ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠬᠣᠶᠠᠷ> Хан мунын сүүрс < дээд > – Мөнх зохиоов ᠂ Тэргүүн бодь – Хоёрдугаар бүлэг <2> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠬᠣᠶᠠᠷ> Хан мунын сүүрс < дээд > – Мөнх зохиоов ᠂ Тэргүүн бодь – Хоёрдугаар бүлэг <2>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠬᠣᠶᠠᠷ> Хан мунын сүүрс < дээд > – Мөнх зохиоов ᠂ Тэргүүн бодь – Хоёрдугаар бүлэг <2>

ᠠᠩᠭᠢᠯᠠᠯ:ᠲᠤᠭᠤᠵᠢ ᠷᠣᠮᠠᠨ
2024-05-24

452

ᠲᠡᠷᠢᠭᠦᠨ ᠪᠣᠲᠢ – ᠬᠣᠶᠠᠳᠤᠭᠠᠷ ᠪᠦᠯᠦᠭ <ᠬᠣᠶᠠᠷ>


              ᠬᠣᠶᠠᠷ

       ᠠᠩᠴᠢᠨᠵᠠᠪ ᠭᠣᠪᠢ ᠨᠤᠲᠤᠭ ᠲᠠᠢ᠂ ᠨᠤᠲᠤᠭ ᠲᠠᠭᠠᠨ ᠡᠵᠢ ᠲᠡᠢ ᠪᠡᠨ ᠬᠣᠶᠠᠭᠤᠯᠬᠠᠨ ᠪᠣᠷᠣ ᠭᠡᠷ ᠡᠴᠡ ᠪᠣᠷ ᠪᠣᠷ ᠤᠲᠤᠭ᠎ᠠ ᠪᠤᠷᠭᠢᠭᠤᠯᠵᠤ ᠠᠮᠢᠳᠤᠷᠠᠯ ᠤ᠋ᠨ ᠲᠣᠭᠣᠰᠣ ᠬᠥᠳᠡᠯᠭᠡᠵᠦ ᠶᠠᠪᠤᠭᠰᠠᠨ ᠬᠥᠮᠦᠨ᠃ ᠪᠠᠶᠠᠷᠲᠤ ᠯᠡᠮᠡᠬᠥᠤ ᠭᠡᠰᠡᠨ ᠬᠣᠶᠠᠷ ᠰᠠᠢᠨ ᠡᠷ᠎ᠡ ᠶᠡᠬᠡ ᠬᠦᠷᠢᠶ᠎ᠡ ᠣᠷᠣᠬᠤ ᠭᠡᠵᠦ ᠬᠣᠪᠢᠯᠴᠠᠴᠠᠭ᠌ ᠨᠠᠰᠤᠲᠠᠨ ᠤ᠋ ᠳ᠋ᠤ᠌ ᠣᠴᠢᠭᠰᠠᠨ ᠪᠠᠢᠵᠠᠢ᠃《ᠡᠮᠦᠨ᠎ᠡ ᠡᠴᠡ ᠢᠷᠡᠯ ‍ᠠ᠋》 ᠭᠡᠳᠡᠭ ᠲᠦ᠍ ᠰᠡᠳᠬᠢᠯ ᠰᠡᠷᠭᠦᠵᠦ ᠰᠡᠳᠦᠪ ᠡᠯᠭᠦᠨ ᠶᠠᠷᠢᠶ᠎ᠠ ᠬᠥᠭᠡᠷᠦᠭᠡ ᠪᠣᠯᠵᠤ ᠢᠷᠡᠭᠰᠡᠨ ᠬᠥᠮᠦᠨ ᠢ᠋ ᠰᠠᠢᠨ ᠬᠥᠮᠦᠨ ᠦ᠌ ᠠᠴᠢᠷ ᠭᠡᠳᠡᠭ ᠢ᠋ ᠮᠡᠳᠡᠭᠰᠡᠨ ᠬᠣᠪᠢᠯᠴᠠᠴᠠᠭ᠌《ᠡᠳᠡᠨᠥᠰ ᠲᠡᠢ ᠣᠷᠣᠭᠰᠢ ᠶᠠᠪᠤᠭᠤᠯᠴᠢᠬᠠᠪᠠᠯ ᠡᠴᠢᠭᠡ ᠲᠡᠢ ᠨᠢ ᠠᠭᠤᠯᠵᠠᠭᠤᠯᠵᠤ ᠶᠠᠭᠤ ᠮᠠᠭᠠᠳ》 ᠭᠡᠵᠦ ᠭᠠᠭᠴᠠ ᠬᠥᠪᠡᠭᠦᠨ ᠢ᠋ᠶ᠋ᠡᠨ ᠠᠷᠪᠠᠨ ᠵᠢᠷᠭᠤᠭ᠎ᠠ ᠳᠣᠯᠣᠭᠠᠲᠠᠢ ᠳ᠋ᠤ᠌ᠨᠢ ᠲᠡᠷᠡ ᠬᠥᠮᠦᠰ ᠢ᠋ ᠳᠠᠭᠠᠭᠤᠯᠵᠤ ᠶᠡᠬᠡ ᠬᠦᠷᠢᠶ᠎ᠡ ᠡᠴᠡ ᠴᠠᠭᠠᠰᠢᠯᠠᠨ ᠪᠠᠢᠭᠠᠯ ᠨᠠᠭᠤᠷ ᠤ᠋ᠨ ᠬᠢᠯᠢ ᠬᠦᠷᠲᠡᠯ᠎ᠡ ᠭᠢᠰᠬᠢᠭᠦᠯᠦᠭᠰᠡᠨ ᠦ᠌ ᠬᠠᠷᠢᠭᠤ ᠳ᠋ᠤ᠌ ᠬᠦᠦ ᠨᠢ ᠨᠡᠯᠢᠶᠡᠳ ᠶᠠᠭᠤᠮ᠎ᠠ ᠦᠵᠡᠵᠦ ᠬᠠᠷᠠᠨ ᠤᠬᠠᠭ᠎ᠠ ᠴᠤᠭᠤᠷᠠᠭᠰᠠᠨ ᠬᠥᠮᠦᠨ ᠦ᠌ ᠨᠢᠭᠡ ᠪᠣᠯᠵᠠᠢ᠃ ᠠᠩᠴᠢᠨᠵᠠᠪ ᠠᠮᠢᠳᠤᠷᠠᠯ ᠤ᠋ᠨ ᠡᠷᠬᠡᠨ ᠳ᠋ᠦ᠍ ᠭᠣᠪᠢ ᠶ᠋ᠢᠨ ᠪᠠᠶᠠᠴᠤᠤᠯ ᠤ᠋ᠨ ᠠᠳᠤᠭᠤᠨ ᠠ᠋ᠴᠠ ᠲᠠᠰᠤᠳᠠᠵᠤ ᠭᠡᠯᠢᠨ ᠳᠣᠲᠣᠷ᠎ᠠ ᠭᠠᠵᠠᠷ ᠮᠥᠩᠭᠥ ᠪᠣᠯᠭᠠᠨ ᠪᠣᠷᠣᠯᠠᠭᠤᠯᠬᠤ ᠶ᠋ᠢ ᠲᠡᠳᠦᠢ ᠯᠡ ᠶᠡᠬᠡ ᠲᠠᠲᠠᠭᠠᠯᠵᠠᠭᠰᠠᠨ ᠦᠭᠡᠢ᠃ ᠡᠨᠡ ᠵᠠᠪᠰᠠᠷ ᠭᠤᠷᠪᠠᠨ ᠤᠷᠠᠳ᠂ ᠶᠡᠬᠡ ᠵᠣᠣ ᠶ᠋ᠢᠨ ᠴᠢᠭᠤᠯᠭᠠᠨ ᠤ᠋ ᠬᠣᠰᠢᠭᠣᠳ ᠤ᠋ᠨ ᠶᠡᠬᠡ ᠪᠠᠭ᠎ᠠ ᠨᠠᠢᠷ ᠨᠠᠭᠠᠳᠤᠮ ᠳ᠋ᠤ᠌ ᠲᠣᠭᠯᠠᠨ ᠪᠥᠬᠡ ᠶ᠋ᠢᠨ ᠦᠵᠦ ᠪᠡᠷ ᠭᠢᠯᠠᠷᠠᠭᠤᠯᠵᠤ ᠴᠤ᠌ ᠦᠵᠡᠪᠡ᠃ ᠢᠩᠭᠢᠵᠦ ᠨᠠᠭᠠᠰᠢ ᠴᠠᠭᠠᠰᠢ ᠰᠡᠯᠭᠦᠵᠦ ᠶᠠᠪᠤᠬᠤ ᠳ᠋ᠠᠭᠠᠨ ᠵᠠᠶᠠᠭᠠᠨ ᠤ᠋ ᠵᠠᠮ ᠳ᠋ᠤ᠌ ᠬᠥᠲᠥᠯᠦᠭᠳᠡᠨ ᠬᠠᠷ᠎ᠠ ᠴᠡᠷᠢᠭ ᠲᠦ᠍ ᠬᠠᠢᠷᠠᠲᠤ ᠬᠦᠯᠦᠭ ᠢ᠋ᠶ᠋ᠡᠨ ᠫᠤᠤᠳᠠᠭᠤᠯᠵᠤ ᠴᠡᠷᠢᠭ ᠦ᠋ᠨ ᠠᠭᠳᠠᠴᠢ ᠶᠠᠪᠤᠬᠤ ᠳ᠋ᠠᠭᠠᠨ ᠳᠡᠯᠡᠳ ᠬᠦᠩ ᠦ᠋ᠨ ᠣᠢᠷᠣᠪ ᠪᠠᠶᠠᠨ ᠤ᠋ ᠠᠳᠤᠭᠤᠨ ᠳ᠋ᠡᠬᠢ ᠬᠡᠨ ᠴᠤ᠌ ᠪᠠᠷᠢᠵᠤ ᠴᠢᠳᠠᠭ᠎ᠠ ᠦᠭᠡᠢ ᠣᠩᠭᠣᠨ ᠬᠠᠷ᠎ᠠ ᠠᠵᠢᠷᠭ᠎ᠠ ᠶ᠋ᠢ ᠪᠠᠷᠢᠵᠤ ᠵᠠᠢᠳᠠᠯᠠᠭᠰᠠᠨ ᠢ᠋ᠶ᠋ᠠᠷ《ᠠᠵᠢᠷᠭᠠᠨ ᠬᠠᠷ ‍ᠠ᠋》 ᠭᠡᠳᠡᠭ ᠬᠣᠴᠢ ᠨᠡᠷ᠎ᠡ ᠲᠡᠢ ᠪᠣᠯᠤᠭᠰᠠᠨ᠃ ᠰᠡᠭᠦᠯ ᠳ᠋ᠦ᠍ᠨᠢ ᠶᠡᠬᠡ ᠵᠣᠣ ᠶ᠋ᠢᠨ ᠴᠢᠭᠤᠯᠭᠠᠨ ᠤ᠋ ᠳᠠᠯᠠᠳ ᠬᠦᠩ ᠦ᠋ᠨ ᠪᠠᠶᠠᠨ ᠣᠢᠷᠣᠪ ᠤ᠋ᠨ ᠠᠳᠤᠭᠤᠴᠢ ᠶᠠᠪᠤᠵᠤ ᠲᠡᠷᠡ ᠠᠢᠯ ᠤ᠋ᠨ ᠥᠬᠢᠨ ᠰᠡᠷᠭᠦᠮ᠎ᠡ ᠶ᠋ᠢᠨ ᠬᠠᠢᠷ᠎ᠠ ᠶ᠋ᠢ ᠣᠯᠪᠠ᠃ ᠬᠡᠳᠦᠢ ᠲᠡᠢᠨ ᠠᠪᠠᠴᠤ ᠦᠷᠬᠦᠢ ᠨᠤᠳᠣ᠊ᠭ ᠤ᠋ᠨ ᠵᠦᠭ ᠰᠠᠨᠠᠭ᠎ᠠ ᠣᠲᠣᠷᠯᠠᠭᠤᠯᠤᠨ᠎ᠠ᠃ ᠠᠷᠤ ᠭᠡᠷ ᠲᠦ᠍ ᠪᠣᠢ ᠪᠤᠭᠤᠷᠤᠯ ᠡᠵᠢ ᠨᠢ ᠲᠠᠩᠳᠠ ᠨᠢᠳᠦᠨ ᠳ᠋ᠦ᠍ ᠨᠢ ᠪᠥᠷᠲᠥᠯᠵᠡᠵᠦ ᠪᠠᠢᠳᠠᠭ ᠠᠵᠤᠭᠤ᠃ ᠲᠡᠭᠡᠭᠡᠳ ᠬᠠᠷᠢᠬᠤ ᠪᠦᠷᠢ ᠳ᠋ᠡᠭᠡᠨ ᠪᠤᠭᠤᠲᠤ ᠵᠡᠷᠭᠡ ᠭᠠᠵᠠᠷ ᠠ᠋ᠴᠠ ᠡᠵᠢ ᠳ᠋ᠡᠭᠡᠨ ᠳᠡᠪᠡᠯ ᠦ᠋ᠨ ᠲᠣᠷᠭ᠎ᠠ᠂ ᠮᠥᠰᠥᠨ ᠰᠢᠬᠢᠷ᠂ ᠵᠠᠭᠠᠷ ᠴᠢᠪᠠᠭ᠎ᠠ᠂ ᠬᠦᠷᠡᠩ ᠴᠢᠪᠠᠭ᠎ᠠ᠂ ᠬᠠᠷ᠎ᠠ ᠪᠤᠷᠠᠮ ᠵᠡᠷᠭᠡ ᠶ᠋ᠢᠨ ᠶᠠᠭᠤᠮ᠎ᠠ ᠡᠪᠦᠷᠲᠦᠯᠡᠵᠦ ᠡᠬᠡ ᠶ᠋ᠢᠨ ᠢ᠋ᠶ᠋ᠡᠨ ᠰᠢᠷᠭᠢᠭᠰᠡᠨ ᠳᠠᠯᠠᠩ ᠢ᠋ ᠴᠦ᠍ ᠰᠠᠨᠠᠭ᠎ᠠ ᠪᠠᠨ ᠬᠠᠭᠤᠷᠴᠤ ᠲᠠᠰᠢᠬᠤ ᠶᠤᠮᠰᠠᠨ ᠭᠡᠰᠡᠨ ᠲᠤᠭᠤᠯ ᠰᠢᠭ᠋ ᠦᠨᠦᠴᠢᠷᠬᠡᠭ ᠪᠣᠳᠣᠯ ᠢ᠋ᠶ᠋ᠠᠷ ᠮᠥᠭᠡᠷᠡᠩᠬᠡᠨ ᠬᠦᠷᠦᠭᠡᠳ ᠣᠴᠢᠳᠠᠭ ᠪᠠᠢᠯ᠎ᠠ ᠁ 
       ᠨᠠᠪᠲᠠᠭᠠᠷ ᠪᠣᠯᠪᠠᠴᠤ ᠥᠪᠡᠷ ᠲᠦ᠋ᠨᠢ ᠨᠤᠲᠤᠭ ᠤ᠋ᠨ ᠨᠢᠭᠡ ᠥᠨᠴᠥᠭ ᠢ᠋ ᠲᠣᠪᠬᠢᠵᠤ ᠳᠠᠷᠤᠭᠰᠠᠨ ᠳ᠋ᠠᠭᠠᠨ ᠪᠣᠷᠣ ᠭᠡᠷ ᠨᠢ ᠬᠡᠵᠢᠶᠡᠳᠡ ᠰᠥᠷᠯᠢᠭᠦᠨ ᠳᠤᠯᠠᠭᠠᠨ ᠪᠠᠢᠳᠠᠭ᠃ ᠵᠠᠷᠢᠮ ᠳ᠋ᠠᠭᠠᠨ ᠲᠡᠭᠦᠨ ᠢ᠋ ᠬᠠᠷᠢᠬᠤ ᠳ᠋ᠤ᠌ ᠪᠤᠲᠠᠨ ᠤ᠋ ᠣᠷᠣᠢ ᠳ᠋ᠤ᠌ ᠪᠣᠭᠵᠣᠢᠨ ᠦᠷᠭᠡᠯᠡᠭᠰᠡᠨ ᠪᠣᠯᠵᠣᠮᠣᠷ ᠰᠢᠭ᠋ ᠬᠠᠷᠠᠭᠳᠠᠨ᠎ᠠ᠁ ᠡᠵᠢ ᠪᠡᠨ ᠰᠠᠨᠠᠭᠰᠠᠨ ᠰᠡᠳᠬᠢᠯ ᠨᠢ ᠡᠪᠬᠡᠷᠡᠵᠦ ᠨᠢᠳᠦ ᠨᠢ ᠵᠠᠢᠷᠲᠤᠨ᠎ᠠ᠃ ᠶᠣᠰᠣᠲᠠᠢ ᠯᠠ ᠰᠡᠭᠰᠡᠭᠡᠷ ᠴᠤ᠌ ᠭᠡᠰᠡᠨ ᠡᠵᠢ᠂ ᠰᠡᠢᠮᠡᠬᠡᠢ ᠴᠤ᠌ ᠭᠡᠰᠡᠨ ᠭᠡᠷ ᠭᠡᠭᠴᠢ ᠡᠨᠡ᠃  
       ᠲᠡᠷᠡ ᠪᠡᠷ ᠬᠠᠷᠢ ᠨᠤᠲᠤᠭ ᠲᠦ ᠬᠥᠯ ᠲᠣᠭᠲᠠᠵᠤ᠂ ᠬᠥᠨᠳᠡᠯᠡᠨ ᠬᠣᠰᠢᠭᠤ ᠬᠥᠮᠦᠨ ᠦ᠌ ᠨᠤᠲᠤᠭ ᠲᠤ ᠴᠤ᠌ ᠡᠷ᠎ᠡ ᠬᠥᠮᠦᠨ ᠦ᠌ ᠬᠡᠢ ᠮᠣᠷᠢ ᠳ᠋ᠤ᠌ ᠰᠢᠲᠦᠵᠦ ᠶᠠᠪᠤᠭᠰᠠᠨ ᠠ᠋ᠴᠠ ᠪᠢᠰᠢ ᠭᠣᠣᠯ ᠤ᠋ᠨ ᠢᠷᠭᠡᠨ ᠰᠢᠭ ᠲᠠᠭᠠᠷᠴᠤᠭ ᠡᠭᠦᠷᠴᠦ ᠭᠤᠢᠷᠠᠨᠴᠢᠯᠠᠭ᠎ᠠ ᠦᠭᠡᠢ ᠭᠡᠵᠦ ᠡᠷᠡᠳᠡᠭᠦᠨ ᠠᠪᠤᠷᠢᠯᠠᠵᠤ ᠭᠣᠪᠢ ᠨᠤᠲᠤᠭ ᠲᠠᠭᠠᠨ ᠬᠠᠷᠢᠵᠤ ᠪᠤᠭᠤᠷᠤᠯ ᠡᠵᠢ ᠲᠡᠢ ᠪᠡᠨ ᠵᠣᠯᠭᠠᠳᠠᠭ ᠪᠠᠢᠯ᠎ᠠ᠃       
       ᠡᠨᠡ ᠤᠳᠠᠭ᠎ᠠ ᠲᠡᠷᠡ《ᠮᠠᠭᠤ ᠬᠦᠦ ᠴᠢᠨᠢ ᠰᠠᠢᠬᠠᠨ ᠣᠷᠳᠣᠰ ᠪᠡᠷᠢ ᠪᠠᠭᠤᠯᠭᠠᠵᠤ ᠡᠵᠢ ᠪᠡᠨ ᠪᠠᠶᠠᠷᠯᠠᠭᠤᠯᠤᠨ᠎ᠠ ᠳᠠ!》 ᠭᠡᠵᠦ ᠬᠠᠷᠢᠵᠤ ᠣᠴᠢᠪᠠ᠃  
       ᠲᠡᠷᠡ ᠪᠡᠷ ᠤᠬᠠᠭ᠎ᠠ ᠣᠷᠣᠲᠠᠯ᠎ᠠ ᠪᠠᠨ ᠡᠴᠢᠭᠡ ᠶ᠋ᠢᠨ ᠪᠠᠷ᠎ᠠ ᠶ᠋ᠢ ᠣᠯᠵᠤ ᠬᠠᠷᠠᠭᠰᠠᠨ ᠦᠭᠡᠢ᠃ ᠡᠬᠡ ᠶ᠋ᠢᠨ ᠵᠥᠭᠡᠯᠡᠨ ᠭᠠᠷ᠂ ᠡᠮᠵᠡᠭ ᠬᠠᠢᠷ᠎ᠠ ᠳᠡᠭᠡᠷ᠎ᠡ ᠥᠰᠴᠦ ᠲᠣᠷᠨᠢᠨ ᠡᠷ᠎ᠡ ᠶ᠋ᠢᠨ ᠵᠡᠷᠭᠡ ᠳ᠋ᠦ᠍ ᠬᠦᠷᠪᠡ᠃ ᠪᠣᠳᠣᠪᠠᠯ ᠨᠡᠯᠢᠶᠡᠳ ᠲᠥᠬᠥᠭᠡ ᠣᠷᠣᠴᠢᠬᠠᠭᠰᠠᠨ ᠬᠢ ᠪᠢᠵᠡ᠂ ᠭᠡᠨᠡᠳᠲᠡ ᠲᠡᠷᠡ ᠡᠵᠢ ᠡᠴᠡ ᠪᠡᠨ《ᠠᠪᠤ ᠮᠢᠨᠢ ᠭᠡᠷ ᠦ᠋ᠨ ᠪᠠᠷ᠎ᠠ ᠬᠠᠷᠠᠳᠠᠭ ᠦᠭᠡᠢ ᠬᠥᠮᠦᠨ ᠤᠤ?》 ᠭᠡᠵᠦ ᠴᠣᠴᠢᠮᠠᠭ ᠠᠰᠠᠭᠤᠭᠰᠠᠨ ᠨᠢ ᠡᠬᠡ ᠶ᠋ᠢᠨ ᠥᠷᠥᠪᠴᠢᠬᠡᠨ ᠰᠡᠳᠬᠢᠯ ᠢ᠋ ᠨᠢ ᠬᠥᠨᠳᠡᠵᠦ ᠤᠬᠢᠯᠠᠭᠤᠯᠬᠤ ᠶ᠋ᠢ ᠬᠡᠨ ᠰᠠᠨᠠᠯ᠎ᠠ⁈  
          ᠁    
       ᠬᠤᠪᠢᠯᠴᠡᠴᠡᠭ ᠪᠠᠷᠠᠭᠤᠨ ᠬᠣᠢᠨ᠎ᠠ ᠪᠠᠭᠯᠠᠷᠠᠨ ᠤᠷᠭᠤᠭᠰᠠᠨ ᠴᠡᠩᠬᠡᠷ ᠴᠠᠭᠠᠨ ᠡᠭᠦᠯᠡ ᠵᠣᠯᠤᠭᠰᠠᠨ ᠬᠥᠪᠥᠩ ᠰᠢᠭ ᠡᠮᠦᠨᠡᠰᠢ ᠬᠥᠪᠴᠦ ᠣᠳᠬᠤ ᠶ᠋ᠢ ᠬᠠᠷᠠᠭᠠᠳ《ᠴᠡᠩᠬᠡᠷ ᠴᠠᠭᠠᠨ ᠡᠭᠦᠯᠡ ᠨᠢ ᠭᠠᠷᠪᠠᠯ᠂ ᠴᠢᠭᠢᠭ ᠨᠢ ᠤᠨᠠᠳᠠᠭ ᠶᠤᠮ ᠳᠠ ᠬᠦ! ᠴᠢᠩᠳᠠ ᠰᠡᠳᠬᠢᠯ ᠵᠠᠩ ᠢ᠋ᠶ᠋ᠠᠷ ᠢ᠋ᠶ᠋ᠠᠨ ᠪᠠᠢᠪᠠᠯ ᠴᠢᠭᠯᠡᠭᠡᠳ ᠢᠷᠡᠯᠭᠦᠢ ᠳᠡ᠁》 ᠭᠡᠵᠦ ᠳᠠᠭᠤᠤ ᠭᠢᠩᠰᠢᠭᠰᠡᠨ ᠢ᠋ᠶ᠋ᠡᠨ ᠨᠢᠯᠪᠤᠰᠤ ᠪᠠᠨ ᠠᠷᠴᠢᠵᠤ《ᠠᠪᠤ ᠴᠢᠨᠢ ᠬᠣᠯᠠ ᠶᠠᠪᠤᠭᠰᠠᠨ᠁ ᠴᠢᠮᠠᠶ᠋ᠢ ᠥᠭᠡᠯᠡᠢ ᠪᠣᠯᠤᠭᠰᠠᠨ ᠬᠣᠢᠨ᠎ᠠ ᠢᠷᠡᠬᠦ ᠶᠦᠮ ᠭᠡᠰᠡᠨ!》 ᠭᠡᠵᠦ ᠬᠦᠦ ᠶ᠋ᠢᠨ ᠢ᠋ᠶ᠋ᠡᠨ ᠪᠤᠷᠵᠢᠭᠢᠷ ᠲᠣᠯᠣᠭᠠᠢ ᠶ᠋ᠢ ᠢᠯᠪᠢᠭᠡᠳ᠄  
         ᠁     
          ᠪᠠᠳᠠᠷᠠᠩᠭᠤᠢ ᠡᠭᠦᠯᠡ ᠨᠢ ᠭᠠᠷᠪᠠᠯ    
          ᠪᠣᠷᠣᠭᠠᠨ ᠨᠢ ᠣᠷᠣᠳᠠᠭ ᠶᠤᠮ ᠬᠦ       
          ᠪᠠᠲᠤ ᠰᠡᠳᠬᠢᠯ ᠵᠠᠩ ᠢ᠋ᠶ᠋ᠠᠷ ᠢ᠋ᠶ᠋ᠠᠨ ᠪᠠᠢᠪᠠᠯ    
          ᠪᠤᠴᠠᠭᠠᠳ ᠢᠷᠡᠯᠭᠦᠢ ᠬᠦ ᠁ ᠭᠡᠵᠦ ᠳᠠᠭᠤᠯᠠᠬᠤ ᠳ᠋ᠤ᠌ ᠨᠢᠳᠦᠨ ᠳ᠋ᠦ᠍ᠨᠢ ᠠᠮᠠᠷᠠᠭ ᠮᠢᠩᠭᠠᠨᠪᠣᠣ ᠨᠢ ᠲᠣᠳᠣᠷᠠᠬᠤ ᠰᠢᠭ᠋ ᠰᠠᠨᠠᠭᠳᠠᠨ᠎ᠠ᠃ 
       ᠁  
       ᠰᠥᠨᠢ ᠨᠠᠮ ᠵᠢᠮ᠃ 
       ᠬᠡᠳᠦᠨ ᠲᠤᠭᠤᠯ ᠪᠢᠷᠠᠭᠤ ᠲᠠᠢ ᠦᠨᠢᠶ᠎ᠡ ᠲᠠᠢᠪᠤᠩ ᠬᠡᠪᠲᠡᠵᠦ᠂ ᠬᠡᠪᠲᠡᠷᠢ ᠶ᠋ᠢᠨ ᠬᠣᠨᠢᠳ ᠢᠷᠠᠭᠯᠠᠨ ᠬᠡᠪᠢᠨ᠎ᠡ᠃ 
       ᠲᠣᠭᠣᠨᠣ ᠶ᠋ᠢᠨ ᠵᠠᠪᠰᠠᠷ ᠢ᠋ᠶ᠋ᠠᠷ ᠬᠠᠷᠪᠤᠭᠰᠠᠨ ᠰᠦᠮᠡᠭᠢ ᠳ᠋ᠧᠩ ᠦ᠋ᠨ ᠭᠡᠷᠡᠯ ᠤᠨᠲᠠᠷᠠᠵᠤ ᠭᠠᠳᠠᠨ᠎ᠠ ᠳᠣᠲᠣᠨ᠎ᠠ ᠦᠭᠡᠢ ᠲᠦᠰ ᠬᠠᠷᠠᠩᠭᠤᠢ ᠪᠣᠯᠪᠠ᠃
       ᠬᠣᠪᠢᠯᠴᠡᠴᠡᠭ ᠱᠥᠯᠦᠨ ᠦ᠌ ᠲᠣᠰᠣᠨ ᠳ᠋ᠧᠩ ᠢᠶᠠᠨ ᠦᠯᠢᠶᠡᠵᠦ ᠠᠮᠠᠷᠠᠭ ᠲᠠᠢ ᠪᠠᠨ ᠬᠥᠨᠵᠢᠯᠡ ᠳ᠋ᠡᠭᠡᠨ ᠰᠢᠷᠭᠤᠪᠠ᠃ ᠬᠠᠢᠷᠠᠲᠤ ᠮᠢᠩᠭᠠᠨᠪᠣᠣ ᠶ᠋ᠢᠨ ᠢ᠋ᠶ᠋ᠡᠨ ᠬᠠᠩᠬᠠᠭᠠᠷ ᠴᠡᠭᠡᠵᠢᠨ ᠳ᠋ᠦ᠍ ᠡᠷᠬᠡᠯᠡᠵᠦ ᠬᠡᠪᠲᠡᠬᠦ ᠰᠢᠭ ᠬᠠᠪᠤᠲᠠᠢ ᠵᠢᠷᠭᠠᠯ ᠬᠠᠮᠢᠭ᠎ᠠ ᠠ᠋ᠴᠠ ᠣᠯᠳᠠᠨ᠎ᠠ᠃ ᠲᠡᠷᠡ ᠪᠡᠷ ᠮᠢᠩᠭᠠᠨᠪᠣᠣ ᠶ᠋ᠢᠨ ᠰᠠᠬᠠᠯ ᠲᠠᠢ ᠡᠷᠡᠦ ᠬᠠᠴᠠᠷ ᠢ᠋ ᠢᠯᠪᠢᠵᠦ ᠤᠷᠤᠭᠤᠯ ᠢ᠋ ᠨᠢ ᠰᠢᠮᠡᠨ ᠦᠨᠦᠰᠪᠡ᠃  
       — ᠢᠩᠭᠢᠬᠦ ᠰᠠᠢᠬᠠᠨ ᠰᠢᠦ ᠳᠡ᠂ ᠬᠣᠪᠢᠯ ᠠ᠋! ᠭᠡᠵᠦ ᠮᠢᠩᠭᠠᠨᠪᠣᠣ ᠬᠣᠪᠢᠯᠴᠡᠴᠡᠭ ᠢ᠋ ᠥᠬᠥᠭᠡᠷᠳᠡᠨ ᠲᠡᠪᠡᠷᠢᠵᠦ ᠤᠷᠤᠭᠤᠯ ᠢ᠋ ᠨᠢ ᠦᠨᠦᠰᠦᠨ ᠬᠡᠯᠡ ᠲᠠᠩᠨᠠᠢ ᠶ᠋ᠢ ᠨᠢ ᠬᠠᠢᠯᠲᠠᠯ᠎ᠠ ᠰᠢᠮᠡᠨ ᠠᠮᠠᠷᠠᠭᠯᠠᠨ᠎ᠠ ᠁  
       ᠨᠢᠰᠸᠠᠨᠢᠰ ᠤ᠋ᠨ ᠭᠠᠯ ᠳ᠋ᠤ᠌ ᠬᠤᠢᠬᠠᠯᠠᠭᠳᠠᠲᠠᠯ᠎ᠠ ᠪᠠᠨ ᠬᠠᠯᠠᠭᠤᠷᠠᠭᠰᠠᠨ ᠬᠣᠶᠠᠷ ᠤ᠋ᠨ ᠰᠢᠪᠡᠨᠡᠭᠡ ᠠᠮᠲᠠᠲᠠᠢ ᠪᠠᠢᠯ᠎ᠠ᠃  
       — ᠠᠬ᠎ᠠ ᠠ᠋᠂ ᠡᠨᠡ ᠶᠠᠭᠤ ᠪᠣᠢ? ᠭᠡᠵᠦ ᠬᠣᠪᠢᠯᠴᠡᠴᠡᠭ ᠮᠢᠩᠭᠠᠨᠪᠣᠣ ᠶ᠋ᠢᠨ ᠭᠠᠷ ᠢ᠋ ᠬᠡᠪᠡᠯᠢ ᠳᠡᠭᠡᠷ᠎ᠡ ᠪᠡᠨ ᠲᠠᠯᠪᠢᠵᠤ ᠡᠷᠬᠡᠯᠡᠩᠭᠦᠢ ᠠᠰᠠᠭᠤᠪᠠᠯ ᠮᠢᠩᠭᠠᠨᠪᠣᠣ ᠲᠡᠭᠦᠨ ᠦ᠌ ᠬᠦᠢᠰᠦ ᠶ᠋ᠢ ᠲᠡᠮᠲᠡᠷᠢᠵᠦ᠄ 
       — ᠡᠨᠡ ᠬᠦᠢᠰᠦ ᠤᠤ?  ᠭᠡᠪᠡ᠃ 
       — ᠶᠠᠭᠤᠨ ᠤ᠋ ᠴᠢᠨᠢ ᠬᠦᠢᠰᠦ! ᠲᠠ ᠦᠵᠡ᠂ ᠳᠣᠷᠣᠭᠰᠢ ᠪᠠᠨ ᠰᠢᠭ᠋᠂ ᠡᠨᠳᠡ ᠶᠠᠭᠤ ᠬᠥᠳᠡᠯᠵᠦ ᠪᠠᠢᠨ᠎ᠠ?   
       — ᠬᠥᠶᠢ᠂ ᠦᠨᠡᠬᠡᠷ《ᠭᠦᠷᠡᠰ᠂ ᠭᠦᠷᠡᠰ》 ᠭᠡᠵᠦ ᠨᠢᠭᠡ ᠶᠠᠭᠤᠮ᠎ᠠ ᠬᠥᠳᠡᠯᠬᠦ ᠨᠢ ᠳᠡ!  
       — ᠪᠢ ᠬᠡᠦᠬᠡᠳ ᠣᠯᠴᠢᠬᠠᠯ᠎ᠠ᠃ ᠪᠢᠳᠡ ᠬᠣᠶᠠᠭᠤᠯᠠ ᠶ᠋ᠢᠨ᠁ ᠭᠡᠳ ᠠᠮᠢᠰᠬᠤᠭ᠎ᠠ ᠨᠢ ᠳᠡᠭᠡᠷᠡᠳᠪᠡ᠃  
       — ᠶᠠᠭᠠᠬᠢᠭᠰᠠᠨ ᠰᠠᠢᠬᠠᠨ ᠪᠣᠢ? ᠳᠣᠷᠢᠭᠤᠨ ᠪᠣᠯᠤᠯ᠎ᠠ᠁ ᠴᠢ ᠪᠢᠳᠡ ᠬᠣᠶᠠᠷ ᠦᠷ᠎ᠡ ᠲᠡᠢ ᠪᠣᠯᠬᠤ ᠨᠢ ᠠ᠋!  
       — ᠶᠠᠭ ᠳᠠ! ᠭᠡᠳ ᠬᠣᠪᠢᠯᠴᠡᠴᠡᠭ ᠮᠢᠩᠭᠠᠨᠪᠣᠣ ᠬᠣᠶᠠᠷ ᠴᠢᠩᠭ᠎ᠠ ᠲᠡᠪᠡᠷᠢᠯᠴᠡᠨ ᠳᠡᠭᠡᠷ᠎ᠡ ᠳᠣᠣᠷ᠎ᠠ ᠪᠠᠨ ᠭᠠᠷᠴᠤ ᠥᠩᠬᠥᠷᠢᠨ᠎ᠡ᠃   
       — ᠠᠬ᠎ᠠ ᠠ᠋! ᠲᠠ ᠬᠡᠯᠡ᠃ ᠶᠢᠷᠲᠢᠨᠴᠦ ᠳ᠋ᠦ᠍ ᠡᠭᠦᠨ ᠰᠢᠭ ᠵᠢᠷᠭᠠᠯ ᠲᠠᠢ ᠶᠠᠪᠤᠳᠠᠯ ᠬᠠᠮᠢᠭ᠎ᠠ ᠪᠠᠢᠬᠤ ᠪᠣᠢ?  
       — ᠲᠡᠢᠮᠦ ᠠ᠋!    
       — ᠪᠢ ᠲᠠᠨ ᠠ᠋ᠴᠠ ᠲᠥᠭᠡ ᠰᠠᠯᠬᠤ ᠳᠤᠷ᠎ᠠ ᠦᠭᠡᠢ᠃ ᠬᠠᠮᠢᠭ᠎ᠠ ᠴᠤ᠌ ᠶᠠᠪᠤᠭᠤᠯᠬᠤ ᠦᠭᠡᠢ ᠬᠠᠵᠠᠭᠤ ᠳ᠋ᠠᠭᠠᠨ ᠠᠪᠴᠤ ᠮᠥᠩᠬᠡᠳᠡ ᠵᠢᠷᠭᠠᠨ᠎ᠠ! 
       — ᠲᠡᠢᠮᠦ ᠰᠢᠦ᠃ ᠪᠢ ᠴᠦ᠍ ᠴᠢᠮ᠎ᠠ ᠠ᠋ᠴᠠ ᠰᠠᠯᠬᠤ ᠳᠤᠷ᠎ᠠ ᠦᠭᠡᠢ᠃ ᠬᠠᠮᠢᠭ᠎ᠠ ᠴᠤ᠌ ᠶᠠᠪᠤᠬᠤ ᠦᠭᠡᠢ ᠬᠠᠮᠲᠤ ᠳ᠋ᠠᠭᠠᠨ ᠰᠠᠢᠬᠠᠨ ᠵᠢᠷᠭᠠᠶ᠎ᠠ!  
       — ᠦᠨᠡᠬᠡᠷ ᠰᠢᠦ!   
       — ᠦᠨᠡᠬᠡᠷ! ᠭᠡᠵᠦ ᠮᠢᠩᠭᠠᠨᠪᠣᠣ ᠲᠠᠰᠤ ᠬᠡᠯᠡᠬᠦ ᠳ᠋ᠦ᠍ ᠬᠣᠪᠢᠯᠴᠡᠴᠡᠭ ᠲᠡᠭᠦᠨ ᠦ᠌ ᠴᠡᠭᠡᠵᠢᠨ ᠳ᠋ᠦ᠍ ᠬᠠᠴᠠᠷ ᠢ᠋ᠶ᠋ᠠᠨ ᠢᠪ ᠨᠠᠭᠠᠵᠤ ᠱᠣᠭᠰᠢᠷᠠᠨ ᠤᠬᠢᠯᠠᠨ᠎ᠠ᠃ 
       — ᠪᠢᠲᠡᠭᠡᠢ ᠤᠬᠢᠯᠠ᠂ ᠬᠣᠪᠢᠯ ᠠ᠋! ᠤᠰᠤᠨ ᠨᠢᠳᠦᠯᠡᠬᠦ ᠮᠠᠭᠤ ᠢᠷᠣ᠎ᠠ ᠪᠠᠢᠳᠠᠭ ᠶᠤᠮ᠃  
       — ᠵᠠ᠂ ᠪᠢ ᠤᠬᠢᠯᠠᠬᠤ ᠦᠭᠡᠢ ᠠ᠋᠂ ᠯᠠᠪ ᠤᠬᠢᠯᠠᠬᠤ ᠦᠭᠡᠢ ᠁ ᠭᠡᠵᠦ ᠬᠣᠶᠠᠭᠤᠯᠠ ᠬᠣᠵᠢᠮ ᠤ᠋ᠨ ᠠᠵᠤ ᠠᠮᠢᠳᠤᠷᠠᠯ ᠡᠨᠡ ᠲᠡᠷᠡ ᠭᠡᠵᠦ ᠬᠥᠨᠵᠢᠯᠡ ᠳᠣᠲᠣᠷ᠎ᠠ ᠪᠠᠨ ᠳᠦᠩᠭᠢᠨᠡᠲᠡᠯ᠎ᠡ ᠶᠠᠷᠢᠯᠴᠠᠭᠰᠠᠭᠠᠷ ᠨᠢᠭᠡ ᠮᠡᠳᠡᠬᠦ ᠳ᠋ᠦ᠍ ᠤᠨᠲᠠᠴᠢᠬᠠᠵᠠᠢ᠃   
       ᠬᠡᠳᠦᠢ ᠪᠣᠯᠤᠭᠰᠠᠨ ᠢ᠋ ᠮᠡᠳᠡᠬᠦ ᠦᠭᠡᠢ ᠨᠣᠬᠠᠢ ᠰᠦᠷᠡᠬᠡᠢ ᠬᠣᠷᠭᠣᠭᠣᠬᠤ ᠳ᠋ᠤ᠌ ᠲᠡᠳᠡ ᠬᠣᠶᠠᠭᠤᠯᠠ ᠰᠣᠴᠢᠨ ᠰᠡᠷᠢᠪᠡ᠃   
       ᠱᠣᠩ ᠳᠡᠭᠡᠷ᠎ᠡ ᠮᠣᠷᠢ ᠲᠤᠷᠭᠢᠬᠤ᠂ ᠬᠠᠵᠠᠭᠠᠷ ᠬᠠᠩᠭᠢᠨᠠᠬᠤ᠂ ᠬᠥᠮᠦᠰ ᠶᠠᠷᠢᠯᠴᠠᠬᠤ ᠴᠢᠮᠡᠭᠡ ᠨᠣᠬᠠᠢ ᠬᠣᠷᠭᠣᠭᠣᠬᠤ ᠳᠠᠭᠤ ᠲᠠᠢ ᠬᠣᠯᠢᠯᠳᠤᠨ ᠰᠣᠨᠣᠰᠳᠠᠨ᠎ᠠ᠃ 
       — ᠰᠥᠨᠢ ᠳᠤᠮᠳᠠ ᠶᠠᠭᠤᠨ ᠤ᠋ ᠬᠥᠮᠦᠨ ᠪᠣᠯᠴᠢᠬᠠᠪᠠ⁈ ᠭᠡᠵᠦ ᠮᠢᠩᠭᠠᠨᠪᠣᠣ ᠳᠠᠪ ᠬᠢᠨ ᠪᠣᠰᠴᠤ ᠱᠠᠯᠠᠪ ᠬᠤᠪᠴᠠᠯᠠᠭᠠᠳ ᠡᠭᠦᠳᠡᠨ ᠦ᠌ ᠠᠷᠤ ᠶ᠋ᠢ ᠪᠠᠷᠢᠵᠤ ᠵᠣᠭᠰᠣᠪᠠ᠃  
       —  ᠠᠬ᠎ᠠ ᠠ᠋᠂ ᠭᠠᠮᠢᠩ ᠤ᠋ᠨ ᠴᠡᠷᠢᠭ ᠤᠤ? ᠳᠡᠭᠡᠷᠡᠮ ᠤᠤ? ᠭᠡᠵᠦ  ᠬᠣᠪᠢᠯᠴᠡᠴᠡᠭ ᠠᠶᠤᠨ ᠰᠣᠴᠢᠨ ᠠᠰᠠᠭᠤᠬᠤ ᠳ᠋ᠤ᠌ ᠮᠢᠩᠭᠠᠨᠪᠣᠣ᠄ 
       — ᠠᠯᠢᠨ ᠨᠢ ᠴᠦ᠍ ᠪᠢᠰᠢ!ᠭᠡᠪᠡ᠃ 
       — ᠁ 
       — ᠳᠡᠭᠡᠷᠡᠮ ᠪᠣᠯ ᠱᠣᠩ ᠳᠡᠭᠡᠷ᠎ᠡ ᠪᠠᠭᠤᠬᠤ ᠦᠭᠡᠢ ᠰᠢᠭᠤᠳ ᠭᠡᠷ ᠤᠷᠤᠭᠤ ᠴᠢᠨᠢ ᠲᠠᠭᠠᠷᠢᠨ᠎ᠠ ᠳᠠ! ᠪᠠᠢᠵᠠ ᠠ᠋᠂ ᠴᠢᠮᠡᠭᠡ ᠦᠭᠡᠢ ᠁ ᠭᠡᠳ ᠮᠢᠩᠭᠠᠨᠪᠤᠤ ᠭᠠᠳᠠᠨᠠᠬᠢ ᠶ᠋ᠢ ᠴᠢᠬᠢ ᠲᠠᠯᠪᠢᠨ ᠴᠢᠩᠨᠠᠭᠰᠠᠨ ᠢ᠋ᠶ᠋ᠠᠨ《ᠮᠣᠩᠭᠣᠯ ᠢ᠋ᠶ᠋ᠠᠷ ᠬᠡᠯᠡᠯᠴᠡᠵᠦ ᠪᠣᠢ᠂ ᠭᠠᠮᠢᠩ ᠤ᠋ᠨ ᠴᠡᠷᠢᠭ ᠴᠦ᠍ ᠯᠠᠪ ᠪᠢᠰᠢ ᠠ᠋!》 ᠭᠡᠬᠦ ᠳ᠋ᠦ᠍ᠨᠢ ᠬᠤᠪᠢᠯᠴᠡᠴᠡᠭ ᠠᠶᠤᠨ ᠪᠡᠮᠪᠡᠭᠡᠨᠡᠬᠦ ᠨᠢ ᠵᠢᠭᠠᠬᠠᠨ ᠠᠶᠠᠳᠪᠠ᠃  
       ᠬᠥᠯ ᠦ᠋ᠨ ᠴᠢᠮᠡᠭᠡ ᠣᠢᠷᠠᠳᠵᠤ ᠢᠷᠡᠨ᠄ 
       — ᠲᠠᠨ ᠤ᠋ ᠬᠢᠨ ᠬᠤᠪᠢᠯᠴᠡᠴᠡᠭ ᠦ᠋ᠨ ᠬᠢ ᠮᠥᠨ ᠤᠤ ?ᠭᠡᠵᠦ ᠨᠢᠭᠡ ᠬᠥᠮᠦᠨ ᠳᠤᠤᠭᠠᠷᠪᠠ᠃ 
       — ᠨᠠᠮᠠᠶ᠋ᠢ ᠲᠠᠨᠢᠳᠠᠭ᠁ ᠨᠡᠷ᠎ᠡ ᠪᠡᠷ ᠮᠢᠨᠢ᠁ ᠭᠡᠵᠦ ᠬᠤᠪᠢᠯᠴᠡᠴᠡᠭ ᠰᠠᠨᠳᠤᠷᠤᠨ ᠮᠢᠩᠭᠠᠨᠪᠤᠤ ᠶ᠋ᠢᠨ ᠬᠠᠵᠠᠭᠤ ᠳ᠋ᠤ᠌ ᠨᠠᠯᠠᠵᠤ ᠵᠣᠭᠰᠣᠪᠠ᠃ 
       — ᠪᠠᠢᠵᠠ!ᠰᠸᠳᠡᠩ ᠦ᠋ᠨ ᠳᠠᠭᠤ⁈ 
       — ᠲᠠ ᠲᠠᠨᠢᠳᠠᠭ ᠊ᠤᠤ? 
       — ᠲᠠᠨᠢᠨ᠎ᠠ᠃  
       ᠬᠤᠪᠢᠯᠴᠡᠴᠡᠭ ᠴᠦᠳᠡᠩ ᠵᠢᠷᠤᠵᠤ ᠳ᠋ᠧᠩ ᠠᠰᠠᠭᠠᠪᠠ᠃ 
       — ᠵᠠ᠂ ᠰᠠᠢᠨ ᠪᠠᠢᠨ᠎ᠠ ᠊ᠤᠤ? ᠭᠡᠵᠦ ᠰᠸᠳᠡᠩ ᠭᠤᠷᠪᠠᠭᠤᠯᠠ ᠣᠷᠣᠵᠤ ᠢᠷᠡᠪᠡ᠃ 
       — ᠰᠠᠢᠨ᠂ ᠲᠠ ᠨᠠᠷ ᠰᠠᠢᠨ ᠶᠠᠪᠤᠵᠤ ᠢᠷᠡᠪᠡ ᠤᠤ? ᠭᠡᠵᠦ ᠮᠢᠩᠭᠠᠨᠪᠤᠤ ᠤᠷᠲᠤ ᠠ᠋ᠴᠠ ᠨᠢ ᠬᠠᠷᠢᠭᠤ ᠮᠡᠨᠳᠦᠯᠡᠵᠦ ᠰᠸᠳᠡᠩ ᠲᠡᠢ ᠬᠥᠬᠦᠦᠷ ᠰᠣᠯᠢᠯᠴᠠᠪᠠ᠃   
       ᠰᠸᠳᠡᠩ ᠭᠡᠵᠦ ᠪᠦᠳᠦᠭᠦᠨ ᠬᠠᠳᠤᠭᠤᠨ ᠪᠡᠶ᠎ᠡ ᠲᠡᠢ᠂ ᠥᠷᠭᠡᠨ ᠮᠠᠩᠨᠠᠢ ᠫᠢᠯᠠᠭᠠᠷ ᠬᠤᠸᠠ ᠴᠢᠷᠠᠢ ᠲᠠᠢ᠃ ᠢᠷᠠᠰᠬᠢᠨ ᠢᠨᠢᠶᠡᠪᠬᠢᠯᠡᠵᠦ ᠦᠭᠡ ᠬᠡᠯᠡᠬᠦ ᠳ᠋ᠦ᠍ᠨᠢ ᠥᠷᠥᠭᠡᠰᠦᠨ ᠰᠣᠶᠣᠭ᠎ᠠ ᠲᠠᠢ ᠴᠠᠭᠠᠨ ᠰᠢᠲᠦ ᠨᠢ ᠮᠢᠷᠠᠯᠵᠠᠵᠤ ᠬᠠᠷᠠᠭᠳᠠᠨ ᠠᠩᠬ᠎ᠠ ᠬᠠᠷᠠᠭᠰᠠᠨ ᠬᠥᠮᠦᠨ ᠳ᠋ᠦ᠍ ᠴᠦ᠍ ᠡᠯᠢᠭᠡᠰᠢᠭ ᠳᠤᠯᠠᠭᠠᠨ ᠰᠠᠨᠠᠭᠳᠠᠨ᠎ᠠ᠃ ᠪᠠᠷᠠᠭᠤᠨ ᠬᠦᠩ ᠦ᠋ᠨ ᠶᠠᠮᠤᠨ ᠤ᠋ ᠴᠡᠷᠢᠭ ᠲᠦ᠍ ᠲᠠᠪᠤᠲᠤ ᠶ᠋ᠢᠨ ᠳᠠᠷᠤᠭ᠎ᠠ ᠶ᠋ᠢᠨ ᠠᠯᠪᠠ ᠲᠠᠢ᠃ 
       — ᠮᠤᠨᠠ ᠶ᠋ᠢᠨ ᠥᠪᠥᠷ ᠲᠠᠢᠰᠢ ᠪᠠᠨ ᠪᠣᠷᠣᠭᠠᠨ ᠬᠤᠷ᠎ᠠ ᠡᠯᠪᠡᠭ? ᠪᠡᠯᠴᠢᠭᠡᠷ ᠡᠪᠡᠰᠦ ᠬᠠᠩᠭᠢ ᠤᠤ? ᠭᠡᠵᠦ ᠮᠢᠩᠭᠠᠨᠪᠤᠤ ᠠᠰᠠᠭᠤᠭᠰᠠᠨ ᠳ᠋ᠤ᠌ ᠰᠸᠳᠡᠩ᠄
       — ᠶᠠᠭᠠᠬᠢᠬᠤ ᠪᠣᠢ᠂ ᠪᠣᠷᠣᠭᠠᠨ ᠪᠠᠷᠤᠭᠲᠠᠢ ᠴᠤ᠌ ᠪᠡᠯᠴᠢᠭᠡᠷ ᠡᠪᠡᠰᠦ ᠬᠠᠩᠭᠢ ᠤᠷᠭᠤᠭᠰᠠᠨ᠃ ᠭᠣᠪᠢ ᠤᠷᠤᠭᠤ ᠴᠤ᠌ ᠪᠡᠯᠴᠢᠭᠡᠷ ᠲᠠᠵᠢ ᠦᠭᠡᠢ ᠪᠠᠢᠭ᠎ᠠ ᠰᠢᠦ ᠳᠡ ᠭᠡᠪᠡ᠃ 
       — ᠭᠣᠪᠢ ᠶ᠋ᠢᠨ ᠪᠡᠯᠴᠢᠭᠡᠷ ᠰᠠᠢᠨ᠃  ᠴᠠᠢᠷᠠᠭᠰᠠᠨ ᠬᠠᠷ᠎ᠠ ᠰᠡᠭᠦᠯᠲᠦ ᠨᠦ᠍ᠭᠦᠳ ᠭᠤᠳᠤᠭᠠᠷᠠᠬᠤ ᠳ᠋ᠠᠭᠠᠨ ᠪᠤᠲᠠᠨ ᠤ᠋ ᠪᠣᠯᠵᠣᠮᠣᠷ ᠠ᠋ᠴᠠ ᠦᠷᠭᠦᠵᠦ ᠳᠡᠮᠡᠢ ᠳᠠᠪᠬᠢᠯᠳᠤᠨ᠎ᠠ᠃ 
       ᠢᠩᠭᠢᠵᠦ ᠡᠨᠡ ᠲᠡᠷᠡ ᠶ᠋ᠢ ᠶᠠᠷᠢᠬᠤ ᠬᠣᠭᠣᠷᠣᠨᠳᠣ ᠬᠤᠪᠢᠯᠴᠡᠴᠡᠭ ᠴᠠᠢ ᠪᠤᠴᠠᠯᠭᠠᠵᠤ᠂ ᠵᠣᠴᠢᠳ ᠲᠤ᠌ ᠴᠠᠢ ᠠᠶᠠᠭᠠᠯᠠᠨ ᠪᠤᠳᠠᠭ᠎ᠠ ᠪᠣᠭᠣᠷᠰᠣᠭ ᠣᠢᠷᠠᠲᠤᠭᠤᠯᠤᠨ᠎ᠠ᠃ ᠴᠠᠢ ᠴᠤᠤ ᠤᠤᠭᠤᠵᠤ ᠰᠠᠭᠤᠲᠠᠯ᠎ᠠ ᠦᠦᠷ ᠬᠠᠶᠠᠭᠠᠷᠠᠪᠠ᠃ 
       ᠬᠡᠵᠢᠶᠡᠳᠡ ᠴᠢᠷᠠᠢ ᠪᠠᠶᠠᠰᠬᠤᠯᠠᠩ ᠶᠠᠪᠤᠳᠠᠭ ᠰᠸᠳᠡᠩ ᠦ᠋ᠨ ᠨᠢᠭᠤᠷ ᠴᠢᠷᠠᠢ ᠬᠤᠵᠢᠢᠵᠤ ᠶᠠᠭᠤ ᠨᠢᠭᠡ ᠬᠡᠯᠡᠬᠦ ᠭᠡᠳ ᠬᠡᠯᠡᠵᠦ ᠭᠠᠷᠬᠤ ᠦᠭᠡᠢ ᠳᠣᠲᠣᠷ᠎ᠠ ᠪᠠᠨ ᠵᠣᠪᠠᠨᠢᠯᠲᠠᠢ ᠪᠠᠢᠭ᠎ᠠ ᠶ᠋ᠢ ᠦᠵᠡᠵᠦ ᠭᠠᠷᠤᠭᠰᠠ ᠮᠢᠩᠭᠠᠨᠪᠤᠤ᠄ 
       — ᠰᠸᠳᠡᠩ ᠠ᠋᠂ ᠵᠠᠮ ᠳ᠋ᠠᠭᠠᠨ ᠵᠦᠳᠡᠷᠡᠭᠰᠡᠨ ᠊ᠤᠤ? ᠴᠢᠷᠠᠢ ᠴᠢᠨᠢ ᠬᠤᠵᠢᠢᠵᠤ ᠬᠠᠷᠠᠭᠳᠠᠨ᠎ᠠ᠃ ᠴᠠᠭᠠᠳᠤ ᠣᠷᠣ ᠲᠦᠰᠢᠭᠡᠳ ᠵᠢᠭᠠᠬᠠᠨ ᠬᠠᠵᠠᠭᠤᠯᠤᠭᠠᠳ ᠠᠪ ᠭᠡᠪᠡᠯ᠄ 
       — ᠦᠭᠡᠢ᠂ ᠦᠭᠡᠢ᠃ ᠬᠠᠮᠢᠶ᠎ᠠ ᠦᠭᠡᠢ᠁ ᠭᠡᠳ ᠰᠡᠭᠦᠷᠡᠰᠦ ᠠᠯᠳᠠᠨ᠎ᠠ᠃ 
       — ᠢᠷᠡᠭᠰᠡᠨ ᠬᠥᠮᠦᠨ ᠤᠴᠢᠷ ᠲᠠᠢ᠂ ᠢᠨᠢᠶᠡᠭᠰᠡᠨ ᠬᠥᠮᠦᠨ ᠭᠡᠮ ᠲᠡᠢ ᠭᠡᠳᠡᠭ᠃ ᠴᠢ ᠶᠠᠭᠤᠨ ᠤᠴᠢᠷ ᠲᠤ᠌ ᠬᠠᠷᠠᠩᠭᠤᠢ ᠰᠥᠨᠢ ᠪᠡᠷ ᠬᠠᠮᠢᠭᠠᠰᠢ ᠪᠠᠨ ᠭᠡᠵᠦ ᠶᠠᠪᠤᠭ᠎ᠠ ᠪᠣᠢ? ᠨᠠᠳᠠ ᠲᠠᠢ ᠠᠭᠤᠯᠵᠠᠬᠤ ᠪᠠᠷ ᠢᠷᠡᠭᠰᠡᠨ ᠤᠤ? 
       — ᠲᠡᠢᠮᠦ! 
       — ᠶᠠᠮᠠᠷ ᠤᠴᠢᠷ ᠲᠠᠢ ᠪᠣᠢ? 
       — ᠠᠬ᠎ᠠ ᠲᠠᠨ ᠤ᠋ ᠲᠠᠭᠠᠯᠠᠯ ᠳ᠋ᠤ᠌ ᠮᠠᠭᠤ ᠴᠢᠮᠡᠭᠡ ᠠᠪᠴᠤ ᠢᠷᠡᠯ᠎ᠡ᠃ ᠠᠭᠤᠴᠢᠯᠠᠭᠠᠷᠠᠢ! 
       — ᠶᠠᠭᠤ ᠪᠣᠢ? ᠶᠠᠷᠢᠭᠠᠴᠢ! 
       — ᠨᠠᠰᠤᠲᠠᠢ ᠠᠪᠤ ᠶ᠋ᠢᠨ ᠴᠢᠨᠢ ᠪᠡᠶ᠎ᠡ ᠨᠢ ᠠᠶ᠎ᠠ ᠦᠭᠡᠢ ᠪᠠᠢᠨ᠎ᠠ᠃  ᠠᠬ᠎ᠠ ᠲᠠᠨ ᠢ᠋ ᠪᠣᠯᠤᠮᠵᠢ ᠲᠠᠢ ᠪᠣᠯ ᠲᠦᠷᠭᠡᠨ ᠰᠢᠭ ᠭᠡᠷ ᠲᠡᠭᠡᠨ ᠬᠠᠷᠢᠵᠤ ᠢᠷ᠎ᠡ! ᠭᠡᠵᠦ ᠪᠠᠢᠨ᠎ᠠ ᠭᠡᠵᠦ ᠰᠸᠳᠡᠩ ᠦᠭᠡ ᠪᠡᠨ ᠥᠭᠡᠷᠡᠲᠦᠭᠦᠯᠵᠦ ᠬᠡᠯᠡᠪᠡ᠃ ᠦᠨᠡᠨ ᠳ᠋ᠡᠭᠡᠨ ᠰᠸᠳᠡᠩ ᠭᠠᠮᠢᠩ ᠤ᠋ᠨ ᠴᠡᠷᠢᠭ ᠦ᠋ᠨ ᠲᠡᠨᠳᠡ ᠡᠴᠡ ᠮᠠᠭᠤ ᠴᠢᠮᠡᠭᠡ ᠡᠪᠦᠷᠯᠡᠵᠦ ᠢᠷᠡᠭᠰᠡᠨ ᠢ᠋ᠶ᠋ᠡᠨ ᠬᠤᠪᠢᠯᠴᠡᠴᠡᠭ ᠡᠴᠡ ᠨᠢᠭᠤᠵᠤ ᠮᠢᠩᠭᠠᠨᠪᠤᠤ ᠶ᠋ᠢ ᠡᠨᠳᠡ ᠡᠴᠡ ᠪᠤᠰᠢᠭᠤᠬᠠᠨ ᠰᠠᠯᠭᠠᠵᠤ ᠵᠠᠢᠯᠠᠭᠤᠯᠬᠤ ᠳ᠋ᠤ᠌ ᠨᠡᠮᠡᠷᠢ ᠪᠣᠯᠬᠤ ᠶ᠋ᠢᠨ ᠲᠤᠰᠠᠳᠠ ᠢᠩᠭᠢᠵᠦ ᠬᠤᠳᠠᠯ ᠬᠡᠯᠡᠭᠰᠡᠨ ᠭᠡᠵᠢ᠃
       — ᠠᠪᠤ ᠮᠢᠨᠢ ᠶᠠᠭᠠᠬᠢᠭᠰᠠᠨ ᠪᠣᠯ ? ᠭᠡᠵᠦ ᠮᠢᠩᠭᠠᠨᠪᠤᠤ ᠶ᠋ᠢᠨ ᠴᠢᠷᠠᠢ ᠵᠢᠪᠬᠡᠢᠪᠡ᠃ 
       — ᠳᠣᠲᠣᠷ᠎ᠠ ᠴᠢᠬᠤᠯᠳᠠᠵᠤ ᠪᠠᠢᠨ᠎ᠠ ᠭᠡᠳ ᠬᠡᠪᠡᠯᠢ ᠪᠡᠨ ᠲᠡᠪᠡᠷᠢᠭᠡᠳ ᠰᠠᠨᠳᠤᠷᠴᠤ ᠪᠠᠢᠬᠤ ᠠ᠋ᠴᠠ ᠬᠣᠳᠣᠭᠣᠳᠣ ᠤᠤ ᠵᠢᠷᠦᠬᠡ ᠤᠤ ᠪᠤᠤ ᠮᠡᠳᠡ ᠶᠠᠭᠤ ᠴᠤ᠌ ᠪᠣᠯᠤᠭᠰᠠᠨ ᠲᠦᠷᠭᠡᠨ ᠡᠪᠡᠳᠴᠢᠨ ᠲᠤᠰᠴᠠᠢ ᠭᠡᠵᠦ ᠰᠧᠳᠡᠩ ᠬᠡᠯᠡᠨ᠎ᠡ᠃ ᠮᠢᠩᠭᠠᠨᠪᠤᠤ ᠳᠣᠲᠣᠷ᠎ᠠ ᠪᠠᠨ ᠰᠧᠳᠡᠩ ᠬᠡᠳᠦᠭᠦᠯᠡ ᠬᠠᠮᠢᠭ᠎ᠠ ᠬᠣᠯᠠ ᠮᠤᠨᠠ ᠶ᠋ᠢᠨ ᠥᠪᠥᠷ ᠡᠴᠡ ᠡᠢᠨ ᠬᠦ᠌ ᠪᠠᠴᠢᠮ ᠴᠢᠮᠡᠭᠡ ᠬᠦᠷᠭᠡᠵᠦ ᠢᠷᠡᠭᠰᠡᠨ ᠳ᠋ᠦ᠍ ᠬᠡᠮᠵᠢᠰᠢ ᠦᠭᠡᠢ ᠦᠨ᠎ᠡ ᠥᠷᠲᠡᠭ ᠲᠡᠢ ᠭᠡᠵᠦ ᠪᠣᠳᠣᠭᠰᠠᠨ ᠳ᠋ᠠᠭᠠᠨ 《ᠪᠢ ᠢᠩᠭᠢᠭᠡᠳ ᠡᠨᠡ ᠢᠷᠡᠭᠰᠡᠨ ᠬᠡᠳᠦᠭᠦᠯᠡ ᠲᠠᠶ᠎ᠠ ᠶᠠᠪᠤᠴᠢᠬᠠᠪᠠᠯ ᠁ ᠴᠢ ᠮᠢᠨᠢ ᠶᠠᠭᠠᠬᠢᠨ᠎ᠠ ᠪᠣᠢ ? ᠬᠣᠪᠢᠯ ᠠ᠋!》 ᠭᠡᠰᠡᠨ ᠰᠢᠤᠬᠡᠨ ᠬᠤᠪᠢᠯᠴᠡᠴᠡᠭ ᠢ᠋ ᠴᠢᠷᠠᠢᠳᠠᠪᠠᠯ ᠬᠤᠪᠢᠯᠴᠡᠴᠡᠭ ᠦ᠋ᠨ ᠨᠢᠳᠦᠨ ᠳ᠋ᠦ᠍ 《ᠪᠢ ᠴᠢᠮᠠᠶ᠋ᠢ ᠶᠠᠪᠤᠭᠤᠯᠬᠤ ᠦᠭᠡᠢ᠃ ᠬᠠᠮᠢᠭ᠎ᠠ ᠴᠤ᠌ ᠶᠠᠪᠤᠭᠤᠯᠬᠤ ᠦᠭᠡᠢ᠁》 ᠭᠡᠰᠡᠨ ᠦᠰᠦᠭ ᠲᠡᠢ ᠨᠢᠯᠪᠤᠰᠤ ᠴᠡᠢᠯᠡᠭᠡᠨᠡᠪᠡ᠃ ᠮᠢᠩᠭᠠᠨᠪᠤᠤ᠄ 
       — ᠬᠣᠪᠢᠯ ᠠ᠋᠂ ᠱᠠᠯᠠᠪ ᠶᠠᠪᠤᠵᠤ ᠪᠠᠨᠰᠠᠳᠤ ᠬᠠᠯᠢᠭᠤᠨ ᠢ᠋ᠶ᠋ᠠᠨ ᠣᠢᠷᠠᠲᠤᠭᠤᠯᠤᠭᠠᠳ ᠢᠷ᠎ᠡ ! ᠭᠡᠰᠡᠨ ᠳ᠋ᠦ᠍ ᠬᠤᠪᠢᠯᠴᠡᠴᠡᠭ《ᠵᠠ》ᠭᠡᠳ ᠭᠠᠷᠪᠠ᠃  
       ᠬᠤᠪᠢᠯᠴᠡᠴᠡᠭ ᠢ᠋ ᠭᠠᠷᠴᠤ ᠶᠠᠪᠤᠮᠠᠭᠴᠠ ᠰᠧᠳᠡᠩ᠄   
       — ᠠᠬ᠎ᠠ ᠠ᠋᠂ ᠭᠠᠮᠢᠩ ᠤ᠋ᠨ ᠴᠡᠷᠢᠭ ᠦ᠋ᠨ ᠲᠡᠨᠳᠡ ᠡᠴᠡ ᠶᠠᠭᠤᠮ᠎ᠠ ᠳᠤᠭᠤᠯᠪᠠ ᠤᠤ? ᠭᠡᠯ᠎ᠡ᠃
       — ᠦᠭᠡᠢ ᠠ᠋᠂ ᠠᠳᠠ ᠴᠤ᠌ ᠶᠣᠰᠣᠲᠠᠢ ᠴᠢᠬᠢ ᠳᠦᠯᠡᠢ᠂ ᠨᠢᠳᠦ ᠪᠠᠯᠠᠢ ᠭᠠᠵᠠᠷ᠃ ᠶᠣᠰᠣᠲᠠᠢ ᠨᠢᠭᠡ ᠪᠡᠶ᠎ᠡ ᠠᠮᠠᠷ ᠰᠡᠳᠬᠢᠯ ᠰᠡᠯᠡᠭᠦᠦ ᠶᠦᠮ ᠠ᠋᠃ 
       — ᠭᠣᠣ ᠰᠧᠯᠢᠩ ᠴᠡᠷᠢᠭ ᠬᠥᠳᠡᠯᠭᠡᠵᠦ ᠨᠢᠭᠡ ᠶᠠᠭᠤᠮ᠎ᠠ ᠰᠣᠨᠣᠰᠬᠠᠬᠤ ᠮᠠᠭᠠᠳ ᠦᠭᠡᠢ ᠶᠦᠮ᠃  
       — ᠶᠠᠭᠠᠬᠢᠯ᠎ᠠ ᠭᠡᠵᠦ ᠴᠡᠷᠢᠭ ᠬᠥᠳᠡᠯᠭᠡᠬᠦ ᠪᠣᠢ?   
       — ᠲᠠᠨ ᠢ᠋ ᠭᠣᠣ ᠰᠧᠯᠢᠩ ᠦ᠋ᠨ ᠮᠢᠩᠭᠠᠨ ᠲᠡᠮᠡᠭᠡ ᠶ᠋ᠢ ᠬᠠᠷᠢᠭᠤᠯᠤᠭᠠᠳ ᠰᠦᠢᠳᠬᠡᠵᠦ ᠳᠠᠭᠤᠰᠬᠠᠯ᠎ᠠ ᠭᠡᠵᠦ ᠪᠠᠷᠠᠭᠤᠨ ᠬᠣᠰᠢᠭᠤ ᠶᠠᠮᠤᠨ ᠳ᠋ᠤ᠌ ᠲᠠᠬᠠᠷ ᠭᠦᠶᠦᠯᠭᠡᠵᠦ ᠪᠢᠴᠢᠭ ᠬᠠᠷ᠎ᠠ ᠢᠷᠡᠭᠦᠯᠦᠭᠰᠡᠨ ᠢ᠋ ᠪᠢ ᠨᠢᠳᠦ ᠪᠡᠷ ᠢ᠋ᠶ᠋ᠡᠨ ᠣᠯᠵᠤ ᠦᠵᠡᠭᠰᠡᠨ᠃ 
       — ᠭᠣᠣ ᠰᠸᠯᠢᠩ ᠦ᠋ᠨ ᠪᠢᠴᠢᠭ ᠲᠦ᠍ ᠶᠠᠭᠤ ᠭᠡᠵᠦ ᠪᠠᠢᠨ᠎ᠠ ᠪᠣᠢ ? 
       — ᠁  
ᠤᠷᠠᠳ ᠤ᠋ᠨ ᠪᠠᠷᠠᠭᠤᠨ ᠬᠦᠩ ᠦ᠋ᠨ ᠨᠣᠶᠠᠨᠲᠠᠨ ᠳ᠋ᠤ᠌ ᠠᠮᠤᠭᠤᠯᠠᠩ ᠠᠢᠯᠠᠳᠬᠠᠶ᠎ᠠ ! 
       ᠡᠳᠦᠭᠡ ᠲᠠᠨ ᠤ᠋  ᠪᠠᠷᠠᠭᠤᠨ ᠬᠦᠩ ᠦ᠋ᠨ ᠬᠠᠷᠠᠨᠤᠳ ᠮᠢᠩᠭᠠᠨᠪᠤᠤ ᠮᠠᠨ ᠤ᠋ ᠴᠡᠷᠢᠭ ᠦ᠋ᠨ ᠲᠡᠮᠡᠭᠡ ᠬᠠᠷᠢᠭᠤᠯᠵᠤ ᠪᠠᠢᠭᠠᠳ ᠡᠳᠦᠢ ᠲᠡᠳᠦᠢ ᠲᠡᠮᠡᠭᠡ ᠪᠣᠷᠣᠯᠠᠭᠤᠯᠵᠤ ᠳᠤᠮᠳᠠ ᠠ᠋ᠴᠠ ᠨᠢ ᠯᠤᠲᠤ ᠶᠡᠬᠡ ᠠᠰᠢᠭ ᠤᠨᠠᠭᠠᠨ ᠪᠠᠶᠠᠵᠢᠭᠠᠳ ᠥᠪᠡᠷ ᠦ᠋ᠨ ᠪᠡᠶ᠎ᠡ ᠨᠢ ᠪᠠᠷ᠎ᠠ ᠰᠤᠷᠠᠭ ᠦᠭᠡᠢ ᠪᠣᠯᠪᠠ᠃ ᠡᠢᠨ ᠬᠦ ᠬᠣᠰᠢᠭᠤ ᠶᠠᠮᠤᠨ ᠠ᠋ᠴᠠ ᠲᠤᠰ ᠬᠥᠮᠦᠨ ᠢ᠋ ᠦᠳᠲᠡᠷ ᠪᠠᠷᠢᠪᠴᠢᠯᠠᠵᠤ᠂ ᠶᠠᠮᠤᠨ ᠠ᠋ᠴᠠ ᠪᠠᠨ ᠴᠡᠷᠢᠭ ᠦ᠋ᠨ ᠲᠡᠮᠡᠭᠡ ᠶ᠋ᠢ ᠲᠣᠭ᠎ᠠ ᠶᠣᠰᠣᠭᠠᠷ ᠲᠥᠯᠥᠵᠦ ᠥᠭᠪᠡᠯ ᠶᠠᠯ᠎ᠠ ᠨᠡᠬᠡᠬᠦ ᠦᠭᠡᠢ᠃ ᠡᠰᠡ ᠲᠡᠢᠮᠦ ᠪᠣᠯ ᠲᠤᠰ ᠬᠥᠮᠦᠨ ᠢ᠋ ᠱᠣᠷᠣᠩ ᠳ᠋ᠤ᠌ ᠴᠢᠬᠢᠵᠦ ᠬᠦᠨᠳᠦ ᠶᠠᠯᠠᠯᠠᠨ᠎ᠠ᠃ 
                      ᠡᠭᠦᠨ᠎ᠡ ᠶᠣᠰᠣᠯᠠᠨ ᠮᠡᠳᠡᠭᠳᠡᠪᠡᠢ           
       — ᠮᠥᠨ ᠡᠨᠡ ᠯᠡ ᠤᠤ⁈  
       — ᠪᠢᠴᠢᠭ ᠦ᠋ᠨ ᠬᠠᠷᠢᠭᠤ ᠳ᠋ᠤ᠌ ᠬᠣᠰᠢᠭᠤ ᠶᠠᠮᠤᠨ ᠠ᠋ᠴᠠ《ᠭᠠᠮᠢᠩ ᠤ᠋ᠨ ᠴᠡᠷᠢᠭ᠂ ᠮᠢᠩᠭᠠᠨᠪᠤᠤ ᠶ᠋ᠢ ᠴᠡᠷᠢᠭ ᠲᠦ᠍ ᠲᠠᠲᠠᠵᠤ ᠲᠡᠮᠡᠭᠡ ᠬᠠᠷᠢᠭᠤᠯᠠᠭᠤᠯᠬᠤ ᠳ᠋ᠠᠭᠠᠨ ᠪᠠᠷᠠᠭᠤᠨ ᠬᠦᠩ ᠦ᠋ᠨ ᠬᠣᠰᠢᠭᠤ ᠶᠠᠮᠤᠨ ᠢ᠋ᠶ᠋ᠠᠷ ᠳᠠᠮᠵᠢᠭᠰᠠᠨ ᠦᠭᠡᠢ ᠪᠠᠢᠲᠠᠯ᠎ᠠ ᠥᠨᠥᠳᠥᠷ ᠬᠡᠷᠡᠭ ᠵᠠᠷᠭᠤ᠂ ᠥᠷᠢ ᠲᠥᠯᠥᠪᠦᠷᠢ ᠳ᠋ᠦ᠍ ᠴᠢᠷᠦᠭᠳᠡᠬᠦ ᠳ᠋ᠦ᠍ᠨᠢ ᠬᠣᠰᠢᠭᠤ ᠶᠠᠮᠤᠨ ᠳ᠋ᠤ᠌ ᠮᠡᠳᠡᠭᠳᠡᠳᠡᠭ ᠨᠢ ᠶᠠᠭᠤ ᠪᠣᠢ? ᠪᠠᠷᠠᠭᠤᠨ ᠬᠦᠩ ᠦ᠋ᠨ ᠬᠣᠰᠢᠭᠤ ᠶᠠᠮᠤᠨ ᠮᠢᠩᠭᠠᠨᠪᠤᠤ ᠶ᠋ᠢᠨ ᠠᠯᠳᠠᠭᠰᠠᠨ ᠲᠡᠮᠡᠭᠡ ᠶ᠋ᠢ ᠲᠥᠯᠥᠬᠦ ᠶᠣᠰᠣ ᠦᠭᠡᠢ᠃ ᠭᠠᠮᠢᠩ ᠤ᠋ᠨ ᠴᠡᠷᠢᠭ ᠦ᠋ᠨ ᠲᠠᠯ᠎ᠠ ᠠ᠋ᠴᠠ ᠲᠤᠬᠠᠢ ᠶ᠋ᠢᠨ ᠬᠥᠮᠦᠨ ᠢ᠋ ᠶᠠᠭᠠᠬᠢᠵᠤ ᠶᠠᠯᠠᠯᠠᠪᠠᠯ ᠶᠠᠯᠠᠯᠠᠲᠤᠭᠠᠢ ! ᠭᠡᠰᠡᠨ ᠪᠠᠢᠨ᠎ᠠ᠃  
       — ᠁                 
       ᠮᠢᠩᠭᠠᠨᠪᠤᠤ᠂ ᠰᠧᠳᠡᠩ ᠦ᠋ᠨ ᠬᠡᠯᠡᠭᠰᠡᠨ ᠢ᠋ ᠰᠣᠨᠣᠰᠤᠭᠠᠳ ᠦᠭᠡ ᠳᠤᠤᠭᠠᠷᠤᠭᠰᠠᠨ ᠦᠭᠡᠢ ᠲᠠᠮᠠᠬᠢ ᠪᠠᠨ ᠪᠠᠭᠠᠭᠢᠭᠤᠯᠵᠤ ᠰᠠᠭᠤᠨ᠎ᠠ᠃ 
       — ᠮᠢᠩᠭᠠᠪᠤᠤ ᠠᠬ᠎ᠠ ᠠ᠋᠂ ᠪᠢᠳᠡ ᠬᠡᠳᠦᠭᠦᠯᠡ ᠲᠠᠨ ᠳ᠋ᠤ᠌ ᠠᠵᠠ ᠪᠤᠰᠤ ᠴᠢᠮᠡᠭᠡ ᠲᠤᠭᠤᠯᠤᠭᠤᠯᠤᠭᠰᠠᠨ ᠨᠢ ᠰᠡᠳᠬᠢᠯ ᠢ᠋ ᠲᠠᠨᠢ ᠴᠢᠯᠡᠭᠡᠯ᠎ᠡ ᠁ ᠭᠡᠬᠦ ᠳ᠋ᠡᠭᠡᠨ ᠲᠠᠨ ᠢ᠋ ᠭᠠᠮᠢᠩ ᠤ᠋ᠨ ᠰᠠᠪᠠᠷ ᠲᠤ᠌ ᠲᠠᠮᠤᠯᠠᠭᠳᠠᠭᠤᠵᠠᠢ ᠭᠡᠵᠦ ᠬᠡᠳᠦᠭᠦᠯᠡ ᠰᠠᠨᠠᠭ᠎ᠠ ᠪᠣᠯᠵᠤ ᠲᠤᠰᠬᠠᠢ ᠬᠡᠯᠡ ᠬᠦᠷᠭᠡᠬᠦ ᠪᠡᠷ ᠢᠷᠡᠯ᠎ᠡ᠃  
       — ᠴᠠᠭᠠᠳᠤ ᠭᠠᠮᠢᠩ ᠤ᠋ᠨ ᠴᠡᠷᠢᠭ ᠠᠳᠠ ᠬᠦᠷᠲᠡᠯ᠎ᠡ ᠨᠡᠬᠡᠯᠴᠡᠵᠦ ᠢᠷᠡᠨ᠎ᠡ ᠭᠡᠵᠢ ᠤᠤ? ᠭᠡᠵᠦ ᠮᠢᠩᠭᠠᠨᠪᠤᠤ ᠬᠡᠯᠡᠪᠡᠯ ᠰᠧᠳᠡᠩ᠄ 
       — ᠨᠡᠬᠡᠵᠦ ᠢᠷᠡᠬᠦ ᠦᠭᠡᠢ ᠶᠠᠭᠠᠬᠢᠬᠤ ᠪᠣᠢ ! ᠲᠡᠷᠡ ᠮᠥᠷᠲᠡᠭᠡᠨ ᠤᠳᠠᠬᠤ ᠦᠭᠡᠢ ᠨᠡᠬᠡᠵᠦ ᠢᠷᠡᠨ᠎ᠡ ᠰᠢᠦ! ᠭᠤᠷᠪᠠᠨ ᠬᠦᠩ ᠦ᠋ᠨ ᠬᠣᠰᠢᠭᠤ ᠶᠠᠮᠤᠨ ᠤ᠋ ᠬᠠᠭᠠᠯᠭ᠎ᠠ ᠪᠣᠯᠭᠠᠨ ᠳ᠋ᠤ᠌《ᠪᠣᠰᠬᠠᠭᠤᠯ ᠮᠢᠩᠭᠠᠨᠪᠤᠤ ᠶ᠋ᠢ ᠠᠮᠢᠳᠤ ᠪᠠᠷ ᠪᠠᠷᠢᠭᠰᠠᠨ ᠬᠥᠮᠦᠨ ᠳ᠋ᠦ᠍ᠷ ᠬᠦᠨᠳᠦ ᠱᠠᠩᠨᠠᠮᠤᠢ》ᠭᠡᠰᠡᠨ ᠵᠠᠷ ᠨᠠᠭᠠᠭᠰᠠᠨ ᠶᠤᠮ ᠴᠢᠨᠢ ᠲᠡᠳᠡᠨᠦᠰ ᠵᠦᠭᠡᠷ ᠲᠠᠯᠪᠢᠬᠤ ᠦᠭᠡᠢ ᠨᠢ ᠯᠠᠪ ᠭᠡᠯ᠎ᠡ᠃ 
       — ᠲᠠ ᠨᠠᠷ ᠲᠤ᠌ ᠭᠢᠯᠠᠢᠯ᠎ᠠ᠃ ᠵᠠᠩᠭᠢᠯᠠᠭ᠎ᠠ ᠶ᠋ᠢᠨ ᠦᠶ᠎ᠡ ᠳ᠋ᠦ᠍ ᠲᠠ ᠬᠡᠳᠦᠭᠦᠯᠡ ᠨᠠᠳᠠ ᠴᠢᠬᠤᠯᠠ ᠴᠢᠮᠡᠭᠡ ᠬᠦᠷᠭᠡᠵᠦ ᠢᠷᠡᠭᠰᠡᠨ ᠨᠢ ᠳᠣᠷᠢᠭᠤᠨ ᠪᠣᠯᠤᠯ᠎ᠠ ᠁ ᠲᠠ ᠬᠡᠳᠦᠭᠦᠯᠡ ᠪᠤᠴᠠᠭᠠᠷᠠᠢ! ᠪᠢ ᠡᠪ ᠵᠠᠪ ᠢ᠋ᠶ᠋ᠠᠨ ᠦᠵᠡᠵᠦ ᠪᠠᠢᠭᠠᠳ ᠮᠡᠳᠡᠶ᠎ᠡ! ᠭᠡᠵᠦ ᠮᠢᠩᠭᠠᠨᠪᠤᠤ ᠶ᠋ᠢᠨ ᠬᠡᠯᠡᠭᠰᠡᠨ ᠦᠭᠡᠨ ᠳ᠋ᠦ᠍《ᠲᠠ ᠨᠠᠷ ᠢ᠋ ᠳᠤᠮᠳᠠ ᠨᠢ ᠴᠢᠷᠦᠭᠳᠡᠭᠦᠯᠬᠦ ᠪᠡᠨ ᠪᠣᠯᠢᠶ᠎ᠠ! ᠬᠢᠭᠰᠡᠨ ᠬᠡᠷᠡᠭ ᠲᠡᠭᠡᠨ ᠮᠢᠩᠭᠠᠨᠪᠤᠤ ᠪᠢ ᠡᠵᠡᠨ ᠰᠠᠭᠤᠵᠤ ᠴᠢᠳᠠᠨ᠎ᠠ 》 ᠭᠡᠰᠡᠨ ᠰᠠᠨᠠᠭ᠎ᠠ ᠨᠤᠬᠤᠭᠰᠠᠨ ᠤᠳᠬ᠎ᠠ ᠲᠠᠢ ᠪᠣᠯᠬᠤ ᠶ᠋ᠢ ᠰᠧᠳᠡᠩ ᠲᠡᠷᠡ ᠬᠡᠳᠦᠭᠦᠯᠡ ᠴᠤ᠌ ᠣᠢᠯᠠᠭᠠᠪᠠ᠃ 
       — ᠦᠭᠡᠢ ᠠ᠋᠂  ᠮᠢᠩᠭᠠᠨᠪᠤᠦ ᠠᠬ᠎ᠠ ᠠ᠋᠂ ᠪᠢᠳᠡ ᠬᠠᠮᠲᠤ ᠳ᠋ᠠᠭᠠᠨ ᠡᠨᠳᠡ ᠡᠴᠡ ᠦᠳᠲᠡᠷ ᠵᠠᠢᠯᠠᠵᠤ ᠠᠯᠠᠱᠠᠨ ᠡᠵᠡᠨ᠎ᠡ ᠪᠡᠷ ᠳᠠᠭᠠᠷᠢᠨ ᠴᠠᠭᠠᠰᠢᠯᠠᠵᠤ ᠠᠯᠲᠠᠢ ᠶ᠋ᠢᠨ ᠠᠭᠤᠯᠠᠨ ᠳ᠋ᠤ᠌ ᠭᠠᠷᠤᠶ᠎ᠠ! ᠲᠡᠳᠡ ᠶᠠᠭᠠᠬᠢᠳᠠᠭ ᠴᠢᠷᠠᠢ⁈ 
       — ᠶᠠᠪᠤᠵᠠᠭᠠᠶ᠎ᠠ᠂ ᠡᠨᠳᠡ ᠡᠴᠡ ᠬᠥᠳᠡᠯᠦᠶ᠎ᠡ! 
       — ᠭᠠᠮᠢᠩ ᠤ᠋ᠨ ᠭᠡᠲᠡᠭᠦᠯ ᠭᠠᠵᠠᠷ ᠰᠠᠢ ᠦᠭᠡᠢ ᠬᠠᠷᠠᠭᠳᠠᠨ᠎ᠠ᠃ ᠡᠨᠳᠡ ᠡᠴᠡ ᠬᠥᠳᠡᠯᠵᠦ ᠵᠡᠢᠰᠬᠠᠨ ᠰᠢᠭ᠋ ᠭᠠᠵᠠᠷ ᠶᠠᠪᠤᠬᠤ ᠦᠭᠡᠢ ᠭᠣᠷᠢ ᠦᠭᠡᠢ ᠠ᠋! ᠭᠡᠵᠦ ᠨᠥᠭᠦᠭᠡ ᠳᠠᠭᠠᠯᠳᠤᠭᠰᠠᠨ ᠬᠣᠶᠠᠷ ᠴᠤ᠌ ᠮᠢᠩᠭᠠᠨᠪᠤᠤ ᠶ᠋ᠢ ᠰᠢᠬᠠᠮᠳᠠᠭᠤᠯᠤᠨ᠎ᠠ᠃  
       ᠮᠢᠩᠭᠠᠨᠪᠤᠤ ᠴᠤ᠌ ᠳᠣᠲᠣᠷ᠎ᠠ ᠪᠠᠨ ᠡᠨᠳᠡ ᠡᠴᠡ ᠵᠠᠢᠯᠠᠵᠤ ᠪᠠᠢᠭᠠᠳ ᠪᠣᠯᠤᠶ᠎ᠠ ᠭᠡᠰᠡᠨ ᠲᠥᠯᠥᠪᠲᠡᠢ ᠪᠣᠰᠪᠠ᠃ 
       ᠮᠢᠩᠭᠠᠨᠪᠤᠤ ᠶ᠋ᠢ ᠵᠣᠷᠢᠭ ᠰᠢᠭᠤᠳᠤᠭᠠᠳ ᠪᠣᠰᠤᠭᠰᠠᠨ ᠳ᠋ᠤ᠌ ᠰᠸᠳᠡᠩ ᠬᠡᠳᠦᠭᠦᠯᠡ ᠴᠤ᠌ ᠳᠦᠷᠳ᠋ ᠬᠢᠨ ᠪᠣᠰᠴᠤ ᠮᠣᠷᠢᠨ ᠤ᠋ ᠪᠠᠨ ᠲᠡᠢᠰᠢ ᠠᠯᠬᠤᠪᠠ᠃ 
       ᠬᠤᠪᠢᠯᠴᠡᠴᠡᠭ ᠮᠢᠩᠭᠠᠨᠪᠤᠤ ᠶ᠋ᠢ ᠶᠠᠪᠤᠬᠤ ᠭᠡᠳ ᠪᠣᠰᠤᠭᠰᠠᠨ ᠳ᠋ᠤ᠌ ᠲᠡᠭᠦᠨ ᠦ᠌ ᠡᠩᠭᠡᠷ ᠲᠦ᠍ ᠨᠠᠭᠠᠯᠳᠤᠵᠤ᠄ 
       — ᠠᠬ᠎ᠠ ᠠ᠋᠂ ᠲᠠ ᠬᠠᠮᠢᠭ᠎ᠠ ᠴᠤ᠌ ᠶᠠᠪᠤᠬᠤ ᠦᠭᠡᠢ᠁ ᠭᠡᠰᠡᠨ ᠪᠢᠰᠢ ᠤᠤ⁈ ᠭᠡᠯ᠎ᠡ᠃ 
       — ᠁  
       ᠮᠢᠩᠭᠠᠨᠪᠤᠤ᠂ ᠬᠤᠪᠢᠯᠴᠡᠴᠡᠭ ᠦ᠋ᠨ ᠢᠩᠭᠢᠵᠦ ᠠᠰᠠᠭᠤᠭᠰᠠᠨ ᠳ᠋ᠤ᠌ ᠡᠮᠦᠨ᠎ᠡ ᠡᠴᠡ ᠨᠢ《ᠲᠡᠢᠮᠦ ᠠ᠋》 ᠭᠡᠵᠦ ᠬᠡᠯᠡᠬᠦ ᠵᠣᠷᠢᠭ ᠬᠦᠷᠬᠦ ᠦᠭᠡᠢ᠂ ᠲᠡᠭᠦᠨ ᠦ᠌ ᠬᠦ  ᠬᠠᠷ᠎ᠠ ᠭᠡᠵᠢᠭᠡ ᠶ᠋ᠢ ᠨᠢ ᠠᠶᠠᠷᠬᠠᠨ ᠢᠯᠪᠢᠵᠦ᠄ 
       — ᠬᠣᠪᠢᠯ ᠠ᠋! ᠪᠢ ᠶᠠᠪᠤᠭᠠᠳ ᠤᠳᠠᠯ ᠦᠭᠡᠢ ᠪᠤᠴᠠᠵᠤ ᠢᠷᠡᠨ᠎ᠡ ᠁ ᠨᠠᠰᠤᠲᠠᠢ ᠠᠪᠤ ᠶ᠋ᠢᠨ ᠡᠪᠡᠳᠴᠢᠨ ᠰᠠᠢᠨ ᠪᠣᠯᠤᠭᠰᠠᠭᠠᠷ ᠪᠤᠴᠠᠵᠤ ᠴᠢᠮ᠎ᠠ ᠳᠡᠭᠡᠷ᠎ᠡ ᠢᠷᠡᠨ᠎ᠡ ᠭᠡᠵᠦ ᠬᠤᠪᠢᠯᠴᠡᠴᠡᠭ ᠢ᠋ ᠥᠬᠥᠭᠡᠷᠳᠡᠨ ᠦᠨᠦᠰᠦᠭᠰᠡᠨ ᠳ᠋ᠦ᠍ ᠬᠤᠪᠢᠯᠴᠡᠴᠡᠭ ᠤᠬᠢᠯᠠᠪᠠ᠃ 
       — ᠮᠢᠩᠭᠠᠨᠪᠤᠤ ᠠᠬ᠎ᠠ ᠠ᠋᠂ ᠪᠤᠰᠢᠭᠤᠯᠠᠭᠠᠴᠢ! ᠭᠡᠵᠦ ᠰᠸᠳᠡᠩ ᠭᠠᠳᠠᠨ᠎ᠠ ᠠ᠋ᠴᠠ ᠬᠠᠰᠬᠢᠷᠤᠭᠰᠠᠨ ᠳ᠋ᠤ᠌ ᠬᠤᠪᠢᠯᠴᠡᠴᠡᠭ ᠳᠣᠲᠣᠷ᠎ᠠ ᠪᠠᠨ《ᠡᠨᠡ  ᠰᠸᠳᠡᠩ᠂ ᠶᠠᠭᠤᠨ ᠳ᠋ᠠᠭᠠᠨ ᠶᠠᠭᠠᠷᠠᠭᠤᠯᠤᠭᠠᠳ ᠪᠠᠢᠪᠠ⁈》 ᠭᠡᠵᠦ ᠪᠣᠳᠣᠨ᠄ 
       — ᠠᠬ᠎ᠠ ᠮᠢᠨᠢ ᠵᠠᠮ ᠳ᠋ᠠᠭᠠᠨ ᠰᠠᠢᠨ ᠶᠠᠪᠤ᠂ ᠪᠣᠯᠭᠣᠮᠵᠢᠲᠠᠢ ᠶᠠᠪᠤᠭᠠᠷᠠᠢ!  ᠨᠠᠮᠠᠶ᠋ᠢ ᠁ ᠭᠡᠵᠦ ᠦᠭᠡ ᠨᠢ ᠭᠠᠷᠬᠤ ᠦᠭᠡᠢ ᠲᠠᠭᠯᠠᠷᠠᠵᠤ ᠴᠤᠷᠬᠢᠷᠠᠨ ᠤᠬᠢᠯᠠᠨ᠎ᠠ᠃ 
       ᠬᠤᠪᠢᠯᠴᠡᠴᠡᠭ ᠲᠡᠳᠡᠨᠦᠰ ᠢ᠋ ᠬᠤᠤᠳᠤᠭ ᠤ᠋ᠨ ᠴᠠᠭᠠᠨ᠎ᠠ ᠭᠠᠷᠲᠠᠯ᠎ᠠ ᠦᠳᠡᠭᠡᠳ ᠬᠣᠩᠭᠣᠷ ᠤ᠋ᠨ ᠢ᠋ᠶ᠋ᠠᠨ ᠬᠣᠢᠨ᠎ᠠ ᠠ᠋ᠴᠠ ᠰᠦ ᠡᠷᠭᠦᠵᠦ ᠬᠣᠴᠣᠷᠪᠠ᠃
       ᠵᠡᠭᠦᠨ ᠡᠮᠦᠨᠡᠰᠢ ᠮᠤᠰᠬᠢᠷᠠᠯᠳᠤᠭᠰᠠᠨ ᠵᠠᠮ ᠢ᠋ᠶ᠋ᠠᠷ ᠬᠡᠳᠦᠨ ᠮᠣᠷᠢᠲᠠᠨ ᠴᠣᠭᠭᠢᠭᠤᠯᠤᠯ᠎ᠠ᠃ 
       ᠬᠡᠳᠦᠨ ᠮᠣᠷᠢᠲᠠᠨ ᠲᠦᠳᠡᠬᠡᠨ ᠲᠣᠭᠣᠰᠣᠨ ᠪᠠᠭᠯᠠᠭᠳᠠᠵᠤ ᠪᠠᠷ᠎ᠠ ᠨᠢ ᠬᠠᠷᠠᠭᠳᠠᠬᠤ ᠦᠭᠡᠢ ᠪᠣᠯᠤᠯ᠎ᠠ᠃ ᠮᠢᠩᠭᠠᠨᠪᠤᠤ ᠲᠡᠷᠡ ᠬᠡᠳᠦᠭᠦᠯᠡ ᠲᠡᠢ ᠨᠢᠭᠡ ᠬᠡᠰᠡᠭ ᠳᠠᠪᠬᠢᠭᠤᠯᠤᠭᠠᠳ ᠪᠤᠴᠠᠵᠤ ᠬᠤᠤᠳᠤᠭ ᠳᠡᠭᠡᠷ᠎ᠡ ᠢᠷᠡᠵᠦ ᠮᠣᠷᠢᠨ ᠠ᠋ᠴᠠ ᠪᠠᠨ ᠪᠠᠭᠤᠭᠠᠳ ᠬᠤᠪᠢᠯᠴᠡᠴᠡᠭ ᠤᠷᠤᠭᠤ ᠠᠯᠬᠤᠬᠤ ᠳ᠋ᠤ᠌ ᠪᠠᠨᠰᠠᠲᠤ ᠬᠠᠯᠢᠭᠤᠨ ᠲᠣᠯᠣᠭᠠᠢ ᠪᠠᠷ ᠢ᠋ᠶ᠋ᠠᠨ ᠨᠠᠭᠠᠳᠴᠤ ᠬᠠᠵᠠᠭᠠᠷ ᠶᠠᠴᠢᠶᠠᠷ ᠢ᠋ᠶ᠋ᠠᠨ ᠬᠠᠪᠢᠷᠤᠯᠳᠤᠭᠤᠯᠤᠨ᠎ᠠ᠃ 
       ᠮᠢᠩᠭᠠᠨᠪᠤᠤ ᠬᠤᠪᠢᠯᠴᠡᠴᠡᠭ ᠢ᠋ ᠲᠡᠪᠡᠷᠢᠵᠦ᠄ 
       — ᠮᠢᠨᠦ ᠬᠤᠪᠢᠯ ᠰᠠᠢᠨ ᠰᠠᠭᠤᠵᠤ ᠪᠠᠢᠭᠠᠷᠠᠢ᠃ ᠪᠢ ᠪᠤᠴᠠᠵᠤ ᠢᠷᠡᠨ᠎ᠡ᠂ ᠯᠠᠪᠲᠠᠢ ᠁ ᠭᠡᠳ ᠬᠦᠳᠡᠷᠢ ᠶ᠋ᠢᠨ ᠵᠢᠭᠠᠷ ᠰᠢᠭ᠋ ᠵᠤᠩᠭᠠᠭ ᠦᠨᠦᠷᠲᠦᠭᠰᠡᠨ ᠭᠡᠵᠢᠭᠡ ᠶ᠋ᠢ ᠨᠢ ᠳᠠᠭᠠᠯᠠᠯ᠎ᠠ᠃ 
       — ᠠᠬ᠎ᠠ ᠲᠠ ᠴᠠᠭ ᠢᠮᠠᠭᠲᠠ ᠨᠠᠮᠠᠶ᠋ᠢ ᠰᠠᠨᠠᠳᠠᠭ ᠯᠠ ᠪᠣᠯ ᠪᠢ ᠪᠠᠢᠩᠭᠤ ᠰᠠᠢᠨ ᠰᠠᠭᠤᠵᠤ ᠯᠠ ᠪᠠᠢᠬᠤ ᠪᠤᠶᠠᠨ ᠲᠠᠢ! ᠭᠡᠵᠦ ᠬᠤᠪᠢᠯᠴᠡᠴᠡᠭ ᠮᠢᠰᠢᠶᠡᠨ ᠬᠡᠯᠡᠪᠡᠯ ᠮᠢᠩᠭᠠᠨᠪᠤᠤ᠄ 
       — ᠶᠠᠭ ᠳᠠ᠂ ᠴᠢᠨᠦ ᠰᠠᠨᠠᠭᠰᠠᠨ ᠰᠠᠢᠬᠠᠨ ᠰᠡᠳᠬᠢᠯ ᠦ᠋ᠨ ᠬᠠᠷᠢᠭᠤ ᠳ᠋ᠤ᠌ ᠰᠠᠢᠨ ᠪᠤᠶᠠᠨ ᠣᠷᠣᠰᠢᠲᠤᠭᠠᠢ! ᠭᠡᠪᠡ᠃  
       — ᠁    
       ᠬᠤᠪᠢᠯᠴᠡᠴᠡᠭ ᠭᠤᠲᠤᠯ ᠤ᠋ᠨ ᠢ᠋ᠶ᠋ᠠᠨ ᠬᠣᠩᠰᠢᠶᠠᠷ ᠢ᠋ ᠬᠠᠷᠠᠭᠠᠳ ᠳᠠᠭᠤ ᠦᠭᠡᠢ ᠳ᠋ᠦ᠍ ᠮᠢᠩᠭᠠᠨᠪᠤᠤ ᠲᠡᠭᠦᠨ ᠦ᠌ ᠦᠯᠦ ᠮᠡᠳᠡᠭ ᠴᠣᠳᠣᠢᠭᠰᠠᠨ ᠬᠡᠪᠡᠯᠢ ᠶ᠋ᠢ ᠠᠶᠠᠷᠬᠠᠨ ᠲᠡᠮᠲᠡᠷᠢᠵᠦ᠄ 
       — ᠡᠨᠡ ᠪᠢᠴᠢᠬᠠᠨ ᠠᠮᠢ ᠶ᠋ᠢ ᠨᠠᠷᠠ ᠲᠣᠭᠣᠰᠣ ᠲᠠᠢ ᠡᠰᠡᠨ ᠮᠡᠨᠳᠦ ᠵᠣᠯᠭᠠᠭᠤᠯᠤᠭᠠᠷᠠᠢ! ᠭᠡᠪᠡ᠃ 
       — ᠡᠩ! ᠭᠡᠵᠦ ᠬᠤᠪᠢᠯᠴᠡᠴᠡᠭ ᠲᠣᠯᠣᠭᠠᠢ ᠪᠠᠨ ᠲᠣᠬᠢᠨ᠎ᠠ᠃ 
       ᠮᠣᠷᠢᠨ ᠤ᠋ ᠲᠦᠪᠡᠷᠭᠡᠨ ᠲᠠᠴᠢᠭᠢᠨᠠᠵᠤ ᠣᠢᠷᠠᠲᠤᠭᠠᠳ《 ᠮᠢᠩᠭᠠᠨᠪᠤᠤ ᠠᠬ᠎ᠠ ᠠ᠋᠂ ᠲᠠ ᠴᠢᠨᠢ ᠶᠠᠭᠠᠬᠢᠴᠢᠬᠠᠪᠠ⁈ ᠶᠠᠭᠤᠨ ᠳ᠋ᠠᠭᠠᠨ ᠰᠠᠯ ᠶᠠᠳᠠᠭᠠᠳ᠁ ᠪᠤᠰᠢᠭᠤᠯᠠ!》 ᠭᠡᠬᠦ ᠰᠸᠳᠡᠩ ᠦ᠋ᠨ ᠳᠠᠭᠤ ᠣᠢᠷᠠᠬᠠᠨ ᠰᠣᠨᠣᠰᠳᠠᠬᠤ ᠳ᠋ᠤ᠌ ᠮᠢᠩᠭᠠᠨᠪᠤᠤ᠄ 
       — ᠵᠠ᠂ ᠣᠳᠣᠬᠠᠨ! ᠭᠡᠳ ᠮᠣᠷᠢᠨ ᠳ᠋ᠠᠭᠠᠨ ᠮᠣᠷᠳᠠᠬᠤ ᠭᠡᠵᠦ ᠳᠥᠷᠥᠭᠡ ᠠᠪᠴᠢᠬᠠᠭᠠᠳ ᠭᠡᠨᠡᠳᠲᠡ ᠶᠠᠭᠤ ᠰᠠᠨᠠᠵᠤ ᠣᠯᠤᠭᠰᠠᠨ ᠢ᠋ ᠪᠤᠤ ᠮᠡᠳᠡ ᠳᠥᠷᠥᠭᠡ ᠪᠡᠨ ᠮᠤᠯᠲᠤᠯᠵᠤ《 ᠮᠠᠢ᠂ ᠬᠣᠪᠢᠯ ᠠ᠋! ᠡᠭᠦᠨ ᠢ᠋ ᠴᠢᠮ᠎ᠠ ᠳ᠋ᠤ᠌ ᠦᠯᠡᠳᠡᠭᠡᠵᠦ ᠥᠭᠭᠦᠶ᠎ᠡ》 ᠭᠡᠳ ᠡᠪᠦᠷ ᠡᠴᠡ ᠪᠡᠨ ᠱ᠌ᠢᠷᠦᠨ ᠤᠯᠠᠭᠠᠨ ᠵᠢᠩᠰᠡ ᠲᠡᠢ ᠮᠠᠨᠤᠨ ᠬᠥᠬᠦᠦᠷ ᠭᠠᠷᠭᠠᠵᠤ ᠬᠤᠪᠢᠯᠴᠡᠴᠡᠭ ᠲᠤ ᠥᠭᠪᠡ᠃
       — ᠡᠭᠦᠨ ᠢᠶᠡᠨ ᠲᠠ ᠪᠡᠶ᠎ᠡ ᠳ᠋ᠡᠭᠡᠨ ᠠᠪᠴᠤ ᠶᠠᠪᠤᠳᠠᠭ ᠶᠤᠮ ᠪᠢᠰᠢ ᠤᠤ! ᠡᠷ᠎ᠡ ᠪᠦᠰᠡᠲᠡᠢ ᠬᠥᠮᠥᠨ᠂ ᠬᠥᠮᠥᠨ ᠬᠠᠷ᠎ᠠ ᠲᠠᠢ ᠠᠭᠤᠯᠵᠠᠪᠠᠯ ᠁  ᠭᠡᠵᠦ ᠬᠤᠪᠢᠯᠴᠡᠴᠡᠭ ᠤᠨ ᠬᠡᠯᠡᠬᠦ ᠶᠢ ᠮᠢᠩᠭᠠᠨᠪᠤᠤ ᠳᠠᠰᠤᠯᠤᠨ᠄
       — ᠦᠭᠡᠢ᠂ ᠴᠢᠮ᠎ᠠ ᠳᠤ ᠦᠯᠡᠳᠡᠭᠡᠶ᠎ᠡ ᠁  ᠢᠭᠢᠷ᠎ᠡ ᠬᠥᠬᠦᠦᠷ ᠶᠤᠮ᠃ ᠳᠡᠭᠡᠳᠦᠰ ᠡᠴᠡ ᠤᠯᠠᠮᠵᠢᠯᠠᠭᠰᠠᠨ ᠥᠪ ᠪᠣᠯᠬᠣᠷ ᠥᠷᠥᠭᠡᠰᠦᠨ ᠨᠢᠭᠡ ᠶᠢ ᠨᠢ ᠴᠢᠮ᠎ᠠ ᠳᠠᠭᠠᠨ ᠥᠨᠢᠳᠡ ᠶᠢᠨ ᠳᠤᠷᠠᠰᠬᠠᠯ ᠪᠣᠯᠭᠠᠵᠤ ᠦᠯᠡᠳᠡᠭᠡᠶ᠎ᠡ ᠭᠡᠳ ᠨᠥᠭᠥᠭᠡ ᠥᠷᠥᠭᠡᠰᠦᠨ ᠢ ᠨᠢ ᠭᠠᠷᠭᠠᠵᠤ ᠬᠤᠪᠢᠯᠴᠡᠴᠡᠭ ᠲᠤ ᠦᠵᠡᠭᠦᠯᠦᠭᠡᠳ ᠲᠠᠬᠢᠨ ᠡᠪᠦᠷᠲᠦᠯᠡᠪᠡ᠃
       — ᠁ 
       — ᠰᠠᠢᠨ ᠬᠠᠳᠠᠭᠠᠯᠠᠵᠤ ᠶᠠᠪᠤ! ᠡᠷ᠎ᠡ ᠬᠥᠮᠥᠨ ᠦ ᠡᠳ᠋ᠯᠡᠯ ᠶᠤᠮ ᠡ ᠁《ᠬᠦᠦ ᠲᠥᠷᠥᠪᠡᠯ ᠬᠦᠦ ᠳ᠋ᠡᠭᠡᠨ ᠥᠪᠯᠡᠵᠦ ᠥᠭᠭᠦᠭᠡᠴᠢ!》ᠭᠡᠰᠡᠨ ᠰᠢᠭ ᠪᠣᠳᠣᠯ ᠳ᠋ᠤᠨᠢ ᠶᠠᠭᠤ ᠪᠣᠳᠣᠭᠰᠠᠨ ᠢ ᠪᠣᠣ ᠮᠡᠳᠡ ᠣᠨᠴᠠ ᠨᠠᠮ ᠳᠠᠭᠤ ᠪᠠᠷ ᠬᠡᠯᠡᠭᠡᠳ ᠬᠥᠬᠦᠦᠷ ᠢ ᠬᠤᠪᠢᠯᠴᠡᠴᠡᠭ ᠤᠨ ᠭᠠᠷ  ᠠᠴᠠ ᠠᠪᠴᠤ ᠲᠠᠭ ᠢ ᠨᠢ ᠨᠡᠭᠡᠭᠡᠵᠦ ᠥᠨᠥᠰᠦᠩᠬᠡᠨ 《ᠨᠠᠮᠠᠶ᠋ᠢ ᠰᠠᠨᠠᠪᠠᠯ ᠦᠷᠬᠦᠢ ᠢᠩᠬᠢᠵᠦ ᠦᠨᠦᠰᠴᠦ ᠪᠠᠢᠭᠠᠷᠠᠢ》ᠭᠡᠳ ᠬᠤᠪᠢᠯᠴᠡᠴᠡᠭ ᠲᠤ ᠥᠭᠴᠡᠢ᠃
       ᠬᠤᠪᠢᠯᠴᠡᠴᠡᠭ ᠬᠥᠬᠦᠦᠷ ᠢ᠋ ᠲᠣᠰᠴᠤ ᠠᠪᠤᠭᠠᠳ《ᠬᠠᠷᠢᠭᠤ ᠳ᠋ᠤᠨᠢ ᠪᠢ ᠶᠠᠭᠤ ᠥᠭᠳᠡᠭ ᠪᠢᠯᠡ ⁈ 》ᠭᠡᠰᠡᠨ ᠲᠥᠯᠥᠪᠲᠡᠢ ᠶᠠᠭᠤ ᠥᠭᠬᠦ ᠶᠠᠭᠤ ᠬᠡᠯᠡᠬᠦ ᠪᠠᠨ ᠣᠯᠬᠤ ᠦᠭᠡᠢ ᠳ᠋ᠡᠭᠡᠨ ᠴᠠᠭᠠᠰᠢ ᠭᠦᠶᠦᠵᠦ ᠶᠠᠪᠤᠨ ᠶᠠᠩᠵᠤᠯᠠᠵᠤ ᠭᠦᠢᠴᠡᠭᠡᠭᠡᠳᠦᠢ ᠢᠨᠵᠠᠭᠠᠨ ᠬᠡ ᠤᠭᠠᠯᠵᠠ ᠬᠠᠳᠬᠤᠮᠠᠯᠯᠠᠭᠰᠠᠨ ᠬᠥᠬᠦᠦᠷ ᠦ᠋ᠨ ᠬᠠᠪᠲᠠᠭ᠎ᠠ ᠪᠠᠨ ᠠᠪᠴᠤ᠄ 
       — ᠎ᠠᠬ᠎ᠠ ᠳ᠋ᠠᠭᠠᠨ ᠪᠢ ᠢᠨᠵᠠᠭᠠᠨ ᠬᠡ ᠲᠡᠢ ᠬᠥᠬᠦᠦᠷ ᠦ᠋ᠨ ᠬᠠᠪᠲᠠᠭ᠎ᠠ ᠪᠡᠯᠡᠭᠯᠡᠶ᠎ᠡ ᠭᠡᠵᠦ ᠤᠷᠠᠯᠠᠵᠤ ᠣᠶᠣᠭᠰᠠᠨ ᠶᠤᠮ᠃ ᠲᠠᠨ ᠢ᠋ ᠡᠢᠮᠦ ᠲᠦᠷᠭᠡᠨ ᠶᠠᠪᠤᠴᠢᠬᠠᠨ᠎ᠠ ᠭᠡᠵᠦ ᠰᠠᠨᠠᠭᠰᠠᠨ ᠦᠭᠡᠢ ᠪᠤᠴᠠᠭᠠᠳ ᠢᠷᠡᠬᠦ ᠳ᠋ᠦ᠍ ᠴᠢᠨᠢ ᠶᠠᠩᠵᠤᠯᠠᠵᠤ ᠭᠦᠢᠴᠡᠭᠡᠭᠡᠳ ᠪᠡᠯᠡᠭ ᠪᠣᠯᠭᠠᠶ᠎ᠠ ᠁ ᠭᠡᠵᠦ ᠢᠴᠢᠩᠭᠦᠷᠡᠨ ᠬᠡᠯᠡᠬᠦ ᠳ᠋ᠦ᠍ ᠮᠢᠩᠭᠠᠨᠪᠤᠤ᠄
      — ᠬᠠᠮᠢᠶ᠎ᠠ ᠦᠭᠡᠢ᠃ ᠭᠠᠷ ᠢ᠋ᠶ᠋ᠠᠷ ᠢ᠋ᠶ᠋ᠠᠨ ᠤᠷᠠᠯᠠᠭᠰᠠᠨ ᠭᠠᠩᠭᠠᠩ ᠬᠠᠪᠲᠠᠭ᠎ᠠ ᠶᠤᠮ ᠪᠠᠢᠨ᠎ᠠ᠂ 《ᠳᠤᠲᠠᠭᠤ ᠤᠷᠠᠯᠠᠭᠰᠠᠨ ᠪᠣᠯᠪᠠᠴᠤ ᠴᠢᠨᠦ ᠰᠣᠳᠣᠨ ᠦᠨᠦᠷ ᠰᠢᠩᠭᠡᠭᠰᠡᠨ ᠬᠠᠪᠲᠠᠭ᠎ᠠ ᠶ᠋ᠢ ᠬᠡᠵᠢᠶ᠎ᠡ ᠴᠤ᠌ ᠪᠡᠶ᠎ᠡ ᠡᠴᠡ ᠪᠡᠨ ᠰᠠᠯᠭᠠᠯ ᠦᠭᠡᠢ ᠡᠪᠦᠷᠲᠦᠯᠡᠵᠦ ᠶᠠᠪᠤᠨ᠎ᠠ 》 ᠭᠡᠳ ᠮᠢᠩᠭᠠᠨᠪᠤᠤ ᠮᠣᠷᠳᠠᠪᠠ᠃ ᠪᠠᠨᠰᠠᠳᠤ ᠬᠠᠯᠢᠭᠤᠨ ᠡᠵᠡᠨ ᠲᠡᠢ ᠪᠠᠨ ᠳᠥᠷᠥᠭᠡ ᠪᠤᠯᠢᠶᠠᠯᠳᠤᠨ ᠣᠷᠣᠨ ᠳ᠋ᠠᠭᠠᠨ ᠨᠢᠭᠡ ᠪᠤᠵᠢᠭᠢᠨᠠᠵᠤ ᠠᠪᠤᠭᠠᠳ ᠳᠠᠪᠬᠢᠵᠤ ᠣᠳᠪᠠ᠃ 
       ᠬᠤᠪᠢᠯᠴᠡᠴᠡᠭ ᠪᠠᠨᠰᠠᠲᠤ ᠬᠠᠯᠢᠭᠤᠨ ᠤ ᠲᠤᠭᠤᠷᠠᠢ ᠠᠴᠠ ᠪᠣᠰᠤᠭᠰᠠᠨ ᠲᠣᠭᠣᠰᠣ ᠶ᠋ᠢ ᠰᠠᠷᠠᠪᠴᠢᠯᠠᠵᠤ ᠬᠠᠷᠠᠭᠠᠳ 《ᠰᠧᠳᠡᠩ ᠭᠡᠳᠡᠭ ᠲᠠᠪᠤᠲᠤ ᠶ᠋ᠢᠨ ᠳᠠᠷᠤᠭ᠎ᠠ ᠶᠠᠭᠠᠬᠢᠭᠰᠠᠨ ᠶᠠᠭᠠᠷᠠᠮᠠᠲᠠᠭᠠᠢ ᠬᠥᠮᠥᠨ ᠪᠣᠢ⁈》 ᠭᠡᠵᠦ ᠳᠣᠲᠣᠷ᠎ᠠ ᠪᠠᠨ ᠭᠣᠮᠣᠷᠬᠠᠯᠲᠠᠢ ᠪᠣᠳᠣᠵᠤ ᠬᠦᠪᠦᠷᠡᠨ ᠨᠡᠭᠦᠬᠦ ᠴᠡᠩᠬᠡᠷ ᠴᠠᠭᠠᠨ ᠡᠭᠦᠯᠡ ᠶ᠋ᠢ ᠰᠢᠷᠲᠡᠵᠦ ᠨᠢᠭᠡ ᠬᠡᠰᠡᠭ ᠵᠣᠭᠰᠣᠭᠰᠠᠨ ᠢᠶᠡᠨ ᠭᠡᠷ ᠤᠷᠤᠭᠤ ᠪᠠᠨ ᠰᠠᠩᠳᠠ ᠮᠡᠩᠳᠡ ᠣᠴᠢᠨ ᠰᠠᠭᠤᠯᠠᠭ᠎ᠠ ᠲᠠᠢ ᠰᠦ ᠠᠪᠴᠤ ᠮᠢᠩᠭᠠᠨᠪᠤᠤ ᠶ᠋ᠢᠨ ᠬᠣᠢᠨ᠎ᠠ ᠠ᠋ᠴᠠ ᠰᠠᠴᠤᠯᠢ ᠡᠷᠭᠦᠨ ᠁ ᠵᠠᠮ ᠳᠠᠭᠠᠨ ᠰᠠᠢᠨ ᠶᠠᠪᠤᠭᠠᠷᠠᠢ ᠮᠢᠩᠭᠠᠨᠪᠤᠤ ᠠᠬ᠎ᠠ ᠮᠢᠨᠢ 》 ᠭᠡᠵᠦ ᠲᠡᠷᠲᠡᠭᠡ ᠲᠣᠭᠣᠰᠣ ᠤᠷᠭᠤᠭᠤᠯᠤᠨ ᠳᠠᠪᠬᠢᠭᠰᠠᠨ ᠮᠣᠷᠢᠲᠠᠳ ᠢ᠋ ᠳᠠᠯᠳᠠᠷᠠᠨ ᠳᠠᠯᠳᠠᠷᠠᠲᠠᠯ᠎ᠠ  ᠪᠠᠷᠠᠯᠠᠨ ᠮᠡᠯᠡᠷᠡᠵᠦ ᠵᠣᠭᠰᠣᠵᠠᠢ ᠁
       ᠬᠥᠮᠥᠨ ᠬᠠᠷ᠎ᠠ ᠶᠢᠨ ᠴᠢᠮᠡᠭᠡ ᠳᠠᠰᠤᠷᠠᠵᠤ ᠶᠡᠬᠡ ᠭᠣᠪᠢ ᠢᠯᠢᠮ ᠵᠢᠯᠢᠮ᠃ ᠬᠤᠪᠢᠯᠴᠡᠴᠡᠭ ᠲᠤ ᠤᠯᠠᠮ ᠤᠢᠳᠬᠠᠷ ᠥᠨᠥᠴᠢᠷᠡᠩ ᠰᠠᠨᠠᠭᠳᠠᠬᠤ ᠶᠢ ᠶᠠᠭᠠᠬᠢᠨ᠎ᠠ᠃ ᠡᠨᠡ ᠦᠶ᠎ᠡ ᠳᠦ ᠬᠥᠮᠥᠨ ᠬᠠᠷ᠎ᠠ ᠠᠴᠠ ᠵᠠᠢᠯᠠᠵᠤ ᠬᠠᠮᠢᠭ᠎ᠠ ᠨᠢᠭᠤᠭᠳᠠᠭᠰᠠᠨ ᠢᠨᠵᠠᠭ᠎ᠠ ᠬᠤᠪᠢᠯᠴᠡᠴᠡᠭ ᠤᠨ ᠬᠣᠷᠮᠣᠢ ᠦᠨᠦᠷᠯᠡᠵᠦ ᠲᠡᠭᠦᠨ ᠦ ᠰᠡᠳᠬᠢᠯ ᠢ ᠲᠠᠢᠳᠬᠤᠷᠠᠭᠤᠯᠬᠤ ᠬᠠᠨᠢ ᠨᠢ ᠪᠣᠯᠵᠤ ᠵᠣᠭᠰᠣᠭᠰᠠᠨ ᠢ᠋ ᠲᠡᠷᠡ ᠮᠡᠳᠡᠭᠰᠡᠨ ᠴᠤ᠌ ᠦᠭᠡᠢ ᠪᠠᠢᠵᠠᠢ᠃ 
       ᠮᠢᠩᠭᠠᠨᠪᠤᠤ᠂ ᠰᠧᠳᠡᠩ ᠨᠠᠷ ᠵᠡᠭᠦᠨ ᠡᠮᠦᠨᠡᠰᠢᠯᠡᠵᠦ ᠶᠠᠪᠤᠭᠠᠳ ᠬᠣᠩᠭᠣᠷ ᠪᠣᠭᠳᠠ ᠶ᠋ᠢᠨ ᠡᠮᠦᠨᠡᠭᠦᠷ ᠪᠠᠷᠠᠭᠤᠨᠰᠢᠯᠠᠨ ᠠᠯᠠᠱᠠᠨ᠂ ᠡᠵᠡᠨ᠎ᠡ ᠶ᠋ᠢ ᠵᠥᠷᠢᠲᠡᠯ᠎ᠡ ᠭᠤᠷᠪᠠᠳᠤᠭᠠᠷ ᠡᠳᠦᠷ ᠲᠡᠭᠡᠨ ᠭᠠᠮᠢᠩ ᠤ᠋ᠨ ᠴᠡᠷᠢᠭ ᠲᠦ᠍ ᠬᠠᠰᠢᠭᠳᠠᠵᠤ ᠪᠠᠷᠢᠭᠳᠠᠭᠰᠠᠨ ᠢ᠋ ᠬᠤᠪᠢᠯᠴᠡᠴᠡᠭ ᠶᠠᠭᠠᠬᠢᠵᠤ ᠮᠡᠳᠡᠬᠦ ᠪᠣᠢ ! 
       ᠬᠤᠪᠢᠯᠴᠡᠴᠡᠭ ᠶᠠᠪᠤᠭᠰᠠᠨ ᠬᠥᠮᠦᠨ ᠦ᠌ ᠬᠣᠢᠨ᠎ᠠ ᠠ᠋ᠴᠠ ᠰᠡᠳᠬᠢᠯ ᠦ᠋ᠨ ᠵᠢᠯᠣᠭᠣ ᠠᠯᠳᠠᠵᠤ《ᠬᠠᠢᠷᠠᠲᠤ ᠠᠬ᠎ᠠ ᠮᠢᠨᠢ᠂ ᠵᠠᠮ ᠳ᠋ᠠᠭᠠᠨ ᠥᠯᠥᠰᠦᠭᠡ ᠤᠤ ᠤᠮᠳᠠᠭᠠᠰᠤᠭ᠎ᠠ ᠤᠤ ? ᠭᠡᠵᠦ ᠰᠠᠨᠠᠭᠠᠰᠢᠷᠠᠨ ᠭᠦᠵᠡᠭᠡ ᠲᠡᠢ ᠰᠢᠷ᠎ᠠ ᠲᠣᠰᠣ ᠠ᠋ᠴᠠ᠂ ᠬᠡᠯᠬᠢᠶ᠎ᠡ ᠲᠡᠢ ᠬᠤᠷᠤᠳ ᠠ᠋ᠴᠠ ᠭᠠᠨᠵᠤᠭᠠᠯᠠᠭᠤᠯᠤᠭᠰᠠᠨ ᠦᠭᠡᠢ ᠳ᠋ᠡᠭᠡᠨ ᠬᠠᠷᠠᠮᠰᠠᠵᠤ 《ᠪᠢ ᠶᠠᠭᠠᠬᠢᠬᠤ ᠳ᠋ᠠᠭᠠᠨ ᠢᠩᠭᠢᠵᠦ ᠤᠬᠠᠭᠠᠨ ᠦᠭᠡᠢᠳᠡᠵᠦ ᠲᠦᠵᠢᠷᠡᠪᠡ 》 ᠭᠡᠵᠦ ᠪᠡᠶ᠎ᠡ ᠪᠡᠨ ᠵᠢᠮᠡᠯᠡᠨ᠎ᠡ᠃ 
       ᠬᠣᠶᠠᠷ ᠳᠣᠯᠣᠭ᠎ᠠ ᠬᠣᠨᠣᠭᠠᠳ ᠪᠠᠰᠠ ᠬᠡᠳᠦᠨ ᠡᠳᠦᠷ ᠪᠣᠯᠪᠠ᠃ ᠥᠷᠯᠥᠭᠡ ᠪᠣᠰᠬᠤ ᠳ᠋ᠤ᠌ ᠬᠠᠶᠠᠭᠠᠨ ᠳ᠋ᠤ᠌ ᠠᠳᠤᠭᠤ ᠦᠦᠷᠰᠡᠬᠦ ᠳᠤᠭᠤᠯᠳᠠᠪᠠ ᠃ ᠶᠠᠭ ᠯᠠ ᠮᠢᠩᠭᠠᠨᠪᠤᠤ ᠠᠬ᠎ᠠ ᠨᠢ ᠬᠠᠷᠢᠵᠤ ᠢᠷᠡᠭᠡᠳ《 ᠬᠣᠪᠢᠯ ᠠ᠋! ᠪᠢ ᠬᠠᠷᠢᠭᠠᠳ ᠢᠷᠡᠴᠢᠬᠡᠭᠰᠡᠨ》 ᠭᠡᠰᠡᠨ ᠰᠢᠭ ᠰᠣᠨᠢᠨ ᠰᠠᠷᠠᠯ ᠦᠭᠭᠦᠭᠰᠡᠨ ᠳ᠋ᠦ᠍ ᠭᠠᠷᠪᠠᠯ ᠪᠠᠨᠰᠠᠳᠤ ᠬᠠᠯᠢᠭᠤᠨ ᠨᠢ ᠡᠮᠡᠭᠡᠯ ᠲᠣᠨᠣᠭ ᠲᠠᠢ ᠪᠠᠨ ᠱᠣᠩ ᠳᠡᠭᠡᠷ᠎ᠡ ᠵᠣᠭᠰᠣᠵᠤ ᠪᠠᠢᠪᠠ᠃ ᠪᠠᠨᠰᠠᠲᠤ ᠬᠠᠯᠢᠭᠤᠨ ᠤ᠋ ᠲᠣᠯᠢᠨ ᠬᠠᠵᠠᠭᠠᠷ ᠢ᠋ ᠡᠮᠡᠭᠡᠯ ᠦ᠋ᠨ ᠪᠦᠭᠦᠷᠭᠡ ᠳ᠋ᠦ᠍ ᠡᠪᠬᠡᠵᠦ᠂ ᠳᠥᠷᠥᠭᠡ ᠶ᠋ᠢ ᠨᠢ ᠬᠤᠮᠢᠨ ᠴᠢᠩᠭ᠎ᠠ ᠭᠠᠨᠵᠤᠭᠠᠯᠠᠭᠰᠠᠨ ᠢ᠋ ᠦᠵᠡᠪᠡᠯ ᠮᠢᠩᠭᠠᠨᠪᠤᠤ ᠡᠮᠡᠭᠡᠯ ᠲᠣᠨᠣᠭ ᠲᠠᠢ ᠮᠣᠷᠢ ᠪᠠᠨ ᠵᠣᠷᠢᠭᠤᠳᠠ ᠨᠤᠲᠤᠭ ᠵᠦᠭ ᠲᠦ᠋ᠨᠢ ᠲᠠᠯᠪᠢᠵᠤ ᠶᠠᠪᠤᠭᠤᠯᠤᠭᠰᠠᠨ ᠨᠢ ᠲᠣᠳᠣᠷᠬᠠᠢ᠃
       ᠮᠢᠩᠭᠠᠨᠪᠤᠤ ᠰᠧᠳᠡᠩ ᠵᠡᠷᠭᠡ ᠬᠡᠳᠦᠨ ᠨᠤᠲᠤᠭ ᠤ᠋ᠨ ᠠᠬ᠎ᠠ ᠳᠡᠭᠦᠦᠰ ᠵᠢᠷᠭᠠᠯ ᠵᠣᠪᠠᠯ ᠢ᠋ᠶ᠋ᠠᠨ ᠬᠤᠪᠢᠶᠠᠯᠴᠠᠵᠤ ᠨᠤᠲᠤᠭ ᠪᠤᠷᠤᠭᠤᠯᠠᠨ ᠬᠣᠯᠠ ᠶᠠᠪᠤᠬᠤ ᠪᠠᠷ ᠰᠢᠢᠳᠴᠦ ᠪᠠᠷᠠᠭᠤᠨᠰᠢᠯᠠᠵᠤ ᠠᠲᠠᠯ᠎ᠠ ᠵᠠᠮ ᠳ᠋ᠤ᠌ ᠭᠠᠮᠢᠩ ᠤ᠋ᠨ ᠴᠡᠷᠢᠭ ᠲᠦ᠍ ᠶᠠᠭᠠᠬᠢᠬᠤ ᠴᠤ᠌ ᠠᠷᠭ᠎ᠠ ᠦᠭᠡᠢ ᠬᠠᠰᠢᠭᠳᠠᠵᠠᠢ ᠪᠢᠯᠡ᠃ ᠮᠢᠩᠭᠠᠨᠪᠤᠤ ᠶᠢᠨ ᠬᠤᠪᠢ ᠳ᠋ᠤ᠌ ᠬᠠᠷᠠᠩᠭᠤᠢ ᠪᠣᠯᠣᠮᠠᠭᠴᠠ ᠪᠠᠨᠰᠠᠲᠤ ᠬᠠᠯᠢᠭᠤᠨ ᠤ᠋ ᠪᠠᠨ ᠬᠤᠷᠳᠤ ᠪᠠᠷ ᠭᠠᠮᠢᠩ ᠤ᠋ᠨ ᠪᠦᠰᠡᠯᠡᠯᠲᠡ ᠡᠴᠡ ᠮᠤᠯᠲᠤᠷᠠᠬᠤ ᠳ᠋ᠤ᠌ ᠪᠡᠯᠡᠬᠡᠨ ᠪᠠᠢᠯ᠎ᠠ᠃ ᠭᠡᠬᠦ ᠳ᠋ᠡᠭᠡᠨ ᠨᠥᠭᠦᠭᠡ ᠬᠡᠳᠦᠨ ᠬᠠᠨᠢᠲᠠᠨ ᠢ᠋ᠶ᠋ᠠᠨ  ᠭᠠᠮᠢᠩ ᠤ᠋ᠨ ᠭᠠᠷ ᠲᠤ᠌ ᠬᠢᠯᠢᠰ ᠦᠷᠡᠭᠡᠬᠦ ᠳᠤᠷ᠎ᠠ ᠦᠭᠡᠢ ᠶ᠋ᠢ ᠬᠡᠯᠡᠬᠦ ᠦᠭᠡᠢ ᠳᠥᠷᠪᠡᠨ ᠲᠠᠯ᠎ᠠ ᠪᠠᠷ ᠢ᠋ᠶ᠋ᠠᠨ ᠲᠦᠷᠭᠡᠨ ᠫᠤᠤ ᠲᠠᠢ ᠭᠠᠮᠢᠩ ᠤ᠋ᠨ ᠴᠡᠷᠢᠭ ᠪᠦᠰᠡᠯᠡᠭᠰᠡᠨ ᠶᠣᠮ᠎ ᠴᠢᠨᠢ ᠠᠵᠠ ᠦᠭᠡᠢᠳᠡᠪᠡᠯ ᠨᠢᠳᠦ ᠦᠭᠡᠢ ᠰᠤᠮᠤᠨ ᠳ᠋ᠤ᠌ ᠮᠣᠷᠢ ᠲᠠᠢ ᠬᠥᠮᠦᠨ ᠲᠡᠢ ᠪᠡᠨ ᠦᠷᠡᠭᠳᠡᠭᠦ ᠠᠶᠤᠯ ᠲᠠᠢ ᠪᠠᠢᠯ᠎ᠠ ᠁ ᠲᠡᠢᠨ ᠬᠦ᠌ ᠮᠢᠩᠭᠠᠨᠪᠤᠤ ᠪᠠᠨᠰᠠᠲᠤ ᠬᠠᠯᠢᠭᠤᠨ ᠤ᠋ ᠪᠠᠨ ᠣᠯᠣᠩ ᠢ᠋ ᠴᠢᠩᠭᠠᠯᠠᠵᠤ ᠬᠠᠵᠠᠭᠠᠷ ᠢ᠋ ᠨᠢ ᠮᠤᠯᠲᠤᠯᠤᠨ ᠳᠥᠷᠥᠭᠡ ᠶ᠋ᠢ ᠨᠢ ᠬᠤᠮᠢᠵᠤ ᠭᠠᠨᠵᠤᠭᠠᠨ ᠳ᠋ᠤᠨᠢ ᠴᠢᠩᠭ᠎ᠠ ᠤᠶᠠᠵᠤ  ᠪᠠᠨᠰᠠᠲᠤ ᠬᠠᠯᠢᠭᠤᠨ ᠮᠢᠨᠢ᠂ ᠴᠢᠯᠥᠭᠡ ᠵᠠᠪ ᠦᠭᠡᠢ ᠳᠠᠪᠬᠢᠵᠤ ᠬᠤᠪᠢᠯᠴᠡᠴᠡᠭ ᠲᠤ 《 ᠡᠵᠡᠨ ᠮᠢᠨᠢ ᠮᠡᠨᠳᠦ ᠪᠠᠢᠭ᠎ᠠ ᠁ 》ᠭᠡᠰᠡᠨ ᠴᠢᠮᠡᠭᠡ ᠳᠠᠮᠵᠢᠭᠤᠯᠤᠭᠠᠷᠠᠢ ᠭᠡᠳ ᠴᠤᠯᠪᠤᠭᠤᠷ ᠢ᠋ ᠨᠢ ᠬᠦᠵᠦᠭᠦᠨ ᠳ᠋ᠦ᠍ᠨᠢ ᠡᠪᠬᠡᠵᠦ ᠲᠠᠯᠪᠢᠪᠠ ᠁ 
       ᠬᠦᠯᠢᠶᠡᠭᠰᠡᠨ ᠶᠠᠭᠤᠮᠠᠨ ᠤ᠋ ᠤᠳᠠᠭᠠᠨ᠂ ᠬᠦᠰᠡᠭᠰᠡᠨ ᠶᠠᠭᠤᠮᠠᠨ ᠤ᠋ ᠬᠣᠯᠠ ᠭᠡᠳᠡᠭ ᠢ᠋ᠶ᠋ᠡᠷ ᠥᠨᠥᠴᠢᠷᠡᠨ ᠬᠣᠴᠣᠷᠤᠭᠰᠠᠨ ᠬᠤᠪᠢᠯᠴᠡᠴᠡᠭ ᠮᠢᠩᠭᠠᠨᠪᠤᠤ ᠶ᠋ᠢᠨ ᠬᠣᠢᠨ᠎ᠠ ᠠ᠋ᠴᠠ ᠡᠳᠦᠷ ᠡᠳᠦᠷ ᠰᠠᠷᠠᠪᠴᠢᠯᠠᠨ ᠬᠠᠷᠠᠪᠠᠴᠤ ᠬᠦᠯᠢᠶᠡᠭᠡᠳ ᠬᠦᠯᠢᠶᠡᠭᠡᠳ ᠢᠷᠡᠳᠡᠭ ᠦᠭᠡᠢ᠂ ᠬᠦᠰᠡᠭᠡᠳ ᠬᠦᠰᠡᠭᠡᠳ ᠬᠣᠭᠣᠰᠣᠷᠠᠭᠰᠠᠨ ᠴᠠᠭ ᠮᠥᠴᠡ᠂ ᠡᠳᠦᠷ ᠬᠣᠨᠣᠭ ᠢ᠋ ᠥᠩᠭᠡᠷᠡᠬᠦᠶ᠎ᠡ ᠪᠡᠷᠬᠡ ᠪᠣᠯᠵᠤ ᠤᠢᠳᠬᠠᠷ ᠭᠤᠨᠢᠭᠯᠠᠯ ᠳ᠋ᠤ᠌ ᠳᠡᠪᠲᠦᠵᠦ ᠪᠠᠢᠯ᠎ᠠ᠃ 《ᠤᠳᠠᠬᠤ ᠦᠭᠡᠢ ᠪᠤᠴᠠᠵᠤ ᠢᠷᠡᠨ᠎ᠡ᠂ ᠴᠢᠮ᠎ᠠ ᠳᠡᠭᠡᠷ᠎ᠡ ᠪᠡᠨ ᠯᠠᠪᠲᠠᠢ ᠢᠷᠡᠨ᠎ᠡ ᠁》 ᠭᠡᠰᠡᠨ ᠨᠢ ᠶᠠᠭᠠᠬᠢᠪᠠ  ᠤᠳᠠᠭᠠᠨ ᠡᠳᠦᠷ ᠵᠤᠵᠠᠭᠠᠨ ᠬᠣᠨᠣᠭ ᠢ᠋ᠶ᠋ᠠᠷ ᠬᠠᠷᠢᠵᠤ ᠢᠷᠡᠳᠡᠭ ᠦᠭᠡᠢ ᠳ᠋ᠦ᠍ ᠬᠤᠪᠢᠯᠴᠡᠴᠡᠭ ᠭᠤᠨᠢᠬᠠᠷᠠᠨ ᠭᠣᠮᠣᠳᠠᠪᠠ ᠃ ᠦᠨᠡᠷᠬᠡᠨ ᠲᠣᠨᠢᠷᠬᠠᠵᠤ ᠴᠤ᠌ ᠦᠵᠡᠪᠡ᠃ ᠰᠡᠳᠬᠢᠯ ᠦ᠋ᠨ ᠠᠮᠠᠷᠠᠭ ᠮᠢᠩᠭᠠᠨᠪᠤᠤ ᠪᠠᠨ ᠡᠪᠡᠳᠴᠢᠨ ᠬᠠᠭᠤᠴᠢᠨ ᠳ᠋ᠤ᠌ ᠨᠡᠷᠪᠡᠭᠳᠡᠵᠦ᠂ ᠠᠳᠠᠯ ᠭᠠᠢ ᠳ᠋ᠤ᠌ ᠤᠴᠠᠷᠠᠭᠰᠠᠨ ᠴᠤ᠌ ᠶᠣᠮ᠎ ᠤᠤ? ᠡᠰᠡᠪᠡᠰᠦ ᠴᠠᠭᠠᠨ᠎ᠠ ᠪᠠᠨ ᠪᠠᠰᠠ ᠰᠡᠳᠬᠢᠯ ᠲᠡᠢ ᠬᠥᠮᠦᠨ ᠲᠡᠢ ᠪᠣᠯᠤᠭᠰᠠᠨ ᠤᠤ ᠭᠡᠵᠦ ᠡᠯᠳᠡᠪ ᠢ᠋ᠶ᠋ᠡᠷ ᠲᠠᠭᠠᠮᠠᠭᠯᠠᠵᠤ ᠪᠣᠳᠣᠯ᠎ᠠ ᠁ ᠡᠳᠦᠷᠵᠢᠨ ᠵᠡᠭᠦᠨ ᠡᠮᠦᠨᠡᠰᠢ ᠰᠤᠨᠤᠯᠵᠠᠭᠰᠠᠨ ᠬᠠᠷᠭᠤᠢ ᠶ᠋ᠢ ᠨᠢᠳᠦ ᠪᠡᠨ ᠴᠢᠯᠡᠲᠡᠯ᠎ᠡ ᠬᠠᠷᠠᠵᠤ《ᠮᠥᠨ ᠡᠨᠡ ᠵᠠᠮ ᠢ᠋ᠶ᠋ᠠᠷ ᠬᠡᠳᠦᠭᠦᠯᠡ ᠶᠠᠪᠤᠵᠤ ᠣᠳᠤᠭᠰᠠᠨ ᠶᠤᠮ᠃ ᠡᠨᠡ ᠵᠠᠮ ᠢ᠋ᠶ᠋ᠠᠷ ᠡᠷᠭᠢᠵᠦ ᠢᠷᠡᠬᠦ ᠨᠢ ᠯᠠᠪ !》ᠭᠡᠵᠦ ᠰᠠᠨᠠᠭ᠎ᠠ ᠪᠠᠨ ᠬᠠᠭᠤᠷᠴᠤ ᠰᠠᠷᠠᠪᠴᠢᠯᠠᠵᠤ ᠵᠣᠭᠰᠣᠳᠠᠭ ᠪᠣᠯᠤᠯ᠎ᠠ᠃ ᠰᠥᠨᠢᠵᠢᠨ ᠵᠡᠭᠦᠳᠦᠨ ᠳ᠋ᠡᠭᠡᠨ ᠨᠣᠢᠷ ᠪᠡᠶ᠎ᠡ ᠪᠡᠨ ᠳᠡᠩᠰᠡᠯᠭᠡᠵᠦ《ᠬᠡᠯᠡᠭᠰᠡᠨ ᠦᠭᠡ ᠰᠠᠨᠠᠭᠰᠠᠨ ᠰᠠᠭᠭᠠᠨ ᠳ᠋ᠠᠭᠠᠨ ᠬᠦᠷᠳᠡᠭ ᠯᠡ ᠶᠦᠮ ᠪᠣᠯ ᠬᠦᠷᠦᠭᠡᠳ ᠢᠷᠡᠬᠦ ᠪᠠᠢᠯᠭᠦᠢ 》 ᠭᠡᠵᠦ ᠵᠡᠭᠦᠳᠦ ᠪᠡᠷ ᠢ᠋ᠶ᠋ᠡᠨ ᠮᠥᠷᠥᠭᠡᠳᠦᠨ᠄
        ᠁
        ᠵᠢᠭᠦᠷᠲᠡᠨ ᠰᠢᠪᠠᠭᠤ ᠵᠢᠷᠭᠢᠭᠡᠳ ᠢᠷᠡᠪᠡᠯ
        ᠵᠦᠯᠭᠡᠨ ᠳᠤᠮᠳᠠ ᠪᠠᠨ ᠬᠥ᠋
        ᠵᠢᠷᠤᠭ ᠪᠣᠯᠣᠭᠰᠠᠨ ᠮᠢᠩᠭᠠᠨᠪᠤᠤ ᠠᠵᠠᠢ ᠮᠢᠨᠢ
        ᠵᠡᠭᠦᠳᠦᠨ ᠳᠦ ᠮᠢᠨᠢ ᠣᠷᠣᠳᠠᠭ ᠶᠤᠮ ᠡ ᠬᠥ᠋
        ᠨᠠᠭᠤᠷ ᠤᠨ ᠬᠥᠪᠡᠭᠡ ᠪᠡᠷ ᠨᠣᠣᠷᠠᠭᠠᠳ ᠪᠠᠢᠳᠠᠭ
        ᠨᠤᠭᠤᠰᠤ ᠰᠢᠪᠠᠭᠤᠬᠠᠢ ᠶᠣᠮ᠎ ᠬᠥ᠋
        ᠨᠣᠢᠷ ᠪᠡᠶ᠎ᠡ ᠶ᠋ᠢ ᠮᠢᠨᠢ ᠳᠡᠩᠰᠡᠯᠭᠡᠭᠡᠳ ᠪᠠᠢᠳᠠᠭ 
        ᠡᠷᠬᠢᠮ ᠮᠢᠨᠦ ᠬᠣᠩᠭᠣᠷ ᠶᠤᠮ ᠠ᠋ ᠬᠦ ᠁ ᠭᠡᠵᠦ ᠳᠠᠭᠤᠯᠠᠨ ᠬᠤᠪᠢᠯᠴᠡᠴᠡᠭ ᠵᠢᠷᠦᠬᠡ ᠪᠣᠯᠤᠭᠰᠠᠨ ᠬᠣᠩᠭᠣᠷ᠂ ᠵᠢᠷᠤᠭ ᠪᠣᠯᠤᠭᠰᠠᠨ ᠠᠮᠠᠷᠠᠭ ᠢ᠋ᠶ᠋ᠠᠨ ᠰᠠᠨᠠᠵᠤ ᠮᠥᠷᠥᠭᠡᠳᠬᠦ ᠳ᠋ᠡᠭᠡᠨ ᠬᠡᠵᠢᠶᠡᠳᠡ ᠳᠠᠭᠤᠤ ᠭᠢᠩᠰᠢᠵᠦ ᠰᠣᠯᠢᠶᠠᠲᠠᠢ ᠰᠢᠭ᠋ ᠪᠣᠯᠪᠠ᠃ ᠲᠡᠭᠡᠭᠡᠳ ᠬᠤᠪᠢᠯᠴᠡᠴᠡᠭ ᠵᠡᠭᠦᠳᠦᠨ ᠦ᠌ ᠳᠠᠭᠠᠮᠠᠭ ᠢ᠋ᠶ᠋ᠠᠷ ᠭᠢᠩᠰᠢᠨ ᠳᠠᠭᠤᠯᠠᠭᠰᠠᠨ ᠳᠠᠯᠳᠠ ᠰᠡᠷᠡᠯ ᠦᠨ ᠡᠷᠢᠯᠴᠢ ᠤᠶᠠᠩᠭ᠎ᠠ ᠪᠠᠨ ᠠᠮᠢᠳᠤᠷᠠᠯ ᠤ᠋ᠨ ᠦᠨᠡᠨ ᠦᠯᠢᠭᠡᠷ ᠲᠦ᠍ ᠡᠮᠬᠢᠯᠡᠵᠦ ᠳᠠᠭᠤᠤ ᠪᠣᠯᠭᠠᠵᠤ ᠳᠠᠭᠤᠯᠠᠬᠤ ᠶᠤᠮᠰᠠᠨ ᠭᠡᠵᠦ ᠦᠷᠭᠦᠯᠵᠢ ᠪᠣᠳᠣᠳᠠᠭ ᠪᠣᠯᠵᠠᠢ᠃
       ᠡᠳᠦᠷ ᠬᠣᠨᠣᠭ ᠤᠷᠤᠰᠬᠠᠯ ᠤᠰᠤ ᠰᠢᠭ᠋᠂ ᠨᠢᠭᠡ ᠮᠡᠳᠡᠬᠦ ᠳ᠋ᠦ᠍ ᠡᠪᠦᠯ ᠦ᠋ᠨ ᠬᠦᠢᠲᠡ ᠣᠷᠣᠵᠤ ᠦᠭᠦᠴᠡ ᠭᠠᠷᠭᠠᠬᠤ ᠪᠣᠯᠴᠢᠬᠠᠭᠰᠠᠨ ᠪᠠᠢᠯ᠎ᠠ᠃ ᠬᠡᠳᠡᠷ ᠪᠣᠷᠣ ᠭᠤᠸᠠᠢ ᠡᠪᠦᠭᠡᠨ ᠬᠥᠭᠰᠢᠨ ᠬᠣᠶᠠᠭᠤᠯᠠ ᠪᠠᠨ ᠲᠡᠭᠦᠨ ᠢ᠋ ᠬᠥᠯ ᠬᠦᠨᠳᠦ ᠭᠡᠳ ᠦᠭᠦᠴᠡ ᠳ᠋ᠦ᠍ᠨᠢ ᠬᠠᠮᠵᠢᠯᠴᠠᠪᠠ᠃ ᠬᠡᠳᠡᠷ ᠪᠣᠷᠣ ᠭᠤᠸᠠᠢ ᠲᠡᠭᠦᠨ ᠳ᠋ᠦ᠍ ᠬᠣᠯᠠ ᠶ᠋ᠢᠨ ᠨᠠᠭᠠᠴᠤ ᠪᠣᠯᠳᠠᠬ᠎ ᠠᠴᠠ ᠬᠤᠪᠢᠯᠴᠡᠴᠡᠭ ᠬᠡᠳᠡᠷ ᠪᠣᠷᠣ ᠭᠤᠸᠠᠢ ᠶ᠋ᠢ ᠪᠣᠷᠣ ᠨᠠᠭᠠᠴᠤ ᠭᠤᠸᠠᠢ ᠭᠡᠵᠦ ᠬᠦᠨᠳᠦᠯᠡᠳᠡᠭ᠃ ᠬᠡᠳᠡᠷ ᠪᠣᠷᠣ ᠭᠤᠸᠠᠢ ᠬᠡᠵᠢᠶᠡᠳᠡ ᠶᠠᠯᠢ ᠦᠭᠡᠢ ᠶᠠᠭᠤᠮᠠᠨ ᠳ᠋ᠤ᠌ ᠤᠴᠠᠭᠠᠷᠳᠠᠵᠤ ᠬᠡᠲᠡᠷᠯᠡᠳᠡᠭ ᠵᠠᠩ ᠲᠠᠢ ᠳ᠋ᠤ᠌ ᠬᠥᠮᠦᠰ ᠲᠡᠭᠦᠨ ᠢ᠋ ᠬᠡᠳᠡᠷ ᠪᠣᠷᠣ ᠭᠤᠸᠠᠢ ᠭᠡᠳᠡᠭ ᠃ ᠦᠨᠡᠬᠡᠷ ᠬᠡᠯᠡᠬᠦ ᠦᠭᠡ ᠨᠢ ᠬᠡᠭᠵᠡᠭᠦᠨ ᠬᠡᠳᠡᠷ ᠵᠠᠩ ᠲᠠᠢ ᠪᠣᠯᠪᠠᠴᠤ ᠰᠠᠨᠠᠭ᠎ᠠ ᠴᠠᠭᠠᠪᠤᠷ᠂ ᠠᠰ ᠰᠢᠯᠤᠭᠤᠨ ᠬᠥᠮᠥᠨ᠃ ᠲᠡᠭᠦᠨ ᠦ᠌ ᠬᠥᠭᠰᠢᠨ ᠭᠠᠷᠮ᠎ᠠ ᠭᠡᠵᠦ ᠶᠣᠰᠣᠲᠠᠢ ᠪᠤᠷᠬᠠᠨ ᠰᠡᠳᠬᠢᠯ ᠲᠡᠢ ᠬᠥᠮᠦᠨ ᠦ᠌ ᠨᠢᠭᠡ᠃ ᠬᠡᠨ ᠬᠥᠮᠦᠨ ᠢ᠋ ᠴᠤ᠌《ᠬᠥᠭᠡᠷᠦᠬᠦᠢ ᠳᠡ ! 》 ᠭᠡᠵᠦ ᠡᠨᠡᠷᠢᠵᠦ ᠬᠡᠯᠡᠳᠡᠭ ᠡᠴᠡ ᠬᠥᠮᠦᠰ ᠭᠠᠷᠮ᠎ᠠ ᠡᠵᠢ ᠶ᠋ᠢ ᠬᠥᠭᠡᠷᠦᠬᠦᠢ ᠭᠠᠷᠮ᠎ᠠ ᠭᠡᠵᠡᠭᠡᠳᠡᠭ᠃ ᠮᠢᠩᠭᠠᠨᠪᠤᠤ ᠶᠠᠪᠤᠭᠰᠠᠨ ᠠ᠋ᠴᠠ ᠬᠣᠢᠰᠢ ᠬᠤᠪᠢᠯᠴᠡᠴᠡᠭ ᠭᠠᠭᠴᠠᠭᠠᠷ ᠢᠶᠠᠨ ᠭᠡᠳᠡᠰᠦ ᠪᠡᠨ ᠴᠢᠷᠴᠦ ᠪᠦᠯᠢᠳᠡᠵᠦ ᠪᠠᠢᠭ᠎ᠠ ᠶ᠋ᠢ ᠲᠣᠳᠣᠷᠬᠠᠢ ᠮᠡᠳᠡᠵᠦ 《᠁ ᠬᠥᠭᠡᠷᠦᠬᠦᠢ᠂ ᠬᠡᠦᠬᠡᠨ ᠮᠢᠨᠢ ᠪᠡᠶ᠎ᠡ ᠪᠠᠨ ᠯᠠ ᠬᠢᠴᠢᠶᠡᠬᠦ ᠬᠡᠷᠡᠭᠲᠡᠢ ! ᠬᠠᠲᠠᠭᠤ ᠬᠦᠨᠳᠦ ᠶᠠᠭᠤᠮ᠎ᠠ ᠪᠢᠲᠡᠭᠡᠢ ᠡᠷᠭᠦ!  ᠬᠢᠬᠦ ᠡᠨᠡ ᠲᠡᠷᠡ ᠠᠵᠢ ᠪᠠᠢᠪᠠᠯ ᠬᠡᠯᠡᠵᠦ ᠪᠠᠢᠭᠠᠷᠠᠢ᠂ ᠬᠣᠪᠢᠯ ᠠ᠋᠂ ᠬᠥᠭᠡᠷᠦᠬᠦᠢ᠂ ᠬᠥᠭᠡᠷᠦᠬᠦᠢ !  ᠪᠣᠷᠣ ᠨᠠᠭᠠᠴᠤ  ᠭᠤᠸᠠᠢ ᠴᠢᠨᠢ ᠪᠢᠳᠠ ᠬᠣᠶᠠᠷ ᠬᠠᠮᠵᠢᠯᠴᠠᠵᠤ ᠥᠭᠭᠦᠶ᠎ᠡ ᠬᠥᠭᠡᠷᠦᠬᠦᠢ ! 》 ᠭᠡᠵᠦ ᠦᠷᠬᠦᠢ ᠢᠷᠡᠵᠦ ᠠᠰᠠᠭᠤᠵᠤ ᠰᠤᠷᠠᠳᠠᠭ᠃ 
       ᠬᠣᠨᠢ ᠥᠪᠴᠢᠵᠦ ᠭᠡᠳᠡᠰᠦ ᠳᠣᠲᠣᠷ ᠢ᠋ ᠨᠢ ᠭᠠᠷᠭᠠᠬᠤ ᠳ᠋ᠠᠭᠠᠨ ᠬᠡᠳᠡᠷ ᠪᠣᠷᠣ ᠭᠤᠸᠠᠢ ᠰᠡᠮᠡᠵᠡᠨ ᠳ᠋ᠦ᠍ ᠨᠠᠭᠠᠯᠳᠤᠭᠰᠠᠨ ᠤᠬᠢᠯᠠᠩᠬᠠᠢ ᠶ᠋ᠢ ᠴᠢᠮᠬᠢᠵᠦ ᠠᠪᠤᠭᠠᠳ᠄
      — ᠮᠠᠢ ᠂ ᠭᠥᠭᠰᠢᠨ ᠠ᠋ ᠂ ᠬᠣᠪᠢᠯ ᠴᠣᠬᠣᠮ ᠬᠦᠦ ᠲᠥᠷᠥᠬᠦ ᠤᠤ ᠥᠬᠢᠨ ᠲᠥᠷᠥᠬᠦ ᠤᠤ ? ᠴᠢ ᠨᠢᠭᠡ ᠪᠡᠯᠭᠡᠳᠡᠵᠦ ᠦᠵᠡ! ᠭᠡᠳ ᠬᠥᠭᠰᠢᠨ ᠳ᠋ᠡᠭᠡᠨ ᠥᠭᠭᠥ ᠳᠦ ᠭᠠᠷᠮ᠎ᠠ ᠣᠬᠢᠯᠠᠩᠬᠠᠢ ᠶ᠋ᠢ ᠲᠣᠰᠴᠤ ᠭᠠᠳᠠᠭᠤᠷᠬᠢ ᠨᠢᠮᠭᠡᠨ ᠰᠠᠯᠢᠰᠤ ᠶ᠋ᠢ ᠡᠪᠯᠢᠭᠬᠡᠨ ᠬᠢᠮᠤᠰᠤᠯᠠᠪᠠᠯ ᠭᠣᠳᠣᠰᠬᠢᠨ ᠬᠦᠦ ᠬᠥᠮᠦᠨ ᠦ᠌ ᠪᠥᠯᠳᠦᠭ ᠰᠢᠭ ᠵᠠᠭᠪᠤᠷ  ᠭᠠᠷᠪᠠ᠃
      —  ᠬᠥᠭᠡᠷᠦᠬᠦᠢ᠂ ᠬᠥᠭᠡᠷᠦᠬᠦᠢ !  ᠬᠤᠪᠢᠯ ᠡ᠂ ᠮᠢᠨᠦ ᠬᠡᠦᠬᠡᠨ ᠬᠦᠦ ᠲᠠᠢ ᠪᠣᠯᠬᠤ ᠨᠢ ᠡ᠂ ᠴᠢ ᠦᠵᠡᠬᠦ ᠦᠭᠡᠢ ᠤᠤ?  ᠡᠨᠡ ᠶᠠᠭᠤ ᠪᠣᠢ?  ᠭᠡᠵᠦ ᠭᠠᠷ ᠲᠡᠬᠢ ᠬᠦᠦ ᠶ᠋ᠢᠨ ᠪᠡᠯᠭᠡ ᠲᠡᠢ ᠤᠬᠢᠯᠠᠩᠬᠠᠢ ᠶ᠋ᠢ ᠬᠤᠪᠢᠯᠴᠡᠴᠡᠭ ᠲᠤ ᠭᠠᠷᠳᠠᠭᠤᠯᠤᠭᠰᠠᠨ ᠳ᠋ᠤ᠌《 ᠢᠷᠦᠭᠡᠯ ᠪᠡᠯᠭᠡ ᠪᠡᠷ ᠣᠷᠣᠰᠢᠲᠤᠭᠠᠢ! ᠬᠦᠦ ᠶ᠋ᠢᠨ ᠠᠪᠤ ᠨᠢ ᠬᠠᠷᠢᠵᠤ ᠢᠷᠡᠬᠦ ᠳ᠋ᠦ᠍ ᠬᠦᠦ ᠲᠡᠢ ᠪᠡᠨ ᠬᠣᠶᠠᠭᠤᠯᠠ ᠢᠨᠢᠶᠡᠳᠦ ᠬᠠᠨᠢᠶᠠᠳᠤ ᠬᠠᠯᠭᠢᠵᠤ ᠠᠭᠤᠯᠵᠠᠨ᠎ᠠ ᠳᠠ》 ᠭᠡᠵᠦ ᠪᠣᠳᠣᠵᠤ ᠵᠠᠪᠳᠤᠭᠠᠳ ᠤᠬᠢᠯᠠᠩᠬᠠᠢ ᠶ᠋ᠢ ᠭᠠᠷᠮ᠎ᠠ ᠡᠵᠢ ᠶ᠋ᠢᠨ ᠭᠠᠷ ᠠ᠋ᠴᠠ ᠰᠡᠩᠳᠡ ᠮᠡᠩᠳᠡ ᠲᠣᠰᠴᠤ ᠴᠢᠷᠠᠢ ᠨᠢ ᠦᠯᠦ ᠮᠡᠳᠡᠭ ᠤᠯᠠᠰᠬᠢᠵᠦ᠄ 
      — ᠭᠠᠷᠮ᠎ᠠ ᠡᠵᠢ ᠦᠨᠡᠨ ᠤᠤ?! ᠭᠡᠬᠦ ᠳ᠋ᠦ᠍ ᠬᠡᠳᠡᠷ ᠪᠣᠷᠣ ᠭᠤᠸᠠᠢ ᠲᠡᠷᠡ ᠵᠠᠪ ᠦᠭᠡᠢ ᠬᠡᠳᠡᠷ ᠨᠢ ᠬᠦᠷᠴᠦ᠄ 
      — ᠦᠨᠡᠨ ᠦᠭᠡᠢ ᠲᠡᠭᠡᠭᠡᠳ ᠬᠡᠵᠢᠶ᠎ᠡ ᠬᠤᠳᠠᠯ ᠪᠠᠢᠪᠠ? ᠭᠡᠵᠦ ᠬᠥᠭᠰᠢᠨ ᠡᠴᠡ ᠡᠮᠦᠨ᠎ᠡ ᠵᠠᠪᠳᠤᠵᠤ ᠬᠡᠳᠡᠷᠯᠡᠨ᠎ᠡ᠃ 
      — ᠬᠥᠭᠡᠷᠦᠬᠦᠢ ᠬᠡᠦᠬᠡᠨ ᠮᠢᠨᠢ᠂ ᠨᠠᠭᠠᠴᠤ ᠭᠤᠸᠠᠢ ᠶ᠋ᠢᠨ ᠴᠢᠨᠢ ᠬᠡᠯᠡᠬᠦ ᠨᠢ ᠲᠠᠭᠠᠷᠠᠨ᠎ᠠ᠃ ᠮᠣᠩᠭᠣᠯ ᠬᠥᠮᠦᠨ ᠪᠡᠯᠭᠡ ᠪᠡᠷ ᠭᠡᠳᠡᠭ ᠶᠦᠮ᠃ ᠮᠢᠨᠦ ᠬᠡᠦᠬᠡᠨ ᠬᠦᠦ ᠲᠡᠢ ᠪᠣᠯᠬᠤ ᠨᠢ ᠠ᠋! ᠬᠥᠭᠡᠷᠦᠬᠦᠢ᠂ ᠬᠥᠭᠡᠷᠦᠬᠦᠢ! ᠭᠡᠵᠦ ᠡᠶᠡᠷᠡᠭᠦᠬᠡᠨ ᠬᠡᠯᠡᠭᠡᠳ ᠬᠣᠨᠢᠨ ᠤ᠋ ᠭᠡᠳᠡᠰᠦ ᠳᠣᠲᠣᠷ ᠢ᠋ ᠴᠡᠪᠡᠷᠯᠡᠬᠦ ᠪᠡᠷ ᠬᠣᠷᠮᠣᠢᠯᠠᠨ᠎ᠠ᠃ ᠬᠡᠳᠡᠷ ᠪᠣᠷᠣ ᠭᠤᠸᠠᠢ ᠭᠦᠵᠡᠭᠡᠨ ᠦ᠌ ᠰᠡᠪᠡᠰᠦ ᠠᠰᠬᠠᠴᠢᠬᠠᠭᠠᠳ ᠣᠷᠣᠵᠤ ᠢᠷᠡᠬᠦ ᠳ᠋ᠡᠭᠡᠨ᠄  
      — ᠡᠵᠡᠨ ᠢ᠋ᠶ᠋ᠡᠨ ᠠᠯᠳᠠᠭᠰᠠᠨ ᠴᠢᠨᠢ᠂ ᠥᠨᠥ ᠡᠪᠦᠯ ᠪᠠᠰᠠ ᠶᠡᠬᠡ ᠴᠠᠰᠤ ᠣᠷᠣᠬᠤ ᠶᠤᠮ ᠪᠠᠢᠨ᠎ᠠ᠃ ᠴᠢᠭᠢᠶᠡᠲᠦᠷᠦᠦ! ᠭᠡᠳ ᠪᠠᠭᠰᠠᠢᠭᠰᠠᠨ ᠵᠤᠵᠠᠭᠠᠨ ᠥᠩᠭᠥᠷ ① ᠲᠡᠢ ᠭᠦᠵᠡᠭᠡ ᠶ᠋ᠢ ᠬᠥᠭᠰᠢᠨ ᠳ᠋ᠡᠭᠡᠨ ᠦᠵᠡᠭᠦᠯᠵᠦ ᠳᠡᠯᠭᠡᠭᠰᠡᠨ ᠬᠣᠨᠢᠨ ᠤ᠋ ᠠᠷᠠᠰᠤᠨ ᠳᠡᠭᠡᠷ᠎ᠡ ᠫᠢᠯ ᠬᠢᠲᠡᠯ᠎ᠡ ᠬᠠᠶᠠᠪᠠ᠃ 
       ᠬᠡᠵᠢᠶ᠎ᠡ ᠨᠢᠭᠡ ᠡᠳᠦᠷ ᠬᠠᠢᠷᠠᠲᠤ ᠬᠥᠮᠦᠨ ᠨᠢ ᠵᠡᠭᠦᠨ ᠡᠮᠦᠨᠡᠰᠢ ᠰᠤᠨᠤᠯᠵᠠᠭᠰᠠᠨ ᠵᠠᠮ ᠢ᠋ᠶ᠋ᠠᠷ ᠭᠠᠷᠤᠭᠠᠳ ᠢᠷᠡᠳᠡᠭ  ᠪᠢᠯᠡ ᠤᠤ ᠭᠡᠵᠦ ᠡᠳᠦᠷ ᠠᠨᠳᠠᠬᠤ ᠦᠭᠡᠢ ᠰᠠᠷᠠᠪᠴᠢᠯᠠᠵᠤ ᠬᠠᠷᠠᠳᠠᠭ ᠵᠠᠩᠰᠢᠯ ᠢ᠋ᠶ᠋ᠠᠷ ᠢ᠋ᠶ᠋ᠠᠨ ᠬᠤᠪᠢᠯᠴᠡᠴᠡᠭ ᠠᠯᠤᠰ ᠤ᠋ᠨ ᠪᠠᠷ᠎ᠠ ᠰᠢᠷᠲᠡᠨ ᠳᠠᠭᠤᠤ ᠭᠢᠩᠰᠢᠩᠭᠡᠨ ᠮᠡᠯᠡᠷᠡᠵᠦ ᠵᠣᠭᠰᠣᠬᠤ ᠶ᠋ᠢ ᠬᠠᠷᠠᠭᠠᠳ ᠦᠷᠦ ᠡᠪᠡᠳᠦᠭᠰᠡᠨ ᠭᠠᠷᠮ᠎ᠠ ᠬᠥᠭᠰᠢᠨ᠄ 
      — ᠬᠡᠦᠬᠡ ᠠ᠋! ᠪᠢᠲᠡᠭᠡᠢ ᠲᠠᠩᠳᠠ ᠶᠠᠪᠤᠭᠰᠠᠨ ᠬᠥᠮᠦᠨ ᠦ᠌ ᠬᠣᠢᠨ᠎ᠠ ᠠᠴᠠ ᠳᠡᠩᠰᠢᠭᠡᠳ ᠪᠠᠢ᠂ ᠨᠢᠭᠦᠯ! ᠴᠠᠭᠠᠳᠤᠬᠢ ᠴᠢᠨᠢ ᠪᠠᠰᠠ ᠬᠠᠷᠢᠵᠤ ᠢᠷᠡᠬᠦ ᠶᠤᠮᠰᠠᠨ ᠭᠡᠵᠦ ᠤᠨᠠᠨ ᠵᠣᠪᠠᠨ ᠪᠠᠢᠯᠭᠦᠢ ᠳᠡ᠂ ᠪᠣᠯᠳᠠᠭ ᠦᠭᠡᠢ ᠯᠡ ᠪᠢᠵᠡ?! ᠬᠥᠭᠡᠷᠦᠬᠦᠢ ᠳᠡ᠂ ᠨᠡᠭᠦᠭᠰᠡᠨ ᠰᠢᠪᠠᠭᠤ ᠪᠤᠴᠠᠳᠠᠭ ᠶᠤᠮ᠂ ᠶᠠᠪᠤᠭᠰᠠᠨ ᠬᠥᠮᠦᠨ ᠢᠷᠡᠳᠡᠭ ᠶᠦᠮ ᠠ᠋! ᠮᠢᠨᠦ ᠬᠡᠦᠬᠡᠨ ᠬᠡᠪᠡᠯᠢ ᠳ᠋ᠡᠬᠢ ᠨᠢᠯᠬ᠎ᠠ ᠠᠮᠢ ᠪᠠᠨ ᠪᠥᠭᠡᠴᠡᠢᠯᠡᠵᠦ ᠠᠪ ᠳᠠ!  ᠬᠥᠭᠡᠷᠦᠬᠦᠢ! ᠭᠡᠵᠦ ᠬᠡᠯᠡᠲᠡᠯ᠎ᠡ ᠬᠡᠳᠡᠷ ᠪᠣᠷᠣ ᠭᠤᠸᠠᠢ ᠲᠣᠰᠴᠤ᠄ 
      — ᠰᠡᠳᠬᠢᠯ ᠢ᠋ᠶ᠋ᠡᠷ ᠳᠠᠩᠴᠤ ᠤᠨᠠᠵᠤ ᠶᠠᠪᠤᠪᠠᠯ ᠬᠡᠢ ᠮᠣᠷᠢ ᠬᠡᠪᠲᠡᠵᠦ ᠡᠪᠡᠳᠴᠢᠨ ᠵᠣᠪᠠᠯᠠᠩ ᠣᠷᠣᠨ᠎ᠠ ᠰᠢᠦ! ᠲᠤᠩ ᠭᠣᠷᠢ ᠦᠭᠡᠢ ᠪᠣᠯ ᠡᠩᠭᠡᠷ ᠦ᠋ᠨ ᠰᠦᠮ᠎ᠡ ᠶ᠋ᠢᠨ ᠰᠠᠩᠵᠡᠢ ᠮᠠᠮᠠ ᠳ᠋ᠤ᠌ ᠣᠴᠢ! ᠲᠡᠷᠡ ᠯᠠᠮᠠᠪᠤᠭᠠᠢ ᠰᠦᠷᠡᠬᠡᠢ ᠡᠷᠳᠡᠮ ᠲᠡᠢ ᠭᠡᠵᠦ ᠬᠥᠮᠦᠰ ᠬᠡᠯᠡᠯᠴᠡᠳᠡᠭ ᠭᠡᠰᠡᠨ ᠳ᠋ᠦ᠍ ᠭᠠᠷᠮ᠎ᠠ ᠬᠥᠭᠰᠢᠨ᠄ 
      — ᠶᠠᠭ ᠳᠠ᠂ ᠬᠥᠭᠡᠷᠦᠬᠦᠢ᠃ ᠮᠢᠨᠦ ᠬᠡᠦᠬᠡᠨ ᠰᠠᠩᠵᠠᠢ ᠯᠠᠮᠠ ᠪᠠᠷ ᠰᠤᠳᠠᠯ ᠢ᠋ᠶ᠋ᠠᠨ ᠪᠠᠷᠢᠭᠤᠯᠵᠤ᠂ ᠰᠦᠮ᠎ᠡ ᠳ᠋ᠦ᠍ ᠰᠦᠵᠢᠭᠯᠡᠨ ᠪᠤᠷᠬᠠᠨ ᠳ᠋ᠤᠨᠢ ᠮᠥᠷᠭᠥᠭᠡᠷᠡᠢ᠂ ᠭᠠᠢᠭᠤᠢ᠂ ᠭᠠᠢᠭᠤᠢ! ᠰᠠᠢᠨ ᠯᠠ ᠪᠠᠢᠯᠭᠦᠢ ᠬᠥᠭᠡᠷᠦᠬᠦᠢ! ᠭᠡᠨ᠎ᠡ᠃  
      — ᠲᠡᠭᠡ᠂ ᠲᠡᠭᠡ᠃ ᠰᠦᠵᠢᠭᠲᠡᠢ ᠮᠥᠷᠭᠥᠨ᠎ᠡ ᠳᠡ! ᠭᠡᠵᠦ ᠬᠡᠳᠡᠷ ᠪᠣᠷᠣ ᠭᠤᠸᠠᠢ ᠬᠡᠭᠵᠡᠭᠦᠨ ᠳᠤᠤᠭᠠᠷᠪᠠ᠃ 
      
       ᠬᠤᠪᠢᠯᠴᠡᠴᠡᠭ ᠰᠠᠩᠵᠠᠢ ᠯᠠᠮᠠ ᠳ᠋ᠤ᠌ ᠰᠢᠲᠦᠵᠦ ᠳᠠᠭᠤᠤ ᠵᠣᠬᠢᠶᠠᠯᠭᠠᠬᠤ ᠪᠠᠷ ᠡᠩᠭᠡᠷ ᠦ᠋ᠨ ᠰᠦᠮ᠎ᠡ ᠶ᠋ᠢ ᠵᠣᠷᠢᠪᠠ᠃  
       ᠡᠩᠭᠡᠷ ᠦ᠋ᠨ ᠰᠦᠮ᠎ᠡ ᠭᠡᠭᠴᠢ ᠲᠥᠪᠡᠳ ᠨᠠᠮᠪᠠ ᠲᠠᠢ᠂ ᠴᠣᠢᠷᠣ᠎ᠠ ᠷᠠᠰᠠᠩ ᠲᠠᠢ ᠨᠢᠭᠡ ᠱᠠᠪᠷᠤᠩ᠂ ᠲᠠᠪᠢ ᠵᠢᠷᠠᠨ ᠯᠠᠮ᠎ᠠ ᠲᠠᠢ ᠠᠪᠰᠠᠷᠬᠠᠨ ᠰᠦᠮ᠎ᠡ ᠪᠠᠢᠪᠠ᠃ ᠰᠦᠮ᠎ᠡ ᠶ᠋ᠢᠨ ᠠᠷᠤ ᠬᠦᠷᠢᠶᠡᠨ ᠳ᠋ᠦ᠍ ᠮᠠᠢᠬᠠᠨ ᠣᠷᠣᠢ ᠲᠠᠢ ᠬᠥᠬᠡ ᠲᠣᠭᠣᠰᠬᠠᠨ ᠭᠡᠷ ᠲᠦ᠍ ᠰᠠᠩᠵᠠᠢ ᠯᠠᠮᠠᠪᠤᠭᠠᠢ ᠰᠠᠭᠤᠳᠠᠭ ᠠᠵᠢ᠃ ᠡᠨᠡ ᠬᠦ᠌ ᠰᠦᠵᠢᠭ ᠦ᠋ᠨ ᠮᠠᠨᠠᠨ ᠳ᠋ᠤ᠌ ᠰᠦᠷᠯᠢᠭᠦᠨ ᠬᠠᠷᠠᠭᠳᠠᠭᠰᠠᠨ ᠬᠥᠬᠡ ᠲᠣᠭᠣᠰᠬᠠᠨ ᠭᠡᠷ ᠦ᠋ᠨ ᠬᠠᠲᠠᠪᠴᠢ ᠶ᠋ᠢ ᠬᠤᠪᠢᠯᠴᠡᠴᠡᠭ ᠠᠯᠬᠤᠵᠤ ᠣᠷᠣᠬᠤ ᠳ᠋ᠤ᠌ ᠮᠣᠩᠭᠣᠯ ᠲᠠᠩᠭᠤᠳ ᠡᠮ᠂ ᠠᠷᠴᠠ ᠬᠦᠵᠢ᠂ ᠵᠢᠭᠠᠷ ᠯᠠᠷᠵᠠ᠂ ᠵᠤᠩᠭᠠᠭ ᠬᠣᠯᠢᠯᠳᠤᠭᠰᠠᠨ ᠦᠨᠦᠷ ᠥᠭᠡᠳᠡ ᠡᠴᠡ ᠨᠢ ᠬᠠᠮᠠᠷ ᠴᠣᠷᠭᠢᠨ᠎ᠠ᠃ ᠯᠠᠮᠠᠪᠤᠭᠠᠢ ᠶ᠋ᠢᠨ ᠭᠡᠷ ᠳᠣᠲᠣᠨ᠎ᠠ ᠭᠠᠳᠠᠨ᠎ᠠ ᠬᠣᠶᠠᠷ ᠲᠠᠰᠤᠯᠭ᠎ᠠ ᠲᠠᠢ᠃ ᠳᠣᠲᠣᠷ᠎ᠠ ᠲᠠᠰᠤᠯᠭᠠᠨ ᠳ᠋ᠤᠨᠢ ᠰᠠᠩᠵᠠᠢ ᠯᠠᠮᠠᠪᠤᠭᠠᠢ ᠰᠠᠭᠤᠳᠠᠭ᠃ ᠬᠠᠨᠵᠤᠨ ᠳᠡᠭᠡᠷ᠎ᠡ ᠲᠣᠰᠣ ᠭᠢᠯᠲᠠᠭᠠᠨᠠᠮ᠎ᠠ ᠬᠠᠷ᠎ᠠ ᠬᠦᠷᠡᠩ ᠥᠩᠭᠡᠲᠡᠢ ᠥᠮᠥ ᠽᠠᠨᠳᠠᠨ ᠰᠢᠷᠡᠭᠡᠨ ᠳᠡᠭᠡᠷ᠎ᠡ ᠳᠤᠲᠠᠭᠤ ᠡᠪᠬᠡᠭᠰᠡᠨ ᠲᠥᠪᠡᠳ ᠰᠤᠳᠤᠷ ᠳᠡᠯᠭᠡᠭᠡᠰᠦᠲᠡᠢ ᠪᠠᠢᠪᠠ᠃ ᠸᠴᠢᠷ ᠠᠯᠮᠠᠰ᠂ ᠬᠣᠩᠬᠣ ᠳᠠᠮᠠᠷᠤ᠂ ᠭᠠᠤᠯᠢᠨ ᠭᠥᠯᠢᠰ᠁ ᠵᠡᠷᠭᠡ ᠶᠠᠭᠤᠮ᠎ᠠ ᠡᠮᠬᠢ ᠳᠢᠭᠲᠡᠢ ᠲᠠᠯᠪᠢᠵᠤ᠂ ᠪᠠᠷᠠᠭᠤᠨ ᠬᠣᠢᠲᠤ ᠲᠤᠭᠤᠷᠭ᠎ᠠ ᠲᠦᠰᠢᠭᠦᠯᠦᠭᠰᠡᠨ ᠱᠦᠭᠦᠢ ᠳᠡᠭᠡᠷ᠎ᠡ ᠰᠢᠯ ᠭᠣᠣ ᠲᠠᠢ ᠪᠤᠷᠬᠠᠨ ᠤ᠋ ᠭᠦᠩᠭᠠᠷᠠᠪᠠ ᠳ᠋ᠠᠭᠠᠨ ᠬᠠᠶᠠᠩᠭᠢᠷᠸ᠎ᠡ ᠪᠤᠷᠬᠠᠨ ᠳᠠᠬᠢᠵᠤ᠂ ᠪᠤᠷᠬᠠᠨ ᠤ᠋ ᠡᠮᠦᠨ᠎ᠡ ᠮᠥᠩᠬᠡ ᠶ᠋ᠢᠨ ᠵᠤᠯᠠ ᠬᠡᠷᠡᠯᠳᠦᠵᠦ᠂ ᠮᠥᠰᠥᠨ ᠰᠢᠬᠢᠷ᠂ ᠪᠣᠣᠪᠣ ᠪᠣᠭᠣᠷᠰᠣᠭ᠂ ᠴᠢᠪᠠᠭ᠎ᠠ ᠦᠵᠦᠮ ᠵᠡᠷᠭᠡ ᠠᠮᠲᠠᠲᠠᠨ ᠢ᠋ ᠵᠡᠷᠭᠡᠯᠡᠵᠦ᠂ ᠤᠩᠭᠠᠰᠤᠭᠰᠠᠨ ᠠᠷᠴᠠ ᠬᠦᠵᠢ ᠶ᠋ᠢᠨ ᠤᠲᠤᠭ᠎ᠠ ᠬᠠᠶᠠᠩᠬᠢᠷᠸ᠎ᠡ ᠪᠤᠷᠬᠠᠨ ᠢ᠋ᠶ᠋ᠠᠨ ᠠᠷᠢᠭᠤᠯᠠᠨ ᠣᠷᠢᠶᠠᠵᠤ ᠭᠡᠷ ᠦ᠋ᠨ ᠠᠳᠠᠭᠠᠷ ᠲᠤ ᠠᠭᠠᠵᠢᠮᠬᠠᠨ ᠤᠨᠢᠶᠠᠷᠲᠤᠨ᠎ᠠ᠃  
       ᠬᠣᠢᠲᠤ ᠲᠤᠭᠤᠷᠭ᠎ᠠ ᠪᠠᠨ ᠲᠦᠰᠢᠭᠦᠯᠦᠭᠰᠡᠨ ᠠᠯᠲᠠᠨ ᠬᠡ ᠲᠡᠢ ᠮᠡᠨᠡᠬᠡᠢ ᠳᠡᠪᠰᠡᠭ ᠦ᠋ᠨ ᠳᠡᠭᠡᠷ᠎ᠡ ᠲᠥᠪᠡᠳ ᠦᠰᠦᠭ ᠦ᠋ᠨ ᠮᠣᠳᠣᠨ ᠱᠣᠰᠢᠭ᠎ᠠ ᠲᠠᠢ ᠡᠮ ᠦ᠋ᠨ ᠮᠠᠩᠬᠠᠭ ᠤ᠋ᠳ ᠢ᠋ ᠭᠤᠷᠪᠠᠨ ᠮᠥᠷ ᠵᠢᠭᠰᠠᠭᠠᠭᠰᠠᠨ ᠨᠢ ᠤᠮᠵᠠᠳ ᠰᠠᠩᠵᠠᠢ ᠯᠠᠮᠠᠪᠤᠭᠠᠢ ᠪᠣᠯ ᠰᠤᠳᠠᠯ ᠪᠠᠷᠢᠵᠤ ᠡᠮ ᠲᠣᠮ ᠥᠭᠴᠢᠬᠡᠳᠡᠭ᠂ ᠡᠳᠦᠷ ᠰᠤᠳᠤᠷ ᠦᠵᠡᠵᠦ ᠵᠢᠷᠤᠬᠠᠢ ᠲᠥᠯᠭᠡ ᠴᠤ᠌ ᠮᠡᠷᠭᠡᠯᠡᠴᠢᠬᠡᠳᠡᠭ ᠱᠠᠪᠷᠤᠩ ᠯᠠᠮᠠ ᠭᠡᠰᠡᠨ ᠨᠢ ᠮᠡᠳᠡᠭᠳᠡᠨ᠎ᠡ᠃  
       — ᠯᠠᠮᠠᠪᠤᠭᠠᠢ ᠰᠠᠢᠨ ᠪᠠᠢᠨ᠎ᠠ ᠤᠤ? ᠭᠡᠵᠦ ᠬᠤᠪᠢᠯᠴᠡᠴᠡᠭ ᠮᠡᠨᠳᠦ ᠮᠡᠳᠡᠭᠰᠡᠨ ᠳ᠋ᠦ᠍ ᠰᠠᠩᠵᠠᠢ ᠯᠠᠮᠠ ᠯᠠᠮᠠᠪᠤᠭᠠᠢ ᠳᠤᠷᠠᠲᠠᠢ ᠳᠤᠷ᠎ᠠ ᠦᠭᠡᠢ ᠨᠢᠳᠦ ᠪᠡᠨ ᠨᠡᠭᠡᠭᠡᠭᠰᠡᠨ ᠢ᠋ᠶ᠋ᠡᠨ᠄ 
       — ᠵᠠ᠂ ᠰᠠᠢᠨ! ᠭᠡᠵᠦ ᠬᠡᠯᠡᠴᠢᠬᠡᠭᠡᠳ ᠰᠠᠶᠢ ᠮᠡᠨᠳᠦ ᠮᠡᠳᠡᠭᠰᠡᠨ ᠪᠦᠰᠡᠭᠦᠢ ᠶ᠋ᠢᠨ ᠳᠠᠭᠤ ᠳᠣᠣᠷ᠎ᠠ ᠪᠣᠯᠪᠠᠴᠤ ᠴᠠᠭᠠᠨ᠎ᠠ ᠪᠠᠨ ᠨᠢᠭᠡ ᠯᠡ ᠬᠣᠩᠭᠣᠷ ᠤᠶᠠᠬᠠᠨ ᠰᠣᠨᠣᠰᠳᠠᠬᠤᠯᠠᠷ ᠢᠷᠡᠭᠰᠡᠨ ᠪᠦᠰᠡᠭᠦᠢ ᠶ᠋ᠢ ᠡᠷᠬᠡ ᠦᠭᠡᠢ ᠳᠠᠬᠢᠨ ᠯᠠᠪᠯᠠᠵᠤ ᠬᠠᠷᠠᠭᠠᠳ ᠴᠢᠷᠠᠢ ᠨᠢ ᠥᠭᠡᠳᠡ ᠪᠣᠯᠵᠤ᠄ 
       — ᠬᠡᠨ ᠪᠢᠯᠡ? ᠵᠠ᠂ ᠰᠠᠭᠤ᠂ ᠰᠠᠭᠤ! ᠭᠡᠵᠦ ᠡᠶᠡᠲᠡᠢ ᠳᠤᠤᠭᠠᠷᠪᠠ᠃ 
       — ᠵᠠ᠂ ᠮᠢᠨᠦ ᠨᠡᠷ᠎ᠡ ᠬᠣᠪᠢᠯᠴᠡᠴᠡᠭ᠌ ᠭᠡᠳᠡᠭ ᠭᠡᠵᠦ ᠬᠤᠪᠢᠯᠴᠡᠴᠡᠭ ᠲᠡᠯᠢᠩ ᠰᠠᠪᠠ ᠪᠠᠨ ᠬᠠᠨᠵᠤᠨ ᠤ᠋ ᠢᠷᠮᠡᠭ ᠲᠦᠰᠢᠭᠦᠯᠵᠦ ᠲᠠᠯᠪᠢᠴᠢᠬᠠᠭᠠᠳ ᠰᠢᠷ᠎ᠠ ᠲᠣᠰᠣ ᠭᠠᠷᠭᠠᠵᠤ ᠬᠠᠶᠠᠩᠬᠢᠷᠤ᠎ᠡ ᠪᠤᠷᠬᠠᠨ ᠤ᠋ ᠬᠢᠨᠢ ᠡᠮᠦᠨ᠎ᠡ ᠬᠡᠷᠡᠯᠳᠦᠵᠦ ᠪᠦᠬᠦᠢ ᠮᠥᠩᠬᠡ ᠵᠤᠯᠠ ᠳ᠋ᠤᠨᠢ ᠬᠠᠳᠠᠭ ᠡᠷᠭᠦᠨ ᠮᠥᠷᠭᠥᠭᠡᠳ《 ᠥᠷᠥᠰᠢᠶᠡᠯ ᠳ᠋ᠡᠭᠡᠨ ᠪᠠᠭᠲᠠᠭᠠᠵᠤ ᠬᠠᠢᠷᠠᠯᠠᠭᠠᠴᠢ!》 ᠭᠡᠵᠦ ᠵᠠᠯᠪᠢᠷᠠᠨ᠎ᠠ᠃  
       — ᠵᠠ᠂ ᠨᠠᠭᠠᠰᠢ ᠪᠠᠨ ᠰᠠᠭᠤ! ᠴᠠᠭᠠᠳᠤ ᠱᠦᠭᠦᠢ ᠳᠣᠲᠣᠷ᠎ᠠ ᠨᠠᠷᠢᠨ ᠱᠠᠭᠠᠵᠠᠩ ᠪᠣᠢ᠂ ᠳᠣᠣᠷ᠎ᠠ ᠬᠣᠩᠭᠢᠯ ᠳ᠋ᠤᠨᠢ ᠪᠤᠳᠠᠭ᠎ᠠ ᠪᠣᠭᠣᠷᠰᠣᠭ ᠪᠣᠢ ᠭᠡᠳ ᠬᠣᠪᠣᠩ ᠤ᠋ᠨ ᠭᠠᠯ ᠢ᠋ ᠰᠢᠯᠡᠭᠡᠵᠦ ᠵᠡᠰ ᠳᠡᠪᠦᠷ᠎ᠡ ᠲᠡᠢ ᠴᠠᠢ ᠪᠠᠨ ᠬᠠᠯᠠᠭᠠᠪᠠ᠃  
       ᠬᠣᠪᠢᠯᠴᠡᠴᠡᠭ ᠯᠠᠮᠠᠪᠤᠭᠠᠢ ᠶ᠋ᠢᠨ ᠬᠡᠯᠡᠭᠰᠡᠨ ᠶᠣᠰᠣᠭᠠᠷ ᠠᠶᠠᠭ᠎ᠠ ᠱᠠᠭᠠᠵᠠᠩ᠂ ᠪᠤᠳᠠᠭ᠎ᠠ ᠪᠣᠭᠣᠷᠰᠣᠭ ᠡᠨᠡ ᠲᠡᠷᠡ ᠶ᠋ᠢ ᠨᠢ ᠣᠢᠷᠠᠲᠤᠭᠤᠯᠵᠤ ᠯᠤᠤ ᠶ᠋ᠢᠨ ᠬᠡ ᠲᠡᠢ  ᠨᠠᠷᠢᠨ ᠱᠠᠭᠠᠵᠠᠩ ᠳ᠋ᠤ᠌ ᠴᠠᠢ ᠠᠶᠠᠭᠠᠯᠠᠨ ᠯᠠᠮᠠᠪᠤᠭᠠᠢ ᠳ᠋ᠤ᠌ ᠥᠭᠪᠡᠯ᠄ 
       — ᠴᠢ ᠤᠤᠭᠤ! ᠮᠢᠨᠦ ᠡᠨᠳᠡ ᠠᠶᠠᠭ᠎ᠠ ᠪᠣᠢ ᠭᠡᠳ ᠰᠢᠷᠡᠭᠡᠨ ᠦ᠌ ᠪᠡᠨ ᠳᠣᠣᠭᠤᠷ ᠲᠡᠮᠲᠡᠷᠢᠨ ᠤᠵᠢᠷᠭᠠᠨ ᠠᠶᠠᠭ᠎ᠠ ᠭᠠᠷᠭᠠᠵᠤ ᠢᠷᠡᠩᠭᠡ ᠶ᠋ᠢᠨ ᠢ᠋ᠶ᠋ᠡᠨ ᠡᠩᠭᠡᠯᠵᠡᠭᠦᠷ ᠢ᠋ᠶ᠋ᠡᠷ ᠠᠷᠴᠢᠭᠠᠳ ᠬᠣᠪᠢᠯᠴᠡᠴᠡᠭ ᠲᠤ ᠥᠭᠴᠦ ᠴᠠᠢ ᠠᠶᠠᠭᠠᠯᠠᠭᠤᠯᠪᠠ᠃ 
       ᠬᠣᠪᠢᠯᠴᠡᠴᠡᠭ ᠴᠠᠢ ᠠᠮᠰᠠᠵᠤ᠂ ᠲᠡᠯᠢᠩ ᠰᠠᠪᠠ ᠪᠠᠨ ᠠᠭᠤᠳᠠᠯᠤᠨ ᠠᠭᠠᠷᠤᠤᠯ᠂ ᠥᠷᠥᠮ᠎ᠡ᠂ ᠰᠢᠷ᠎ᠠ ᠲᠣᠰᠣ ᠵᠡᠷᠭᠡ ᠶᠠᠭᠤᠮ᠎ᠠ ᠶ᠋ᠢ ᠯᠠᠮᠠᠪᠤᠭᠠᠢ ᠳ᠋ᠤ᠌ ᠥᠭᠴᠦ ᠡᠨᠳᠡ ᠢᠷᠡᠭᠰᠡᠨ ᠵᠣᠷᠢᠯᠭ᠎ᠠ ᠰᠠᠨᠠᠭ᠎ᠠ ᠪᠠᠨ ᠨᠠᠷᠢᠨ ᠲᠣᠭᠠᠴᠢᠵᠠᠢ᠃   
       ᠰᠡᠩᠵᠠᠢ ᠯᠠᠮᠠᠪᠤᠭᠠᠢ ᠨᠢᠳᠦ ᠪᠡᠨ ᠰᠡᠢᠮᠡᠢᠯᠭᠡᠨ ᠬᠣᠪᠢᠯᠴᠡᠴᠡᠭ ᠦ᠋ᠨ ᠰᠤᠳᠠᠯ ᠢ᠋ ᠲᠡᠮᠲᠡᠷᠢᠵᠦ ᠦᠵᠡᠭᠡᠳ᠄  
       — ᠬᠠᠯᠠᠭᠤᠨ ᠢ᠋ᠶ᠋ᠠᠷ ᠬᠡᠢ ᠡᠷᠭᠦᠵᠡᠢ᠃ ᠵᠢᠷᠦᠬᠡᠨ ᠳ᠋ᠦ᠍ ᠬᠠᠯᠠᠭᠤᠨ ᠰᠢᠷᠭᠤᠭᠰᠠᠨ ᠢ᠋ᠶ᠋ᠠᠷ ᠬᠠᠶᠠ ᠳ᠋ᠠᠭᠠᠨ ᠨᠣᠢᠷ ᠠᠯᠳᠠᠵᠤ ᠳᠣᠲᠣᠷ᠎ᠠ ᠪᠠᠴᠢᠮᠳᠠᠳᠠᠭ ᠶᠤᠮ ᠪᠠᠢᠨ᠎ᠠ᠁ ᠭᠡᠵᠦ ᠳᠣᠯᠣᠭᠠᠨ ᠪᠣᠭᠣᠯᠲᠠ ᠡᠮ ᠥᠭᠴᠦ《 ᠵᠠ᠂ ᠡᠭᠦᠨ ᠢ᠋ ᠥᠨᠵᠢᠭᠡᠳ ᠨᠢᠭᠡ ᠪᠣᠭᠣᠯᠲᠠ ᠤᠤᠭᠤ! ᠭᠠᠢᠭᠤᠢ᠂ ᠭᠠᠠᠢᠭᠤᠢ!》 ᠭᠡᠳ ᠪᠠᠰᠠ ᠨᠢᠳᠦ ᠪᠡᠨ ᠠᠨᠢᠵᠠᠢ᠃  
       — ᠯᠠᠮᠠᠪᠤᠭᠠᠢ ᠠ᠋᠂ ᠪᠢ ᠲᠠᠨ ᠢ᠋ ᠰᠢᠲᠦᠵᠦ ᠢᠷᠡᠭᠰᠡᠨ ᠨᠢ ᠲᠠᠨ ᠢ᠋ᠶ᠋ᠠᠷ ᠳᠠᠭᠤᠤ ᠵᠣᠬᠢᠶᠠᠯᠭᠠᠶ᠎ᠠ ᠭᠡᠰᠡᠨ ᠶᠦᠮ᠁ ᠭᠡᠵᠦ ᠨᠠᠮ ᠳᠠᠭᠤᠤ ᠪᠠᠷ ᠬᠡᠯᠡᠪᠡᠯ ᠰᠡᠩᠵᠡᠢ ᠯᠠᠮᠠᠪᠤᠭᠠᠢ᠄ 
       — ᠶᠠᠭᠤᠨ ᠤ᠋ ᠳᠠᠭᠤᠤ⁈ ᠭᠡᠨ᠎ᠡ᠃ 
       — ᠵᠦᠭᠡᠷ ᠨᠢᠭᠡ ᠳᠠᠭᠤᠤ᠁  ᠭᠡᠳ ᠬᠣᠪᠢᠯᠴᠡᠴᠡᠭ ᠨᠢᠭᠡ ᠬᠡᠰᠡᠭ ᠳᠠᠭᠤ ᠦᠭᠡᠢ ᠰᠠᠭᠤᠭᠰᠠᠨ ᠢ᠋ᠶ᠋ᠠᠨ ᠮᠢᠩᠭᠠᠨᠪᠣᠣ ᠲᠠᠢ ᠶᠠᠭᠠᠬᠢᠵᠤ ᠲᠠᠨᠢᠯᠴᠠᠭᠰᠠᠨ ᠠ᠋ᠴᠠ ᠠᠪᠤᠭᠠᠳ ᠶᠠᠭᠠᠬᠢᠵᠤ ᠰᠠᠯᠤᠭᠰᠠᠨ᠂ ᠰᠠᠨᠠᠭᠰᠠᠨ ᠵᠡᠭᠦᠳᠦᠯᠡᠭᠰᠡᠨ ᠳ᠋ᠡᠭᠡᠨ ᠬᠦᠷᠲᠡᠯ᠎ᠡ ᠦᠯᠢᠭᠡᠷᠴᠢᠯᠡᠨ ᠲᠣᠭᠠᠴᠢᠪᠠ᠃ 
       ᠰᠡᠩᠵᠡᠢ ᠯᠠᠮᠠᠪᠤᠭᠠᠢ ᠰᠣᠨᠣᠰᠴᠤ ᠠᠬᠤ ᠡᠰᠡᠬᠦ ᠶ᠋ᠢ ᠮᠡᠳᠡᠬᠦ ᠦᠭᠡᠢ᠃ ᠬᠣᠪᠢᠯᠴᠡᠴᠡᠭ ᠢ᠋ ᠭᠠᠷᠴᠤ ᠶᠠᠪᠤᠲᠠᠯ᠎ᠠ ᠵᠠ ᠴᠤ᠌ ᠭᠡᠵᠦ ᠬᠡᠯᠡᠭᠰᠡᠨ ᠦᠭᠡᠢ᠂ ᠦᠭᠡᠢ ᠴᠤ᠌ ᠭᠡᠵᠦ ᠲᠦᠯᠬᠢᠭᠰᠡᠨ ᠦᠭᠡᠢ᠃ ᠠᠳᠠᠭ ᠨᠢ ᠨᠢᠳᠦ ᠪᠡᠨ ᠴᠦ᠍ ᠨᠡᠭᠡᠭᠡᠭᠰᠡᠨ ᠦᠭᠡᠢ᠃ 
       ᠲᠡᠭᠡᠭᠡᠳ ᠰᠡᠭᠦᠯ ᠳ᠋ᠦ᠍ᠨᠢ ᠬᠡᠳᠡᠷ ᠪᠣᠷᠣ ᠭᠤᠸᠠᠢ ᠪᠠᠷ ᠲᠠᠪᠢᠨ ᠯᠠᠩ ᠤ᠋ᠨ ᠴᠣᠬᠣᠷ ᠶᠤᠸᠠᠮᠪᠤᠤ ᠳᠡᠭᠡᠷ᠎ᠡ ᠲᠤᠭᠤᠯ ᠲᠠᠢ ᠦᠨᠢᠶ᠎ᠡ ᠥᠭᠭᠦᠭᠦᠯᠦᠭᠰᠡᠨ ᠳ᠋ᠦ᠍ ᠰᠡᠩᠵᠡᠢ ᠯᠠᠮᠠᠪᠤᠭᠠᠢ ᠰᠠᠨᠠᠬᠤ ᠴᠤ᠌ ᠦᠭᠡᠢ᠂ ᠠᠪᠴᠢᠷᠠᠭᠰᠠᠨ ᠶᠠᠭᠤᠮ᠎ᠠ ᠶ᠋ᠢ ᠨᠢ ᠪᠤᠴᠠᠭᠠᠬᠤ ᠳ᠋ᠠᠭᠠᠨ᠄ 
       — ᠮᠤᠨᠠ ᠶ᠋ᠢᠨ ᠠᠭᠤᠯᠠ ᠶ᠋ᠢᠨ ᠮᠡᠷᠭᠡᠨ ᠳᠢᠶᠠᠨᠴᠢ ᠴᠠᠭᠠᠨ ᠮᠠᠯᠠᠬᠠᠢ ᠶ᠋ᠢᠨ ᠤᠷᠠᠯᠠᠭᠰᠠᠨ ᠮᠥᠩᠭᠥᠨ ᠪᠠᠭᠠᠪᠤᠷ ᠲᠠᠢ ᠡᠮᠡᠭᠡᠯ᠂ ᠰᠣᠯᠢ ᠶ᠋ᠢᠨ ᠬᠢᠷ᠎ᠠ ᠶ᠋ᠢᠨ ᠳᠠᠬᠢ ᠶ᠋ᠢᠨ ᠤᠳᠤᠮ ᠲᠠᠢ ᠬᠠᠯᠢᠭᠤᠨ ᠪᠠᠢᠳᠠᠰᠤ ᠪᠠᠷᠢᠵᠤ ᠨᠣᠭᠲᠣᠯᠠᠭᠠᠳ ᠪᠡᠶ᠎ᠡ ᠪᠡᠷ ᠢ᠋ᠶ᠋ᠡᠨ ᠬᠦᠷᠭᠡᠵᠦ ᠢᠷᠡᠪᠡᠯ《 ᠢᠨᠠᠭ ᠤ᠋ᠨ ᠭᠤᠨᠢᠭ ᠳᠠᠭᠤᠤ》 ᠶ᠋ᠢ ᠴᠢᠨᠢ ᠶᠠᠲᠤᠭ᠎ᠠ ᠴᠢᠪᠬᠠᠳᠠᠨ ᠳᠠᠭᠤᠯᠠᠵᠤ ᠦᠭᠭᠦᠢ᠎ᠡ ᠭᠡᠵᠦ ᠬᠣᠪᠢᠯᠴᠡᠴᠡᠭ ᠲᠤ ᠬᠡᠯᠡᠵᠦ ᠥᠭ ᠭᠡᠰᠡᠨ ᠭᠡᠨ᠎ᠡ᠃   
       ᠬᠡᠳᠡᠷ ᠪᠣᠷᠣ ᠭᠤᠸᠠᠢ ᠬᠠᠷᠢᠵᠤ ᠢᠷᠡᠭᠡᠳ᠄ 
       — ᠬᠡᠩ᠂ ᠰᠣᠯᠢ ᠶ᠋ᠢᠨ ᠬᠢᠷ᠎ᠠ ᠶ᠋ᠢᠨ ᠬᠠᠯᠢᠭᠤᠨ ᠠ᠋ᠴᠠ ᠨᠣᠭᠲᠣᠯᠠᠵᠤ ᠢᠷ᠎ᠡ ᠭᠡᠨ᠎ᠡ ᠰᠢᠦ! ᠮᠢᠩᠭᠠᠨᠪᠤᠤ ᠠ᠋ᠴᠠ ᠥᠭᠡᠷ᠎ᠡ ᠬᠥᠮᠦᠨ ᠰᠠᠨᠠᠬᠤ ᠶᠤᠮ ᠪᠢᠰᠢ !  ᠭᠡᠪᠡ᠃  
       — ᠬᠥᠭᠡᠷᠦᠬᠦᠢ!  ᠡᠨᠡ ᠭᠡᠳᠡᠰᠦ ᠪᠡᠨ ᠴᠢᠷᠦᠭᠰᠡᠨ ᠬᠣᠪᠢᠯᠴᠡᠴᠡᠭ ᠶᠠᠭᠠᠬᠢᠵᠤ᠁ ᠭᠡᠵᠦ ᠭᠠᠷᠮ᠎ᠠ ᠬᠥᠭᠰᠢᠨ ᠬᠡᠯᠡᠲᠡᠯ᠎ᠡ ᠬᠡᠳᠡᠷ ᠪᠣᠷᠣ ᠭᠤᠸᠠᠢ᠄ 
       — ᠪᠠᠰᠠ ᠮᠤᠨᠠ ᠶ᠋ᠢᠨ ᠠᠭᠤᠯᠠ ᠶ᠋ᠢᠨ ᠮᠡᠷᠭᠡᠨ ᠳᠢᠶᠠᠨᠴᠢ ᠴᠠᠭᠠᠨ ᠮᠠᠯᠠᠬᠠᠢ ᠪᠠᠷ ᠤᠷᠠᠯᠠᠭᠤᠯᠤᠭᠰᠠᠨ ᠮᠥᠩᠭᠥᠨ ᠪᠠᠭᠠᠪᠤᠷ ᠲᠠᠢ ᠡᠮᠡᠭᠡᠯ ᠭᠡᠨ᠎ᠡ! ᠮᠡᠷᠭᠡᠨ ᠴᠠᠭᠠᠨ ᠮᠠᠯᠠᠬᠠᠢ ᠲᠠᠢ ᠵᠣᠯᠭᠠᠬᠤ ᠭᠡᠭᠴᠢ ᠲᠡᠢᠮᠦ ᠠᠮᠠᠷᠬᠠᠨ ᠭᠡᠵᠦ ᠰᠠᠨᠠᠪᠠ ᠤᠤ? ᠪᠤᠷᠬᠠᠨ ᠰᠠᠬᠬᠢᠭᠤᠰᠤ ᠲᠠᠢ ᠵᠣᠯᠭᠠᠬᠤ ᠰᠢᠭ᠋ ᠭᠡᠵᠦ ᠬᠥᠮᠦᠰ ᠳᠣᠮᠣᠭ ᠰᠢᠤᠬᠠᠨ ᠶᠠᠭᠤᠮ᠎ᠠ ᠶᠠᠷᠢᠳᠠᠭ᠃ ᠲᠡᠭᠦᠨ ᠦ᠌ ᠤᠷᠠᠯᠠᠭᠰᠠᠨ ᠮᠥᠩᠭᠥᠨ ᠪᠠᠭᠠᠪᠤᠷ᠂ ᠳᠠᠷᠤᠭᠤᠯᠭ᠎ᠠ ᠲᠠᠢ ᠡᠮᠡᠭᠡᠯ ᠪᠠᠷᠠᠭᠤᠨ ᠬᠦᠩ ᠳ᠋ᠦ᠍ ᠴᠥᠭᠡᠬᠡᠨ ᠪᠠᠢᠳᠠᠭ ᠭᠡᠵᠦ ᠰᠣᠨᠣᠰᠤᠭᠰᠠᠨ ᠠ᠋ᠴᠠ ᠪᠢᠰᠢ ᠦᠵᠡᠭᠡ ᠦᠭᠡᠢ᠃ ᠡᠨᠡ ᠴᠢᠨᠢ ᠳᠠᠭᠤᠤ ᠵᠣᠬᠢᠶᠠᠵᠤ ᠥᠭᠬᠦ ᠦᠭᠡᠢ ᠯᠡ ᠭᠡᠰᠡᠨ ᠦᠭᠡ ᠰᠢᠳᠡ! ᠭᠡᠵᠦ ᠬᠡᠳᠡᠷᠯᠡᠨ ᠭᠠᠩᠰᠠᠨ ᠤ᠋ ᠪᠠᠨ ᠲᠣᠯᠣᠭᠠᠢ ᠶ᠋ᠢ ᠬᠣᠪᠣᠩ ᠤ᠋ᠨ ᠢᠷᠮᠡᠭ ᠲᠦ᠍ ᠬᠦᠴᠦᠲᠡᠢ ᠴᠣᠬᠢᠪᠠ᠃  
       — ᠦ ᠳᠡ ᠂ ᠬᠥᠭᠡᠷᠦᠬᠦᠢ ! ᠲᠡᠭᠡᠪᠡᠯ ᠴᠤ᠌ ᠭᠣᠷᠢ ᠦᠭᠡᠢ ᠶᠦᠮ ᠪᠠᠢᠨ᠎ᠠ ᠭᠡᠵᠦ ᠭᠠᠷᠮ᠎ᠠ ᠬᠥᠭᠰᠢᠨ ᠠᠷᠭ᠎ᠠ ᠮᠤᠬᠤᠷᠳᠠᠭᠰᠠᠨ ᠦᠭᠡ ᠬᠡᠯᠡᠬᠦ ᠳ᠋ᠦ᠍ ᠬᠡᠳᠡᠷ ᠪᠣᠷᠣ ᠭᠤᠸᠠᠢ᠄  
       — ᠰᠠᠩᠵᠠᠢ ᠯᠠᠮᠠᠪᠤᠭᠠᠢ ᠭᠠᠷ ᠬᠠᠷᠠᠳᠠᠭ ᠭᠡᠵᠦ ᠬᠥᠮᠦᠰ ᠬᠡᠯᠡᠯᠴᠡᠳᠡᠭ ᠨᠢ ᠣᠷᠣ ᠲᠠᠢ ᠶᠤᠮ ᠪᠠᠢᠨ᠎ᠠ᠃ ᠬᠤᠪᠢᠯᠴᠡᠴᠡᠭ ᠨᠡᠯᠢᠶᠡᠳ ᠮᠥᠩᠭᠥ ᠴᠠᠢᠯᠭᠠᠬᠤ ᠦᠭᠡᠢ ᠪᠣᠯ ᠴᠤ᠌ ᠪᠦᠲᠦᠰᠢ ᠦᠭᠡᠢ ᠬᠡᠷᠡᠭ ᠠ᠋ ᠁ ᠭᠡᠵᠦ ᠡᠪᠦᠭᠡᠨ ᠬᠥᠭᠰᠢᠨ ᠬᠣᠶᠠᠭᠤᠯᠠ ᠬᠡᠯᠡᠯᠴᠡᠬᠦ ᠶ᠋ᠢ ᠬᠤᠪᠢᠯᠴᠡᠴᠡᠭ ᠰᠣᠨᠣᠰᠤᠭᠠᠳ ᠰᠠᠩᠵᠠᠢ ᠯᠠᠮᠠᠪᠤᠭᠠᠢ ᠶ᠋ᠢᠨ ᠶᠠᠭᠤᠨ ᠳ᠋ᠤ᠌ ᠰᠠᠨᠠᠭᠠᠷᠬᠠᠭᠰᠠᠨ ᠢ᠋ ᠴᠠᠭᠠᠨ᠎ᠠ ᠨᠢ ᠭᠠᠷᠲᠠᠯ᠎ᠠ ᠮᠡᠳᠡᠵᠡᠢ᠃   
       ᠲᠡᠷᠡ ᠵᠢᠯ ᠡᠩᠭᠡᠷ ᠦ᠋ᠨ ᠰᠦᠮ᠎ᠡ ᠳᠡᠭᠡᠷ᠎ᠡ ᠮᠠᠨᠢ ᠶ᠋ᠢᠨ ᠬᠤᠷᠠᠯ ᠬᠤᠷᠠᠵᠤ ᠬᠥᠮᠦᠰ ᠣᠯᠠᠨ ᠴᠤᠭᠯᠠᠷᠠᠪᠠ᠃ 
       ᠰᠠᠩᠵᠠᠢ ᠯᠠᠮᠠᠪᠤᠭᠠᠢ ᠮᠣᠷᠢ ᠬᠠᠷᠠᠬᠤ ᠪᠠᠷ ᠭᠠᠷᠴᠤ ᠶᠠᠪᠤᠭᠠᠳ ᠪᠤᠴᠠᠬᠤ ᠳ᠋ᠤ᠌ ᠱᠣᠩ ᠳᠡᠭᠡᠷ᠎ᠡ ᠤᠶᠠᠭᠠᠲᠠᠢ ᠮᠣᠷᠢᠳ ᠤ᠋ᠨ ᠳᠤᠮᠳᠠ ᠣᠨᠴᠠᠭᠠᠢ ᠰᠣᠷᠲᠣᠯᠵᠠᠭᠰᠠᠨ ᠬᠠᠯᠢᠭᠤᠨ ᠮᠣᠷᠢ ᠲᠡᠭᠦᠨ ᠦ᠌ ᠬᠠᠷᠠᠭᠠᠨ ᠳ᠋ᠤ᠌ ᠣᠷᠣᠭᠰᠠᠨ ᠪᠠᠢᠵᠠᠢ᠃ 
       ᠴᠢᠨᠣ᠎ᠠ ᠶ᠋ᠢᠨ ᠬᠣᠶᠠᠷ ᠴᠢᠬᠢ ᠨᠢ ᠴᠢᠯᠥᠭᠡ ᠵᠠᠪ ᠦᠭᠡᠢ ᠰᠡᠷᠡᠯᠵᠡᠬᠦ ᠨᠢ ᠣᠮᠣᠭᠯᠠᠩ᠃  ᠰᠠᠩᠮᠠᠢ ᠶ᠋ᠢᠨ ᠮᠣᠯᠴᠣᠭ ᠦᠯᠡᠳᠡᠭᠡᠵᠦ ᠵᠢᠭᠳᠡ ᠬᠢᠷᠭᠠᠭᠰᠠᠨ ᠳᠡᠯ ᠨᠢ ᠵᠢᠷᠤᠭᠠᠰᠤ ᠵᠢᠷᠤᠭᠰᠠᠨ ᠰᠢᠭ᠋ ᠵᠤᠷᠠᠢᠵᠤ᠂ ᠰᠤᠷ ᠨᠣᠭᠲᠣ᠂ ᠶᠠᠴᠢᠶᠠᠷ ᠵᠢᠮᠰᠡᠭ ᠭᠠᠷᠠᠬ᠎ᠠ ᠲᠠᠢ ᠲᠣᠯᠢᠨ ᠬᠠᠵᠠᠭᠠᠷ ᠵᠣᠬᠢᠴᠠᠭᠤᠯᠤᠭᠰᠠᠨ ᠨᠢ ᠤᠯᠠᠮ ᠡᠷᠬᠢᠮᠰᠦᠭ ᠬᠠᠷᠠᠭᠳᠠᠨ᠎ᠠ᠃ ᠤᠷᠲᠤ ᠵᠣ᠂ ᠥᠨᠳᠥᠷ ᠮᠤᠨᠳᠠᠭ᠎ᠠ ᠲᠠᠢ ᠪᠠᠨᠰᠠᠲᠤ ᠬᠠᠯᠢᠭᠤᠨ ᠳ᠋ᠤ᠌ ᠭᠠᠤᠯᠢᠨ ᠳᠥᠷᠥᠭᠡ ᠲᠡᠢ ᠨᠣᠭᠣᠭᠠᠨ ᠰᠠᠩᠬᠠᠶᠤᠤ ᠭᠥᠯᠢᠮ᠂ ᠵᠠᠭᠠᠨ ᠤ᠋ ᠶᠠᠰᠤᠨ ᠬᠢᠷ᠎ᠠ ᠲᠠᠢ ᠤᠵᠢᠷᠭᠠᠨ ᠡᠮᠡᠭᠡᠯ ᠳ᠋ᠡᠭᠡᠨ ᠮᠥᠩᠭᠥᠨ ᠪᠠᠭᠠᠪᠤᠷ ᠡᠷᠪᠡᠬᠡᠢ ᠳᠠᠷᠤᠭᠤᠯᠭ᠎ᠠ ᠴᠢᠮᠡᠭᠯᠡᠵᠦ᠂ ᠨᠠᠢ᠍ᠮᠠᠨ ᠭᠠᠨᠵᠤᠭ᠎ᠠ ᠰᠤᠭᠰᠤᠷᠤᠭᠰᠠᠨ ᠨᠢ ᠶᠣᠰᠣᠲᠠᠢ ᠡᠷ᠎ᠡ ᠬᠥᠮᠦᠨ ᠦ᠌ ᠡᠳ᠋ᠯᠡᠳᠡᠭ ᠬᠦᠯᠦᠭ ᠪᠠᠢᠨ᠎ᠠ᠁ ᠭᠡᠵᠦ ᠰᠠᠩᠵᠠᠢ ᠯᠠᠮᠠᠪᠤᠭᠠᠢ ᠡᠷᠬᠡ ᠦᠭᠡᠢ ᠱᠠᠭᠰᠢᠵᠤ ᠵᠣᠭᠰᠣᠲᠠᠯ᠎ᠠ ᠬᠠᠵᠠᠭᠤ ᠠ᠋ᠴᠠ ᠨᠢᠭᠡ ᠬᠥᠮᠦᠨ᠄  
       — ᠰᠠᠩᠵᠠᠢ ᠭᠤᠸᠠᠢ ᠲᠠ᠂ ᠡᠨᠡ ᠬᠠᠯᠢᠭᠤᠨ ᠢ᠋ ᠬᠡᠯᠡᠵᠦ ᠪᠠᠢᠨ᠎ᠠ ᠤᠤ ? ᠭᠡᠵᠡᠢ᠃ 
       — ᠲᠡᠢᠮᠦ !  ᠠ᠂ ᠰᠠᠢᠨ ᠮᠣᠷᠢ ! ᠁ 
       — ᠲᠠ ᠲᠡᠷᠡ ᠬᠣᠶᠠᠷ ᠴᠢᠬᠢᠨ ᠦ᠌ ᠬᠢᠨᠢ ᠰᠣᠯᠪᠢᠴᠠᠵᠤ ᠪᠠᠢᠭ᠎ᠠ ᠶ᠋ᠢ ᠬᠠᠷᠠ ᠯᠠ ᠳᠠ! ᠵᠡᠷᠯᠢᠭ ᠠᠳᠤᠭᠤᠰᠤ ᠶ᠋ᠢᠨ ᠣᠣᠷ ᠵᠠᠩ ᠲᠠᠨᠢᠭᠳᠠᠬᠤ ᠦᠭᠡᠢ ᠪᠠᠢᠨ᠎ᠠ ᠤᠤ ⁈ 
       — ᠵᠡᠷᠯᠢᠭ ᠠᠳᠤᠭᠤ ⁈
       — ᠡᠨᠡ ᠬᠠᠯᠢᠭᠤᠨ ᠪᠣᠯ ᠰᠣᠯᠢ ᠶ᠋ᠢᠨ ᠬᠢᠷ᠎ᠠ ᠶ᠋ᠢᠨ ᠳᠠᠬᠢ ᠶ᠋ᠢᠨ ᠡᠦᠲᠦᠮ ᠲᠡᠢ ᠠᠳᠤᠭᠤ ! 
       —  ᠬᠡᠨ ᠦ᠌ ᠮᠣᠷᠢ ᠪᠣᠢ ? ᠭᠡᠬᠦ ᠳ᠋ᠦ᠍ ᠨᠥᠭᠦᠭᠡ ᠬᠥᠮᠦᠨ《 ᠮᠡᠳᠡᠭᠰᠡᠨ ᠦᠭᠡᠢ 》 ᠭᠡᠵᠦ ᠬᠡᠯᠡᠯᠴᠡᠵᠦ ᠵᠣᠭᠰᠣᠲᠠᠯ᠎ᠠ ᠨᠡᠯᠢᠶᠡᠳ ᠬᠥᠮᠦᠰ ᠴᠤᠭᠯᠠᠵᠤ 《 ᠮᠤᠨᠠ ᠶ᠋ᠢᠨ ᠥᠪᠥᠷ ᠡᠴᠡ ᠢᠷᠡᠭᠰᠡᠨ ᠮᠢᠩᠭᠠᠨᠪᠤᠤ ᠭᠡᠳᠡᠭ ᠬᠥᠮᠦᠨ ᠦ᠌ ᠬᠢ᠃ ᠲᠡᠷᠡ ᠴᠣ ᠰᠠᠢᠨ ᠡᠷ᠎ᠡ᠃ ᠭᠣᠪᠢ ᠶ᠋ᠢᠨ ᠬᠠᠷ᠎ᠠ ᠰᠡᠭᠦᠯᠲᠦ ᠶ᠋ᠢ  ᠬᠠᠯᠢᠭᠤᠨ ᠮᠣᠷᠢᠨ ᠳᠡᠭᠡᠷ᠎ᠡ ᠡᠴᠡ ᠪᠡᠨ ᠰᠢᠭᠢᠷᠡᠳᠡᠴᠢᠷᠭᠡᠳᠡᠭ 》 ᠭᠡᠵᠦ ᠨᠢᠭᠡ ᠨᠢ ᠬᠦᠯᠦᠭ ᠲᠡᠢ ᠡᠵᠡᠨ ᠲᠡᠢ ᠨᠢ ᠮᠠᠭᠲᠠᠨ᠎ᠠ᠃ 
       — ᠡᠨᠡ ᠬᠥᠮᠦᠨ ᠬᠠᠮᠢᠭ᠎ᠠ ᠪᠣᠢ? 
       — ᠳᠠᠷᠠᠰᠤᠲᠠᠢ ᠶ᠋ᠢᠨ ᠬᠤᠪᠢᠯᠴᠡᠴᠡᠭ ᠭᠡᠳᠡᠭ ᠪᠦᠰᠡᠭᠦᠢ ᠲᠡᠢ ᠬᠠᠨᠢᠯᠠᠨ ᠰᠠᠭᠤᠵᠤ ᠪᠣᠢ ᠭᠡᠲᠡᠯ᠎ᠡ ᠪᠠᠰᠠ ᠨᠢᠭᠡ ᠨᠢ᠄ 
       — ᠠ᠂ ᠶᠣᠰᠣᠲᠠᠢ ᠰᠠᠢᠨ ᠮᠣᠷᠢ ᠰᠢᠨᠳᠠᠰᠤ ᠲᠠᠢ ᠡᠷ᠎ᠡ ᠭᠡᠵᠦ ᠴᠠᠭᠠᠨ᠎ᠠ ᠪᠠᠨ ᠣᠨᠳᠣᠣ ᠪᠠᠢᠨ᠎ᠠ ᠳᠠ ! ᠭᠡᠰᠡᠨ ᠬᠣᠭᠣᠰᠣᠨ ᠮᠠᠭᠲᠠᠭᠰᠠᠨ ᠦᠭᠡ ᠶ᠋ᠢ ᠰᠠᠩᠵᠠᠢ ᠯᠠᠮᠠᠪᠤᠭᠠᠢ ᠰᠣᠨᠣᠰᠬᠤ ᠳᠤᠷ᠎ᠠ ᠦᠭᠡᠢ᠃ ᠣᠪᠣᠭᠠᠷᠠᠭᠰᠠᠨ ᠬᠥᠮᠦᠰ ᠡᠴᠡ ᠰᠤᠭᠤᠷᠠᠨ ᠵᠠᠢᠯᠠᠵᠤ ᠬᠠᠯᠢᠭᠤᠨ ᠮᠣᠷᠢᠨ ᠤ᠋ ᠬᠠᠪᠢᠯᠳᠠᠭᠤ ᠣᠢᠷᠠᠳᠴᠤ ᠣᠴᠢᠨ ᠮᠥᠩᠭᠥᠨ ᠪᠠᠭᠠᠪᠤᠷ᠂ ᠳᠠᠷᠤᠭᠤᠯᠭ᠎ᠠ ᠶ᠋ᠢᠨ ᠬᠡ ᠤᠭᠠᠯᠵᠠᠨ ᠤ᠋ ᠨᠠᠷᠢᠯᠢᠭ ᠭᠣᠶᠣ ᠬᠢᠴᠡ ᠶ᠋ᠢ ᠱᠣᠬᠣᠭᠣᠷᠬᠠᠨ ᠰᠢᠨᠵᠢᠵᠦ 《 ᠡᠨᠡ ᠮᠥᠩᠭᠥᠨ ᠪᠠᠭᠠᠪᠤᠷ ᠢ᠋ ᠯᠠᠪ ᠮᠡᠷᠭᠡᠨ  ᠳᠠᠷᠬᠠᠨ ᠤᠷᠠᠯᠠᠭᠰᠠᠨ 》ᠭᠡᠳᠡᠭ ᠢ᠋ ᠳᠣᠲᠣᠷ᠎ᠠ ᠪᠠᠨ ᠨᠤᠲᠠᠯᠠᠵᠤ 《 ᠠ᠂ ᠠᠷᠭ᠎ᠠ ᠦᠭᠡᠢ ᠭᠣᠶᠣ ᠡᠳ᠋ ᠶᠦᠮ ᠠ᠋ ! 》 ᠭᠡᠵᠦ ᠳᠦᠳᠦᠨᠡᠭᠰᠡᠭᠡᠷ ᠰᠦᠮ᠎ᠡ ᠶ᠋ᠢᠨ ᠳᠤᠭᠠᠩ ᠵᠦᠭ ᠢ᠋ᠶ᠋ᠡᠨ ᠠᠭᠠᠵᠢᠭᠤᠬᠠᠨ ᠠᠯᠬᠤᠪᠠ᠃  
       ᠬᠤᠪᠢᠯᠴᠡᠴᠡᠭ ᠮᠥᠩᠭᠥᠨ ᠲᠣᠨᠣᠭᠲᠤ ᠪᠠᠨᠰᠠᠲᠤ ᠬᠠᠯᠢᠭᠤᠨ ᠢ᠋ᠶ᠋ᠠᠨ ᠤᠨᠤᠭᠠᠳ ᠡᠩᠭᠡᠷ ᠦ᠋ᠨ ᠰᠦᠮ᠎ᠡ ᠳᠡᠭᠡᠷ᠎ᠡ ᠬᠦᠷᠴᠦ ᠣᠴᠢᠪᠠ᠃ 
       ᠭᠠᠤᠯᠢᠨ ᠲᠣᠪᠣᠷᠤᠤ ᠬᠦᠷᠡᠩ ᠪᠠᠨᠰᠠᠨ ᠬᠠᠭᠠᠯᠭ᠎ᠠ ᠶ᠋ᠢ ᠲᠦᠯᠬᠢᠵᠦ ᠣᠷᠣᠪᠠᠯ ᠶᠠᠲᠤᠭ᠎ᠠ ᠶ᠋ᠢᠨ ᠢᠷᠠᠭᠤᠬᠠᠨ ᠬᠥᠭᠵᠢᠮ ᠬᠠᠩᠭᠢᠨᠠᠵᠤ ᠰᠣᠨᠣᠰᠳᠠᠬᠤ ᠳ᠋ᠤ᠌ ᠬᠤᠪᠢᠯᠴᠡᠴᠡᠭ ᠦ᠋ᠨ ᠪᠡᠶ᠎ᠡ ᠨᠢ ᠬᠥᠩᠭᠡᠷᠡᠵᠦ ᠨᠢᠳᠦ ᠨᠢ ᠴᠢᠭᠢᠭᠲᠦᠬᠦ ᠰᠢᠭ ᠪᠣᠯᠪᠠ᠃  
       ᠰᠦᠮ᠎ᠡ ᠳᠤᠭᠠᠩ ᠤ᠋ᠨ ᠬᠡᠷᠡᠮ ᠢ᠋ ᠮᠤᠷᠤᠢᠵᠤ ᠠᠷᠤ ᠬᠦᠷᠢᠶᠡᠨ ᠳ᠋ᠦ᠍ᠨᠢ ᠣᠷᠣᠬᠤ ᠳ᠋ᠤ᠌ ᠰᠠᠩᠵᠠᠢ ᠯᠠᠮᠠᠪᠤᠭᠠᠢ ᠶ᠋ᠢᠨ ᠰᠠᠭᠤᠳᠠᠭ ᠬᠥᠬᠡ ᠲᠣᠭᠣᠰᠬᠠᠨ ᠭᠡᠷ ᠦ᠋ᠨ ᠴᠣᠩᠬᠣ ᠪᠠᠷ ᠶᠠᠲᠤᠭ᠎ᠠ ᠳᠡᠯᠡᠳᠴᠦ ᠬᠦᠪᠦᠷᠡᠭᠰᠡᠨ ᠤᠶᠠᠷᠠᠭᠤᠨ ᠰᠠᠢᠬᠠᠨ ᠳᠠᠭᠤᠤ ᠶ᠋ᠢᠨ ᠤᠶᠠᠩᠭ᠎ᠠ ᠰᠤᠪᠤᠷᠠᠵᠤ᠄ 
        ᠁ 
           ᠰᠠᠭᠠᠷᠠᠯ ᠮᠣᠷᠢᠨ ᠤ᠋ ᠱᠠᠭᠠᠬᠢᠭᠤᠷ ② ᠬᠣᠩᠬᠣ ᠶ᠋ᠢ  
           ᠱᠠᠵᠢᠭᠢᠨᠠᠭᠤᠯᠤᠭᠠᠳ ᠢᠷᠡᠳᠡᠭ ᠶᠦᠮ ᠳᠡ  
           ᠰᠠᠷᠠᠭᠤᠯᠬᠠᠨ ᠲᠥᠷᠥᠭᠰᠡᠨ ᠮᠢᠩᠭᠠᠨᠪᠤᠤ ᠠᠵᠠᠢ ᠮᠢᠨᠢ 
           ᠰᠠᠨᠠᠭᠠᠨ ᠤ᠋ ᠮᠢᠨᠢ ᠬᠤᠪᠢᠶᠠᠷᠢ ᠶᠤᠮ ᠬᠦ !  
         ᠁   
           ᠬᠠᠯᠢᠭᠤᠨ ᠮᠣᠷᠢᠨ ᠤ᠋ ᠬᠠᠵᠠᠭᠠᠷ ᠨᠣᠭᠲᠣ ᠶ᠋ᠢ 
           ᠬᠠᠩᠭᠢᠨᠠᠭᠤᠯᠤᠭᠠᠳ ᠢᠷᠡᠳᠡᠭ ᠶᠦᠮ ᠳᠡ    
           ᠬᠠᠢᠷᠠᠬᠠᠨ ᠲᠥᠷᠥᠭᠰᠡᠨ ᠬᠤᠪᠢᠯᠴᠡᠴᠡᠭ ᠳᠡᠭᠦᠦᠳᠡᠢ ᠮᠢᠨᠢ 
           ᠬᠠᠢᠷ᠎ᠠ ᠶ᠋ᠢᠨ ᠮᠢᠨᠢ ᠠᠷᠭᠠᠮᠵᠢᠶ᠎ᠠ ᠶᠤᠮ ᠬᠦ ᠁ ᠭᠡᠵᠦ ᠰᠠᠩᠵᠠᠢ ᠯᠠᠮᠠᠪᠤᠭᠠᠢ ᠶᠠᠲᠤᠭ᠎ᠠ ᠶ᠋ᠢᠨ ᠬᠥᠭᠵᠢᠮ ᠳ᠋ᠦ᠍ ᠳᠠᠭᠤᠯᠠᠭᠰᠠᠨ ᠢ᠋ ᠰᠣᠨᠣᠰᠤᠭᠠᠳ ᠬᠤᠪᠢᠯᠴᠡᠴᠡᠭ ᠨᠢᠭᠡᠮᠦᠰᠦᠨ ᠮᠠᠭᠠᠷᠠᠪᠠ ᠁ 
      《ᠰᠠᠩᠵᠠᠢ ᠯᠠᠮᠠᠪᠤᠭᠠᠢ ᠴᠤ᠌ ᠳᠠᠯᠳᠠ ᠶ᠋ᠢ ᠮᠡᠳᠡᠭᠴᠢ ᠳᠠᠯᠠᠢ ᠯᠠᠮᠠ ᠶ᠋ᠢᠨ ᠰᠢᠳᠢ ᠣᠷᠣᠰᠢᠴᠢᠬᠠᠵᠠᠢ》ᠭᠡᠵᠦ ᠬᠤᠪᠢᠯᠴᠡᠴᠡᠭ ᠳᠦᠳᠦᠨᠡᠨ ᠵᠠᠯᠪᠠᠷᠢᠨ᠎ᠠ᠃  
      ᠁    
       ᠬᠤᠪᠢᠯᠴᠡᠴᠡᠭ ᠨᠢᠯᠪᠤᠰᠤ ᠪᠠᠨ ᠵᠦᠯᠭᠦᠵᠦ᠄ 
       — ᠡᠷ᠎ᠡ ᠥᠰᠴᠦ ᠢᠰᠡᠭᠡᠢ ᠰᠤᠨᠳᠠᠭ ᠭᠡᠭᠴᠢ ᠪᠡᠷ ᠬᠦᠦ ᠮᠢᠨᠢ ᠡᠷ᠎ᠡ ᠬᠥᠮᠦᠨ ᠪᠣᠯᠴᠢᠬᠠᠯ᠎ᠠ!  ᠦᠷᠬᠦᠢ ᠭᠠᠳᠠᠭᠰᠢ ᠪᠠᠨ ᠲᠣᠲᠤᠭᠰᠢ ᠪᠠᠨ ᠶᠠᠪᠤᠳᠠᠭ ᠢ᠋ᠶ᠋ᠠᠷ ᠢ᠋ᠶ᠋ᠠᠨ ᠠᠪᠤ ᠶ᠋ᠢᠨ ᠢ᠋ᠶ᠋ᠡᠨ ᠠᠮᠢᠳᠤ ᠡᠰᠡᠬᠦ ᠶ᠋ᠢ ᠰᠤᠷᠠᠭᠯᠠᠵᠤ ᠦᠵᠡ! ᠭᠡᠳ ᠠᠩᠴᠢᠨᠵᠠᠪ ᠤ᠋ᠨ ᠮᠠᠩᠨᠠᠢ ᠶ᠋ᠢ ᠦᠨᠦᠰᠴᠦ ᠬᠡᠯᠡᠪᠡ᠃  

– – – –  
① ᠤᠷᠠᠳ ᠨᠤᠲᠤᠭ ᠲᠤ᠌ ᠮᠠᠯ ᠤ᠋ᠨ ᠭᠦᠵᠡᠭᠡᠨ ᠦ᠌ ᠥᠩᠭᠥᠷ ᠵᠤᠵᠠᠭᠠᠨ ᠪᠣᠯ ᠡᠪᠦᠯ ᠴᠠᠰᠤ ᠶᠡᠬᠡᠲᠡᠢ ᠭᠡᠵᠦ ᠬᠡᠯᠡᠳᠡᠭ᠃ 
② ᠮᠣᠷᠢᠨ ᠤ᠋ ᠬᠥᠮᠥᠯᠳᠥᠷᠭᠡ ᠳ᠋ᠦ᠍ ᠶᠠᠩᠵᠤᠯᠠᠭᠰᠠᠨ ᠴᠢᠮᠡᠭ ᠬᠣᠩᠬᠣ ᠶ᠋ᠢ ᠵᠢᠭᠠᠳᠠᠭ᠃  

       ᠦᠰᠦᠭ ᠠᠮᠢᠯᠠᠭᠤᠯᠤᠭᠰᠠᠨ ᠨᠢ᠄  <ᠬᠡᠯᠡ ᠪᠢᠴᠢᠭ> ᠬᠣᠯᠪᠣᠭ᠎ᠠ