ᠪᠢᠴᠢᠬᠠᠨ ᠠᠮᠢᠲᠠᠳ3-р анги Бяцхан амьтад
ᠪᠢᠴᠢᠬᠠᠨ ᠠᠮᠢᠲᠠᠳ3
ᠮᠡᠷᠭᠡᠨ ᠦ᠌ ᠶᠠᠷᠢᠶ᠎ᠠ
ᠪᠢᠴᠢᠬᠠᠨ ᠠᠮᠢᠲᠠᠳ
ᠭᠤᠷᠪᠠᠳᠤᠭᠠᠷ ᠠᠩᠭᠢ
| ᠰᠠᠢᠨ ᠪᠠᠢᠵᠠᠭᠠᠨ᠎ᠠ ᠤᠤ? ᠨᠠᠮ᠎ᠠ ᠶ᠋ᠢ ᠬᠦᠯᠢᠶᠡᠵᠦ ᠪᠠᠢᠭᠰᠠᠨ ᠤᠤ? ᠬᠥᠳᠡᠭᠡ ᠡᠪᠦᠭᠡ ᠡᠮᠡᠭᠡ ᠶ᠋ᠢᠨ ᠬᠢ ᠤᠷᠤᠭᠤ ᠪᠠᠨ ᠶᠠᠪᠤᠬᠤ ᠳ᠋ᠤ᠌ ᠪᠠᠰᠠ ᠨᠢᠭᠡ ᠭᠣᠶᠣ ᠨᠢ ᠶᠠᠭᠤ ᠪᠣᠢ ᠭᠡᠬᠦ ᠪᠡᠷ ᠵᠠᠮ ᠤ᠋ᠨ ᠴᠠᠢ ᠶ᠋ᠢᠨ ᠭᠠᠵᠠᠷ ᠶᠤᠮ᠃ ᠦᠷᠭᠦᠯᠵᠢ ᠭᠡᠷ ᠲᠦ᠍ ᠪᠡᠨ ᠢᠳᠡᠳᠡᠭ ᠶᠦᠮ ᠤᠤ ᠡᠰᠡᠪᠡᠯ ᠰᠤᠷᠭᠠᠭᠤᠯᠢ ᠶ᠋ᠢᠨ ᠴᠠᠢ ᠶ᠋ᠢᠨ ᠭᠠᠵᠠᠷ ᠤ᠋ᠨ ᠬᠣᠭᠣᠯᠠᠨ ᠠ᠋ᠴᠠ ᠣᠭᠲᠣ ᠥᠭᠡᠷ᠎ᠡ ᠠᠮᠲᠠ ᠲᠠᠢ ᠭᠣᠶᠣ ᠬᠣᠭᠣᠯᠠ ᠨᠤᠭᠤᠳ ᠪᠠᠢᠳᠠᠭ᠃ ᠡᠨᠡ ᠪᠣᠯ ᠡᠮᠡᠭᠡ ᠶ᠋ᠢᠨ ᠬᠢᠳᠡᠭ ᠬᠣᠭᠣᠯᠠ ᠴᠤ᠌ ᠪᠠᠢᠭ᠎ᠠ᠂ ᠠᠮᠲᠠ ᠶ᠋ᠢ ᠨᠢ ᠠᠷᠠᠢ ᠦᠵᠡᠬᠦ ᠦᠭᠡᠢ ᠯᠡ ᠳᠡ᠂ ᠶᠡᠷᠦ ᠨᠢ ᠪᠣᠯ ᠭᠣᠶᠣ᠃
ᠢᠩᠭᠢᠭᠡᠳ ᠪᠢᠳᠡ ᠡᠳᠦᠷ ᠦ᠋ᠨ ᠬᠣᠭᠣᠯᠠ ᠪᠠᠨ ᠢᠳᠡᠴᠢᠬᠡᠭᠡᠳ ᠪᠦᠭᠦᠳᠡ ᠭᠠᠷᠴᠠᠭᠠᠨ ᠮᠠᠰᠢᠨ ᠳ᠋ᠤ᠌ ᠪᠠᠨ ᠰᠠᠭᠤᠬᠤ ᠭᠡᠲᠡᠯ᠎ᠡ ᠵᠠᠮ ᠤ᠋ᠨ ᠨᠥᠭᠦᠭᠡ ᠲᠠᠯ᠎ᠠ ᠶ᠋ᠢᠨ ᠮᠣᠳᠣᠨ ᠳᠤᠮᠳᠠ ᠠ᠋ᠴᠠ ᠮᠠᠰᠢ ᠬᠥᠭᠡᠷᠦᠬᠦᠨ ᠨᠢᠳᠦ ᠲᠡᠢ ᠠᠮᠢᠲᠠᠨ ᠪᠢᠳᠡᠨ ᠦ᠌ ᠵᠦᠭ ᠰᠢᠷᠲᠡᠵᠦ ᠪᠠᠢᠯ᠎ᠠ᠃ ᠯᠠᠪᠯᠠᠭᠠᠳ ᠰᠠᠢᠬᠠᠨ ᠬᠠᠷᠠᠲᠠᠯ᠎ᠠ ᠬᠥᠭᠡᠷᠦᠬᠦᠨ ᠵᠢᠵᠢᠭᠬᠡᠨ ᠡᠪᠡᠷ ᠲᠡᠢ᠂ ᠪᠦᠯᠲᠡᠭᠡᠷ ᠲᠣᠮᠣ ᠨᠢᠳᠦ ᠲᠡᠢ ᠪᠢᠴᠢᠬᠠᠨ ᠠᠮᠢᠲᠠᠨ ᠪᠤᠲᠠᠨ ᠳᠣᠲᠣᠷ᠎ᠠ ᠠ᠋ᠴᠠ ᠭᠠᠷᠤᠭᠠᠳ ᠢᠷᠡᠭᠰᠡᠨ᠃ ᠪᠢ ᠴᠦ᠍
| ᠡᠭᠡᠴᠢ ᠠ᠋᠂ ᠮᠦᠰᠢᠶᠡᠯ ᠡᠭᠡᠴᠢ ᠠ᠋! ᠲᠡᠷᠡ ᠬᠥᠭᠡᠷᠦᠬᠦᠨ ᠠᠮᠢᠲᠠᠨ ᠢ᠋ ᠬᠠᠷ᠎ᠠ ᠳᠠ! ᠭᠡᠳ ᠯᠡ ᠬᠠᠰᠬᠢᠷᠤᠯ᠎ᠠ᠃ ᠡᠵᠢ ᠮᠠᠨᠢ ᠴᠤ᠌ ᠪᠠᠰᠠ ᠣᠯᠤᠭᠠᠳ ᠬᠠᠷᠠᠴᠢᠬᠠᠭᠰᠠᠨ᠄
| ᠬᠥᠶᠢ᠂ ᠮᠢᠨᠦ ᠥᠬᠢᠨ ᠲᠡᠭᠦᠨ ᠢ᠋ ᠬᠠᠷ᠎ᠠ ᠳᠠ᠂ ᠮᠢᠨᠦ ᠥᠬᠢᠨ ᠰᠢᠭ ᠬᠥᠭᠡᠷᠦᠬᠦᠨ ᠠᠮᠢᠲᠠᠨ ᠪᠠᠢᠨ᠎ᠠ ᠭᠡᠳ ᠮᠠᠷᠭᠠᠳ ᠳᠡᠭᠦᠦ ᠶ᠋ᠢ ᠮᠠᠨᠢ ᠬᠠᠷᠠᠭᠤᠯᠵᠤ ᠪᠠᠢᠨ᠎ᠠ᠃ ᠡᠭᠡᠴᠢ ᠪᠢᠳᠡ ᠬᠣᠶᠠᠷ ᠴᠤ᠌ ᠠᠪᠤ ᠠ᠋ᠴᠠ᠄
| ᠲᠠᠪᠤᠭᠤᠯᠠ ᠪᠠᠨ ᠬᠠᠵᠠᠭᠤ ᠳ᠋ᠤ᠌ ᠨᠢ ᠣᠴᠢᠵᠤ ᠬᠠᠷᠠᠶ᠎ᠠ ᠯᠠ ᠳᠠ᠂ ᠠᠪᠤ ᠠ᠋᠂ ᠲᠡᠭᠡᠬᠦ ᠤᠤ? ᠭᠡᠳ ᠯᠡ ᠭᠤᠶᠤᠵᠤ ᠭᠠᠷᠤᠯ᠎ᠠ᠃ | ᠵᠠ᠂ ᠮᠢᠨᠦ ᠬᠡᠦᠬᠡᠳ ᠦ᠋ᠳ ᠵᠠᠮ ᠬᠥᠨᠳᠡᠯᠡᠨ ᠭᠠᠷᠬᠤ ᠳ᠋ᠤ᠌ ᠪᠠᠨ ᠪᠣᠯᠭᠣᠮᠵᠢᠲᠠᠢ᠂ ᠪᠡᠶ᠎ᠡ ᠪᠡᠶ᠎ᠡ ᠶ᠋ᠢᠨ ᠢ᠋ᠶ᠋ᠡᠨ ᠭᠠᠷ ᠠ᠋ᠴᠠ ᠬᠥᠲᠥᠯᠦᠭᠡᠳ ᠬᠢᠨᠠᠭᠤᠷ ᠪᠠᠢᠬᠤ ᠶᠣᠰᠣᠲᠠᠢ ᠰᠢᠦ! ᠬᠥᠳᠡᠭᠡᠨ ᠦ᠌ ᠵᠠᠮ ᠳ᠋ᠤ᠌ ᠭᠠᠷᠴᠠ᠂ ᠭᠡᠷᠡᠯ ᠦ᠋ᠨ ᠳᠣᠬᠢᠶ᠎ᠠ ᠭᠡᠵᠦ ᠪᠠᠢᠳᠠᠭ ᠦᠭᠡᠢ ᠶᠦᠮ ᠰᠢᠲᠠ ᠭᠡᠳ ᠬᠣᠶᠠᠷ ᠲᠡᠢᠰᠢ ᠪᠡᠨ ᠰᠠᠢᠨ ᠬᠠᠷᠠᠭᠰᠠᠨ ᠢ᠋ᠶ᠋ᠠᠨ ᠡᠭᠡᠴᠢ ᠪᠢᠳᠡ ᠬᠣᠶᠠᠷ ᠢ᠋ ᠬᠥᠲᠥᠯᠦᠭᠡᠳ ᠵᠠᠮ ᠤ᠋ᠨ ᠨᠥᠭᠦᠭᠡ ᠲᠠᠯ᠎ᠠ ᠳ᠋ᠤ᠌ ᠭᠠᠷᠤᠯ᠎ᠠ᠃ ᠭᠡᠲᠡᠯ᠎ᠡ ᠲᠡᠷᠡ ᠪᠢᠴᠢᠬᠠᠨ ᠡᠪᠡᠷ ᠲᠡᠢ ᠨᠢᠷᠤᠭᠤᠨ ᠳᠡᠭᠡᠭᠦᠷ ᠢ᠋ᠶ᠋ᠡᠨ ᠬᠥᠭᠡᠷᠦᠬᠦᠨ ᠵᠢᠵᠢᠭᠬᠡᠨ ᠵᠢᠵᠢᠭᠬᠡᠨ ᠲᠣᠯᠪᠣ ᠲᠠᠢ ᠡᠭᠳᠡᠭᠦᠦ ᠲᠡᠢ ᠠᠮᠢᠲᠠᠨ ᠪᠢᠳᠡᠨ ᠡᠴᠡ ᠶᠡᠷᠦ ᠠᠶᠤᠭ᠎ᠠ ᠦᠭᠡᠢ᠂ ᠪᠦᠷ ᠡᠭᠡᠴᠢ ᠶ᠋ᠢᠨ ᠥᠭᠭᠰᠡᠨ ᠵᠢᠩᠨᠡᠮᠡᠭ ᠢ᠋ ᠭᠠᠷ ᠠ᠋ᠴᠠ ᠨᠢ ᠠᠪᠴᠤ ᠢᠳᠡᠭᠰᠡᠨ ᠭᠡᠳ ᠪᠣᠳᠣ ᠳᠠ! ᠠᠪᠤ ᠲᠡᠷᠡ ᠪᠢᠴᠢᠬᠠᠨ ᠪᠤᠭᠤ ᠶ᠋ᠢ ᠬᠠᠷᠠᠵᠤ ᠪᠠᠢᠭᠰᠠᠨ ᠢ᠋ᠶ᠋ᠠᠨ
| ᠨᠢᠳᠤᠨᠤᠨ ᠵᠤᠨ ᠭᠠᠷᠤᠭᠰᠠᠨ ᠨᠢᠭᠡ ᠨᠠᠰᠤ ᠯᠠ ᠬᠦᠷᠴᠦ ᠶᠠᠪᠤᠭ᠎ᠠ ᠢᠯᠢ ᠪᠠᠢᠨ᠎ᠠ᠃
| ᠢᠯᠢ ᠭᠡᠵᠦ ᠶᠠᠭᠤ ᠶᠤᠮ ᠪᠣᠢ?
| ᠪᠤᠭᠤ ᠶ᠋ᠢᠨ ᠲᠥᠯ ᠢ᠋ ᠢᠯᠢ ᠭᠡᠳᠡᠭ ᠶᠦᠮ ᠠ᠋! ᠮᠢᠨᠦ ᠬᠡᠦᠬᠡᠳ ᠦ᠋ᠳ᠃ ᠰᠣᠨᠣᠰ ᠳᠠ! ᠮᠢᠨᠦ ᠬᠡᠦᠬᠡᠳ ᠦ᠋ᠳ᠂ ᠠᠮᠢᠲᠠᠨ ᠤ᠋ ᠦᠷ᠎ᠡ ᠲᠥᠯ ᠪᠣᠯᠭᠠᠨ ᠥᠪᠡᠷ ᠥᠪᠡᠷ ᠦ᠋ᠨ ᠳᠠᠭᠤᠳᠠᠳᠠᠭ ᠨᠡᠷ᠎ᠡ ᠲᠡᠢ ᠪᠠᠢᠳᠠᠭ᠃ ᠶᠠᠭ ᠯᠠ ᠤᠨᠠᠭ᠎ᠠ᠂ ᠲᠤᠭᠤᠯ᠂ ᠢᠰᠢᠭᠡ᠂ ᠮᠠᠭᠤ ᠴᠠᠢᠯᠳᠠᠰᠢ ᠭᠡᠬᠦ ᠰᠢᠭ ᠭᠡᠵᠦ ᠬᠠᠷᠢᠭᠤᠯᠤᠭᠰᠠᠨ᠃
ᠪᠢ ᠳᠣᠲᠣᠷ᠎ᠠ ᠪᠠᠨ ᠵᠤᠨ ᠤ᠋ ᠠᠮᠠᠷᠠᠯᠲᠠ ᠪᠠᠷ ᠡᠭᠦᠪᠡᠷ ᠳᠠᠭᠠᠷᠢᠵᠤ ᠥᠩᠭᠡᠷᠡᠬᠦ ᠳ᠋ᠦ᠍ ᠪᠡᠨ ᠡᠨᠡ ᠪᠢᠴᠢᠬᠠᠨ ᠢᠯᠢ ᠲᠡᠢ ᠵᠠᠪᠠᠯ ᠲᠠᠭᠠᠷᠠᠨ᠎ᠠ ᠳᠠ! ᠭᠡᠵᠦ ᠪᠣᠳᠣᠭᠰᠠᠨ᠃ ᠢᠩᠭᠢᠭᠡᠳ ᠪᠢᠳᠡ ᠡᠪᠦᠭᠡ ᠡᠮᠡᠭᠡ ᠤᠷᠤᠭᠤ ᠪᠠᠨ ᠶᠠᠭᠠᠷᠠᠵᠤ ᠪᠠᠢᠭᠰᠠᠨ ᠪᠣᠯᠬᠣᠷ ᠳᠠᠬᠢᠭᠠᠳ ᠯᠠ ᠮᠠᠰᠢ ᠪᠣᠯᠭᠣᠮᠵᠢᠲᠠᠢ ᠪᠠᠷ ᠵᠠᠮ ᠬᠥᠨᠳᠡᠯᠡᠨ ᠭᠠᠷᠴᠤ᠂ ᠥᠪᠡᠷᠰᠡᠳ ᠦ᠋ᠨ ᠢ᠋ᠶ᠋ᠡᠨ ᠮᠠᠰᠢᠨ ᠳ᠋ᠤ᠌ ᠰᠠᠭᠤᠬᠤ ᠭᠡᠲᠡᠯ᠎ᠡ ᠠᠪᠤ ᠮᠠᠨᠢ ᠮᠠᠰᠢᠨ ᠤ᠋ ᠪᠠᠨ ᠬᠣᠢᠲᠤ ᠳᠤᠭᠤᠢ ᠶ᠋ᠢᠨ ᠳᠣᠭᠤᠤᠷ ᠲᠣᠩᠭᠣᠢᠭᠰᠠᠨ ᠢ᠋ᠶ᠋ᠠᠨ ᠪᠢᠴᠢᠬᠠᠨ ᠭᠥᠯᠥᠭᠡ ᠭᠠᠷᠤᠭᠠᠳ ᠢᠷᠡᠪᠡ᠃ ᠪᠢ ᠭᠠᠢᠬᠠᠵᠤ
| ᠠᠪᠤ ᠠ᠋᠂ ᠲᠠ ᠲᠡᠨᠳᠡ ᠭᠥᠯᠥᠭᠡ ᠪᠠᠢᠭ᠎ᠠ ᠶ᠋ᠢ ᠶᠠᠭᠠᠬᠢᠵᠤ ᠮᠡᠳᠡᠪᠡ?
| ᠬᠡᠦᠬᠡᠳ ᠦ᠋ᠳ ᠠ᠋᠂ ᠵᠢᠯᠣᠭᠣᠴᠢ ᠬᠥᠮᠦᠨ ᠪᠦᠷᠢ ᠵᠣᠭᠰᠣᠵᠤ ᠪᠠᠢᠭᠠᠳ ᠬᠥᠳᠡᠯᠬᠦ ᠶ᠋ᠢᠨ ᠢ᠋ᠶ᠋ᠡᠨ ᠡᠮᠦᠨ᠎ᠡ ᠵᠠᠪᠠᠯ ᠮᠠᠰᠢᠨ ᠤ᠋ ᠪᠠᠨ ᠡᠷᠭᠢᠨ ᠲᠣᠭᠣᠷᠢᠨ᠂ ᠳᠡᠭᠡᠭᠦᠷ ᠳᠣᠭᠤᠤᠷ ᠰᠢᠯᠭᠠᠬᠤ ᠶᠣᠰᠣᠲᠠᠢ ᠪᠠᠢᠳᠠᠭ ᠶᠤᠮ᠃ ᠬᠡᠷᠪᠡ ᠠᠪᠤ ᠨᠢ ᠰᠢᠯᠭᠠᠯ ᠦᠭᠡᠢ ᠪᠡᠷ ᠮᠠᠰᠢᠨ ᠢ᠋ᠶ᠋ᠠᠨ ᠤᠨᠤᠭᠠᠳ ᠶᠠᠪᠤᠭᠰᠠᠨ ᠪᠣᠯ ᠡᠨᠡ ᠬᠥᠭᠡᠷᠦᠬᠦᠨ ᠠᠮᠢᠲᠠᠨ ᠶᠠᠭᠠᠬᠢᠬᠤ ᠪᠠᠢᠭᠰᠠᠨ ᠪᠣᠯ? ᠭᠡᠵᠦ ᠬᠠᠷᠢᠭᠤᠯᠤᠯ᠎ᠠ᠃
ᠬᠠᠷᠠᠵᠤ ᠪᠠᠢᠭ᠎ᠠ ᠪᠢᠵᠡ! ᠮᠢᠨᠦ ᠠᠪᠤ ᠡᠢᠮᠦ ᠮᠤᠨᠳᠠᠭ! ᠲᠡᠭᠡᠭᠡᠳ ᠪᠢ ᠠᠪᠤ ᠠ᠋ᠴᠠ᠄
| ᠠᠪᠤ ᠠ᠋᠂ ᠡᠨᠡ ᠭᠥᠯᠥᠭᠡ ᠪᠣᠳᠣᠪᠠᠯ ᠡᠵᠡᠨ ᠦᠭᠡᠢ ᠪᠣᠯᠤᠯᠲᠠᠢ᠃ ᠡᠰᠡᠪᠡᠯ ᠡᠵᠢ ᠡᠴᠡ ᠪᠡᠨ ᠲᠥᠭᠡᠷᠢᠴᠢᠬᠡᠭᠰᠡᠨ ᠪᠠᠢᠬ᠎ᠠ᠃ ᠡᠪᠦᠭᠡ ᠶ᠋ᠢᠨ ᠳ᠋ᠦ᠍ ᠠᠪᠠᠴᠢᠭᠠᠳ ᠥᠭᠴᠢᠬᠡᠶ᠎ᠡ ᠯᠡ ᠳᠡ᠂ ᠲᠡᠭᠡᠭᠡᠳ ᠡᠨᠡ ᠬᠥᠭᠡᠷᠦᠬᠦᠨ ᠪᠢᠴᠢᠬᠠᠨ ᠠᠮᠢᠲᠠᠨ ᠢ᠋〈 ᠪᠠᠰᠠᠷ〉 ᠭᠡᠵᠦ ᠨᠠᠷᠠᠯᠠᠶ᠎ᠠ! ᠮᠠᠨ ᠤ᠋ ᠪᠠᠩᠬᠤᠷ ᠲᠠᠢ ᠬᠠᠮᠲᠤ ᠬᠣᠨᠢ ᠪᠠᠨ ᠬᠠᠷᠢᠭᠤᠯᠵᠤ ᠪᠠᠢᠭ! ᠭᠡᠵᠦ ᠭᠣᠶᠣᠲᠠᠯ᠎ᠠ ᠠᠪᠤ ᠴᠤ᠌ ᠵᠥᠪᠰᠢᠶᠡᠷᠡᠭᠰᠡᠨ᠃
ᠢᠩᠭᠢᠭᠡᠳ ᠪᠢᠳᠡ ᠪᠢᠴᠢᠬᠠᠨ ᠪᠠᠰᠠᠷ ᠢ᠋ ᠪᠡᠨ ᠠᠪᠤᠭᠠᠳ ᠡᠪᠦᠭᠡ ᠡᠮᠡᠭᠡ ᠶ᠋ᠢᠨ ᠳ᠋ᠦ᠍ ᠪᠡᠨ ᠣᠴᠢᠬᠤ ᠵᠠᠮ ᠳ᠋ᠤ᠌ ᠪᠠᠨ ᠭᠠᠷᠤᠭᠰᠠᠨ ᠳᠠ! ᠤᠳᠠᠬᠤ ᠦᠭᠡᠢ ᠳᠠᠬᠢᠭᠠᠳ ᠴᠣ ᠰᠢᠨ᠎ᠡ ᠰᠣᠨᠢᠷᠬᠠᠯᠲᠠᠢ ᠠᠳᠠᠯ ᠶᠠᠪᠤᠳᠠᠯ ᠢ᠋ᠶ᠋ᠠᠷ ᠠᠭᠤᠯᠵᠠᠨ᠎ᠠ ᠳᠠ᠃
ᠲᠦᠷ ᠪᠠᠶᠠᠷᠲᠠᠢ!
ᠦᠰᠦᠭ ᠬᠠᠲᠠᠭᠰᠠᠨ ᠨᠢ᠄ ᠮᠥᠩᠭᠦᠨᠴᠡᠴᠡᠭ
ᠦᠰᠦᠭ ᠠᠮᠢᠯᠠᠭᠤᠯᠤᠭᠰᠠᠨ ᠨᠢ᠄ ᠮᠥᠩᠭᠦᠨᠴᠡᠴᠡᠭ
ᠬᠢᠨᠠᠭᠴᠢ ᠪᠠᠭᠰᠢ᠄ ᠮᠥᠴᠢᠷ
