ᠴᠢᠬᠢᠪᠴᠢ ᠲᠡᠢ ᠠᠬ᠎ᠠ1-р анги Чихэвчтэй ах ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠬᠢᠪᠴᠢ ᠲᠡᠢ ᠠᠬ᠎ᠠ1-р анги Чихэвчтэй ах

ᠴᠢᠬᠢᠪᠴᠢ ᠲᠡᠢ ᠠᠬ᠎ᠠ1-р анги Чихэвчтэй ах

2024-05-20

482

ᠴᠢᠬᠢᠪᠴᠢ ᠲᠠᠢ ᠠᠬ᠎ᠠ 

ᠮᠡᠷᠭᠡᠨ ᠬᠦᠦ ᠶᠢᠨ ᠶᠠᠷᠢᠶ᠎ᠠ 
           ᠨᠢᠭᠡᠳᠦᠭᠡᠷ ᠠᠩᠭᠢ 
ᠰᠠᠢᠨ ᠪᠠᠢᠵᠠᠭᠠᠨ᠎ᠠ ᠦᠦ? ᠨᠠᠢᠵᠠ ᠨᠤᠭᠤᠳ ᠡ! ᠠᠬ᠎ᠠ ᠡᠭᠡᠴᠢ ᠨᠠᠷ ᠠ᠋᠂ ᠪᠠᠰᠠ ᠳᠡᠭᠦᠦ ᠨᠠᠷ ᠡ! ᠨᠠᠮ᠎ᠠ ᠶᠢ ᠮᠡᠷᠭᠡᠨ ᠭᠡᠳᠡᠭ᠂ ᠪᠢ ᠳᠣᠯᠣᠭᠠᠨ ᠨᠠᠰᠦ ᠲᠠᠢ᠃ ᠨᠢᠭᠡᠳᠦᠭᠡᠷ ᠠᠩᠭᠢ ᠶᠢᠨ ᠰᠣᠷᠣᠭ᠍ᠴᠢ᠃ ᠡᠨᠡ ᠪᠣᠯ ᠮᠢᠨᠤ ᠡᠭᠡᠴᠢ ᠮᠦᠰᠢᠶᠡᠯ᠂ ᠦᠷᠭᠦᠯᠵᠢ ᠴᠢᠬᠢᠪᠴᠢ ᠵᠡᠭᠦᠵᠦ ᠬᠥᠭᠵᠢᠮ ᠰᠣᠨᠣᠰᠴᠤ ᠶᠠᠪᠤᠳᠠᠭ ᠪᠣᠯᠬᠣᠷ ᠨᠠᠢᠵᠠ ᠨᠤᠭᠤᠳ ᠨᠢ ᠮᠠᠨ ᠤ ᠡᠭᠡᠴᠢ ᠶᠢ ᠴᠢᠬᠢᠪᠴᠢ ᠮᠦᠰᠢᠶᠡᠯ ᠭᠡᠵᠦ ᠳᠠᠭᠤᠳᠠᠳᠠᠭ᠃ ᠡᠭᠡᠴᠢ ᠮᠠᠨᠢ ᠠᠷᠪᠠᠨ ᠨᠠᠰᠦ ᠲᠠᠢ᠃ ᠮᠢᠨᠤ ᠡᠭᠡᠴᠢ ᠡᠢᠮᠦ ᠬᠥᠭᠡᠷᠦᠬᠦᠨ᠃ ᠡᠭᠡᠴᠢ ᠪᠢᠳᠡ ᠬᠣᠶᠠᠷ ᠤᠨ ᠭᠠᠳᠠᠭᠤᠷ ᠬᠦᠷᠮ᠎ᠡ ᠡᠢᠮᠦ ᠭᠣᠶᠣ ᠭᠣᠶᠣ ᠥᠩᠭᠡ ᠲᠡᠢ᠃ ᠡᠭᠡᠴᠢ ᠪᠢᠳᠡ ᠬᠣᠶᠠᠷ ᠭᠡᠷ ᠡᠴᠡ ᠪᠡᠨ ᠰᠤᠷᠭᠠᠭᠤᠯᠢ ᠤᠷᠤᠭᠤ ᠪᠠᠨ ᠶᠠᠪᠤᠬᠤ ᠵᠠᠮ ᠳᠤ ᠪᠠᠨ ᠬᠣᠶᠠᠷ ᠴᠤ᠌ ᠮᠠᠰᠢᠨ ᠵᠠᠮ ᠬᠥᠨᠳᠡᠯᠡᠨ ᠭᠠᠷᠳᠠᠭ ᠪᠣᠯᠬᠣᠷ ᠡᠵᠢ ᠮᠠᠨᠢ ᠪᠢᠳᠡ ᠬᠣᠶᠠᠷ ᠲᠤ ᠵᠣᠷᠢᠭᠤᠳᠠ ᠡᠢᠮᠦ ᠭᠣᠶᠣ᠂ ᠬᠤᠷᠴᠠ᠂ ᠲᠣᠳᠣ ᠥᠩᠭᠡ ᠶᠢᠨ ᠬᠦᠷᠮ᠎ᠡ ᠠᠪᠴᠤ ᠥᠭ᠌ᠭᠦᠭ᠌ᠰᠡᠨ ᠶᠤᠮ᠃ ᠬᠠᠮᠤᠭ ᠤᠨ ᠴᠢᠬᠤᠯᠠ ᠨᠢ ᠰᠠᠴᠤᠷᠠᠭᠤᠯᠤᠭ᠍ᠴᠢ᠃ ᠶᠠᠭᠠᠬᠢᠭᠠᠳ ᠭᠡᠪᠡᠯ ᠰᠠᠴᠤᠷᠠᠭᠤᠯᠤᠭ᠍ᠴᠢ ᠨᠢ ᠮᠠᠰᠢᠨ ᠤ ᠭᠡᠷᠡᠯ ᠢ ᠣᠢᠯᠭᠠᠳᠠᠭ᠃ ᠲᠡᠢᠮᠦ ᠪᠣᠯᠬᠣᠷ ᠪᠦᠷ ᠬᠣᠯᠠ ᠠᠴᠠ ᠴᠤ᠌ ᠵᠢᠯᠣᠭᠣᠴᠢ ᠳᠤ ᠬᠠᠷᠠᠭ᠍ᠳᠠᠳᠠᠭ ᠤᠴᠢᠷ ᠠᠴᠠ ᠬᠡᠦᠬᠡᠳ ᠶᠠᠪᠤᠵᠤ ᠪᠠᠢᠭᠠᠳ ᠵᠢᠯᠣᠭᠣᠴᠢ  ᠨᠠᠷ ᠲᠤ ᠮᠡᠳᠡᠭ᠌ᠳᠡᠵᠦ ᠥᠭ᠌ᠳᠡᠭ ᠶᠤᠮ ᠰᠢᠦ᠃ ᠲᠡᠢᠮᠦ ᠡᠴᠡ ᠰᠠᠴᠤᠷᠠᠭᠤᠯᠤᠭ᠍ᠴᠢ ᠲᠠᠢ ᠬᠤᠪᠴᠠᠰᠤ ᠪᠣᠯᠣᠨ ᠰᠠᠴᠤᠷᠠᠭᠤᠯᠤᠭ᠍ᠴᠢ ᠪᠠᠨ ᠪᠠᠢᠩᠭᠤ ᠵᠡᠭᠦᠭᠡᠷᠡᠢ ᠨᠠᠢᠵᠠ᠎ᠨᠤᠭᠤᠳ ᠡ! 
ᠮᠠᠷᠭᠠᠰᠢ ᠠᠴᠠ ᠤᠯᠠᠷᠢᠯ ᠤᠨ ᠠᠮᠠᠷᠠᠯᠲᠠ ᠡᠬᠢᠯᠡᠵᠦ᠂ᠮᠠᠨ ᠤ ᠬᠢ ᠭᠡᠷ ᠪᠦᠯᠢ ᠪᠡᠷ ᠢᠶᠡᠨ ᠬᠥᠳᠡᠭᠡ ᠪᠠᠢᠳᠠᠭ ᠡᠪᠦᠭᠡ ᠡᠮᠡᠭᠡ ᠶᠢᠨ ᠬᠢ ᠤᠷᠤᠭᠤ ᠪᠠᠨ ᠠᠶᠠᠯᠠᠨ᠎ᠠ᠃ ᠤᠳᠠᠭᠠᠨ ᠠᠭᠤᠯᠵᠠᠭ᠎ᠠ ᠦᠭᠡᠢ ᠡᠪᠦᠭᠡ ᠡᠮᠡᠭᠡ ᠳᠡᠭᠡᠷ᠎ᠡ ᠪᠡᠨ ᠣᠴᠢᠨ᠎ᠠ ᠭᠡᠳᠡᠭ ᠴᠤ᠌ ᠪᠠᠰᠠ ᠰᠠᠢᠬᠠᠨ ᠯᠡ ᠳ᠋ᠠ!    ᠳ᠋ᠢᠷ᠁    ᠸᠠᠢ ᠁    ᠥᠨᠥᠳᠥᠷ ᠤᠯᠠᠷᠢᠯ ᠤᠨ ᠰᠡᠭᠦᠯᠴᠢ ᠶᠢᠨ ᠬᠢᠴᠢᠶᠡᠯ ᠣᠷᠣᠴᠢᠬᠠᠭᠠᠳ ᠡᠭᠡᠴᠢ ᠪᠢᠳᠡ ᠬᠣᠶᠠᠷ ᠬᠠᠷᠢᠵᠤ ᠶᠠᠪᠤᠨ᠎ᠠ ᠃ ᠵᠠ᠂ ᠬᠠᠷᠠᠵᠤ ᠪᠠᠢᠭ᠎ᠠ ᠪᠢᠵᠡ᠂ ᠡᠭᠡᠴᠢ ᠮᠠᠨᠢ ᠴᠢᠬᠢᠪᠴᠢ ᠪᠡᠨ ᠵᠡᠭᠦᠴᠢᠬᠡᠭ᠌ᠰᠡᠨ ᠯᠡ ᠶᠠᠪᠤᠵᠤ ᠪᠠᠢᠨ᠎ᠠ᠃ ᠢᠩᠭᠢᠭᠡᠳ ᠡᠭᠡᠴᠢ ᠪᠢᠳᠡ ᠬᠣᠶᠠᠷ ᠬᠢᠴᠢᠶᠡᠯ ᠢᠶᠡᠨ ᠲᠠᠷᠠᠭᠠᠳ ᠬᠠᠮᠲᠤ ᠳᠤ ᠪᠠᠨ ᠬᠠᠷᠢᠬᠤ ᠪᠠᠷ ᠮᠠᠰᠢᠨ ᠵᠠᠮ ᠬᠥᠨᠳᠡᠯᠡᠨ ᠭᠠᠷᠬᠤ ᠭᠡᠵᠦ ᠪᠠᠢᠲᠠᠯ᠎ᠠ ᠶᠠᠭ ᠮᠦᠰᠢᠶᠡᠯ ᠡᠭᠡᠴᠢ ᠲᠠᠢ ᠠᠳᠠᠯᠢᠬᠠᠨ ᠴᠢᠬᠢᠪᠴᠢ ᠵᠡᠭᠦᠵᠦ ᠭᠠᠷ ᠤᠲᠠᠰᠤ ᠪᠠᠨ ᠣᠷᠤᠯᠳᠤᠭ᠍ᠰᠠᠨ ᠨᠢᠭᠡ ᠠᠬ᠎ᠠ ᠭᠠᠷᠴᠠ ᠪᠣᠢ ᠭᠠᠵᠠᠷ ᠢᠶᠠᠷ ᠬᠣᠶᠠᠷ ᠲᠡᠢᠰᠢ ᠪᠡᠨ ᠴᠤ᠌ ᠬᠠᠷᠠᠯ ᠦᠭᠡᠢ ᠰᠢᠭᠤᠳ ᠯᠡ ᠠᠯᠬᠤᠴᠢᠬᠠᠭ᠍ᠰᠠᠨ᠂ ᠭᠡᠲᠡᠯ᠎ᠡ ᠴᠠᠭᠠᠨ᠎ᠠ ᠡᠴᠡ ᠨᠢᠭᠡ ᠮᠠᠰᠢᠨ ᠳᠣᠬᠢᠶ᠎ᠠ ᠪᠠᠨ ᠴᠢᠷᠠᠯᠠᠭᠤᠯᠤᠭᠠᠳ ᠯᠡ ᠢᠷᠡᠵᠦ ᠪᠠᠢᠭ᠍ᠰᠠᠨ᠂ ᠡᠭᠡᠴᠢ ᠪᠢᠳᠡ ᠬᠣᠶᠠᠷ ᠴᠤ᠌ ᠠᠶᠤᠮᠠᠷ ᠶᠡᠬᠡ ᠰᠠᠨᠳᠤᠷᠤᠭᠠᠳ ᠯᠡ᠄
| ᠬᠥᠶᠢ᠂ ᠠᠬ᠎ᠠ  ᠡ! ᠮᠠᠰᠢᠨ᠁ ᠭᠡᠵᠦ ᠬᠠᠰᠭᠢᠷᠴᠤ ᠳᠠᠭᠤᠰᠤᠭ᠎ᠠ ᠦᠭᠡᠢ ᠪᠠᠢᠲᠠᠯ᠎ᠠ ᠡᠭᠡᠴᠢ ᠪᠢᠳᠡ ᠬᠣᠶᠠᠷ ᠨᠢᠳᠦ᠎ ᠪᠠᠨ ᠠᠷᠠᠢ ᠭᠡᠵᠦ ᠨᠡᠭᠡᠭᠡᠭᠡᠳ ᠬᠠᠷᠠᠲᠠᠯ᠎ᠠ ᠠᠰᠢᠭᠦᠢ ᠨᠥᠭᠥᠭᠡ ᠠᠭᠤᠷᠲᠠᠢ ᠵᠢᠯᠣᠭᠣᠴᠢ ᠠᠬ᠎ᠠ ᠠᠯᠢ ᠬᠡᠳᠦᠢᠨ ᠵᠣᠭ᠍ᠰᠤᠴᠢᠬᠠᠭ᠍ᠰᠠᠨ ᠪᠠᠢᠭᠰᠠᠨ᠃
| ᠬᠥᠶᠢ᠂ ᠠᠩᠬᠠᠷᠤᠯᠲᠠᠢ ᠶᠠᠪᠤᠭᠠᠴᠢ! ᠭᠠᠷᠴᠠ ᠪᠠᠷ ᠭᠠᠷᠬᠤ ᠳᠤ ᠪᠠᠨ ᠴᠢᠬᠢᠪᠴᠢ ᠪᠡᠨ ᠠᠪᠤᠭᠠᠴᠢ!
ᠡᠭᠦᠨ ᠡᠴᠡ ᠬᠣᠢᠰᠢ ᠡᠭᠡᠴᠢ ᠮᠠᠨᠢ ᠭᠠᠷᠴᠠ ᠪᠠᠷ ᠵᠠᠮ ᠬᠥᠨᠳᠡᠯᠡᠨ ᠭᠠᠷᠬᠤ ᠪᠣᠯᠭᠠᠨ ᠳᠤ ᠪᠠᠨ ᠴᠢᠬᠢᠪᠴᠢ ᠪᠡᠨ ᠪᠠᠢᠩᠭᠤ ᠠᠪᠳᠠᠭ ᠪᠣᠯᠣᠭᠰᠠᠨ ᠃
ᠵᠠᠮ ᠬᠥᠨᠳᠡᠯᠡᠨ ᠭᠠᠷᠬᠤ ᠳᠤ ᠪᠠᠨ ᠠᠩᠬᠠᠷᠬᠤ ᠶᠣᠰᠣᠲᠠᠢ ᠮᠠᠰᠢ ᠴᠢᠬᠤᠯᠠ ᠵᠦᠢᠯ ᠢ ᠬᠡᠯᠡᠵᠦ ᠥᠭ᠌ᠭᠦᠶ᠎ᠡ!
ᠡᠬᠢᠯᠡᠭᠡᠳ ᠪᠠᠷᠠᠭᠤᠨ᠂ ᠲᠠᠷᠠᠭ᠎ᠠ ᠨᠢ ᠵᠡᠭᠦᠨ ᠲᠡᠢᠰᠢ ᠪᠡᠨ ᠬᠠᠷᠠᠵᠤ᠂ ᠬᠠᠮᠤᠭ ᠤᠨ ᠰᠡᠭᠦᠯ ᠳᠦ ᠨᠢ ᠮᠠᠰᠢᠨ ᠣᠢᠷᠠᠲᠤᠨ ᠢᠷᠡᠵᠦ ᠪᠠᠢᠭ᠎ᠠ ᠵᠦᠭ ᠲᠦ ᠬᠠᠷᠠᠵᠤ ᠵᠠᠮ ᠬᠥᠨᠳᠡᠯᠡᠨ ᠭᠠᠷᠤᠭᠠᠷᠠᠢ! ᠬᠡᠷᠪᠡ ᠮᠠᠰᠢᠨ ᠢᠷᠡᠵᠦ ᠪᠠᠢᠪᠠᠯ ᠭᠠᠷ ᠢᠶᠠᠨ ᠳᠡᠭᠡᠭ᠌ᠰᠢ ᠮᠠᠰᠢ ᠥᠨᠳᠥᠷ ᠲᠦ ᠡᠷᠭᠦᠨ ᠥᠪᠡᠷ ᠢ ᠪᠡᠨ ᠮᠡᠳᠡᠭ᠌ᠳᠡᠨ ᠢᠷᠡᠵᠦ ᠪᠣᠢ ᠮᠠᠰᠢᠨ ᠢ ᠵᠣᠭ᠍ᠰᠤᠲᠠᠯ᠎ᠠ ᠨᠢ ᠬᠦᠯᠢᠶᠡᠨ᠎ᠡ ᠰᠢᠦ! ᠬᠡᠦᠬᠡᠳ ᠦᠳ ᠪᠢᠳᠡ ᠡᠬᠢᠨ ᠦ ᠡᠩᠨᠡᠭᠡᠨ ᠦ ᠮᠠᠰᠢᠨ ᠵᠠᠮ ᠲᠠᠯᠪᠢᠵᠤ ᠥᠭ᠌ᠭᠦᠩᠭᠦᠳᠡ ᠯᠡ ᠬᠠᠷ᠎ᠠ ᠡᠷᠴᠢ ᠪᠡᠷ ᠢᠶᠡᠨ ᠭᠦᠶᠦᠴᠢᠬᠡᠳᠡᠭ ᠃ ᠡᠨᠡ ᠪᠣᠯ ᠮᠠᠰᠢ ᠠᠶᠤᠯ ᠲᠠᠢ ᠦᠢᠯᠡᠳᠦᠯ᠂ ᠶᠠᠭᠠᠬᠢᠭᠠᠳ ᠭᠡᠪᠡᠯ ᠳᠠᠷᠠᠭ᠎ᠠ ᠶᠢᠨ ᠡᠩᠨᠡᠭᠡᠨ ᠦ ᠮᠠᠰᠢᠨ ᠪᠢᠳᠠᠨ ᠢ ᠬᠠᠷᠠᠬᠤ ᠦᠭᠡᠢ ᠪᠠᠢᠭ᠎ᠠ ᠰᠢᠦ ᠳ᠋ᠠ᠃ᠡᠢᠮᠦ ᠡᠴᠡ ᠳᠠᠷᠠᠭ᠎ᠠ ᠶᠢᠨ ᠡᠩᠨᠡᠭᠡᠨ ᠳᠦ ᠮᠠᠰᠢᠨ ᠢᠷᠡᠵᠦ ᠪᠠᠢᠨ᠎ᠠ ᠦᠦ ᠦᠭᠡᠢ ᠦᠦ ᠭᠡᠳᠡᠭ ᠢ ᠮᠠᠰᠢ ᠰᠠᠢᠨ ᠬᠠᠷᠠᠭᠠᠳ ᠮᠥᠨ ᠯᠡ ᠭᠠᠷ ᠢᠶᠠᠨ ᠡᠷᠭᠦᠵᠦ ᠵᠣᠭ᠍ᠰᠤᠭ᠍ᠰᠠᠨ ᠤ ᠳᠠᠷᠠᠭ᠎ᠠ ᠪᠠᠷ ᠵᠠᠮ ᠭᠠᠷᠤᠨ᠎ᠠ ᠰᠢᠦ᠂ ᠨᠠᠢᠵᠠ᠎ᠨᠤᠭᠤᠳ ᠡ! ᠠ ᠲᠡᠢᠮᠦ᠂ ᠮᠥᠨ ᠵᠣᠭ᠍ᠰᠤᠵᠤ ᠥᠭ᠌ᠭᠦᠭ᠌ᠰᠡᠨ ᠵᠢᠯᠣᠭᠣᠴᠢ ᠨᠡᠷ ᠲᠦ ᠪᠡᠨ ᠲᠠᠯᠠᠷᠬᠠᠭ᠍ᠰᠠᠨ ᠢᠶᠠᠨ ᠢᠯᠡᠷᠬᠡᠢᠯᠡᠬᠦ ᠪᠡᠨ ᠮᠠᠷᠲᠠᠵᠤ ᠪᠣᠯᠬᠤ ᠦᠭᠡᠢ ᠰᠢᠦ᠂ ᠨᠠᠢᠵᠠ᠎ᠨᠤᠭᠤᠳ ᠡ! ᠭᠠᠷᠴᠠ ᠪᠠᠷ ᠭᠠᠷᠬᠤ ᠳᠤ  ᠪᠠᠨ ᠭᠦᠶᠦᠵᠦ ᠣᠭ᠍ᠲᠤ ᠪᠣᠯᠬᠤ ᠦᠭᠡᠢ᠃ ᠡᠨᠡ ᠪᠣᠯ ᠬᠠᠮᠤᠭ ᠤᠨ ᠠᠶᠤᠯᠲᠠᠢ᠃ ᠵᠢᠯᠣᠭᠣᠴᠢ ᠨᠠᠷ ᠪᠢᠳᠡᠨ ᠢ ᠭᠡᠨᠡᠳᠲᠡ ᠭᠦᠶᠦᠬᠦ ᠪᠡᠷ ᠵᠣᠭ᠍ᠰᠤᠵᠤ ᠠᠮᠵᠢᠬᠤ ᠦᠭᠡᠢ ᠰᠢᠦ ᠳ᠋ᠠ᠂ ᠲᠡᠢᠮᠦ ᠡᠴᠡ ᠬᠡᠦᠬᠡᠳ ᠦᠳ ᠪᠢᠳᠡ ᠪᠡᠷᠲᠡᠵᠦ ᠭᠡᠮᠲᠦᠬᠦ ᠪᠣᠯᠣᠨ᠎ᠠ᠃ ᠥᠭᠡᠷ᠎ᠡ ᠵᠥᠩᠳᠡᠭᠡᠨ ᠠᠶᠤᠯ ᠦᠭᠡᠢ᠃ 
ᠵᠠ ᠵᠠ᠂ ᠥᠨᠥᠳᠥᠷ ᠲᠤ ᠪᠠᠨ ᠢᠩᠭᠢᠭᠡᠳ ᠳᠠᠭᠤᠰᠬᠠᠶ᠎ᠠ! ᠳᠠᠷᠠᠭ᠎ᠠ ᠳᠠᠬᠢᠵᠤ ᠠᠭᠤᠯᠵᠠᠬᠤ ᠪᠠᠷ ᠢᠶᠠᠨ ᠪᠢ ᠲᠠ ᠨᠠᠷ ᠲᠤ ᠡᠪᠦᠭᠡ ᠡᠮᠡᠭᠡ ᠶᠢᠨ ᠬᠢ ᠤᠷᠤᠭᠤ ᠪᠠᠨ ᠶᠠᠭᠠᠬᠢᠵᠤ ᠠᠶᠠᠯᠠᠭ᠍ᠰᠠᠨ ᠲᠤᠬᠠᠢ ᠪᠠᠨ ᠵᠥᠩᠳᠡᠭᠡᠨ ᠶᠠᠷᠢᠵᠤ ᠥᠭ᠌ᠭᠦᠨ᠎ᠡ᠃ ᠲᠦᠷ ᠪᠠᠶᠠᠷᠲᠠᠢ! 


   ᠦᠰᠦᠭ ᠬᠠᠳᠠᠭ᠍ᠰᠠᠨ ᠨᠢ᠄ ᠮᠥᠩᠭᠦᠨᠴᠡᠴᠡᠭ
   ᠦᠰᠦᠭ ᠠᠮᠢᠯᠠᠭᠤᠯᠤᠭ᠍ᠰᠠᠨ ᠨᠢ᠄ ᠮᠥᠩᠭᠦᠨᠴᠡᠴᠡᠭ
   ᠬᠢᠨᠠᠭ᠍ᠴᠢ ᠪᠠᠭ᠍ᠰᠢ᠄ ᠮᠥᠴᠢᠷ