ᠤᠯᠠᠭᠠᠨᠪᠠᠭᠠᠲᠤᠷ ᠠ᠋ᠴᠠ ᠪᠧᠷᠯᠢᠨ ᠬᠦᠷᠲᠡᠯ᠎ᠡ- ᠳ· ᠨᠠᠴᠤᠭᠳᠣᠷᠵᠢУлаанбаатараас берлин хүртэл-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠭᠠᠨᠪᠠᠭᠠᠲᠤᠷ ᠠ᠋ᠴᠠ ᠪᠧᠷᠯᠢᠨ ᠬᠦᠷᠲᠡᠯ᠎ᠡ- ᠳ· ᠨᠠᠴᠤᠭᠳᠣᠷᠵᠢУлаанбаатараас берлин хүртэл-Д.Нацагдорж

ᠤᠯᠠᠭᠠᠨᠪᠠᠭᠠᠲᠤᠷ ᠠ᠋ᠴᠠ ᠪᠧᠷᠯᠢᠨ ᠬᠦᠷᠲᠡᠯ᠎ᠡ- ᠳ· ᠨᠠᠴᠤᠭᠳᠣᠷᠵᠢУлаанбаатараас берлин хүртэл-Д.Нацагдорж

2024-05-24

248

ᠤᠯᠠᠭᠠᠨᠪᠠᠭᠠᠲᠤᠷ ᠠ᠋ᠴᠠ ᠪᠧᠷᠯᠢᠨ ᠬᠦᠷᠲᠡᠯ᠎ᠡ①

          ᠳ· ᠨᠠᠴᠤᠭᠳᠣᠷᠵᠢ 
ᠲᠡᠷᠡ ᠡᠳᠦᠷ ᠶᠠᠪᠤᠬᠤ ᠶ᠋ᠢ ᠪᠡᠯᠡᠳᠬᠡᠨ ᠵᠠᠪᠳᠤᠭᠠᠳ 
ᠡᠨᠡ ᠲᠡᠷᠡ ᠲᠡᠢ ᠪᠠᠶᠠᠷᠯᠠᠯᠴᠠᠨ ᠶᠣᠰᠣᠯᠠᠯᠴᠠᠪᠠ᠃
ᠥᠷᠲᠡᠭᠡᠨ ᠦ᠌ ᠤᠯᠠᠭ᠎ᠠ ᠶ᠋ᠢ ᠳᠠᠭᠤᠳᠠᠨ ᠬᠦᠯᠢᠶᠡᠯᠭᠡᠭᠰᠡᠨ ᠪᠥᠭᠡᠳ 
ᠮᠣᠷᠢᠨ ᠲᠡᠷᠭᠡᠨ ᠳ᠋ᠦ᠍ ᠰᠠᠭᠤᠵᠤ ᠪᠠᠷᠠᠭᠤᠨ ᠬᠣᠢᠲᠤ ᠵᠦᠭ ᠵᠠᠮᠨᠠᠪᠠ᠃

ᠬᠣᠲᠠ ᠶ᠋ᠢᠨ ᠵᠠᠬ᠎ᠠ ᠳ᠋ᠤ᠌ ᠨᠢᠭᠡᠨᠲᠡ ᠭᠠᠷᠤᠮᠠᠭᠴᠠ 
ᠠᠯᠤᠰ ᠵᠠᠮ ᠤ᠋ᠨ ᠦᠵᠦᠭᠦᠷ ᠲᠦ᠍ ᠣᠷᠣᠪᠠ᠃
ᠬᠣᠢᠲᠤ ᠳᠠᠪᠠᠭ᠎ᠠ ᠶ᠋ᠢ ᠥᠭᠰᠥᠨ ᠱᠣᠭᠰᠢᠬᠤ ᠳ᠋ᠤ᠌ 
ᠬᠣᠯᠠ ᠣᠢᠷ᠎ᠠ ᠶ᠋ᠢᠨ ᠡᠯᠳᠡᠪ ᠢ᠋ ᠰᠠᠨᠠᠨ ᠪᠣᠳᠣᠨ ᠶᠠᠪᠤᠪᠠ᠃

ᠡᠨᠡ ᠦᠶ᠎ᠡ ᠠᠭᠤᠯᠠ ᠳᠠᠪᠠᠭᠠᠨ ᠤ᠋ ᠡᠩᠭᠡᠷ ᠲᠦ᠍ 
ᠨᠠᠮᠤᠷ ᠤ᠋ᠨ ᠰᠢᠷ᠎ᠠ ᠨᠠᠷᠠ ᠵᠢᠭᠳᠡᠯᠡᠨ ᠲᠣᠰᠤᠭᠠᠳ
ᠮᠥᠨ ᠠᠷᠤ ᠳ᠋ᠤ᠌ ᠨᠢᠮᠭᠡᠨ ᠴᠠᠭᠠᠨ ᠴᠠᠰᠤ ᠠᠯᠠᠭᠯᠠᠭᠰᠠᠨ ᠪᠣᠯᠬᠤ ᠳ᠋ᠤ᠌
ᠡᠷᠭᠢᠬᠦ ᠴᠠᠭ ᠤ᠋ᠨ ᠤᠯᠠᠷᠢᠯ ᠢ᠋ ᠭᠠᠢᠬᠠᠨ ᠶᠠᠪᠤᠪᠠ᠃

ᠤᠮᠠᠷᠠᠲᠤ ᠳᠠᠪᠠᠭᠠᠨ ᠤ᠋ ᠣᠷᠣᠢ ᠤᠯᠠᠮ ᠤᠯᠠᠮ ᠣᠢᠷᠠᠲᠤᠬᠤ ᠳ᠋ᠤ᠌
ᠤᠯᠠᠭᠠᠨᠪᠠᠭᠠᠲᠤᠷ ᠬᠣᠲᠠ ᠤᠯᠠᠮ ᠤᠯᠠᠮ ᠬᠣᠯᠠᠳᠠᠨ ᠤᠨᠢᠶᠠᠷᠲᠤᠨ᠎ᠠ᠃
ᠣᠷᠣᠭᠰᠢ ᠬᠡᠳᠦᠨᠲᠡ ᠱᠣᠭᠰᠢᠵᠤ ᠵᠠᠮ ᠢ᠋ ᠳᠥᠭᠥᠨ
ᠬᠣᠢᠰᠢ ᠬᠡᠳᠦᠨᠲᠡ ᠬᠠᠷᠠᠵᠤ ᠬᠣᠲᠠ ᠣᠷᠣᠨ ᠢ᠋ᠶ᠋ᠠᠨ ᠰᠠᠨᠠᠭᠠᠯᠵᠠᠨ ᠶᠠᠪᠤᠪᠠ᠃


ᠮᠠᠨᠢᠲᠤ ᠶ᠋ᠢᠨ ᠳᠠᠪᠠᠭᠠᠨ ᠳᠡᠭᠡᠷ᠎ᠡ ᠨᠢᠭᠡᠨᠲᠡ ᠭᠠᠷᠪᠠᠯ
ᠮᠠᠨ ᠤ᠋ ᠬᠦᠷᠢᠶ᠎ᠡ ᠨᠢᠭᠡᠳ ᠨᠢᠭᠡᠨ ᠢ᠋ᠶ᠋ᠡᠷ ᠦᠵᠡᠭᠳᠡᠨ᠎ᠡ᠃
ᠭᠡᠳᠡᠷᠭᠦ ᠬᠠᠨᠳᠤᠵᠤ ᠰᠡᠳᠬᠢᠯ ᠦ᠋ᠨ ᠳᠣᠲᠣᠷ᠎ᠠ ᠤᠶᠠᠷᠠᠨ ᠶᠣᠰᠣᠯᠠᠭᠠᠳ
ᠶᠡᠬᠡ ᠳᠠᠪᠠᠭᠠᠨ ᠤ᠋ ᠠᠷᠤ ᠵᠠᠮ ᠢ᠋ᠶ᠋ᠠᠷ ᠳᠣᠪᠲᠣᠯᠤᠨ ᠶᠠᠪᠤᠪᠠ᠃

ᠬᠡᠭᠡᠷ᠎ᠡ ᠬᠥᠳᠡᠭᠡ ᠶ᠋ᠢᠨ ᠭᠠᠵᠠᠷ ᠨᠢᠭᠡᠨᠲᠡ ᠪᠣᠯᠤᠭᠠᠳ
ᠠᠭᠤᠯᠠ ᠤᠰᠤ ᠵᠢᠭᠳᠡᠷᠡᠨ ᠡᠪᠡᠰᠦ ᠨᠣᠭᠣᠭ᠎ᠠ ᠦᠷᠭᠦᠯᠵᠢᠯᠡᠵᠡᠢ᠃
ᠲᠣᠯᠣᠭᠠᠢᠲᠤ ᠶ᠋ᠢᠨ ᠳᠠᠪᠠᠭ᠎ᠠ ᠶ᠋ᠢ ᠠᠪᠠᠷᠢᠨ ᠭᠠᠷᠴᠤ ᠭᠡᠳᠡᠷᠭᠦ ᠦᠵᠡᠪᠡᠯ
ᠪᠣᠭᠳᠠ ᠬᠠᠭᠠᠨ ᠠᠭᠤᠯᠠ ᠲᠣᠳᠣᠷᠬᠠᠢ ᠦᠵᠡᠭᠳᠡᠬᠦ ᠨᠢ ᠭᠠᠢᠬᠠᠮᠰᠢᠭᠲᠠᠢ᠃

ᠬᠦᠢ ᠭᠣᠣᠯ ᠤ᠋ᠨ ᠥᠷᠲᠡᠭᠡᠨ ᠳ᠋ᠦ᠍ ᠬᠦᠷᠴᠦ ᠣᠴᠢᠭᠠᠳ
ᠤᠯᠠᠭᠠᠨ ᠤ᠋ ᠮᠣᠷᠢ ᠶ᠋ᠢ ᠬᠠᠯᠠᠵᠤ ᠴᠠᠰᠢ ᠶᠠᠪᠤᠪᠠ᠃
ᠬᠥᠨᠳᠡᠯᠡᠨ ᠭᠤᠯᠳᠤ ᠠᠭᠤᠳᠠᠮ ᠲᠠᠯᠠᠪᠤᠷ ᠭᠠᠵᠠᠷ ᠪᠥᠭᠡᠳ
ᠬᠠᠭᠤᠴᠢᠨ ᠤ᠋ ᠳᠣᠯᠣᠭᠠᠨ ᠬᠤᠰᠢᠭᠤᠨ ᠤ᠋ ᠨᠠᠭᠠᠳᠤᠮ ᠪᠤᠵᠢᠭᠢᠨᠠᠯᠳᠤᠨ ᠪᠠᠢᠵᠠᠢ᠃

ᠪᠤᠷᠭᠠᠯᠲᠠᠢ ᠶ᠋ᠢᠨ ᠥᠷᠲᠡᠭᠡᠨ ᠳ᠋ᠦ᠍ ᠪᠠᠭᠤᠵᠤ ᠠᠮᠠᠷᠠᠭᠠᠳ
ᠪᠦᠷᠦᠢ ᠭᠡᠭᠡ ᠪᠡᠷ ᠰᠢᠨ᠎ᠡ ᠰᠠᠷᠠᠨ ᠤ᠋ ᠭᠡᠷᠡᠯ ᠳ᠋ᠦ᠍ ᠱᠣᠭᠰᠢᠵᠤ᠂ 
ᠬᠣᠨᠴᠠᠯ ᠤ᠋ᠨ ᠥᠷᠲᠡᠭᠡᠨ ᠳ᠋ᠦ᠍ ᠬᠦᠷᠴᠦ ᠪᠠᠭᠤᠳᠠᠯᠯᠠᠨ ᠬᠣᠨᠣᠭᠠᠳ
ᠬᠣᠢᠲᠤ ᠵᠦᠭ ᠥᠷᠯᠥᠭᠡ ᠡᠷᠲᠡᠯᠡᠨ ᠶᠠᠪᠤᠪᠠ᠃

ᠪᠣᠷᠣᠭ᠎ᠠ ᠭᠣᠣᠯ ᠤ᠋ᠨ ᠬᠠᠵᠠᠭᠤ ᠪᠠᠷ ᠥᠭᠰᠥᠨ ᠶᠠᠪᠤᠬᠤ ᠳ᠋ᠤ᠌
ᠪᠤᠭᠤᠳᠠᠢ ᠲᠠᠷᠢᠶᠠᠯᠠᠩ ᠦᠷᠭᠦᠯᠵᠢᠯᠡᠭᠰᠡᠨ ᠨᠢ ᠰᠣᠨᠢᠷᠬᠠᠯ ᠲᠠᠢ ᠪᠥᠭᠡᠳ
ᠪᠢᠳᠡᠨ ᠦ᠌ ᠮᠣᠩᠭᠣᠯ ᠤ᠋ᠨ ᠲᠠᠷᠢᠶᠠᠯᠠᠩ ᠤ᠋ᠨ ᠭᠠᠵᠠᠷ ᠡᠨᠡ ᠣᠷᠴᠢᠮ ᠪᠥᠭᠡᠳ
ᠤᠯᠠᠮ ᠢ᠋ᠶ᠋ᠠᠷ ᠬᠥᠭᠵᠢᠭᠦᠯᠪᠡᠯ ᠠᠷᠠᠳ ᠤ᠋ᠨ ᠠᠮᠢᠳᠤᠷᠠᠯ ᠳ᠋ᠤ᠌ ᠲᠤᠰᠠ ᠲᠠᠢ ᠨᠢ ᠮᠠᠭᠠᠳ᠃


ᠬᠣᠷᠢᠮᠲᠤ ᠶ᠋ᠢᠨ ᠥᠷᠲᠡᠭᠡᠨ ᠳ᠋ᠦ᠍ ᠳᠣᠪᠲᠣᠯᠤᠨ ᠬᠦᠷᠦᠭᠡᠳ
ᠬᠣᠶᠠᠷ ᠨᠥᠬᠥᠷ ᠲᠡᠢ ᠪᠡᠨ ᠤᠴᠠᠷᠠᠵᠤ ᠨᠡᠢᠯᠡᠯᠳᠦᠨ ᠶᠠᠪᠤᠪᠠ᠃
ᠬᠠᠷᠠᠭ᠎ᠠ ᠶ᠋ᠢᠨ ᠥᠷᠲᠡᠭᠡᠨ ᠳ᠋ᠦ᠍ ᠣᠴᠢᠭᠠᠳ ᠠᠵᠢᠭᠯᠠᠨ ᠦᠵᠡᠪᠡᠯ
ᠭᠠᠵᠠᠷ ᠤ᠋ᠨ ᠪᠠᠢᠳᠠᠯ ᠠᠭᠤᠯᠠ ᠤᠰᠤ ᠵᠢᠭᠳᠡᠷᠡᠵᠡᠢ᠃

ᠭᠣᠣᠯ ᠤ᠋ᠨ ᠡᠬᠢᠨ ᠳᠠᠰᠢ ᠰᠠᠷᠠᠭᠤᠯ ᠬᠥᠨᠳᠡᠢ ᠬᠡᠷᠡᠯᠳᠦᠭᠡᠳ
ᠵᠡᠭᠦᠨ ᠬᠣᠢᠲᠤ ᠳ᠋ᠤ᠌ ᠥᠨᠳᠥᠷ ᠨᠢᠷᠤᠭᠤ ᠨᠤᠭᠤᠳ ᠬᠠᠨᠠᠷᠠᠵᠠᠢ᠃
ᠳᠥᠷᠪᠡᠨ ᠵᠦᠢᠯ ᠦ᠋ᠨ ᠮᠠᠯ ᠤ᠋ᠳ ᠡᠨᠳᠡ ᠲᠡᠨᠳᠡ ᠰᠦᠷᠦᠭᠯᠡᠭᠡᠳ
ᠡᠪᠡᠰᠦᠨ ᠦ᠌ ᠰᠣᠷᠭᠣᠭ ᠤᠰᠤᠨ ᠤ᠋ ᠲᠤᠩᠭᠠᠯᠠᠭ ᠢ᠋ ᠳ᠋ᠡᠭᠡᠨ ᠪᠡᠯᠴᠢᠵᠡᠢ᠃

ᠬᠥᠪᠥᠩ ᠴᠠᠭᠠᠨ ᠡᠭᠦᠯᠡ ᠬᠡᠰᠡᠭ ᠬᠡᠰᠡᠭ ᠢ᠋ᠶ᠋ᠡᠷ ᠨᠡᠭᠦᠭᠡᠳ
ᠨᠠᠮᠤᠷ ᠤ᠋ᠨ ᠰᠠᠯᠬᠢ ᠰᠡᠷ ᠰᠡᠷ ᠰᠠᠯᠬᠢᠯᠠᠨ᠎ᠠ᠃
ᠳᠥᠷᠪᠡᠨ ᠵᠦᠭ ᠲᠤᠩᠭᠠᠯᠠᠭ ᠢ᠋ᠶ᠋ᠠᠷ ᠴᠡᠯᠮᠡᠢᠭᠡᠳ
ᠴᠡᠭᠡᠵᠢ ᠳᠦᠭᠦᠷᠡᠩ ᠠᠷᠢᠭᠤᠨ ᠠᠭᠠᠷ ᠠᠮᠢᠰᠬᠤᠯᠯᠠᠨ᠎ᠠ᠃

ᠠᠶ᠎ᠠ ᠠᠭᠤᠳᠠᠮ ᠰᠠᠢᠬᠠᠨ ᠬᠥᠳᠡᠭᠡ ᠶ᠋ᠢᠨ ᠭᠠᠵᠠᠷ ᠭᠡᠭᠴᠢ
ᠨᠡᠭᠦᠳᠡᠯᠴᠢᠨ ᠮᠣᠩᠭᠣᠯ ᠬᠥᠮᠦᠨ ᠦ᠌ ᠰᠡᠳᠬᠢᠯ ᠢ᠋ ᠪᠤᠯᠢᠶᠠᠨ᠎ᠠ᠃
ᠭᠠᠵᠠᠷ ᠣᠷᠣᠨ ᠤ᠋ ᠴᠡᠩᠭᠡᠯ ᠢ᠋ ᠭᠠᠢᠬᠠᠭᠰᠠᠭᠠᠷ ᠪᠥᠭᠡᠳ
ᠡᠯᠳᠡᠪ ᠢ᠋ ᠭᠠᠢᠬᠠᠨ ᠢᠰᠬᠡᠷᠦᠨ ᠭᠢᠩᠭᠢᠨᠡᠭᠰᠡᠭᠡᠷ ᠴᠢᠨᠠᠭᠰᠢ ᠬᠠᠲᠠᠷᠢᠭᠤᠯᠪᠠ᠃

ᠮᠠᠩᠬᠠᠲᠠᠢ ᠶ᠋ᠢᠨ ᠳᠠᠪᠠᠭ᠎ᠠ ᠮᠠᠨᠠᠷᠠᠨ ᠦᠵᠡᠭᠳᠡᠬᠦ ᠪᠥᠭᠡᠳ
ᠮᠠᠨ ᠤ᠋ ᠬᠡᠳᠦᠨ ᠬᠥᠮᠦᠰ ᠳᠠᠪᠬᠢᠭᠤᠯᠤᠭᠰᠠᠭᠠᠷ ᠪᠠᠯ ᠳ᠋ᠤ᠌ ᠬᠦᠷᠪᠡ᠃
ᠬᠤᠰᠢ ᠮᠣᠳᠣ ᠵᠢᠭᠳᠡᠷᠡᠨ ᠤᠷᠭᠤᠭᠰᠠᠨ ᠤ᠋ ᠳᠤᠮᠳᠠᠭᠤᠷ ᠰᠠᠵᠢᠯᠠᠨ ᠠᠪᠠᠷᠢᠵᠤ
ᠪᠡᠷᠬᠡ ᠡᠭᠴᠡ ᠶ᠋ᠢ ᠣᠷᠣᠢ ᠶ᠋ᠢᠨ ᠨᠠᠷᠠ ᠠᠭᠤᠯᠠ ᠶ᠋ᠢᠨ ᠲᠣᠯᠣᠭᠠᠢ ᠳ᠋ᠤ᠌ ᠳᠠᠪᠠᠪᠠ᠃

ᠪᠠᠶᠠᠨ ᠭᠣᠣᠯ ᠤ᠋ᠨ ᠥᠷᠲᠡᠭᠡᠨ ᠳ᠋ᠦ᠍ ᠪᠠᠭᠤᠳᠠᠯᠯᠠᠨ ᠴᠠᠢᠯᠠᠭᠠᠳ
ᠪᠠᠰᠠ ᠮᠣᠷᠳᠠᠨ ᠴᠢᠨᠠᠭᠰᠢ ᠱᠠᠭᠠᠷᠳᠠᠨ ᠶᠠᠪᠤᠪᠠ᠃
ᠰᠠᠷᠠᠭᠤᠯ ᠰᠥᠨᠢ ᠶ᠋ᠢᠨ ᠰᠡᠷᠢᠭᠦᠨ ᠰᠠᠯᠬᠢ ᠶ᠋ᠢ ᠰᠥᠷᠦᠭᠰᠡᠭᠡᠷ
ᠰᠠᠶᠢ ᠥᠷᠮᠦᠭᠲᠠᠢ ᠶ᠋ᠢᠨ ᠥᠷᠲᠡᠭᠡᠨ ᠳ᠋ᠦ᠍ ᠪᠠᠭᠤᠳᠠᠯᠯᠠᠪᠠ᠃

ᠱᠠᠯᠠᠮᠠᠭᠠᠢᠯᠠᠨ ᠪᠡᠯᠡᠳᠬᠡᠭᠦᠯᠵᠦ ᠡᠷᠲᠡᠯᠡᠨ ᠮᠣᠷᠳᠠᠭᠠᠳ
ᠰᠢᠷ᠎ᠠ ᠶ᠋ᠢᠨ ᠭᠣᠣᠯ ᠢ᠋ ᠤᠷᠤᠭᠤᠳᠠᠨ ᠶᠠᠪᠤᠪᠠ᠃
ᠬᠠᠳᠤᠯᠠᠩ ᠲᠠᠷᠢᠶᠠᠯᠠᠩ ᠦᠷᠭᠦᠯᠵᠢᠯᠡᠭᠰᠡᠨ ᠢ᠋ ᠰᠣᠨᠢᠷᠬᠠᠭᠰᠠᠭᠠᠷ
ᠬᠦᠢᠲᠡᠨ ᠦ᠌ ᠥᠷᠲᠡᠭᠡᠨ ᠳ᠋ᠦ᠍ ᠬᠦᠷᠴᠦ ᠤᠯᠠᠭ᠎ᠠ ᠶ᠋ᠢ ᠬᠠᠯᠠᠪᠠ᠃

ᠬᠥᠳᠡᠭᠡ ᠶ᠋ᠢᠨ ᠮᠣᠩᠭᠣᠯᠴᠤᠳ ᠤ᠋ᠨ ᠡᠩᠬᠡ ᠶ᠋ᠢ ᠪᠠᠬᠠᠳᠤᠭᠰᠠᠭᠠᠷ
ᠬᠣᠢᠲᠤ ᠡᠲᠡᠭᠡᠳ ᠲᠥᠮᠥᠰᠥᠲᠦ ᠶ᠋ᠢᠨ ᠳᠠᠪᠠᠭ᠎ᠠ ᠶ᠋ᠢ ᠳᠠᠪᠠᠪᠠ᠃
ᠠᠭᠤᠯᠠ ᠬᠤᠸᠠ ᠶ᠋ᠢᠨ ᠤᠷᠭᠤᠮᠠᠯ ᠪᠣᠳᠠᠰ ᠢ᠋ ᠭᠠᠢᠬᠠᠭᠰᠠᠭᠠᠷ ᠶᠠᠪᠤᠲᠠᠯ᠎ᠠ
ᠤᠳᠠᠯ ᠦᠭᠡᠢ ᠶᠢᠷᠦᠭᠡ ᠶ᠋ᠢᠨ ᠥᠷᠲᠡᠭᠡ ᠳ᠋ᠦ᠍ ᠬᠦᠷᠴᠦ ᠢᠷᠡᠵᠡᠢ᠃

ᠶᠢᠷᠦᠬᠡ ᠮᠥᠷᠡᠨ ᠢ᠋ ᠫᠸᠷᠸᠸᠣᠽ ᠣᠩᠭᠣᠴᠠ② ᠪᠠᠷ ᠭᠠᠲᠤᠯᠤᠭᠠᠳ
ᠣᠷᠣᠢ ᠶ᠋ᠢᠨ ᠰᠡᠷᠢᠭᠦᠨ ᠳ᠋ᠦ᠍ ᠤᠷᠲᠤ ᠬᠣᠭᠣᠯᠠᠢ ᠶ᠋ᠢ ᠥᠭᠰᠥᠪᠡ᠃
ᠴᠠᠭᠠᠨ ᠳᠠᠪᠠᠭ᠎ᠠ ᠶ᠋ᠢ ᠮᠠᠴᠤᠯᠬᠢᠯᠠᠨ ᠳᠠᠪᠠᠵᠤ ᠥᠩᠭᠡᠷᠡᠪᠡᠯ
ᠴᠠᠭᠠᠨ᠎ᠠ ᠬᠣᠯᠠ ᠦᠭᠡᠢ ᠢᠪᠴᠡᠭ ᠦ᠋ᠨ ᠥᠷᠲᠡᠭᠡ ᠳ᠋ᠦ᠍ ᠪᠠᠭᠤᠳᠠᠯᠯᠠᠪᠠ᠃

ᠲᠤᠩ ᠡᠷᠲᠡ ᠪᠣᠰᠴᠤ ᠤᠯᠠᠭᠠᠯᠠᠨ ᠮᠣᠷᠳᠠᠭᠠᠳ
ᠲᠤᠵᠢ ᠶ᠋ᠢᠨ ᠨᠠᠷᠠᠰᠤ ᠶ᠋ᠢ ᠠᠷᠠᠢᠬᠠᠨ ᠥᠩᠭᠡᠷᠡᠵᠦ ᠭᠠᠷᠪᠠᠯ
ᠪᠠᠷᠠᠭᠤᠨ ᠬᠣᠢᠨ᠎ᠠ ᠪᠦᠷᠭᠦᠳ ᠠᠭᠤᠯᠠ ᠲᠦᠩᠰᠦᠢᠨ ᠦᠵᠡᠭᠳᠡᠬᠦ ᠪᠥᠭᠡᠳ
ᠵᠡᠭᠦᠨ ᠬᠣᠢᠨ᠎ᠠ ᠶᠡᠬᠡ ᠨᠢᠷᠤᠭᠤᠳ ᠦᠷᠭᠦᠯᠵᠢᠯᠡᠨ ᠪᠠᠢᠨ᠎ᠠ᠃

ᠬᠣᠢᠲᠤ ᠡᠩᠭᠡᠷ ᠲᠦ᠍ ᠠᠯᠲᠠᠨᠪᠤᠯᠠᠭ ᠬᠣᠲᠠ③ ᠢᠯᠡᠬᠡᠨ ᠦᠵᠡᠭᠳᠡᠬᠦ ᠨᠢ ᠬᠤᠷᠳᠤᠯᠠᠨ
ᠳᠠᠪᠬᠢᠭᠰᠠᠭᠠᠷ ᠤᠳᠠᠯ ᠦᠭᠡᠢ ᠬᠦᠷᠪᠡ᠃
ᠬᠠᠭᠤᠴᠢᠨ ᠨᠠᠰᠢ ᠴᠠᠰᠢ ᠶᠠᠪᠤᠬᠤ ᠳ᠋ᠤ᠌ ᠲᠠᠭᠠᠷᠠᠭᠰᠠᠭᠠᠷ ᠪᠠᠢᠭᠰᠠᠨ ᠲᠤᠯᠠ
ᠲᠦᠷ ᠪᠠᠭᠤᠳᠠᠯᠯᠠᠨ ᠪᠠᠢᠭᠠᠳ ᠴᠠᠰᠢ ᠬᠢᠯᠢ ᠳᠠᠪᠠᠪᠠ᠃

ᠬᠢᠵᠠᠭᠠᠷ ᠤ᠋ᠨ ᠪᠣᠭᠣᠮᠲᠠ ᠶ᠋ᠢᠨ ᠭᠠᠵᠠᠷ ᠬᠢᠯᠪᠠᠷ ᠨᠡᠪᠲᠡᠷᠡᠭᠦᠯᠦᠭᠰᠡᠨ ᠪᠣᠯᠪᠠᠴᠤ
ᠭᠠᠢᠯᠢ ᠶ᠋ᠢᠨ ᠭᠠᠵᠠᠷ ᠪᠠᠢᠴᠠᠭᠠᠨ ᠨᠡᠩᠵᠢᠬᠦ ᠶᠡᠬᠡ ᠶᠠᠷᠰᠢᠭ ᠲᠠᠢ ᠪᠠᠢᠪᠠ᠃ 
ᠰ ᠰ   ᠰ ᠷ ᠤᠯᠤᠰ ᠤ᠋ᠨ ᠬᠢᠯᠢ ᠳ᠋ᠦ᠍ ᠨᠢᠭᠡᠨᠲᠡ ᠣᠷᠣᠮᠠᠭᠴᠠ
ᠡᠯᠳᠡᠪ ᠵᠦᠢᠯ ᠴᠥᠮ ᠭᠠᠳᠠᠭᠠᠳᠤ ᠶ᠋ᠢᠨ ᠪᠠᠢᠳᠠᠯ ᠪᠣᠯᠪᠠ᠃( ᠷᠦᠢᠼᠺᠥᠰᠡᠧᠰᠺ④)

ᠬᠣᠲᠠ ᠪᠠᠭᠤᠳᠠᠯ ᠤ᠋ᠨ ᠭᠠᠵᠠᠷ ᠰᠠᠭᠤᠵᠤ ᠴᠢᠨᠠᠭᠰᠢ ᠶᠠᠪᠤᠬᠤ ᠶ᠋ᠢ ᠬᠦᠯᠢᠶᠡᠨ᠎ᠡ᠃
ᠬᠣᠢᠲᠤ ᠡᠩᠭᠡᠷ ᠣᠷᠣᠰ ᠤ᠋ᠨ ᠬᠢᠯᠢ ᠡᠴᠡ ᠣᠷᠣᠭᠰᠢ ᠮᠣᠩᠭᠣᠯ ᠤ᠋ᠨ ᠨᠤᠲᠤᠭ ᠢ᠋ ᠰᠣᠨᠢᠷᠬᠠᠨ ᠪᠠᠢᠪᠠ᠃
ᠭᠤᠷᠪᠠᠨ ᠬᠣᠨᠣᠭ ᠪᠣᠯᠵᠤ ᠠᠭᠤᠷ ᠤ᠋ᠨ ᠲᠡᠷᠭᠡ ᠪᠡᠷ ᠴᠢᠨᠠᠭᠰᠢ ᠶᠠᠪᠤᠭᠠᠳ
ᠡᠯᠡᠰᠦᠲᠦ ᠳᠠᠪᠠᠭ᠎ᠠ ᠶ᠋ᠢ ᠳᠠᠪᠠᠵᠤ ᠰᠡᠯᠡᠩᠭᠡ ᠶ᠋ᠢᠨ ᠬᠥᠪᠡᠭᠦᠨ ᠳ᠋ᠦ᠍ ᠣᠴᠢᠪᠠ᠃

ᠡᠪᠦᠯ ᠦ᠋ᠨ ᠤᠯᠠᠷᠢᠯ ᠣᠢᠷᠠᠲᠤᠵᠤ ᠭᠣᠣᠯ ᠤ᠋ᠨ ᠤᠰᠤ ᠲᠠᠲᠠᠷᠠᠭᠰᠠᠨ ᠤᠴᠢᠷ
ᠠᠭᠤᠷ ᠤ᠋ᠨ ᠣᠩᠭᠣᠴᠠ ᠰᠠᠭᠠᠳᠤᠭᠰᠠᠨ ᠢ᠋ ᠨᠢᠭᠡ ᠬᠣᠨᠣᠭ ᠬᠦᠯᠢᠶᠡᠪᠡ᠃
ᠬᠦᠯᠢᠶᠡᠨ ᠬᠦᠯᠢᠶᠡᠵᠦ ᠶᠠᠳᠠᠨ ᠤᠢᠳᠬᠠᠷᠯᠠᠭᠠᠳ ᠶᠠᠭᠠᠷᠠᠬᠤ ᠳ᠋ᠠᠭᠠᠨ
ᠬᠣᠶᠠᠷ ᠣᠷᠣᠰ ᠨᠥᠬᠥᠳ ᠲᠡᠢ ᠮᠣᠷᠢᠨ ᠲᠡᠷᠭᠡ ᠪᠡᠷ ᠬᠠᠲᠠᠷᠢᠭᠤᠯᠪᠠ᠃

ᠣᠷᠣᠰ ᠫᠠᠭᠠᠷ ᠲᠡᠷᠭᠡ⑤ ᠸᠠ ᠸᠠ᠂ ᠳ᠋ᠠᠢ ᠳ᠋ᠠᠢ ᠳ᠋ᠠᠢ ᠲᠠᠷᠴᠢᠭᠢᠨᠠᠭᠤᠯᠤᠭᠰᠠᠭᠠᠷ
ᠲᠡᠷᠡ ᠣᠷᠣᠢ ᠨᠢᠭᠡ ᠲᠣᠰᠬᠣᠨ ᠳ᠋ᠤ᠌ ᠪᠠᠭᠤᠳᠠᠯᠯᠠᠨ ᠬᠣᠨᠣᠪᠠ᠃
ᠢᠷᠡᠬᠦ ᠥᠷᠯᠥᠭᠡ ᠨᠢ ᠡᠷᠲᠡᠯᠡᠨ ᠰᠡᠯᠡᠩᠭᠡ ᠮᠥᠷᠡᠨ ᠢ᠋ ᠲᠠᠰᠢᠭᠤᠯᠤᠨ ᠭᠠᠷᠤᠭᠠᠳ
ᠰᠢᠨ᠎ᠡ ᠬᠠᠭᠤᠴᠢᠨ ᠰᠦᠮ᠎ᠡ ᠶ᠋ᠢᠨ ᠳᠡᠷᠭᠡᠳᠡᠭᠦᠷ ᠳᠠᠭᠠᠷᠢᠨ ᠶᠠᠪᠤᠪᠠ᠃

ᠶᠠᠪᠤᠬᠤ ᠵᠠᠮ ᠪᠤᠷᠢᠶᠠᠳ ᠮᠣᠩᠭᠣᠯ ᠤ᠋ᠨ ᠨᠤᠲᠤᠭ ᠪᠥᠭᠡᠳ
ᠪᠠᠢᠳᠠᠯ ᠨᠢ ᠣᠷᠣᠰ ᠭᠠᠵᠠᠷ ᠮᠡᠲᠦ ᠪᠣᠯᠪᠠᠴᠤ ᠮᠣᠩᠭᠣᠯ ᠭᠠᠵᠠᠷ ᠲᠠᠢ ᠣᠢᠷᠠᠯᠴᠠᠭ᠎ᠠ᠃
ᠬᠥᠳᠡᠭᠡ ᠶ᠋ᠢᠨ ᠪᠤᠷᠢᠶᠠᠳ ᠠᠢᠯ ᠴᠥᠭᠡᠨ᠂ ᠫᠧᠩ ᠰᠠᠷᠠᠪᠴᠢ ᠪᠠᠷ ᠪᠠᠭᠤᠷᠢᠯᠠᠭᠰᠠᠨ ᠪᠥᠭᠡᠳ
ᠬᠡᠳᠦᠨ ᠮᠠᠯ᠂ ᠬᠡᠰᠡᠭ ᠬᠠᠳᠤᠯᠠᠩ ᠲᠠᠷᠢᠶᠠᠯᠠᠩ ᠢ᠋ ᠠᠵᠢᠯᠯᠠᠨ ᠰᠠᠭᠤᠨ᠎ᠠ᠃

ᠬᠣᠢᠲᠤ ᠵᠦᠭ ᠳᠠᠷᠳᠠᠩ ᠵᠠᠮ ᠢ᠋ᠶ᠋ᠠᠷ ᠳᠠᠪᠬᠢᠭᠤᠯᠤᠨ ᠶᠠᠪᠤᠭᠰᠠᠭᠠᠷ
ᠬᠣᠶᠠᠷ ᠭᠤᠷᠪᠠᠨ ᠬᠤᠸᠠ ᠶ᠋ᠢ ᠳᠠᠪᠠᠪᠠ᠃
ᠬᠥᠰᠢ ᠠᠭᠤᠷ ᠠᠭᠤᠳᠠᠮ ᠬᠥᠨᠳᠡᠢ ᠮᠡᠯᠴᠡᠢᠨ ᠶᠡᠬᠡ ᠪᠥᠭᠡᠳ
ᠬᠣᠢᠲᠤ ᠡᠲᠡᠭᠡᠳ ᠲᠦ᠍ ᠶᠡᠬᠡ ᠠᠭᠤᠯᠠ ᠬᠠᠨᠠᠷᠠᠨ ᠦᠵᠡᠭᠳᠡᠨ᠎ᠡ᠃

ᠠᠭᠤᠯᠠᠰ ᠤ᠋ᠨ ᠣᠷᠣᠢ ᠪᠠᠷ ᠡᠭᠦᠯᠡ ᠮᠠᠨᠠᠨ ᠪᠤᠲᠠᠷᠠᠭᠠᠳ
ᠤᠳᠠᠯ ᠦᠭᠡᠢ ᠬᠦᠢᠲᠡᠨ ᠰᠢᠮᠠᠷᠭ᠎ᠠ ᠪᠤᠲᠠᠷᠠᠨ ᠣᠷᠣᠪᠠ᠃
ᠲᠡᠷᠭᠡᠨ ᠦ᠌ ᠪᠦᠷᠬᠦᠭᠦᠯ ᠢ᠋ᠶ᠋ᠡᠷ ᠬᠦᠢᠲᠡᠨ ᠢ᠋ ᠬᠠᠮᠠᠭᠠᠯᠠᠭᠰᠠᠭᠠᠷ
ᠵᠠᠮ ᠤ᠋ᠨ ᠠᠢᠯ ᠳ᠋ᠤ᠌ ᠪᠠᠭᠤᠵᠤ ᠴᠠᠢᠯᠠᠭᠠᠳ ᠴᠢᠨᠠᠭᠰᠢ ᠶᠠᠪᠤᠪᠠ᠃

ᠣᠷᠣᠢ ᠪᠦᠷᠦᠢ ᠪᠡᠷ ᠱᠠᠭᠠᠷᠳᠠᠨ ᠳᠠᠪᠬᠢᠭᠤᠯᠤᠭᠰᠠᠭᠠᠷ
ᠤᠳᠠᠯ ᠦᠭᠡᠢ ᠡᠪᠦᠭᠡᠨ ᠭᠡᠳᠡᠭ ᠭᠠᠵᠠᠷ ᠬᠦᠷᠴᠦ ᠪᠠᠭᠤᠪᠠ᠃
ᠥᠷᠯᠥᠭᠡ ᠡᠷᠲᠡᠯᠡᠨ ᠪᠣᠰᠴᠤ ᠴᠠᠢ ᠢᠳᠡᠭᠡ ᠶ᠋ᠢ ᠪᠠᠵᠠᠭᠠᠭᠠᠳ
ᠴᠠᠭᠠᠨ ᠬᠢᠷᠠᠭᠤᠨ ᠤ᠋ ᠳᠤᠮᠳᠠᠭᠤᠷ ᠴᠢᠨᠠᠭᠰᠢ ᠬᠠᠲᠠᠷᠢᠭᠤᠯᠪᠠ᠃

ᠶᠠᠪᠤᠬᠤ ᠵᠠᠮ ᠳ᠋ᠤ᠌ ᠪᠤᠷᠢᠶᠠᠳ ᠤ᠋ᠨ ᠨᠢᠭᠡᠨ ᠬᠡᠢᠳ ᠪᠣᠢ
ᠪᠠᠢᠳᠠᠯ ᠳᠦᠷᠰᠦ ᠮᠣᠩᠭᠣᠯ ᠤ᠋ᠨ ᠬᠡᠢᠳ ᠡᠴᠡ ᠢᠯᠭᠠᠯ ᠦᠭᠡᠢ᠃
ᠬᠠᠵᠠᠭᠤ ᠶ᠋ᠢᠨ ᠠᠭᠤᠯᠠᠨ ᠳ᠋ᠤ᠌ ᠷᠠᠰᠢᠶᠠᠨ ᠤᠰᠤ ᠪᠣᠢ ᠪᠥᠭᠡᠳ 
ᠤᠷᠲᠤ ᠮᠣᠳᠣᠨ ᠬᠣᠭᠣᠯᠠᠢ ᠪᠠᠷ ᠬᠡᠢᠳ ᠲᠡᠰᠢ ᠣᠷᠭᠢᠭᠤᠯᠵᠠᠢ᠃

ᠬᠡᠳᠦ ᠬᠡᠳᠦᠨ ᠳᠠᠪᠠᠭ᠎ᠠ ᠶ᠋ᠢ ᠳᠠᠪᠠᠨ ᠥᠩᠭᠡᠷᠡᠵᠦ
ᠬᠥᠳᠡᠭᠡ ᠶ᠋ᠢᠨ ᠠᠢᠯ ᠳ᠋ᠤ᠌ ᠴᠠᠢᠯᠠᠭᠠᠳ ᠮᠣᠷᠳᠠᠪᠠ᠃
ᠴᠢᠨᠠᠭᠰᠢ ᠵᠠᠮ ᠤ᠋ᠨ ᠬᠠᠵᠠᠭᠤ ᠶ᠋ᠢᠨ ᠮᠣᠳᠣᠨ ᠤ᠋ ᠬᠡᠮᠵᠢᠶ᠎ᠡ ᠶ᠋ᠢ ᠲᠣᠭᠠᠯᠠᠨ
ᠬᠣᠯᠠ ᠶ᠋ᠢᠨ ᠪᠠᠷ᠎ᠠ ᠶ᠋ᠢ ᠬᠠᠷᠠᠭᠰᠠᠭᠠᠷ ᠶᠠᠪᠤᠪᠠ᠃

ᠵᠢᠪᠠᠷ ᠲᠠᠢ ᠰᠠᠯᠬᠢ ᠶ᠋ᠢ ᠥᠭᠰᠥᠨ ᠳᠠᠪᠬᠢᠭᠤᠯᠵᠤ
ᠲᠠᠮᠠᠬᠢ ᠪᠠᠨ ᠲᠡᠳᠡᠨ ᠶᠠᠷᠢᠯᠴᠠᠭᠰᠠᠭᠠᠷ ᠶᠠᠪᠤᠲᠠᠯ᠎ᠠ
ᠵᠡᠭᠦᠨ ᠬᠣᠢᠲᠤ ᠨᠢᠷᠤᠭᠤᠨ ᠤ᠋ ᠳᠣᠣᠷ᠎ᠠ ᠦᠳᠡ ᠬᠣᠲᠠ ᠤᠨᠢᠶᠠᠷᠲᠤᠭᠠᠳ
ᠬᠠᠵᠠᠭᠤ ᠶ᠋ᠢᠨ ᠡᠩᠭᠡᠷ ᠢ᠋ᠶ᠋ᠡᠷ ᠭᠠᠯᠲᠤ ᠲᠡᠷᠭᠡᠨ ᠦ᠌ ᠤᠲᠤᠭ᠎ᠠ ᠣᠷᠬᠢᠵᠤ ᠪᠠᠢᠪᠠ᠃

ᠬᠣᠲᠠ ᠶ᠋ᠢᠨ ᠪᠠᠷ᠎ᠠ ᠦᠵᠡᠭᠳᠡᠨ ᠵᠠᠮ ᠤ᠋ᠨ ᠦᠵᠦᠭᠦᠷ ᠣᠢᠷᠠᠲᠤᠬᠤ ᠳ᠋ᠤ᠌
ᠵᠢᠯᠣᠭᠣᠴᠢ ᠬᠥᠮᠦᠨ ᠦ᠌ ᠨᠢᠳᠦ ᠰᠡᠷᠪᠡᠯᠵᠡᠵᠦ ᠢᠰᠬᠡᠷᠦᠨ ᠲᠠᠰᠢᠭᠤᠷᠳᠠᠮᠠᠭᠴᠠ
ᠬᠥᠯᠯᠡᠭᠰᠡᠨ ᠮᠣᠷᠢᠨ ᠤ᠋ ᠬᠠᠮᠠᠷ ᠨᠢ ᠣᠩᠭᠣᠯᠵᠠᠵᠤ ᠲᠡᠮᠡᠦᠯᠦᠨ ᠳᠠᠪᠬᠢᠭᠠᠳ
ᠲᠡᠷᠭᠡᠨ ᠦ᠌ ᠬᠣᠩᠬᠣ ᠪᠠᠨ ᠬᠠᠷᠴᠢᠭᠢᠨᠠᠭᠤᠯᠤᠭᠰᠠᠭᠠᠷ ᠰᠡᠯᠡᠩᠭᠡ ᠶ᠋ᠢᠨ ᠬᠥᠪᠡᠭᠦᠨ ᠳ᠋ᠦ᠍ ᠣᠴᠢᠪᠠ᠃

ᠶᠡᠬᠡ ᠮᠤᠷᠠᠨ ᠢ᠋ ᠪᠸᠷᠸᠸᠤᠽᠢ ᠣᠩᠭᠣᠴᠠ ᠪᠠᠷ ᠭᠠᠲᠤᠯᠬᠤ ᠲᠤᠯᠠ
ᠡᠳᠦᠢ ᠲᠡᠳᠦᠢ ᠠᠶᠠᠨᠴᠢᠨ ᠳᠠᠷᠠᠭᠠᠯᠠᠨ ᠪᠠᠢᠨ᠎ᠠ᠃
ᠲᠡᠷᠲᠡᠭᠡ ᠮᠣᠷᠢ ᠪᠢᠳᠡ ᠪᠦᠭᠦᠳᠡᠭᠡᠷ ᠢ᠋ᠶ᠋ᠡᠨ ᠣᠩᠭᠣᠴᠠ ᠪᠠᠷ ᠭᠠᠲᠤᠯᠤᠭᠠᠳ
ᠡᠯᠡᠰᠦ ᠶ᠋ᠢ ᠪᠤᠵᠢᠭᠢᠨᠠᠭᠤᠯᠤᠭᠰᠠᠭᠠᠷ ᠦᠳᠡ ᠬᠣᠲᠠᠨ᠎ᠠ⑥ᠳᠠᠪᠬᠢᠨ ᠣᠷᠣᠪᠠ᠃

ᠶᠡᠬᠡ ᠭᠤᠳᠤᠮᠵᠢᠨ ᠤ᠋ ᠠᠮᠠᠰᠠᠷ ᠳᠡᠭᠡᠷ᠎ᠡ ᠮᠣᠩᠭᠣᠯ ᠨᠥᠬᠥᠳ ᠲᠡᠢ ᠤᠴᠠᠷᠠᠯᠳᠤᠨ
ᠲᠦᠳᠡᠯ ᠦᠭᠡᠢ ᠨᠢᠭᠡᠨ ᠪᠠᠭᠤᠳᠠᠯ ᠤ᠋ᠨ ᠭᠠᠵᠠᠷ ᠲᠤ᠌ ᠪᠠᠭᠤᠪᠠ᠃
ᠨᠢᠭᠡ ᠵᠡᠷᠭᠡ ᠴᠠᠢ ᠬᠣᠭᠣᠯᠠ ᠶ᠋ᠢ ᠪᠠᠵᠠᠭᠵᠤ ᠠᠮᠤᠰᠬᠢᠬᠰᠡᠨ ᠦ᠌ ᠳᠠᠷᠠᠭ᠎ᠠ
ᠨᠥᠬᠥᠳ ᠡᠨᠡ ᠲᠡᠷᠡ ᠪᠡᠷ ᠶᠠᠪᠤᠯᠴᠠᠭᠠᠳ ᠴᠢᠨᠠᠭᠰᠢ ᠶᠠᠪᠤᠬᠤ ᠶ᠋ᠢ ᠵᠠᠪᠳᠤᠪᠠ᠃

ᠭᠠᠯᠲᠤ ᠲᠡᠷᠭᠡᠨ ᠦ᠌ ᠥᠷᠲᠡᠭᠡᠨ ᠳ᠋ᠦ᠍ ᠣᠴᠢᠵᠤ ᠡᠳᠦᠷ ᠴᠠᠭ ᠢ᠋ ᠠᠰᠠᠭᠤᠭᠠᠳ
ᠭᠡᠳᠡᠷᠭᠦ ᠢᠷᠡᠵᠦ ᠰᠤᠯᠠ ᠦᠭᠡ ᠶ᠋ᠢ ᠶᠠᠷᠢᠯᠴᠠᠨ ᠪᠠᠢᠪᠠ᠃
ᠭᠡᠲᠡᠯ᠎ᠡ ᠬᠡᠳᠦᠨ ᠴᠠᠭ ᠥᠩᠭᠡᠷᠡᠭᠡᠳ ᠶᠠᠪᠤᠬᠤ ᠴᠠᠭ ᠪᠣᠯᠤᠭᠰᠠᠨ ᠲᠤᠯᠠ
ᠥᠷᠲᠡᠭᠡᠨ ᠳ᠋ᠦ᠍ ᠣᠴᠢᠵᠤ ᠰᠥᠨᠢ ᠶ᠋ᠢᠨ ᠬᠣᠶᠠᠷ ᠴᠠᠭ ᠲᠤ ᠭᠠᠯᠲᠤ ᠲᠡᠷᠭᠡᠨ ᠳ᠋ᠦ᠍ ᠰᠠᠭᠤᠪᠠ᠃

ᠭᠠᠯᠲᠤ ᠲᠡᠷᠭᠡ ᠭᠡᠭᠴᠢ ᠥᠷᠲᠡᠭᠡᠨ ᠦ᠌ ᠤᠯᠠᠭ᠎ᠠ ᠲᠠᠢ ᠠᠳᠠᠯᠢ ᠦᠭᠡᠢ ᠲᠤᠯᠠ
ᠣᠷᠣᠭᠰᠠᠨ ᠳᠠᠷᠤᠢ ᠳ᠋ᠤ᠌ ᠣᠷᠣ ᠶ᠋ᠢ ᠣᠯᠵᠤ ᠳᠠᠪᠠᠯᠠᠨ ᠰᠠᠭᠤᠨ᠎ᠠ᠃
ᠰᠥᠨᠢ ᠤᠨᠲᠠᠭᠠᠳ ᠥᠷᠯᠥᠭᠡ ᠪᠣᠰᠴᠤ ᠦᠵᠡᠪᠡᠯ
ᠪᠠᠢᠭᠠᠯ ᠨᠠᠭᠤᠷ ᠤ᠋ᠨ ᠬᠥᠪᠡᠭᠦᠨ ᠳ᠋ᠦ᠍ ᠢᠷᠡᠭᠡᠳ ᠪᠠᠢᠨ᠎ᠠ᠃

ᠭᠠᠵᠠᠷ ᠣᠷᠣᠨ ᠦᠵᠡᠰᠬᠦᠯᠡᠩ ᠲᠡᠢ ᠰᠠᠢᠬᠠᠨ ᠪᠥᠭᠡᠳ
ᠡᠨᠡ ᠡᠲᠡᠭᠡᠳ ᠲᠦ᠍ ᠥᠨᠳᠥᠷ ᠠᠭᠤᠯᠠ ᠬᠠᠨᠠᠷᠠᠭᠰᠠᠨ ᠨᠢ
ᠨᠥᠭᠦᠭᠡ ᠡᠲᠡᠭᠡᠳ ᠲᠦ᠍ ᠶᠡᠬᠡ ᠨᠠᠭᠤᠷ ᠬᠢᠵᠠᠭᠠᠷ ᠦᠭᠡᠢ ᠴᠡᠯᠡᠢᠭᠡᠳ
ᠦᠨᠡᠬᠡᠷ ᠰᠠᠢᠬᠠᠨ ᠬᠦᠰᠡᠯ ᠲᠡᠢ ᠭᠠᠵᠠᠷ ᠪᠠᠢᠪᠠ᠃

ᠶᠡᠬᠡ ᠨᠠᠭᠤᠷ ᠭᠦᠨ ᠥᠷᠭᠡᠨ ᠢ᠋ᠶ᠋ᠡᠷ ᠮᠡᠯᠮᠡᠶ᠋ᠢᠭᠡᠳ
ᠴᠢᠨᠠᠭᠰᠢ ᠬᠢᠵᠠᠭᠠᠷ ᠦᠭᠡᠢ ᠲᠩᠷᠢ ᠲᠡᠢ ᠵᠡᠷᠭᠡᠯᠡᠨ ᠵᠠᠯᠭᠠᠯᠳᠤᠵᠠᠢ᠃
ᠲᠤᠩᠭᠠᠯᠠᠭ ᠤᠰᠤ ᠬᠠᠷ᠎ᠠ ᠬᠥᠬᠡ ᠥᠩᠭᠡ ᠪᠡᠷ ᠬᠡᠷᠡᠯᠳᠦᠭᠡᠳ
ᠵᠢᠭᠳᠡᠯᠡᠭᠰᠡᠨ ᠳᠣᠯᠭᠢᠶᠠᠨ ᠦᠶᠡᠷᠯᠡᠨ ᠬᠠᠶᠠᠯᠠᠵᠤ ᠪᠠᠢᠨ᠎ᠠ᠃

ᠵᠠᠬ᠎ᠠ ᠬᠥᠪᠡᠭᠡ ᠪᠡᠷ ᠵᠢᠭᠠᠰᠤᠴᠢᠨ ᠠᠷᠠᠳ ᠪᠠᠭ᠎ᠠ ᠣᠩᠭᠣᠴᠠ ᠪᠠᠷ ᠶᠠᠪᠤᠭᠠᠳ
ᠴᠠᠭᠠᠨ᠎ᠠ ᠨᠢ ᠳᠠᠯᠪᠠᠭᠠᠲᠤ ᠪᠠ ᠠᠭᠤᠷ ᠤ᠋ᠨ ᠣᠩᠭᠣᠴᠠ ᠨᠤᠭᠤᠳ ᠦᠵᠡᠭᠳᠡᠨ᠎ᠡ᠃
ᠰᠠᠷᠠᠯ ᠰᠢᠪᠠᠭᠤᠳ ᠤᠰᠤᠨ ᠳᠡᠭᠡᠭᠦᠷ ᠵᠢᠷᠭᠢᠯᠳᠦᠨ ᠨᠢᠰᠦᠭᠡᠳ
ᠵᠢᠭᠠᠰᠤ ᠵᠢᠷᠠᠭᠠᠬᠠᠢ ᠡᠨᠳᠡ ᠲᠡᠨᠳᠡ ᠫᠣᠯ ᠫᠣᠯ ᠬᠢᠵᠦ ᠪᠠᠢᠨ᠎ᠠ᠃

ᠤᠯᠠᠢᠨ ᠬᠠᠷᠠᠪᠠᠯ ᠥᠨᠳᠥᠷ ᠠᠭᠤᠯᠠ ᠶ᠋ᠢᠨ ᠱᠣᠪᠬᠣ ᠦᠵᠦᠭᠦᠷ
ᠬᠤᠷᠴᠠ ᠬᠢᠩᠭᠠᠨ ᠰᠦᠷ ᠵᠢᠪᠬᠤᠯᠠᠩ ᠲᠠᠢ ᠪᠥᠭᠡᠳ
ᠣᠷᠣᠢ ᠳ᠋ᠤ᠌ ᠲᠤᠩ ᠴᠠᠭᠠᠨ ᠴᠠᠰᠤ ᠭᠢᠯᠲᠦᠭᠡᠨᠡᠭᠡᠳ
ᠡᠭᠦᠯᠡ ᠮᠠᠨᠠᠨ ᠬᠣᠣᠰᠯᠠᠵᠤ ᠦᠷᠭᠦᠯᠵᠢᠯᠡᠨ ᠲᠤᠨᠵᠠᠢ᠃

ᠣᠢ ᠮᠣᠳᠣ ᠨᠢᠭᠲᠠ ᠵᠤᠵᠠᠭᠠᠨ ᠣᠷᠭᠣᠭᠠᠳ
ᠪᠠᠯᠠᠷ ᠨᠣᠭᠣᠭᠠᠨ ᠥᠩᠭᠡ ᠪᠡᠷ ᠠᠭᠤᠯᠠᠰ ᠢ᠋ ᠪᠦᠷᠬᠦᠵᠡᠢ᠃
ᠡᠪᠡᠰᠦ ᠨᠣᠭᠣᠭ᠎ᠠ ᠰᠠᠬᠤᠯᠠᠭ ᠢ᠋ᠶ᠋ᠠᠷ ᠵᠢᠭᠳᠡᠷᠡᠨ ᠳᠡᠯᠭᠡᠷᠡᠭᠡᠳ
ᠠᠷᠢᠭᠤᠨ ᠠᠭᠠᠷ ᠶᠡᠬᠡᠯ᠎ᠡ ᠲᠠᠭᠠᠯᠠᠮᠵᠢᠲᠠᠢ᠃

ᠠᠭᠤᠯᠠ ᠶ᠋ᠢᠨ ᠬᠣᠷᠮᠣᠢ ᠳᠠᠯᠠᠢ ᠶ᠋ᠢᠨ ᠡᠷᠭᠢ ᠶ᠋ᠢ ᠳᠠᠭᠠᠭᠤᠯᠤᠨ
ᠪᠡᠷᠬᠡ ᠶ᠋ᠢ ᠵᠠᠰᠠᠵᠤ ᠲᠡᠮᠦᠷ ᠵᠠᠮ ᠢ᠋ ᠪᠠᠢᠭᠤᠯᠤᠭᠰᠠᠨ ᠪᠥᠭᠡᠳ
ᠨᠢᠭᠡ ᠲᠠᠯ᠎ᠠ ᠠ᠋ᠴᠠ ᠠᠭᠤᠯᠠ ᠶ᠋ᠢᠨ ᠤᠯᠠᠭᠠᠨ ᠬᠠᠳᠠ ᠬᠠᠪᠴᠢᠭᠠᠳ
ᠨᠢᠭᠡ ᠲᠠᠯ᠎ᠠ ᠠ᠋ᠴᠠ ᠭᠦᠨ ᠨᠠᠭᠤᠷ ᠤ᠋ᠨ ᠬᠥᠪᠡᠭᠡ ᠲᠤᠯᠤᠭᠰᠠᠨ ᠨᠢ ᠰᠦᠷ ᠲᠡᠢ᠃

ᠠᠭᠤᠯᠠ ᠤᠰᠤ ᠲᠠᠢ ᠵᠠᠯᠭᠠᠯᠳᠤᠭᠰᠠᠨ ᠣᠯᠠᠨ ᠭᠠᠴᠠᠭ᠎ᠠ ᠶ᠋ᠢ ᠴᠣᠭᠣᠯᠵᠤ
ᠨᠦᠬᠡᠨ ᠵᠠᠮ ᠢ᠋ ᠪᠠᠢᠭᠤᠯᠤᠭᠰᠠᠨ ᠨᠢ ᠰᠣᠨᠢᠨ ᠪᠥᠭᠡᠳ
ᠦᠶ᠎ᠡ ᠦᠶ᠎ᠡ ᠲᠣᠬᠢᠶᠠᠯᠳᠤᠵᠤ ᠰᠢᠷᠭᠤᠨ ᠭᠠᠷᠤᠭᠰᠠᠭᠠᠷ
ᠤᠳᠠᠯ ᠦᠭᠡᠢ ᠠᠩᠭᠠᠷ ᠮᠥᠷᠡᠨ ᠦ᠌ ᠬᠥᠪᠡᠭᠦᠨ ᠳ᠋ᠦ᠍ ᠢᠷᠡᠪᠡ᠃

ᠶᠡᠬᠡ ᠮᠥᠷᠡᠨ ᠦ᠌ ᠬᠥᠪᠡᠭᠡ ᠪᠡᠷ ᠶᠠᠪᠤᠭᠰᠠᠭᠠᠷ
ᠡᠷᠬᠡᠦ ⑦ ᠳᠣᠪᠲᠣᠯᠤᠨ ᠬᠦᠷᠴᠦ ᠣᠴᠢᠪᠠ᠃
ᠥᠷᠲᠡᠭᠡᠨ ᠦ᠌ ᠭᠠᠵᠠᠷ ᠪᠠᠭᠤᠳᠠᠯᠯᠠᠬᠤ ᠳᠡᠯᠢᠮ ᠢ᠋ᠶ᠋ᠡᠷ
ᠬᠣᠲᠠ ᠶ᠋ᠢᠨ ᠵᠠᠬ᠎ᠠ ᠶ᠋ᠢ ᠰᠣᠨᠢᠷᠬᠠᠨ ᠦᠵᠡᠪᠡ᠃

ᠲᠡᠮᠦᠷ ᠭᠦᠦᠷ ᠢ᠋ᠶ᠋ᠡᠷ ᠠᠩᠭᠠᠷ ᠢ᠋ ᠭᠠᠲᠤᠯᠤᠭᠠᠳ ᠴᠢᠨᠠᠭᠰᠢᠯᠬᠤ ᠳᠣᠳᠣᠮ
ᠥᠨᠳᠥᠷ ᠠᠭᠤᠯᠠ ᠭᠦᠨ ᠤᠰᠤᠨ ᠠ᠋ᠴᠠ ᠤᠯᠠᠮ ᠤᠯᠠᠮ ᠬᠣᠯᠠᠳᠤᠨ᠎ᠠ᠃
ᠳᠣᠣᠷᠠᠲᠤ ᠦᠳᠡ ᠬᠣᠲᠠ ᠶ᠋ᠢ ᠨᠢᠭᠡ ᠬᠣᠨᠣᠭ ᠳᠡᠭᠡᠷ᠎ᠡ ᠳᠠᠭᠠᠷᠢᠭᠠᠳ
ᠴᠢᠨᠠᠭᠰᠢ ᠤᠷᠲᠤ ᠠᠶᠠᠨ ᠤ᠋ ᠵᠠᠮ ᠳ᠋ᠤ᠌ ᠭᠦᠨ᠎ᠡ ᠣᠷᠣᠪᠠ᠃

ᠤᠷᠲᠤ ᠮᠥᠷᠡᠨ ᠶᠧᠨᠢᠰᠧᠢ ᠶ᠋ᠢᠨ ᠬᠥᠪᠡᠭᠡᠨ ᠳ᠋ᠦ᠍
 ᠺᠷᠠᠰᠨᠤᠶᠠᠷᠰᠺ ᠬᠣᠲᠠ ᠶ᠋ᠢ ᠳᠠᠭᠠᠷᠢᠨ ᠭᠠᠷᠪᠠ᠃
ᠡᠳᠦᠷ ᠰᠥᠨᠢ ᠦᠭᠡᠢ ᠶᠠᠪᠤᠭᠰᠠᠭᠠᠷ ᠪᠣᠯᠪᠠᠴᠤ ᠭᠠᠵᠠᠷ ᠤ᠋ᠨ ᠳᠤᠮᠳᠠ ᠪᠣᠯᠤᠭ᠎ᠠ ᠦᠭᠡᠢ
ᠤᠷᠲᠤ ᠵᠠᠮ ᠤ᠋ᠨ ᠤᠢᠳᠬᠠᠷ ᠬᠥᠳᠡᠯᠦᠨ ᠶᠠᠳᠠᠨ᠎ᠠ᠃

ᠰᠢᠪᠢᠶ ᠦ᠋ᠨ ᠬᠢᠵᠠᠭᠠᠷ ᠠᠭᠤᠳᠠᠮ ᠶᠡᠬᠡ ᠪᠥᠭᠡᠳ
ᠰᠢᠯᠮᠦᠦᠰᠦᠲᠦ ᠵᠡᠷᠭᠡ ᠮᠣᠳᠣ ᠪᠠᠷ ᠪᠦᠷᠬᠦᠭᠰᠡᠨ ᠨᠠᠮ ᠭᠠᠵᠠᠷ ᠠᠵᠢ᠃
ᠵᠠᠮ ᠤ᠋ᠨ ᠲᠣᠰᠬᠣᠨ ᠬᠥᠳᠡᠭᠡ ᠶ᠋ᠢᠨ ᠲᠠᠷᠢᠶᠠᠴᠢᠨ ᠠᠢᠯ ᠲᠣᠬᠢᠶᠠᠯᠳᠤᠬᠤ ᠪᠥᠭᠡᠳ
ᠨᠠᠮᠤᠷ ᠤ᠋ᠨ ᠪᠤᠭᠤᠳᠠᠢ ᠰᠢᠷᠠᠯᠠᠭᠠᠳ ᠬᠠᠳᠤᠵᠤ ᠬᠤᠷᠢᠶᠠᠭᠰᠠᠭᠠᠷ ᠪᠠᠢᠨ᠎ᠠ᠃

ᠣᠪᠢ ᠮᠥᠷᠡᠨ ᠦ᠌ ᠬᠥᠪᠡᠭᠡᠨ ᠳ᠋ᠦ᠍ ᠬᠦᠷᠴᠦ ᠢᠷᠡᠪᠡᠯ 
ᠨᠣᠸᠤᠰᠢᠪᠢᠷᠰᠺ ᠬᠣᠲᠠ ᠳ᠋ᠤ᠌ ᠲᠦᠷ ᠪᠠᠭᠤᠪᠠ᠃ 
ᠰᠢᠪᠢᠷ ᠦ᠋ᠨ ᠣᠷᠣᠨ ᠤ᠋ ᠭᠣᠣᠯ ᠬᠣᠲᠠ ᠪᠥᠭᠡᠳ
ᠮᠥᠨ ᠴᠦ᠍ ᠦᠢᠮᠡᠭᠡᠨ ᠬᠥᠯ ᠶᠡᠬᠡᠬᠡᠨ ᠲᠡᠢ ᠭᠠᠵᠠᠷ ᠶᠤᠮ᠃

ᠭᠤᠷᠪᠠ ᠳᠥᠷᠪᠡ ᠬᠣᠨᠣᠭᠠᠳ ᠭᠠᠵᠠᠷ ᠤ᠋ᠨ ᠳᠤᠮᠳᠠ ᠢᠷᠡᠪᠡᠯ
ᠦᠷᠭᠦᠯᠵᠢ ᠣᠢᠲᠤ ᠨᠠᠮ ᠭᠠᠵᠠᠷ ᠢ᠋ᠶ᠋ᠠᠷ ᠶᠠᠪᠤᠭᠰᠠᠭᠠᠷ ᠪᠠᠢᠨ᠎ᠠ᠃
ᠺᠢᠷᠭᠢᠽ ᠦ᠋ᠨ ᠲᠠᠯ᠎ᠠ ᠠᠭᠤᠳᠠᠮ ᠲᠡᠯᠡᠭᠦᠨ ᠪᠣᠯᠬᠤ ᠨᠢ 
ᠮᠣᠩᠭᠣᠯ ᠤ᠋ᠨ ᠭᠣᠪᠢ ᠭᠠᠵᠠᠷ ᠮᠡᠲᠦ ᠪᠠᠢᠳᠠᠯ ᠪᠣᠢ᠃

ᠣᠮᠰᠺᠭᠡᠳᠡᠭ ᠬᠣᠲᠠᠨ ᠳ᠋ᠤ᠌ ᠬᠦᠷᠴᠦ ᠢᠷᠡᠭᠡᠳ 
ᠢᠷᠲ᠋ᠢᠱ ᠮᠥᠷᠡᠨ ᠢ᠋ ᠶᠡᠬᠡ ᠭᠦᠦᠷ ᠢ᠋ᠶ᠋ᠡᠷ ᠭᠠᠲᠤᠯᠪᠠ᠃
ᠪᠠᠷᠠᠭᠤᠨ ᠵᠦᠭ ᠪᠠᠰᠠ ᠯᠠ ᠡᠳᠦᠷ ᠰᠥᠨᠢ ᠶᠠᠪᠤᠭᠰᠠᠭᠠᠷ
ᠰᠠᠶᠢ ᠰᠸᠸᠷᠲᠯᠤᠸᠰᠺ ᠬᠣᠲᠠᠨ᠎ᠠ ᠢᠷᠡᠪᠡ᠃

ᠦᠷᠡᠯ ᠦ᠋ᠨ ᠨᠢᠷᠤᠭᠤ ᠭᠡᠭᠴᠢ ᠤᠷᠲᠤ ᠪᠥᠭᠡᠳ ᠠᠯᠳᠠᠷᠠᠢ
ᠣᠢ ᠮᠣᠳᠣ ᠤᠰᠤᠨ ᠪᠤᠯᠠᠭ ᠠᠭᠤᠷᠬᠠᠢ ᠶ᠋ᠢᠨ ᠪᠠᠶᠠᠯᠢᠭ ᠶᠡᠬᠡ ᠶᠦᠮ᠃ 
ᠡᠨᠡ ᠨᠢᠷᠤᠭᠤᠨ ᠳᠤᠮᠳᠠᠭᠤᠷ ᠶᠠᠪᠤᠵᠤ ᠳᠠᠪᠠᠬᠤ ᠳ᠋ᠤ᠌
ᠠᠽᠢᠶ᠎ᠠ ᠶ᠋ᠢᠨ ᠬᠢᠵᠠᠭᠠᠷ ᠠ᠋ᠴᠠ ᠭᠠᠷᠤᠭᠠᠳ ᠧᠦ᠋ᠷᠣᠫᠠ ᠶ᠋ᠢᠨ ᠬᠢᠯᠢ ᠭᠡᠨᠡᠳᠲᠡ ᠪᠣᠯᠪᠠ᠃

ᠵᠡᠭᠦᠨ ᠧᠦ᠋ᠷᠣᠫᠠ ᠶ᠋ᠢᠨ ᠭᠠᠵᠠᠷ ᠤ᠋ᠨ ᠪᠠᠢᠳᠠᠯ 
ᠰᠢᠪᠢᠷ ᠦ᠋ᠨ ᠭᠠᠵᠠᠷ ᠲᠠᠢ ᠲᠥᠯᠥᠪ ᠣᠢᠷᠠᠯᠴᠠᠭ᠎ᠠ ᠪᠥᠭᠡᠳ
ᠡᠪᠦᠯ ᠦ᠋ᠨ ᠤᠯᠠᠷᠢᠯ ᠢᠷᠡᠵᠦ ᠰᠡᠪᠰᠡᠭᠡᠷ ᠴᠠᠰᠤ ᠪᠤᠲᠠᠷᠠᠭᠠᠳ
ᠰᠡᠷᠢᠭᠦᠨ ᠰᠠᠯᠬᠢ ᠤᠮᠠᠷ᠎ᠠ ᠠ᠋ᠴᠠ ᠰᠠᠯᠬᠢᠯᠠᠨ᠎ᠠ᠃

ᠪᠤᠶᠠᠳᠠᠷᠺ ᠬᠣᠲᠠ ᠳ᠋ᠤ᠌ ᠢᠷᠡᠭᠡᠳ ᠦᠵᠡᠪᠡᠯ
ᠪᠠᠭ᠎ᠠ ᠰᠣᠨᠢᠨ ᠬᠤᠳᠠᠯᠳᠤᠭ᠎ᠠ ᠳᠡᠯᠭᠡᠭᠰᠡᠨ ᠭᠠᠵᠠᠷ ᠪᠣᠢ᠂
ᠸᠣᠯᠭ᠎ᠠ ᠭᠡᠭᠴᠢ ᠤᠷᠲᠤ ᠶᠡᠬᠡ ᠮᠥᠷᠡᠨ ᠪᠥᠭᠡᠳ
ᠺᠠᠰᠫᠢ ᠶ᠋ᠢᠨ ᠳᠠᠯᠠᠢ ᠠ᠋ᠴᠠ ᠨᠢᠸᠠ ᠮᠥᠷᠡᠨ ᠲᠡᠢ ᠺᠠᠨᠠᠯ ⑧ ᠢ᠋ᠶ᠋ᠠᠷ ᠵᠠᠯᠭᠠᠵᠠᠢ᠃

ᠵᠢᠷᠭᠤᠳᠤᠭᠠᠷ ᠡᠳᠦᠷ ᠤᠷᠲᠤ ᠵᠠᠮ ᠤ᠋ᠨ ᠦᠵᠦᠭᠦᠷ ᠪᠣᠯᠤᠭᠠᠳ
ᠮᠣᠰᠺᠸᠠ ᠬᠣᠲᠠ ᠳ᠋ᠤ᠌ ᠬᠦᠷᠴᠦ ᠢᠷᠡᠨ ᠪᠠᠭᠤᠳᠠᠯᠯᠠᠪᠠ᠂
ᠶᠡᠬᠡ ᠬᠣᠲᠠ ᠶ᠋ᠢᠨ ᠥᠨᠳᠥᠷ ᠪᠠᠢᠰᠢᠩ ᠡᠨᠡ ᠲᠡᠷᠡ ᠦᠵᠡᠰᠬᠦᠯᠡᠩ ᠲᠡᠢ ᠪᠥᠭᠡᠳ
ᠦᠢᠮᠡᠭᠡᠨ ᠱᠤᠤᠭᠢᠶᠠᠨ ᠡᠯᠳᠡᠪ ᠰᠣᠨᠢᠷᠬᠠᠯ ᠵᠠᠮ ᠳᠦᠭᠦᠷᠡᠩ ᠶᠦᠮ

ᠥᠪᠡᠷ ᠦ᠋ᠨ ᠡᠯᠴᠢᠨ ᠦ᠌ ᠪᠠᠢᠷᠢᠨ ᠳ᠋ᠤ᠌ ᠪᠠᠭᠤᠭᠰᠠᠨ ᠨᠢ
ᠤᠭ ᠨᠤᠲᠤᠭ ᠣᠷᠣᠨ ᠮᠡᠲᠦ ᠪᠤᠵᠢᠭᠢᠨᠠᠯᠳᠤᠨ ᠪᠠᠢᠨ᠎ᠠ᠃
ᠡᠷᠲᠡᠨ ᠦ᠌ ᠦᠶ᠎ᠡ ᠡᠴᠡ ᠬᠣᠢᠰᠢ ᠡᠨᠡ ᠭᠠᠵᠠᠷ ᠢ᠋ ᠮᠠᠷᠲᠠᠭᠰᠠᠨ ᠪᠣᠯᠪᠠᠴᠤ
ᠣᠳᠣ ᠪᠢᠳᠡᠨ ᠦ᠌ ᠮᠣᠩᠭᠣᠯᠴᠤᠳ ᠭᠦᠨ᠎ᠡ ᠬᠠᠷᠢᠯᠴᠠᠨ ᠶᠠᠪᠤᠯᠴᠠᠬᠤ ᠪᠣᠯᠵᠠᠢ᠃

ᠡᠨᠡ ᠲᠡᠷᠡ ᠶ᠋ᠢ ᠭᠦᠢᠴᠡᠳᠬᠡᠬᠦ ᠪᠠ ᠡᠭᠦᠪᠡᠷ ᠲᠡᠭᠦᠪᠡᠷ ᠶᠠᠪᠤᠭᠰᠠᠭᠠᠷ
ᠬᠣᠶᠠᠷ ᠭᠤᠷᠪᠠ ᠬᠣᠨᠣᠭᠠᠳ ᠪᠠᠰᠠ ᠴᠢᠨᠠᠭᠰᠢ ᠶᠠᠪᠤᠬᠤ ᠪᠣᠯᠪᠠ
ᠦᠳᠡᠰᠢ ᠶ᠋ᠢᠨ ᠴᠠᠭ ᠲᠤ ᠭᠠᠯᠲᠤ ᠲᠡᠷᠭᠡᠨ ᠳ᠋ᠦ᠍ ᠰᠠᠭᠤᠭᠠᠳ ᠤᠨᠲᠠᠭᠰᠠᠨ ᠨᠢ
ᠥᠷᠯᠥᠭᠡ ᠪᠣᠰᠬᠤ ᠳ᠋ᠤ᠌ ᠯᠧᠨᠢᠩᠽᠠᠳ᠋ ᠬᠣᠲᠠ ᠳ᠋ᠤ᠌ ᠢᠷᠡᠪᠡ᠃

ᠤᠷ ᠲᠤᠪᠸᠷ ᠤ᠋ᠨ ᠪᠠᠭᠤᠳᠠᠯ ᠳᠡᠭᠡᠷ᠎ᠡ ᠪᠠᠭᠤᠪᠠᠯ
ᠣᠯᠠᠨ ᠬᠥᠮᠦᠨ ᠪᠤᠵᠢᠭᠢᠨᠠᠯᠳᠤᠭᠰᠠᠭᠠᠷ ᠪᠠᠢᠨ᠎ᠠ᠂
ᠤᠷᠢᠳᠤ ᠰᠠᠭᠤᠭᠰᠠᠨ ᠲᠠᠨᠢᠯ ᠬᠣᠲᠠ ᠪᠣᠯᠬᠤ ᠲᠤᠯᠠ
ᠣᠯᠠᠨ ᠮᠣᠩᠭᠣᠯ ᠣᠪᠣᠭᠲᠠᠨ ᠤ᠋ ᠴᠤᠭᠯᠠᠷᠠᠳᠠᠭ ᠪᠣᠳᠢᠰᠠᠳ᠋ᠸ᠎ᠠ ᠶ᠋ᠢᠨ ᠰᠦᠮ᠎ᠡ ᠶ᠋ᠢᠨ ᠭᠠᠵᠠᠷ ᠪᠠᠭᠤᠪᠠ᠃

ᠲᠠᠨᠢᠯ ᠨᠥᠬᠥᠳ ᠲᠡᠢ ᠪᠤᠵᠢᠭᠢᠨᠠᠯᠳᠤᠨ ᠬᠥᠭᠵᠢᠯᠳᠦᠬᠦ ᠳ᠋ᠦ᠍
ᠦᠨᠡᠬᠡᠷ ᠰᠣᠨᠢᠨ ᠰᠠᠢᠬᠠᠨ ᠵᠤᠭ᠎ᠠ ᠲᠠᠢ ᠪᠠᠢᠪᠠ᠃
ᠲᠡᠭᠦᠪᠡᠷ ᠡᠭᠦᠪᠡᠷ ᠰᠡᠯᠡᠭᠦᠴᠡᠨ ᠶᠠᠪᠤᠬᠤ ᠳ᠋ᠤ᠌ ᠲᠤᠰᠤᠮᠠᠳᠠᠭᠠᠢ ᠪᠥᠭᠡᠳ
ᠲᠠᠪᠠ ᠲᠠᠢ ᠬᠠᠭᠤᠴᠢᠨ ᠨᠤᠲᠤᠭ ᠲᠠᠭᠠᠨ ᠢᠷᠡᠭᠰᠡᠨ ᠠᠳᠠᠯᠢ ᠪᠠᠢᠨ᠎ᠠ᠃

ᠰᠠᠨᠠᠮᠰᠠᠷ ᠦᠭᠡᠢ ᠪᠠᠢᠲᠠᠯ᠎ᠠ ᠬᠡᠳᠦᠨ ᠬᠣᠨᠣᠭ ᠪᠣᠯᠤᠭᠠᠳ
ᠠᠭᠤᠷ ᠤ᠋ᠨ ᠣᠩᠭᠣᠴᠠ ᠶᠠᠪᠤᠬᠤ ᠪᠣᠯᠤᠭᠰᠠᠨ ᠠᠵᠢ᠃
ᠳᠠᠬᠢᠨ ᠬᠡᠳᠦ ᠬᠣᠨᠣᠭ ᠰᠠᠭᠤᠬᠤ ᠶ᠋ᠢ ᠬᠦᠰᠡᠬᠦ ᠪᠣᠯᠪᠠᠴᠤ
ᠪᠠᠰᠠ ᠯᠠ ᠴᠢᠨᠠᠭᠰᠢ ᠶᠠᠪᠤᠬᠤ ᠶ᠋ᠢ ᠲᠥᠬᠥᠭᠡᠷᠪᠡ᠃

ᠶᠡᠬᠡ ᠨᠢᠸᠠ ᠶ᠋ᠢᠨ ᠬᠥᠪᠡᠭᠡᠨ ᠳᠡᠭᠡᠷ᠎ᠡ ᠣᠴᠢᠵᠤ
ᠭᠠᠢᠯᠢ ᠪᠠ ᠬᠢᠯᠢ ᠶ᠋ᠢᠨ ᠭᠠᠵᠠᠷ ᠪᠠᠢᠴᠠᠭᠠᠯᠭᠠᠨ ᠦᠵᠡᠭᠦᠯᠪᠡ᠃
ᠦᠳᠡᠬᠦ ᠨᠥᠬᠥᠳ ᠲᠡᠢ ᠤᠶᠠᠷᠠᠯᠲᠠᠢ ᠪᠠᠷ ᠶᠣᠰᠣᠯᠠᠨ ᠰᠠᠯᠤᠭᠠᠳ
ᠦᠳᠡᠰᠢ ᠶ᠋ᠢᠨ ᠴᠠᠭ ᠪᠠᠭ᠎ᠠ ᠣᠩᠭᠣᠴᠠ ᠪᠠᠷ ᠳᠠᠯᠠᠢ ᠶ᠋ᠢᠨ ᠬᠥᠪᠡᠭᠡᠨ ᠳ᠋ᠦ᠍ ᠣᠴᠢᠪᠠ᠃

ᠡᠷᠭᠢᠨ ᠳ᠋ᠦ᠍ ᠲᠤᠯᠭᠠᠵᠤ ᠵᠣᠭᠰᠣᠭᠠᠭᠰᠠᠨ ᠶᠡᠬᠡ ᠣᠩᠭᠣᠴᠠ ᠳ᠋ᠤ᠌ ᠣᠷᠣᠮᠠᠭᠴᠠ
ᠴᠥᠮ ᠭᠧᠷᠮᠠᠨ ᠤᠯᠤᠰ ᠤ᠋ᠨ ᠬᠥᠮᠦᠨ ᠪᠠᠢᠨ᠎ᠠ᠃
ᠥᠭᠦᠯᠡᠬᠦ ᠶᠠᠷᠢᠬᠤ ᠠ᠋ᠴᠠ ᠡᠬᠢᠯᠡᠨ ᠰᠣᠨᠢᠨ ᠵᠢᠭᠲᠡᠢ ᠪᠣᠯᠤᠭᠠᠳ
ᠡᠯᠳᠡᠪ ᠪᠠᠢᠳᠠᠯ ᠪᠦᠭᠦᠳᠡᠭᠡᠷ ᠢ᠋ᠶ᠋ᠡᠨ ᠶᠡᠬᠡᠯ᠎ᠡ ᠥᠭᠡᠷ᠎ᠡ ᠪᠠᠢᠨ᠎ᠠ᠃

ᠡᠨᠡ ᠲᠡᠷᠡ ᠡᠲᠡᠭᠡᠳ ᠡᠴᠡ ᠭᠣᠩᠰᠢᠯᠴᠠᠨ ᠭᠣᠩ ᠭᠠᠩ ᠪᠠᠷᠬᠢᠷᠠᠯᠴᠠᠭᠠᠳ
ᠶᠠ ᠶᠠ ᠨᠡᠢᠶᠸᠠ⑨ ᠭᠡᠬᠦ ᠡᠴᠡ ᠴᠢᠨᠠᠭᠰᠢ ᠣᠯᠠᠨ ᠦᠭᠡ ᠶ᠋ᠢ ᠦᠯᠦ ᠮᠡᠳᠡᠨ᠎ᠡ᠃
ᠳᠡᠮᠡᠢ ᠯᠡ ᠲᠣᠯᠣᠭᠠᠢ ᠰᠠᠵᠢᠨ ᠭᠠᠷ ᠳᠣᠬᠢᠯᠴᠠᠨ ᠪᠠᠢᠭᠰᠠᠭᠠᠷ
ᠨᠢᠭᠡ ᠬᠣᠶᠠᠷ ᠲᠠᠰᠤᠯᠭ᠎ᠠ ᠶ᠋ᠢ ᠣᠯᠵᠤ ᠰᠠᠭᠤᠪᠠ᠃

ᠲᠡᠷᠡ ᠰᠥᠨᠢ ᠬᠥᠳᠡᠯᠦᠯ ᠦᠭᠡᠢ ᠲᠡᠨᠳᠡ ᠪᠡᠨ ᠬᠣᠨᠣᠭᠠᠳ
ᠮᠠᠷᠭᠠᠰᠢ ᠥᠷᠯᠥᠭᠡ ᠬᠡᠪᠬᠡᠨ ᠪᠠᠷᠠᠭᠤᠨ ᠵᠦᠭ ᠣᠳᠪᠠ᠃
ᠫᠢᠨᠢᠺᠷᠢ ᠬᠣᠭᠣᠯᠠᠢ ᠶ᠋ᠢᠨ ᠤᠰᠤ ᠬᠢᠵᠠᠭᠠᠷ ᠦᠭᠡᠢ ᠦᠷᠭᠦᠯᠵᠢᠯᠡᠭᠡᠳ
ᠪᠠᠷᠠᠭᠤᠨ ᠠᠭᠤᠷ ᠮᠠᠨᠠᠨ ᠪᠦᠷᠬᠦᠭᠰᠡᠨ ᠨᠢ ᠶᠠᠭᠤ ᠴᠤ ᠦᠯᠦ ᠦᠵᠡᠭᠳᠡᠨ᠎ᠡ᠃

ᠣᠩᠭᠣᠴᠠᠨ ᠤ᠋ ᠶᠠᠪᠤᠬᠤ ᠵᠥᠭᠡᠯᠡᠨ ᠰᠠᠢᠬᠠᠨ ᠪᠥᠭᠡᠳ
ᠤᠳᠠᠯ ᠦᠭᠡᠢ ᠺᠷᠤᠨ᠋ᠱ᠊ᠲ᠋ᠠᠳ᠋ ᠭᠡᠳᠡᠭ ᠠᠷᠠᠯ ᠤ᠋ᠨ ᠬᠠᠵᠠᠭᠤ ᠳ᠋ᠤ᠌ ᠵᠣᠭᠰᠣᠪᠠ᠃ᠮᠠᠲ᠋ᠧᠷᠢᠶᠠᠯ 
ᠣᠷᠣᠰ ᠤ᠋ᠨ ᠬᠢᠯᠢ ᠶ᠋ᠢᠨ ᠭᠠᠵᠠᠷ ᠲᠤ᠌ ᠬᠢᠨᠠᠭᠤᠯᠤᠨ ᠪᠠᠢᠴᠠᠭᠠᠯᠭᠠᠭᠠᠳ
ᠣᠷᠣᠢ ᠶ᠋ᠢᠨ ᠴᠠᠭ ᠪᠠᠰᠠ ᠴᠢᠨᠠᠭᠰᠢ ᠶᠠᠪᠤᠪᠠ᠃

ᠪᠢᠳᠡ ᠲᠡᠳᠡᠨ ᠲᠡᠢ ᠬᠡᠯᠡ ᠦᠯᠦ ᠨᠡᠪᠲᠡᠷᠡᠯᠴᠡᠬᠦ ᠨᠢ
ᠭᠠᠭᠴᠠ ᠬᠦ᠌ ᠨᠢᠭᠡ ᠬᠣᠶᠠᠷ ᠣᠷᠣᠰ ᠲᠠᠢ ᠬᠠᠶᠠ ᠪᠠᠭ᠎ᠠ ᠶᠠᠷᠢᠯᠴᠠᠨ᠎ᠠ᠃
ᠬᠣᠭᠣᠯᠠ ᠴᠠᠢ ᠶ᠋ᠢᠨ ᠴᠠᠭ ᠲᠤ᠌ ᠣᠷᠣᠵᠤ ᠢᠳᠡᠵᠦ ᠤᠤᠭᠤᠭᠠᠳ
ᠪᠤᠰᠤᠳ ᠴᠠᠭ ᠲᠤ᠌ ᠬᠣᠭᠣᠷᠣᠨᠳᠣ ᠪᠠᠨ ᠳᠡᠮᠡᠢ ᠭᠦᠶᠦᠯᠳᠦᠨ ᠶᠠᠪᠤᠨ᠎ᠠ᠃

ᠶᠡᠬᠡ ᠣᠩᠭᠣᠴᠠᠨ ᠤ᠋ ᠣᠷᠣᠢ ᠳᠡᠭᠡᠷ᠎ᠡ ᠰᠠᠯᠬᠢᠨ ᠳ᠋ᠤ᠌ ᠰᠠᠭᠤᠬᠤ ᠪᠥᠭᠡᠳ
ᠳᠥᠷᠪᠡᠨ ᠵᠦᠭ ᠮᠡᠯᠴᠡᠢᠭᠡᠳ ᠤᠰᠤᠨ ᠠ᠋ᠴᠠ ᠥᠭᠡᠷ᠎ᠡ ᠶᠠᠭᠤᠮ᠎ᠠ ᠦᠯᠦ ᠦᠵᠡᠭᠳᠡᠬᠦ ᠨᠢ ᠰᠣᠨᠢᠷᠬᠠᠯ ᠲᠠᠢ᠃
ᠤᠮᠠᠷ᠎ᠠ ᠵᠦᠭ ᠡᠴᠡ ᠰᠡᠷᠢᠭᠦᠨ ᠰᠠᠯᠬᠢ ᠰᠡᠷᠴᠢᠭᠢᠨᠡ ᠰᠠᠯᠬᠢᠯᠠᠭᠠᠳ
ᠬᠡᠳᠦᠨ ᠴᠠᠭᠠᠨ ᠰᠠᠷᠠᠯ ᠰᠢᠪᠠᠭᠤᠳ ᠤᠰᠤᠨ ᠤ᠋ ᠳᠡᠭᠡᠭᠦᠷ ᠡᠷᠭᠢᠯᠳᠦᠨ ᠨᠢᠰᠦᠨ᠎ᠡ᠃

ᠨᠢᠭᠡᠳᠦᠭᠡᠷ ᠡᠳᠦᠷ ᠥᠩᠭᠡᠷᠡᠭᠡᠳ ᠢᠷᠡᠬᠦ ᠳ᠋ᠦ᠍
ᠶᠡᠬᠡ ᠳᠠᠯᠠᠢ ᠶ᠋ᠢᠨ ᠰᠢᠷᠦᠭᠦᠨ ᠳᠠᠪᠠᠯᠭᠠᠨ ᠳ᠋ᠤ᠌ ᠣᠷᠣᠵᠠᠢ᠃
ᠠᠭᠤᠷ ᠤ᠋ᠨ ᠣᠩᠭᠣᠴᠠ ᠵᠣᠮᠣᠭᠣᠯ ᠮᠡᠲᠦ ᠳᠠᠯᠪᠢᠯᠵᠠᠨ ᠬᠠᠯᠢᠪᠢᠯᠵᠠᠭᠠᠳ 
ᠣᠷᠣᠭᠰᠢ ᠬᠣᠢᠰᠢ ᠲᠣᠭᠰᠢᠨ ᠳᠣᠯᠭᠢᠶᠠᠨ ᠳ᠋ᠤ᠌ ᠴᠣᠬᠢᠭᠳᠠᠨ ᠪᠥᠮᠪᠥᠷᠢᠨ᠎ᠡ᠃

ᠰᠦᠷᠡᠬᠡᠢ ᠶᠡᠬᠡ ᠬᠥᠳᠡᠯᠦᠨ ᠳᠣᠯᠭᠢᠯᠠᠬᠤ ᠳ᠋ᠤ᠌
ᠰᠠᠭᠤᠭᠰᠠᠨ ᠪᠢᠳᠡᠨ ᠦ᠌ ᠮᠠᠬᠠᠪᠣᠳ ᠬᠠᠷᠰᠢᠯᠠᠭᠠᠳ᠃
ᠬᠥᠮᠦᠨ ᠪᠦᠷᠢ ᠲᠣᠯᠣᠭᠠᠢ ᠡᠪᠡᠳᠦᠨ ᠳᠣᠲᠣᠷ᠎ᠠ ᠬᠠᠳᠬᠤᠯᠠᠭᠠᠳ
ᠣᠷᠣᠨ ᠳ᠋ᠤ᠌ ᠬᠡᠪᠲᠡᠵᠡᠭᠡᠨ ᠢᠳᠡᠵᠦ ᠤᠤᠭᠤᠬᠤ ᠶ᠋ᠢ ᠣᠷᠬᠢᠪᠠ᠃

ᠴᠣᠩᠬᠣ ᠪᠠᠷ ᠱᠠᠭᠠᠢᠵᠤ ᠳᠠᠯᠠᠢ ᠶ᠋ᠢᠨ ᠤᠰᠤ ᠶ᠋ᠢ ᠦᠵᠡᠪᠡᠯ
ᠠᠭᠤᠯᠠ ᠬᠠᠳᠠ ᠮᠡᠲᠦ ᠳᠣᠯᠭᠢᠶᠠᠨ ᠳᠡᠭᠡᠷ᠎ᠡ ᠳᠣᠣᠷ᠎ᠠ ᠣᠷᠣᠵᠤ ᠪᠠᠢᠨ᠎ᠠ᠃
ᠪᠦᠯᠦᠭ ᠪᠦᠯᠦᠭ ᠣᠷᠭᠢᠯᠤᠭᠰᠠᠨ ᠤᠰᠤ ᠴᠣᠩᠬᠣ ᠲᠡᠰᠢ ᠬᠠᠯᠢᠭᠠᠳ
ᠰᠢᠷᠦᠭᠦᠨ ᠰᠠᠯᠬᠢ ᠲᠠᠢ ᠱᠤᠤᠭᠢᠬᠤ ᠨᠢ ᠡᠮᠢᠶᠡᠯ ᠲᠡᠢ᠃

ᠤᠯᠠᠮ ᠤᠯᠠᠮ ᠶᠠᠪᠤᠬᠤ ᠳᠣᠳᠣᠮ ᠨᠡᠩ ᠨᠡᠩ ᠬᠥᠭᠵᠢᠭᠡᠳ
ᠬᠥᠮᠦᠨ ᠪᠦᠷᠢ ᠪᠡᠶ᠎ᠡ ᠵᠦᠳᠡᠷᠡᠨ ᠰᠠᠨᠠᠭ᠎ᠠ ᠭᠠᠯᠢᠬᠠᠷᠠᠵᠠᠢ᠃
ᠳᠡᠮᠡᠢ ᠬᠡᠪᠲᠡᠵᠡᠭᠡᠨ ᠬᠠᠶᠠ ᠪᠣᠰᠴᠤ ᠪᠡᠶ᠎ᠡ ᠪᠡᠶ᠎ᠡ ᠶ᠋ᠢ ᠡᠷᠬᠢᠵᠡᠭᠡᠬᠦ ᠳ᠋ᠡᠭᠡᠨ
ᠬᠡᠵᠢᠶ᠎ᠡ ᠴᠠᠭᠠᠨ ᠳᠠᠯᠠᠢ ᠶ᠋ᠢ ᠭᠠᠲᠤᠯᠬᠤ ᠶ᠋ᠢ ᠬᠦᠰᠡᠨ ᠠᠰᠠᠭᠤᠭᠰᠠᠭᠠᠷ ᠶᠠᠪᠤᠪᠠ᠃

ᠵᠢᠷᠭᠤᠳᠤᠭᠠᠷ ᠡᠳᠦᠷ ᠪᠣᠯᠬᠤ ᠳ᠋ᠤ᠌ ᠭᠠᠵᠠᠷ ᠣᠢᠷᠠᠲᠤᠭᠰᠠᠨ ᠪᠥᠭᠡᠳ
ᠣᠩᠭᠣᠴᠠᠨ ᠤ᠋ ᠶᠠᠪᠤᠳᠠᠯ ᠨᠡᠯᠢᠶᠡᠳ ᠵᠥᠭᠡᠯᠡᠨ ᠪᠣᠯᠪᠠ᠃
ᠪᠦᠭᠦᠳᠡᠭᠡᠷ ᠢ᠋ᠶ᠋ᠡᠨ ᠠᠷᠠᠢᠬᠠᠨ ᠰᠡᠷᠭᠦᠵᠦ ᠪᠣᠰᠴᠠᠭᠠᠭᠠᠳ
ᠢᠳᠡᠵᠦ ᠤᠤᠭᠤᠨ ᠨᠡᠰᠢ ᠴᠠᠰᠢ ᠶᠠᠪᠤᠵᠠᠭᠠᠬᠤ ᠪᠣᠯᠪᠠ᠃

ᠤᠳᠠᠯ ᠦᠭᠡᠢ ᠶᠠᠪᠤᠭᠰᠠᠭᠠᠷ ᠪᠠᠭᠤᠬᠤ ᠰᠢᠬᠠᠭᠰᠠᠨ ᠭᠡᠬᠦ ᠳ᠋ᠦ᠍
ᠰᠡᠳᠬᠢᠯ ᠪᠠᠶᠠᠷᠲᠠᠢ ᠶᠠᠭᠠᠷᠠᠨ ᠪᠡᠯᠡᠳᠬᠡᠵᠡᠭᠡᠵᠦ ᠪᠠᠢᠯ᠎ᠠ᠃
ᠭᠡᠲᠡᠯ᠎ᠡ ᠲᠡᠷᠲᠡᠭᠡ ᠲᠠᠯ᠎ᠠ ᠳ᠋ᠤ᠌ ᠬᠠᠭᠤᠷᠠᠢ ᠭᠠᠵᠠᠷ ᠦᠵᠡᠭᠳᠡᠬᠦ ᠨᠢ
ᠬᠠᠭᠤᠴᠢᠨ ᠲᠠᠨᠢᠯ ᠨᠥᠬᠥᠷ ᠲᠡᠢ ᠤᠴᠠᠷᠠᠭᠰᠠᠨ ᠮᠡᠲᠦ ᠰᠠᠨᠠᠭᠳᠠᠵᠤ ᠪᠠᠢᠪᠠ᠃

ᠪᠡᠶ᠎ᠡ ᠵᠠᠰᠠᠷᠠᠵᠤ ᠰᠡᠳᠬᠢᠯ ᠰᠡᠷᠭᠦᠭᠰᠡᠨ ᠨᠢ
ᠣᠩᠭᠣᠴᠠᠨ ᠤ᠋ ᠳᠡᠭᠡᠷ᠎ᠡ ᠰᠠᠯᠬᠢᠨ ᠳ᠋ᠤ᠌ ᠰᠠᠭᠤᠨ ᠶᠠᠪᠤᠪᠠ᠃
ᠮᠥᠨ ᠳᠠᠯᠠᠢ ᠳ᠋ᠤ᠌ ᠴᠢᠳᠬᠤᠭᠰᠠᠨ ᠣᠲᠸᠷ ᠮᠥᠷᠡᠨ ᠦ᠌ ᠠᠳᠠᠭ ᠲᠤ᠌ ᠢᠷᠡᠪᠡᠯ
ᠠᠭᠤᠯᠠ ᠤᠰᠤ ᠵᠢᠭᠳᠡᠷᠡᠭᠰᠡᠨ ᠰᠠᠢᠬᠠᠨ ᠭᠠᠵᠠᠷ ᠪᠠᠢᠨ᠎ᠠ᠃

ᠳᠠᠯᠠᠢ ᠶ᠋ᠢᠨ ᠮᠥᠷᠡᠨ ᠦ᠌ ᠬᠥᠪᠡᠭᠡ ᠪᠡᠷ ᠵᠡᠷᠭᠡᠯᠡᠭᠰᠡᠨ ᠠᠭᠤᠯᠠ ᠦᠵᠡᠭᠳᠡᠬᠦ ᠪᠥᠭᠡᠳ
ᠮᠣᠳᠣ ᠪᠠ ᠨᠣᠭᠣᠭᠠᠨ ᠤ᠋ ᠠᠮᠢᠰᠬᠤᠯ ᠲᠤᠩᠭᠠᠯᠠᠭ ᠠᠭᠠᠷ ᠲᠠᠢ ᠬᠣᠣᠰᠯᠠᠨ ᠦᠨᠦᠷᠲᠦᠨ᠎ᠡ᠃
ᠰᠢᠨ᠎ᠡ ᠰᠠᠷᠠᠨ ᠤ᠋ ᠭᠡᠷᠡᠯ ᠲᠤᠶᠠᠭᠠᠷᠠᠨ ᠤᠰᠤᠨ ᠳ᠋ᠤ᠌ ᠦᠵᠡᠭᠳᠡᠨ ᠬᠡᠷᠡᠯᠳᠦᠭᠡᠳ
ᠣᠯᠠᠨ ᠣᠳᠣᠨ ᠵᠢᠷᠠᠪ ᠵᠠᠷᠠᠪ ᠭᠡᠢᠯᠴᠡᠨ᠎ᠡ᠃

ᠲᠡᠷᠡ ᠲᠡᠭᠡᠭᠡᠳ ᠤᠯᠠᠭᠠᠨ ᠲᠤᠶᠠᠭᠠᠨ ᠳ᠋ᠤ᠌ ᠣᠯᠠᠨ ᠭᠡᠷᠡᠯ ᠭᠢᠯᠲᠦᠭᠡᠨᠡᠬᠦ ᠨᠢ 
ᠱᠲ᠋ᠧᠲ᠋ᠢᠨ ᠭᠡᠳᠡᠭ ᠬᠣᠲᠠ ᠣᠢᠷᠠᠲᠤᠵᠤ ᠪᠠᠢᠨ᠎ᠠ ᠭᠡᠨ᠎ᠡ᠃
ᠡᠨᠡ ᠲᠡᠷᠡ ᠶ᠋ᠢ ᠰᠣᠨᠢᠷᠬᠠᠨ ᠶᠠᠪᠤᠭᠰᠠᠭᠠᠷ ᠪᠠᠢᠲᠠᠯ᠎ᠠ
ᠤᠳᠠᠯ ᠦᠭᠡᠢ ᠮᠥᠨ ᠬᠣᠲᠠ ᠶ᠋ᠢᠨ ᠬᠠᠯᠪᠠᠭᠠᠲᠤ ᠣᠩᠭᠣᠴᠠ ᠶ᠋ᠢ ᠲᠠᠲᠠᠪᠠ᠃

ᠱᠲ᠋ᠧᠲ᠋ᠢᠨ ᠬᠣᠲᠠ ᠳ᠋ᠤ᠌ ᠪᠠᠭᠤᠭᠠᠳ ᠦᠵᠡᠪᠡᠯ
ᠭᠧᠷᠮᠠᠨ ᠤᠯᠤᠰ ᠤ᠋ᠨ ᠬᠢᠵᠠᠭᠠᠷ ᠲᠤ᠌ ᠨᠢᠭᠡᠨᠲᠡ ᠢᠷᠡᠵᠡᠢ᠃
ᠭᠠᠵᠠᠷ ᠣᠷᠣᠨ ᠬᠥᠮᠦᠨ ᠠᠷᠠᠳ ᠤ᠋ᠨ ᠪᠠᠢᠳᠠᠯ ᠰᠣᠨᠢᠨ ᠪᠣᠯᠤᠭᠠᠳ
ᠮᠥᠨ ᠯᠡ ᠡᠨᠡ ᠲᠡᠷᠡ ᠶ᠋ᠢ ᠰᠣᠨᠢᠷᠬᠠᠨ ᠬᠠᠷᠠᠭᠰᠠᠭᠠᠷ ᠶᠠᠪᠤᠪᠠ᠃

ᠬᠠᠮᠲᠤ ᠶᠠᠪᠤᠭᠰᠠᠨ ᠣᠷᠣᠰ ᠡᠬᠡᠨᠡᠷ ᠢ᠋ᠶ᠋ᠡᠷ ᠭᠠᠵᠠᠷᠴᠢᠯᠠᠭᠤᠯᠤᠨ
ᠭᠠᠢᠯᠢ ᠶ᠋ᠢᠨ ᠭᠠᠵᠠᠷ ᠣᠴᠢᠵᠤ ᠪᠠᠢᠴᠠᠭᠠᠯᠭᠠᠨ
ᠪᠠᠰᠠ ᠥᠷᠲᠡᠭᠡᠨ ᠦ᠌ ᠭᠠᠵᠠᠷ ᠣᠴᠢᠵᠤ ᠲᠡᠷᠭᠡᠨ ᠦ᠌ ᠫᠢᠶᠣᠣ ᠠᠪᠤᠭᠰᠠᠨ ᠤ᠋ ᠳᠠᠷᠠᠭ᠎ᠠ
ᠨᠢᠭᠡ ᠪᠠᠭᠤᠳᠠᠯ ᠤ᠋ᠨ ᠭᠠᠵᠠᠷ ᠣᠴᠢᠵᠤ ᠬᠣᠨᠣᠪᠠ᠃

ᠢᠷᠡᠬᠦ ᠥᠷᠯᠥᠭᠡ ᠡᠷᠲᠡᠯᠡᠨ ᠪᠣᠰᠴᠤ ᠵᠠᠪᠳᠤᠭᠠᠳ
ᠭᠠᠯᠲᠤ ᠲᠡᠷᠭᠡᠨ ᠳ᠋ᠦ᠍ ᠰᠠᠭᠤᠵᠤ ᠪᠧᠷᠯᠢᠨ ᠦ᠌ ᠵᠦᠭ ᠶᠠᠪᠤᠪᠠ᠃
ᠶᠠᠪᠤᠬᠤ ᠵᠠᠮ ᠳ᠋ᠤ᠌ ᠨᠣᠭᠣᠭ᠎ᠠ ᠲᠠᠷᠢᠶᠠᠯᠠᠩ ᠦᠷᠭᠦᠯᠵᠢᠯᠡᠭᠰᠡᠨ ᠪᠥᠭᠡᠳ 
ᠣᠢ ᠮᠣᠳᠣ ᠳᠡᠷᠡᠯᠡᠨ ᠶᠡᠬᠡ ᠲᠥᠯᠥᠪ ᠮᠡᠯᠴᠡᠢᠮ᠎ᠡ ᠭᠠᠵᠠᠷ ᠪᠣᠯᠤᠨ᠎ᠠ᠃

ᠬᠥᠳᠡᠭᠡ ᠶ᠋ᠢᠨ ᠠᠢᠯ ᠤ᠋ᠨ ᠣᠷᠣᠨ ᠰᠠᠭᠤᠴᠠ ᠪᠠᠢᠳᠠᠯ ᠢ᠋ ᠰᠣᠨᠢᠷᠬᠠᠨ
ᠡᠨᠡ ᠲᠡᠷᠡ ᠶ᠋ᠢ ᠴᠣᠩᠬᠣ ᠪᠠᠷ ᠬᠠᠷᠠᠭᠰᠠᠭᠠᠷ ᠶᠠᠪᠤᠲᠠᠯ᠎ᠠ
ᠭᠱᠠᠨ ᠵᠠᠭᠤᠷ᠎ᠠ ᠬᠣᠶᠠᠷ ᠴᠠᠭ ᠥᠩᠭᠡᠷᠡᠭᠡᠳ
ᠶᠡᠬᠡ ᠬᠣᠲᠠ ᠶ᠋ᠢᠨ ᠳᠡᠷᠭᠡᠳᠡ ᠬᠦᠷᠴᠦ ᠢᠷᠡᠪᠡ᠃

ᠪᠧᠷᠯᠢᠨ ᠬᠣᠲᠠ ᠳ᠋ᠤ᠌ ᠨᠢᠭᠡᠨᠲᠡ ᠣᠷᠣᠵᠤ ᠢᠷᠡᠭᠡᠳ
ᠱᠲ᠋ᠧᠲ᠋ᠢᠨ ᠦ᠌ ᠶᠡᠬᠡ ᠪᠠᠭᠤᠳᠠᠯ ᠳᠡᠭᠡᠷ᠎ᠡ ᠪᠠᠭᠤᠪᠠ᠃
ᠡᠨᠳᠡ ᠡᠴᠡ ᠨᠢᠭᠡᠨ ᠭᠠᠵᠠᠷᠴᠢ ᠬᠥᠮᠦᠨ ᠢ᠋ ᠣᠯᠵᠤ ᠶᠠᠪᠤᠭᠰᠠᠭᠠᠷ
ᠮᠣᠩᠭᠣᠯᠴᠤᠳ ᠤ᠋ᠨ ᠰᠠᠭᠤᠭᠰᠠᠨ ᠭᠠᠵᠠᠷ ᠢ᠋ ᠣᠯᠵᠤ ᠣᠴᠢᠪᠠ᠃

ᠣᠯᠠᠨ ᠬᠡᠦᠬᠡᠳ ᠦ᠋ᠨ ᠤᠭᠲᠤᠨ ᠭᠠᠷᠴᠤ ᠭᠦᠶᠦᠯᠳᠦᠬᠦ ᠶ᠋ᠢ ᠦᠵᠡᠪᠡᠯ
ᠴᠥᠮ ᠪᠣᠯᠪᠠᠰᠤᠨ ᠤᠯᠤᠰ ᠤ᠋ᠨ ᠬᠤᠪᠴᠠᠰᠤ ᠶ᠋ᠢ ᠡᠮᠦᠰᠴᠦ ᠪᠠᠢᠳᠠᠯ ᠢ᠋ ᠣᠯᠵᠠᠢ᠃
ᠬᠠᠷᠢᠯᠴᠠᠨ ᠠᠮᠤᠷ ᠮᠡᠨᠳᠦ ᠶ᠋ᠢ ᠮᠡᠳᠡᠯᠴᠡᠨ ᠣᠷᠣᠵᠤ ᠰᠠᠭᠤᠵᠠᠭᠠᠭᠠᠳ
ᠲᠡᠳᠡ ᠨᠤᠲᠤᠭ ᠵᠦᠭ ᠢ᠋ ᠰᠣᠨᠢᠷᠬᠠᠨ ᠪᠢᠳᠡ ᠡᠨᠡ ᠭᠠᠵᠠᠷ ᠢ᠋ ᠰᠣᠨᠢᠷᠬᠠᠨ᠎ᠠ᠃

ᠲᠡᠭᠡᠭᠡᠳ ᠪᠧᠷᠯᠢᠨ ᠬᠣᠲᠠ ᠳ᠋ᠤ᠌ ᠪᠠᠢᠷᠢ ᠪᠠᠢᠳᠠᠯ ᠢ᠋ ᠣᠯᠵᠤ ᠲᠥᠪᠬᠢᠨᠡᠨ ᠰᠠᠭᠤᠭᠠᠳ
ᠡᠭᠦᠪᠡᠷ ᠲᠡᠭᠦᠪᠡᠷ ᠶᠠᠪᠤᠯᠴᠠᠨ ᠬᠣᠲᠠ ᠣᠷᠣᠨ ᠡᠨᠡ ᠲᠡᠷᠡ ᠶ᠋ᠢ ᠦᠵᠡᠪᠡ᠃
ᠡᠳᠦᠷ ᠢᠷᠡᠬᠦ ᠳᠣᠳᠣᠮ ᠭᠠᠵᠠᠷ ᠣᠷᠣᠨ ᠤ᠋ ᠪᠠᠢᠳᠠᠯ ᠡᠨᠡ ᠲᠡᠷᠡ ᠲᠡᠢ ᠲᠠᠨᠢᠯᠴᠠᠨ ᠳᠠᠰᠤᠭᠰᠠᠭᠠᠷ ᠪᠥᠭᠡᠳ
ᠡᠨᠡ ᠭᠠᠵᠠᠷ ᠰᠠᠭᠤᠵᠤ ᠡᠷᠳᠡᠮ ᠪᠣᠯᠪᠠᠰᠤᠷᠠᠯ ᠢ᠋ ᠰᠤᠷᠴᠤ ᠤᠯᠤᠰ ᠠᠷᠠᠳ ᠲᠤ᠌ ᠲᠤᠰᠠᠯᠠᠬᠤ ᠶ᠋ᠢ ᠵᠣᠷᠢᠪᠠ᠃
ᠭᠡᠰᠡᠨ ᠡᠨᠡ ᠬᠦ᠌ ᠵᠠᠮ ᠤ᠋ᠨ ᠲᠡᠮᠳᠡᠭᠯᠡᠯ ᠥᠭᠦᠯᠡᠯ ᠢ᠋1926 ᠣᠨ ᠤ᠋8 ᠰᠠᠷ᠎ᠠ ᠶ᠋ᠢᠨ17 ᠳ᠋ᠤ᠌ ᠪᠧᠷᠯᠢᠨ ᠬᠣᠲᠠ ᠳ᠋ᠤ᠌ ᠭᠦᠢᠴᠡᠳᠬᠡᠨ ᠪᠢᠴᠢᠪᠡ᠃

 ___________________
① ᠤᠯᠠᠭᠠᠨᠪᠠᠭᠠᠲᠤᠷ ᠠ᠋ᠴᠠ1925 ᠣᠨ ᠤ᠋10 ᠰᠠᠷ᠎ᠠ ᠶ᠋ᠢᠨ17 ᠳ᠋ᠤ᠌ ᠭᠠᠷᠤᠭᠰᠠᠨ᠃
② ᠫᠸᠷᠸᠸᠣᠽ ᠣᠩᠭᠣᠴᠠ— ᠭᠣᠣᠯ ᠮᠥᠷᠡᠨ ᠭᠠᠲᠤᠯᠤᠭᠤᠯᠬᠤ ᠣᠩᠭᠣᠴᠠ
③ ᠠᠯᠲᠠᠨᠪᠤᠯᠠᠭ ᠢ᠋1925 ᠣᠨ ᠤ᠋10 ᠰᠠᠷ᠎ᠠ ᠶ᠋ᠢᠨ20 ᠤ᠋ ᠡᠳᠦᠷ ᠳᠠᠭᠠᠷᠢᠨ ᠭᠠᠷᠤᠭᠰᠠᠨ᠃
④ ᠲ᠋ᠷᠤᠢᠽᠷᠺᠤᠰᠠᠸᠠᠰᠺ— ᠳᠡᠭᠡᠳᠦ ᠰᠢᠪᠡᠭᠡ ᠬᠢᠶᠠᠭᠲᠤ᠃
⑤ ᠫᠠᠭᠠᠷ ᠲᠡᠷᠭᠡ— ᠬᠣᠣᠰ ᠮᠣᠷᠢᠲᠠᠢ ᠲᠡᠷᠭᠡ᠃
⑥ ᠦᠳᠡ ᠬᠣᠲᠠ ᠶ᠋ᠢ1925 ᠣᠨ ᠤ᠋10 ᠳ᠋ᠤᠭᠠᠷ ᠰᠠᠷ᠎ᠠ ᠶ᠋ᠢᠨ27 ᠳ᠋ᠤ᠌ ᠳᠠᠭᠠᠷᠢᠨ ᠭᠠᠷᠪᠠ᠃
⑦ ᠡᠷᠬᠡᠦ— ᠢᠷᠺᠦ᠋ᠲ᠋ᠰᠺ᠃
⑧ ᠺᠠᠨᠠᠯ— ᠰᠤᠪᠠᠭ᠃
⑨ ᠭᠧᠷᠮᠠᠨ ᠢ᠋ᠶ᠋ᠠᠷ ᠶᠠ ᠶᠠ— ᠵᠠ ᠵᠠ᠂ ᠲᠡᠢᠮᠦ ᠲᠡᠢᠮᠦ᠃ ᠨᠠᠢᠶᠸᠠ ᠨᠠᠢᠶᠸᠠ— ᠦᠭᠡᠢ᠂ ᠦᠭᠡᠢ ᠭᠡᠰᠡᠨ ᠦᠭᠡ᠃

   ᠦᠰᠦᠭ ᠠᠮᠢᠯᠠᠭᠤᠯᠤᠭᠴᠢ᠄ ᠭᠡᠭᠡᠷᠡᠯ᠂ ᠱᠠᠭᠰᠠᠯ᠂ ᠰᠤᠳᠤᠯᠲᠤ᠂ ᠴᠠᠬᠠᠷ ᠪᠠᠲᠤ᠂ ᠣᠶᠤᠨᠪᠠᠲᠤ
   ᠬᠢᠨᠠᠭᠴᠢ᠄ ᠣᠳᠬᠠᠨᠰᠣ᠎ᠠ᠂ ᠰᠡᠬᠡᠭᠡᠷᠡᠯ