ᠰᠡᠴᠡᠨ ᠬᠦᠦ ᠡᠷᠳᠡᠮᠲᠡᠨ ᠪᠠᠭᠰᠢ ᠶ᠋ᠢ ᠭᠠᠷᠲᠠᠭᠠᠭᠰᠠᠨ ᠨᠢ Сэцэн хүү эрдэмтэн багшийг гартаасан нь ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠴᠡᠨ ᠬᠦᠦ ᠡᠷᠳᠡᠮᠲᠡᠨ ᠪᠠᠭᠰᠢ ᠶ᠋ᠢ ᠭᠠᠷᠲᠠᠭᠠᠭᠰᠠᠨ ᠨᠢ Сэцэн хүү эрдэмтэн багшийг гартаасан нь

ᠰᠡᠴᠡᠨ ᠬᠦᠦ ᠡᠷᠳᠡᠮᠲᠡᠨ ᠪᠠᠭᠰᠢ ᠶ᠋ᠢ ᠭᠠᠷᠲᠠᠭᠠᠭᠰᠠᠨ ᠨᠢ Сэцэн хүү эрдэмтэн багшийг гартаасан нь

ᠠᠩᠭᠢᠯᠠᠯ:ᠳᠣᠮᠣᠭ ᠦᠯᠢᠭᠡᠷ
2026-06-30

5

ᠰᠡᠴᠡᠨ ᠬᠦᠦ ᠡᠷᠳᠡᠮᠲᠡᠨ ᠪᠠᠭᠰᠢ ᠶ᠋ᠢ ᠭᠠᠷᠲᠠᠭᠠᠭᠰᠠᠨ ᠨᠢ

              ᠳᠣᠮᠣᠭ ᠦᠯᠢᠭᠡᠷ 

      ᠡᠷᠲᠡ ᠤᠷᠢᠳᠤ ᠶ᠋ᠢᠨ ᠴᠠᠭ  ᠲᠤ᠌ ᠨᠢᠭᠡᠨ ᠡᠷᠳᠡᠮᠲᠡᠨ ᠪᠠᠭᠰᠢ ᠰᠦᠮ᠎ᠡ ᠬᠡᠢᠳ ᠲᠦ᠍ ᠰᠠᠭᠤᠭᠠᠳ ᠨᠣᠮ ᠪᠢᠰᠢᠯᠭᠠᠳᠠᠭ ᠪᠠᠢᠵᠠᠢ᠃ ᠨᠢᠭᠡᠨ ᠡᠳᠦᠷ ᠡᠷᠳᠡᠮᠲᠡᠨ ᠪᠠᠭᠰᠢ ᠮᠠᠨᠢ ᠰᠦᠮ᠎ᠡ ᠡᠴᠡ ᠪᠡᠨ ᠭᠠᠷᠴᠤ ᠲᠣᠭᠣᠷᠢᠨ ᠶᠠᠪᠤᠬᠤ ᠪᠠᠷ ᠪᠣᠯᠤᠭᠠᠳ ᠶᠠᠪᠤᠵᠤ ᠪᠠᠢᠬᠤ ᠳ᠋ᠤ᠌ ᠣᠯᠠᠨ ᠬᠡᠦᠬᠡᠳ ᠴᠤᠭᠯᠠᠷᠠᠵᠤ ᠨᠠᠭᠠᠳᠵᠤ ᠪᠠᠢᠬᠤ ᠳ᠋ᠤ᠌ ᠬᠠᠷᠢᠨ ᠨᠢᠭᠡᠨ ᠪᠢᠴᠢᠬᠠᠨ ᠬᠥᠪᠡᠭᠦᠨ ᠭᠠᠭᠴᠠ ᠪᠠᠷ ᠢ᠋ᠶ᠋ᠠᠨ ᠭᠣᠣᠯ ᠤ᠋ᠨ ᠬᠥᠪᠡᠭᠡᠨ ᠳ᠋ᠦ᠍ ᠵᠢᠭᠠᠰᠤ ᠭᠥᠬᠢᠳᠡᠵᠦ ᠰᠠᠭᠤᠵᠤ ᠪᠠᠢᠬᠤ ᠶ᠋ᠢ ᠡᠷᠳᠡᠮᠲᠡᠨ ᠪᠠᠭᠰᠢ ᠣᠯᠵᠤ ᠬᠠᠷᠠᠭᠠᠳ ᠲᠡᠷᠡ ᠬᠦᠦ ᠡᠴᠡ ᠬᠡᠳᠦᠨ ᠦᠭᠡ ᠠᠰᠠᠭᠤᠶ᠎ᠠ ᠭᠡᠵᠦ ᠪᠣᠳᠣᠭᠠᠳ ᠰᠢᠭᠤᠳ ᠲᠡᠷᠡᠬᠦ ᠬᠥᠪᠡᠭᠦᠨ ᠦ᠌ ᠵᠠᠬ᠎ᠠ ᠳ᠋ᠤ᠌ ᠬᠦᠷᠦᠮᠡᠭᠴᠡ ᠪᠡᠨ《ᠬᠥᠶᠢ᠂ ᠬᠦᠦ ᠮᠢᠨᠢ ᠪᠤᠰᠤᠳ ᠬᠡᠦᠬᠡᠳ ᠦ᠋ᠳ ᠪᠦᠷ ᠨᠠᠭᠠᠳᠵᠤ ᠪᠠᠢᠬᠤ ᠳ᠋ᠤ᠌ ᠲᠠ ᠶᠠᠭᠤᠨ ᠳ᠋ᠤ᠌ ᠲᠡᠳᠡᠨ ᠲᠡᠢ ᠨᠠᠭᠠᠳᠬᠤ ᠦᠭᠡᠢ ᠪᠡᠷ ᠡᠨᠳᠡ ᠶᠠᠭᠤ ᠬᠢᠵᠦ ᠰᠠᠭᠤᠵᠤ ᠪᠠᠢᠭ᠎ᠠ ᠶᠤᠮ?》 ᠭᠡᠬᠦ ᠳ᠋ᠦ᠍ ᠬᠦᠦ ᠬᠠᠷᠢᠭᠤ ᠳ᠋ᠤ᠌ ᠨᠢ《ᠨᠠᠭᠠᠳᠤᠮ ᠶᠠᠭᠤᠨ ᠳ᠋ᠤ᠌ ᠲᠤᠰᠠᠲᠠᠢ ᠶᠤᠮ? ᠨᠤᠭᠤᠰᠤ ᠭᠠᠯᠠᠭᠤ ᠬᠦᠷᠲᠡᠯ᠎ᠡ ᠨᠠᠭᠤᠷ ᠤᠰᠤᠨ ᠳ᠋ᠤ᠌ ᠪᠠᠨ ᠡᠵᠡᠨ ᠭᠡᠵᠦ ᠪᠠᠢᠬᠤ ᠳ᠋ᠤ᠌᠂ ᠪᠢ ᠴᠢᠨᠢ ᠬᠥᠮᠦᠨ ᠭᠡᠵᠦ ᠪᠠᠢᠭᠠᠳ ᠨᠤᠲᠤᠭ ᠤᠰᠤᠨ ᠳ᠋ᠤ᠌ ᠪᠠᠨ ᠡᠵᠡᠨ ᠭᠡᠵᠦ ᠰᠠᠭᠤᠵᠤ ᠪᠠᠢᠨ᠎ᠠ》 ᠭᠡᠵᠡᠢ᠃
       ᠡᠭᠦᠨ ᠳ᠋ᠦ᠍ ᠪᠠᠭᠰᠢ ᠮᠠᠨᠢ ᠲᠡᠭᠦᠨ ᠡᠴᠡ ᠬᠡᠳᠦᠨ ᠦᠭᠡ ᠠᠰᠠᠭᠤᠶ᠎ᠠ ᠭᠡᠵᠦ ᠪᠣᠳᠣᠭᠠᠳ《ᠬᠥᠶᠢ᠂ ᠪᠢᠴᠢᠬᠠᠨ ᠬᠥᠪᠡᠭᠦᠨ ᠲᠠ ᠴᠢᠨᠢ ᠰᠦᠷᠡᠬᠡᠢ ᠶᠡᠬᠡ ᠦᠭᠡ ᠲᠡᠢ ᠬᠡᠦᠬᠡᠳ ᠪᠠᠢᠨ᠎ᠠ ᠰᠢᠲᠠ᠂ ᠪᠢ ᠴᠢᠮ᠎ᠠ ᠠ᠋ᠴᠠ ᠨᠢᠭᠡ ᠠᠰᠠᠭᠤᠯᠲᠠ ᠠᠰᠠᠭᠤᠶ᠎ᠠ》 ᠭᠡᠬᠦ ᠳ᠋ᠦ᠍ ᠪᠢᠴᠢᠬᠠᠨ ᠬᠥᠪᠡᠭᠦᠨ《ᠠᠰᠠᠭᠤᠭᠠᠷᠠᠢ!》 ᠭᠡᠰᠡᠨ ᠳ᠋ᠦ᠍ ᠮᠠᠨᠢ ᠪᠠᠭᠰᠢ《ᠡᠨᠡ ᠶᠢᠷᠲᠢᠨᠴᠦ ᠳ᠋ᠦ᠍ ᠡᠳᠦᠷ ᠨᠢ ᠣᠯᠠᠨ ᠤᠤ? ᠰᠥᠨᠢ ᠨᠢ ᠣᠯᠠᠨ ᠤᠤ? ᠡᠷᠡᠭᠲᠡᠢ ᠨᠢ ᠣᠯᠠᠨ ᠤᠤ? ᠡᠮᠡᠭᠲᠡᠢ ᠨᠢ ᠣᠯᠠᠨ ᠤᠤ?》 ᠭᠡᠰᠡᠨ ᠳ᠋ᠦ᠍ ᠬᠦᠦ ᠬᠠᠷᠢᠭᠤ ᠳ᠋ᠤ᠌ ᠨᠢ《ᠪᠦᠷᠬᠦᠭ ᠡᠳᠦᠷ ᠢ᠋ ᠰᠥᠨᠢ ᠪᠡᠷ ᠪᠣᠳᠣᠪᠠᠯ ᠰᠥᠨᠢ ᠨᠢ ᠣᠯᠠᠨ᠂ ᠪᠦᠲᠦᠯ ᠦᠭᠡᠢ ᠯᠠᠮᠠ ᠶ᠋ᠢ ᠡᠮᠡᠭᠲᠡᠢ ᠪᠡᠷ ᠪᠣᠳᠣᠪᠠᠯ ᠡᠮᠡᠭᠲᠡᠢ ᠨᠢ ᠣᠯᠠᠨ》 ᠭᠡᠵᠡᠢ᠃ ᠢᠩᠭᠢᠬᠦ ᠳ᠋ᠦ᠍ ᠪᠠᠭᠰᠢ ᠮᠠᠨᠢ《ᠵᠠ ᠵᠠ᠂ (ᠦᠭᠡ ᠣᠯᠠᠳᠠᠵᠤ ᠦᠬᠡᠷ ᠬᠣᠯᠠᠳᠠᠯ᠎ᠠ) ᠣᠳᠣ ᠪᠢ ᠴᠢᠮ᠎ᠠ ᠲᠠᠢ ᠬᠡᠯᠡᠯᠴᠡᠬᠦ ᠵᠠᠪ ᠦᠭᠡᠢ᠂ ᠡᠷᠲᠡᠬᠡᠨ ᠵᠠᠮ ᠢ᠋ᠶ᠋ᠠᠨ ᠬᠥᠭᠡᠭᠡᠶ᠎ᠡ》 ᠭᠡᠳ ᠴᠢᠨᠠᠭᠰᠢ ᠪᠠᠨ ᠶᠠᠪᠤᠬᠤ ᠭᠡᠲᠡᠯ᠎ᠡ ᠪᠢᠴᠢᠬᠠᠨ ᠬᠥᠪᠡᠭᠦᠨ《ᠵᠠ ᠪᠠᠢᠵᠠ᠂ ᠪᠠᠭᠰᠢ ᠠ᠋! ᠪᠢ ᠲᠠᠨ ᠠ᠋ᠴᠠ ᠶᠠᠭᠤᠮ᠎ᠠ ᠠᠰᠠᠭᠤᠶ᠎ᠠ》 ᠭᠡᠬᠦ ᠳ᠋ᠦ᠍《ᠵᠠ᠂ ᠠᠰᠠᠭᠤ ᠠᠰᠠᠭᠤ》 ᠭᠡᠵᠡᠢ᠃ ᠬᠦᠦ᠄《ᠦᠬᠡᠷ ᠦ᠋ᠨ ᠮᠥᠭᠡᠷᠡᠬᠦ ᠨᠢ ᠶᠠᠭᠠᠬᠢᠭᠠᠳ ᠲᠡᠢᠮᠦ ᠴᠡᠭᠡᠯᠬᠡᠨ ᠪᠠᠢᠳᠠᠭ ᠪᠣᠢ?》 ᠭᠡᠯ᠎ᠡ᠃ ᠪᠠᠭᠰᠢ᠄《ᠲᠡᠭᠡᠯᠭᠦᠢ ᠲᠡᠢᠮᠦ ᠪᠦᠳᠦᠭᠦᠨ ᠬᠣᠭᠣᠯᠠᠢ ᠲᠠᠢ ᠠᠮᠢᠲᠠᠨ ᠶᠤᠮ ᠴᠢᠨᠢ》 ᠭᠡᠳ ᠴᠢᠨᠠᠭᠰᠢ ᠪᠠᠨ ᠶᠠᠪᠤᠲᠠᠯ᠎ᠠ《ᠪᠠᠭᠰᠢ ᠠ᠋᠂ ᠨᠤᠭᠤᠰᠤ ᠭᠠᠯᠠᠭᠤ ᠲᠡᠢᠮᠦ ᠪᠢᠴᠢᠬᠠᠨ ᠪᠥᠭᠡᠳ ᠬᠣᠭᠣᠯᠠᠢ ᠬᠦᠵᠦᠭᠦᠦ ᠨᠢ ᠮᠠᠰᠢ ᠨᠠᠷᠢᠨ ᠪᠠᠢᠲᠠᠯ᠎ᠠ ᠪᠠᠨ ᠶᠠᠭᠠᠬᠢᠭᠠᠳ ᠴᠢᠩᠭᠢᠵᠦ ᠤᠶᠠᠩᠭᠠᠯᠢᠭ ᠭᠣᠶᠣ ᠳᠣᠩᠭᠣᠳᠳᠠᠭ ᠶᠤᠮ?》 ᠭᠡᠰᠡᠨ ᠳ᠋ᠦ᠍ ᠮᠠᠨᠢ ᠪᠠᠭᠰᠢ《ᠵᠠ ᠵᠠ᠂ ᠮᠡᠳᠡᠬᠦ ᠦᠭᠡᠢ ᠮᠡᠳᠡᠬᠦ ᠦᠭᠡᠢ》 ᠭᠡᠳ ᠴᠢᠨᠠᠭᠰᠢ ᠪᠠᠨ ᠶᠠᠪᠤᠵᠤ ᠪᠠᠢᠲᠠᠯ᠎ᠠ ᠨᠢᠭᠡᠨ ᠲᠠᠷᠢᠶᠠᠴᠢᠨ ᠡᠪᠦᠭᠡᠨ ᠠᠨᠵᠢᠰᠤᠨ ᠲᠡᠷᠭᠡᠨ ᠳ᠋ᠦ᠍ ᠦᠬᠡᠷ ᠬᠥᠯᠵᠦ ᠭᠠᠵᠠᠷ ᠬᠠᠭᠠᠯᠵᠤ ᠲᠠᠷᠢᠶ᠎ᠠ ᠲᠠᠷᠢᠵᠤ ᠪᠠᠢᠬᠤ ᠲᠠᠢ ᠲᠠᠭᠠᠷᠠᠵᠤ ᠰᠢᠭᠤᠳ ᠲᠠᠷᠢᠶᠠᠴᠢᠨ ᠠ᠋ᠴᠠ《ᠡᠪᠦᠭᠡᠨ ᠠ᠋᠂ ᠲᠠᠨ ᠤ᠋ ᠠᠨᠵᠢᠰᠤᠨ ᠲᠡᠷᠭᠡᠨ ᠦ᠌ ᠴᠢᠨᠢ ᠬᠦᠷᠳᠦ ᠭᠡᠷ ᠡᠴᠡ ᠪᠡᠨ ᠡᠨᠳᠡ ᠬᠦᠷᠲᠡᠯ᠎ᠡ ᠬᠡᠳᠦᠢ ᠤᠳᠠᠭ᠎ᠠ ᠡᠷᠭᠢᠵᠦ ᠪᠣᠢ?》 ᠭᠡᠰᠡᠨ ᠳ᠋ᠦ᠍ ᠲᠠᠷᠢᠶᠠᠴᠢᠨ ᠭᠤᠸᠠᠢ ᠬᠠᠷᠢᠭᠤᠯᠵᠤ ᠴᠢᠳᠠᠭᠰᠠᠨ ᠦᠭᠡᠢ ᠳ᠋ᠦ᠍ ᠮᠠᠨᠢ ᠪᠠᠭᠰᠢ《ᠲᠠᠷᠢᠶᠠᠴᠢᠨ ᠢ᠋ ᠮᠠᠷᠭᠠᠰᠢ ᠡᠨᠳᠡ ᠢᠷᠡᠬᠦ ᠳ᠋ᠦ᠍ ᠪᠡᠨ ᠲᠡᠷᠭᠡᠨ ᠦ᠌ ᠬᠢ ᠪᠡᠨ ᠬᠦᠷᠳᠦ ᠶ᠋ᠢ ᠬᠡᠳᠦᠢ ᠡᠷᠭᠢᠵᠦ ᠪᠠᠢᠬᠤ ᠶ᠋ᠢ ᠲᠣᠭᠠᠯᠠᠬᠤ ᠪᠠᠷ ᠪᠠᠷᠠᠬᠤ ᠦᠭᠡᠢ ᠡᠷ᠎ᠡ ᠦᠬᠡᠷ ᠡᠴᠡ ᠪᠡᠨ ᠰᠦ ᠰᠠᠭᠠᠵᠤ᠂ ᠰᠦ ᠪᠡᠷ ᠨᠢ ᠪᠢᠰᠢᠯᠠᠭ ᠳᠠᠷᠤᠵᠤ ᠠᠪᠤᠭᠠᠳ ᠢᠷ᠎ᠡ》 ᠭᠡᠰᠡᠨ ᠳ᠋ᠦ᠍ ᠲᠠᠷᠢᠶᠠᠴᠢᠨ ᠭᠤᠸᠠᠢ ᠵᠥᠪᠰᠢᠶᠡᠷᠡᠵᠦ᠂ ᠮᠠᠨᠢ ᠪᠠᠭᠰᠢ ᠰᠦᠮ᠎ᠡ ᠳ᠋ᠦ᠍ ᠪᠡᠨ ᠪᠤᠴᠠᠨ ᠬᠠᠷᠢᠵᠠᠢ᠃
       ᠵᠠ᠂ ᠢᠩᠭᠢᠭᠡᠳ ᠲᠠᠷᠢᠶᠠᠴᠢᠨ ᠭᠤᠸᠠᠢ ᠭᠡᠷ ᠲᠦ᠍ ᠪᠡᠨ ᠬᠠᠷᠢᠭᠠᠳ᠂《ᠮᠠᠷᠭᠠᠰᠢ ᠪᠢ ᠠᠨᠵᠢᠰᠤᠨ ᠲᠡᠷᠭᠡᠨ ᠦ᠌ ᠬᠦᠷᠳᠦ ᠶ᠋ᠢ ᠬᠡᠳᠦᠢ ᠡᠷᠭᠢᠬᠦ ᠶ᠋ᠢ ᠲᠣᠭᠠᠯᠠᠬᠤ ᠨᠢ ᠴᠦ᠍ ᠭᠠᠢᠭᠤᠢ᠂ ᠬᠠᠷᠢᠨ ᠶᠠᠭᠠᠬᠢᠵᠤ ᠡᠷ᠎ᠡ ᠦᠬᠡᠷ ᠡᠴᠡ ᠪᠡᠨ ᠰᠦ ᠰᠠᠭᠠᠵᠤ᠂  ᠰᠦ ᠪᠡᠷ ᠨᠢ ᠪᠢᠰᠢᠯᠠᠭ ᠳᠠᠷᠤᠳᠠᠭ ᠪᠢᠯᠡ》 ᠭᠡᠮᠡᠨ ᠰᠠᠨᠠᠭ᠎ᠠ ᠵᠣᠪᠠᠵᠤ ᠰᠠᠭᠤᠵᠤ ᠪᠠᠢᠲᠠᠯ᠎ᠠ ᠪᠢᠴᠢᠬᠠᠨ ᠬᠥᠪᠡᠭᠦᠨ ᠭᠡᠷ ᠲᠦ᠍ ᠨᠢ ᠣᠷᠣᠭᠠᠳ᠂ ᠲᠠᠷᠢᠶᠠᠴᠢᠨ ᠠᠪᠤ ᠶ᠋ᠢᠨ ᠢ᠋ᠶ᠋ᠡᠨ ᠲᠤᠩ ᠵᠣᠪᠠᠭᠤᠷᠢ ᠲᠠᠢ ᠪᠠᠢᠭ᠎ᠠ ᠶ᠋ᠢ ᠮᠡᠳᠡᠵᠦ《ᠠᠪᠤ ᠲᠠ ᠶᠠᠭᠤᠨ ᠳ᠋ᠤ᠌ ᠡᠢᠮᠦ ᠵᠣᠪᠠᠭᠤᠷᠢ ᠲᠠᠢ ᠪᠠᠢᠭ᠎ᠠ ᠶᠤᠮ?》 ᠭᠡᠬᠦ ᠳ᠋ᠦ᠍ ᠲᠠᠷᠢᠶᠠᠴᠢᠨ ᠡᠪᠦᠭᠡᠨ ᠡᠨᠡ ᠡᠳᠦᠷ ᠦ᠋ᠨ ᠲᠠᠷᠢᠶᠠᠨ ᠭᠠᠵᠠᠷ  ᠲᠤ᠌ ᠨᠢ ᠤᠴᠠᠷᠠᠭᠰᠠᠨ ᠤᠴᠠᠷᠠᠯ ᠪᠠ ᠲᠤᠰᠢᠶᠠᠭᠰᠠᠨ ᠵᠦᠢᠯ ᠢ᠋ ᠪᠦᠬᠦᠨ ᠢ᠋ ᠨᠠᠷᠢᠨ ᠲᠣᠭᠠᠴᠢᠬᠤ ᠳ᠋ᠤ᠌ ᠪᠢᠴᠢᠬᠠᠨ ᠬᠥᠪᠡᠭᠦᠨ᠄《ᠮᠠᠷᠭᠠᠰᠢ ᠪᠢ ᠲᠠᠷᠢᠶᠠᠨ ᠳ᠋ᠤ᠌ ᠪᠠᠨ ᠣᠴᠢᠶ᠎ᠠ᠂ ᠠᠪᠤ ᠰᠠᠨᠠᠭ᠎ᠠ ᠠᠮᠤᠷ ᠪᠠᠢᠭᠠᠷᠠᠢ》 ᠭᠡᠵᠦ ᠬᠣᠶᠠᠭᠤᠯᠠ ᠬᠡᠯᠡᠯᠴᠡᠨ ᠲᠣᠭᠲᠠᠵᠠᠢ᠃
     《ᠮᠠᠷᠭᠠᠰᠢ ᠨᠢ ᠮᠠᠨᠢ ᠪᠠᠭᠰᠢ ᠰᠦᠮ᠎ᠡ ᠡᠴᠡ ᠪᠡᠨ ᠭᠠᠷᠴᠤ ᠳᠠᠷᠤᠯᠠᠵᠤ ᠰᠤᠷᠤᠭᠰᠠᠨ ᠢ᠋ᠶ᠋ᠠᠷ ᠢ᠋ᠶ᠋ᠠᠨ ᠲᠡᠷᠡᠬᠦ ᠲᠠᠷᠢᠶᠠᠴᠢᠨ ᠡᠪᠦᠭᠡᠨ ᠢ᠋ ᠣᠴᠢᠵᠤ ᠨᠢᠭᠡ ᠰᠠᠢᠨ ᠭᠠᠷᠲᠠᠭᠠᠶ᠎ᠠ》 ᠭᠡᠵᠦ ᠪᠣᠳᠣᠭᠠᠳ ᠰᠢᠭᠤᠳ ᠲᠠᠷᠢᠶᠠᠴᠢᠨ ᠡᠪᠦᠭᠡᠨ ᠦ᠌ ᠲᠠᠷᠢᠶᠠᠨ ᠭᠠᠵᠠᠷ  ᠲᠤ᠌ ᠬᠦᠷᠬᠦ ᠳ᠋ᠦ᠍ ᠬᠠᠷᠢᠨ ᠪᠢᠴᠢᠬᠠᠨ ᠬᠥᠪᠡᠭᠦᠨ ᠠᠨᠵᠢᠰᠤᠨ ᠳ᠋ᠤ᠌ ᠦᠬᠡᠷ ᠬᠥᠯᠵᠦ ᠭᠠᠵᠠᠷ ᠬᠠᠭᠠᠯᠤᠭᠠᠳ ᠲᠠᠷᠢᠶ᠎ᠠ ᠪᠠᠨ ᠲᠠᠷᠢᠵᠤ ᠪᠠᠢᠬᠤ ᠳ᠋ᠤ᠌ ᠮᠠᠨᠢ ᠪᠠᠭᠰᠢ ᠮᠠᠰᠢ ᠭᠠᠢᠬᠠᠵᠤ《ᠡᠨᠡ ᠡᠳᠦᠷ ᠠᠪᠤ ᠴᠢᠨᠢ ᠶᠠᠭᠠᠬᠢᠭᠠᠳ ᠢᠷᠡᠭᠰᠡᠨ ᠦᠭᠡᠢ ᠪᠣᠢ?》 ᠭᠡᠰᠡᠨ ᠳ᠋ᠦ᠍ ᠪᠢᠴᠢᠬᠠᠨ ᠬᠥᠪᠡᠭᠦᠨ《ᠠᠪᠤ ᠠ᠋ᠴᠠ ᠬᠡᠦᠬᠡᠳ ᠲᠥᠷᠥᠭᠰᠡᠨ ᠰᠠᠷ᠎ᠠ ᠳ᠋ᠤ᠌ ᠰᠠᠭᠤᠵᠤ ᠪᠠᠢᠨ᠎ᠠ》 ᠭᠡᠵᠡᠢ᠃《ᠡᠨᠡ ᠶᠢᠷᠲᠢᠨᠴᠦ ᠳ᠋ᠦ᠍ ᠡᠷ᠎ᠡ ᠬᠥᠮᠦᠨ ᠡᠴᠡ ᠬᠡᠦᠬᠡᠳ ᠲᠥᠷᠥᠳᠡᠭ ᠶᠦᠮ ᠤᠤ?》 ᠭᠡᠰᠡᠨ ᠳ᠋ᠦ᠍ ᠪᠢᠴᠢᠬᠠᠨ ᠬᠥᠪᠡᠭᠦᠨ《ᠵᠠ᠂ ᠴᠢᠩᠭᠢᠪᠡᠯ ᠡᠨᠡ ᠶᠢᠷᠲᠢᠨᠴᠦ ᠳ᠋ᠦ᠍ ᠡᠷ᠎ᠡ ᠦᠬᠡᠷ ᠡᠴᠡ ᠰᠦ ᠰᠠᠭᠤᠳᠠᠭ ᠤᠤ?》 ᠭᠡᠵᠡᠢ᠃ ᠢᠩᠭᠢᠭᠡᠳ ᠮᠠᠨᠢ ᠪᠠᠭᠰᠢ ᠬᠠᠷᠢᠭᠤ ᠬᠡᠯᠡᠬᠦ ᠦᠭᠡ ᠦᠭᠡᠢ ᠪᠣᠯᠵᠠᠢ᠃
         ᠪᠠᠭᠰᠢ ᠮᠠᠨᠢ《ᠵᠠ᠂ ᠬᠦᠦ ᠮᠢᠨᠢ᠂ ᠴᠢᠨᠦ ᠠᠨᠵᠢᠰᠤᠨ ᠲᠡᠷᠭᠡᠨ ᠦ᠌ ᠴᠢᠨᠢ ᠬᠦᠷᠳᠦ ᠭᠡᠷ ᠡᠴᠡ ᠪᠡᠨ ᠡᠨᠳᠡ ᠢᠷᠡᠲᠡᠯ᠎ᠡ ᠬᠡᠳᠦᠢ ᠤᠳᠠᠭ᠎ᠠ ᠡᠷᠭᠢᠵᠦ ᠪᠣᠢ?》 ᠭᠡᠬᠦ ᠳ᠋ᠦ᠍ ᠪᠢᠴᠢᠬᠠᠨ ᠬᠥᠪᠡᠭᠦᠨ《ᠵᠠ᠂ ᠲᠡᠷᠡ ᠴᠦ᠍ ᠮᠠᠰᠢ ᠠᠮᠠᠷᠬᠠᠨ᠂ ᠪᠠᠭᠰᠢ ᠲᠠ ᠰᠦᠮ᠎ᠡ ᠡᠴᠡ ᠪᠡᠨ ᠡᠨᠳᠡ ᠢᠷᠡᠲᠡᠯ᠎ᠡ ᠬᠡᠳᠦᠢ ᠠᠯᠬᠤᠮ ᠠᠯᠬᠤᠵᠤ ᠢᠷᠡᠪᠡ ᠳᠠ?》 ᠭᠡᠰᠡᠨ ᠳ᠋ᠦ᠍ ᠮᠠᠨᠢ ᠪᠠᠭᠰᠢ ᠬᠠᠷᠢᠭᠤ ᠥᠴᠢᠬᠦ ᠦᠭᠡ ᠦᠭᠡᠢ ᠲᠠᠭᠯᠠᠷᠠᠵᠤ᠂ ᠪᠢᠴᠢᠬᠠᠨ ᠬᠥᠪᠡᠭᠦᠨ ᠳ᠋ᠦ᠍  ᠭᠠᠷᠲᠠᠭᠠᠭᠳᠠᠵᠤ  ᠰᠦᠮ᠎ᠡ ᠳ᠋ᠦ᠍ ᠪᠡᠨ ᠪᠤᠴᠠᠨ ᠬᠠᠷᠢᠭᠰᠠᠨ ᠭᠡᠳᠡᠭ ᠪᠢᠯᠡ᠃

         ᠲᠤᠰ ᠳᠣᠮᠣᠭ ᠦᠯᠢᠭᠡᠷ ᠢ᠋ ᠳᠡᠭᠡᠷ᠎ᠡ ᠵᠠᠭᠤᠨ ᠤ᠋ ᠳᠠᠯᠠᠭᠠᠳ ᠣᠨ ᠤ᠋ ᠥᠪᠥᠷ ᠮᠣᠩᠭᠣᠯ ᠤ᠋ᠨ ᠷᠠᠳᠢᠣ᠋ ᠬᠣᠷᠢᠶᠠᠨ ᠤ᠋ ᠨᠡᠷᠡᠲᠦ ᠬᠤᠭᠤᠷᠴᠢ ᠳᠣᠷᠵᠢ ᠶ᠋ᠢᠨ ᠷᠠᠳᠢᠣ᠋ ᠪᠠᠷ ᠶᠠᠷᠢᠭᠰᠠᠨ  ᠊ᠢ ᠣᠯᠠᠨᠪᠠᠶᠠᠷ   ᠤ᠋ᠨ ᠡᠮᠬᠢᠳᠬᠡᠨ ᠨᠠᠢᠷᠠᠭᠤᠯᠤᠭᠰᠠᠨ《ᠪᠣᠳᠡᠷ ᠤ᠋ᠨ ᠴᠢᠯᠠᠭᠤᠨ ᠠ᠋ᠴᠠ ᠴᠠᠬᠢᠭᠰᠠᠨ ᠪᠤᠭᠤᠷᠤᠯ ᠭᠠᠯ ᠣᠴᠢ》 ᠨᠣᠮ ᠳ᠋ᠠᠭᠠᠨ ᠡᠰᠢ ᠲᠠᠲᠠᠵᠤ ᠲᠡᠮᠳᠡᠭᠯᠡᠨ ᠥᠯᠳᠡᠭᠡᠭᠰᠡᠨ ᠢ᠋ ᠠᠪᠤᠪᠠ᠃

         ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
         ᠬᠢᠨᠠᠭᠴᠢ᠄ ᠣᠯᠠᠨᠪᠠᠶᠠᠷ