ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠨᠢᠭᠡ> Хан мунын сүүрс < дээд > – Мөнх зохиоов ᠂ Тэргүүн бодь – Хоёрдугаар бүлэг <1> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠨᠢᠭᠡ> Хан мунын сүүрс < дээд > – Мөнх зохиоов ᠂ Тэргүүн бодь – Хоёрдугаар бүлэг <1>

ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠬᠣᠶᠠᠳᠤᠭᠠᠷ ᠪᠦᠯᠦᠭ <ᠨᠢᠭᠡ> Хан мунын сүүрс < дээд > – Мөнх зохиоов ᠂ Тэргүүн бодь – Хоёрдугаар бүлэг <1>

ᠠᠩᠭᠢᠯᠠᠯ:ᠲᠤᠭᠤᠵᠢ ᠷᠣᠮᠠᠨ
2024-05-17

465

ᠲᠡᠷᠢᠭᠦᠨ ᠪᠣᠲᠢ – ᠬᠣᠶᠠᠳᠤᠭᠠᠷ ᠪᠦᠯᠦᠭ <ᠨᠢᠭᠡ >


                ᠨᠢᠭᠡ   

       ᠲᠠᠷᠠᠭ ᠤ᠋ᠨ ᠦᠨᠦᠷ ᠢ᠋ᠶ᠋ᠡᠷ ᠠᠮᠢᠰᠬᠣᠯᠠᠯᠠᠭᠰᠡᠨ ᠨᠣᠶᠠᠨ ᠰᠠᠩ ᠤ᠋ᠨ ᠵᠤᠰᠠᠭᠠᠯ ᠡᠨᠡ ᠬᠣᠷᠸ᠎ᠠ ᠳ᠋ᠤ᠌ ᠶᠠᠮᠠᠷ ᠴᠤ᠌ ᠶᠠᠭᠤᠮ᠎ᠠ ᠪᠣᠯᠤᠭ᠎ᠠ ᠦᠭᠡᠢ ᠰᠢᠭ ᠪᠠᠢᠯ᠎ᠠ᠃ ᠪᠠᠭ᠎ᠠ ᠬᠠᠲᠤᠨ ᠰᠡᠳᠬᠢᠯ ᠲᠤᠨᠢᠷᠬᠠᠨ ᠬᠦᠩ ᠨᠣᠶᠠᠨ ᠤ᠋ ᠡᠪᠦᠷ ᠡᠴᠡ ᠬᠦᠨᠡᠢᠷᠬᠡᠵᠦ ᠲᠣᠲᠠᠭᠠᠭᠳ ᠣᠯᠠᠨ ᠢ᠋ ᠴᠣᠴᠢᠷᠳᠠᠭᠤᠯᠤᠭᠰᠠᠨ ᠨᠢ ᠵᠥᠪᠬᠡᠨ ᠲᠣᠭᠲᠠᠭᠤᠬᠠᠨ ᠨᠠᠭᠤᠷ ᠲᠤ ᠥᠴᠦᠬᠡᠨ ᠴᠢᠯᠠᠭᠤ ᠬᠠᠶᠠᠬᠤ ᠳ᠋ᠤ᠌ ᠴᠦᠯᠲᠦ ᠬᠢᠨ ᠠᠷ ᠲᠠᠲᠠᠵᠤ ᠬᠤᠨᠢᠷᠢᠶᠠᠲᠤᠨ ᠳᠠᠬᠢᠨ ᠴᠢᠮᠡᠭᠡ ᠠᠨᠢᠷ ᠦᠭᠡᠢ ᠪᠣᠯᠤᠭᠰᠠᠨ ᠮᠡᠲᠦ᠃  
       ᠪᠠᠭ᠎ᠠ ᠬᠠᠲᠤᠨ ᠢ᠋ᠶ᠋ᠠᠨ ᠡᠰᠡᠨ ᠮᠡᠨᠳᠦ ᠪᠤᠴᠠᠵᠤ ᠢᠷᠡᠭᠰᠡᠨ ᠳ᠋ᠦ᠍ ᠬᠦᠩ ᠨᠣᠶᠠᠨ ᠪᠠᠶᠠᠷᠯᠠᠬᠤ ᠴᠤ᠌ ᠰᠢᠭ᠋ ᠭᠣᠮᠣᠷᠬᠠᠬᠤ ᠴᠤ᠌ ᠰᠢᠭ᠋᠂ ᠲᠡᠭᠦᠨ ᠦ᠌ ᠪᠡᠨ ᠠᠶ᠎ᠠ ᠳ᠋ᠠᠩ ᠢ᠋ ᠨᠢ ᠳᠠᠭᠠᠭᠤᠯᠵᠤ ᠠᠷᠭᠠᠳᠠᠬᠤ ᠶ᠋ᠢᠨ ᠵᠡᠷᠭᠡᠳᠡ ᠴᠡᠴᠡᠭ ᠬᠠᠲᠤᠨ ᠢ᠋ᠶ᠋ᠠᠨ ᠴᠤ᠌ ᠬᠠᠶᠠᠭᠠᠨ ᠳ᠋ᠤᠨᠢ ᠬᠠᠶᠠᠵᠤ ᠲᠦᠪᠳᠡᠬᠦ ᠦᠭᠡᠢ ᠬᠣᠶᠠᠷ ᠡᠮ᠎ᠡ ᠶ᠋ᠢᠨ ᠳᠤᠮᠳᠠ ᠪᠥᠮᠪᠥᠷᠢᠨ᠎ᠡ᠃  
       ᠪᠠᠶᠠᠨ ᠲᠠᠩᠰᠤᠭ ᠠᠮᠢᠳᠤᠷᠠᠯ ᠳ᠋ᠤ᠌ ᠲᠠᠰᠢᠭᠤᠷᠠᠭᠰᠠᠨ ᠬᠥᠮᠦᠨ ᠪᠠᠷᠴᠢᠳ ᠵᠣᠪᠠᠯᠠᠩ ᠤ᠋ᠨ ᠬᠠᠷ᠎ᠠ ᠰᠡᠭᠦᠳᠡᠷ ᠢᠮᠠᠭᠲᠠ ᠥᠪᠡᠷ ᠢ᠋ ᠨᠢ ᠳᠠᠭᠠᠵᠤ ᠪᠠᠢᠳᠠᠭ ᠢ᠋ ᠠᠮᠠᠷᠬᠠᠨ ᠮᠠᠷᠲᠠᠵᠤ ᠣᠭᠣᠷᠳᠠᠭ ᠨᠢ ᠬᠥᠮᠦᠨ ᠪᠦᠬᠦᠨ ᠦ᠌ ᠡᠮᠵᠢᠭ ᠪᠣᠯᠤᠯᠲᠠᠢ᠃ ᠬᠦᠩ ᠨᠣᠶᠠᠨ ᠥᠨᠥᠬᠢ ᠪᠠᠭ᠎ᠠ ᠬᠠᠲᠤᠨ ᠢ᠋ ᠤᠷᠤᠭᠤ ᠲᠠᠲᠠᠵᠤ ᠳᠤᠲᠠᠭᠠᠯᠭᠠᠭᠰᠠᠨ ᠵᠡᠷᠯᠢᠭ ᠡᠷ᠎ᠡ ᠶ᠋ᠢ ᠲᠡᠳᠦᠢ ᠯᠡ ᠶᠠᠯ᠎ᠠ ᠨᠡᠬᠡᠵᠦ ᠶᠠᠭᠤᠮ᠎ᠠ ᠪᠣᠯᠭᠠᠭᠰᠠᠨ ᠦᠭᠡᠢ᠃ ᠡᠨᠡ ᠨᠢ ᠪᠠᠭ᠎ᠠ ᠬᠠᠲᠤᠨ ᠤ᠋《 ᠲᠡᠭᠦᠨ ᠢ᠋ ᠥᠷᠥᠰᠢᠶᠡᠵᠦ ᠦᠵᠡᠭᠡᠴᠢ! ᠪᠤᠷᠤᠭᠤ ᠨᠢ ᠪᠦᠷ ᠮᠢᠨᠦᠬᠢ᠃ ᠪᠢ ᠬᠡᠦᠬᠡᠳ ᠵᠠᠩ ᠭᠠᠷᠭᠠᠵᠤ ᠲᠥᠷᠬᠥᠮ ᠳ᠋ᠡᠭᠡᠨ ᠳᠤᠲᠠᠭᠠᠭᠰᠠᠨ ᠶᠤᠮ᠃ ᠡᠷᠭᠢᠨ ᠬᠦᠩ ᠨᠣᠶᠠᠨ ᠲᠠᠨ ᠢ᠋ ᠶᠡᠬᠡᠳᠡ ᠰᠣᠴᠢᠭᠠᠭᠰᠠᠨ ᠢ᠋ ᠮᠢᠨᠢ  ᠠᠭᠤᠴᠢᠯᠠᠭᠠᠷᠠᠢ! 》 ᠭᠡᠵᠦ ᠤᠬᠢᠯᠠᠨ ᠬᠠᠢᠯᠠᠨ ᠭᠤᠶᠤᠭᠰᠠᠨ ᠠ᠋ᠴᠠ ᠪᠣᠯᠤᠭᠰᠠᠨ ᠪᠢᠵᠡ᠃ 
       ᠮᠠᠨᠴᠤᠷᠭ᠎ᠠ ᠪᠤᠭᠤᠲᠤ ᠠ᠋ᠴᠠ ᠳ᠋ᠠᠭᠳᠠᠨ ᠳᠠ ᠯᠠᠮᠠ ᠶ᠋ᠢᠨ ᠬᠥᠬᠡ ᠯᠠᠭᠤᠰᠠᠨ ᠤ᠋ ᠡᠮᠡᠭᠡᠯ ᠡᠴᠡ ᠥᠷᠥᠭᠡᠰᠦᠨ ᠮᠥᠩᠭᠥᠨ ᠳᠠᠷᠤᠭᠤᠯᠭ᠎ᠠ᠂ ᠴᠤᠭᠪᠠᠭᠠᠲᠤᠷ ᠤ᠋ᠨ ᠰᠠᠯᠬᠢᠨ ᠵᠡᠭᠡᠷᠳᠡ ᠶ᠋ᠢᠨ ᠡᠮᠡᠭᠡᠯ ᠦ᠋ᠨ ᠥᠷᠥᠭᠡᠰᠦᠨ ᠮᠥᠩᠭᠥᠨ ᠪᠠᠭᠠᠪᠤᠷ ᠢ᠋ ᠲᠠᠰᠤᠯᠵᠤ ᠭᠠᠰᠢᠭᠤᠨ ᠴᠢᠮᠡᠭᠡ ᠭᠠᠨᠵᠤᠭᠠᠯᠵᠤ ᠢᠷᠡᠭᠡᠳ ᠬᠦᠩ ᠨᠣᠶᠠᠨ ᠳ᠋ᠤ᠌ ᠭᠠᠪᠢᠶᠠᠷᠬᠠᠨ ᠡᠷᠭᠦᠭᠰᠡᠨ ᠳ᠋ᠦ᠍  ᠬᠦᠩ ᠨᠣᠶᠠᠨ ᠠᠭᠰᠤᠷᠤᠨ ᠪᠣᠰᠴᠤ《 ᠳ᠋ᠠᠭᠳᠠᠠ ᠯᠠᠮᠠᠬᠠᠢ᠂ ᠳ᠋ᠠᠭᠳᠠᠠ ᠯᠠᠮᠠᠬᠠᠢ ᠠ᠋! ᠴᠢ ᠴᠣᠬᠣᠮ ᠶᠠᠭᠠᠬᠢᠬᠤ ᠰᠠᠨᠠᠭᠠᠲᠠᠢ ᠶᠤᠮ ᠪᠣᠢ? ᠬᠥᠰᠢ! ᠵᠡᠭᠦᠨ ᠲᠤᠰᠠᠯᠠᠭᠴᠢ᠂ ᠵᠠᠬᠢᠷᠤᠭᠴᠢ ᠲᠠ ᠬᠠᠮᠢᠭ᠎ᠠ ᠪᠣᠢ? ᠨᠠᠭᠠᠰᠢ ᠪᠠᠨ ᠢᠷ᠎ᠡ᠂ ᠲᠠ ᠨᠠᠷ ᠳ᠋ᠠᠭᠳᠠᠠ ᠳᠠ ᠯᠠᠮᠠ ᠶ᠋ᠢ᠁》 ᠭᠡᠵᠦ ᠤᠷᠤᠭᠤᠯ ᠨᠢ ᠴᠡᠴᠡᠷᠡᠨ ᠦᠭᠡ ᠨᠢ ᠬᠠᠬᠠᠵᠤ ᠪᠠᠢᠪᠠ᠃ 
       ᠷᠠᠰᠢ ᠵᠠᠬᠢᠷᠤᠭᠴᠢ᠂ ᠵᠡᠭᠦᠨ ᠲᠤᠰᠠᠯᠠᠭᠴᠢ ᠡᠯᠳᠡᠩᠭᠡ ᠨᠠᠷ ᠰᠡᠩᠳᠡ ᠮᠡᠩᠳᠡ ᠬᠦᠷᠦᠯᠴᠡᠨ ᠢᠷᠡᠵᠦ ᠬᠦᠩ ᠨᠣᠶᠠᠨ ᠢ᠋ ᠠᠷᠠᠭᠠᠳᠠᠵᠤ ᠠᠭᠤᠷ ᠣᠮᠣᠭ ᠢ᠋ ᠨᠢ ᠲᠠᠢᠳᠬᠤᠷᠠᠭᠤᠯᠪᠠ᠃ ᠬᠦᠩ ᠨᠣᠶᠠᠨ ᠤ᠋ ᠠᠭᠤᠷ ᠬᠢᠯᠢᠩ ᠨᠢ ᠲᠠᠢᠯᠤᠭᠳᠠᠭᠰᠠᠨ ᠪᠣᠯᠪᠠᠴᠤ ᠳ᠋ᠠᠭᠳᠠᠠ ᠯᠠᠮᠠ᠂ ᠴᠣᠭᠪᠠᠭᠠᠲᠤᠷ ᠢ᠋ᠶ᠋ᠠᠷ ᠳᠡᠮᠵᠢᠵᠦ ᠳᠣᠲᠣᠷ᠎ᠠ ᠭᠠᠵᠠᠷ ᠤ᠋ᠨ ᠵᠠᠨᠠᠭ ᠤ᠋ᠳ ᠲᠠᠢ ᠰᠦᠯᠪᠡᠭᠡᠯᠳᠡᠨ ᠥᠪᠡᠷ ᠢ᠋ ᠨᠢ ᠶᠠᠭᠠᠬᠢᠨ᠎ᠠ ᠡᠢᠨ᠎ᠡ ᠭᠡᠰᠡᠨ ᠳ᠋ᠦ᠍ ᠲᠡᠷᠡ ᠪᠡᠷ ᠳ᠋ᠠᠭᠳᠠᠠ ᠳᠠ ᠯᠠᠮᠠ ᠳ᠋ᠤ᠌ ᠥᠰᠢᠶ᠎ᠡ ᠵᠠᠩᠭᠢᠳᠴᠤ ᠡᠭᠦᠨ ᠦ᠌ ᠤᠯᠠᠮ ᠠ᠋ᠴᠠ ᠥᠨᠥᠬᠡᠨ ᠪᠣᠯᠤᠭᠰᠠᠨ ᠪᠠᠭ᠎ᠠ ᠬᠠᠲᠤᠨ ᠢ᠋ ᠤᠤᠯᠭᠠᠯᠠᠵᠤ ᠳᠤᠲᠠᠭᠠᠭᠰᠠᠨ ᠵᠡᠷᠯᠢᠭ ᠡᠷ᠎ᠡ ᠶ᠋ᠢ ᠵᠥᠪᠬᠡᠨ ᠪᠠᠷᠢᠪᠴᠢᠯᠠᠬᠤ ᠵᠠᠷ ᠲᠠᠯᠪᠢᠭᠠᠳ ᠴᠠᠭᠠᠰᠢ ᠪᠠᠨ ᠶᠡᠬᠡ ᠰᠦᠢᠳ ᠪᠣᠯᠤᠯ ᠦᠭᠡᠢ ᠥᠩᠭᠡᠷᠡᠪᠡ᠃ 
       ᠭᠡᠨᠡᠳᠡᠪᠡᠯ ᠤᠬᠠᠭᠠᠷᠠᠳᠠᠭ ᠨᠢ ᠨᠢᠭᠡ ᠬᠥᠮᠦᠨ ᠦ᠌ ᠵᠦᠢ ᠶᠣᠰᠣ ᠪᠤᠶᠤ᠃ ᠬᠦᠩ ᠨᠣᠶᠠᠨ ᠰᠠᠶᠢ ᠶ᠋ᠢᠨ ᠪᠣᠯᠤᠭᠰᠠᠨ ᠬᠡᠷᠡᠭ ᠳᠠᠬᠢᠨᠲᠠ ᠭᠠᠷᠤᠭᠤᠵᠠᠢ ᠭᠡᠵᠦ ᠰᠠᠨᠠᠭ᠎ᠠ ᠵᠣᠪᠠᠵᠤ ᠪᠠᠢᠭ᠎ᠠ ᠶ᠋ᠢ ᠵᠡᠭᠦᠨ ᠲᠤᠰᠠᠯᠠᠭᠴᠢ ᠠᠨᠳᠠᠬᠤ ᠦᠭᠡᠢ ᠭᠠᠳᠠᠷᠯᠠᠵᠤ ᠵᠠᠷᠯᠢᠭ ᠢ᠋ᠶ᠋ᠠᠷ ᠬᠣᠰᠢᠭᠤ ᠴᠡᠷᠢᠭ ᠡᠴᠡ ᠪᠡᠨ ᠪᠤᠰᠢᠭᠤᠬᠠᠨ ᠬᠥᠮᠦᠨ ᠲᠠᠲᠠᠵᠤ ᠨᠣᠶᠠᠨ ᠰᠠᠩ ᠤ᠋ᠨ ᠵᠤᠰᠠᠭᠠᠯ ᠳ᠋ᠤ᠌ ᠥᠩᠭᠡ ᠰᠦᠷ ᠨᠡᠮᠡᠷᠢᠯᠡᠨ ᠬᠦᠩ ᠨᠣᠶᠠᠨ ᠤ᠋ ᠪᠠᠭ᠎ᠠ ᠬᠠᠲᠤᠨ ᠤ᠋《 ᠬᠠᠭᠤᠴᠢᠨ ᠡᠪᠡᠳᠴᠢᠨ》 ᠨᠢ ᠬᠥᠳᠡᠯᠬᠦ ᠡᠴᠡ ᠴᠢᠩᠭ᠎ᠠ ᠰᠡᠷᠡᠮᠵᠢᠯᠡᠵᠦ ᠬᠠᠯᠠᠭ᠎ᠠ ᠮᠠᠨᠠᠭ᠎ᠠ ᠶ᠋ᠢ ᠴᠢᠩᠭᠠᠳᠬᠠᠪᠠ᠃ ᠪᠠᠭ᠎ᠠ ᠬᠠᠲᠤᠨ ᠴᠤ᠌ ᠬᠦᠩ ᠨᠣᠶᠠᠨ ᠳ᠋ᠤ᠌ ᠬᠠᠢᠷ᠎ᠠ ᠨᠢ ᠭᠠᠳᠠᠨ᠎ᠠ ᠪᠠᠨ ᠬᠠᠯᠠ ᠨᠢ ᠳᠣᠲᠣᠷ᠎ᠠ ᠪᠠᠨ ᠪᠠᠢᠬᠤ ᠶ᠋ᠢ ᠬᠢᠴᠢᠶᠡᠵᠦ ᠰᠢᠨ᠎ᠡ ᠣᠷᠴᠢᠨ ᠲᠣᠭᠣᠷᠢᠨ ᠳ᠋ᠤ᠌ ᠠᠭᠠᠵᠢᠮ ᠢ᠋ᠶ᠋ᠠᠷ ᠢᠳᠡᠭᠡᠰᠢᠪᠡ᠃ ᠬᠠᠷᠢᠨ ᠬᠠᠲᠤᠳ ᠬᠣᠭᠣᠷᠣᠨᠳᠣ ᠪᠠᠨ ᠲᠦᠷ ᠲᠠᠷ ᠪᠣᠯᠤᠯᠴᠠᠵᠤ ᠪᠠᠢᠳᠠᠭ ᠢ᠋ ᠬᠡᠨ ᠮᠡᠳᠡᠬᠦ ᠪᠣᠢ! 
      《 ᠡᠨᠡ ᠰᠢᠨ᠎ᠡ ᠢᠷᠡᠭᠰᠡᠨ ᠰᠢᠯᠢᠷᠡᠩᠬᠡᠢ ᠭᠤᠨᠵᠢᠨ ᠦᠨᠢᠶ᠎ᠡ ᠨᠢ ᠠᠯᠳᠠᠨ ᠪᠤᠬᠤᠷ ᠮᠥᠩᠭᠥᠨ ᠬᠡᠪᠡᠯᠢ ᠲᠡᠢ ᠶᠠᠭᠤᠮ᠎ᠠ ᠲᠠᠭᠠᠷᠠᠴᠢᠬᠠᠵᠠᠢ ᠭᠡᠵᠢ ᠤᠤ? ᠠᠷᠠᠢ ᠴᠤ᠌ ᠬᠦᠩ ᠨᠣᠶᠠᠨ ᠤ᠋ ᠦᠷ᠎ᠡ ᠶ᠋ᠢ ᠮᠥᠩᠭᠥᠨ ᠬᠡᠪᠡᠯᠢ ᠳ᠋ᠡᠭᠡᠨ ᠪᠠᠭᠲᠠᠭᠠᠵᠤ ᠠᠯᠲᠠᠨ ᠪᠤᠬᠤᠷ ᠢ᠋ᠶ᠋ᠠᠷ ᠢ᠋ᠶ᠋ᠠᠨ ᠬᠣᠢᠨ᠎ᠠ ᠬᠣᠢᠨ᠎ᠠ ᠠ᠋ᠴᠠ ᠨᠢ ᠴᠤᠪᠤᠷᠠᠭᠤᠯᠬᠤ ᠶᠤᠮ ᠪᠢᠰᠢ ᠪᠢᠵᠡ!》 ᠭᠡᠳ ᠨᠢᠭᠡ ᠨᠢ ᠠᠲᠠᠭᠠᠷᠬᠠᠨ ᠦᠭᠡ ᠬᠠᠳᠬᠤᠬᠤ ᠳ᠋ᠤ᠌ ᠨᠥᠭᠦᠭᠡ ᠨᠢ《ᠣᠳᠣ ᠴᠤ᠌ ᠨᠢᠭᠡ ᠠᠯᠲᠠᠨ ᠪᠥᠭᠰᠡ ᠲᠡᠢ ᠮᠥᠩᠭᠥᠨ ᠴᠡᠭᠡᠵᠢ ᠲᠡᠢ ᠬᠣᠪᠣᠷ ᠵᠠᠰᠠᠭ ᠠᠭᠡ ᠲᠥᠷᠥᠭᠦᠯᠵᠦ ᠭᠠᠪᠢᠶᠠᠷᠬᠠᠭᠠᠳ ᠪᠦᠭᠦᠳᠡ ᠶ᠋ᠢᠨ< ᠡᠮᠡᠭᠡ ᠡᠬᠡ> ᠪᠣᠯᠵᠤ ᠰᠢᠳᠢ ᠪᠡᠨ ᠦᠵᠡᠭᠦᠯᠦᠨ᠎ᠡ ᠳᠡ! ᠲᠡᠷᠡ ᠦᠶ᠎ᠡ ᠳ᠋ᠦ᠍ ᠴᠢ ᠪᠢᠳᠡ ᠬᠣᠶᠠᠷ ᠬᠠᠭᠵᠠᠷᠠᠭᠰᠠᠨ ᠭᠤᠲᠤᠯ ᠡᠯᠡᠭᠳᠡᠭᠰᠡᠨ ᠣᠢᠮᠣᠰᠤ ᠰᠢᠭ᠋ ᠭᠣᠯᠣᠭᠳᠠᠵᠤ ᠨᠣᠶᠠᠨ ᠰᠠᠩ ᠤ᠋ᠨ ᠦᠨᠢᠶ᠎ᠡ ᠰᠠᠭᠠᠳᠠᠭ ᠨᠣᠷᠵᠢᠮ᠎ᠠ ᠭᠤᠢᠷᠠᠨᠴᠢ ᠰᠢᠭ᠋ ᠪᠣᠯᠤᠨ᠎ᠠ ᠳᠠ!》 ᠭᠡᠬᠦ ᠮᠡᠲᠦ ᠶ᠋ᠢᠨ ᠵᠢᠲᠥᠭᠡᠷᠬᠡᠭ ᠥᠩᠭᠡ ᠲᠡᠢ ᠦᠭᠡ ᠬᠠᠶᠠᠯᠴᠠᠨ ᠡᠭᠡᠴᠢᠮᠡᠳ ᠬᠣᠶᠠᠷ ᠬᠠᠲᠤᠨ ᠤᠳᠠᠭᠠᠨ ᠬᠣᠨᠣᠭ ᠬᠦᠩ ᠨᠣᠶᠠᠨ ᠲᠠᠢ ᠳᠡᠷ᠎ᠡ ᠨᠡᠢᠯᠡᠭᠦᠯᠦᠭᠰᠡᠨ ᠦᠭᠡᠢ ᠳ᠋ᠡᠭᠡᠨ ᠭᠣᠮᠣᠷᠬᠠᠵᠤ ᠶᠠᠷᠢᠨ᠎ᠠ᠃ 
       ᠨᠠᠭᠠᠯᠢᠩᠬᠠᠢ ᠪᠠᠷ ᠨᠠᠭᠠᠳᠴᠤ ᠴᠢᠳᠠᠳᠠᠭ ᠡᠷᠬᠡᠭ ᠦ᠋ᠨ ᠪᠦᠷᠢᠯᠸ᠎ᠠ ᠴᠡᠴᠡᠭ ᠬᠠᠲᠤᠨ ᠬᠦᠩ ᠨᠣᠶᠠᠨ ᠤ᠋ ᠲᠣᠯᠣᠭᠠᠢ ᠶ᠋ᠢ ᠪᠦᠷᠢᠨ ᠡᠷᠭᠢᠭᠦᠯᠵᠦ ᠪᠡᠶ᠎ᠡ ᠡᠴᠡ ᠪᠡᠨ ᠲᠥᠭᠡ ᠵᠠᠢᠳᠠᠭᠤᠯᠤᠯ ᠦᠭᠡᠢ ᠬᠠᠮᠪᠠᠭᠠᠷᠬᠠᠵᠤ《ᠠᠯᠲᠠᠨ ᠪᠤᠬᠤᠷ ᠲᠠᠢ ᠶᠠᠭᠤᠮ᠎ᠠ ᠪᠠᠢᠯ᠎ᠠ ᠭᠡᠳ ᠠᠪᠢᠶᠠᠰ ᠢ᠋ ᠨᠢ ᠠᠯᠳᠠᠷᠠᠭᠤᠯᠵᠤ ᠪᠠᠢᠪᠠᠯ ᠬᠤᠯᠤᠭᠠᠨ᠎ᠠ ᠴᠤ᠌ ᠣᠯᠵᠤ ᠲᠥᠷᠥᠬᠦ ᠦᠭᠡᠢ ᠠ᠋᠂ ᠬᠦᠦ ᠲᠥᠷᠥᠪᠡᠯ ᠪᠢ ᠯᠡ ᠲᠥᠷᠥᠵᠦ ᠥᠭᠭᠦᠨ᠎ᠡ ᠳᠡ!》 ᠭᠡᠵᠦ ᠪᠣᠳᠣᠨ ᠡᠵᠡᠷᠬᠡᠭᠴᠢ ᠶ᠋ᠢᠨ ᠪᠠᠢᠷᠢ ᠪᠠᠷ ᠪᠠᠢᠭ᠎ᠠ ᠬᠠᠲᠤᠨ ᠰᠡᠷᠭᠦᠮ᠎ᠡ ᠶ᠋ᠢ ᠣᠷᠣᠨ ᠭᠠᠷᠤᠨ ᠬᠢᠯᠠᠩ ᠭᠥᠯᠢᠩ ᠭᠡᠵᠦ ᠬᠠᠪᠴᠢᠭᠠᠨᠠᠳᠠᠭ ᠢ᠋ᠶ᠋ᠠᠨ《 ᠪᠢ ᠴᠢᠳᠠᠵᠤ ᠪᠠᠢᠨ᠎ᠠ》 ᠭᠡᠵᠦ ᠳᠡᠭᠡᠷᠡᠯᠬᠡᠨ᠎ᠡ᠃ 
      《ᠡᠨᠡ ᠵᠥᠨᠥᠭ ᠦ᠋ᠨ ᠲᠠᠮᠢᠷ ᠢ᠋ ᠨᠢ ᠰᠠᠭᠠᠯᠢ ᠶ᠋ᠢᠨ ᠦᠨᠢᠶ᠎ᠡ ᠰᠢᠪᠲᠤᠷᠠᠬᠤ ᠰᠢᠭ᠋ ᠣᠷᠣᠢ ᠰᠢᠪᠬᠠᠭᠠᠳ ᠪᠠᠢᠶ᠎ᠠ! ᠨᠢᠳᠦ ᠨᠢ ᠭᠠᠷᠠᠬᠠᠯᠠᠬᠤ ᠶ᠋ᠢᠨ ᠦᠶ᠎ᠡ ᠳ᠋ᠦ᠍< ᠪᠠᠭ᠎ᠠ ᠬᠠᠲᠤᠨ> ᠭᠡᠬᠦ ᠰᠠᠨᠠᠭ᠎ᠠ ᠪᠠᠨ ᠬᠤᠷᠢᠶᠠᠬᠤ ᠪᠢᠵᠡ! ᠡᠰᠡ ᠲᠡᠢᠮᠦ ᠪᠣᠯ ᠨᠡᠭᠡᠷᠡᠨ ᠰᠠᠶᠢᠬᠢ ᠴᠢᠨᠢ ᠮᠤᠰᠢᠭᠠᠢ ᠨᠢ ᠲᠠᠭᠠᠷᠠᠭᠠᠳ ᠡᠨᠡ ᠵᠥᠨᠥᠭ ᠦ᠋ᠨ ᠦᠨᠳᠦᠰᠦ ᠶ᠋ᠢ ᠬᠠᠳᠬᠤᠴᠢᠬᠠᠬᠤ ᠶᠤᠮ ᠪᠣᠯ ᠪᠠᠷᠠᠭᠰᠠᠨ ᠰᠤᠤᠬᠠᠨ!》 ᠭᠡᠵᠦ ᠲᠡᠷᠡ ᠦᠶ᠎ᠡ ᠳ᠋ᠦ᠍ ᠬᠤᠪᠢ ᠵᠠᠶᠠᠭ᠎ᠠ ᠨᠢ ᠬᠠᠮᠢᠭᠠᠰᠢ ᠬᠠᠵᠠᠢᠬᠤ ᠪᠠᠨ ᠴᠠᠭᠠᠨ᠎ᠠ ᠨᠢ ᠭᠠᠷᠲᠠᠯ᠎ᠠ ᠮᠡᠳᠡᠵᠦ ᠪᠠᠢᠭᠰᠠᠨ ᠴᠡᠴᠡᠭ ᠬᠠᠲᠤᠨ ᠲᠥᠷᠥᠯᠬᠢ ᠰᠠᠢᠬᠠᠨ ᠠᠯᠢᠶ᠎ᠠ ᠨᠢᠳᠦ ᠪᠡᠷ ᠢ᠋ᠶ᠋ᠡᠨ ᠡᠷᠡᠴᠦᠳ ᠲᠦ᠍ ᠲᠣᠭᠣᠭᠳᠠᠬᠤ ᠭᠡᠵᠦ ᠢᠨᠢᠶᠡᠬᠦ ᠳ᠋ᠦ᠍ᠨᠢ ᠬᠠᠴᠠᠷ ᠲᠤᠨᠢ ᠬᠣᠶᠠᠷ ᠰᠠᠢᠬᠠᠨ ᠬᠤᠨᠳᠠᠭ᠎ᠠ ᠭᠠᠷᠳᠠᠭ ᠢ᠋ᠶ᠋ᠠᠨ ᠥᠪ ᠪᠣᠯᠭᠠᠵᠤ ᠪᠤᠭᠤᠲᠤ ᠶ᠋ᠢᠨ ᠸᠠᠩ ᠲᠣᠪᠴᠢᠶ᠎ᠠ ᠶ᠋ᠢᠨ ᠪᠡᠯᠡᠭᠯᠡᠭᠰᠡᠨ ᠨᠠᠵᠢᠩ ᠦᠨᠦᠷᠲᠦ ᠤᠰᠤ ᠶ᠋ᠢ ᠰᠤᠭᠤ ᠡᠩᠭᠡᠯᠵᠡᠭᠦᠷ ᠲᠡᠭᠡᠨ ᠰᠦᠷᠴᠢᠵᠦ ᠤᠷᠤᠭᠤᠯ ᠬᠥᠮᠥᠰᠬᠡ ᠪᠡᠨ ᠵᠢᠷᠤᠵᠤ ᠭᠣᠣᠳᠠᠨ᠎ᠠ᠃ ᠲᠡᠭᠡᠭᠡᠳ ᠬᠦᠩ ᠨᠣᠶᠠᠨ ᠤ᠋ ᠡᠪᠦᠷ ᠳᠡᠭᠡᠷ᠎ᠡ ᠰᠠᠭᠤᠴᠢᠬᠠᠭᠠᠳ ᠰᠠᠯᠬᠤ ᠦᠭᠡᠢ᠂ ᠲᠡᠷᠡ ᠪᠡᠷ ᠢᠩᠭᠢᠬᠦ ᠪᠦᠷᠢ ᠬᠦᠩ ᠨᠣᠶᠠᠨ ᠤ᠋ ᠬᠠᠢᠷ᠎ᠠ ᠶ᠋ᠢ ᠭᠡᠵᠢᠭᠡᠳᠡᠵᠦ ᠪᠡᠶ᠎ᠡ ᠳ᠋ᠡᠭᠡᠨ ᠲᠠᠲᠠᠬᠤ ᠭᠡᠳᠡᠭ ᠨᠢ ᠪᠤᠷᠤᠭᠤᠳᠴᠤ᠂ ᠤᠯᠠᠮ ᠡᠭᠳᠡᠭᠦᠲᠡᠢ ᠬᠠᠷᠠᠭᠳᠠᠨ᠎ᠠ᠃ ᠤᠴᠢᠷ ᠨᠢ ᠬᠦᠩ ᠨᠣᠶᠠᠨ ᠲᠡᠭᠦᠨ ᠢ᠋ ᠪᠡᠶ᠎ᠡ ᠳ᠋ᠡᠭᠡᠨ ᠰᠦᠷᠡᠬᠡᠢ ᠲᠠᠲᠠᠵᠤ ᠪᠠᠭ᠎ᠠ ᠬᠠᠲᠤᠨ ᠲᠠᠢ ᠶᠠᠭ ᠬᠠᠪᠢᠳᠠᠭᠤᠯᠬᠤ ᠳᠤᠷ᠎ᠠ ᠦᠭᠡᠢ ᠴᠠᠭᠠᠨ᠎ᠠ ᠰᠠᠨᠠᠭ᠎ᠠ ᠶ᠋ᠢ ᠨᠢ ᠭᠦᠨ ᠮᠡᠳᠡᠵᠦ ᠪᠠᠢᠯ᠎ᠠ᠃ ᠡᠢᠨ ᠬᠦ᠌ ᠵᠢᠭᠠᠬᠠᠨ ᠴᠤ᠌ ᠰᠢᠯᠲᠠᠭ ᠢ᠋ ᠦᠯᠦ ᠠᠯᠳᠠᠨ ᠴᠡᠴᠡᠭ ᠬᠠᠲᠤᠨ ᠠ᠋ᠴᠠ ᠵᠠᠢᠯᠠᠵᠤ᠂ ᠪᠠᠭ᠎ᠠ ᠬᠠᠲᠤᠨ ᠲᠠᠢ ᠪᠠᠨ ᠬᠠᠮᠲᠤ ᠪᠠᠢᠬᠤ ᠰᠠᠨ ᠭᠡᠬᠦ ᠪᠣᠳᠣᠯ ᠲᠠᠷᠢᠬᠢᠨ ᠳ᠋ᠤᠨᠢ ᠠᠭᠠᠵᠢᠮ ᠢ᠋ᠶ᠋ᠠᠷ ᠥᠰᠴᠦ ᠪᠠᠢᠪᠠ᠃ 
       ᠨᠠᠮᠤᠷ ᠤ᠋ᠨ ᠰᠡᠷᠢᠭᠦᠨ ᠵᠢᠪᠠᠷ ᠲᠤ ᠰᠢᠷᠠᠯᠠᠭᠰᠠᠨ ᠮᠣᠳᠣᠨ ᠤ᠋ ᠨᠠᠪᠴᠢᠰ ᠤᠨᠠᠨ᠎ᠠ᠃ ᠭᠡᠷᠡᠯ ᠨᠢ ᠬᠠᠷᠢᠭᠰᠠᠨ ᠡᠮᠡᠭᠡᠨ ᠨᠠᠷᠠ ᠪᠠᠷᠠᠭᠤᠨᠰᠢ ᠪᠤᠴᠠᠬᠤ ᠶ᠋ᠢᠨ ᠣᠢᠯᠲᠠ ᠳ᠋ᠤ᠌ ᠤᠯᠠᠭᠠᠨ ᠬᠠᠲᠤᠨ ᠤ᠋ ᠤᠷᠤᠰᠬᠠᠯ ᠳᠡᠭᠡᠭᠦᠷ ᠰᠢᠷᠭᠠᠯ ᠥᠷᠥᠮ᠎ᠡ ᠬᠠᠢᠷᠰᠤᠯᠠᠭᠰᠠᠨ ᠰᠢᠭ᠋ ᠳᠣᠨᠣᠯᠵᠠᠵᠤ ᠬᠠᠷᠠᠭᠳᠠᠨ᠎ᠠ᠃ 
       ᠲᠠᠷᠭᠤᠨ ᠨᠠᠮᠤᠷ ᠤ᠋ᠨ ᠬᠣᠩᠭᠣᠷ ᠰᠠᠯᠬᠢ ᠪᠠᠭ᠎ᠠ ᠬᠠᠲᠤᠨ ᠤ᠋ ᠬᠠᠴᠠᠷ ᠢ᠋ ᠦᠨᠦᠰᠦᠨ ᠢᠯᠪᠢᠬᠦ ᠳ᠋ᠦ᠍ ᠠᠮᠠᠷᠠᠭ ᠬᠣᠩᠭᠣᠷ ᠠᠩᠴᠢᠨᠵᠠᠪ ᠨᠢ ᠶᠠᠭᠠᠬᠢᠬᠤ ᠠᠷᠭ᠎ᠠ ᠦᠭᠡᠢ ᠰᠠᠨᠠᠭᠳᠠᠵᠤ ᠬᠠᠲᠤᠨ ᠲᠡᠷᠲᠡᠭᠡ ᠰᠢᠷᠭᠠᠯᠲᠤᠨ ᠨᠡᠯᠦᠢᠬᠦ ᠮᠠᠩᠬᠠᠨ ᠤ᠋ ᠴᠠᠭᠠᠨᠠᠬᠢ ᠲᠥᠷᠬᠥᠮ ᠨᠤᠲᠤᠭ ᠨᠢ ᠡᠷᠬᠡ ᠦᠭᠡᠢ ᠨᠢᠳᠦᠨ ᠳ᠋ᠦ᠍ᠨᠢ ᠲᠣᠳᠣᠷᠠᠬᠤ ᠰᠢᠭ᠋ ᠪᠣᠯᠤᠨ᠎ᠠ᠃ 
       ᠤᠯᠠᠭᠠᠨ ᠬᠠᠲᠤᠨ ᠤ᠋ ᠪᠤᠷᠭᠠᠰᠤᠲᠠᠢ ᠵᠦᠯᠭᠡ ᠪᠡᠷ ᠠᠳᠤᠭᠤ ᠭᠡᠯᠢᠭᠰᠡᠨ ᠨᠢᠭᠡ ᠡᠷ᠎ᠡ ᠨᠠᠭᠠᠰᠢᠯᠠᠬᠤ ᠳ᠋ᠠᠭᠠᠨ ᠮᠣᠷᠢᠨ ᠳᠡᠭᠡᠷ᠎ᠡ ᠲᠠᠰᠢᠶᠠᠯᠳᠠᠵᠤ ᠰᠠᠭᠤᠭᠰᠠᠨ ᠨᠢ ᠠᠩᠴᠢᠨᠵᠠᠪ ᠲᠠᠢ ᠶᠠᠮᠠᠷ ᠠᠳᠠᠯᠢᠬᠠᠨ ᠬᠠᠷᠠᠭᠳᠠᠨ᠎ᠠ ᠪᠣᠢ᠃ ᠭᠠᠭᠴᠠ ᠮᠠᠨᠵᠤ ᠱᠤᠲᠤᠩ ᠭᠡᠵᠢᠭᠡ ᠬᠦᠷᠦᠭᠰᠡᠨ ᠡᠴᠡ ᠨᠢ ᠠᠩᠴᠢᠨᠵᠠᠪ ᠪᠢᠰᠢ ᠭᠡᠵᠦ ᠲᠠᠨᠢᠭᠳᠠᠨ᠎ᠠ᠃ ᠠᠩᠴᠢᠨᠵᠠᠪ ᠮᠠᠨᠵᠤ ᠶ᠋ᠢᠨ ᠱᠤᠲᠤᠩ ᠭᠡᠵᠢᠭᠡ ᠬᠦᠷᠦᠵᠦ ᠪᠣᠭᠣᠳᠠᠭ ᠦᠭᠡᠢ ᠠᠵᠢᠷᠭᠠᠨ ᠤ᠋ ᠬᠤᠷ ᠳᠡᠯ ᠰᠢᠭ ᠭᠡᠵᠢᠭᠡ ᠪᠡᠨ ᠳᠠᠯᠤ ᠮᠥᠷᠥ ᠤᠷᠤᠭᠤ ᠪᠠᠨ ᠰᠠᠳᠠᠷᠠᠭᠤᠯᠤᠨ ᠬᠡᠢᠰᠬᠡᠭᠰᠡᠨ ᠨᠢ ᠪᠠᠰᠠ ᠴᠤ᠌ ᠡᠷ᠎ᠡ ᠶ᠋ᠢᠨ ᠬᠡᠢᠮᠣᠷᠢ ᠲᠠᠢ ᠰᠢᠭ᠋ ᠲᠡᠭᠦᠨ ᠳ᠋ᠦ᠍ ᠬᠠᠢᠷᠠᠯᠠᠭᠳᠠᠵᠤ ᠰᠠᠨᠠᠭᠳᠠᠳᠠᠭ ᠢ᠋ ᠶᠠᠭᠠᠬᠢᠬᠤ ᠪᠣᠢ! ᠬᠥᠮᠦᠰ ᠲᠡᠭᠦᠨ ᠢ᠋《 ᠠᠵᠢᠷᠭᠠᠨ ᠬᠠᠷ᠎ᠠ》 ᠭᠡᠵᠦ ᠬᠣᠴᠢᠯᠠᠳᠠᠭ ᠨᠢ᠁ ᠭᠡᠵᠦ ᠰᠡᠷᠭᠦᠮ᠎ᠡ ᠲᠡᠷᠡ ᠠᠳᠤᠭᠤ ᠭᠡᠯᠢᠭᠰᠡᠨ ᠡᠷ᠎ᠡ ᠶ᠋ᠢ ᠠᠩᠴᠢᠨᠵᠠᠪ ᠲᠠᠢ ᠦᠯᠢᠳᠬᠡᠵᠦ᠂ ᠰᠢᠳᠢᠲᠦ ᠦᠯᠢᠭᠡᠷ ᠦ᠋ᠨ ᠬᠤᠪᠢᠯᠤᠯ ᠢ᠋ᠶ᠋ᠠᠷ ᠴᠢ ᠮᠢᠨᠢ ᠨᠠᠳᠠ ᠳᠡᠭᠡᠷ᠎ᠡ ᠠᠳᠤᠭᠤ ᠲᠠᠢ ᠪᠠᠨ ᠢᠷᠡᠵᠦ ᠶᠠᠪᠤᠭ᠎ᠠ ᠤᠤ᠁ ᠭᠡᠵᠦ ᠬᠡᠢᠰᠪᠦᠷᠢᠯᠡᠨ ᠪᠣᠳᠣᠭᠰᠠᠨ ᠳ᠋ᠠᠭᠠᠨ ᠨᠢᠭᠤᠷ ᠨᠢ ᠨᠢᠯᠴᠢᠭᠢᠨᠡᠪᠡ᠃  
       ᠠᠳᠤᠭᠤᠨ ᠤ᠋ ᠵᠠᠯᠠᠨ ᠳᠡᠭᠡᠷ᠎ᠡ ᠤᠨᠠᠭ᠎ᠠ ᠰᠡᠷᠡᠪᠡ ᠵᠡᠯᠡᠯᠡᠵᠦ ᠨᠣᠶᠠᠨ ᠰᠠᠩ ᠤ᠋ᠨ ᠠᠳᠤᠭᠤᠴᠢᠨ ᠭᠣᠩᠴᠤᠭᠷᠠᠬᠸ᠎ᠠ ᠭᠡᠭᠦᠦ ᠰᠠᠭᠠᠵᠤ ᠮᠤᠩᠭᠠᠨᠢᠨ᠎ᠠ᠃ ᠪᠠᠢᠨ ᠪᠠᠢᠰᠬᠢᠭᠡᠳ《 ᠭᠦᠦᠷ! ᠭᠦᠦᠷ》 ᠭᠡᠵᠦ ᠭᠡᠭᠦᠦ ᠢᠪᠢᠯᠭᠡᠨ ᠭᠡᠭᠦᠦ ᠶ᠋ᠢᠨ ᠪᠣᠷᠪᠢᠨ ᠳ᠋ᠤ᠌ ᠰᠠᠭᠤᠭᠠᠳ ᠭᠡᠭᠦᠦ ᠰᠠᠭᠠᠵᠤ ᠪᠠᠢᠭ᠎ᠠ ᠶ᠋ᠢ ᠬᠣᠯᠠ ᠠ᠋ᠴᠠ ᠱᠣᠬᠣᠭᠣᠷᠬᠠᠵᠤ ᠵᠣᠭᠰᠣᠭᠰᠠᠨ ᠪᠠᠭ᠎ᠠ ᠬᠠᠲᠤᠨ ᠣᠢᠷᠠᠳᠴᠤ ᠢᠷᠡᠭᠡᠳ᠄ 
      — ᠠᠳᠤᠭᠤᠴᠢ ᠠ᠋᠂ ᠠᠯᠢᠵᠢ①᠂ ᠪᠢ ᠨᠢᠭᠡ ᠰᠠᠭᠠᠵᠤ ᠦᠵᠡᠬᠦ ᠶᠤᠮᠰᠠᠨ ᠭᠡᠪᠡ᠃ 
      — ᠶᠠᠭᠤ ᠬᠢᠬᠦ ᠪᠣᠢ ᠳᠠ᠂ ᠬᠠᠲᠤᠨ ᠭᠤᠸᠠᠢ! ᠬᠤᠪᠴᠠᠰᠤ ᠬᠤᠨᠠᠷ ᠲᠤ ᠴᠢᠨᠢ ᠰᠦ ᠳᠦᠰᠦᠷᠦᠨ᠎ᠡ ᠁  
      — ᠶᠠᠭᠤ ᠬᠠᠮᠢᠶ᠎ᠠ ᠪᠣᠢ! ᠭᠡᠳ ᠬᠠᠲᠤᠨ ᠢ᠋ ᠰᠢᠭᠤᠳᠬᠤ ᠳ᠋ᠤ᠌᠄ 
      — ᠦᠭᠡᠢ᠂ ᠭᠡᠭᠦᠦ ᠨᠦ᠍ᠭᠦᠳ ᠬᠦᠨᠡᠢᠷᠬᠡᠬᠦ ᠮᠠᠭᠠᠳ ᠦᠭᠡᠢ ᠭᠡᠵᠦ ᠭᠣᠩᠴᠤᠭᠷᠠᠬᠸ᠎ᠠ ᠬᠠᠯᠢᠭᠤᠭᠴᠢ ᠭᠡᠭᠦᠦ ᠶ᠋ᠢ ᠰᠣᠩᠭᠣᠵᠤ ᠭᠤᠶ᠎ᠠ ᠪᠠᠷ ᠨᠢ ᠲᠤᠰᠢᠭᠠᠳ ᠬᠠᠲᠤᠨ ᠳ᠋ᠤ᠌ ᠠᠭᠠᠷᠤ ᠬᠥᠨᠥᠭ ᠢ᠋ᠶ᠋ᠡᠨ ᠥᠭᠬᠦ ᠳ᠋ᠦ᠍ ᠪᠠᠭ᠎ᠠ ᠬᠠᠲᠤᠨ ᠮᠠᠰᠢ ᠰᠤᠷᠮᠠᠭᠠᠢ ᠰᠠᠭᠠᠵᠤ ᠪᠠᠢᠭ᠎ᠠ ᠶ᠋ᠢ ᠬᠠᠷᠠᠭᠠᠳ ᠠᠳᠤᠭᠤᠴᠢ ᠭᠣᠩᠴᠤᠭᠷᠠᠬᠠᠸ᠎ᠠ ᠭᠠᠢᠬᠠᠨ᠎ᠠ᠃ 
      — ᠬᠠᠲᠤᠨ ᠲᠠ ᠭᠡᠭᠦᠦ ᠰᠠᠭᠠᠵᠤ ᠪᠠᠢᠭᠰᠠᠨ ᠤᠤ? ᠭᠡᠵᠦ ᠶᠡᠬᠡᠳᠡ ᠰᠣᠨᠢᠭᠤᠴᠢᠯᠠᠨ ᠠᠰᠠᠭᠤᠭᠰᠠᠨ ᠳ᠋ᠤ᠌ ᠪᠠᠭ᠎ᠠ ᠬᠠᠲᠤᠨ᠄ 
      — ᠭᠡᠭᠦᠦ ᠰᠠᠭᠠᠳᠠᠭ ᠪᠠᠢᠭᠰᠠᠨ ᠠ᠋! ᠭᠡᠳ ᠬᠣᠭᠣᠯᠠᠢ ᠨᠢ ᠴᠡᠴᠡᠷᠡᠭᠰᠡᠨ ᠢ᠋ ᠭᠣᠩᠴᠤᠭᠷᠠᠬᠠᠸ᠎ᠠ ᠣᠯᠵᠤ ᠮᠡᠳᠡᠭᠰᠡᠨ ᠦᠭᠡᠢ᠃ 
       ᠰᠡᠷᠭᠦᠮ᠎ᠡ ᠬᠠᠷᠠᠬᠠᠨ ᠪᠠᠭ᠎ᠠ ᠠ᠋ᠴᠠ ᠪᠠᠨ ᠰᠡᠴᠡᠨ ᠰᠡᠷᠭᠦᠯᠡᠩ᠂ ᠶᠠᠭᠤᠮ᠎ᠠ ᠰᠤᠷᠬᠤᠢ ᠳ᠋ᠤ᠌ ᠪᠠᠬᠠᠲᠠᠢ᠂ ᠠᠵᠢ ᠬᠢᠬᠦ ᠳ᠋ᠦ᠍ ᠲᠤᠭᠤᠰᠢᠲᠠᠢ ᠪᠠᠢᠳᠠᠭ᠃ ᠲᠡᠷᠡ ᠪᠠᠷ ᠬᠡᠳᠦᠢ ᠪᠠᠶᠠᠨ ᠲᠠᠷᠭᠤᠨ ᠠᠢᠯ ᠳ᠋ᠤ᠌ ᠥᠰᠦᠭᠰᠡᠨ ᠪᠣᠯᠪᠠᠴᠤ ᠬᠠᠷ᠎ᠠ ᠠᠵᠢᠯ ᠤ᠋ᠨ ᠬᠥᠮᠦᠰ ᠲᠡᠢ ᠬᠠᠮᠲᠤ ᠠᠵᠢᠯ ᠬᠢᠵᠦ ᠬᠠᠮᠢᠶ᠎ᠠ ᠨᠠᠮᠢᠶ᠎ᠠ ᠦᠭᠡᠢ ᠶᠠᠪᠤᠯᠴᠠᠳᠠᠭ ᠪᠠᠢᠪᠠ᠃ ᠬᠣᠨᠢ ᠬᠢᠷᠭᠠᠬᠤ᠂ ᠠᠳᠤᠭᠤ ᠳᠡᠯᠯᠡᠬᠦ᠂ ᠤᠨᠠᠭ᠎ᠠ ᠵᠡᠯᠡᠯᠡᠵᠦ ᠭᠡᠭᠦᠦ ᠰᠠᠭᠠᠬᠤ ᠬᠦᠷᠲᠡᠯ᠎ᠡ ᠬᠠᠮ ᠳᠠᠮ ᠪᠣᠯᠵᠤ ᠬᠢᠳᠡᠭ ᠲᠦ᠋ᠨᠢ ᠬᠥᠮᠦᠰ ᠲᠡᠭᠦᠨ ᠢ᠋ ᠪᠠᠬᠠᠷᠬᠠᠳᠠᠭ ᠰᠠᠨ᠃ 
       ᠨᠢᠭᠡ ᠡᠳᠦᠷ ᠲᠡᠳᠡᠨ ᠦ᠌ ᠳ᠋ᠦ᠍《 ᠠᠵᠢᠷᠭᠠᠨ ᠬᠠᠷ᠎ᠠ》 ᠭᠡᠳᠡᠭ ᠠᠳᠤᠭᠤᠴᠢᠨ ᠬᠦᠦ ᠢᠷᠡᠵᠦ ᠠᠳᠤᠭᠤ ᠬᠠᠷᠢᠭᠤᠯᠬᠤ ᠪᠣᠯᠤᠭᠰᠠᠨ ᠪᠠᠢᠯ᠎ᠠ᠃ ᠰᠣᠨᠣᠰᠬᠤᠯ᠎ᠠ ᠡᠨᠡ《 ᠠᠵᠢᠷᠭᠠᠨ ᠬᠠᠷ᠎ᠠ》 ᠭᠡᠳᠡᠭ ᠵᠠᠯᠠᠭᠤ ᠲᠡᠳᠡᠨ ᠦ᠌ ᠠᠳᠤᠭᠤᠨ ᠰᠦᠷᠦᠭ ᠦ᠋ᠨ ᠣᠩᠭᠣᠨ ᠬᠠᠷ᠎ᠠ ᠠᠵᠢᠷᠭ᠎ᠠ ᠶ᠋ᠢ ᠪᠠᠷᠢᠵᠤ ᠪᠣᠷᠳᠣᠬᠤᠢ ᠶ᠋ᠢᠨ ᠸᠠᠩ ᠰᠣᠬᠣᠷ ᠤ᠋ᠨ ᠡᠮᠦᠨ᠎ᠡ ᠡᠴᠡ ᠲᠡᠭᠦᠨ ᠦ᠌ ᠡᠴᠢᠭᠡ ᠳᠡᠯᠡᠳ ᠬᠦᠩ ᠦ᠋ᠨ ᠣᠢᠷᠦᠪ ᠪᠠᠶᠠᠨ ᠢ᠋ ᠬᠣᠷᠣᠰᠬᠠᠵᠤ ᠬᠠᠶᠠᠭᠰᠠᠨ ᠭᠡᠨ᠎ᠡ᠃ ᠡᠷ᠎ᠡ ᠶ᠋ᠢᠨ ᠬᠠᠲᠠᠭᠤ ᠬᠣᠨᠵᠢᠪᠤᠷᠢᠲᠤ ᠮᠥᠷᠥᠢ ᠳ᠋ᠦ᠍ ᠣᠢᠷᠦᠪ ᠪᠠᠶᠠᠨ ᠸᠠᠩ ᠰᠣᠬᠣᠷ ᠲᠤ ᠱᠦᠭᠦᠭᠳᠡᠵᠦ᠂ ᠣᠩᠭᠣᠨ ᠬᠠᠷ᠎ᠠ ᠠᠵᠢᠷᠭ᠎ᠠ ᠳᠡᠭᠡᠷ᠎ᠡ ᠬᠣᠷᠢᠨ ᠰᠠᠢᠨ ᠠᠭᠲᠠ ᠠᠯᠳᠠᠵᠤ ᠲᠠᠭᠤᠭᠰᠠᠨ ᠳ᠋ᠠᠭᠠᠨ《 ᠡᠳ᠋ ᠥᠪ ᠢ᠋ᠶ᠋ᠡᠨ ᠱᠦᠭᠦᠭᠳᠡᠵᠦ᠂ ᠡᠷ᠎ᠡ ᠨᠡᠷ᠎ᠡ ᠪᠡᠨ ᠪᠠᠷᠠᠭᠰᠠᠨ》 ᠭᠡᠵᠦ ᠰᠡᠳᠬᠢᠯ ᠬᠠᠷᠠᠭᠤᠰᠤᠨ ᠸᠠᠩ ᠰᠣᠬᠣᠷ ᠢ᠋ ᠵᠠᠨᠤᠨ ᠬᠣᠷᠣᠰᠤᠨ᠎ᠠ᠃ ᠲᠡᠭᠡᠭᠡᠳ ᠲᠡᠷᠡ《 ᠠᠵᠢᠷᠭᠠᠨ ᠬᠠᠷ᠎ᠠ》 ᠭᠡᠵᠦ ᠬᠣᠴᠢᠯᠠᠭᠳᠠᠭᠰᠠᠨ ᠰᠠᠢᠨ ᠡᠷ᠎ᠡ ᠶ᠋ᠢ ᠠᠳᠤᠭᠤᠴᠢᠨ ᠢ᠋ᠶ᠋ᠠᠨ ᠪᠣᠯᠭᠠᠬᠤ ᠪᠠᠷ ᠣᠷᠣᠯᠳᠣᠵᠠᠢ᠃ ᠡᠴᠦᠰ ᠲᠡᠭᠡᠨ ᠣᠢᠷᠦᠪ ᠪᠠᠶᠠᠨ ᠸᠠᠩ ᠰᠣᠬᠣᠷ ᠲᠤ ᠨᠠᠶᠠᠨ ᠴᠢᠩ ᠭᠠᠵᠠᠷ ᠳᠡᠭᠡᠰᠦᠯᠡᠵᠦ ᠥᠭᠭᠦᠭᠡᠳ《 ᠠᠵᠢᠷᠭᠠᠨ ᠬᠠᠷ᠎ᠠ》 ᠬᠦᠦ ᠪᠡᠷ ᠠᠳᠤᠭᠤᠴᠢᠨ ᠢ᠋ᠶ᠋ᠠᠨ ᠪᠣᠯᠭᠠᠵᠠᠢ᠃ 
       ᠰᠡᠷᠭᠦᠮ᠎ᠡ ᠡᠳᠦᠷ ᠡᠳᠦᠷ《 ᠠᠵᠢᠷᠭᠠᠨ ᠬᠠᠷ᠎ᠠ》 ᠳ᠋ᠤ᠌ ᠬᠠᠮᠵᠢᠵᠤ ᠤᠨᠠᠭ᠎ᠠ ᠵᠡᠯᠡᠯᠡᠨ ᠭᠡᠭᠦᠦ ᠰᠠᠭᠠᠵᠤ᠂ ᠴᠡᠭᠡ ᠢᠰᠬᠡᠬᠦ ᠳ᠋ᠦ᠍ ᠬᠠᠮᠵᠢᠯᠴᠠᠨ᠎ᠠ᠃  
     《 ᠡᠨᠡ< ᠠᠵᠢᠷᠭᠠᠨ ᠬᠠᠷ᠎ᠠ> ᠬᠦᠦ ᠬᠣᠵᠢᠮ ᠰᠢᠨᠳᠠᠰᠤ ᠲᠠᠢ ᠡᠷ᠎ᠡ ᠪᠣᠯᠬᠤ ᠨᠢ ᠠ᠋! ᠬᠥᠮᠦᠨ ᠪᠣᠯᠬᠤ ᠪᠠᠭ᠎ᠠ ᠠ᠋ᠴᠠ ᠪᠠᠨ᠂ ᠬᠦᠯᠦᠭ ᠪᠣᠯᠬᠤ ᠤᠨᠠᠭᠠᠨ ᠠ᠋ᠴᠠ ᠪᠠᠨ ᠭᠡᠳᠡᠭ ᠨᠢ ᠣᠷᠣ ᠲᠠᠢ ᠦᠭᠡ᠁》 ᠭᠡᠵᠦ ᠲᠡᠭᠦᠨ ᠦ᠌ ᠡᠴᠢᠭᠡ ᠣᠢᠷᠦᠪ ᠪᠠᠶᠠᠨ ᠲᠡᠷᠡ《 ᠠᠵᠢᠷᠭᠠᠨ ᠬᠠᠷ᠎ᠠ》 ᠶ᠋ᠢ ᠨᠢᠭᠡ ᠪᠢᠰᠢ ᠤᠳᠠᠭ᠎ᠠ ᠪᠤᠰᠤᠳ ᠤ᠋ᠨ ᠡᠮᠦᠨ᠎ᠡ ᠮᠠᠭᠲᠠᠵᠤ ᠪᠠᠢᠭᠰᠠᠨ ᠢ᠋ ᠰᠠᠨᠠᠵᠤ ᠡᠴᠢᠭᠡ ᠶ᠋ᠢᠨ ᠡᠨᠡ ᠮᠠᠭᠲᠠᠭᠠᠯ ᠦᠭᠡ ᠶ᠋ᠢ ᠡᠭᠡᠭᠡ ᠯᠡ ᠲᠡᠭᠦᠨ ᠢ᠋《 ᠠᠵᠢᠷᠭᠠᠨ ᠬᠠᠷ᠎ᠠ》 ᠬᠦᠦ ᠲᠡᠢ ᠢᠵᠢᠯᠰᠢᠬᠦ ᠵᠠᠢ ᠶ᠋ᠢ ᠣᠢᠷᠠᠲᠤᠭᠤᠯᠤᠭᠰᠠᠨ ᠮᠡᠲᠦ ᠵᠣᠷᠢᠭ ᠣᠷᠣᠭᠤᠯᠤᠨ᠎ᠠ᠃ ᠭᠠᠭᠴᠠ ᠡᠬᠡ ᠶ᠋ᠢᠨ ᠭᠢᠷᠠᠬᠠᠢ ᠨᠢᠳᠦ ᠬᠠᠯᠠᠲᠠᠢ ᠦᠭᠡ ᠬᠠ ᠶᠠ ᠦᠭᠡᠢ ᠴᠢᠬᠢ ᠬᠠᠳᠬᠤᠵᠤ《 ᠬᠡᠦᠬᠡᠨ ᠥᠬᠢᠨ ᠬᠥᠮᠦᠨ ᠤᠪ ᠱᠣᠪ ᠲᠠᠢ ᠪᠠᠢ᠂ ᠳᠠᠩᠴᠤ ᠰᠡᠷᠲᠡᠭᠡᠨᠡᠭᠡᠳ᠁ ᠪᠢᠲᠡᠭᠡᠢ ᠲᠡᠷᠡ<ᠠᠵᠢᠷᠭᠠᠨ ᠬᠠᠢᠷ᠎ᠠ> ᠭᠡᠳᠡᠭ ᠭᠤᠢᠷᠠᠨᠴᠢ ᠶ᠋ᠢᠨ ᠳᠣᠩᠭᠣᠰᠬᠤ ᠶ᠋ᠢ ᠰᠣᠨᠣᠰ!》 ᠭᠡᠳᠡᠭ ᠨᠢ ᠲᠡᠭᠦᠨ ᠳ᠋ᠦ᠍ ᠲᠡᠭᠡᠭᠡᠷ᠎ᠡ ᠲᠡᠢ ᠮᠡᠲᠦ ᠰᠠᠨᠠᠭᠳᠠᠵᠠᠢ᠃  
       ᠡᠳᠦᠷ ᠦ᠋ᠨ ᠤᠳᠠᠭᠠᠨ ᠳ᠋ᠤ᠌ ᠰᠡᠷᠭᠦᠮ᠎ᠡ《 ᠠᠵᠢᠷᠭᠠᠨ ᠬᠠᠷ᠎ᠠ》 ᠬᠦᠦ ᠳ᠋ᠦ᠍ ᠬᠠᠢᠷ᠎ᠠ ᠡᠭᠦᠰᠪᠡ᠃ ᠲᠡᠭᠦᠨ ᠦ᠌ ᠳᠦᠷᠢ ᠲᠥᠷᠬᠦ ᠨᠢ ᠰᠡᠷᠭᠦᠮ᠎ᠡ ᠶ᠋ᠢᠨ ᠰᠡᠳᠬᠢᠯ ᠳ᠋ᠦ᠍ ᠤᠨᠲᠠᠷᠠᠰᠢ ᠦᠭᠡᠢ ᠵᠤᠯᠠ ᠮᠡᠲᠦ ᠠᠮᠢᠯᠠᠨ ᠬᠡᠷᠡᠯᠳᠦᠵᠦ ᠡᠳᠦᠷ ᠲᠤᠵᠢ ᠪᠠᠷ᠎ᠠ ᠶ᠋ᠢ ᠨᠢ ᠣᠯᠵᠤ ᠬᠠᠷᠠᠬᠤ ᠦᠭᠡᠢ ᠪᠣᠯ ᠶᠠᠭᠤ ᠨᠢᠭᠡ ᠳᠤᠲᠠᠭᠳᠠᠬᠤ ᠰᠢᠭ᠋ ᠲᠡᠭᠦᠨ ᠢ᠋ ᠵᠣᠪᠠᠭᠠᠬᠤ ᠪᠣᠯᠪᠠ᠃ 
      ᠨᠢᠭᠡ ᠤᠳᠠᠭ᠎ᠠ ᠳᠡᠯᠡᠳ ᠬᠦᠩ ᠨᠣᠶᠠᠨ ᠡᠵᠢ ᠶ᠋ᠢᠨ ᠢ᠋ᠶ᠋ᠡᠨ ᠨᠠᠶᠠᠨ ᠨᠢᠭᠡᠨ ᠨᠠᠰᠤᠨ ᠤ᠋ ᠪᠠᠶᠠᠷ ᠲᠤ ᠵᠣᠷᠢᠭᠤᠯᠤᠨ ᠵᠠᠭᠤ ᠬᠣᠷᠢᠨ ᠨᠠᠢ᠍ᠮᠠᠨ ᠪᠥᠬᠡ ᠪᠠᠷᠢᠯᠳᠤᠭᠤᠯᠵᠤ᠂ ᠬᠤᠷᠳᠤᠨ ᠮᠣᠷᠢ᠂ ᠵᠢᠷᠣᠭ᠎ᠠ ᠮᠣᠷᠢᠨ ᠤ᠋ ᠤᠷᠤᠯᠳᠤᠭᠠᠨ᠂ ᠰᠤᠷ ᠬᠠᠷᠪᠤᠯᠲᠠ ᠵᠡᠷᠭᠡ ᠡᠷ᠎ᠡ ᠶ᠋ᠢᠨ ᠭᠤᠷᠪᠠᠨ ᠨᠠᠭᠠᠳᠤᠮ ᠨᠠᠭᠠᠳᠪᠠ᠃ 
       ᠶᠡᠬᠡ ᠵᠣᠣ ᠶ᠋ᠢᠨ ᠴᠢᠭᠤᠯᠭᠠᠨ ᠤ᠋ ᠣᠲᠣᠭ᠂ ᠦᠦᠰᠢᠨ᠂ ᠵᠦᠩᠭᠠᠷ᠂ ᠬᠠᠩᠭᠢᠨ ᠬᠣᠰᠢᠭᠤᠳ ᠠ᠋ᠴᠠ ᠰᠠᠢᠨ ᠪᠥᠬᠡᠴᠦᠳ ᠢᠷᠡᠭᠰᠡᠨ ᠪᠥᠭᠡᠳ ᠤᠷᠠᠳ ᠤ᠋ᠨ ᠭᠤᠷᠪᠠᠨ ᠬᠦᠩ ᠡᠴᠡ ᠴᠦ᠍ ᠪᠥᠬᠡ ᠢᠷᠡᠯᠴᠡᠪᠡ᠃ 
      ᠵᠦᠭ ᠵᠦᠭ ᠡᠴᠡ ᠰᠠᠢᠨ ᠪᠥᠬᠡᠴᠦᠳ ᠲᠤ ᠬᠤᠰᠤᠭ᠎ᠠ ᠪᠥᠬᠡ᠂ ᠠᠴᠢᠶ᠎ᠠ ᠪᠥᠬᠡ᠂ ᠬᠥᠨᠲᠥᠷᠦᠭᠡ ᠪᠥᠬᠡ᠂ ᠬᠣᠮᠨᠣᠭ᠎ᠠ ᠪᠥᠬᠡ᠂ ᠬᠠᠪᠰᠤᠷᠤᠭ᠎ᠠ ᠪᠥᠬᠡ ᠪᠠᠢᠵᠤ᠂ ᠲᠡᠷᠡᠴᠢᠯᠡᠨ ᠨᠤᠭᠤᠰᠤᠯᠤᠭ᠎ᠠ᠂ ᠡᠭᠦᠷᠦᠭᠡ᠂ ᠭᠠᠨᠵᠤᠭᠠᠯᠠᠭ᠎ᠠ᠂ ᠲᠠᠲᠠᠭ᠎ᠠ᠂ ᠤᠶᠠᠭ᠎ᠠ ᠵᠡᠷᠭᠡ ᠶᠠᠩᠵᠤ ᠶᠠᠩᠵᠤ ᠶ᠋ᠢᠨ ᠤᠷ᠎ᠠ ᠮᠡᠷᠭᠡᠵᠢᠯ ᠲᠡᠢ ᠪᠡᠨ ᠬᠥᠮᠦᠨ ᠳ᠋ᠦ᠍ ᠮᠡᠳᠡᠭᠦᠯᠵᠦ ᠪᠠᠢᠨ᠎ᠠ᠃ 
       ᠠᠩᠴᠢᠨᠵᠠᠪ᠂ ᠪᠥᠬᠡ ᠶ᠋ᠢᠨ ᠨᠤᠭᠤᠯᠤᠭ᠎ᠠ ᠪᠣᠯᠭᠠᠨ ᠳ᠋ᠤ᠌ ᠬᠠᠲᠠᠭᠤ ᠲᠡᠭᠡᠭᠡᠷ᠎ᠡ ᠲᠡᠢ ᠪᠥᠬᠡ ᠶ᠋ᠢ ᠬᠠᠶᠠᠵᠤ ᠳᠡᠭᠡᠷ᠎ᠡ ᠨᠠᠢ᠍ᠮᠠ ᠳ᠋ᠤ᠌ ᠰᠢᠯᠭᠠᠷᠠᠪᠠ᠃ ᠪᠥᠬᠡ ᠶ᠋ᠢᠨ ᠵᠠᠪᠰᠠᠷ ᠲᠤ ᠠᠩᠴᠢᠨᠵᠠᠪ ᠢ᠋ ᠠᠷᠤ ᠠ᠋ᠴᠠ ᠨᠢ ᠨᠢᠭᠡ ᠬᠥᠮᠦᠨ《ᠭᠦᠰᠢ᠂ ᠨᠠᠭᠠᠰᠢ ᠢᠷ᠎ᠡ》 ᠭᠡᠵᠦ ᠰᠡᠮᠡᠬᠡᠷ ᠳᠠᠭᠤᠳᠠᠪᠠ᠃ ᠬᠠᠷᠠᠬᠤᠯ᠎ᠠ ᠨᠠᠭᠠᠳᠤᠮ ᠤ᠋ᠨ ᠬᠥᠲᠥᠴᠢ ᠨᠣᠶᠠᠨ ᠤ᠋ ᠨᠢᠭᠡ ᠪᠣᠯᠤᠯᠲᠠᠢ ᠳᠦᠯᠡᠢ ᠬᠥᠬᠡ ᠵᠢᠩᠰᠡ ᠲᠡᠢ᠂ ᠰᠣᠶᠣᠭ᠎ᠠ ᠰᠠᠬᠠᠯ ᠤ᠋ᠨ ᠢ᠋ᠶ᠋ᠠᠨ ᠬᠣᠶᠠᠷ ᠦᠵᠦᠭᠦᠷ ᠢ᠋ ᠵᠢᠷᠪᠢᠢᠯᠭᠡᠨ ᠶᠠᠩᠵᠤᠯᠠᠭᠰᠠᠨ ᠬᠢᠵᠢᠶᠡᠯ ᠡᠷ᠎ᠡ ᠲᠡᠭᠦᠨ ᠢ᠋ ᠳᠠᠭᠤᠳᠠᠭᠰᠠᠨ ᠪᠠᠢᠪᠠ᠃ 
      — ᠨᠡᠷ᠎ᠡ ᠬᠡᠨ ᠪᠣᠢ? 
      — ᠠᠩᠴᠢᠨᠵᠠᠪ᠃ 
      — ᠨᠤᠲᠤᠭ? 
      — ᠭᠣᠪᠢ ᠶ᠋ᠢᠨ ᠬᠢ! 
      — ᠭᠣᠪᠢ ᠶ᠋ᠢᠨ ᠬᠢ ᠭᠡᠳᠡᠭ ᠴᠢᠨᠢ⁈ 
      — ᠠᠷᠤ ᠭᠣᠪᠢ ᠶ᠋ᠢᠨ ᠬᠢ᠃ 
      — ᠤᠷᠠᠳ ᠤ᠋ᠨ ᠭᠤᠷᠪᠠᠨ ᠬᠦᠩ ᠦ᠋ᠨ ᠤᠤ? 
      — ᠲᠡᠢᠮᠦ ᠠ᠋᠃  
      — ᠴᠢ ᠲᠤᠰᠬᠠᠢ ᠨᠠᠭᠠᠳᠤᠮ ᠳ᠋ᠤ᠌ ᠶᠠᠪᠤᠵᠤ᠂ ᠪᠥᠬᠡ ᠲᠡᠩᠰᠡᠵᠦ ᠪᠠᠢᠭ᠎ᠠ ᠨᠢ ᠤᠤ? 
      — ᠲᠤᠰᠬᠠᠢ ᠨᠠᠭᠠᠳᠤᠮ ᠳ᠋ᠤ᠌ ᠨᠠᠷᠭᠢᠵᠤ ᠶᠠᠪᠤᠭ᠎ᠠ ᠪᠢᠰᠢ! ᠪᠢ ᠳᠡᠯᠡᠳ ᠬᠦᠩ ᠦ᠋ᠨ ᠣᠢᠷᠦᠪ ᠪᠠᠶᠠᠨ ᠤ᠋ ᠠᠳᠤᠭᠤᠴᠢ ᠬᠥᠮᠦᠨ᠃ ᠬᠦᠩ ᠨᠣᠶᠠᠨ ᠤ᠋ ᠨᠠᠰᠤᠲᠠᠢ ᠡᠵᠢ ᠶ᠋ᠢᠨ ᠨᠠᠰᠤᠨ ᠤ᠋ ᠪᠠᠶᠠᠷ ᠲᠤ ᠨᠠᠢᠷ ᠬᠥᠭ ᠨᠡᠮᠡᠷᠢᠯᠡᠬᠦ ᠭᠡᠵᠦ ᠪᠥᠬᠡ ᠶ᠋ᠢᠨ ᠨᠡᠷ᠎ᠡ ᠪᠡᠷ ᠨᠣᠴᠣᠯᠳᠤᠭᠰᠠᠨ ᠲᠡᠳᠦᠢ᠃ 
      — ᠵᠠ᠂ ᠮᠡᠳᠡᠯ᠎ᠡ᠃ ᠲᠡᠭᠡᠪᠡᠯ ᠴᠢ ᠴᠢᠨᠢ ᠮᠠᠨ ᠤ᠋ ᠣᠢᠷᠦᠪ ᠭᠤᠸᠠᠢ ᠶ᠋ᠢᠨ ᠠᠳᠤᠭᠤᠴᠢ《  ᠠᠵᠢᠷᠭᠠᠨ  ᠬᠠᠷ᠎ᠠ》 ᠭᠡᠭᠴᠢ ᠮᠥᠨ ᠪᠢᠵᠡ⁈  
      — ᠮᠥᠨ᠂ ᠪᠢ ᠮᠥᠨ! 
      — ᠵᠠ᠂ ᠲᠡᠢᠮᠦ ᠪᠣᠯ ᠰᠣᠨᠣᠰᠴᠤ ᠪᠠᠢᠭᠠᠷᠠᠢ᠃ ᠳᠡᠭᠡᠷ᠎ᠡ ᠳᠥᠷᠪᠡ ᠳ᠋ᠦ᠍ ᠪᠠᠷᠢᠯᠳᠤᠪᠠᠯ ᠬᠦᠩ ᠨᠣᠶᠠᠨ ᠤ᠋ ᠠᠪᠤᠷᠭᠤ ᠳ᠋ᠤ᠌ ᠪᠠᠭᠤᠵᠤ ᠥᠭᠭᠦᠭᠡᠷᠡᠢ᠃ ᠱᠠᠩ ᠤ᠋ᠨ ᠬᠦᠨᠳᠦ ᠪᠡᠷ ᠬᠦᠩ ᠨᠣᠶᠠᠨ ᠴᠢᠮᠠᠶ᠋ᠢ ᠭᠣᠮᠣᠳᠠᠭᠠᠬᠤ ᠪᠠᠷ ᠦᠭᠡᠢ᠂ ᠡᠰᠡ ᠲᠡᠭᠡᠪᠡᠯ᠁ ᠭᠡᠳ ᠲᠡᠷᠡ ᠬᠢᠵᠢᠶᠡᠯ ᠡᠷ᠎ᠡ ᠦᠭᠡ ᠪᠡᠨ ᠳᠤᠲᠠᠭᠤ ᠵᠣᠭᠰᠣᠵᠤ ᠠᠩᠴᠢᠨᠵᠠᠪ ᠤ᠋ᠨ ᠮᠥᠷᠥ ᠶ᠋ᠢ ᠲᠠᠪᠰᠢᠪᠠ᠃ 
      — ᠪᠢ ᠱᠠᠩ ᠤ᠋ᠨ ᠬᠦᠨᠳᠦ ᠳ᠋ᠦ᠍ ᠭᠣᠷᠢᠯᠠᠵᠤ ᠪᠠᠷᠢᠯᠳᠤᠭ᠎ᠠ ᠦᠭᠡᠢ! ᠰᠠᠢᠨ ᠡᠷ᠎ᠡ ᠶ᠋ᠢᠨ ᠰᠢᠨᠳᠠᠰᠤ ᠰᠢᠯᠭᠠᠵᠤ ᠪᠠᠷᠢᠯᠳᠤᠨ᠎ᠠ ᠭᠡᠵᠦ ᠲᠠᠰᠤ ᠬᠠᠷᠢᠭᠤᠯᠤᠭᠰᠠᠨ ᠳ᠋ᠤ᠌ ᠨᠥᠭᠦᠭᠡ ᠬᠢᠵᠢᠶᠡᠯ ᠡᠷ᠎ᠡ ᠳᠤᠷ᠎ᠠ ᠦᠭᠡᠢᠴᠡᠬᠦ ᠳ᠋ᠡᠭᠡᠨ《 ᠭᠡᠮ ᠨᠢ ᠡᠮᠦᠨ᠎ᠡ ᠪᠡᠨ ᠪᠣᠯ ᠭᠡᠮᠰᠢᠯ ᠨᠢ ᠬᠣᠢᠨ᠎ᠠ ᠪᠠᠨ》 ᠭᠡᠵᠦ ᠭᠣᠭᠴᠣᠭᠠᠲᠠᠢ ᠦᠭᠡ ᠬᠡᠯᠡᠭᠡᠳ ᠴᠠᠭᠠᠰᠢ ᠶᠠᠪᠤᠵᠤ ᠣᠳᠪᠠ᠃  
     ᠥᠨᠥᠬᠢ ᠰᠣᠶᠣᠭ᠎ᠠ ᠰᠠᠬᠠᠯ ᠲᠠᠢ ᠬᠢᠵᠢᠶᠡᠯ ᠡᠷ᠎ᠡ ᠶᠠᠪᠤᠵᠤ ᠨᠠᠢᠷ ᠤ᠋ᠨ ᠭᠣᠣᠯ ᠲᠠᠭᠲᠤ ᠳ᠋ᠤ᠌ ᠪᠥᠬᠡ ᠰᠣᠨᠢᠷᠬᠠᠵᠤ ᠰᠠᠭᠤᠭᠰᠠᠨ ᠳᠠᠯᠠᠳ ᠬᠦᠩ ᠦ᠋ᠨ ᠴᠢᠬᠢᠨ ᠳ᠋ᠦ᠍ ᠨᠢᠭᠡ ᠶᠠᠭᠤᠮ᠎ᠠ ᠰᠢᠪᠡᠨᠡᠨ᠎ᠡ᠃ ᠲᠡᠭᠡᠬᠦ ᠳ᠋ᠦ᠍ ᠬᠦᠩ ᠨᠣᠶᠠᠨ ᠤ᠋ ᠴᠢᠷᠠᠢ ᠪᠠᠷᠤᠢᠵᠤ ᠰᠠᠭᠤᠳᠠᠯ ᠤ᠋ᠨ ᠪᠠᠷᠠᠭᠤᠨ ᠰᠡᠵᠢᠭᠦᠷ ᠵᠠᠢ ᠠᠪᠴᠤ ᠰᠠᠭᠤᠭ᠎ᠠ ᠲᠤᠰᠠᠯᠠᠭᠴᠢ ᠣᠢᠷᠦᠪ ᠢ᠋ ᠮᠠᠭᠤᠬᠠᠢ ᠬᠠᠷᠠᠭᠰᠠᠨ ᠢ᠋ ᠣᠢᠷᠣᠪ ᠣᠢᠯᠠᠭᠠᠭᠰᠠᠨ ᠪᠠᠢᠯ᠎ᠠ᠃  
      ᠠᠩᠴᠢᠨᠵᠠᠪ ᠦᠦᠰᠢᠨ ᠦ᠌ ᠬᠣᠮᠨᠣᠭ᠎ᠠ ᠰᠢᠷ᠎ᠠ ᠶ᠋ᠢ ᠰᠣᠯᠣᠭᠠᠢ ᠲᠠᠯ᠎ᠠ ᠪᠠᠷ ᠢ᠋ᠶ᠋ᠠᠨ ᠬᠡᠢᠳᠡᠭᠦᠯᠦᠨ ᠬᠠᠪᠰᠤᠷᠴᠤ ᠬᠣᠮᠨᠣᠭ᠎ᠠ ᠰᠢᠷ᠎ᠠ ᠶ᠋ᠢᠨ ᠬᠦᠴᠦ ᠶ᠋ᠢ ᠵᠥᠪ ᠲᠠᠯ᠎ᠠ ᠶ᠋ᠢᠨ ᠬᠥᠯ ᠳ᠋ᠦ᠍ᠨᠢ ᠳᠡᠢᠯᠳᠡᠭᠦᠯᠦᠭᠰᠡᠨ ᠬᠣᠷᠣᠮᠬᠠᠨ᠎ᠠ ᠪᠤᠷᠤᠭᠤ ᠲᠠᠯ᠎ᠠ ᠪᠠᠷ ᠢ᠋ᠶ᠋ᠠᠨ ᠴᠣᠴᠢᠮᠠᠭ ᠲᠣᠩᠭᠣᠷᠠᠵᠤ ᠲᠡᠭᠦᠨ ᠢ᠋ ᠰᠤᠮᠠᠯ ᠲᠠᠢ ᠪᠤᠳᠠᠭ᠎ᠠ ᠰᠢᠭ᠋ ᠬᠠᠶᠠᠪᠠ᠃ 
      —《 ᠠᠵᠢᠷᠭᠠᠨ ᠬᠠᠷ᠎ᠠ》ᠴᠤ᠌ ᠳᠡᠳ᠋ ᠲᠡᠷᠢᠭᠦᠨ ᠪᠤᠯᠢᠶᠠᠯᠴᠠᠬᠤ ᠨᠢ ᠠ᠋! 
      — ᠠ᠂ ᠮᠥᠨ ᠰᠠᠢᠬᠠᠨ ᠪᠠᠷᠢᠯᠳᠤᠳᠠᠭ ᠰᠠᠢᠨ ᠡᠷ᠎ᠡ ᠶᠦᠮ!  
      — ᠭᠡᠲᠡᠯ᠎ᠡ ᠡᠨᠡ《 ᠠᠵᠢᠷᠭᠠᠨ ᠬᠠᠷ᠎ᠠ》 ᠶ᠋ᠢᠨ ᠨᠠᠰᠤ ᠪᠠᠭ᠎ᠠ ᠪᠠᠢᠨ᠎ᠠ ᠰᠢᠦ! ᠬᠣᠵᠢᠮ ᠰᠠᠢᠨ ᠪᠥᠬᠡ ᠪᠣᠯᠬᠤ ᠨᠢ ᠠ᠋ ᠭᠡᠵᠦ ᠨᠠᠭᠠᠳᠤᠮᠴᠢᠳ ᠠᠩᠴᠢᠨᠵᠠᠪ ᠢ᠋ ᠮᠠᠭᠲᠠᠵᠤ ᠱᠠᠭᠰᠢᠵᠠᠭᠠᠨ᠎ᠠ᠃ 
       ᠠᠩᠴᠢᠨᠵᠠᠪ ᠦᠨᠡᠬᠡᠷ ᠨᠠᠢᠷ ᠤ᠋ᠨ ᠪᠥᠬᠡ ᠶ᠋ᠢᠨ ᠳᠡᠳ᠋ ᠲᠡᠷᠢᠭᠦᠨ ᠢ᠋ ᠪᠤᠯᠢᠶᠠᠯᠴᠠᠬᠤ ᠡᠴᠦᠰ ᠦ᠋ᠨ ᠰᠢᠪᠲᠤᠷᠠᠭᠠᠨ ᠳ᠋ᠤ᠌ ᠣᠷᠣᠪᠠ᠃ ᠲᠡᠭᠡᠭᠡᠳ ᠳᠠᠯᠠᠳ ᠬᠦᠩ ᠦ᠋ᠨ ᠠᠪᠤᠷᠭᠤ ᠪᠥᠬᠡ ᠲᠡᠢ ᠲᠠᠭᠠᠷᠠᠯ᠎ᠠ᠃ ᠳᠡᠯᠡᠳ ᠬᠦᠩ ᠦ᠋ᠨ ᠠᠪᠤᠷᠭᠤ ᠪᠥᠬᠡ ᠭᠡᠭᠴᠢ ᠬᠡᠭᠵᠡᠢᠭᠰᠡᠨ ᠰᠢᠷᠦᠭᠦᠨ ᠬᠠᠷᠠᠴᠠ᠂ ᠲᠡᠮᠡᠭᠡ ᠰᠢᠭ ᠭᠣᠬᠢᠢᠭᠰᠠᠨ ᠪᠡᠶ᠎ᠡ᠂ ᠮᠥᠷᠥ ᠥᠷᠭᠡᠨ ᠲᠤᠷᠠᠩᠬᠠᠢ ᠪᠠᠢᠷᠢ ᠶ᠋ᠢᠨ ᠡᠷ᠎ᠡ ᠪᠠᠢᠪᠠ᠃ ᠲᠡᠭᠦᠨ ᠢ᠋ ᠲᠡᠮᠡᠭᠡ ᠴᠣᠭᠳᠤᠨ ᠭᠡᠳᠡᠭ᠃ ᠲᠡᠮᠡᠭᠡ ᠴᠣᠭᠳᠤᠨ ᠨᠠᠭᠠᠳᠤᠮ ᠴᠢᠭᠤᠯᠭ᠎ᠠ ᠳ᠋ᠤ᠌ ᠣᠯᠠᠨᠲᠠ ᠨᠠᠷᠭᠢᠵᠤ ᠪᠥᠬᠡ ᠪᠠᠷᠢᠯᠳᠤᠨ ᠳᠡᠭᠡᠷ᠎ᠡ ᠨᠠᠢ᠍ᠮᠠ᠂ ᠳᠥᠷᠪᠡ ᠳ᠋ᠦ᠍ ᠲᠠᠩᠳᠠ ᠰᠢᠯᠭᠠᠷᠠᠳᠠᠭ ᠰᠠᠢᠨ ᠪᠥᠬᠡ ᠶ᠋ᠢᠨ ᠨᠢᠭᠡ ᠪᠠᠢᠵᠠᠢ᠃  
       ᠬᠠᠰᠢᠷ ᠰᠠᠭᠤᠭᠰᠠᠨ ᠲᠡᠮᠡᠭᠡ ᠴᠣᠭᠳᠤᠨ ᠤ᠋ ᠪᠥᠬᠡ ᠶ᠋ᠢᠨ ᠠᠯᠬᠤᠳᠠᠯ ᠨᠠᠮᠪᠠ ᠨᠢ ᠴᠠᠭᠠᠨ᠎ᠠ ᠪᠠᠨ ᠣᠨᠳᠣᠣ ᠬᠠᠷᠠᠭᠳᠠᠵᠤ᠂ ᠣᠳᠣ ᠪᠠᠷᠢᠯᠳᠤᠬᠤ ᠭᠡᠵᠦ ᠪᠠᠢᠭ᠎ᠠ ᠥᠷᠢᠰᠦᠯᠳᠦᠭᠡᠨ ᠦ᠌ ᠬᠠᠷ᠎ᠠ ᠬᠦᠦ《 ᠠᠵᠢᠷᠭᠠᠨ ᠬᠠᠷ᠎ᠠ》 ᠶ᠋ᠢ ᠪᠠᠰᠤᠩᠭᠤᠢ ᠬᠠᠷᠠᠬᠤ ᠮᠥᠷᠲᠡᠭᠡᠨ ᠪᠠᠰᠠ ᠬᠢᠭᠳᠡᠴᠢᠬᠡᠬᠦ ᠡᠴᠡ ᠠᠶᠤᠵᠤ ᠬᠡᠷᠰᠡᠦᠯᠡᠵᠦ ᠪᠠᠢᠪᠠ᠃ ᠪᠠᠷᠢᠴᠠ ᠪᠤᠯᠢᠶᠠᠯᠳᠤᠬᠤ ᠠ᠋ᠴᠠ ᠲᠡᠷᠡ ᠲᠡᠮᠡᠭᠡ ᠰᠢᠭ ᠲᠤᠷᠠᠩᠬᠠᠢ ᠥᠨᠳᠥᠷ ᠡᠷ᠎ᠡ ᠶ᠋ᠢᠨ ᠭᠠᠷ ᠲᠠᠭᠠᠨ ᠲᠠᠷ ᠲᠠᠢ ᠭᠡᠳᠡᠭ ᠨᠢ ᠮᠡᠳᠡᠭᠳᠡᠨ᠎ᠡ᠃ 
     ᠲᠡᠮᠡᠭᠡ ᠴᠣᠭᠳᠤᠨ ᠬᠠᠰᠢᠷᠯᠠᠵᠤ ᠡᠪ ᠮᠠᠭᠤᠲᠠᠢ ᠪᠠᠷᠢᠴᠠ ᠪᠠᠨ ᠮᠤᠯᠲᠤᠯᠬᠤ ᠵᠠᠭᠤᠷ᠎ᠠ ᠪᠠᠨ ᠠᠩᠴᠢᠨᠵᠠᠪ ᠤ᠋ᠨ ᠥᠰᠥᠭᠡᠢ ᠶ᠋ᠢ ᠭᠡᠨᠡᠳᠲᠡ ᠴᠣᠬᠢᠭᠠᠳ ᠠᠪᠤᠪᠠ᠃  
     ᠪᠠᠷᠤᠭ ᠤ᠋ᠨ ᠪᠥᠬᠡ ᠲᠡᠮᠡᠭᠡ ᠴᠣᠭᠳᠤᠨ ᠤ᠋ ᠥᠰᠥᠭᠡᠢ ᠴᠣᠬᠢᠳᠠᠭ ᠬᠠᠪᠰᠤᠷᠤᠭ᠎ᠠ ᠳ᠋ᠤ᠌ ᠲᠡᠰᠳᠡᠭ ᠦᠭᠡᠢ ᠣᠢᠴᠢᠳᠠᠭ᠃ ᠠᠩᠴᠢᠨᠵᠠᠪ ᠠᠵᠢᠭ ᠴᠤ᠌ ᠦᠭᠡᠢ ᠲᠡᠰᠦᠭᠰᠡᠨ ᠳ᠋ᠦ᠍ ᠨᠥᠭᠦᠭᠡ ᠡᠲᠡᠭᠡᠳ ᠦ᠋ᠨ ᠢ᠋ᠶ᠋ᠡᠨ ᠵᠣᠷᠢᠭ ᠢ᠋ ᠮᠣᠬᠣᠭᠣᠪᠠ ᠪᠣᠯᠤᠯᠲᠠᠢ ᠳᠠᠬᠢᠵᠤ ᠰᠢᠷᠦᠭᠦᠨ ᠳᠠᠭᠠᠷᠢᠭᠰᠠᠨ ᠦᠭᠡᠢ ᠪᠠᠷᠢᠴᠠ ᠬᠣᠨᠵᠢᠬᠤ ᠶ᠋ᠢ ᠭᠣᠷᠢᠳᠠᠨ᠎ᠠ᠃ ᠨᠢᠭᠡ ᠬᠡᠰᠡᠭ ᠨᠣᠴᠣᠯᠳᠤᠭᠠᠳ ᠬᠡᠨ ᠬᠡᠨ ᠨᠢ ᠪᠠᠷᠢᠴᠠ ᠲᠠᠢᠯᠵᠤ ᠳᠡᠢᠯᠦᠭᠳᠡᠬᠦ ᠨᠢ ᠮᠡᠳᠡᠭᠳᠡᠭᠰᠡᠨ ᠦᠭᠡᠢ᠃ ᠪᠥᠬᠡ ᠶ᠋ᠢᠨ ᠨᠠᠢᠷ ᠤ᠋ᠨ ᠭᠣᠣᠯ ᠲᠠᠭᠲᠤ ᠠ᠋ᠴᠠ《< ᠠᠵᠢᠷᠭᠠᠨ ᠬᠠᠷ᠎ᠠ> ᠪᠠᠭᠤᠵᠤ ᠥᠭ!》 ᠭᠡᠵᠦ ᠥᠨᠥᠬᠢ ᠰᠣᠶᠣᠭ᠎ᠠ ᠰᠠᠬᠠᠯ ᠲᠠᠢ ᠬᠢᠵᠢᠶᠡᠯ ᠡᠷ᠎ᠡ ᠲᠦᠷᠦᠭᠦᠲᠡᠢ ᠬᠥᠮᠦᠰ ᠡᠨᠳᠡ ᠲᠡᠨᠳᠡ ᠬᠠᠰᠬᠢᠷᠤᠨ᠎ᠠ᠃ 
      一  ᠲᠡᠮᠡᠭᠡ ᠴᠣᠭᠳᠤᠨ ᠠ᠋᠂ ᠳᠤᠭᠲᠤᠷᠴᠤ ᠠᠪᠤᠭᠠᠳ ᠬᠠᠪᠰᠤᠷ! ᠵᠥᠪ ᠰᠣᠯᠣᠭᠠᠢ ᠦᠭᠡᠢ ᠬᠠᠪᠰᠤᠷ! ᠭᠡᠵᠦ ᠬᠡᠰᠡᠭ ᠬᠥᠮᠦᠰ ᠳᠡᠯᠡᠳ ᠬᠦᠩ ᠦ᠋ᠨ ᠢ᠋ᠶ᠋ᠡᠨ ᠪᠥᠬᠡ ᠶ᠋ᠢ ᠥᠮᠥᠭᠯᠡᠵᠦ ᠭᠠᠳᠠᠨ᠎ᠠ ᠶ᠋ᠢᠨ ᠪᠥᠬᠡ ᠶ᠋ᠢ ᠭᠠᠴᠠᠵᠤ ᠱᠤᠤᠭᠢᠯᠳᠤᠨ᠎ᠠ᠃  
     《᠁ ᠬᠠᠷᠢ ᠨᠤᠲᠤᠭ ᠤ᠋ᠨ ᠬᠥᠮᠦᠨ ᠦ᠌ ᠭᠠᠵᠠᠷ᠁ ᠬᠠᠷᠠᠴᠤ ᠪᠣᠭᠣᠯ ᠬᠡᠵᠢᠶ᠎ᠡ ᠪᠠᠶᠠᠳ ᠨᠣᠶᠠᠳ ᠤ᠋ᠨ ᠴᠠᠭᠠᠨ᠎ᠠ ᠭᠠᠷᠴᠤ ᠪᠠᠢᠪᠠ?! ᠬᠦᠦ ᠮᠢᠨᠢ ᠤᠬᠠᠭᠠᠨ ᠲᠠᠢ ᠬᠢ!》 ᠭᠡᠰᠡᠨ ᠣᠢᠷᠣᠪ ᠪᠠᠶᠠᠨ ᠤ᠋ ᠬᠡᠯᠡᠭᠰᠡᠨ ᠦᠭᠡ ᠲᠡᠭᠦᠨ ᠦ᠌ ᠴᠢᠬᠢᠨ ᠳ᠋ᠦ᠍ ᠬᠠᠩᠭᠢᠨᠠᠨ᠎ᠠ᠃  
       ᠠᠩᠴᠢᠨᠵᠪ ᠥᠨᠥᠬᠢ ᠳᠡᠯᠡᠳ ᠬᠦᠩ ᠦ᠋ᠨ ᠠᠪᠤᠷᠭᠤ ᠪᠥᠬᠡ ᠲᠡᠮᠡᠭᠡ ᠴᠣᠭᠳᠣᠨ ᠢ᠋ ᠵᠠᠭᠠᠮᠠᠳᠠᠵᠤ ᠬᠡᠢ ᠡᠷᠭᠢᠭᠦᠯᠵᠦ ᠬᠡᠳᠦ ᠬᠤᠷᠤᠢᠯᠳᠤᠭᠤᠯᠤᠭᠠᠳ ᠬᠣᠯᠠ ᠰᠢᠳᠡᠪᠡ᠃  
      一 ᠵᠠ᠂ ᠵᠣᠯᠢᠭ ᠴᠢᠨᠢ ᠬᠠᠶᠠᠭᠳᠠᠴᠢᠬᠠᠯ᠎ᠠ ᠳᠠ!  
      一 ᠡᠨᠡ《 ᠠᠵᠢᠷᠭᠠᠨ ᠬᠠᠷ᠎ᠠ》 ᠬᠠᠮᠢᠭᠠᠬᠢ ᠶ᠋ᠢᠨ ᠪᠥᠬᠡ ᠪᠣᠢ?!  
      一 ᠲᠡᠮᠡᠭᠡ ᠴᠣᠭᠳᠣᠨ ᠠ᠋! ᠲᠡᠮᠡᠭᠡ ᠴᠣᠭᠳᠤᠨ ᠠ᠋!᠁ ᠭᠡᠵᠦ ᠬᠥᠮᠦᠰ ᠬᠣᠰᠢᠭᠤ ᠬᠦᠩ ᠦ᠋ᠨ ᠬᠢᠨᠢ ᠪᠥᠬᠡ ᠭᠠᠳᠠᠨ᠎ᠠ ᠶ᠋ᠢᠨ ᠪᠥᠬᠡ ᠳ᠋ᠦ᠍ ᠬᠠᠶᠠᠭᠳᠠᠴᠢᠬᠠᠯ᠎ᠠ ᠭᠡᠵᠦ ᠠᠶᠠᠰ ᠲᠠᠢ ᠱᠤᠤᠭᠢᠯᠳᠤᠨ᠎ᠠ᠃ 
       ᠡᠨᠡ ᠦᠶ᠎ᠡ ᠳ᠋ᠦ᠍ ᠠᠩᠴᠢᠨᠵᠠᠪ ᠲᠡᠷᠡ ᠬᠦ᠌ ᠬᠡᠢ ᠳᠡᠭᠳᠡᠨ ᠬᠡᠢᠰᠦᠭᠰᠡᠨ ᠲᠡᠮᠡᠭᠡ ᠴᠣᠭᠳᠣᠨ ᠤ᠋ ᠬᠥᠰᠡᠷ ᠣᠢᠴᠢᠬᠤ ᠳ᠋ᠤᠨᠢ ᠵᠠᠪᠳᠤᠨ ᠳᠣᠣᠷ᠎ᠠ ᠨᠢ ᠲᠩᠷᠢ ᠬᠠᠷᠠᠨ ᠬᠡᠪᠲᠡᠵᠦ ᠲᠡᠭᠦᠨ ᠢ᠋ ᠣᠢᠴᠢᠭᠤᠯᠤᠯ ᠦᠭᠡᠢ ᠬᠣᠶᠠᠷ ᠭᠠᠷ ᠢ᠋ᠶ᠋ᠠᠷ ᠢ᠋ᠶ᠋ᠠᠨ ᠲᠣᠰᠴᠤ ᠠᠪᠤᠪᠠ᠃  
       ᠲᠡᠮᠡᠭᠡ ᠴᠣᠭᠳᠣᠨ ᠢᠯᠠᠭᠴᠢ ᠶ᠋ᠢᠨ ᠪᠠᠢᠷᠢ ᠪᠠᠷ ᠭᠣᠣᠯ ᠲᠠᠭᠲᠤ ᠶ᠋ᠢᠨ ᠲᠡᠢᠰᠢ ᠲᠠᠪᠢᠨ ᠲᠣᠭᠯᠠᠵᠤ ᠰᠢᠬᠢᠷ ᠪᠣᠭᠣᠷᠰᠣᠭ ᠤ᠋ᠨ ᠬᠡᠰᠢᠭ ᠠᠪᠴᠤ ᠳᠥᠷᠪᠡᠨ ᠵᠦᠭ ᠦ᠋ᠨ ᠨᠠᠭᠠᠳᠤᠮᠴᠢᠳ ᠲᠤ᠌ ᠠᠳᠢᠰ ᠰᠢᠲᠠᠨ᠎ᠠ᠃  
       ᠲᠡᠮᠡᠭᠡ ᠴᠣᠭᠳᠣᠨ ᠠᠩᠴᠢᠨᠵᠠᠪ ᠤ᠋ᠨ ᠳᠡᠷᠭᠡᠳᠡ ᠪᠤᠴᠠᠵᠤ ᠢᠷᠡᠭᠡᠳ᠄ 《ᠳᠡᠭᠦᠦ ᠮᠢᠨᠢ ᠰᠠᠢᠨ ᠪᠥᠬᠡ ᠪᠠᠢᠨ᠎ᠠ᠃ ᠥᠨᠥᠳᠥᠷ ᠴᠢ ᠦᠢ ᠣᠯᠠᠨ ᠨᠠᠭᠠᠳᠤᠮᠴᠢᠳ ᠪᠠ ᠰᠠᠢᠨ ᠡᠷ᠎ᠡ ᠶ᠋ᠢᠨ ᠰᠡᠳᠬᠢᠯ ᠳ᠋ᠦ᠍ ᠢᠯᠠᠭᠴᠢ ᠪᠥᠬᠡ ᠪᠡᠷ ᠲᠠᠨᠢᠭᠳᠠᠭᠰᠠᠨ ᠪᠣᠯ ᠪᠢ ᠵᠥᠪᠬᠡᠨ ᠳᠠᠯᠠᠳ ᠬᠦᠩ ᠦ᠋ᠨ ᠨᠣᠶᠠᠳ ᠢᠵᠠᠭᠤᠷᠲᠠᠳ ᠤ᠋ᠨ  ᠨᠢᠳᠦᠨ ᠳ᠋ᠦ᠍ ᠢᠯᠠᠭᠴᠢ ᠪᠥᠬᠡ ᠪᠡᠷ ᠦᠵᠡᠭᠳᠡᠭᠰᠡᠨ ᠪᠠᠢᠬ᠎ᠠ!  ᠵᠠᠯᠠᠭᠤ ᠬᠥᠮᠦᠨ ᠦ᠌ ᠵᠠᠮ ᠤ᠋ᠨ ᠬᠦᠵᠦᠭᠦᠦ ᠤᠷᠲᠤ ᠶᠤᠮ ᠠ᠋! ᠮᠢᠨᠦ ᠳᠡᠭᠦᠦ ᠰᠠᠢᠨ ᠪᠥᠬᠡ ᠪᠣᠯᠬᠤ ᠨᠢ ᠠ᠋! ᠭᠡᠵᠦ ᠮᠠᠩᠨᠠᠢ ᠳᠡᠭᠡᠷ᠎ᠡ ᠨᠢ ᠦᠨᠦᠰᠴᠦ ᠮᠥᠷᠥ ᠶ᠋ᠢ ᠨᠢ ᠳᠠᠪᠰᠢᠨ ᠤᠳᠬ᠎ᠠ ᠭᠦᠨ ᠦᠭᠡ ᠶᠠᠷᠢᠪᠠ᠃ 
        ᠨᠢᠭᠡ ᠮᠡᠳᠡᠬᠦ ᠳ᠋ᠦ᠍ ᠰᠡᠷᠭᠦᠮ᠎ᠡ ᠠᠩᠴᠢᠨᠵᠠᠪ ᠲᠠᠢ ᠰᠠᠯᠵᠤ ᠴᠢᠳᠠᠰᠢ ᠦᠭᠡᠢ ᠬᠠᠢᠷ᠎ᠠ ᠲᠠᠢ ᠪᠣᠯᠴᠢᠬᠠᠵᠠᠢ᠃ ᠡᠭᠦᠨ ᠡᠴᠡ ᠪᠣᠯᠤᠭᠠᠳ ᠵᠠᠷᠢᠮ ᠳ᠋ᠠᠭᠠᠨ ᠰᠡᠷᠭᠦᠮ᠎ᠡ ᠠᠩᠴᠢᠨᠵᠠᠪ ᠢ᠋ ᠬᠠᠪᠰᠤᠷᠴᠤ ᠠᠳᠤᠭᠤ ᠡᠷᠭᠢᠭᠦᠯᠬᠦ ᠭᠡᠳ ᠪᠠᠷ᠎ᠠ ᠰᠤᠷᠠᠭ ᠦᠭᠡᠢ ᠶᠠᠪᠤᠴᠢᠬᠠᠳᠠᠭ ᠪᠣᠯᠪᠠ᠃ ᠡᠭᠦᠨ ᠢ᠋ ᠨᠢ ᠣᠢᠷᠣᠪ ᠪᠠᠶᠠᠨ ᠠᠵᠢᠭ ᠮᠡᠳᠡᠭᠰᠡᠨ ᠪᠣᠯᠪᠠᠴᠤ ᠮᠡᠳᠡᠭᠰᠡᠨ ᠦᠭᠡᠢ ᠰᠢᠭ ᠶᠠᠪᠤᠵᠤ ᠳᠣᠲᠣᠷ᠎ᠠ ᠪᠠᠨ《 ᠥᠬᠢᠨ ᠮᠢᠨᠢ ᠡᠨᠡ ᠬᠠᠷ᠎ᠠ ᠬᠦᠦ ᠶ᠋ᠢ ᠲᠦᠰᠢᠬᠦ ᠨᠢ ᠵᠦᠢᠲᠡᠢ᠃ ᠰᠢᠨᠳᠠᠰᠤ ᠲᠠᠢ ᠰᠠᠢᠨ ᠡᠷ᠎ᠡ ᠶᠦᠮ ᠠ᠋᠂ ᠲᠠ ᠬᠣᠶᠠᠷ ᠲᠤ᠌ ᠥᠪ ᠬᠣᠭᠰᠢᠯ ᠢ᠋ᠶ᠋ᠠᠨ ᠦᠯᠡᠳᠡᠭᠡᠵᠦ ᠥᠭᠬᠦ ᠳ᠋ᠦ᠍ ᠰᠠᠨᠠᠭ᠎ᠠ ᠠᠮᠤᠷ》 ᠭᠡᠵᠦ ᠬᠡᠵᠢᠶᠡᠳᠡ ᠳᠣᠲᠣᠷ᠎ᠠ ᠪᠠᠨ ᠪᠣᠳᠣᠵᠤ ᠶᠠᠪᠤᠳᠠᠭ᠃ ᠭᠡᠲᠡᠯ᠎ᠡ ᠫᠣᠩᠰᠣᠭᠳᠤᠯᠮ᠎ᠠ ᠬᠥᠭᠰᠢᠨ ᠥᠬᠢᠨ ᠦ᠌ ᠪᠡᠨ ᠠᠩᠴᠢᠨᠵᠠᠪ ᠲᠠᠢ ᠶᠠᠪᠤᠯᠴᠠᠬᠤ ᠶ᠋ᠢ ᠲᠠᠰᠤ ᠬᠣᠷᠢᠵᠤ᠂ ᠵᠠᠪᠠᠯ ᠵᠡᠷᠭᠡ ᠵᠢᠩᠰᠡ ᠲᠡᠢ ᠤᠲᠤᠭ᠎ᠠ ᠵᠠᠯᠠᠭ᠎ᠠ ᠲᠠᠢ ᠬᠡᠷᠭᠡᠮᠲᠡᠨ ᠳ᠋ᠦ᠍ ᠥᠬᠢᠨ ᠢ᠋ᠶ᠋ᠡᠨ ᠪᠣᠭᠲᠣᠯᠠᠵᠤ ᠥᠭᠭᠦᠨ᠎ᠡ ᠭᠡᠵᠦ ᠵᠥᠷᠢᠭᠦᠳᠯᠡᠨ᠎ᠡ᠃  
      《ᠳᠠᠯᠠᠳ ᠬᠦᠩ ᠦ᠋ᠨ ᠬᠣᠰᠢᠭᠤ ᠶ᠋ᠢ ᠳᠣᠷᠭᠢᠲᠠᠯ᠎ᠠ ᠪᠠᠶᠠᠵᠢᠭᠰᠠᠨ ᠣᠢᠷᠣᠪ ᠪᠠᠶᠠᠨ ᠦᠷ᠎ᠡ ᠶ᠋ᠢᠨ ᠭᠠᠭᠴᠠ ᠥᠬᠢᠨ ᠢ᠋ᠶ᠋ᠡᠨ ᠴᠠᠭᠠᠴᠢ ᠠᠳᠤᠭᠤᠴᠢᠨ ᠳ᠋ᠠᠭᠠᠨ ᠪᠣᠭᠲᠣᠯᠠᠴᠢᠬᠠᠯ᠎ᠠ ᠭᠡᠵᠦ ᠬᠥᠮᠦᠨ ᠬᠠᠷ᠎ᠠ ᠮᠠᠭᠤ ᠬᠡᠯᠡᠬᠦ ᠦᠭᠡᠢ ᠊ᠤᠤ?!》 ᠭᠡᠵᠦ ᠫᠣᠩᠰᠣᠭᠳᠤᠯᠮ᠎ᠠ ᠬᠥᠭᠰᠢᠨ ᠨᠢᠭᠡ ᠲᠠᠯ᠎ᠠ ᠪᠠᠷ ᠡᠪᠦᠭᠡᠨ ᠳ᠋ᠡᠭᠡᠨ ᠦᠭᠡ ᠠᠮᠰᠠᠭᠤᠯᠵᠤ᠂ ᠨᠥᠭᠦᠭᠡ ᠲᠠᠯ᠎ᠠ ᠪᠠᠷ ᠥᠬᠢᠨ ᠦ᠌ ᠪᠡᠨ ᠭᠠᠷᠴᠤ ᠣᠷᠣᠬᠤ ᠶ᠋ᠢ ᠭᠡᠲᠡᠵᠦ᠂ ᠪᠣᠯᠬᠤ ᠶ᠋ᠢᠨ ᠳᠣᠲᠣᠷ᠎ᠠ ᠠᠩᠴᠢᠨᠵᠠᠪ ᠲᠠᠢ ᠠᠭᠤᠯᠵᠠᠭᠤᠯᠬᠤ ᠦᠭᠡᠢ ᠪᠠᠢᠬᠤ ᠶ᠋ᠢ ᠬᠢᠴᠢᠶᠡᠨ᠎ᠡ ᠁ ᠡᠢᠨ ᠬᠦ᠌ ᠡᠬᠡ ᠶ᠋ᠢᠨ ᠰᠢᠬᠠᠮᠳᠠᠯᠭ᠎ᠠ ᠪᠠᠷ ᠤᠷᠠᠳ ᠤ᠋ᠨ ᠪᠠᠷᠠᠭᠤᠨ ᠬᠦᠩ ᠦ᠋ᠨ ᠰᠢᠷᠠᠪᠳᠣᠷᠵᠢ ᠨᠣᠶᠠᠨ ᠤ᠋ ᠪᠠᠭ᠎ᠠ ᠬᠠᠲᠤᠨ ᠪᠣᠯᠵᠤ ᠪᠣᠭᠲᠣᠯᠠᠭᠳᠠᠭᠰᠠᠨ ᠨᠢ ᠡᠨᠡ ᠭᠡᠵᠦ ᠪᠣᠳᠣᠬᠤ ᠳ᠋ᠠᠭᠠᠨ ᠰᠡᠷᠭᠦᠮ᠎ᠡ ᠶ᠋ᠢᠨ ᠨᠢᠳᠦᠨ ᠳ᠋ᠦ᠍ ᠵᠠᠢᠷ ᠲᠣᠭᠲᠠᠪᠠ᠃  

– – – – 
① ᠠᠯᠢ ᠪᠠᠢᠵᠠ᠂ ᠨᠠᠭᠠᠰᠢ ᠪᠠᠨ ᠥᠭ ᠭᠡᠰᠡᠨ ᠤᠳᠬ᠎ᠠ ᠲᠠᠢ᠃ 



       ᠢᠩᠭᠢᠵᠦ ᠨᠢᠭᠡ ᠤᠳᠠᠭ᠎ᠠ ᠭᠡᠭᠦᠦ ᠰᠠᠭᠠᠭᠰᠠᠨ ᠠ᠋ᠴᠠ ᠪᠠᠭ᠎ᠠ ᠬᠠᠲᠤᠨ ᠣᠷᠣᠢ ᠣᠷᠣᠢ ᠢᠷᠡᠵᠦ ᠭᠣᠩᠴᠣᠭᠷᠠᠭᠸ᠎ᠠ ᠶᠢ ᠬᠠᠮᠵᠢᠵᠤ ᠤᠨᠠᠭ᠎ᠠ ᠵᠡᠯᠡᠯᠡᠨ ᠭᠡᠭᠦᠦ ᠰᠠᠭᠠᠳᠠᠭ ᠪᠣᠯᠪᠠ᠃ 
       ᠨᠣᠶᠠᠨ ᠰᠠᠩ ᠤ᠋ᠨ ᠵᠠᠷᠤᠴᠠ ᠪᠣᠭᠣᠯ ᠤ᠋ᠳ ᠬᠣᠭᠣᠷᠣᠨᠳᠣ ᠪᠠᠨ ᠪᠦᠷ ᠪᠠᠭ᠎ᠠ ᠬᠠᠲᠤᠨ ᠢ᠋ 《 ᠠᠵᠢᠯᠰᠠᠭ ᠬᠥᠩᠭᠡᠨ ᠵᠠᠩ ᠲᠠᠢ᠂ ᠰᠠᠢᠨ ᠬᠥᠮᠦᠨ ᠦ᠌ ᠠᠴᠢᠷ ᠪᠠᠢᠨ᠎ᠠ᠂ ᠬᠥᠭᠡᠷᠦᠬᠦᠢ! ᠲᠡᠭᠦᠨ ᠳ᠋ᠦ᠍ ᠵᠠᠰᠠᠭ ᠵᠠᠯᠭᠠᠬᠤ ᠦᠷ᠎ᠡ ᠶ᠋ᠢᠨ ᠬᠤᠲᠤᠭ ᠲᠣᠭᠲᠠᠭᠠᠰᠠᠢ!》 ᠭᠡᠵᠦ ᠬᠡᠯᠡᠳᠡᠭ ᠪᠣᠯ ᠬᠠᠷᠢᠨ ᠴᠡᠴᠡᠭ ᠬᠠᠲᠤᠨ ᠢ᠋ ᠬᠠᠷᠠᠭᠠᠳ 《ᠡᠨᠡ ᠰᠡᠩᠬᠡᠯᠵᠡᠭᠦᠷ ᠴᠤ᠌ ᠪᠣᠯ ᠨᠢᠭᠡ ᠶᠠᠭᠤᠮ᠎ᠠ ᠰᠣᠨᠣᠰᠬᠠᠳᠠᠭ ᠲᠠᠭᠠᠲᠠᠢ ᠮᠤᠬᠤᠷ ᠵᠠᠰᠠᠭ ᠶᠣᠮ᠎ ᠠ᠋!》 ᠭᠡᠵᠦ ᠰᠢᠪᠡᠷ ᠠᠪᠢᠷ ᠬᠡᠯᠡᠯᠴᠡᠨ᠎ᠡ᠃ 
       ᠨᠢᠭᠡ ᠥᠷᠯᠥᠭᠡᠭᠦᠷ ᠴᠠᠢ ᠶ᠋ᠢᠨ ᠳᠠᠷᠠᠭ᠎ᠠ ᠪᠠᠭ᠎ᠠ ᠬᠠᠲᠤᠨ ᠥᠪᠡᠷ ᠦ᠋ᠨ ᠥᠷᠥᠭᠡᠨ ᠳ᠋ᠡᠭᠡᠨ ᠭᠠᠭᠴᠠᠭᠠᠷ ᠳᠡᠮᠡᠢ ᠯᠡ ᠬᠢᠳᠡᠯ ᠠᠯᠲᠠᠨ ᠠᠩᠴᠢᠨᠵᠠᠪ ᠢᠶᠠᠨ ᠰᠠᠨᠠᠨ ᠰᠠᠭᠤᠵᠤ ᠪᠠᠢᠲᠠᠯ᠎ᠠ ᠨᠢᠭᠡ ᠬᠥᠮᠦᠨ ᠣᠷᠣᠵᠤ ᠢᠷᠡᠪᠡ᠃ ᠲᠡᠷᠡ ᠨᠢ ᠮᠠᠨᠤᠨᠪᠠᠳᠮ᠎ᠠ ᠬᠥᠭᠰᠢᠨ ᠪᠠᠢᠵᠠᠢ᠃ 
      — ᠪᠠᠭ᠎ᠠ ᠬᠠᠲᠤᠨ ᠠᠮᠤᠷ ? ᠭᠡᠵᠦ ᠮᠠᠨᠳᠤᠯᠠᠪᠠᠯ ᠪᠠᠭ᠎ᠠ ᠬᠠᠲᠤᠨ ᠰᠠᠨᠳᠤᠷᠴᠤ ᠡᠵᠢ ᠲᠡᠢ ᠪᠡᠨ ᠠᠳᠠᠯᠢ ᠨᠠᠰᠤᠨ ᠤ᠋ ᠨᠠᠰᠤᠲᠠᠢ ᠬᠥᠮᠦᠨ ᠢ᠋ᠶ᠋ᠡᠷ ᠠᠮᠤᠷ ᠢ᠋ᠶ᠋ᠠᠨ ᠠᠰᠠᠭᠤᠯᠭᠠᠭᠰᠠᠨ ᠢ᠋ᠶ᠋ᠠᠨ ᠡᠪ ᠦᠭᠡᠢᠳᠡᠨ᠄
      — ᠵᠠ ᠂ ᠲᠠ ᠰᠠᠢᠨ ? ᠭᠡᠵᠦ ᠰᠠᠨᠳᠤᠷᠴᠤ ᠪᠣᠰᠤᠨ ᠬᠠᠷᠢᠭᠤ ᠮᠡᠨᠳᠦᠯᠡᠪᠡ᠃ ᠰᠡᠷᠭᠦᠮ᠎ᠡ ᠲᠡᠢ ᠠᠩᠬ᠎ᠠ ᠠᠭᠤᠯᠵᠠᠬᠤ ᠳ᠋ᠤ᠌ ᠯᠠ ᠡᠨᠡ ᠬᠥᠭᠰᠢᠨ ᠲᠡᠭᠦᠨ ᠳ᠋ᠦ᠍ ᠶᠠᠭᠠᠬᠢᠬᠤ ᠠᠷᠭ᠎ᠠ ᠦᠭᠡᠢ ᠳᠣᠲᠣᠨᠣ ᠰᠠᠨᠠᠭᠳᠠᠭᠰᠠᠨ ᠰᠠᠨ᠃ ᠡᠨᠡᠷᠢᠩᠭᠦᠢ ᠴᠢᠷᠠᠢ ᠲᠠᠢ ᠪᠣᠯᠣᠷ ᠰᠢᠭ᠋ ᠭᠢᠯᠠᠯᠵᠠᠭᠰᠠᠨ ᠪᠤᠶᠠᠨᠲᠤ ᠨᠢᠳᠦ ᠪᠡᠷ ᠢ᠋ᠶ᠋ᠡᠨ ᠡᠶᠡᠯᠳᠡᠭ ᠢᠨᠢᠶᠡᠵᠦ ᠴᠢᠳᠠᠳᠠᠭ᠂ ᠦᠭᠡ ᠬᠡᠯᠡ ᠶᠢ ᠡᠪ ᠳᠦᠢᠲᠡᠢ ᠡᠪᠯᠡᠬᠦᠭᠡᠨ ᠬᠡᠯᠡᠴᠢᠬᠡᠬᠦ᠂ ᠢᠨᠢᠶᠡᠬᠦ ᠪᠣᠯᠭᠠᠨ ᠳ᠋ᠤᠨᠢ ᠤᠴᠢᠷ ᠲᠠᠢ᠂ ᠬᠡᠯᠡᠬᠦ ᠦᠭᠡᠨ ᠳ᠋ᠦ᠍ᠨᠢ ᠤᠳᠬ᠎ᠠ ᠲᠠᠢ ᠪᠠᠢᠮᠠᠷ ᠬᠥᠮᠦᠰ ᠲᠤ ᠰᠠᠨᠠᠭᠳᠠᠳᠠᠭ ᠪᠠᠢᠭᠰᠠᠨ ᠪᠣᠯ ᠰᠡᠷᠭᠦᠮ᠎ᠡ ᠳ᠋ᠦ᠍ ᠮᠥᠨ ᠲᠡᠢᠮᠦ ᠪᠠᠢᠯ᠎ᠠ᠃ 
      — ᠪᠠᠭ᠎ᠠ ᠬᠠᠲᠤᠨ ᠲᠠᠨ ᠤ᠋ ᠴᠢᠷᠠᠢ ᠣᠷᠴᠢᠮ ᠠ᠋ᠴᠠ ᠵᠢᠭᠠᠬᠠᠨ ᠬᠤᠵᠢᠢᠵᠤ᠂ ᠨᠣᠢᠷ ᠬᠣᠭᠣᠯᠠ ᠠᠯᠲᠠᠨ᠂ ᠴᠣᠭ ᠰᠦᠯᠳᠡ ᠴᠢᠨᠢ ᠲᠠᠭᠠᠷᠠᠤᠬᠠᠨ ᠪᠠᠢᠨ᠎ᠠ ᠳᠠ ! ᠲᠠᠨ ᠳ᠋ᠤ᠌ ᠪᠡᠶ᠎ᠡ ᠰᠡᠳᠬᠢᠯ ᠢᠶᠡᠨ ᠰᠠᠢᠲᠤᠷ ᠲᠡᠵᠢᠭᠡᠵᠦ ᠶᠠᠪᠤᠬᠤ ᠨᠢ ᠶᠠᠭᠤᠨ ᠠ᠋ᠴᠠ ᠴᠤ᠌ ᠡᠷᠬᠢᠮ⁈ ᠪᠠᠭ᠎ᠠ ᠬᠠᠲᠤᠨ ᠮᠢᠨᠢ ᠡᠢᠮᠦ ᠲᠣᠬᠢᠲᠠᠢ ᠰᠠᠢᠬᠠᠨ ᠠᠮᠢᠳᠤᠷᠠᠯ ᠤ᠋ᠨ ᠣᠷᠴᠢᠨ ᠳ᠋ᠤ᠌ ᠪᠦᠬᠦᠨ ᠤ ᠬᠥᠨᠲᠥ ᠶ᠋ᠢ ᠳᠠᠭᠠᠭᠠᠵᠤ ᠶᠠᠪᠤᠬᠤ ᠰᠠᠢᠬᠠᠨ ᠰᠢᠦ ᠳᠡ ! ᠲᠡᠢᠮᠦ ᠤᠤ ? ᠪᠦᠰᠡᠭᠦᠢ ᠬᠥᠮᠦᠨ ᠦ᠌ ᠬᠤᠪᠢ ᠵᠠᠶᠠᠭ᠎ᠠ ᠡᠨᠡ ᠬᠣᠷᠸ᠎ᠠ ᠳ᠋ᠤ᠌ ᠮᠠᠭᠤ ᠨᠢ ᠳᠡᠢᠯᠦᠩᠬᠡᠢ᠂ ᠮᠤᠰᠢᠢᠳᠠᠭ ᠨᠢ ᠣᠯᠠᠨ᠃ ᠭᠡᠬᠦ ᠳ᠋ᠡᠭᠡᠨ ᠶᠠᠭᠠᠬᠢᠬᠤ ᠪᠣᠢ᠂ ᠲᠠ ᠪᠣᠯ ᠰᠠᠢᠨ ᠬᠥᠮᠦᠨ ᠦ᠌ ᠦᠷ᠎ᠡ ᠰᠦᠲᠦ ᠭᠡᠭᠦᠦ ᠶ᠋ᠢᠨ ᠤᠨᠠᠭ᠎ᠠ ᠲᠤᠯᠠᠳᠠ ᠮᠠᠨ ᠤ ᠪᠠᠷᠠᠭᠤᠨ ᠬᠥᠩ ᠦ᠋ᠨ ᠬᠦᠩ ᠨᠣᠶᠠᠨ ᠤ᠋ ᠬᠠᠢᠷᠠᠲᠠᠢ ᠪᠠᠭ᠎ᠠ ᠬᠠᠲᠤᠨ ᠨᠢ ᠪᠣᠯᠬᠤ ᠡᠦᠲᠦᠨ ᠳ᠋ᠦ᠍ ᠵᠠᠶᠠᠭᠠᠭᠰᠠᠨ ᠪᠠᠢᠵᠢ ᠳᠠ ! ᠶᠠᠭᠤᠮ᠎ᠠ ᠬᠣᠪᠣᠷ ᠲᠠᠭᠠᠨ ᠦᠨᠡᠲᠡᠢ᠂ ᠪᠠᠭ᠎ᠠ ᠳᠠᠭᠠᠨ ᠴᠠᠨᠠᠲᠠᠢ ᠭᠡᠳᠡᠭ ᠰᠢᠦ! ᠡᠮ᠎ᠡ ᠬᠦᠢᠰᠦ ᠲᠠᠢ ᠬᠥᠮᠥᠨ ᠪᠣᠯᠭᠠᠨ ᠬᠠᠭᠠᠨ ᠨᠣᠶᠠᠨ ᠤ ᠬᠠᠲᠤᠨ ᠪᠣᠯᠬᠤ ᠲᠠᠪᠢᠯᠠᠩ ᠦᠭᠡᠢ᠃ ᠪᠤᠷᠬᠠᠨ ᠲᠡᠭᠷᠢ ᠡᠴᠡ ᠲᠠᠨ ᠳᠤ ᠡᠢᠨ ᠬᠦ᠌ ᠠᠵᠠ ᠲᠣᠬᠢᠶᠠᠵᠤ ᠪᠠᠢᠭ᠎ᠠ ᠳ᠋ᠤ᠌ ᠪᠤᠶᠠᠨ ᠳᠠᠭᠠᠭᠠᠬᠤ ᠵᠠᠶᠠᠭᠠᠨ ᠤ᠋ ᠵᠠᠮ ᠢ᠋ ᠡᠯᠭᠦᠵᠦ ᠬᠢᠴᠢᠶᠠᠮᠵᠢᠲᠡᠢ ᠶᠠᠪᠤᠬᠤ ᠠ᠋ᠴᠠ ᠪᠢᠰᠢ ᠬᠠᠷᠢᠨ ᠵᠠᠶᠠᠭᠠᠨ ᠤ᠋ ᠵᠠᠮ ᠢ᠋ᠶ᠋ᠠᠨ ᠪᠥᠭᠯᠡᠵᠦ ᠰᠥᠷᠭᠡᠦᠯᠡᠨ ᠶᠠᠪᠤᠵᠤ ᠪᠣᠯᠬᠤ ᠦᠭᠡᠢ᠃ ᠡᠭᠦᠨ ᠢ᠋ ᠬᠠᠲᠤᠨ ᠮᠢᠨᠢ ᠲᠤᠩᠭᠠᠵᠤ ᠪᠣᠳᠣᠭᠠᠷᠠᠢ! ᠭᠡᠳ ᠡᠪᠦᠷ ᠢ᠋ᠶ᠋ᠡᠨ ᠲᠡᠮᠲᠡᠷᠬᠢᠯᠡᠨ ᠬᠥᠬᠦᠦᠷ ᠦ᠋ᠨ ᠬᠢᠷᠢᠲᠠᠢ ᠬᠥᠭᠡᠷᠦᠬᠦᠨ ᠵᠢᠵᠢᠭ ᠪᠣᠨᠲᠣᠭᠣᠷ ᠪᠣᠯᠣᠷ ᠯᠣᠩᠬᠣ ᠭᠠᠷᠭᠠᠵᠤ᠄ 
      —  ᠪᠠᠭ᠎ᠠ ᠬᠠᠲᠤᠨ ᠮᠢᠨᠢ᠂ ᠵᠠ᠂ ᠮᠠᠢ ! ᠡᠭᠦᠨ ᠢ᠋ ᠡᠮ ᠪᠣᠯᠭᠠᠵᠤ ᠠᠮᠢᠨ ᠰᠦᠵᠢᠭ ᠲᠡᠢ ᠤᠤᠭᠤ! ᠭᠡᠳ ᠬᠣᠶᠠᠷ ᠭᠠᠷ ᠢ᠋ᠶ᠋ᠠᠷ ᠢ᠋ᠶ᠋ᠠᠨ ᠪᠢᠲᠡᠭᠦᠯᠡᠨ ᠭᠠᠵᠠᠷ᠎ ᠠᠯᠳᠠᠴᠢᠬᠠᠬᠤ ᠠ᠋ᠴᠠ ᠡᠮᠢᠶᠡᠭᠰᠡᠨ ᠰᠢᠭ ᠨᠠᠨᠳᠢᠩᠨᠠᠨ ᠥᠭᠪᠡᠯ ᠪᠠᠭ᠎ᠠ ᠬᠠᠲᠤᠨ᠄
       — ᠵᠠ᠂ ᠶᠠᠭᠤ ᠪᠣᠢ ? ᠠᠮᠢᠳᠤ ᠣᠷᠬᠣᠳᠠᠢ ᠶᠤᠮ ᠰᠢᠭ᠋ ᠢᠩᠭᠢᠵᠦ ᠨᠢᠮᠪᠠᠢᠯᠠᠳᠠᠭ ᠨᠢ ? ᠭᠡᠪᠡ᠃ 
      — ᠣᠷᠬᠣᠳᠠᠢ ᠠ᠋ᠴᠠ ᠴᠠᠭᠠᠨ᠎ᠠ ᠭᠡᠬᠦ ᠡᠴᠡ ᠪᠢᠰᠢ ᠨᠠᠭᠠᠨ᠎ᠠ ᠶᠠᠭᠤᠮ᠎ᠠ ᠪᠢᠰᠢ ᠠ᠋! ᠪᠠᠭ᠎ᠠ ᠬᠠᠲᠤᠨ ᠲᠠ ᠡᠭᠦᠨ ᠢ᠋ ᠥᠷᠯᠥᠭᠡ ᠡᠷᠲᠡ ᠬᠠᠷ᠎ᠠ ᠨᠢᠳᠦ ᠪᠠᠨ ᠨᠡᠭᠡᠭᠡᠭᠰᠡᠭᠡᠷ ᠥᠯᠥᠨ ᠢ᠋ᠶ᠋ᠡᠷ᠂ ᠣᠷᠣᠢ ᠣᠷᠣᠨ ᠳ᠋ᠤ᠌ ᠣᠷᠣᠬᠤ ᠳ᠋ᠠᠭᠠᠨ ᠬᠡᠯᠡᠨ ᠳᠡᠭᠡᠷ᠎ᠡ ᠪᠡᠨ ᠪᠠᠭ᠎ᠠ ᠪᠠᠭ᠎ᠠ ᠪᠠᠷ ᠳᠤᠰᠤᠭᠠᠵᠤ ᠠᠳᠢᠰᠯᠠᠨ ᠤᠤᠭᠤᠵᠤ ᠪᠠᠢᠭᠠᠷᠠᠢ ! ᠲᠡᠭᠡᠭᠡᠳ ᠭᠤᠷᠪᠠᠨ ᠳᠣᠯᠣᠭ᠎ᠠ ᠬᠣᠷᠢᠨ ᠨᠢᠭᠡ ᠬᠣᠨᠣᠭ ᠤᠤᠭᠤᠨ᠎ᠠ᠃ ᠲᠤᠰᠠ ᠪᠣᠯᠬᠤ ᠡᠳ᠋ ᠶᠦᠮ᠃ ᠡᠬᠢᠯᠡᠭᠡᠳ ᠮᠡᠳᠡᠭᠳᠡᠬᠦ ᠦᠭᠡᠢ ᠪᠠᠢᠵᠤ ᠮᠠᠭᠠᠳ ᠦᠭᠡᠢ ᠴᠤ᠌ ᠳᠣᠯᠣᠭ᠎ᠠ ᠬᠣᠨᠣᠬᠤ ᠳᠤ ᠡᠷᠬᠡᠪᠰᠢ ᠨᠢᠳᠦ ᠣᠩᠭᠣᠢᠵᠤ ᠤᠬᠠᠭᠠᠨ ᠰᠡᠷᠭᠦᠯᠡᠩ ᠪᠣᠯᠬᠤ ᠶ᠋ᠢᠨ ᠰᠢᠨᠵᠢ ᠮᠡᠳᠡᠭᠳᠡᠨ᠎ᠡ᠃ ᠰᠠᠨᠠᠭᠤᠯᠬᠤ ᠠ᠋ᠴᠠ ᠨᠢᠭᠡ ᠯᠡ ᠳᠡᠭᠡᠷ᠎ᠡ ᠶᠡᠬᠡ ᠤᠤᠭᠤᠵᠤ ᠯᠠ ᠪᠣᠯᠬᠤ ᠦᠭᠡᠢ ᠮᠡᠳᠡᠪᠡ ᠤᠤ᠂ ᠪᠠᠭ᠎ᠠ ᠬᠠᠲᠤᠨ ᠮᠢᠨᠢ ! ᠭᠡᠪᠡ᠃ 
       ᠪᠠᠭ᠎ᠠ ᠬᠠᠲᠤᠨ ᠮᠥᠨ ᠯᠡ ᠬᠣᠶᠠᠷ ᠭᠠᠷ ᠢ᠋ᠶ᠋ᠠᠷ ᠢ᠋ᠶ᠋ᠠᠨ ᠬᠢᠴᠢᠶᠡᠩᠭᠦᠢᠯᠡᠨ ᠲᠣᠰᠴᠤ ᠠᠪᠤᠭᠠᠳ ᠰᠢᠨᠵᠢᠪᠡᠯ ᠦᠨᠢᠶᠡᠨ ᠦ᠌ ᠤᠭᠤᠷᠠᠭ ᠰᠢᠭ᠋ ᠴᠠᠭᠠᠨ ᠰᠢᠷᠭᠠᠯ ᠥᠩᠭᠡ ᠲᠡᠢ ᠶᠠᠭᠤᠮ᠎ᠠ ᠪᠠᠢᠯ᠎ᠠ᠃ 《ᠡᠨᠡ ᠴᠤᠬᠤᠮ ᠶᠠᠭᠠᠬᠢᠵᠤ ᠨᠠᠢᠷᠠᠭᠰᠠᠨ᠂ ᠶᠠᠭᠤᠨ ᠳ᠋ᠤ᠌ ᠲᠤᠰᠠ ᠲᠠᠢ ᠬᠣᠪᠣᠷ ᠡᠮ ᠪᠤᠯᠴᠢᠬᠠᠪᠠ ? ᠤᠴᠢᠷ ᠤᠬᠠᠭᠠᠨ ᠢ᠋ ᠨᠢ ᠣᠯᠣᠯ ᠦᠭᠡᠢ ᠪᠠᠷ᠎ ᠪᠢ ᠶᠠᠭᠠᠬᠢᠵᠤ ᠡᠭᠦᠨ ᠢ ᠴᠢᠨᠢ ᠤᠤᠬᠤᠭᠤ ᠶᠤᠮ ᠪᠤᠢ ?》ᠭᠡᠰᠡᠨ ᠰᠠᠨᠠᠭᠠᠲᠠᠢ ᠥᠨᠥᠬᠢ ᠵᠢᠵᠢᠭ ᠪᠤᠨᠳᠤᠭᠤᠷ ᠯᠣᠩᠬᠣ ᠲᠠᠢ ᠡᠳ᠋ ᠢ ᠰᠢᠨᠵᠢᠭᠡᠳ ᠮᠠᠨᠤᠨᠪᠠᠳᠮ᠎ᠠ ᠬᠥᠭᠰᠢᠨ ᠢ ᠰᠢᠷᠲᠡᠪᠡᠯ ᠶᠠᠭᠤᠮᠠᠨ ᠳᠤ ᠰᠡᠷᠳ᠋ ᠭᠡᠬᠦ ᠶᠢ ᠠᠨᠳᠠᠳᠠᠭ ᠦᠭᠡᠢ ᠮᠠᠨᠣᠨᠪᠠᠳᠮ᠎ᠠ:
      —  ᠮᠡᠷᠭᠡᠨ ᠭᠣᠣᠯ ᠤᠨ ᠰᠢᠪᠠᠭᠤᠲᠤ ᠶᠢᠨ ᠴᠠᠭᠠᠲᠤ ᠬᠠᠳᠠᠳᠠᠢ ᠬᠥᠲᠥᠯ ᠦᠨ ᠬᠣᠩᠭᠢᠯ ᠳᠤ ᠰᠠᠭᠤᠵᠤ ᠨᠣᠮ ᠪᠢᠰᠢᠯᠭᠠᠵᠤ ᠡᠮ ᠨᠠᠢᠷᠠᠭᠤᠯᠳᠠᠭ ᠮᠡᠷᠭᠡᠨ ᠴᠠᠭᠠᠨ ᠯᠠᠮᠠᠬᠠᠢ ᠭᠡᠵᠦ ᠪᠣᠢ᠃  ᠨᠠᠭᠠᠳᠤᠬᠢ ᠴᠢᠨᠢ ᠲᠡᠷᠡ ᠮᠡᠷᠭᠡᠨ ᠴᠠᠭᠠᠨ ᠯᠠᠮᠠᠬᠠᠢ ᠶ᠋ᠢᠨ ᠨᠠᠢᠷᠠᠭᠤᠯᠤᠭᠰᠠᠨ ᠬᠣᠪᠣᠷ ᠦᠨᠡᠲᠦ ᠡᠮ ᠶᠣᠮ᠎᠃ ᠣᠷᠣᠭᠠᠨ ᠤ ᠪᠤᠭᠤ ᠶᠢᠨ ᠠᠷᠠᠭᠠᠨ ᠳ᠋ᠤ᠌ ᠲᠠᠩᠨᠠᠢᠷᠠᠭᠰᠠᠨ  ᠤᠳᠠᠭᠠᠨ ᠵᠢᠯ ᠦᠨ ᠰᠢᠳᠦᠨ ᠦ ᠪᠣᠬᠢ ᠪᠠ  ᠰᠣᠭᠣ ᠶᠢᠨ ᠰᠦ᠂  ᠮᠡᠷᠭᠡᠨ ᠰᠢᠷ᠎ᠠ ᠣᠷᠣᠢ ᠶ᠋ᠢᠨ ᠬᠠᠳᠠᠨ ᠤ᠋ ᠴᠢᠭᠢᠭ ᠲᠦ ᠤᠷᠭᠤᠳᠠᠭ ᠣᠷᠬᠣᠳᠠᠢ ᠶ᠋ᠢᠨ ᠰᠢᠭᠦᠰᠦ ᠁ ᠵᠡᠷᠭᠡ ᠪᠠᠷ ᠨᠠᠢᠷᠠᠭᠤᠯᠤᠭᠰᠠᠨ ᠦᠷ᠎ᠡ ᠶ᠋ᠢᠨ ᠬᠤᠲᠤᠭ ᠤ᠋ᠨ ᠲᠠᠷᠨᠢ ᠰᠢᠩᠭᠡᠭᠰᠡᠨ ᠡᠳ᠋ ᠳᠡ! ᠭᠡᠪᠡᠯ ᠪᠠᠭ᠎ᠠ ᠬᠠᠲᠤᠨ᠄
      — ᠦᠷ᠎ᠡ ᠶ᠋ᠢᠨ ᠬᠤᠲᠤᠭ ᠤ᠋ᠨ ᠲᠠᠷᠨᠢ ᠠ᠋ ⁈ ᠭᠡᠵᠦ ᠰᠣᠨᠢᠭᠤᠴᠢᠯᠠᠨ《 ᠪᠢ ᠦᠷ᠎ᠡ ᠲᠣᠭᠲᠠᠳᠠᠭ ᠦᠭᠡᠢ < ᠰᠤᠪᠠᠢ>  ᠬᠥᠮᠦᠨ ᠦ᠌ ᠨᠢᠭᠡ ᠭᠡᠵᠢ ᠤᠤ ? ᠬᠥᠮᠦᠰ ᠨᠠᠮᠠᠶ᠋ᠢ ᠢᠩᠭᠢᠵᠦ ᠪᠣᠳᠣᠵᠤ ᠪᠠᠢᠨ᠎ᠠ ᠤᠤ ? 》 ᠭᠡᠰᠡᠨ ᠰᠡᠵᠢᠭ ᠲᠡᠭᠦᠨ ᠦ᠌ ᠴᠢᠷᠠᠢ ᠳ᠋ᠤ᠌ ᠢᠯᠡ ᠪᠠᠢᠪᠠ᠃ 
       ᠪᠠᠭ᠎ᠠ ᠬᠠᠲᠤᠨ ᠳ᠋ᠤ᠌ ᠪᠤᠷᠤᠭᠤ ᠶᠠᠭᠤᠮ᠎ᠠ ᠰᠠᠨᠠᠭᠤᠯᠴᠢᠬᠠᠪᠠ ᠤᠤ ᠳᠠ ᠭᠡᠵᠦ ᠪᠣᠳᠣᠭᠰᠠᠨ ᠮᠠᠨᠤᠨᠪᠠᠳᠮ᠎ᠠ ᠬᠥᠭᠰᠢᠨ ᠰᠠᠨᠳᠤᠷᠴᠤ᠄
      — ᠲᠡᠢᠮᠦ ᠰᠢᠤ! ᠦᠷ᠎ᠡ ᠶ᠋ᠢᠨ ᠬᠤᠲᠤᠭ ᠤ᠋ᠨ ᠲᠠᠷᠨᠢ ᠰᠢᠩᠭᠡᠭᠡᠭᠰᠡᠨ ᠁ ᠮᠠᠨ ᠤ᠋ ᠬᠦᠩ ᠨᠣᠶᠠᠨ ᠳ᠋ᠤ᠌ ᠦᠷ᠎ᠡ ᠶ᠋ᠢᠨ ᠬᠤᠲᠤᠭ ᠵᠠᠶᠠᠭᠠᠭᠰᠠᠨ ᠦᠭᠡᠢ ᠬᠣᠶᠠᠷ ᠦᠶ᠎ᠡ ᠪᠣᠯᠣᠯ᠎ᠠ᠃ ᠳᠡᠭᠡᠷ᠎ᠡ ᠦᠶ᠎ᠡ ᠶ᠋ᠢᠨ ᠬᠦᠩ ᠨᠣᠶᠠᠨ ᠲᠠᠯᠢᠢᠭᠴᠢ ᠬᠡᠰᠢᠭᠲᠡᠯᠭᠡᠷ ᠡᠴᠡ ᠴᠤ᠌ ᠦᠷ᠎ᠡ ᠬᠡᠦᠬᠡᠳ ᠪᠠᠢᠭ᠎ᠠ ᠦᠭᠡᠢ᠃ ᠡᠦᠲᠦ ᠮᠠᠨ ᠤ᠋ ᠬᠦᠩ ᠨᠣᠶᠠᠨ ᠬᠡᠳᠦ ᠬᠡᠳᠦᠨ ᠬᠠᠲᠤᠨ ᠪᠠᠭᠤᠯᠭᠠᠭᠰᠠᠨ ᠴᠤ᠌ ᠦᠷ᠎ᠡ ᠶ᠋ᠢᠨ ᠪᠠᠷ᠎ᠠ ᠠᠯᠠᠭ᠎ᠠ᠃ ᠲᠡᠭᠡᠭᠡᠳ ᠯᠡ ᠬᠦᠩ ᠨᠣᠶᠠᠨ ᠪᠠᠯᠠᠭᠳᠠᠵᠤ ᠬᠦᠦ ᠲᠥᠷᠥᠭᠦᠯᠬᠦ ᠶ᠋ᠢ ᠬᠦᠰᠡᠭᠡᠳ ᠤᠳᠠᠭᠰᠠᠨ᠃ ᠴᠡᠴᠡᠭ ᠬᠠᠲᠤᠨ ᠢ᠋ᠶ᠋ᠠᠨ ᠬᠠᠷᠢᠨ ᠨᠢᠭᠡ ᠬᠦᠦ ᠲᠥᠷᠥᠭᠦᠯᠴᠢᠭᠡᠮᠡᠷ ᠥᠬᠥᠭᠡᠷᠳᠡᠵᠦ ᠬᠠᠢᠷᠠᠯᠠᠭᠠᠳ ᠪᠡᠷᠬᠡ ᠶᠠᠭᠤᠮ᠎ᠠ ᠪᠣᠯᠵᠤ ᠠᠪᠠᠯᠢ ᠬᠠᠲᠤᠨ ᠢ᠋ᠶ᠋ᠠᠨ ᠬᠠᠶᠠᠭᠠᠨ ᠳ᠋ᠤᠨᠢ ᠬᠠᠶᠠᠵᠤ ᠡᠪᠡᠳᠴᠢᠨ ᠵᠣᠪᠠᠯᠠᠩ ᠣᠷᠣᠭᠤᠯᠴᠢᠬᠠᠮᠠᠷ ᠪᠣᠯᠤᠭᠰᠠᠨ ᠢ᠋ ᠲᠠ ᠲᠤᠭᠤᠯᠤᠭᠰᠠᠨ ᠪᠠᠢᠯᠭᠦᠢ ᠳᠡ ! ᠲᠡᠭᠡᠬᠦ ᠳ᠋ᠦ᠍ ᠴᠡᠴᠡᠭ ᠬᠠᠲᠤᠨ ᠨᠢ ᠴᠤ᠌ ᠪᠢᠲᠡᠭᠦᠦ ᠪᠥᠭᠰᠡ ᠲᠡᠢ ᠶᠠᠭᠤᠮ᠎ᠠ ᠲᠣᠬᠢᠶᠠᠴᠢᠬᠠᠵᠠᠢ᠃  ᠬᠦᠦ ᠪᠠᠢᠲᠤᠭᠠᠢ᠂ ᠬᠦᠦ ᠶ᠋ᠢᠨ ᠵᠤᠯᠪᠤᠳᠠᠰᠤ ᠴᠤ᠌ ᠭᠠᠷᠤᠭᠰᠠᠨ ᠦᠭᠡᠢ᠃ ᠭᠡᠪᠡᠴᠦ ᠴᠡᠴᠡᠭ ᠬᠠᠲᠤᠨ ᠡᠷ᠎ᠡ ᠶ᠋ᠢᠨ ᠲᠣᠯᠣᠭᠠᠢ ᠡᠷᠭᠢᠭᠦᠯᠬᠦ ᠡᠪ ᠳᠠᠮ ᠢ᠋ ᠰᠦᠷᠡᠬᠡᠢ ᠣᠯᠣᠭᠰᠠᠨ ᠬᠥᠮᠥᠨ ᠶᠤᠮ᠃  ᠭᠦᠩ ᠨᠣᠶᠠᠨ ᠤ᠋ ᠰᠡᠭᠦᠳᠡᠷ ᠨᠢ ᠰᠢᠭ ᠨᠠᠪᠲᠠᠭᠠᠨᠠᠨ ᠳᠠᠭᠠᠵᠤ ᠪᠠᠢᠳᠠᠭ ᠢ᠋ ᠬᠠᠷᠠᠬᠤ ᠦᠭᠡᠢ ᠤᠤ᠃ ᠪᠠᠭ᠎ᠠ ᠬᠠᠲᠤᠨ ᠲᠠ ᠮᠥᠨ ᠡᠢᠨ ᠬᠦ᠌ ᠬᠦᠢᠲᠡᠮᠰᠦᠭ ᠠᠷᠠᠨᠰᠢᠨ ᠲᠠᠢ ᠬᠥᠨᠳᠡᠢ ᠵᠠᠢᠰᠬᠠᠨ ᠪᠠᠢᠪᠠᠯ ᠴᠡᠴᠡᠭ ᠬᠠᠲᠤᠨ ᠤ᠋ ᠠᠷᠭᠠᠨ ᠳ᠋ᠤ᠌ ᠣᠷᠣᠵᠤ ᠮᠥᠨ ᠠᠪᠠᠯᠢ ᠬᠠᠲᠤᠨ ᠨᠢ ᠰᠢᠭ᠋ ᠬᠡᠷᠡᠭ ᠦᠭᠡᠢ ᠬᠥᠮᠥᠨ ᠪᠣᠯᠵᠤ ᠬᠣᠴᠣᠷᠤᠨ᠎ᠠ ᠳᠠ ! ᠦᠨᠡᠨ ᠢ᠋ ᠬᠡᠯᠡᠬᠦ ᠳ᠋ᠦ᠍ ᠬᠦᠩ ᠨᠣᠶᠠᠨ ᠲᠠᠨ ᠤ᠋ ᠪᠡᠶ᠎ᠡ ᠳᠡᠭᠡᠷ᠎ᠡ ᠬᠦᠦ ᠲᠡᠢ ᠪᠣᠯᠤᠨ ᠦᠷ᠎ᠡ ᠡᠦᠲᠦᠮ ᠵᠠᠯᠭᠠᠵᠤ ᠮᠠᠩᠨᠠᠢ ᠬᠠᠭᠠᠷᠠᠲᠠᠯ᠎ᠠ ᠪᠠᠶᠠᠷᠯᠠᠬᠤ ᠴᠠᠭ ᠨᠢ ᠴᠤ᠌ ᠪᠣᠯᠣᠭᠰᠠᠨ ᠰᠢᠦ! ᠪᠠᠭ᠎ᠠ ᠬᠠᠲᠤᠨ ᠮᠢᠨᠢ ᠡᠨᠡ ᠣᠩᠬᠢ ᠶ᠋ᠢ ᠣᠯᠵᠤ ᠱᠠᠭᠠᠢᠨ ᠬᠦᠩ ᠨᠣᠶᠠᠨ ᠲᠠᠢ ᠢᠯᠡᠭᠦᠬᠡᠨ ᠬᠠᠪᠢᠳᠠᠬᠤ ᠶ᠋ᠢ ᠯᠡ ᠪᠣᠳᠣᠬᠤ ᠬᠡᠷᠡᠭᠲᠡᠢ᠃ ᠲᠠᠨ ᠠᠴᠠ ᠬᠦᠦ ᠭᠠᠷᠳᠠᠭ ᠯᠠ ᠪᠣᠯ ᠪᠦᠬᠦ ᠶᠠᠭᠤᠮ᠎ᠠ ᠪᠦᠷ ᠲᠠᠨ ᠤ᠋ ᠡᠪᠦᠳᠦᠭ ᠳᠣᠣᠷ᠎ᠠ ᠰᠥᠬᠥᠷᠡᠨ᠎ᠡ ᠁ ᠭᠡᠪᠡ᠃
       ᠮᠠᠨᠤᠨᠪᠠᠳᠮ᠎ᠠ ᠬᠥᠭᠰᠢᠨ ᠦ ᠬᠤᠷᠴᠠ ᠬᠢᠲᠤᠭ᠎ᠠ ᠰᠢᠭ᠋ ᠳᠠᠰᠤ ᠳᠠᠰᠤ ᠶᠣᠰᠣᠴᠢᠯᠠᠨ ᠶᠠᠷᠢᠭᠰᠠᠨ ᠦᠭᠡᠨ ᠳᠦ ᠪᠠᠭ᠎ᠠ ᠬᠠᠲᠤᠨ ᠤᠶᠠᠷᠠᠨ ᠬᠠᠢᠯᠵᠤ ᠨᠢᠳᠦᠨ ᠡᠮᠦᠨᠡᠬᠢ ᠠᠬᠤᠢ ᠪᠠᠢᠳᠠᠯ ᠠ᠋ᠴᠠ ᠵᠥᠷᠢᠵᠦ ᠴᠢᠳᠠᠬᠤ ᠦᠭᠡᠢ ᠮᠣᠬᠣᠭᠰᠠᠨ ᠳᠠᠭᠠᠨ ᠥᠭᠡᠷ᠎ᠡ ᠶᠠᠭᠤᠮ᠎ᠠ ᠰᠠᠨᠠᠵᠤ  ᠬᠣᠶᠠᠷ ᠨᠢᠳᠦᠨ ᠳ᠋ᠦ᠍ᠨᠢ ᠵᠠᠢᠷ ᠮᠡᠯᠲᠡᠯᠵᠡᠵᠦ ᠪᠠᠢᠭᠰᠠᠨ ᠢ᠋ᠶ᠋ᠠᠨ ᠰᠢᠵᠢᠮ ᠨᠢ ᠳᠠᠰᠤᠷᠠᠭᠰᠠᠨ ᠰᠣᠨᠳᠣᠷ ᠰᠢᠭ᠋ ᠬᠠᠯᠠᠭᠤᠨ ᠨᠢᠯᠪᠤᠰᠤ ᠨᠢ ᠬᠠᠮᠠᠷ ᠢ ᠨᠢ ᠬᠠᠪᠴᠢᠭᠠᠳ ᠪᠥᠮᠪᠥᠷᠢᠵᠡᠢ᠃ 
      — ᠰᠡᠳᠬᠢᠯ ᠢᠶᠡᠨ ᠪᠠᠷᠢ᠂ ᠰᠡᠳᠬᠢᠯ ᠢ᠋ᠶ᠋ᠠᠨ ᠪᠡᠷᠢ! ᠠᠮᠢᠳᠤᠷᠠᠯ ᠢ᠋ ᠬᠠᠢᠷᠠᠯᠠᠵᠤ᠂ ᠠᠮᠢᠳᠤᠷᠠᠯ ᠳ᠋ᠤ᠌ ᠢᠲᠡᠭᠡᠪᠡᠯ ᠠᠮᠢᠳᠤᠷᠠᠯ ᠲᠠᠨ ᠳ᠋ᠤ᠌ ᠡᠭᠡᠯᠢᠰᠢᠵᠦ ᠪᠠᠯ ᠪᠤᠷᠠᠮ ᠠᠮᠲᠠᠯᠠᠭᠤᠯᠤᠨ᠎ᠠ᠃ ᠠᠮᠢᠳᠤᠷᠠᠯ  ᠳᠦ ᠢᠲᠡᠭᠡᠯ ᠠᠯᠳᠠᠵᠤ ᠤᠨᠠᠪᠠᠯ ᠠᠮᠢᠳᠤᠷᠠᠯ ᠳ᠋ᠤ᠌ ᠭᠣᠯᠣᠭᠳᠠᠵᠤ ᠳᠦᠭᠦᠷᠦᠨ᠎ᠡ᠃
      — ᠲᠡᠭᠡᠬᠦ ᠳ᠋ᠦ᠍ ᠁  ᠲᠡᠷᠡ ᠮᠢᠨᠢ ᠁ ᠠᠮᠢᠳᠤᠷᠠᠯ ᠳ᠋ᠤ᠌ ᠭᠣᠯᠣᠭᠳᠠᠭᠰᠠᠨ ᠭᠡᠵᠦ ᠰᠡᠷᠭᠦᠮ᠎ᠡ ᠶ᠋ᠢᠨ ᠨᠢᠯᠪᠤᠰᠤ ᠪᠦᠷᠬᠦᠭᠰᠡᠨ ᠤᠨᠠᠭᠠᠨ ᠬᠥᠭᠡᠷᠦᠬᠦᠨ ᠨᠢᠳᠦ  ᠮᠠᠨᠤᠨᠪᠠᠳᠮ᠎ᠠ ᠶᠢ ᠴᠠᠪᠴᠢᠯ ᠦᠭᠡᠢ ᠬᠠᠷᠠᠨ᠎ᠠ᠃ 
      — ᠠ ᠬᠥᠭᠡᠷᠦᠬᠦᠢ᠂ ᠵᠠᠯᠠᠭᠤ ᠤᠯᠤᠰ ᠰᠡᠳᠬᠢᠯ ᠦ᠋ᠨ ᠵᠢᠯᠣᠭᠣ ᠠᠯᠳᠠᠬᠤ ᠶ᠋ᠢ ᠠᠯᠢ ᠶ᠋ᠢ ᠨᠢ ᠲᠡᠷᠡ ᠭᠡᠬᠦ ᠪᠣᠢ⁈ ᠪᠠᠭ᠎ᠠ ᠬᠠᠲᠤᠨ ᠮᠢᠨᠢ ᠬᠠᠢᠷᠠᠲᠤ ᠬᠥᠮᠦᠨ ᠦ᠌ ᠪᠡᠨ ᠬᠣᠢᠨ᠎ᠠ ᠠᠴᠠ ᠠᠯᠳᠠᠭᠰᠠᠨ ᠵᠢᠯᠣᠭᠣ ᠪᠠᠨ ᠲᠠᠲᠠᠭᠲᠤᠨ! ᠡᠰᠡ ᠲᠡᠢᠮᠦ ᠪᠣᠯ ᠰᠦᠨᠡᠰᠦ ᠦᠭᠡᠢ ᠲᠥᠭᠡᠷᠢᠵᠦ ᠰᠦᠢᠳ ᠪᠣᠯᠤᠨ᠎ᠠ᠃ ᠡᠷ᠎ᠡ ᠬᠥᠮᠦᠨ ᠦ᠌ ᠰᠡᠳᠬᠢᠯ ᠰᠠᠨᠠᠭ᠎ᠠ ᠭᠡᠭᠴᠢ ᠡᠷ᠎ᠡ ᠪᠣᠷᠣ ᠬᠠᠷᠴᠠᠭᠠᠢ ᠭᠡᠵᠦ ᠮᠡᠳᠡ ! ᠡᠷᠭᠢ ᠬᠠᠳᠠᠨ ᠳᠡᠭᠡᠷ᠎ᠡ ᠡᠴᠡ ᠨᠢᠰᠬᠦ ᠳ᠋ᠦ᠍ ᠡᠩ ᠳᠡᠯᠡᠬᠡᠢ ᠶ᠋ᠢᠨ ᠠᠭᠤᠳᠠᠮ ᠢ᠋ ᠴᠢᠮᠠᠯᠠᠵᠤ ᠢᠰᠬᠡᠷᠳᠡᠭ ᠶᠦᠮ᠃ ᠲᠠ ᠪᠢᠳᠠ ᠰᠢᠭ᠋ ᠳᠣᠷᠭᠣᠨ ᠲᠠᠪᠢᠯᠠᠩ ᠲᠠᠢ ᠡᠮ᠎ᠡ ᠬᠥᠮᠦᠨ ᠪᠢᠰᠢ ᠭᠠᠵᠠᠷ᠂ ᠴᠠᠭᠠᠳᠤ ᠬᠥᠮᠦᠨ ᠢ᠋ ᠴᠢᠨᠢ ᠡᠨᠡ ᠬᠣᠷᠸ᠎ᠠ ᠡᠯᠢᠭᠡᠨ ᠳ᠋ᠡᠭᠡᠨ ᠡᠨᠡᠷᠢᠵᠦ ᠶᠠᠪᠤᠬᠤ ᠪᠠᠢᠯᠭᠦᠢ! ᠬᠦᠩ ᠨᠣᠶᠠᠨ ᠲᠠᠯ᠎ᠠ ᠬᠠᠷᠠᠵᠤ ᠴᠠᠭᠠᠳᠤ ᠬᠥᠮᠦᠨ ᠡᠴᠡ ᠴᠢᠨᠢ ᠶᠠᠯ᠎ᠠ ᠨᠡᠬᠡᠯᠴᠡᠭᠰᠡᠨ ᠦᠭᠡᠢ ᠴᠢᠨᠢ ᠶᠡᠬᠡ ᠵᠣᠯ᠃ ᠬᠠᠭᠤᠴᠢᠨ ᠳ᠋ᠤ᠌ ᠬᠦᠩ ᠦ᠋ᠨ ᠬᠠᠲᠤᠨ ᠳ᠋ᠤ᠌ ᠬᠠᠯᠳᠠᠪᠠ ᠭᠡᠭᠴᠢ ᠬᠠᠷ᠎ᠠ ᠲᠣᠯᠣᠭᠠᠢ ᠪᠠᠷ ᠢ᠋ᠶ᠋ᠠᠨ ᠨᠠᠭᠠᠳᠤᠭᠰᠠᠨ ᠬᠡᠷᠡᠭ᠃ ᠲᠡᠭᠡᠭᠡᠳ ᠴᠠᠭᠠᠳᠤ ᠬᠥᠮᠦᠨ ᠴᠢᠨᠢ ᠵᠢᠩᠬᠢᠨᠢ ᠡᠷ᠎ᠡ ᠬᠥᠮᠦᠨ ᠰᠢᠭ ᠡᠮᠨᠢᠭ ᠦ᠋ᠨ ᠨᠢᠷᠤᠭᠤᠨ ᠳ᠋ᠤ᠌ ᠢᠰᠬᠡᠷᠴᠦ ᠶᠠᠪᠤᠮᠠᠷ ᠴᠤ᠌ ᠪᠤᠯ᠎ ᠶᠠᠭᠠᠮᠠᠢ᠃ ᠬᠠᠷᠢᠨ ᠡᠮ᠎ᠡ ᠬᠥᠮᠦᠨ ᠰᠢᠭ ᠡᠷᠭᠢᠭᠦᠦ ᠤᠬᠠᠭᠠᠨ ᠳ᠋ᠠᠭᠠᠨ ᠮᠤᠨᠤᠵᠤ ᠲᠡᠭᠡᠷᠮ᠎ᠡ ᠡᠷᠭᠢᠭᠰᠡᠨ ᠡᠯᠵᠢᠭᠡ ᠰᠢᠭ ᠡᠨᠡᠭᠦᠬᠡᠨ ᠳ᠋ᠡᠭᠡᠨ ᠡᠷᠭᠢᠭᠡᠳ ᠪᠠᠢᠪᠠᠯ ᠴᠢᠮ᠎ᠠ ᠳ᠋ᠤ᠌  ᠵᠣᠪᠠᠯᠠᠩ ᠬᠣᠯᠠ ᠦᠭᠡᠢ ᠰᠢᠦ᠃ ᠨᠣᠶᠠᠨ ᠰᠠᠩ ᠤ᠋ᠨ ᠵᠤᠰᠠᠭᠠᠯ ᠳ᠋ᠤ᠌ ᠴᠡᠷᠢᠭ ᠬᠤᠶᠠᠭ ᠨᠡᠮᠡᠭᠳᠡᠭᠰᠡᠨ ᠢ᠋ ᠬᠠᠷᠠᠬᠤ ᠦᠭᠡᠢ ᠪᠠᠢᠨ᠎ᠠ ᠤᠤ ? ᠭᠡᠳ ᠮᠠᠨᠤᠨᠪᠠᠳᠮ᠎ᠠ ᠡᠪᠦᠷ ᠡᠴᠡ ᠪᠠᠨ ᠠᠶᠤᠰᠢ ᠴᠠᠭᠠᠨ ᠬᠠᠳᠠᠭ ᠭᠠᠷᠭᠠᠵᠤ ᠪᠠᠭ᠎ᠠ ᠬᠠᠲᠤᠨ ᠤ᠋ ᠨᠢᠯᠪᠤᠰᠤ ᠶ᠋ᠢ ᠡᠵᠢ ᠬᠥᠮᠦᠨ ᠰᠢᠭ ᠡᠨᠡᠷᠢᠵᠦ ᠠᠷᠴᠢᠬᠤ ᠳ᠋ᠤ᠌ ᠰᠡᠷᠭᠦᠮ᠎ᠡ ᠶ᠋ᠢᠨ ᠳᠣᠲᠣᠷ᠎ᠠ ᠡᠯᠢᠭᠡ ᠵᠢᠷᠦᠬᠡ ᠬᠠᠢᠯᠤᠮᠠᠷ ᠤᠶᠠᠷᠠᠵᠤ ᠮᠠᠨᠤᠨᠪᠠᠳᠮ᠎ᠠ ᠬᠥᠭᠰᠢᠨ ᠶᠠᠭ ᠯᠠ ᠡᠨᠡᠷᠢᠯᠲᠦ ᠡᠬᠡ ᠨᠢ ᠰᠢᠭ ᠰᠠᠨᠠᠭᠳᠠᠪᠠ᠃ 
      《ᠬᠠᠲᠤᠳ ᠤᠨ ᠳᠣᠲᠣᠷ᠎ᠠ ᠠ᠋ᠴᠠ ᠭᠠᠭᠴᠠ ᠴᠢᠮᠠᠶ᠋ᠢ ᠲᠣᠭᠣᠵᠤ ᠶᠠᠪᠤᠯ᠎ᠠ᠃ ᠬᠤᠷᠢᠮ ᠤ᠋ᠨ ᠤᠭᠤᠴᠠ ᠴᠠᠷᠴᠠᠭᠠᠳᠤᠢ᠂ ᠬᠤᠷᠠᠭᠰᠠᠨ ᠭᠡᠢᠴᠢᠳ ᠲᠠᠷᠬᠠᠭᠠᠳᠤᠢ ᠪᠠᠢᠬᠤ ᠳᠤ ᠥᠷᠥᠭᠡᠯ ᠬᠠᠷ᠎ᠠ ᠬᠥᠮᠦᠨ ᠳᠠᠭᠠᠵᠤ᠂ ᠥᠪᠡᠷ ᠦ᠋ᠨ ᠪᠣᠭᠲᠣᠯᠠᠭᠰᠠᠨ ᠡᠷ᠎ᠡ ᠪᠡᠨ ᠭᠣᠯᠣᠵᠤ ᠤᠷᠭᠤᠭᠰᠠᠨ ᠰᠥᠰᠥ ᠵᠣᠷᠢᠭ ᠲᠤ᠌ ᠴᠢᠨᠢ ᠴᠣᠴᠢᠷᠳᠠᠭᠰᠠᠨ ᠪᠣᠯᠪᠠᠴᠤ ᠡᠮ᠎ᠡ ᠶ᠋ᠢᠨ ᠲᠣᠲᠣᠷᠡᠬᠢ ᠡᠷ᠎ᠡ ᠭᠡᠵᠦ ᠭᠠᠳᠠᠷᠯᠠᠭᠰᠠᠨ》 ᠭᠡᠵᠦ ᠳᠣᠲᠣᠷ᠎ᠠ ᠪᠠᠨ ᠪᠣᠳᠣᠭᠰᠠᠨ ᠮᠠᠨᠤᠨᠪᠠᠳᠮ᠎ᠠ᠄ 
      —  ᠪᠢ ᠲᠠᠨ ᠢ ᠬᠡᠦᠬᠡᠨ ᠦᠷ᠎ᠡ ᠪᠡᠨ ᠰᠢᠭ ᠰᠠᠨᠠᠵᠤ ᠪᠠᠢᠭ᠎ᠠ ᠳᠠᠭᠠᠨ ᠪᠢᠵᠡ᠂  ᠶᠠᠭᠠᠬᠢᠪᠠᠴᠤ ᠪᠣᠯᠬᠤ ᠦᠭᠡᠢ ᠴᠠᠭᠠᠨ᠎ᠠ ᠠᠴᠠ ᠨᠢᠭᠡ ᠯᠤᠲᠤ ᠶᠡᠬᠡ ᠬᠦᠴᠦᠨ ᠨᠠᠮᠠᠶ᠋ᠢ ᠬᠣᠷᠮᠣᠢ ᠬᠡᠢᠲᠦᠭᠦᠯᠵᠦ ᠲᠠᠨ ᠤ ᠳᠡᠷᠭᠡᠳᠡ ᠢᠷᠡᠭᠦᠯᠦᠯ᠎ᠡ ᠁  ᠬᠤᠷᠢᠮ ᠤᠨ ᠲᠡᠷᠡ ᠡᠳᠦᠷ ᠪᠢ ᠲᠠᠨ ᠢ ᠠᠵᠢᠭᠯᠠᠵᠤ ᠯᠠ ᠪᠠᠢᠯ᠎ᠠ! ᠬᠤᠮᠠᠬᠢ ᠲᠣᠭᠣᠰᠣ ᠠᠷᠦᠭᠤᠳᠬᠠᠵᠤ ᠳᠡᠪᠢᠰᠦᠭᠰᠡᠨ ᠬᠤᠨ ᠴᠠᠭᠠᠨ ᠢᠰᠡᠭᠡᠢ ᠳᠡᠭᠡᠭᠦᠷ ᠬᠣᠷᠮᠣᠢ ᠢᠰᠭᠦᠯᠦᠨ ᠠᠯᠬᠤᠭᠰᠠᠨ ᠬᠣᠶᠠᠷ ᠬᠥᠯ ᠦᠨ ᠴᠢᠨᠢ ᠲᠠᠮᠢᠷ ᠪᠣᠯᠣᠨ ᠳᠠᠯᠳᠠ ᠶᠢ ᠬᠠᠷᠠᠭᠰᠠᠨ ᠬᠣᠣᠰ ᠨᠢᠳᠦᠨ ᠦ ᠴᠢᠨᠢ ᠭᠢᠯᠠᠯᠵᠠᠭᠰᠠᠨ ᠴᠣᠭ ᠠᠴᠠ ᠲᠠᠨ ᠢ ᠲᠣᠭᠣᠵᠤ ᠪᠠᠢᠯ᠎ᠠ᠃ ᠵᠠ᠂ ᠦᠭᠡ ᠣᠯᠠᠳᠠᠵᠤ ᠦᠬᠡᠷ ᠬᠣᠯᠠᠳᠤᠯ᠎ᠠ᠂ ᠣᠳᠣ ᠶᠠᠪᠤᠶ᠎ᠠ ᠳ᠋ᠠ! ᠪᠠᠭ᠎ᠠ ᠬᠠᠲᠤᠨ ᠲᠠ ᠭᠡᠭᠡᠨ ᠪᠣᠳᠣᠯ ᠳᠠᠭᠠᠨ ᠲᠣᠯᠢᠳᠠᠵᠤ ᠲᠤᠩᠭᠠᠭᠠᠷᠠᠢ! ᠭᠡᠳ ᠪᠣᠰᠴᠤ ᠭᠡᠷ ᠡᠴᠡ ᠴᠠᠷᠢᠭᠤᠨ ᠠᠯᠬᠤᠵᠤ ᠭᠠᠷᠪᠠ᠃ 

          ᠦᠰᠦᠭ ᠠᠮᠢᠯᠠᠭᠤᠯᠤᠭᠰᠠᠨ ᠨᠢ᠄ ᠳᠠᠪᠰᠢᠯᠲᠦ᠂ ᠣᠳᠣᠨᠬᠤᠸᠠᠷ᠂ ᠪᠠᠭᠠᠲᠤᠷ