠠᠢ ᠬᠠᠷᠠᠭᠰᠠᠨ ᠪᠯᠠᠮᠤ ᠶᠢᠨ ᠨᠢᠳᠦ ᠳᠠᠯᠮᠢᠶᠠᠳᠤᠵᠤ ᠪᠣᠳᠣᠯ ᠤᠨ ᠵᠢᠯᠣᠭᠣ ᠠᠯᠳᠠᠭᠤᠯᠵᠤ ᠪᠠᠢᠪᠠ᠃ ᠬᠡᠴᠢᠨᠡᠭᠡᠨ ᠡᠳᠦᠷ ᠡᠷ᠎ᠡ ᠬᠥᠮᠦᠨ ᠦ᠌ ᠦᠨᠦᠷ ᠠᠪᠤᠭ᠎ᠠ ᠦᠭᠡᠢ ᠳ᠋ᠡᠭᠡᠨ ᠡᠨᠡᠭᠦᠬᠡᠨ ᠳ᠋ᠦ᠍ ᠠᠩᠴᠢᠨᠵᠠᠪ ᠤᠨ ᠪᠡᠶ᠎ᠡ ᠡᠴᠡ ᠡᠷ᠎ᠡ ᠬᠥᠮᠦᠨ ᠦ᠌ ᠪᠡᠨ ᠦᠨᠦᠷ ᠠᠪᠤᠭᠠᠳ ᠪᠡᠶ᠎ᠡ ᠰᠡᠳᠬᠢᠯ ᠨᠢ ᠬᠠᠴᠢᠨ ᠪᠣᠯᠪᠠ᠃ 
       ᠬᠡᠪᠲᠡᠷᠢ ᠳᠦ ᠪᠠᠢᠭ᠎ᠠ ᠡᠪᠡᠳᠴᠢᠲᠡᠢ ᠡᠪᠦᠭᠡᠨ ᠠᠩᠴᠢᠨᠵᠠᠪ ᠢ᠋ ᠬᠠᠶᠠ ᠬᠠᠶᠠ ᠭᠠᠢᠬᠠᠨ ᠰᠢᠷᠲᠡᠵᠦ《ᠡᠨᠡ ᠬᠥᠮᠦᠨ ᠰᠠᠢᠨ ᠬᠥᠮᠦᠨ ᠦ᠌ ᠲᠥᠯᠥᠪ ᠲᠠᠢ ᠳᠠ ᠂ ᠴᠠᠭᠠᠨ᠎ᠠ ᠪᠠᠨ ᠴᠣᠬᠣᠮ ᠬᠥᠮᠥᠨ ᠲᠠᠢ ᠪᠠᠢᠭ᠎ᠠ ᠤᠤ ? ᠬᠡᠦᠬᠡᠨ ᠦ᠌ ᠮᠢᠨᠢ ᠰᠡᠳᠬᠢᠯ ᠤ᠋ᠨ ᠲᠤᠯᠭᠠᠭᠤᠷ ᠨᠢ ᠪᠣᠯᠤᠮᠠᠷ ᠬᠥᠮᠦᠨ ᠮᠥᠰᠥ ᠲᠡᠢ ᠴᠤ᠌ ᠪᠣᠯ ᠁ 》ᠭᠡᠵᠦ ᠡᠯᠳᠡᠪ ᠰᠠᠢᠨ ᠰᠠᠢᠬᠠᠨ ᠢ ᠭᠣᠷᠢᠳᠠᠨ ᠪᠣᠳᠣᠵᠤ ᠬᠡᠪᠲᠡᠵᠡᠢ᠃ 
       ᠠᠩᠴᠢᠨᠵᠠᠪ᠂ ᠡᠪᠡᠳᠴᠢᠲᠡᠢ ᠡᠪᠦᠭᠡᠨ ᠦ ᠪᠡᠶ᠎ᠡ ᠪᠡᠨ ᠴᠢᠩᠨᠠᠨ ᠬᠡᠪᠲᠡᠵᠦ ᠪᠠᠢᠭ᠎ᠠ ᠡᠨᠡᠯᠦᠯᠲᠡᠢ ᠪᠠᠢᠳᠠᠯ ᠢ ᠠᠵᠢᠵᠦ ᠮᠡᠳᠡᠭᠡᠳ ᠬᠣᠷᠢᠨ ᠮᠥᠩᠭᠥᠨ ᠵᠣᠭᠣᠰ ᠨᠢᠭᠡ ᠴᠣᠬᠣᠷ ᠪᠥᠭᠰᠡ ᠲᠠᠢ ᠵᠢᠭᠠᠬᠠᠨ ᠶᠤᠸᠠᠮᠪᠤᠤ ᠭᠠᠷᠭᠠᠵᠤ ᠪᠯᠠᠮᠤ ᠳᠤ ᠭᠠᠷᠳᠠᠭᠤᠯᠤᠭᠠᠳ᠄
       — ᠮᠠᠷᠭᠠᠲᠤᠷ ᠡᠭᠡᠴᠢ ᠲᠠ᠂ ᠡᠭᠦᠨ ᠢᠶᠡᠷ ᠡᠮ ᠵᠠᠯᠠᠵᠤ ᠨᠠᠰᠤᠲᠠᠢ ᠠᠪᠤ ᠶᠢᠨ ᠡᠪᠡᠳᠴᠢᠨ ᠢ ᠦᠵᠡᠭᠦᠯ᠂ ᠲᠡᠭᠡᠭᠡᠳ ᠪᠠᠰᠠ ᠠᠮᠢᠳᠤᠷᠠᠯ ᠳᠠᠭᠠᠨ ᠬᠡᠷᠡᠭᠴᠡᠭᠡᠲᠡᠢ ᠶᠠᠭᠤᠮ᠎ᠠ ᠲᠦᠬᠦᠭᠡᠷ! ᠪᠢ ᠡᠷᠲᠡ ᠵᠠᠮ ᠳᠠᠭᠠᠨ ᠣᠷᠣᠨ᠎ᠠ᠃ ᠬᠥᠮᠥᠨ ᠦ ᠠᠳᠤᠭᠤ ᠠᠯᠳᠠᠭᠰᠠᠨ ᠪᠣᠯᠬᠣᠷ ᠬᠤᠷᠳᠤᠨ ᠶᠠᠪᠤᠯ ᠦᠭᠡᠢ ᠭᠣᠷᠢ ᠦᠭᠡᠢ ᠭᠡᠳ ᠦᠭᠡᠨ ᠦ ᠰᠢᠪᠲᠤᠷᠠᠭᠠᠨ ᠳᠠᠭᠠᠨ ᠱᠠᠯ ᠬᠤᠳᠠᠯ ᠶᠠᠭᠤᠮ᠎ᠠ ᠲᠠᠯᠪᠢᠯ᠎ᠠ᠃ 
       — ᠪᠢ ᠁ ᠪᠢ ᠁  ᠲᠠᠨ ᠤ ᠶᠠᠭᠤᠮ᠎ᠠ ᠶᠢ ᠭᠠᠷ ᠬᠣᠭᠣᠰᠤᠨ ᠠᠪᠴᠤ ᠴᠢᠳᠠᠬᠤ ᠦᠭᠡᠢ ᠪᠠᠢᠨ᠎ᠠ᠃
       —  ᠡᠭᠡᠴᠢ ᠡ᠂ ᠪᠢ ᠡᠷ᠎ᠡ ᠪᠦᠰᠡᠲᠡᠢ ᠬᠥᠮᠥᠨ ᠭᠠᠷᠤᠭᠠᠳ ᠯᠠ ᠶᠠᠪᠤᠪᠠᠯ ᠭᠠᠨᠵᠤᠭ᠎ᠠ ᠲᠠᠢ᠃ ᠡᠮ᠎ᠡ ᠬᠥᠮᠥᠨ ᠲᠠᠢ ᠲᠠᠭᠠᠷᠠᠬᠤ ᠦᠭᠡᠢ ᠰᠢᠦ! ᠭᠡᠬᠦ ᠳ᠋ᠤᠨᠢ ᠪᠯᠠᠮᠤ ᠪᠦᠰᠡᠬᠦᠢ ᠤᠶᠠᠷᠠᠨ ᠨᠢᠯᠪᠤᠰᠤ ᠤᠨᠠᠭᠠᠪᠠ᠃ 
       —  ᠪᠢ ᠵᠠᠪ ᠲᠠᠢ ᠪᠣᠯ ᠲᠠᠨ ᠤ ᠳᠤ ᠶᠠᠭᠠᠬᠢᠭᠰᠠᠨ ᠴᠤ᠌ ᠲᠠᠬᠢᠵᠤ ᠢᠷᠡᠨ᠎ᠡ᠃
       —  ᠢᠷᠡᠬᠦ ᠶᠤᠮ ᠪᠢᠵᠡ ᠳ᠋ᠠ
       —  ᠦᠨᠡᠭᠡᠷ ᠢᠷᠡᠨ᠎ᠡ!  ᠲᠠᠨ ᠢ ᠳᠤᠰᠠᠯᠠᠵᠤ ᠳᠡᠮᠵᠢᠬᠦ ᠪᠡᠷ ᠢᠷᠡᠨ᠎ᠡ᠃
       —  ᠲᠡᠭᠡᠪᠡᠯ ᠲᠠᠨ ᠤ ᠢᠷᠡᠬᠦ ᠶᠢ ᠬᠠᠷᠠᠵᠤ ᠪᠠᠢᠶ᠎ᠠ ᠭᠡᠵᠦ ᠪᠯᠠᠮᠤ ᠬᠣᠭᠣᠯᠠᠢ ᠨᠢ ᠴᠡᠴᠡᠷᠬᠢᠯᠡᠨ ᠠᠩᠴᠢᠨᠵᠠᠪ ᠤᠨ ᠭᠠᠷ ᠢ ᠠᠶᠠᠷᠬᠠᠨ ᠪᠠᠷᠢᠪᠠ᠃
       ᠰᠦᠮᠡᠬᠢ ᠭᠡᠷᠡᠯ ᠲᠠᠢ ᠱᠥᠯᠥᠨ ᠳᠤᠰᠤᠨ ᠤ ᠳ᠋ᠸᠩ ᠤᠨ ᠳᠤᠰᠤ ᠬᠠᠲᠠᠵᠤ ᠳ᠋ᠸᠩ ᠪᠥᠬᠥᠯ᠎ᠡ᠃
       ᠲᠡᠷᠡ ᠰᠥᠨᠢ ᠲᠡᠷᠡ ᠬᠣᠶᠠᠷ ᠬᠡᠨ ᠬᠡᠨ ᠨᠢ ᠴᠤ᠌ ᠨᠣᠢᠷ ᠦᠭᠡᠢ ᠳᠥᠩᠭᠢᠨᠡᠲᠡᠯ᠎ᠡ ᠶᠠᠷᠢᠯᠴᠠᠵᠤ ᠬᠣᠨᠣᠯ᠎ᠠ ᠁ 
       ᠬᠣᠶᠠᠷ ᠵᠢᠭᠠᠯ ᠬᠡᠦᠬᠡᠳ ᠨᠢ ᠴᠤ᠌ ᠡᠴᠢᠭᠡ ᠪᠡᠨ ᠦᠵᠡᠭᠰᠡᠨ ᠮᠡᠲᠦ ᠭᠦᠭᠰᠡᠵᠦ ᠣᠷᠣᠨ ᠲᠣᠲᠣᠷ᠎ᠠ ᠪᠠᠨ ᠨᠢᠭᠡ ᠨᠢᠭᠡᠨ ᠢᠶᠡᠨ ᠭᠡᠳᠡᠭᠡᠯᠡᠵᠦ᠂ ᠭᠣᠷ ᠱᠣᠷ ᠭᠡᠵᠦ ᠪᠠᠢᠯ᠎ᠠ᠃ ᠭᠠᠭᠴᠠ ᠡᠪᠡᠳᠴᠢᠲᠡᠢ ᠡᠪᠦᠭᠡᠨ ᠭᠤᠸᠠᠢ ᠶᠣᠣᠯᠠᠭᠰᠠᠨ ᠴᠤ᠌ ᠦᠭᠡᠢ ᠵᠣᠪᠠᠭᠰᠠᠨ ᠴᠤ᠌ ᠦᠭᠡᠢ ᠪᠥᠬᠡ ᠨᠣᠢᠷᠰᠤᠭᠰᠠᠨ ᠪᠠᠢᠪᠠ᠃
    ᠪᠯᠠᠮᠤ ᠥᠷᠯᠥᠭᠡ ᠡᠷᠲᠡ ᠪᠣᠰᠴᠤ ᠴᠠᠢ ᠪᠠᠨ ᠴᠢᠨᠠᠬᠤ ᠵᠠᠭᠤᠷ᠎ᠠ ᠠᠩᠴᠢᠨᠵᠠᠪ ᠴᠤ᠌ ᠶᠠᠪᠤᠬᠤ ᠪᠡᠯᠡᠳᠬᠡᠯ ᠢᠶᠡᠨ ᠬᠢᠪᠡ᠃

– – – – 
① ᠨᠤᠲᠤᠭ ᠤᠨ ᠬᠡᠯᠡᠯᠭᠡ᠃ ᠤᠯᠠᠭᠠᠨ ᠬᠣᠭᠣᠯᠠᠢ ᠶᠢᠨ ᠦᠮᠡᠨ ᠡᠪᠡᠳᠴᠢᠨ᠃ 
② ᠠᠭᠤᠯᠠ ᠶᠢᠨ ᠭᠥᠷᠥᠭᠡᠰᠦ ᠶᠢ ᠵᠢᠭᠠᠪᠠ᠃
③ ᠨᠤᠲᠤᠭ ᠤᠨ ᠬᠡᠯᠡᠯᠭᠡ᠃ ᠶᠠᠭᠤᠮᠠᠨ ᠳᠤ ᠪᠣᠳᠣᠯᠭ᠎ᠠ ᠦᠭᠡᠢ ᠲᠦᠭᠦᠬᠡᠢ ᠲᠡᠨᠡᠭ ᠡᠷ᠎ᠡ ᠶᠢ ᠢᠩᠬᠢᠵᠦ ᠬᠡᠯᠡᠳᠡᠭ᠃
④ ᠨᠤᠲᠤᠭ ᠤᠨ ᠬᠡᠯᠡᠯᠭᠡ᠃ ᠡᠳ᠋ ᠦᠭᠡᠢ ᠳᠡᠭᠵᠢᠨ ᠠᠯᠢᠶ᠎ᠠ ᠬᠡᠦᠬᠡᠳ ᠢ ᠤᠷᠠᠳᠴᠤᠤᠯ ᠬᠣᠭᠣᠨᠣᠩ ᠭᠡᠳᠡᠭ᠃