ᠲᠣᠨᠵᠢᠶᠠ -ᠲᠣᠭᠠᠲᠤ ᠶ᠋ᠢᠨ ᠣᠳᠬᠤᠨᠪᠢᠯᠢᠭ᠌ - ᠵᠠᠬᠠᠴᠢᠨ ᠠᠷᠠᠳ ᠤ᠋ᠨ ᠳᠠᠭᠤᠤ Тонжоо _ Захчин ардын дуу _ Дуучин Тоотын Отгонбилэг
ᠲᠣᠨᠵᠢᠶᠠ
ᠵᠠᠬᠠᠴᠢᠨ ᠠᠷᠠᠳ ᠤ᠋ᠨ ᠳᠠᠭᠤᠤ
ᠲᠣᠭᠠᠲᠤ ᠶ᠋ᠢᠨ ᠣᠳᠬᠤᠨᠪᠢᠯᠢᠭ᠌ ᠳᠠᠭᠤᠯᠠᠨ᠎ᠠ
ᠰᠦᠷᠦᠭ ᠢ᠋ᠶ᠋ᠡᠷ ᠠᠳᠤᠭᠤᠨ ᠳᠤᠮᠳᠠ ᠠ᠋ᠴᠠ
ᠰᠦᠷᠯᠢᠭ ᠬᠠᠯᠢᠭᠤᠨ ᠲᠣᠨᠵᠢᠶᠠ
ᠰᠤᠮᠤ ᠶ᠋ᠢᠨ ᠪᠠᠭᠠᠴᠤᠳ ᠳᠤᠮᠳᠠ ᠠ᠋ᠴᠠ
ᠰᠤᠷᠠᠭ ᠢ᠋ᠶ᠋ᠠᠷ ᠲᠡᠷᠡ ᠮᠢᠨᠢ ᠲᠣᠨᠵᠢᠶᠠ
ᠣᠲᠣᠷ ᠢ᠋ᠶ᠋ᠠᠷ ᠠᠳᠤᠭᠤᠨ ᠳᠤᠮᠳᠠ ᠠ᠋ᠴᠠ
ᠣᠷᠣᠭ᠎ᠠ ᠬᠠᠯᠠᠭᠤᠨ ᠲᠣᠨᠵᠢᠶᠠ
ᠣᠯᠠᠨ ᠤ᠋ ᠪᠠᠭᠠᠴᠤᠳ ᠳᠤᠮᠳᠠ ᠠ᠋ᠴᠠ
ᠣᠨᠴᠠᠭᠠᠢ ᠲᠡᠷᠡ ᠮᠢᠨᠢ ᠲᠣᠨᠵᠢᠶᠠ
ᠬᠣᠲᠣᠭᠣᠷ ᠠᠳᠤᠭᠤᠨ ᠳᠤᠮᠳᠠ ᠠ᠋ᠴᠠ
ᠬᠣᠩᠭᠣᠷ ᠬᠠᠯᠢᠭᠤᠨ ᠲᠣᠨᠵᠢᠶᠠ
ᠬᠤᠰᠢᠭᠤᠨ ᠤ᠋ ᠪᠠᠭᠠᠴᠤᠳ ᠳᠤᠮᠳᠠ ᠠ᠋ᠴᠠ
ᠬᠣᠩᠭᠣᠷ ᠲᠡᠷᠡ ᠮᠢᠨᠢ ᠲᠣᠨᠵᠢᠶᠠ
ᠠᠵᠢᠷᠭ᠎ᠠ ᠪᠠᠷ ᠠᠳᠤᠭᠤᠨ ᠳᠤᠮᠳᠠ ᠠ᠋ᠴᠠ
ᠠᠭᠰᠤᠮ ᠬᠠᠯᠢᠭᠤᠨ ᠲᠣᠨᠵᠢᠶᠠ
ᠠᠢᠯ ᠤ᠋ᠨ ᠪᠠᠭᠠᠴᠤᠳ ᠳᠤᠮᠳᠠ ᠠ᠋ᠴᠠ
ᠠᠮᠠᠷᠠᠭ ᠴᠢ ᠮᠢᠨᠢ ᠲᠣᠨᠵᠢᠶᠠ
ᠡᠪᠦᠭᠡ ᠳᠡᠭᠡᠳᠦ ᠶ᠋ᠢᠨ ᠨᠤᠲᠤᠭ ᠲᠤ᠌
ᠳᠣᠭᠰᠢᠨ ᠵᠠᠩᠭᠠᠷ ᠮᠢᠨᠢ ᠮᠣᠷᠢᠯᠠᠨ᠎ᠠ ᠤᠤ
ᠳᠣᠮᠣᠭ ᠤ᠋ᠨ ᠨᠣᠶᠠᠨ ᠵᠠᠩᠭᠠᠷ ᠲᠠᠢ
ᠶᠠᠭᠤ ᠪᠠᠨ ᠶᠠᠭᠤ ᠪᠠᠨ ᠬᠢᠳᠡᠭ ᠳᠡ
ᠠᠯᠲᠠᠨ ᠬᠠᠷᠢᠶ᠎ᠠ ᠲᠠᠢ ᠠᠨᠳᠠ ᠳ᠋ᠤ᠌ ᠪᠠᠨ
ᠠᠷᠢᠬᠢ ᠪᠠᠨ ᠶᠠᠭᠤ ᠶ᠋ᠢ ᠨᠢ ᠪᠠᠷᠢᠨ᠎ᠠ ᠤᠤ ᠳᠠ
ᠠᠷᠠᠳ ᠤ᠋ᠨ ᠨᠣᠶᠠᠨ ᠵᠠᠩᠭᠠᠷ ᠲᠠᠢ
ᠶᠠᠭᠤ ᠪᠠᠨ ᠶᠠᠭᠤ ᠪᠠᠨ ᠬᠢᠨ᠎ᠡ ᠤᠤ ᠳᠠ
ᠮᠥᠩᠭᠥᠨ ᠬᠠᠷᠢᠶ᠎ᠠ ᠲᠠᠢ ᠠᠨᠳᠠ ᠳ᠋ᠤ᠌ ᠪᠠᠨ
ᠰᠦ ᠪᠡᠨ ᠶᠠᠭᠤ ᠶ᠋ᠢ ᠨᠢ ᠪᠠᠷᠢᠨ᠎ᠠ ᠤᠤ ᠳᠠ
ᠮᠥᠩᠬᠡ ᠶ᠋ᠢᠨ ᠨᠣᠶᠠᠨ ᠵᠠᠩᠭᠠᠷ ᠲᠠᠢ
ᠶᠠᠭᠤ ᠶᠠᠭᠤ ᠪᠠᠨ ᠬᠢᠨ᠎ᠡ ᠤᠤ ᠳᠠ
ᠰᠦᠷᠦᠭ ᠢ᠋ᠶ᠋ᠡᠷ ᠠᠳᠤᠭᠤᠨ ᠳᠤᠮᠳᠠ ᠠ᠋ᠴᠠ
ᠰᠦᠷᠯᠢᠭ ᠬᠠᠯᠢᠭᠤᠨ ᠲᠣᠨᠵᠢᠶᠠ
ᠰᠤᠮᠤ ᠶ᠋ᠢᠨ ᠪᠠᠭᠠᠴᠤᠳ ᠳᠤᠮᠳᠠ ᠠ᠋ᠴᠠ
ᠰᠤᠷᠠᠭ ᠢ᠋ᠶ᠋ᠠᠷ ᠲᠡᠷᠡ ᠮᠢᠨᠢ ᠲᠣᠨᠵᠢᠶᠠ
ᠣᠲᠣᠷ ᠢ᠋ᠶ᠋ᠠᠷ ᠠᠳᠤᠭᠤᠨ ᠳᠤᠮᠳᠠ ᠠ᠋ᠴᠠ
ᠣᠷᠣᠭ᠎ᠠ ᠬᠠᠯᠠᠭᠤᠨ ᠲᠣᠨᠵᠢᠶᠠ
ᠣᠯᠠᠨ ᠪᠠᠭᠠᠴᠤᠳ ᠳᠤᠮᠳᠠ ᠠ᠋ᠴᠠ
ᠣᠨᠴᠠᠭᠠᠢ ᠲᠡᠷᠡ ᠮᠢᠨᠢ ᠲᠣᠨᠵᠢᠶᠠ
ᠲᠣᠨᠵᠢᠶᠠ
ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
ᠦᠰᠦᠭ ᠬᠢᠨᠠᠭᠴᠢ ᠄ ᠢᠷᠡᠭᠡᠳᠦᠢ
