ᠡᠮᠡᠭᠡ ᠡᠪᠦᠭᠡ ᠬᠣᠶᠠᠷ5-р анги - Эмээ өвөө хоёр ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠮᠡᠭᠡ ᠡᠪᠦᠭᠡ ᠬᠣᠶᠠᠷ5-р анги - Эмээ өвөө хоёр

ᠡᠮᠡᠭᠡ ᠡᠪᠦᠭᠡ ᠬᠣᠶᠠᠷ5-р анги - Эмээ өвөө хоёр

2024-05-24

1069

ᠡᠪᠦᠭᠡ ᠡᠮᠡᠭᠡ ᠬᠣᠶᠠᠷ

 ᠮᠡᠷᠭᠡᠨ ᠬᠦᠦ ᠶ᠋ᠢᠨ ᠶᠠᠷᠢᠶ᠎ᠠ 
ᠡᠪᠦᠭᠡ ᠡᠮᠡᠭᠡ ᠬᠣᠶᠠᠷ 
         ᠲᠠᠪᠤᠳᠤᠭᠠᠷ ᠠᠩᠭᠢ 
- ᠰᠠᠢᠨ ᠪᠠᠢᠵᠠᠭᠠᠨ᠎ᠠ ᠤᠤ? 
ᠪᠢᠳᠡᠨ ᠦ᠌ ᠠᠶᠠᠯᠠᠯ ᠥᠨᠳᠥᠷᠯᠡᠬᠦ ᠲᠤᠩ ᠳᠥᠭᠥᠵᠦ ᠪᠠᠢᠨ᠎ᠠ᠃ ᠤᠳᠠᠬᠤ ᠦᠭᠡᠢ ᠡᠪᠦᠭᠡ ᠡᠮᠡᠭᠡ ᠳᠡᠭᠡᠷ᠎ᠡ ᠪᠡᠨ ᠣᠴᠢᠵᠤ ᠦᠨᠦᠰᠦᠭᠦᠯᠬᠦ ᠴᠠᠭ ᠤᠯᠠᠮ ᠣᠢᠷᠠᠲᠤᠭᠰᠠᠭᠠᠷ᠁ ᠡᠪᠦᠭᠡ ᠡᠮᠡᠭᠡ ᠶ᠋ᠢ ᠣᠢᠷᠠᠳᠬᠤ ᠲᠣᠰᠤᠮ ᠪᠢᠳᠡ ᠤᠯᠠᠮ ᠯᠠ ᠶᠠᠭᠠᠷᠠᠭᠰᠠᠭᠠᠷ ᠁ ᠵᠢᠭᠠᠬᠠᠨ ᠮᠠᠷᠭᠠᠳ ᠳᠡᠭᠦᠦ ᠮᠠᠨᠢ ᠬᠦᠷᠲᠡᠯ᠎ᠡ ᠪᠠᠶᠠᠷᠯᠠᠵᠤ ᠪᠠᠢᠭ᠎ᠠ ᠶ᠋ᠢ ᠨᠢ ᠬᠠᠷᠠᠵᠤ ᠪᠠᠢᠨ᠎ᠠ ᠤᠤ? ᠬᠢ ᠬᠢ
ᠪᠢᠳᠡᠨ ᠦ᠌ ᠣᠴᠢᠵᠤ ᠪᠠᠢᠭ᠎ᠠ ᠶ᠋ᠢ ᠮᠡᠳᠡᠭᠰᠡᠨ ᠡᠮᠡᠭᠡ ᠮᠠᠨᠢ ᠴᠤ᠌ ᠭᠡᠰᠡᠨ ᠶᠠᠭᠠᠷᠠᠵᠤ ᠪᠠᠢᠭ᠎ᠠ ᠪᠣᠯᠤᠯᠲᠠᠢ᠂ ᠲᠡᠷᠡᠭᠦᠬᠡᠨ ᠡᠴᠡ ᠬᠣᠢᠰᠢ ᠠᠪᠤ ᠶ᠋ᠢ ᠵᠠᠯᠭᠠᠯ᠎ᠠ᠃ ᠭᠡᠬᠦ ᠳ᠋ᠦ᠍ ᠪᠡᠨ ᠠᠪᠤ ᠮᠠᠨᠢ ᠮᠠᠰᠢᠨ ᠪᠠᠷᠢᠵᠤ ᠪᠠᠢᠬᠤ ᠳ᠋ᠤ᠌ ᠪᠠᠨ ᠬᠡᠵᠢᠶ᠎ᠡ ᠴᠦ᠍ ᠤᠲᠠᠰᠤ ᠪᠠᠷ ᠶᠠᠷᠢᠳᠠᠭ ᠦᠭᠡᠢ᠃ ᠶᠠᠭᠠᠬᠢᠭᠠᠳ ᠪᠣᠢ ᠭᠡᠪᠡᠯ ᠮᠠᠰᠢᠨ ᠪᠠᠷᠢᠵᠤ ᠪᠠᠢᠬᠤ ᠦᠶ᠎ᠡ ᠳ᠋ᠦ᠍ ᠪᠡᠨ ᠭᠠᠷ ᠤᠲᠠᠰᠤ ᠪᠠᠷ ᠢ᠋ᠶ᠋ᠠᠨ ᠣᠷᠣᠯᠳᠣᠬᠤ ᠮᠠᠭᠤ᠃ ᠵᠢᠱ᠌ᠢᠶᠡᠯᠡᠪᠡᠯ ᠵᠢᠯᠣᠭᠣᠴᠢ ᠬᠥᠮᠦᠨ ᠦ᠌ ᠠᠩᠬᠠᠷᠤᠯ ᠰᠠᠷᠨᠢᠵᠤ ᠠᠶᠤᠯᠲᠠᠢ ᠵᠦᠢᠯ ᠪᠣᠯᠵᠤ ᠮᠠᠭᠠᠳ ᠦᠭᠡᠢ ᠭᠡᠰᠡᠨ᠃
ᠪᠢ ᠡᠭᠦᠨ ᠢ᠋ ᠬᠡᠨ ᠡᠴᠡ ᠮᠡᠳᠡᠭᠰᠡᠨ ᠪᠣᠢ ᠭᠡᠵᠢ ᠤᠤ?
ᠨᠢᠭᠡ ᠤᠳᠠᠭ᠎ᠠ ᠮᠠᠨ ᠤ᠋ ᠠᠩᠭᠢ ᠳ᠋ᠤ᠌ ᠮᠤᠨᠳᠠᠭ ᠵᠠᠮ ᠤ᠋ᠨ ᠴᠠᠭᠳᠠᠭ᠎ᠠ ᠠᠬ᠎ᠠ ᠢᠷᠡᠭᠰᠡᠨ᠃ ᠲᠡᠷᠡ ᠴᠠᠭᠳᠠᠭ᠎ᠠ ᠠᠬ᠎ᠠ ᠭᠡᠬᠦ ᠳ᠋ᠦ᠍ ᠪᠡᠨ ᠮᠠᠰᠢ ᠰᠠᠢᠬᠠᠨ ᠰᠡᠳᠬᠢᠯ ᠲᠡᠢ᠂ ᠲᠤᠩ ᠡᠶᠡᠯᠳᠡᠭ ᠵᠥᠭᠡᠯᠡᠨ ᠬᠥᠮᠦᠨ ᠪᠠᠢᠭᠰᠠᠨ᠃ ᠴᠠᠭᠳᠠᠭ᠎ᠠ ᠠᠬ᠎ᠠ ᠯᠠ ᠪᠢᠳᠡᠨ ᠳ᠋ᠦ᠍ ᠵᠢᠯᠣᠭᠣᠴᠢ ᠬᠥᠮᠦᠨ ᠮᠠᠰᠢᠨ ᠪᠠᠷᠢᠵᠤ ᠪᠠᠢᠬᠤ ᠦᠶ᠎ᠡ ᠳ᠋ᠦ᠍ ᠪᠡᠨ ᠭᠠᠷ ᠤᠲᠠᠰᠤ ᠪᠠᠷ ᠢ᠋ᠶ᠋ᠠᠨ ᠣᠷᠣᠯᠳᠣᠬᠤ ᠶᠤᠮ ᠤᠤ ᠶᠠᠷᠢᠪᠠᠯ ᠵᠢᠯᠣᠭᠣᠴᠢ ᠬᠥᠮᠦᠨ ᠦ᠌ ᠠᠩᠬᠠᠷᠤᠯ ᠰᠠᠷᠨᠢᠵᠤ ᠠᠶᠤᠯᠲᠠᠢ ᠵᠦᠢᠯ ᠪᠣᠯᠵᠤ ᠮᠠᠭᠠᠳ ᠦᠭᠡᠢ ᠭᠡᠳᠡᠭ ᠢ᠋ ᠲᠠᠢᠯᠪᠤᠷᠢᠯᠠᠭᠰᠠᠨ ᠬᠡᠷᠡᠭ ᠰᠢᠦ ᠳᠡ᠃ ᠸᠠ ᠦ᠂ ᠢᠩᠭᠢᠭᠡᠳ ᠬᠦᠷᠦᠭᠡᠳ ᠢᠷᠡᠯ᠎ᠡ ᠳᠠ᠃ ᠮᠠᠨ ᠤ᠋ ᠡᠪᠦᠭᠡ ᠶ᠋ᠢᠨ ᠬᠢ ᠲᠡᠷᠡ ᠬᠠᠷᠠᠭᠳᠠᠵᠤ ᠪᠠᠢᠨ᠎ᠠ ᠃ ᠡᠮᠡᠭᠡ ᠮᠢᠨᠢ ᠭᠠᠷᠤᠭᠠᠳ ᠢᠷᠡᠴᠢᠬᠡᠭᠰᠡᠨ ᠪᠢᠳᠡᠨ ᠢ᠋ ᠬᠦᠯᠢᠶᠡᠭᠡᠳ ᠵᠣᠭᠰᠣᠵᠤ ᠪᠠᠢᠨ᠎ᠠ᠃ ᠡᠪᠦᠭᠡ ᠬᠠᠷᠢᠨ ᠬᠠᠷᠠᠭᠳᠠᠬᠤ ᠦᠭᠡᠢ ᠪᠠᠢᠬᠤ ᠴᠢᠨᠢ᠃ ᠠ᠂ ᠬᠣᠨᠢ ᠪᠠᠨ ᠤᠰᠤᠯᠠᠬᠤ ᠭᠡᠳ ᠶᠠᠪᠤᠴᠢᠬᠠᠭᠰᠠᠨ ᠶᠤᠮ ᠪᠠᠢᠬᠤ ᠳᠠ᠃ ᠦ᠂ ᠡᠪᠦᠭᠡ ᠴᠦ᠍ ᠪᠠᠰᠠ ᠭᠠᠷᠤᠭᠠᠳ ᠢᠷᠡᠯ᠎ᠡ᠃ ᠪᠢᠳᠡᠨ ᠢ᠋ ᠢᠷᠡᠨ᠎ᠡ ᠭᠡᠳ ᠡᠪᠦᠭᠡ ᠮᠠᠨᠢ ᠴᠤ᠌ ᠪᠠᠰᠠ ᠭᠡᠷ ᠲᠦ᠍ ᠪᠡᠨ ᠬᠦᠯᠢᠶᠡᠵᠦ ᠪᠠᠢᠭᠰᠠᠨ ᠪᠠᠢᠨ᠎ᠠ᠃ ᠪᠠᠩᠬᠤᠷ ᠴᠤ᠌ ᠭᠡᠰᠡᠨ ᠪᠢᠳᠡᠨ ᠢ᠋ ᠬᠦᠯᠢᠶᠡᠭᠡᠳ ᠬᠣᠨᠢᠨ ᠳ᠋ᠤ᠌ ᠪᠠᠨ ᠶᠠᠪᠤᠭ᠎ᠠ ᠦᠭᠡᠢ ᠪᠠᠢᠵᠠᠢ᠃ ᠪᠠᠩᠬᠤᠷ ᠮᠠᠨᠢ ᠡᠬᠢᠯᠡᠭᠡᠳ ᠪᠢᠳᠡᠨ ᠢ᠋ ᠲᠠᠨᠢᠬᠤ ᠦᠭᠡᠢ ᠬᠤᠴᠠᠵᠤ ᠪᠠᠢᠭᠰᠠᠨ ᠢ᠋ᠶ᠋ᠠᠨ ᠨᠠᠮ᠎ᠠ ᠶ᠋ᠢ ᠬᠠᠷᠠᠩᠭᠤᠲᠠ ᠯᠠ ᠪᠢᠳᠡᠨ ᠦ᠌ ᠮᠠᠰᠢᠨ ᠲᠠᠢ ᠵᠡᠷᠭᠡᠴᠡᠨ ᠳᠠᠪᠬᠢᠵᠤ ᠭᠠᠷᠤᠯ᠎ᠠ᠃
- ᠪᠢ ᠴᠢᠮ᠎ᠠ ᠳ᠋ᠤ᠌ ᠬᠥᠭᠡᠷᠦᠬᠦᠨ ᠳᠡᠭᠦᠦ᠂ ᠪᠠᠰᠠ ᠨᠠᠢᠵᠠ ᠠᠪᠴᠢᠷᠠᠭᠰᠠᠨ ᠰᠢᠦ! ᠴᠢ ᠲᠡᠭᠦᠨ ᠢ᠋ ᠶᠠᠭ ᠥᠪᠡᠷ ᠰᠢᠭ ᠢ᠋ᠶ᠋ᠡᠨ ᠮᠤᠨᠳᠠᠭ ᠰᠠᠢᠨ ᠨᠣᠬᠠᠢ ᠪᠣᠯᠭᠠᠭᠠᠷᠠᠢ᠂ ᠮᠡᠳᠡᠪᠡ ᠤᠤ!
ᠡᠪᠦᠭᠡ ᠡᠮᠡᠭᠡ ᠮᠠᠨᠢ ᠮᠦᠰᠢᠶᠡᠯ ᠡᠭᠡᠴᠢ᠂ ᠮᠠᠷᠭᠠᠳ ᠳᠡᠭᠦᠦ ᠪᠢᠳᠡ ᠭᠤᠷᠪᠠ ᠶ᠋ᠢ ᠵᠥᠩᠳᠡᠭᠡᠨ ᠶᠡᠬᠡ ᠰᠠᠨᠠᠭᠰᠠᠨ ᠪᠣᠯᠤᠯᠲᠠᠢ ᠦᠨᠦᠰᠦᠭᠡᠳ ᠯᠡ ᠦᠨᠦᠰᠦᠭᠡᠳ ᠯᠡ ᠪᠠᠢᠭᠰᠠᠨ᠃ ᠭᠡᠬᠦ ᠳ᠋ᠦ᠍ ᠪᠡᠨ ᠠᠪᠤ ᠡᠵᠢ ᠬᠣᠶᠠᠷ ᠢ᠋ ᠴᠦ᠍ ᠪᠠᠰᠠ ᠵᠥᠩᠳᠡᠭᠡᠨ ᠦᠨᠦᠰᠦᠭᠰᠡᠨ ᠯᠡ ᠳᠡ᠃ ᠡᠪᠦᠭᠡ᠄
- ᠣᠪᠣᠭ᠎ᠠ ᠳᠠᠭᠤ ᠴᠢᠩᠭ᠎ᠠ ᠲᠠᠢ ᠵᠣᠷᠢᠭᠲᠠᠢ ᠰᠢᠨᠵᠢ ᠶ᠋ᠢᠨ ᠶᠠᠭᠤᠮ᠎ᠠ ᠪᠠᠢᠨ᠎ᠠ᠃ ᠰᠠᠢᠨ ᠬᠣᠲᠠᠴᠢ ᠨᠣᠬᠠᠢ ᠪᠣᠯᠬᠤ ᠪᠠᠢᠬ᠎ᠠ ᠳᠠ! 
- ᠬᠣᠲᠠᠴᠢ ᠭᠡᠵᠦ ᠶᠠᠭᠤ ᠭᠡᠰᠡᠨ ᠦᠭᠡ ᠶᠦᠮ ᠪᠣᠢ?
- ᠬᠣᠲᠠ ᠲᠠᠢ ᠬᠣᠨᠢ ᠪᠠᠨ ᠴᠢᠨᠣ᠎ᠠ ᠨᠣᠬᠠᠢ ᠠ᠋ᠴᠠ ᠬᠠᠮᠠᠭᠠᠯᠠᠳᠠᠭ᠂ ᠬᠦᠴᠦᠲᠡᠢ᠂ ᠤᠬᠠᠭᠠᠯᠢᠭ ᠨᠣᠬᠠᠢ ᠶ᠋ᠢ ᠬᠡᠯᠡᠳᠡᠭ ᠶᠦᠮ ᠠ᠋᠂ ᠮᠢᠨᠦ ᠬᠦᠦ! ᠭᠡᠵᠦ ᠬᠠᠷᠢᠭᠤᠯᠤᠭᠰᠠᠨ᠃
ᠤᠳᠠᠬᠤ ᠦᠭᠡᠢ ᠪᠠᠰᠠᠷ ᠮᠠᠨᠢ ᠴᠤ᠌ ᠭᠡᠰᠡᠨ ᠶᠠᠭ ᠪᠠᠩᠬᠤᠷ ᠰᠢᠭ᠋ ᠮᠤᠨᠳᠠᠭ ᠲᠣᠮᠣ ᠪᠠᠰᠠ ᠤᠬᠠᠭᠠᠨᠲᠠᠢ ᠰᠠᠢᠨ ᠬᠣᠲᠠᠴᠢ ᠨᠣᠬᠠᠢ ᠪᠣᠯᠬᠤ ᠪᠠᠢᠬ᠎ᠠ ᠳᠠ!
ᠢᠩᠭᠢᠭᠡᠳ ᠵᠥᠩᠳᠡᠭᠡᠨ ᠤᠳᠠᠭᠠᠨ ᠴᠤ᠌ ᠭᠡᠰᠡᠨ ᠣᠭᠲᠣ ᠶᠠᠳᠠᠷᠠᠯ ᠦᠭᠡᠢ ᠪᠡᠷ ᠪᠠᠰᠠ ᠶᠠᠭᠠᠷᠠᠯ ᠦᠭᠡᠢ ᠪᠡᠷ ᠶᠠᠪᠤᠭᠰᠠᠭᠠᠷ ᠪᠠᠢᠭᠠᠳ ᠡᠪᠦᠭᠡ ᠡᠮᠡᠭᠡ ᠳᠡᠭᠡᠷ᠎ᠡ ᠪᠡᠨ ᠢᠷᠡᠭᠰᠡᠨ ᠳᠡ᠃ ᠬᠥᠳᠡᠭᠡ ᠶᠠᠪᠤᠬᠤ ᠭᠣᠶᠣ ᠪᠠᠢᠭ᠎ᠠ ᠪᠢᠵᠡ? ᠵᠠᠮ ᠳ᠋ᠤ᠌ ᠵᠥᠩᠳᠡᠭᠡᠨ ᠰᠣᠨᠢᠨ ᠰᠠᠢᠬᠠᠨ ᠵᠦᠢᠯ ᠲᠣᠬᠢᠶᠠᠯᠳᠤᠭᠰᠠᠨ ᠴᠤ᠌ ᠭᠡᠰᠡᠨ ᠬᠠᠮᠤᠭ ᠤ᠋ᠨ ᠰᠣᠨᠢᠷᠬᠠᠯᠲᠠᠢ ᠭᠡᠰᠡᠨ ᠢ᠋ᠶ᠋ᠡᠨ ᠯᠡ ᠲᠠ ᠨᠠᠷ ᠲᠤ᠌ ᠪᠠᠨ ᠶᠠᠷᠢᠵᠤ ᠦᠭᠯ᠎ᠡ ᠰᠢᠦ!
ᠬᠣᠯᠠ ᠶ᠋ᠢᠨ ᠠᠶᠠᠯᠠᠯ ᠳ᠋ᠤ᠌ ᠬᠡᠦᠬᠡᠳ ᠦ᠋ᠳ ᠢ᠋ᠶ᠋ᠡᠨ ᠣᠭᠲᠣ  ᠶᠠᠳᠠᠷᠠᠭᠠᠵᠤ ᠪᠠᠰᠠ ᠠᠶᠤᠯ ᠦᠭᠡᠢ ᠰᠠᠢᠨ ᠠᠪᠴᠤ ᠶᠠᠪᠤᠭᠰᠠᠭᠠᠷ ᠡᠨᠳᠡ ᠬᠦᠷᠴᠦ ᠢᠷᠡᠭᠰᠡᠨ ᠠᠪᠤ ᠡᠵᠢ ᠬᠣᠶᠠᠷ ᠲᠤ᠌ ᠪᠠᠨ ᠮᠠᠰᠢ ᠶᠡᠬᠡ ᠪᠠᠶᠠᠷᠯᠠᠯ᠎ᠠ! ᠨᠠᠢᠵᠠ ᠨᠤᠭᠤᠳ ᠠ᠋᠂ ᠲᠦᠷ ᠪᠠᠶᠠᠷᠲᠠᠢ!

   ᠦᠰᠦᠭ ᠬᠠᠲᠠᠭᠰᠠᠨ ᠨᠢ᠄ ᠮᠥᠩᠭᠦᠨᠴᠡᠴᠡᠭ
   ᠦᠰᠦᠭ ᠠᠮᠢᠯᠠᠭᠤᠯᠤᠭᠰᠠᠨ ᠨᠢ᠄ ᠮᠥᠩᠭᠦᠨᠴᠡᠴᠡᠭ
   ᠬᠢᠨᠠᠭᠴᠢ ᠪᠠᠭᠰᠢ᠄ ᠮᠥᠴᠢᠷ