ᠮᠢᠨᠦ ᠮᠤᠨᠳᠠᠭ ᠠᠪᠤ2-р анги Миний мундаг аав ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠮᠤᠨᠳᠠᠭ ᠠᠪᠤ2-р анги Миний мундаг аав

ᠮᠢᠨᠦ ᠮᠤᠨᠳᠠᠭ ᠠᠪᠤ2-р анги Миний мундаг аав

2024-05-21

649

ᠮᠢᠨᠦ ᠮᠤᠨᠳᠠᠭ ᠠᠪᠤ2

    2 ᠳ᠋ᠤᠭᠠᠷ ᠠᠩᠭᠢ
ᠰᠠᠢᠨ ᠪᠠᠢᠨ᠎ᠠ ᠤᠤ?
ᠪᠢ ᠮᠡᠷᠭᠡᠨ ᠦ᠌ ᠡᠭᠡᠴᠢ ᠮᠦᠰᠢᠶᠡᠯ ᠪᠠᠢᠨ᠎ᠠ᠃
ᠡᠨᠡ ᠪᠣᠯ ᠮᠢᠨᠦ ᠬᠥᠭᠡᠷᠦᠬᠦᠨ ᠳᠡᠭᠦᠦ ᠥᠬᠢᠨ ᠮᠠᠷᠭᠠᠳ ᠃ ᠮᠠᠷᠭᠠᠳ ᠣᠳᠣ ᠭᠤᠷᠪᠠᠨ ᠨᠠᠰᠤᠲᠠᠢ᠂ ᠲᠡᠷᠡ ᠮᠠᠰᠢᠨ ᠢ᠋ᠶ᠋ᠠᠷ ᠶᠠᠪᠤᠬᠤ ᠶᠡᠬᠡ ᠳᠤᠷᠠᠲᠠᠢ
ᠮᠠᠰᠢᠨ ᠪᠠᠷᠢᠵᠤ ᠶᠠᠪᠤᠭ᠎ᠠ ᠡᠨᠡ ᠬᠥᠮᠦᠨ ᠪᠣᠯ ᠮᠢᠨᠦ ᠠᠪᠤ ᠃
ᠠᠪᠤ ᠮᠠᠨᠢ ᠮᠠᠰᠢ ᠤᠬᠠᠭᠠᠨᠲᠠᠢ᠃ ᠪᠠᠰᠠ ᠪᠢᠳᠡᠨ ᠳ᠋ᠦ᠍ ᠵᠥᠩᠳᠡᠭᠡᠨ ᠬᠠᠢᠷᠠᠲᠠᠢ᠃
ᠬᠠᠷᠢᠨ ᠬᠠᠵᠠᠭᠤ ᠳ᠋ᠤᠨᠢ ᠰᠠᠭᠤᠵᠤ ᠪᠠᠢᠭ᠎ᠠ ᠬᠥᠮᠦᠨ ᠪᠣᠯ
ᠡᠨᠡ ᠬᠣᠷᠸ᠎ᠠ ᠶ᠋ᠢᠨ ᠬᠠᠮᠤᠭ ᠤ᠋ᠨ ᠬᠥᠭᠡᠷᠦᠬᠦᠨ ᠮᠢᠨᠦ ᠡᠵᠢ᠃
ᠡᠵᠢ ᠮᠠᠨᠢ ᠠᠮᠠᠷᠠᠯᠲᠠ ᠶ᠋ᠢᠨ ᠡᠳᠦᠷ ᠦ᠋ᠳ ᠢ᠋ᠶ᠋ᠡᠷ ᠬᠣᠶᠠᠷ ᠳᠡᠭᠦᠦ ᠪᠢᠳᠡ ᠭᠤᠷᠪᠠᠭᠤᠯᠠ ᠶ᠋ᠢᠨ ᠬᠠᠮᠤᠭ ᠤ᠋ᠨ ᠳᠤᠷᠠᠲᠠᠢ ᠪᠢᠽᠠᠺ ᠢ᠋ ᠲᠠᠩᠳᠠ ᠪᠠᠨ ᠬᠢᠵᠦ ᠥᠭᠳᠡᠭ᠃
ᠠᠪᠤ ᠮᠠᠨᠢ ᠮᠠᠰᠢᠨ ᠢ᠋ᠶ᠋ᠠᠨ ᠠᠰᠠᠭᠠᠭᠠᠳ ᠬᠥᠳᠡᠯᠬᠦ ᠶ᠋ᠢᠨ ᠢ᠋ᠶ᠋ᠡᠨ ᠡᠮᠦᠨ᠎ᠡ᠄
《ᠠᠪᠤ ᠶ᠋ᠢᠨ ᠬᠥᠭᠡᠷᠦᠬᠦᠨ ᠬᠡᠦᠬᠡᠳ ᠦ᠋ᠳ ᠰᠠᠭᠤᠳᠠᠯ ᠤ᠋ᠨ ᠪᠦᠰᠡ ᠶ᠋ᠢ ᠵᠡᠭᠦᠭᠰᠡᠨ ᠤᠤ?》 ᠭᠡᠵᠦ ᠵᠠᠪᠠᠯ ᠠᠰᠠᠭᠤᠳᠠᠭ᠃
ᠳᠡᠭᠦᠦ ᠪᠢᠳᠡ ᠬᠣᠶᠠᠷ ᠴᠤ᠌ ᠠᠪᠤ ᠶ᠋ᠢᠨ ᠢ᠋ᠶ᠋ᠡᠨ ᠦᠭᠡᠨ ᠳ᠋ᠦ᠍ ᠪᠠᠢᠩᠭᠤ ᠣᠷᠣᠨ᠎ᠠ᠃
ᠬᠥᠳᠡᠭᠡ ᠶᠠᠪᠤᠬᠤ ᠦᠨᠡᠬᠡᠷ ᠭᠣᠶᠣ᠂ ᠢᠯᠠᠩᠭᠤᠶ᠎ᠠ ᠵᠤᠨ  ᠤ᠋ ᠭᠤᠷᠪᠠᠨ ᠰᠠᠷ᠎ᠠ ᠳ᠋ᠤ᠌ ᠰᠤᠷᠭᠠᠭᠤᠯᠢ ᠶ᠋ᠢᠨ ᠠᠮᠠᠷᠠᠯᠲᠠ ᠪᠠᠷ ᠢ᠋ᠶ᠋ᠠᠨ ᠡᠪᠦᠭᠡ ᠡᠮᠡᠭᠡ ᠶ᠋ᠢᠨ ᠳ᠋ᠦ᠍ ᠪᠡᠨ ᠣᠴᠢᠬᠤ ᠬᠠᠮᠤᠭ ᠤ᠋ᠨ ᠰᠠᠢᠬᠠᠨ᠃ ᠳᠡᠭᠦᠦ ᠲᠡᠢ ᠪᠡᠨ ᠠᠳᠠᠯᠢᠬᠠᠨ ᠪᠢ ᠴᠦ᠍ ᠭᠡᠰᠡᠨ ᠮᠠᠰᠢᠨ ᠢ᠋ᠶ᠋ᠠᠷ ᠶᠠᠪᠤᠬᠤ ᠶᠡᠬᠡ ᠳᠤᠷᠠᠲᠠᠢ᠃ ᠵᠠᠮ ᠤ᠋ᠨ ᠬᠠᠵᠠᠭᠤ ᠪᠠᠷ ᠮᠣᠳᠣᠳ ᠵᠢᠷᠢᠯᠵᠡᠨ᠂ ᠪᠦᠷ ᠬᠣᠯᠠ ᠥᠨᠳᠥᠷ ᠥᠨᠳᠥᠷ ᠠᠭᠤᠯᠠ ᠨᠤᠭᠤᠳ ᠬᠠᠷᠠᠭᠳᠠᠭᠠᠳ ᠠᠪᠤ ᠶ᠋ᠢᠨ ᠮᠠᠰᠢᠨ ᠤ᠋ ᠬᠥᠭᠵᠢᠮ ᠢ᠋ᠶ᠋ᠡᠷ ᠭᠣᠶᠣ ᠭᠣᠶᠣ ᠳᠠᠭᠤᠤ ᠶᠠᠪᠤᠬᠤ ᠳ᠋ᠤ᠌ ᠨᠢ ᠪᠢᠳᠡ ᠪᠦᠭᠦᠳᠡᠭᠡᠷ ᠢ᠋ᠶ᠋ᠡᠨ ᠳᠠᠭᠠᠵᠤ ᠳᠠᠭᠤᠯᠠᠳᠠᠭ᠃ ᠨᠡᠭᠡᠷᠡᠨ ᠪᠢ ᠯᠢᠹᠲ᠋ ᠰᠢᠭ᠋ ᠠᠯᠳᠠᠷᠲᠠᠢ ᠬᠠᠮᠲᠤᠯᠢᠭ ᠤ᠋ᠨ ᠳᠠᠭᠤᠴᠢᠨ ᠪᠣᠯᠬᠤ ᠶᠤᠮ ᠰᠠᠨ ᠭᠡᠵᠦ ᠮᠥᠷᠥᠭᠡᠳᠳᠡᠭ ᠃
ᠡᠵᠢ ᠮᠠᠨᠢ ᠪᠢᠳᠡᠨ ᠳ᠋ᠦ᠍ ᠪᠦᠷ ᠴᠦ᠍ ᠶᠡᠬᠡ ᠬᠠᠢᠷᠠᠲᠠᠢ ᠪᠣᠯᠴᠢᠬᠠᠭᠰᠠᠨ ᠶᠤᠮ ᠰᠢᠭ᠋ ᠪᠠᠢᠨ ᠪᠠᠢᠨ ᠪᠢᠳᠡ ᠭᠤᠷᠪᠠᠭᠤᠯᠠ ᠤᠷᠤᠭᠤ ᠡᠷᠭᠢᠨ ᠬᠠᠷᠠᠵᠤ᠄《ᠦ᠂ ᠮᠢᠨᠦ ᠵᠤᠯᠵᠠᠭ᠎ᠠ ᠨᠤᠭᠤᠳ ᠶᠠᠳᠠᠷᠠᠭ᠎ᠠ ᠦᠭᠡᠢ ᠪᠢᠵᠡ?
ᠠᠪᠤ᠄《ᠵᠠ᠂ ᠬᠡᠳᠦᠭᠦᠯᠡ ᠪᠡᠨ ᠪᠡᠶ᠎ᠡ ᠶ᠋ᠢᠨ ᠴᠢᠯᠡᠭᠡ ᠪᠡᠨ ᠭᠠᠷᠭᠠᠬᠤ ᠤᠤ ᠳᠠ?》 ᠭᠡᠳ ᠮᠥᠨ ᠯᠡ ᠢᠨᠢᠶᠡᠮᠰᠦᠭᠯᠡᠨ᠎ᠡ ᠃
ᠡᠪᠦᠭᠡ ᠡᠮᠡᠭᠡ ᠶ᠋ᠢᠨ ᠳ᠋ᠦ᠍ ᠪᠡᠨ ᠣᠴᠢᠭᠠᠳ ᠳᠡᠭᠦᠦ ᠪᠢᠳᠡ ᠬᠣᠶᠠᠷ ᠮᠣᠷᠢ ᠤᠨᠤᠬᠤ ᠶᠡᠬᠡ ᠳᠤᠷᠠᠲᠠᠢ ᠃ ᠡᠪᠦᠭᠡ ᠮᠠᠨᠢ ᠬᠠᠮᠤᠭ ᠤ᠋ᠨ ᠨᠣᠮᠣᠬᠠᠨ ᠮᠣᠷᠢ ᠪᠠᠨ ᠨᠠᠳᠠ ᠳ᠋ᠤ᠌ ᠣᠨᠣᠭᠤᠯᠬᠤ ᠭᠡᠳ ᠬᠠᠷᠢᠨ ᠡᠮᠡᠭᠡ᠄ 《ᠨᠠᠭᠠᠳᠤᠬᠢ ᠴᠢᠨᠢ ᠨᠣᠮᠣᠬᠠᠨ ᠪᠢᠯᠡ ᠤᠤ? ᠮᠠᠭᠤ ᠬᠡᠦᠬᠡᠳ ᠦ᠋ᠳ ᠢ᠋ ᠮᠢᠨᠢ ᠠᠪᠤᠭᠠᠳ ᠳᠠᠪᠬᠢᠴᠢᠬᠠᠬᠤ ᠪᠣᠢ ᠳᠠ》 ᠭᠡᠵᠦ ᠰᠠᠨᠠᠭ᠎ᠠ ᠵᠣᠪᠠᠨ᠎ᠠ ᠃
ᠤᠤᠯ ᠪᠢ ᠴᠦ᠍ ᠭᠡᠰᠡᠨ ᠬᠤᠷᠳᠤᠨ ᠤ᠋ ᠮᠣᠷᠢ ᠤᠨᠤᠵᠤ᠂ ᠨᠠᠢᠵᠠ ᠲᠠᠢ ᠪᠠᠨ ᠠᠳᠠᠯᠢᠬᠠᠨ ᠬᠤᠢ ᠰᠠᠯᠬᠢ ᠰᠢᠭ᠋ ᠳᠠᠪᠬᠢᠮᠠᠷ ᠪᠠᠢᠨ᠎ᠠ᠃
ᠪᠠᠶᠠᠷᠲᠠᠢ ᠨᠠᠢᠵᠠ ᠠ᠋!ᠳᠡᠭᠦᠦ ᠮᠠᠨᠢ ᠲᠠᠩᠳᠠ ᠪᠠᠨ ᠥᠯᠥᠰᠦᠭᠡᠳ ᠤᠬᠢᠯᠠᠨ᠎ᠠ᠃
ᠡᠵᠢ᠄ ᠠᠯᠢ᠂ ᠮᠢᠨᠦ ᠬᠦᠦ ᠡᠵᠢ ᠳᠡᠭᠡᠷ᠎ᠡ ᠪᠡᠨ ᠢᠷᠡᠬᠦ ᠶᠦᠮ ᠤᠤ?
ᠠᠪᠤ᠄ ᠮᠢᠨᠦ ᠬᠠᠨᠢ ᠠ᠋! ᠵᠢᠭᠠᠬᠠᠨ ᠬᠡᠦᠬᠡᠳ ᠢ᠋ᠶ᠋ᠡᠨ ᠡᠪᠦᠷ ᠳᠡᠭᠡᠷ᠎ᠡ ᠪᠡᠨ ᠰᠠᠭᠤᠯᠭᠠᠵᠤ ᠠᠪᠴᠤ ᠶᠠᠪᠤᠬᠤ ᠨᠢ ᠬᠣᠷᠢᠭ᠎ᠠ ᠲᠠᠢ ᠰᠢᠦ!
ᠨᠡᠭᠡᠷᠡᠨ᠃ ᠶᠠᠭᠠᠬᠢᠭᠠᠳ ᠬᠣᠷᠢᠭ᠎ᠠ ᠲᠠᠢ ᠪᠠᠢᠳᠠᠭ ᠶᠤᠮ ᠪᠣᠯ?
ᠠᠪᠤ ᠮᠠᠨᠢ ᠨᠢᠭᠡ ᠵᠣᠭᠰᠣᠬᠤ ᠪᠠᠷ ᠡᠨᠡ ᠲᠤᠬᠠᠢ ᠵᠠᠪᠠᠯ ᠠᠰᠠᠭᠤᠨ᠎ᠠ᠃
ᠢᠩᠭᠢᠭᠡᠳ ᠶᠠᠪᠤᠵᠤ ᠪᠠᠢᠲᠠᠯ᠎ᠠ ᠪᠢᠳᠡᠨ ᠦ᠌ ᠠᠷᠤ ᠳ᠋ᠤ᠌ ᠶᠠᠪᠤᠵᠤ ᠪᠠᠢᠭᠰᠠᠨ ᠮᠠᠰᠢᠨ ᠤ᠋ ᠵᠢᠯᠣᠭᠣᠴᠢ ᠠᠬ᠎ᠠ ᠪᠠᠢᠨ ᠪᠠᠢᠨ ᠭᠡᠷᠡᠯ ᠲᠡᠢ ᠳᠠᠪᠬᠢᠭᠠᠳ ᠪᠠᠢᠭᠰᠠᠨ᠃ ᠠᠪᠤ ᠭᠠᠢᠬᠠᠭᠠᠳ ᠮᠠᠰᠢᠨ ᠢ᠋ᠶ᠋ᠠᠨ ᠵᠠᠮ ᠠ᠋ᠴᠠ ᠲᠦᠷ ᠭᠠᠷᠭᠠᠵᠤ ᠵᠣᠭᠰᠣᠭᠠᠭᠠᠳ ᠨᠥᠭᠦᠭᠡ ᠵᠢᠯᠣᠭᠣᠴᠢ ᠠᠬ᠎ᠠ ᠲᠠᠢ ᠠᠭᠤᠯᠵᠠᠴᠢᠬᠠᠭᠠᠳ ᠢᠷᠡᠭᠰᠡᠨ ᠢ᠋ᠶ᠋ᠡᠨ᠄《ᠮᠡᠷᠭᠡᠨ ᠠ᠋᠂ ᠮᠢᠨᠦ ᠬᠦᠦ!ᠴᠢ ᠮᠠᠰᠢᠨ ᠤ᠋ ᠴᠣᠩᠬᠣ ᠪᠠᠷ ᠭᠠᠷ ᠢ᠋ᠶ᠋ᠠᠨ ᠭᠠᠷᠭᠠᠭᠠᠳ ᠪᠠᠢᠨ᠎ᠠ? ᠡᠨᠡ ᠲᠤᠩ ᠣᠰᠣᠯ ᠲᠠᠢ ᠰᠢᠦ!》
ᠪᠢ᠄《ᠶᠠᠭᠠᠬᠢᠭᠠᠳ ᠪᠣᠢ? ᠠᠪᠤ ᠠ᠋!》
ᠠᠪᠤ᠄《ᠵᠠᠮ ᠳᠡᠭᠡᠷ᠎ᠡ ᠲᠤᠩ ᠣᠯᠠᠨ ᠮᠠᠰᠢᠨ ᠵᠣᠷᠴᠢᠳᠠᠭ᠃ ᠵᠠᠷᠢᠮ ᠳ᠋ᠤ᠌ ᠪᠠᠨ ᠣᠴᠢᠬᠤ ᠭᠠᠵᠠᠷ ᠢ᠋ᠶ᠋ᠠᠨ ᠬᠤᠷᠳᠤᠨ ᠬᠦᠷᠬᠦ ᠭᠡᠰᠡᠨ ᠬᠥᠮᠦᠰ ᠳᠣᠬᠢᠶ᠎ᠠ ᠪᠠᠨ ᠥᠭᠴᠦ ᠪᠠᠢᠭᠠᠳ ᠪᠢᠳᠡᠨ ᠦ᠌ ᠬᠠᠵᠠᠭᠤ ᠪᠠᠷ ᠬᠤᠷᠳᠤ ᠲᠠᠢ ᠥᠩᠭᠡᠷᠡᠳᠡᠭ ᠶᠦᠮ ᠰᠢᠦ! ᠬᠡᠷᠪᠡ ᠲᠡᠢᠮᠦ ᠲᠣᠬᠢᠶᠠᠯᠳᠤᠯ ᠳ᠋ᠤ᠌ ᠮᠢᠨᠦ ᠬᠦᠦ ᠳ᠋ᠦ᠍ ᠶᠠᠮᠠᠷ ᠨᠢᠭᠡᠨ ᠪᠠᠢᠳᠠᠯ ᠢ᠋ᠶ᠋ᠠᠷ ᠡᠷᠦᠰᠳᠡᠯ ᠲᠣᠬᠢᠶᠠᠯᠳᠤᠵᠤ ᠮᠠᠭᠠᠳ ᠦᠭᠡᠢ ᠰᠢᠦ!》
ᠪᠢ᠄《ᠡᠭᠡᠴᠢ ᠠ᠋᠂ ᠡᠷᠦᠰᠳᠡᠯ ᠭᠡᠭᠴᠢ ᠶᠠᠭᠤ ᠶᠤᠮ ᠪᠣᠢ?》
ᠡᠭᠡᠴᠢ᠄《ᠡᠨᠡ ᠪᠣᠯ ᠠᠶᠤᠯ ᠲᠠᠬᠤᠯ᠂ ᠡᠰᠡᠪᠡᠯ ᠭᠡᠮᠲᠦᠵᠦ ᠪᠡᠷᠬᠡᠳᠡᠬᠦ ᠶ᠋ᠢ ᠬᠡᠯᠡᠵᠦ ᠪᠠᠢᠭ᠎ᠠ ᠶᠤᠮ᠃》
ᠵᠠ᠂ ᠲᠡᠢᠮᠦ᠃ ᠬᠠᠷᠢᠵᠤ ᠪᠠᠢᠭ᠎ᠠ ᠪᠢᠳᠡ ᠬᠥᠳᠡᠭᠡ ᠶᠠᠪᠤᠬᠤ ᠡᠢᠮᠦ ᠭᠣᠶᠣ᠃ ᠵᠦᠭᠡᠷ ᠮᠠᠰᠢᠨ ᠲᠠᠢ ᠪᠠᠨ ᠳᠠᠪᠬᠢᠭᠠᠳ ᠪᠠᠢᠬᠤ ᠪᠢᠰᠢ᠂ ᠲᠠᠩᠳᠠ ᠪᠠᠨ ᠵᠥᠩᠳᠡᠭᠡᠨ ᠣᠯᠠᠨ ᠰᠢᠨ᠎ᠡ ᠵᠦᠢᠯ ᠢ᠋ ᠮᠡᠳᠡᠵᠦ ᠠᠪᠴᠤ ᠪᠣᠯᠤᠨ᠎ᠠ᠃
ᠣᠳᠣ ᠤᠳᠠᠬᠤ ᠦᠭᠡᠢ ᠪᠢᠳᠡ ᠨᠠᠷ ᠵᠠᠮ ᠤ᠋ᠨ ᠴᠠᠢ ᠶ᠋ᠢᠨ ᠭᠠᠵᠠᠷ ᠵᠣᠭᠰᠣᠵᠤ᠂ ᠲᠡᠨᠳᠡ ᠡᠳᠦᠷ ᠦ᠋ᠨ ᠬᠣᠭᠣᠯᠠ ᠪᠠᠨ ᠢᠳᠡᠵᠡᠭᠡᠨ᠎ᠡ᠃ ᠡᠳᠦᠷ ᠦ᠋ᠨ ᠬᠣᠭᠣᠯᠠᠨ ᠤ᠋ ᠳᠠᠷᠠᠭ᠎ᠠ ᠡᠷᠭᠢᠭᠡᠳ ᠵᠤᠭᠠᠯᠠᠵᠠᠭᠠᠶ᠎ᠠ᠃
ᠲᠦᠷ ᠪᠠᠶᠠᠷᠲᠠᠢ!
※ᠰᠠᠨᠠᠭᠠᠴᠢᠯᠠᠭᠴᠢ
   ᠶᠡᠷᠦᠩᠬᠡᠢ ᠢᠪᠡᠭᠡᠨ ᠲᠡᠳᠬᠦᠭᠴᠢ
   ᠮᠣᠩᠭᠣᠯ ᠤᠯᠤᠰ ᠲᠤ᠌ ᠭᠡᠮᠲᠦ ᠬᠡᠷᠡᠭ ᠡᠴᠡ ᠤᠷᠢᠳᠴᠢᠯᠠᠨ ᠰᠡᠷᠭᠡᠢᠯᠡᠬᠦ ᠠᠵᠢᠯ ᠢ᠋ ᠵᠣᠬᠢᠴᠠᠭᠤᠯᠬᠤ ᠵᠥᠪᠯᠡᠯ
    ᠦᠰᠦᠭ ᠠᠮᠢᠯᠠᠭᠤᠯᠤᠨ ᠬᠠᠳᠠᠭᠴᠢ᠄ ᠵᠡᠷᠮᠦᠳ ᠸ· ᠥᠯᠵᠡᠢ᠂ ᠮᠥᠩᠭᠦᠨᠴᠡᠴᠡᠭ
    ᠬᠢᠨᠠᠭᠴᠢ᠄ ᠾᠦᠩ ᠸᠧᠢ᠂ ᠰᠣᠶᠣᠯ᠂ ᠮᠥᠴᠢᠷ