ᠰᠠᠢᠨ ᠬᠡᠦᠬᠡᠳ ᠦᠳ4-р анги - Сайн хүүхдүүд
ᠰᠠᠢᠨ ᠬᠡᠦᠬᠡᠳ ᠦᠳ
ᠮᠦᠰᠢᠶᠡᠯ ᠦ᠋ᠨ ᠶᠠᠷᠢᠶ᠎ᠠ
ᠰᠠᠢᠨ ᠬᠡᠦᠬᠡᠳ ᠦ᠋ᠳ
ᠳᠥᠷᠪᠡᠳᠦᠭᠡᠷ ᠠᠩᠭᠢ
- ᠮᠦᠰᠢᠶᠡᠯ ᠪᠠᠢᠨ᠎ᠠ᠂ ᠪᠦᠭᠦᠳᠡᠭᠡᠷ ᠢ᠋ᠶ᠋ᠡᠨ ᠰᠠᠢᠨ ᠤᠤ?
ᠮᠠᠨ ᠤ᠋ ᠭᠡᠷ ᠪᠦᠯᠢ ᠶ᠋ᠢᠨ ᠡᠪᠦᠭᠡ ᠡᠮᠡᠭᠡ ᠶ᠋ᠢᠨ ᠬᠢ ᠤᠷᠤᠭᠤ ᠪᠠᠨ ᠣᠴᠢᠬᠤ ᠠᠶᠠᠯᠠᠯ ᠦᠷᠭᠦᠯᠵᠢᠯᠡᠭᠰᠡᠭᠡᠷ ᠯᠡ ᠪᠠᠢᠨ᠎ᠠ᠃ ᠵᠠᠮ ᠳ᠋ᠤ᠌ ᠪᠠᠨ ᠪᠢᠳᠡ ᠬᠥᠳᠡᠭᠡ ᠶ᠋ᠢᠨ ᠨᠢᠭᠡ ᠬᠣᠲᠠ ᠪᠠᠷ ᠳᠠᠭᠠᠷᠢᠭᠰᠠᠨ᠃ ᠰᠣᠨᠢᠨ ᠠ᠋ᠴᠠ ᠨᠠᠢᠵᠠ ᠨᠤᠭᠤᠳ ᠠ᠋! ᠬᠥᠳᠡᠭᠡ ᠴᠦ᠍ ᠭᠡᠰᠡᠨ ᠮᠠᠰᠢ ᠭᠣᠶᠣ᠂ ᠴᠡᠪᠡᠷᠬᠡᠨ ᠰᠠᠢᠬᠠᠨ ᠬᠣᠲᠠ ᠪᠠᠢᠳᠠᠭ ᠶᠤᠮ ᠪᠢᠯᠡ᠃ ᠪᠢ ᠠᠪᠤ ᠠᠴᠠ ᠪᠠᠨ᠄
-ᠠᠪᠤ ᠠ᠋᠂ ᠪᠢᠳᠡ ᠨᠠᠷ ᠡᠮᠦᠨ᠎ᠡ ᠨᠢ ᠡᠨᠳᠡ ᠢᠷᠡᠵᠦ ᠪᠠᠢᠯ᠎ᠠ ᠤᠤ?
-ᠠᠪᠤ ᠨᠢ ᠮᠠᠰᠢᠨ ᠳ᠋ᠤ᠌ ᠪᠠᠨ ᠰᠢᠲᠠᠬᠤᠨ ᠬᠢᠬᠦ ᠵᠢᠨ ᠲᠤᠯᠠᠳᠠ ᠵᠠᠮ ᠠ᠋ᠴᠠ ᠪᠠᠨ ᠵᠢᠭᠠᠬᠠᠨ ᠬᠠᠵᠠᠢᠴᠢᠬᠠᠯᠠ ᠯᠠ ᠳᠠ᠃
ᠭᠡᠵᠦ ᠬᠠᠷᠢᠭᠤᠯᠤᠭᠰᠠᠨ᠃
ᠬᠠᠮᠤᠭ ᠤ᠋ᠨ ᠰᠣᠨᠢᠷᠬᠠᠯᠲᠠᠢ ᠨᠢ ᠡᠨᠡ ᠬᠣᠲᠠ ᠶ᠋ᠢᠨ ᠪᠦᠬᠦ ᠵᠢᠯᠣᠭᠣᠴᠢ᠂ ᠬᠡᠦᠬᠡᠳ ᠦ᠋ᠳ ᠵᠠᠮ ᠤ᠋ᠨ ᠬᠥᠳᠡᠯᠭᠡᠭᠡᠨ ᠳ᠋ᠦ᠍ ᠪᠡᠨ ᠮᠠᠰᠢ ᠰᠣᠶᠣᠯ ᠲᠠᠢ ᠣᠷᠣᠯᠴᠠᠳᠠᠭ ᠶᠤᠮ ᠪᠠᠢᠨ᠎ᠠ ᠯᠠ᠃ ᠡᠨᠡ ᠬᠣᠲᠠ ᠶ᠋ᠢᠨ ᠮᠠᠰᠢᠨ ᠨᠢ ᠮᠠᠨ ᠤ᠋ ᠤᠯᠠᠭᠠᠨᠪᠠᠭᠠᠲᠤᠷ ᠤ᠋ᠨ ᠬᠢ ᠡᠴᠡ ᠴᠥᠭᠡᠨ ᠴᠦ᠍ ᠭᠡᠰᠡᠨ ᠬᠡᠦᠬᠡᠳ ᠦ᠋ᠳ ᠨᠢ ᠪᠦᠭᠦᠳᠡ ᠭᠠᠷᠴᠠ ᠪᠠᠷ ᠢ᠋ᠶ᠋ᠠᠨ ᠵᠠᠮ ᠬᠥᠨᠳᠡᠯᠡᠨ ᠭᠠᠷᠴᠤ ᠵᠢᠯᠣᠭᠣᠴᠢ ᠨᠠᠷ ᠨᠢ ᠭᠡᠷᠡᠯ ᠦ᠋ᠨ ᠳᠣᠬᠢᠶ᠎ᠠ ᠪᠠᠨ ᠰᠣᠯᠢᠭᠳᠠᠬᠤ ᠶ᠋ᠢ ᠨᠢ ᠲᠡᠪᠴᠢᠶᠡᠷᠢᠲᠡᠢ ᠬᠦᠯᠢᠶᠡᠵᠦ ᠪᠠᠢᠭᠠᠳ ᠴᠠᠭᠠᠰᠢ ᠪᠠᠨ ᠶᠠᠪᠤᠳᠠᠭ ᠨᠢ ᠶᠡᠬᠡ ᠲᠠᠭᠠᠯᠠᠭᠳᠠᠭᠰᠠᠨ᠃ ᠡᠨᠡ ᠬᠣᠲᠠ ᠶ᠋ᠢᠨ ᠪᠦᠬᠦ ᠬᠡᠦᠬᠡᠳ ᠦ᠋ᠳ ᠨᠢ ᠭᠠᠷᠴᠠ ᠪᠠᠷ ᠭᠠᠷᠬᠤ ᠳ᠋ᠤ᠌ ᠪᠠᠨ ᠵᠠᠪᠠᠯ ᠭᠠᠷ ᠢ᠋ᠶ᠋ᠠᠨ ᠡᠷᠭᠦᠵᠦ ᠥᠪᠡᠷᠰᠡᠳ ᠢ᠋ ᠪᠡᠨ ᠮᠡᠳᠡᠭᠳᠡᠳᠡᠭ᠃ ᠪᠠᠰᠠ ᠥᠪᠡᠷᠰᠡᠳ ᠢ᠋ ᠨᠢ ᠵᠠᠮ ᠭᠠᠷᠬᠤ ᠶ᠋ᠢ ᠬᠦᠯᠢᠶᠡᠵᠦ ᠪᠣᠢ ᠮᠤᠨᠳᠠᠭ ᠵᠢᠯᠣᠭᠣᠴᠢ ᠠᠬ᠎ᠠ ᠡᠭᠡᠴᠢ ᠨᠠᠷ ᠲᠤ᠌ ᠪᠠᠨ ᠪᠠᠶᠠᠷᠯᠠᠭᠰᠠᠨ ᠢ᠋ᠶ᠋ᠠᠨ ᠢᠯᠡᠷᠬᠡᠢᠯᠡᠳᠡᠭ᠃ ᠨᠡᠢᠰᠯᠡᠯ ᠬᠣᠲᠠ ᠶ᠋ᠢᠨ ᠮᠠᠨᠢ ᠪᠦᠬᠦ ᠬᠡᠦᠬᠡᠳ ᠦ᠋ᠳ ᠢᠩᠭᠢᠭᠡᠳ ᠰᠤᠷᠴᠢᠬᠠᠬᠤ ᠶᠤᠮ ᠪᠣᠯ ᠵᠢᠯᠣᠭᠣᠴᠢ ᠠᠬ᠎ᠠ ᠡᠭᠡᠴᠢ ᠨᠠᠷ ᠮᠠᠨᠢ ᠴᠤ᠌ ᠭᠡᠰᠡᠨ ᠪᠢᠳᠡᠨ ᠢ᠋ ᠬᠦᠨᠳᠦᠯᠡᠳᠡᠭ ᠪᠣᠯᠬᠤ ᠪᠠᠢᠬᠤ ᠳᠠ ᠭᠡᠵᠦ ᠪᠣᠳᠣᠭᠰᠠᠨ᠃ ᠲᠡᠭᠡᠭᠡᠳ ᠲᠡᠭᠦᠨ ᠢ᠋ ᠮᠡᠷᠭᠡᠨ ᠳᠡᠭᠦᠦ ᠳ᠋ᠦ᠍ ᠪᠡᠨ ᠬᠡᠯᠡᠲᠡᠯ᠎ᠡ᠄
-ᠨᠠᠳᠠ ᠳ᠋ᠤ᠌ ᠴᠤ᠌ ᠪᠠᠰᠠ ᠲᠠᠭᠠᠯᠠᠭᠳᠠᠵᠤ ᠪᠠᠢᠨ᠎ᠠ᠃ ᠪᠢ ᠤᠯᠠᠭᠠᠨᠪᠠᠭᠠᠲᠤᠷ ᠲᠤ᠌ ᠪᠠᠨ ᠣᠴᠢᠭᠠᠳ ᠲᠠᠩᠳᠠ ᠢᠩᠭᠢᠵᠦ ᠪᠠᠢᠨ᠎ᠠ᠃
- ᠮᠢᠨᠦ ᠬᠡᠦᠬᠡᠳ ᠦ᠋ᠳ ᠡᠢᠮᠦ ᠤᠬᠠᠭᠠᠨᠲᠠᠢ᠃ ᠬᠢᠴᠢᠶᠡᠯ ᠳ᠋ᠦ᠍ ᠪᠡᠨ ᠣᠷᠣᠬᠤ ᠪᠠᠷ ᠠᠩᠭᠢ ᠶ᠋ᠢᠨ ᠬᠢᠨ ᠳ᠋ᠦ᠍ ᠪᠡᠨ ᠡᠨᠡ ᠬᠣᠲᠠ ᠶ᠋ᠢᠨ ᠡᠢᠮᠦ ᠰᠠᠢᠨ ᠬᠡᠦᠬᠡᠳ ᠦ᠋ᠳ ᠦ᠋ᠨ ᠲᠤᠬᠠᠢ ᠵᠠᠪᠠᠯ ᠶᠠᠷᠢᠵᠤ ᠦᠭᠭᠡᠷᠡᠢ!
ᠭᠡᠵᠦ ᠵᠠᠬᠢᠭᠰᠠᠨ᠃
-ᠵᠠᠪᠠᠯ ᠶᠠᠷᠢᠵᠤ ᠥᠭᠭᠦᠨ᠎ᠡ᠃
ᠠᠪᠤ ᠮᠠᠨᠢ ᠭᠠᠷᠴᠠ ᠪᠠᠷ ᠭᠠᠷᠬᠤ ᠳ᠋ᠤ᠌ ᠪᠠᠨ ᠪᠢᠳᠡᠨ ᠳ᠋ᠦ᠍ ᠲᠠᠯᠠᠷᠬᠠᠨ ᠳᠠᠯᠠᠯᠤᠭᠰᠠᠨ ᠬᠡᠦᠬᠡᠳ ᠦ᠋ᠳ ᠤᠷᠤᠭᠤ ᠮᠠᠰᠢᠨ ᠤ᠋ ᠪᠠᠨ ᠭᠡᠷᠡᠯ ᠢ᠋ᠶ᠋ᠡᠷ ᠳᠣᠬᠢᠶ᠎ᠠ ᠥᠭᠴᠦ ᠬᠠᠷᠢᠭᠤ ᠪᠠᠶᠠᠷᠯᠠᠭᠰᠠᠨ ᠢ᠋ᠶ᠋ᠠᠨ ᠢᠯᠡᠷᠬᠡᠢᠯᠡᠭᠰᠡᠨ᠃ ᠵᠠᠮ ᠤ᠋ᠨ ᠬᠥᠳᠡᠯᠭᠡᠭᠡᠨ ᠳ᠋ᠦ᠍ ᠰᠣᠶᠣᠯ ᠲᠠᠢ ᠣᠷᠣᠯᠴᠠᠳᠠᠭ ᠲᠡᠢᠮᠦ ᠰᠠᠢᠨ ᠬᠡᠦᠬᠡᠳ ᠲᠦ᠍ ᠭᠠᠭᠴᠠ ᠮᠠᠨ ᠤ᠋ ᠠᠪᠤ ᠴᠤ᠌ ᠪᠢᠰᠢ ᠪᠤᠰᠤᠳ ᠪᠦᠬᠦ ᠵᠢᠯᠣᠭᠣᠴᠢ ᠠᠬ᠎ᠠ ᠡᠭᠡᠴᠢ ᠨᠠᠷ ᠮᠠᠨᠢ ᠴᠤ᠌ ᠭᠡᠰᠡᠨ ᠪᠦᠭᠦᠳᠡ ᠪᠠᠶᠠᠷᠯᠠᠬᠤ ᠨᠢ ᠮᠡᠳᠡᠭᠡᠵᠢ ᠰᠢᠦ ᠳᠡ! ᠪᠢ ᠠᠪᠤ ᠡᠵᠢ ᠬᠣᠶᠠᠷ ᠠ᠋ᠴᠠ ᠪᠠᠨ᠄
-ᠪᠤᠴᠠᠬᠤ ᠵᠠᠮ ᠳ᠋ᠤ᠌ ᠪᠠᠨ ᠴᠦ᠍ ᠪᠠᠰᠠ ᠬᠣᠲᠠ ᠪᠠᠷ ᠳᠠᠭᠠᠷᠢᠶ᠎ᠠ
ᠭᠡᠵᠦ ᠭᠤᠶᠤᠬᠤ ᠳ᠋ᠤ᠌ ᠠᠪᠤ ᠡᠵᠢ ᠬᠣᠶᠠᠷ ᠬᠣᠶᠠᠭᠤᠯᠠ ᠪᠠᠨ ᠵᠥᠪᠰᠢᠶᠡᠷᠡᠭᠰᠡᠨ᠃
ᠬᠠᠮᠤᠭ ᠤ᠋ᠨ ᠭᠣᠣᠯ ᠨᠢ ᠪᠢ ᠡᠢᠮᠦ ᠰᠠᠢᠨ ᠬᠡᠦᠬᠡᠳ ᠦ᠋ᠳ ᠲᠡᠢ ᠬᠣᠲᠠ ᠠ᠋ᠴᠠ ᠨᠢᠭᠡ ᠴᠦ᠍ ᠭᠡᠰᠡᠨ ᠨᠠᠢᠵᠠ ᠲᠠᠢ ᠪᠣᠯᠤᠮᠠᠷ ᠯᠠ ᠪᠠᠢᠨ᠎ᠠ᠃ ᠢᠩᠭᠢᠭᠡᠳ ᠪᠢᠳᠡ ᠴᠠᠭᠠᠰᠢ ᠪᠠᠨ ᠶᠠᠪᠤᠵᠤ᠂ ᠨᠥᠭᠦᠭᠡ ᠭᠣᠶᠣ ᠬᠣᠲᠠ ᠠ᠋ᠴᠠ ᠭᠠᠷᠬᠤ ᠵᠠᠮ ᠳ᠋ᠤ᠌ ᠪᠠᠨ ᠰᠢᠲᠠᠬᠤᠨ ᠲᠦᠭᠡᠭᠡᠬᠦ ᠭᠠᠵᠠᠷ ᠠ᠋ᠴᠠ ᠮᠠᠰᠢᠨ ᠳ᠋ᠤ᠌ ᠪᠠᠨ ᠵᠥᠩᠳᠡᠭᠡᠨ ᠪᠧᠨᠼᠧᠨ ᠳᠦᠭᠦᠷᠭᠡᠵᠦ ᠠᠪᠤᠭᠠᠳ ᠴᠠᠭᠠᠰᠢ ᠪᠠᠨ ᠶᠠᠪᠤᠭᠰᠠᠨ᠃ ᠨᠡᠭᠡᠷᠡᠨ ᠲᠡᠷᠡ ᠰᠢᠲᠠᠬᠤᠨ ᠲᠦᠭᠡᠭᠡᠬᠦ ᠭᠠᠵᠠᠷ ᠤ᠋ᠨ ᠠᠬ᠎ᠠ ᠡᠭᠡᠴᠢ ᠨᠠᠷ ᠮᠠᠰᠢ ᠭᠣᠶᠣ ᠰᠣᠶᠣᠯ ᠲᠠᠢ᠂ ᠪᠠᠰᠠ ᠪᠢᠳᠡᠨ ᠳ᠋ᠦ᠍ ᠲᠤᠩ ᠬᠤᠷᠳᠤᠨ ᠦᠢᠯᠡᠴᠢᠯᠡᠭᠰᠡᠨ ᠰᠢᠦ! ᠪᠠᠶᠠᠷᠲᠠᠢ! ᠪᠠᠰᠠ ᠪᠠᠶᠠᠷᠯᠠᠯ᠎ᠠ᠂ ᠠᠬ᠎ᠠ ᠡᠭᠡᠴᠢ ᠨᠠᠷ ᠠ᠋!
ᠦᠰᠦᠭ ᠬᠠᠲᠠᠭᠰᠠᠨ ᠨᠢ᠄ ᠮᠥᠩᠭᠦᠨᠴᠡᠴᠡᠭ
ᠦᠰᠦᠭ ᠠᠮᠢᠯᠠᠭᠤᠯᠤᠭᠰᠠᠨ ᠨᠢ᠄ ᠮᠥᠩᠭᠦᠨᠴᠡᠴᠡᠭ
ᠬᠢᠨᠠᠭᠴᠢ ᠪᠠᠭᠰᠢ᠄ ᠮᠥᠴᠢᠷ᠂ ᠱᠤᠳᠤᠷᠭᠤ
