ᠨᠢᠭᠡᠳᠬᠡᠭᠰᠡᠨ ᠠᠩᠭᠢ6-р анги - Нэгтгэсэн анги
ᠨᠢᠭᠡᠳᠬᠡᠭᠰᠡᠨ ᠠᠩᠭᠢ ᠵᠢᠷᠭᠤᠳᠤᠭᠠᠷ ᠠᠩᠭᠢ
ᠰᠠᠢᠨ ᠪᠠᠢᠵᠠᠭᠠᠨ᠎ᠠ ᠤᠤ? ᠨᠠᠢᠵᠠ ᠨᠤᠭᠤᠳ ᠠ᠋! ᠠᠬ᠎ᠠ ᠡᠭᠡᠴᠢ ᠨᠠᠷ ᠠ᠋᠂ ᠪᠠᠰᠠ ᠳᠡᠭᠦᠦ ᠨᠠᠷ ᠠ᠋! ᠨᠠᠮ᠎ᠠ ᠶ᠋ᠢ ᠮᠡᠷᠭᠡᠨ ᠭᠡᠳᠡᠭ᠂ ᠪᠢ ᠳᠣᠯᠣᠭᠠᠨ ᠨᠠᠰᠤ ᠲᠠᠢ᠃ ᠨᠢᠭᠡᠳᠦᠭᠡᠷ ᠠᠩᠭᠢ ᠶ᠋ᠢᠨ ᠰᠤᠷᠤᠭᠴᠢ᠃ ᠰᠠᠢᠨ ᠪᠠᠢᠨ᠎ᠠ ᠤᠤ? ᠪᠢ ᠮᠡᠷᠭᠡᠨ ᠦ᠌ ᠡᠭᠡᠴᠢ ᠮᠦᠰᠢᠶᠡᠯ ᠪᠠᠢᠨ᠎ᠠ᠃ ᠡᠭᠡᠴᠢ ᠪᠢᠳᠡ ᠬᠣᠶᠠᠷ ᠤ᠋ᠨ ᠭᠠᠳᠠᠭᠤᠷ ᠬᠦᠷᠮ᠎ᠡ ᠡᠢᠮᠦ ᠭᠣᠶᠣ ᠭᠣᠶᠣ ᠥᠩᠭᠡ ᠲᠡᠢ᠃ ᠡᠭᠡᠴᠢ ᠪᠢᠳᠡ ᠬᠣᠶᠠᠷ ᠭᠡᠷ ᠡᠴᠡ ᠪᠡᠨ ᠰᠤᠷᠭᠠᠭᠤᠯᠢ ᠤᠷᠤᠭᠤ ᠪᠠᠨ ᠶᠠᠪᠤᠬᠤ ᠵᠠᠮ ᠳ᠋ᠤ᠌ ᠪᠠᠨ ᠬᠣᠶᠠᠷ ᠴᠤ᠌ ᠮᠠᠰᠢᠨ ᠵᠠᠮ ᠬᠥᠨᠳᠡᠯᠡᠨ ᠭᠠᠷᠳᠠᠭ ᠪᠣᠯᠬᠣᠷ ᠡᠵᠢ ᠮᠠᠨᠢ ᠪᠢᠳᠡ ᠬᠣᠶᠠᠷ ᠲᠤ᠌ ᠵᠣᠷᠢᠭᠤᠳᠠ ᠡᠢᠮᠦ ᠭᠣᠶᠣ᠂ ᠬᠤᠷᠴᠠ᠂ ᠲᠣᠳᠣ ᠥᠩᠭᠡ ᠶ᠋ᠢᠨ ᠬᠦᠷᠮ᠎ᠡ ᠠᠪᠴᠤ ᠥᠭᠭᠦᠭᠰᠡᠨ ᠶᠦᠮ᠃ᠪᠢᠳᠡ ᠬᠣᠶᠠᠷ ᠢ᠋ ᠭᠠᠷᠴᠠ ᠤᠷᠤᠭᠤ ᠳᠥᠭᠥᠭᠡᠳ ᠢᠷᠡᠬᠦ ᠦᠶ᠎ᠡ ᠳ᠋ᠦ᠍ ᠪᠦᠬᠦ ᠵᠢᠯᠣᠭᠣᠴᠢ ᠠᠬ᠎ᠠ ᠡᠭᠡᠴᠢ ᠨᠠᠷ ᠰᠢᠭᠤᠳ ᠯᠠ ᠵᠣᠭᠰᠣᠭᠠᠳ ᠪᠢᠳᠡᠨ ᠢ᠋ ᠭᠠᠷᠴᠤ ᠶᠠᠪᠤᠬᠤ ᠶ᠋ᠢ ᠬᠦᠯᠢᠶᠡᠳᠡᠭ᠃ ᠶᠡᠷᠦ ᠨᠢ ᠭᠡᠷᠡᠯ ᠦ᠋ᠨ ᠳᠣᠬᠢᠶ᠎ᠠ ᠲᠠᠢ ᠴᠤ᠌ ᠪᠠᠢ᠂ ᠭᠡᠷᠡᠯ ᠦ᠋ᠨ ᠳᠣᠬᠢᠶ᠎ᠠ ᠦᠭᠡᠢ ᠴᠦ᠍ ᠪᠠᠢ ᠵᠠᠪᠠᠯ ᠭᠠᠷᠴᠠ ᠲᠠᠢ ᠭᠠᠵᠠᠷ ᠢ᠋ᠶ᠋ᠠᠷ ᠵᠠᠮ ᠬᠥᠨᠳᠡᠯᠡᠨ ᠭᠠᠷᠬᠤ ᠶᠣᠰᠣᠲᠠᠢ ᠰᠢᠦ! ᠳᠡᠭᠡᠷ᠎ᠡ ᠡᠴᠡ ᠨᠢ ᠴᠢᠬᠢᠪᠴᠢ ᠪᠡᠨ ᠵᠠᠪᠠᠯ ᠠᠪᠴᠤ ᠪᠠᠢᠬᠤ ᠶᠣᠰᠣᠲᠠᠢ ᠶᠤᠮ ᠪᠠᠢᠨ᠎ᠠ ᠯᠠ᠃ ᠶᠠᠪᠤᠭ᠎ᠠ ᠮᠠᠰᠢᠨ ᠤ᠋ ᠳᠣᠬᠢᠶ᠎ᠠ ᠶ᠋ᠢ ᠰᠣᠨᠣᠰᠬᠤ ᠦᠭᠡᠢ ᠰᠢᠦ ᠳᠡ᠃ ᠴᠢᠬᠢᠪᠴᠢ ᠵᠡᠭᠦᠭᠡᠳ ᠵᠠᠮ ᠬᠥᠨᠳᠡᠯᠡᠨ ᠭᠠᠷᠬᠤ ᠨᠢ ᠮᠠᠰᠢ ᠠᠶᠤᠯᠲᠠᠢ ᠶ᠋ᠢ ᠠᠩᠬᠠᠷᠤᠭᠤᠯᠵᠤ ᠪᠠᠢᠭᠰᠠᠨ ᠳᠠ᠃ ᠪᠠᠰᠠ ᠨᠢᠭᠡ ᠵᠦᠢᠯ ᠨᠡᠮᠡᠭᠡᠳ ᠬᠡᠯᠡᠬᠦ ᠳ᠋ᠦ᠍ ᠴᠢᠬᠢᠪᠴᠢ ᠵᠡᠭᠦᠭᠡᠳ ᠮᠠᠯᠠᠭᠠᠢ ᠲᠠᠢ ᠴᠠᠮᠴᠠ ᠡᠮᠦᠰᠬᠦ ᠨᠢ ᠪᠦᠷ ᠴᠦ᠍ ᠠᠶᠤᠯᠲᠠᠢ ᠰᠢᠦ᠃ ᠶᠠᠭᠠᠬᠢᠭᠠᠳ ᠭᠡᠬᠦ ᠪᠡᠷ ᠬᠣᠶᠠᠷ ᠲᠠᠯ᠎ᠠ ᠳ᠋ᠤ᠌ ᠪᠠᠨ ᠪᠠᠢᠭ᠎ᠠ ᠵᠦᠢᠯᠡᠰ ᠢ᠋ ᠬᠠᠷᠠᠵᠤ ᠴᠢᠳᠠᠬᠤ ᠦᠭᠡᠢ᠂ ᠵᠠᠮ ᠭᠠᠷᠬᠤ ᠳ᠋ᠤ᠌ ᠪᠦᠷ ᠴᠦ᠍ ᠠᠶᠤᠯᠲᠠᠢ᠂ ᠬᠠᠮᠢᠭ᠎ᠠ ᠠ᠋ᠴᠠ ᠮᠠᠰᠢᠨ ᠢᠷᠡᠵᠦ ᠪᠠᠢᠭ᠎ᠠ ᠶ᠋ᠢ ᠬᠠᠷᠠᠵᠤ ᠴᠢᠳᠠᠬᠤ ᠦᠭᠡᠢ ᠤᠴᠢᠷ ᠠ᠋ᠴᠠ ᠪᠠᠷᠳᠠᠵᠤ ᠭᠡᠮᠲᠦᠵᠦ ᠪᠣᠯᠵᠣᠰᠢ ᠦᠭᠡᠢ᠃ ᠡᠭᠦᠨ ᠢ᠋ ᠮᠠᠰᠢ ᠰᠠᠢᠨ ᠠᠩᠬᠠᠷᠤᠭᠠᠷᠠᠢ ᠨᠠᠢᠵᠠ ᠨᠤᠭᠤᠳ ᠠ᠋!
ᠮᠠᠰᠢᠨ ᠪᠠᠷᠢᠵᠤ ᠶᠠᠪᠤᠭ᠎ᠠ ᠡᠨᠡ ᠬᠥᠮᠦᠨ ᠪᠣᠯ ᠮᠢᠨᠦ ᠠᠪᠤ᠃ ᠠᠪᠤ ᠮᠠᠨᠢ ᠮᠠᠰᠢᠨ ᠢ᠋ᠶ᠋ᠠᠨ ᠠᠰᠠᠭᠠᠭᠠᠳ ᠬᠥᠳᠡᠯᠬᠦ ᠶ᠋ᠢᠨ ᠢ᠋ᠶ᠋ᠡᠨ ᠡᠮᠦᠨ᠎ᠡ᠄ 《ᠠᠪᠤ ᠶ᠋ᠢᠨ ᠬᠥᠭᠡᠷᠦᠬᠦᠨ ᠬᠡᠦᠬᠡᠳ ᠦ᠋ᠳ ᠰᠠᠭᠤᠳᠠᠯ ᠤ᠋ᠨ ᠪᠦᠰᠡ ᠪᠡᠨ ᠵᠡᠭᠦᠭᠰᠡᠨ ᠤᠤ?》 ᠭᠡᠵᠦ ᠵᠠᠪᠠᠯ ᠠᠰᠠᠭᠤᠳᠠᠭ᠃ ᠳᠡᠭᠦᠦ ᠪᠢᠳᠡ ᠬᠣᠶᠠᠷ ᠴᠤ᠌ ᠠᠪᠤ ᠶ᠋ᠢᠨ ᠢ᠋ᠶ᠋ᠡᠨ ᠦᠭᠡᠨ ᠳ᠋ᠦ᠍ ᠪᠠᠢᠩᠭᠤ ᠣᠷᠣᠨ᠎ᠠ᠃ ᠠᠪᠤ ᠮᠠᠨᠢ ᠳᠡᠭᠦᠦ ᠶ᠋ᠢᠨ ᠠᠷᠤ ᠶ᠋ᠢᠨ ᠰᠠᠭᠤᠳᠠᠯ ᠤ᠋ᠨ ᠪᠦᠰᠡ ᠶ᠋ᠢ ᠥᠪᠡᠷ ᠢ᠋ᠶ᠋ᠡᠨ ᠰᠢᠯᠭᠠᠭᠠᠳ ᠪᠦᠰᠡ ᠪᠡᠨ ᠬᠢᠬᠦ ᠳ᠋ᠦ᠍ᠨᠢ ᠡᠵᠢ ᠳ᠋ᠦ᠍ ᠪᠠᠰᠠ ᠲᠤᠰᠠᠯᠠᠨ᠎ᠠ᠃ ᠮᠢᠨᠦ ᠠᠪᠤ ᠪᠢᠳᠡᠨ ᠳ᠋ᠦ᠍ ᠵᠥᠩᠳᠡᠭᠡᠨ ᠶᠡᠬᠡ ᠬᠠᠢᠷᠠᠲᠠᠢ ᠪᠠᠢᠭ᠎ᠠ ᠪᠢᠵᠡ?
ᠬᠥᠳᠡᠭᠡ ᠶᠠᠪᠤᠬᠤ ᠦᠨᠡᠬᠡᠷ ᠭᠣᠶᠣ ᠢᠯᠠᠩᠭᠤᠶ᠎ᠠ ᠵᠤᠨ ᠤ᠋ ᠭᠤᠷᠪᠠᠨ ᠰᠠᠷ᠎ᠠ ᠳ᠋ᠤ᠌ ᠰᠤᠷᠭᠠᠭᠤᠯᠢ ᠶ᠋ᠢᠨ ᠠᠮᠠᠷᠠᠯᠲᠠ ᠪᠠᠷ ᠢ᠋ᠶ᠋ᠠᠨ ᠡᠪᠦᠭᠡ ᠡᠮᠡᠭᠡ ᠶ᠋ᠢᠨ ᠳ᠋ᠦ᠍ ᠪᠡᠨ ᠣᠴᠢᠬᠤ ᠬᠠᠮᠤᠭ ᠤ᠋ᠨ ᠰᠠᠢᠬᠠᠨ᠃ ᠳᠡᠭᠦᠦ ᠮᠠᠨᠢ ᠵᠠᠮ ᠳ᠋ᠤ᠌ ᠪᠠᠨ ᠥᠯᠥᠰᠦᠭᠡᠳ ᠤᠬᠢᠯᠠᠨ᠎ᠠ᠃ ᠡᠵᠢ ᠮᠠᠨᠢ ᠳᠡᠭᠦᠦ ᠶ᠋ᠢ᠄《 ᠠᠯᠢᠪ ᠮᠢᠨᠦ ᠬᠦᠦ ᠡᠵᠢ ᠳᠡᠭᠡᠷ᠎ᠡ ᠪᠡᠨ ᠢᠷᠡᠬᠦ ᠶᠦᠮ ᠤᠤ?》 ᠭᠡᠬᠦ ᠪᠡᠷ ᠠᠪᠤ᠄《 ᠮᠢᠨᠦ ᠬᠠᠨᠢ ᠠ᠋᠂ ᠵᠢᠭᠠᠬᠠᠨ ᠬᠡᠦᠬᠡᠳ ᠢ᠋ᠶ᠋ᠡᠨ ᠡᠪᠦᠷ ᠳᠡᠭᠡᠷ᠎ᠡ ᠪᠡᠨ ᠰᠠᠭᠤᠯᠭᠠᠵᠤ ᠠᠪᠴᠤ ᠶᠠᠪᠤᠬᠤ ᠬᠣᠷᠢᠭ᠎ᠠ ᠰᠢᠦ ᠳᠡ!》 ᠨᠡᠭᠡᠷᠡᠨ ᠶᠠᠭᠠᠬᠢᠭᠠᠳ ᠬᠣᠷᠢᠭ᠎ᠠ ᠲᠠᠢ ᠪᠠᠢᠳᠠᠭ ᠶᠤᠮ ᠪᠣᠯ? ᠠᠪᠤ ᠶ᠋ᠢ ᠨᠢᠭᠡ ᠵᠣᠭᠰᠣᠬᠤ ᠪᠠᠷ ᠡᠨᠡ ᠲᠤᠬᠠᠢ ᠵᠠᠪᠠᠯ ᠠᠰᠠᠭᠤᠨ᠎ᠠ᠃ ᠢᠩᠭᠢᠭᠡᠳ ᠶᠠᠪᠤᠵᠤ ᠪᠠᠢᠲᠠᠯ᠎ᠠ ᠪᠢᠳᠡᠨ ᠦ᠌ ᠠᠷᠤ ᠳ᠋ᠤ᠌ ᠶᠠᠪᠤᠵᠤ ᠪᠠᠢᠭᠰᠠᠨ ᠮᠠᠰᠢᠨ ᠤ᠋ ᠵᠢᠯᠣᠭᠣᠴᠢ ᠠᠬ᠎ᠠ ᠪᠠᠢᠨ ᠪᠠᠢᠨ ᠭᠡᠷᠡᠯ ᠢ᠋ᠶ᠋ᠡᠨ ᠳᠣᠬᠢᠭᠠᠳ ᠪᠠᠢᠭᠰᠠᠨ᠃ ᠠᠪᠤ ᠭᠠᠢᠬᠠᠭᠠᠳ ᠮᠠᠰᠢᠨ ᠢ᠋ᠶ᠋ᠠᠨ ᠵᠠᠮ ᠠ᠋ᠴᠠ ᠲᠦᠷ ᠭᠠᠷᠭᠠᠵᠤ ᠵᠣᠭᠰᠣᠭᠠᠭᠠᠳ ᠨᠥᠭᠦᠭᠡ ᠵᠢᠯᠣᠭᠣᠴᠢ ᠠᠬ᠎ᠠ ᠲᠠᠢ ᠠᠭᠤᠯᠵᠠᠴᠢᠬᠠᠭᠠᠳ ᠢᠷᠡᠭᠰᠡᠨ ᠢ᠋ᠶ᠋ᠡᠨ᠄《 ᠮᠡᠷᠭᠡᠨ ᠠ᠋᠂ ᠮᠢᠨᠦ ᠬᠦᠦ! ᠴᠢ ᠶᠠᠭᠠᠬᠢᠭᠠᠳ ᠮᠠᠰᠢᠨ ᠤ᠋ ᠴᠣᠩᠬᠣ ᠪᠠᠷ ᠭᠠᠷ ᠢ᠋ᠶ᠋ᠠᠨ ᠭᠠᠷᠭᠠᠭᠠᠳ ᠪᠠᠢᠨ᠎ᠠ? ᠡᠨᠡ ᠨᠢ ᠲᠤᠩ ᠣᠰᠣᠯ ᠲᠠᠢ ᠰᠢᠦ》 ᠭᠡᠯᠡ᠃ ᠳᠡᠭᠦᠦ ᠮᠠᠨᠢ ᠭᠠᠢᠬᠠᠭᠠᠳ᠄《 ᠶᠠᠭᠠᠬᠢᠭᠠᠳ ᠪᠣᠢ? ᠠᠪᠤ ᠠ᠋》 ᠭᠡᠵᠦ ᠠᠰᠠᠭᠤᠲᠠᠯ᠎ᠠ ᠠᠪᠤ ᠄《ᠵᠠᠮ ᠳᠡᠭᠡᠷ᠎ᠡ ᠲᠤᠩ ᠣᠯᠠᠨ ᠮᠠᠰᠢᠨ ᠵᠣᠷᠴᠢᠳᠠᠭ᠂ ᠵᠠᠷᠢᠮ ᠳ᠋ᠤ᠌ ᠪᠠᠨ ᠣᠴᠢᠬᠤ ᠭᠠᠵᠠᠷ ᠢ᠋ᠶ᠋ᠠᠨ ᠬᠤᠷᠳᠤᠨ ᠬᠦᠷᠬᠦ ᠭᠡᠰᠡᠨ ᠬᠥᠮᠦᠰ ᠳᠣᠬᠢᠶ᠎ᠠ ᠪᠠᠨ ᠥᠭᠴᠦ ᠪᠠᠢᠭᠠᠳ ᠪᠢᠳᠡᠨ ᠦ᠌ ᠬᠠᠵᠠᠭᠤ ᠪᠠᠷ ᠬᠤᠷᠳᠤ ᠲᠠᠢ ᠥᠩᠭᠡᠷᠡᠳᠡᠭ ᠶᠦᠮ ᠰᠢᠦ ᠳᠡ᠃ ᠬᠡᠷᠪᠡ ᠲᠡᠢᠮᠦ ᠲᠣᠬᠢᠶᠠᠯᠳᠤᠯ ᠳ᠋ᠤ᠌ ᠮᠢᠨᠦ ᠬᠦᠦ ᠳ᠋ᠦ᠍ ᠶᠠᠮᠠᠷ ᠨᠢᠭᠡᠨ ᠪᠠᠢᠳᠠᠯ ᠢ᠋ᠶ᠋ᠠᠷ ᠡᠷᠡᠰᠳᠡᠯ ᠲᠣᠬᠢᠶᠠᠯᠳᠤᠵᠤ ᠮᠠᠭᠠᠳ ᠦᠭᠡᠢ ᠰᠢᠦ!》 ᠭᠡᠪᠡ᠃ ᠳᠡᠭᠦᠦ ᠮᠠᠨᠢ ᠨᠠᠳᠠ ᠠ᠋ᠴᠠ ᠰᠡᠮᠬᠡᠨ᠄《ᠡᠭᠡᠴᠢ ᠠ᠋᠂ ᠡᠷᠡᠰᠳᠡᠯ ᠭᠡᠵᠦ ᠶᠠᠭᠤ ᠶᠤᠮ ᠪᠣᠢ? 》《ᠡᠨᠡ ᠪᠣᠯ ᠠᠶᠤᠯ ᠣᠰᠣᠯ ᠡᠰᠡᠪᠡᠯ ᠭᠡᠮᠲᠦᠵᠦ ᠪᠡᠷᠲᠡᠬᠦ ᠶ᠋ᠢ ᠬᠡᠯᠡᠵᠦ ᠪᠠᠢᠭ᠎ᠠ ᠶᠤᠮ》ᠭᠡᠵᠦ ᠬᠡᠯᠡᠭᠰᠡᠨ᠃ ᠬᠥᠳᠡᠭᠡ ᠡᠪᠦᠭᠡ ᠡᠮᠡᠭᠡ ᠶ᠋ᠢᠨ ᠬᠢ ᠤᠷᠤᠭᠤ ᠪᠠᠨ ᠶᠠᠪᠤᠬᠤ ᠳ᠋ᠤ᠌ ᠪᠠᠰᠠ ᠨᠢᠭᠡ ᠭᠣᠶᠣ ᠨᠢ ᠶᠠᠭᠤ ᠪᠣᠢ ᠭᠡᠬᠦ ᠪᠡᠷ ᠵᠠᠮ ᠤ᠋ᠨ ᠴᠠᠢ ᠶ᠋ᠢᠨ ᠭᠠᠵᠠᠷ ᠶᠤᠮ᠃ ᠦᠷᠭᠦᠯᠵᠢ ᠭᠡᠷ ᠲᠦ᠍ ᠪᠡᠨ ᠢᠳᠡᠳᠡᠭ ᠶᠦᠮ ᠤᠤ ᠡᠰᠡᠪᠡᠯ ᠰᠤᠷᠭᠠᠭᠤᠯᠢ ᠶ᠋ᠢᠨ ᠴᠠᠢ ᠶ᠋ᠢᠨ ᠭᠠᠵᠠᠷ ᠤ᠋ᠨ ᠬᠣᠭᠣᠯᠠᠨ ᠠ᠋ᠴᠠ ᠣᠭᠲᠣ ᠥᠭᠡᠷ᠎ᠡ ᠠᠮᠲᠠᠲᠠᠢ ᠭᠣᠶᠣ ᠬᠣᠭᠣᠯᠠ ᠨᠤᠭᠤᠳ ᠪᠠᠢᠳᠠᠭ᠃ ᠢᠩᠭᠢᠭᠡᠳ ᠪᠢᠳᠡ ᠡᠳᠦᠷ ᠦ᠋ᠨ ᠬᠣᠭᠣᠯᠠ ᠪᠠᠨ ᠢᠳᠡᠴᠢᠬᠡᠭᠡᠳ ᠪᠦᠭᠦᠳᠡ ᠭᠠᠷᠴᠠᠭᠠᠨ ᠮᠠᠰᠢᠨ ᠳ᠋ᠤ᠌ ᠪᠠᠨ ᠰᠠᠭᠤᠬᠤ ᠭᠡᠲᠡᠯ᠎ᠡ ᠵᠠᠮ ᠤ᠋ᠨ ᠨᠥᠭᠦᠭᠡ ᠲᠠᠯ᠎ᠠ ᠶ᠋ᠢᠨ ᠮᠣᠳᠣᠨ ᠳᠤᠮᠳᠠ ᠠ᠋ᠴᠠ ᠮᠠᠰᠢ ᠬᠥᠭᠡᠷᠦᠬᠦᠨ ᠨᠢᠳᠦ ᠲᠡᠢ ᠠᠮᠢᠲᠠᠨ ᠪᠢᠳᠡᠨ ᠦ᠌ ᠵᠦᠭ ᠰᠢᠷᠲᠡᠵᠦ ᠪᠠᠢᠯ᠎ᠠ᠃ ᠡᠭᠡᠴᠢ ᠪᠢᠳᠡ ᠬᠣᠶᠠᠷ ᠴᠤ᠌ ᠠᠪᠤ ᠠ᠋ᠴᠠ᠄《ᠲᠠᠪᠤᠭᠤᠯᠠ ᠪᠠᠨ ᠬᠠᠵᠠᠭᠤ ᠳ᠋ᠤ᠌ ᠨᠢ ᠣᠴᠢᠵᠤ ᠬᠠᠷᠠᠶ᠎ᠠ ᠯᠠ ᠳᠠ ᠠᠪᠤ ᠠ᠋᠂ ᠲᠡᠭᠡᠬᠦ ᠤᠤ?》《ᠵᠠ᠂ ᠮᠢᠨᠦ ᠬᠡᠦᠬᠡᠳ ᠦ᠋ᠳ ᠵᠠᠮ ᠬᠥᠨᠳᠡᠯᠡᠨ ᠭᠠᠷᠬᠤ ᠳ᠋ᠤ᠌ ᠪᠠᠨ ᠪᠣᠯᠭᠣᠮᠵᠢᠲᠠᠢ ᠪᠡᠶ᠎ᠡ ᠪᠡᠶ᠎ᠡ ᠶ᠋ᠢᠨ ᠢ᠋ᠶ᠋ᠡᠨ ᠭᠠᠷ ᠠ᠋ᠴᠠ ᠬᠥᠲᠥᠯᠦᠭᠡᠳ ᠬᠢᠨᠠᠭᠤᠷ ᠪᠠᠢᠬᠤ ᠶᠣᠰᠣᠲᠠᠢ ᠰᠢᠦ᠃ ᠬᠥᠳᠡᠭᠡᠨ ᠦ᠌ ᠵᠠᠮ ᠳ᠋ᠤ᠌ ᠭᠠᠷᠴᠠ᠂ ᠭᠡᠷᠡᠯ ᠦ᠋ᠨ ᠳᠣᠬᠢᠶ᠎ᠠ ᠭᠡᠵᠦ ᠪᠠᠢᠳᠠᠭ ᠦᠭᠡᠢ ᠶᠦᠮ ᠰᠢᠲᠠ》ᠭᠡᠳ ᠬᠣᠶᠠᠷ ᠲᠡᠢᠰᠢ ᠪᠡᠨ ᠰᠠᠢᠨ ᠬᠠᠷᠠᠭᠰᠠᠨ ᠢ᠋ᠶ᠋ᠠᠨ ᠡᠭᠡᠴᠢ ᠪᠢᠳᠡ ᠬᠣᠶᠠᠷ ᠢ᠋ ᠬᠥᠲᠥᠯᠦᠭᠡᠳ ᠵᠠᠮ ᠤ᠋ᠨ ᠨᠥᠭᠦᠭᠡ ᠲᠠᠯ᠎ᠠ ᠳ᠋ᠤ᠌ ᠭᠠᠷᠤᠯ᠎ᠠ᠃ ᠠᠪᠤ ᠲᠡᠷᠡ ᠪᠢᠴᠢᠬᠠᠨ ᠪᠤᠭᠤ ᠶ᠋ᠢ ᠬᠠᠷᠠᠵᠤ ᠪᠠᠢᠭᠰᠠᠨ ᠢ᠋ᠶ᠋ᠠᠨ᠄《ᠨᠢᠳᠤᠨᠤᠨ ᠵᠤᠨ ᠭᠠᠷᠤᠭᠰᠠᠨ ᠨᠢᠭᠡ ᠨᠠᠰᠤ ᠯᠠ ᠬᠦᠷᠴᠦ ᠶᠠᠪᠤᠭ᠎ᠠ ᠢᠯᠢ ᠪᠠᠢᠨ᠎ᠠ》ᠭᠡᠬᠦ ᠪᠡᠷ ᠨᠢ ᠡᠭᠡᠴᠢ ᠪᠢᠳᠡ ᠬᠣᠶᠠᠷ ᠭᠠᠢᠬᠠᠭᠠᠳ᠄《 ᠢᠯᠢ ᠭᠡᠵᠦ ᠶᠠᠭᠤ ᠶᠤᠮ ᠪᠣᠢ?》 ᠭᠡᠵᠦ ᠠᠰᠠᠭᠤᠭᠰᠠᠨ᠃ ᠲᠡᠭᠡᠭᠰᠡᠨ ᠴᠢᠨᠢ ᠠᠪᠤ᠄《ᠪᠤᠭᠤ ᠶ᠋ᠢᠨ ᠲᠥᠯ ᠢ᠋ ᠢᠯᠢ ᠭᠡᠳᠡᠭ ᠶᠦᠮ ᠠ᠋! ᠮᠢᠨᠦ ᠬᠡᠦᠬᠡᠳ ᠦ᠋ᠳ᠂ ᠰᠣᠨᠣᠰ ᠳᠠ᠂ ᠮᠢᠨᠦ ᠬᠡᠦᠬᠡᠳ ᠦ᠋ᠳ ᠠᠮᠢᠲᠠᠨ ᠤ᠋ ᠦᠷ᠎ᠡ ᠲᠥᠯ ᠪᠣᠯᠭᠠᠨ ᠥᠪᠡᠷ ᠥᠪᠡᠷ ᠦ᠋ᠨ ᠳᠠᠭᠤᠳᠠᠳᠠᠭ ᠨᠡᠷ᠎ᠡ ᠲᠡᠢ ᠪᠠᠢᠳᠠᠭ᠃ ᠶᠠᠭ ᠯᠠ ᠤᠨᠠᠭ᠎ᠠ ᠂ ᠲᠤᠭᠤᠯ᠂ ᠢᠰᠢᠭᠡ᠂ ᠮᠠᠭᠤ ᠴᠠᠢᠯᠳᠠᠰᠢ ᠭᠡᠬᠦ ᠰᠢᠭ᠁ 》 ᠭᠡᠵᠦ ᠬᠠᠷᠢᠭᠤᠯᠤᠭᠰᠠᠨ᠃ᠢᠩᠭᠢᠭᠡᠳ ᠪᠢᠳᠡ ᠡᠪᠦᠭᠡ ᠡᠮᠡᠭᠡ ᠤᠷᠤᠭᠤ ᠪᠠᠨ ᠶᠠᠭᠠᠷᠠᠵᠤ ᠪᠠᠢᠭᠰᠠᠨ ᠪᠣᠯᠬᠣᠷ ᠳᠠᠬᠢᠭᠠᠳ ᠯᠠ ᠮᠠᠰᠢ ᠪᠣᠯᠭᠣᠮᠵᠢᠲᠠᠢ ᠪᠠᠷ ᠵᠠᠮ ᠬᠥᠨᠳᠡᠯᠡᠨ ᠭᠠᠷᠴᠤ ᠥᠪᠡᠷᠰᠡᠳ ᠦ᠋ᠨ ᠢ᠋ᠶ᠋ᠡᠨ ᠮᠠᠰᠢᠨ ᠳ᠋ᠤ᠌ ᠰᠠᠭᠤᠬᠤ ᠭᠡᠲᠡᠯ᠎ᠡ ᠠᠪᠤ ᠮᠠᠨᠢ ᠮᠠᠰᠢᠨ ᠤ᠋ ᠪᠠᠨ ᠬᠣᠢᠲᠤ ᠳᠤᠭᠤᠢ ᠶ᠋ᠢᠨ ᠳᠣᠣᠭᠤᠷ ᠲᠣᠩᠭᠣᠢᠭᠰᠠᠨ ᠢ᠋ᠶ᠋ᠠᠨ ᠪᠢᠴᠢᠬᠠᠨ ᠭᠥᠯᠥᠭᠡ ᠭᠠᠷᠤᠭᠠᠳ ᠢᠷᠡᠪᠡ᠃ ᠪᠢ ᠭᠠᠢᠬᠠᠵᠤ᠄《ᠠᠪᠤ ᠠ᠋᠂ ᠲᠠ ᠲᠡᠨᠳᠡ ᠭᠥᠯᠥᠭᠡ ᠪᠠᠢᠭ᠎ᠠ ᠶ᠋ᠢ ᠶᠠᠭᠠᠬᠢᠵᠤ ᠮᠡᠳᠡᠪᠡ?》 《ᠬᠡᠦᠬᠡᠳ ᠦ᠋ᠳ ᠠ᠋᠂ ᠵᠢᠯᠣᠭᠣᠴᠢ ᠬᠥᠮᠦᠨ ᠪᠦᠷᠢ ᠵᠣᠭᠰᠣᠵᠤ ᠪᠠᠢᠭᠠᠳ ᠬᠥᠳᠡᠯᠬᠦ ᠶ᠋ᠢᠨ ᠢ᠋ᠶ᠋ᠡᠨ ᠡᠮᠦᠨ᠎ᠡ ᠵᠠᠪᠠᠯ ᠮᠠᠰᠢᠨ ᠤ᠋ ᠪᠠᠨ ᠡᠷᠭᠢᠨ ᠲᠣᠭᠣᠷᠢᠨ ᠳᠡᠭᠡᠭᠦᠷ ᠳᠣᠣᠭᠤᠷ ᠰᠢᠯᠭᠠᠬᠤ ᠶᠣᠰᠣᠲᠠᠢ ᠪᠠᠢᠳᠠᠭ ᠶᠤᠮ᠃ ᠬᠡᠷᠪᠡ ᠠᠪᠤ ᠨᠢ ᠰᠢᠯᠭᠠᠯ ᠦᠭᠡᠢ ᠪᠡᠷ ᠮᠠᠰᠢᠨ ᠢ᠋ᠶ᠋ᠠᠨ ᠤᠨᠤᠭᠠᠳ ᠶᠠᠪᠤᠭᠰᠠᠨ ᠪᠣᠯ ᠡᠨᠡ ᠬᠥᠭᠡᠷᠦᠬᠦᠨ ᠠᠮᠢᠲᠠᠨ ᠶᠠᠭᠠᠬᠢᠬᠤ ᠪᠠᠢᠭᠰᠠᠨ ᠪᠣᠯ?》
ᠢᠩᠭᠢᠭᠡᠳ ᠪᠢᠳᠡ ᠪᠢᠴᠢᠬᠠᠨ ᠪᠠᠰᠠᠷ ᠢ᠋ ᠪᠡᠨ ᠠᠪᠤᠭᠠᠳ ᠡᠪᠦᠭᠡ ᠡᠮᠡᠭᠡ ᠶ᠋ᠢᠨ ᠳ᠋ᠦ᠍ ᠪᠡᠨ ᠣᠴᠢᠬᠤ ᠵᠠᠮ ᠳ᠋ᠤ᠌ ᠪᠠᠨ ᠭᠠᠷᠤᠭᠰᠠᠨ ᠳᠠ! ᠮᠠᠨ ᠤ᠋ ᠭᠡᠷ ᠪᠦᠯᠢ ᠶ᠋ᠢᠨ ᠡᠪᠦᠭᠡ ᠡᠮᠡᠭᠡ ᠶ᠋ᠢᠨ ᠬᠢ ᠤᠷᠤᠭᠤ ᠪᠠᠨ ᠣᠴᠢᠬᠤ ᠠᠶᠠᠯᠠᠯ ᠦᠷᠭᠦᠯᠵᠢᠯᠡᠭᠰᠡᠭᠡᠷ ᠯᠡ ᠪᠠᠢᠨ᠎ᠠ᠃ ᠵᠠᠮ ᠳ᠋ᠤ᠌ ᠪᠠᠨ ᠪᠢᠳᠡ ᠬᠥᠳᠡᠭᠡ ᠶ᠋ᠢᠨ ᠨᠢᠭᠡ ᠬᠣᠲᠠ ᠪᠠᠷ ᠳᠠᠭᠠᠷᠢᠭᠰᠠᠨ᠃ ᠬᠠᠮᠤᠭ ᠤ᠋ᠨ ᠰᠣᠨᠢᠷᠬᠠᠯᠲᠠᠢ ᠨᠢ ᠡᠨᠡ ᠬᠣᠲᠠ ᠶ᠋ᠢᠨ ᠪᠦᠬᠦ ᠵᠢᠯᠣᠭᠣᠴᠢ᠂ ᠬᠡᠦᠬᠡᠳ ᠦ᠋ᠳ ᠵᠠᠮ ᠤ᠋ᠨ ᠬᠥᠳᠡᠯᠭᠡᠭᠡᠨ ᠳ᠋ᠦ᠍ ᠪᠡᠨ ᠮᠠᠰᠢ ᠰᠣᠶᠣᠯ ᠲᠠᠢ ᠣᠷᠣᠯᠴᠠᠳᠠᠭ ᠶᠤᠮ ᠪᠠᠢᠨ᠎ᠠ ᠯᠠ᠃ ᠡᠨᠡ ᠬᠣᠲᠠ ᠶ᠋ᠢᠨ ᠮᠠᠰᠢᠨ ᠨᠢ ᠮᠠᠨ ᠤ᠋ ᠤᠯᠠᠭᠠᠨᠪᠠᠭᠠᠲᠤᠷ ᠤ᠋ᠨ ᠬᠢ ᠡᠴᠡ ᠴᠥᠭᠡᠨ ᠴᠦ᠍ ᠭᠡᠰᠡᠨ ᠬᠡᠦᠬᠡᠳ ᠦ᠋ᠳ ᠨᠢ ᠪᠦᠭᠦᠳᠡ ᠭᠠᠷᠴᠠ ᠪᠠᠷ ᠢ᠋ᠶ᠋ᠠᠨ ᠵᠠᠮ ᠬᠥᠨᠳᠡᠯᠡᠨ ᠭᠠᠷᠴᠤ᠂ ᠵᠢᠯᠣᠭᠣᠴᠢ ᠨᠠᠷ ᠨᠢ ᠭᠡᠷᠡᠯ ᠦ᠋ᠨ ᠳᠣᠬᠢᠶ᠎ᠠ ᠪᠠᠨ ᠰᠣᠯᠢᠭᠳᠠᠬᠤ ᠶ᠋ᠢ ᠨᠢ ᠲᠡᠪᠴᠢᠶᠡᠷᠢᠲᠡᠢ ᠬᠦᠯᠢᠶᠡᠵᠦ ᠪᠠᠢᠭᠠᠳ ᠴᠠᠭᠠᠰᠢ ᠪᠠᠨ ᠶᠠᠪᠤᠳᠠᠭ ᠨᠢ ᠶᠡᠬᠡ ᠲᠠᠭᠠᠯᠠᠭᠳᠠᠭᠰᠠᠨ᠃ ᠨᠡᠢᠰᠯᠡᠯ ᠬᠣᠲᠠ ᠶ᠋ᠢᠨ ᠮᠠᠨᠢ ᠪᠦᠬᠦ ᠬᠡᠦᠬᠡᠳ ᠦ᠋ᠳ ᠢᠩᠭᠢᠭᠡᠳ ᠰᠤᠷᠴᠢᠬᠠᠬᠤ ᠶᠤᠮ ᠪᠣᠯ ᠵᠢᠯᠣᠭᠣᠴᠢ ᠠᠬ᠎ᠠ ᠡᠭᠡᠴᠢ ᠨᠠᠷ ᠮᠠᠨᠢ ᠴᠤ᠌ ᠭᠡᠰᠡᠨ ᠪᠢᠳᠡᠨ ᠢ᠋ ᠬᠦᠨᠳᠦᠯᠡᠳᠡᠭ ᠪᠣᠯᠬᠤ ᠪᠠᠢᠬ᠎ᠠ ᠳᠠ ᠭᠡᠵᠦ ᠪᠣᠳᠣᠭᠰᠠᠨ᠃
ᠢᠩᠭᠢᠭᠡᠳ ᠪᠢᠳᠡ ᠴᠠᠭᠠᠰᠢ ᠪᠠᠨ ᠶᠠᠪᠤᠵᠤ ᠨᠥᠭᠦᠭᠡ ᠭᠣᠶᠣ ᠬᠣᠲᠠ ᠠ᠋ᠴᠠ ᠭᠠᠷᠬᠤ ᠵᠠᠮ ᠳ᠋ᠤ᠌ ᠪᠠᠨ ᠰᠢᠲᠠᠬᠤᠨ ᠲᠦᠭᠡᠭᠡᠬᠦ ᠭᠠᠵᠠᠷ ᠠ᠋ᠴᠠ ᠮᠠᠰᠢᠨ ᠳ᠋ᠤ᠌ ᠪᠠᠨ ᠵᠥᠩᠳᠡᠭᠡᠨ ᠪᠧᠨᠽᠧᠨ ᠳᠦᠭᠦᠷᠭᠡᠵᠦ ᠠᠪᠤᠭᠠᠳ ᠴᠠᠭᠠᠰᠢ ᠪᠠᠨ ᠶᠠᠪᠤᠭᠰᠠᠨ᠃ ᠪᠢᠳᠡᠨ ᠦ᠌ ᠣᠴᠢᠵᠤ ᠪᠠᠢᠭ᠎ᠠ ᠶ᠋ᠢ ᠮᠡᠳᠡᠭᠰᠡᠨ ᠡᠮᠡᠭᠡ ᠮᠠᠨᠢ ᠴᠤ᠌ ᠭᠡᠰᠡᠨ ᠶᠠᠭᠠᠷᠠᠵᠤ ᠪᠠᠢᠭ᠎ᠠ ᠪᠣᠯᠤᠯᠲᠠᠢ ᠲᠡᠭᠦᠨ ᠡᠴᠡ ᠯᠡ ᠬᠣᠢᠰᠢ ᠠᠪᠤ ᠤᠷᠤᠭᠤ ᠵᠠᠯᠭᠠᠯ᠎ᠠ᠃ ᠭᠡᠬᠦ ᠳ᠋ᠦ᠍ ᠪᠡᠨ ᠠᠪᠤ ᠮᠠᠨᠢ ᠴᠤ᠌ ᠮᠠᠰᠢᠨ ᠪᠠᠷᠢᠵᠤ ᠪᠠᠢᠬᠤ ᠳ᠋ᠤ᠌ ᠪᠠᠨ ᠬᠡᠵᠢᠶ᠎ᠡ ᠴᠦ᠍ ᠤᠲᠠᠰᠤ ᠪᠠᠷ ᠶᠠᠷᠢᠳᠠᠭ ᠦᠭᠡᠢ᠂ ᠶᠠᠭᠠᠬᠢᠭᠠᠳ ᠪᠣᠢ ᠭᠡᠪᠡᠯ ᠮᠠᠰᠢᠨ ᠪᠠᠷᠢᠵᠤ ᠪᠠᠢᠬᠤ ᠦᠶ᠎ᠡ ᠳ᠋ᠦ᠍ ᠪᠡᠨ ᠭᠠᠷ ᠤᠲᠠᠰᠤ ᠪᠠᠷ ᠢ᠋ᠶ᠋ᠠᠨ ᠣᠷᠣᠯᠳᠣᠬᠤ ᠶᠤᠮ ᠤᠤ ᠶᠠᠷᠢᠪᠠᠯ ᠵᠢᠯᠣᠭᠣᠴᠢ ᠬᠥᠮᠦᠨ ᠦ᠌ ᠠᠩᠬᠠᠷᠤᠯ ᠰᠠᠷᠨᠢᠵᠤ ᠠᠶᠤᠯᠲᠠᠢ ᠵᠦᠢᠯ ᠪᠣᠯᠵᠤ ᠮᠠᠭᠠᠳ ᠦᠭᠡᠢ ᠭᠡᠰᠡᠨ᠃
ᠸᠠ ᠦ- ᠢᠩᠭᠢᠭᠡᠳ ᠬᠦᠷᠦᠭᠡᠳ ᠢᠷᠡᠯ᠎ᠡ ᠳᠠ! ᠡᠪᠦᠭᠡ ᠡᠮᠡᠭᠡ ᠮᠠᠨᠢ ᠮᠦᠰᠢᠶᠡᠯ ᠡᠭᠡᠴᠢ᠂ ᠮᠠᠷᠭᠠᠳ ᠳᠡᠭᠦᠦ ᠪᠢᠳᠡ ᠭᠤᠷᠪᠠ ᠶ᠋ᠢ ᠵᠥᠩᠳᠡᠭᠡᠨ ᠶᠡᠬᠡ ᠰᠠᠨᠠᠭᠰᠠᠨ ᠪᠣᠯᠤᠯᠲᠠᠢ ᠦᠨᠦᠰᠦᠭᠡᠳ ᠯᠡ ᠦᠨᠦᠰᠦᠭᠡᠳ ᠯᠡ ᠪᠠᠢᠭᠰᠠᠨ᠃ ᠬᠣᠯᠠ ᠶ᠋ᠢᠨ ᠠᠶᠠᠯᠠᠯ ᠳ᠋ᠤ᠌ ᠬᠡᠦᠬᠡᠳ ᠦ᠋ᠳ ᠢ᠋ᠶ᠋ᠡᠨ ᠣᠭᠲᠣ ᠶᠠᠳᠠᠷᠠᠭᠠᠵᠣ ᠪᠠᠰᠠ ᠠᠶᠤᠯ ᠦᠭᠡᠢ ᠰᠠᠢᠨ ᠠᠪᠴᠤ ᠶᠠᠪᠤᠭᠰᠠᠭᠠᠷ ᠡᠨᠳᠡ ᠬᠦᠷᠴᠦ ᠢᠷᠡᠭᠰᠡᠨ ᠠᠪᠤ ᠡᠵᠢ ᠬᠣᠶᠠᠷ ᠲᠤ᠌ ᠪᠠᠨ ᠮᠠᠰᠢ ᠶᠡᠬᠡ ᠪᠠᠶᠠᠷᠯᠠᠯ᠎ᠠ᠃ ᠬᠥᠳᠡᠭᠡ ᠶᠠᠪᠤᠬᠤ ᠭᠣᠶᠣ ᠪᠠᠢᠭ᠎ᠠ ᠪᠢᠵᠡ! ᠵᠠᠮ ᠳ᠋ᠤ᠌ ᠵᠥᠩᠳᠡᠭᠡᠨ ᠰᠣᠨᠢᠨ ᠰᠠᠢᠬᠠᠨ ᠵᠦᠢᠯ ᠲᠣᠬᠢᠶᠠᠯᠳᠤᠭᠰᠠᠨ ᠴᠤ᠌ ᠭᠡᠰᠡᠨ ᠬᠠᠮᠤᠭ ᠤ᠋ᠨ ᠰᠣᠨᠢᠷᠬᠠᠯᠲᠠᠢ ᠭᠡᠰᠡᠨ ᠢ᠋ᠶ᠋ᠡᠨ ᠯᠡ ᠲᠠ ᠨᠠᠷ ᠲᠤ᠌ ᠪᠠᠨ ᠶᠠᠷᠢᠵᠤ ᠥᠭᠭᠦᠯ᠎ᠡ ᠰᠢᠦ! ᠨᠠᠢᠵᠠ ᠨᠤᠭᠤᠳ ᠠ᠋᠂ ᠲᠦᠷ ᠪᠠᠶᠠᠷᠲᠠᠢ!
ᠦᠰᠦᠭ ᠬᠠᠲᠠᠭᠰᠠᠨ ᠨᠢ᠄ ᠮᠥᠩᠭᠦᠨᠴᠡᠴᠡᠭ
ᠦᠰᠦᠭ ᠠᠮᠢᠯᠠᠭᠤᠯᠤᠭᠰᠠᠨ ᠨᠢ᠄ ᠮᠥᠩᠭᠦᠨᠴᠡᠴᠡᠭ
ᠬᠢᠨᠠᠭᠴᠢ ᠪᠠᠭᠰᠢ᠄ ᠮᠥᠴᠢᠷ
