ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠠᠷᠪᠠᠨ ᠭᠤᠷᠪᠠ> Хан мунын сүүрс < дээд > – Мөнх зохиоов ᠂ Тэргүүн бодь – Нэгдүгээр бүлэг <13>
ᠲᠡᠷᠢᠭᠦᠨ ᠪᠣᠲᠢ – ᠨᠢᠭᠡᠳᠦᠭᠡᠷ ᠪᠦᠯᠦᠭ <ᠠᠷᠪᠠᠨ ᠭᠤᠷᠪᠠ >
ᠪᠤᠯᠤ ᠶ᠋ᠢᠨ ᠬᠢᠨᠢ ᠮᠥᠭᠡᠷ ᠢ᠋ ᠤᠯᠠᠯᠠᠨ ᠬᠠᠲᠠᠭᠰᠠᠨ ᠲᠡᠮᠦᠷ ᠲᠠᠬ᠎ᠠ ᠲᠠᠢ ᠰᠡᠦᠬᠡ ᠲᠡᠷᠭᠡ ᠬᠠᠢᠷ ᠴᠢᠯᠠᠭᠤ ᠱᠠᠵᠢᠭᠢᠨᠠᠭᠤᠯᠵᠤ ᠪᠥᠮᠪᠥᠷᠢᠭᠰᠡᠭᠡᠷ ᠨᠢᠭᠡ ᠥᠨᠳᠥᠷ ᠠᠭᠤᠯᠠ ᠶ᠋ᠢᠨ ᠳᠡᠭᠡᠷ᠎ᠡ ᠬᠦᠷᠴᠦ ᠵᠣᠭᠰᠣᠪᠠ᠃
ᠲᠤᠰᠠᠯᠠᠭᠴᠢ ᠮᠢᠩᠭᠠᠨᠪᠤᠤ ᠶ᠋ᠢᠨ ᠬᠠᠷᠠᠭᠠᠨ ᠠ᠋ᠴᠠ ᠭᠠᠷᠤᠯ ᠦᠭᠡᠢ ᠬᠠᠢᠪᠠᠯᠵᠠᠨ ᠪᠥᠮᠪᠥᠷᠢᠭᠰᠡᠨ ᠰᠡᠦᠬᠡ ᠲᠡᠷᠭᠡ ᠵᠣᠭ ᠬᠢᠨ ᠵᠣᠭᠰᠣᠬᠤ ᠳ᠋ᠤ᠌ ᠬᠠᠷᠠᠬᠤᠯ᠎ᠠ ᠥᠨᠳᠥᠷ ᠮᠤᠨᠠ ᠶ᠋ᠢᠨ ᠥᠪᠥᠷ ᠰᠢᠯᠢ ᠳ᠋ᠦ᠍ ᠰᠡᠬᠦᠢᠭᠰᠡᠨ ᠬᠣᠰᠢᠭᠤ ᠣᠪᠣᠭᠠᠨ ᠤ᠋ ᠳᠡᠷᠭᠡᠳᠡ ᠬᠦᠷᠴᠦ ᠢᠷᠡᠭᠰᠡᠨ ᠪᠠᠢᠯ᠎ᠠ᠃ ᠵᠤᠯᠠᠢ ᠠ᠋ᠴᠠ ᠪᠠᠨ ᠰᠠᠭᠰᠠᠭᠠ ᠰᠠᠮᠪᠠᠢ ᠭᠡᠵᠢᠭᠡᠯᠡᠨ ᠰᠠᠷᠪᠠᠢᠭᠰᠠᠨ ᠪᠤᠷᠭᠠᠰᠤᠨ ᠣᠷᠣᠢ ᠲᠠᠢ ᠴᠢᠯᠠᠭᠤᠨ ᠣᠪᠣᠭᠠᠨ ᠤ᠋ ᠡᠮᠦᠨ᠎ᠡ ᠬᠦᠷᠴᠦ ᠵᠠᠮ ᠤ᠋ᠨ ᠬᠥᠮᠦᠰ ᠬᠠᠰᠠᠭ ᠲᠡᠷᠭᠡ ᠪᠡᠨ ᠵᠣᠭᠰᠣᠭᠠᠵᠤ ᠮᠣᠷᠢᠨ ᠠ᠋ᠴᠠ ᠪᠠᠨ ᠪᠠᠭᠤᠵᠤ ᠰᠡᠦᠬᠡ ᠲᠡᠷᠭᠡ ᠶ᠋ᠢ ᠵᠣᠭᠰᠣᠭᠠᠭᠠᠳ ᠪᠠᠭ᠎ᠠ ᠬᠠᠲᠤᠨ ᠢ᠋ ᠳᠣᠳᠣᠮᠳᠠᠵᠤ ᠪᠠᠭᠤᠯᠭᠠᠪᠠ᠃ ᠬᠥᠮᠦᠰ ᠠᠪᠴᠤ ᠶᠠᠪᠤᠭ᠎ᠠ ᠬᠦᠨᠡᠰᠦ ᠲᠠᠷᠢᠶ᠎ᠠ᠂ ᠰᠢᠯ ᠲᠡᠢ ᠠᠷᠢᠬᠢ᠂ ᠰᠢᠮᠡᠳᠦ ᠢᠳᠡᠭᠡᠨ ᠢ᠋ᠶ᠋ᠡᠨ ᠣᠪᠣᠭᠠᠨ ᠳ᠋ᠤ᠌ ᠰᠦᠵᠢᠭᠯᠡᠵᠦ ᠲᠠᠯᠪᠢᠨ᠎ᠠ᠃ ᠵᠠᠷᠢᠮ ᠨᠢ ᠭᠠᠷ ᠬᠣᠭᠣᠰᠣᠨ ᠳ᠋ᠠᠭᠠᠨ ᠲᠡᠷᠲᠡᠭᠡ ᠵᠣ ᠠ᠋ᠴᠠ ᠴᠢᠯᠠᠭᠤ ᠲᠡᠭᠦᠵᠦ ᠣᠪᠣᠭᠠᠨ ᠳ᠋ᠤ᠌ ᠨᠡᠮᠡᠷᠢᠯᠡᠭᠡᠳ ᠨᠠᠷᠠ ᠵᠥᠪ ᠭᠤᠷᠪᠠᠨᠲᠠ ᠲᠣᠭᠣᠷᠢᠵᠤ ᠳᠣᠲᠣᠷ᠎ᠠ ᠪᠠᠨ ᠨᠢᠭᠡ ᠶᠠᠭᠤᠮ᠎ᠠ ᠳᠠᠭᠠᠳᠬᠠᠨ᠎ᠠ᠃
ᠮᠢᠩᠭᠠᠨᠪᠤᠤ ᠣᠪᠣᠭᠠᠨ ᠵᠦᠭ ᠬᠠᠨᠳᠤᠨ《 ᠬᠠᠪᠤᠲᠤ ᠬᠠᠰᠠᠷ ᠳᠡᠭᠡᠳᠦᠰ᠂ ᠬᠠᠨ ᠮᠤᠨᠠ ᠶ᠋ᠢᠨ ᠰᠠᠬᠢᠭᠤᠰᠤ ᠮᠢᠨᠢ ᠢᠪᠡᠭᠡᠵᠦ ᠬᠠᠢᠷᠠᠯᠠ!》 ᠭᠡᠵᠦ ᠰᠢᠪᠡᠨᠡᠪᠡ᠃
ᠪᠠᠭ᠎ᠠ ᠬᠠᠲᠤᠨ ᠴᠤ᠌ ᠬᠣᠰᠢᠭᠤ ᠣᠪᠣᠭᠠᠨ ᠤ᠋ ᠵᠢᠮᠰᠡᠭ ᠲᠦ᠍ ᠴᠠᠭᠠᠨ ᠵᠣᠭᠣᠰ ᠡᠷᠭᠦᠭᠡᠳ ᠪᠡᠶ᠎ᠡ ᠡᠷᠭᠢᠬᠦ ᠭᠡᠲᠡᠯ᠎ᠡ ᠨᠠᠮᠤᠷ ᠤ᠋ᠨ ᠵᠢᠬᠡᠭᠦᠨ ᠵᠢᠪᠠᠷ ᠲᠡᠭᠦᠨ ᠦ᠌ ᠬᠡᠦᠬᠡᠨ ᠪᠡᠶ᠎ᠡ ᠳᠡᠭᠡᠷ᠎ᠡ ᠤᠰᠤ ᠰᠦᠷᠴᠢᠬᠦ ᠰᠢᠭ ᠲᠠᠭᠠᠷᠠᠭᠤᠯᠵᠤ ᠪᠠᠢᠪᠠ᠃
ᠤᠷᠠᠳ ᠤ᠋ᠨ ᠪᠠᠷᠠᠭᠤᠨ ᠬᠦᠩ ᠦ᠋ᠨ ᠬᠤᠰᠢᠭᠤᠨ ᠤ᠋ ᠬᠣᠰᠢᠭᠤ ᠣᠪᠣᠭ᠎ᠠ ᠭᠡᠭᠴᠢ ᠮᠤᠨᠠ ᠬᠠᠢᠷᠬᠠᠨ ᠤ᠋ ᠮᠡᠷᠭᠡᠨ ᠰᠢᠷ᠎ᠠ ᠣᠷᠣᠢ ᠶ᠋ᠢᠨ ᠠᠰ ᠡᠮᠦᠨ᠎ᠡ᠂ ᠵᠡᠭᠦᠨ ᠤᠤᠪᠤᠯᠠᠭ ᠤ᠋ᠨ ᠭᠣᠣᠯ ᠤ᠋ᠨ ᠠᠮᠠᠨ ᠳ᠋ᠤ᠌ ᠪᠠᠢᠷᠢᠯᠠᠵᠠᠢ᠃ ᠬᠣᠰᠢᠭᠤ ᠣᠪᠣᠭ᠎ᠠ ᠪᠣᠯ ᠲᠣᠭᠰᠢᠨ ᠣᠩᠭᠣᠳ ᠲᠠᠢ ᠣᠪᠣᠭ᠎ᠠ ᠪᠣᠯᠬᠣᠷ ᠤᠷᠠᠳ ᠤ᠋ᠳ ᠡᠷᠲᠡᠨ ᠡᠴᠡ ᠠᠪᠤᠭᠠᠳ ᠠᠮᠢᠳᠤ ᠴᠢᠰᠤ ᠪᠠᠷ ᠳᠠᠬᠢᠳᠠᠭ ᠪᠠᠢᠯ᠎ᠠ ᠭᠡᠰᠡᠨ ᠤᠯᠠᠮᠵᠢᠯᠠᠯ ᠶᠠᠷᠢᠶ᠎ᠠ ᠪᠠᠢᠳᠠᠭ᠃ ᠨᠠᠰᠤᠲᠠᠢᠴᠤᠳ ᠤ᠋ᠨ ᠬᠠᠭᠤᠴᠢᠯᠠᠬᠤ ᠪᠠᠷ ᠡᠷᠲᠡ ᠦᠶ᠎ᠡ ᠳ᠋ᠡᠭᠡᠨ ᠬᠣᠰᠢᠭᠤ ᠣᠪᠣᠭ᠎ᠠ ᠶ᠋ᠢ ᠬᠠᠭᠤᠴᠢᠨ ᠤᠯᠠᠷᠢᠯ ᠤ᠋ᠨ ᠳᠣᠯᠣᠭᠠᠨ ᠰᠠᠷ᠎ᠠ ᠶ᠋ᠢᠨ ᠬᠣᠶᠠᠷ ᠤ᠋ᠨ ᠡᠳᠦᠷ ᠴᠡᠭᠡᠵᠢᠨ ᠳ᠋ᠡᠭᠡᠨ ᠦᠰᠦᠲᠡᠢ ᠬᠦᠢᠲᠡᠨ ᠠᠮᠢᠰᠬᠤᠭ᠎ᠠ ᠲᠠᠢ ᠬᠥᠮᠦᠨ ᠢ᠋ ᠴᠢᠰᠤᠯᠠᠵᠤ ᠳᠠᠬᠢᠳᠠᠭ ᠪᠠᠢᠵᠠᠢ ᠭᠡᠨ᠎ᠡ᠃ ᠲᠡᠷᠡ ᠬᠦ᠌ ᠴᠡᠭᠡᠵᠢᠨ ᠳ᠋ᠡᠭᠡᠨ ᠦᠰᠦᠲᠡᠢ ᠬᠥᠮᠦᠨ ᠢ᠋ ᠨᠢᠴᠦᠭᠦᠯᠡᠵᠦ ᠤᠷᠢᠳ ᠠ᠋ᠴᠠ ᠭᠦᠨ ᠮᠠᠯᠲᠠᠭᠰᠠᠨ ᠨᠦᠬᠡᠨ ᠳ᠋ᠦ᠍ ᠵᠣᠭᠰᠣᠭᠠᠵᠤ ᠬᠥᠯ ᠦ᠋ᠨ ᠬᠢᠨᠢ ᠤᠯᠠ ᠠ᠋ᠴᠠ ᠡᠬᠢᠯᠡᠵᠦ ᠪᠠᠭ᠎ᠠ ᠪᠠᠭ᠎ᠠ ᠪᠠᠷ ᠬᠠᠢᠷ ᠴᠢᠯᠠᠭᠤ᠂ ᠬᠤᠮᠠᠭ ᠰᠢᠷᠣᠢ ᠨᠡᠮᠡᠵᠦ ᠪᠤᠯᠠᠰᠢᠯᠠᠭᠰᠠᠭᠠᠷ ᠵᠥᠪᠬᠡᠨ ᠵᠤᠯᠠᠢ ᠶ᠋ᠢ ᠨᠢ ᠦᠵᠡᠭᠳᠡᠭᠦᠯᠵᠦ ᠣᠷᠬᠢᠨ᠎ᠠ᠃ ᠥᠨᠥᠬᠢ ᠪᠤᠯᠠᠭᠳᠠᠭᠰᠠᠨ ᠬᠥᠮᠦᠨ ᠦ᠌ ᠴᠢᠰᠤ ᠨᠢ ᠵᠤᠯᠠᠢ ᠤᠷᠤᠭᠤ ᠪᠠᠨ ᠴᠢᠨᠦᠷᠡᠬᠦ ᠳ᠋ᠦ᠍ ᠨᠢᠭᠡᠨ ᠪᠠᠭᠠᠲᠤᠷ ᠡᠷ᠎ᠡ ᠵᠢᠳᠠ ᠶ᠋ᠢᠨ ᠦᠵᠦᠭᠦᠷ ᠢ᠋ᠶ᠋ᠡᠷ ᠲᠡᠷᠡ ᠪᠤᠯᠠᠭᠳᠠᠭᠰᠠᠨ ᠬᠥᠮᠦᠨ ᠦ᠌ ᠵᠤᠯᠠᠢ ᠤᠷᠤᠭᠤ ᠵᠢᠳᠠᠯᠠᠬᠤ ᠳ᠋ᠤ᠌ ᠲᠠᠷᠢᠬᠢᠨ ᠤ᠋ ᠬᠢᠨᠢ ᠴᠢᠰᠤ ᠬᠣᠯᠠ ᠴᠣᠷᠭᠢᠵᠤ ᠣᠪᠣᠭᠠᠨ ᠤ᠋ ᠵᠢᠮᠰᠡᠭ ᠦ᠋ᠨ ᠣᠷᠣᠢ ᠳᠡᠭᠡᠷᠡᠬᠢ ᠠᠯᠠᠭ ᠰᠦᠯᠳᠡ ᠶ᠋ᠢ ᠰᠦᠷᠴᠢᠨ ᠪᠢᠯᠳᠠᠳᠠᠭ᠃ ᠬᠡᠷᠪᠡ ᠴᠣᠷᠭᠢᠭᠰᠠᠨ ᠴᠢᠰᠤ ᠨᠢ ᠠᠯᠠᠭ ᠰᠦᠯᠳᠡ ᠶ᠋ᠢ ᠪᠢᠯᠳᠠᠵᠤ ᠳᠡᠢᠯᠬᠦ ᠦᠭᠡᠢ ᠪᠣᠯ ᠣᠪᠣᠭᠠᠨ ᠲᠠᠬᠢᠯᠭ᠎ᠠ ᠶ᠋ᠢᠨ ᠰᠦᠵᠢᠭ ᠭᠦᠢᠴᠡᠭᠡ ᠦᠭᠡᠢ ᠭᠡᠵᠦ ᠳᠣᠭᠰᠢᠨ ᠣᠩᠭᠣᠳ ᠤ᠋ᠨ ᠠᠭᠤᠷ ᠬᠦᠷᠴᠦ ᠭᠡᠨᠡᠳᠲᠡ ᠪᠠᠢᠭᠰᠠᠭᠠᠷ ᠲᠡᠭᠷᠢ ᠪᠠᠷᠤᠢᠵᠤ ᠰᠠᠯᠬᠢ ᠵᠢᠪᠠᠷ ᠳᠡᠭᠳᠡᠨ ᠪᠤᠵᠢᠭᠢᠨᠠᠳᠠᠭ ᠭᠡᠨ᠎ᠡ᠃
ᠲᠡᠭᠡᠭᠡᠳ ᠬᠡᠢ ᠮᠣᠷᠢ ᠰᠦᠵᠢᠭ ᠲᠡᠢ ᠠᠶᠠᠨ ᠤ᠋ ᠬᠥᠮᠦᠰ ᠦ᠋ᠨ ᠴᠢᠬᠢᠨ ᠳ᠋ᠦ᠍ ᠬᠠᠮᠢᠭ᠎ᠠ ᠨᠢᠭᠡ ᠪᠠᠢᠭ᠎ᠠ ᠨᠢᠳᠦᠨ ᠳ᠋ᠦ᠍ ᠦᠯᠦ ᠦᠵᠡᠭᠳᠡᠬᠦ ᠲᠣᠮᠣ ᠡᠷ᠎ᠡ᠄
ᠬᠤᠷᠮᠤᠰᠲᠠ ᠲᠡᠭᠷᠢ ᠡᠴᠡ ᠢᠪᠡᠭᠡᠭᠴᠢ
ᠬᠤᠷ᠎ᠠ ᠪᠣᠷᠣᠭᠠᠨ ᠢ᠋ ᠴᠢᠨᠢ ᠬᠣᠰᠠᠷᠠᠭᠤᠯᠶᠤ
ᠬᠣᠲᠠᠯᠠ ᠳᠠᠶᠠᠭᠠᠷ ᠤᠮᠳᠠᠯᠠᠭᠴᠢ
ᠬᠤᠳᠳᠤᠭ ᠪᠤᠯᠠᠭ ᠢ ᠴᠢᠨᠢ ᠰᠢᠷᠭᠡᠭᠡᠶᠤ
ᠬᠣᠷᠮᠣᠢ ᠰᠢᠭᠦᠷᠡᠳᠡᠭ ᠪᠡᠯᠴᠢᠭᠡᠷ ᠢ ᠴᠢᠨᠢ
ᠬᠤᠮᠠᠭ ᠡᠯᠡᠰᠦ ᠪᠣᠯᠭᠠᠶᠤ
ᠬᠣᠨᠢᠨ ᠴᠠᠭᠠᠨ ᠰᠦᠷᠦᠭ ᠢ᠋ ᠴᠢᠨᠢ
ᠬᠤᠪᠠᠬᠠᠢ ᠶᠠᠰᠤᠨ ᠬᠤᠪᠢᠷᠠᠭᠠᠶᠤ
ᠬᠤᠯᠠᠨ ᠭᠦᠶᠦᠳᠡᠯᠲᠦ ᠬᠦᠯᠦᠭ ᠦ᠋ᠨ ᠴᠢᠨᠢ
ᠬᠢᠮᠤᠰᠤ ᠲᠤᠭᠤᠷᠠᠢ ᠶ᠋ᠢ ᠨᠢ ᠬᠠᠲᠠᠭᠠᠶᠤ
ᠬᠣᠣᠷᠲᠠᠨ ᠢᠷᠣ᠎ᠠ ᠶ᠋ᠢ ᠰᠥᠨᠥᠭᠡᠬᠦ
ᠬᠤᠷ ᠰᠠᠭᠠᠳᠠᠭ ᠢ ᠴᠢᠨᠢ ᠮᠣᠬᠣᠭᠣᠶᠤ
ᠬᠣᠰᠢᠭᠤ ᠬᠦᠩ ᠵᠠᠰᠠᠭ ᠲᠤ᠌ ᠴᠢᠨᠢ
ᠬᠣᠮᠣᠬᠠᠢ ᠠᠪᠯᠢᠭᠠᠴᠢ ᠡᠭᠦᠰᠬᠡᠶᠦ
ᠬᠤᠪᠠᠨ ᠵᠢᠩᠰᠡ ᠲᠡᠢ ᠢᠵᠠᠭᠤᠷᠲᠠᠳ ᠢ᠋
ᠬᠤᠪᠢᠯᠵᠠ ᠬᠣᠷᠣᠬᠠᠢ ᠬᠤᠪᠢᠯᠭᠠᠶᠤ ᠁ ᠭᠡᠵᠦ ᠠᠭᠤᠷᠲᠠᠢ ᠠᠢᠯᠠᠳᠬᠠᠬᠤ ᠨᠢ ᠰᠣᠨᠣᠰᠳᠠᠳᠠᠭ ᠭᠡᠨ᠎ᠡ᠃ ᠰᠡᠭᠦᠯ ᠰᠡᠭᠦᠯ ᠳ᠋ᠡᠭᠡᠨ ᠴᠡᠭᠡᠵᠢᠨ ᠳ᠋ᠡᠭᠡᠨ ᠦᠰᠦᠲᠡᠢ ᠬᠥᠮᠦᠨ ᠦ᠌ ᠴᠢᠰᠤ ᠪᠠᠷ ᠲᠠᠬᠢᠬᠤ ᠪᠠᠨ ᠡᠶᠡᠷᠡᠭᠦᠯᠵᠦ ᠬᠠᠷ᠎ᠠ ᠪᠤᠬ᠎ᠠ ᠠᠯᠠᠵᠤ ᠪᠤᠬᠠᠨ ᠤ᠋ ᠴᠢᠰᠤ ᠪᠠᠷ ᠲᠥᠰᠦᠷᠭᠡᠵᠦ ᠳᠠᠬᠢᠳᠠᠭ ᠪᠣᠯᠵᠠᠢ᠃
ᠤᠷᠠᠳ ᠤ᠋ᠳ ᠬᠣᠰᠢᠭᠤ ᠣᠪᠣᠭ᠎ᠠ ᠪᠠᠨ ᠴᠣᠬᠣᠮ ᠶᠠᠭᠠᠬᠢᠬᠤ ᠳ᠋ᠠᠭᠠᠨ ᠴᠡᠭᠡᠵᠢᠨ ᠳ᠋ᠡᠭᠡᠨ ᠦᠰᠦᠲᠡᠢ ᠬᠥᠮᠦᠨ ᠦ᠌ ᠴᠢᠰᠤ ᠪᠤᠶᠤ ᠬᠠᠷ᠎ᠠ ᠪᠤᠬ᠎ᠠ ᠠᠯᠠᠵᠤ ᠳᠠᠬᠢᠳᠠᠭ ᠲᠤᠬᠠᠢ ᠬᠥᠮᠦᠰ ᠶᠠᠩᠵᠤ ᠶᠠᠩᠵᠤ ᠪᠠᠷ ᠬᠡᠯᠡᠯᠴᠡᠨ ᠮᠡᠷᠭᠡᠯᠡᠳᠡᠭ᠃ ᠠᠯᠢᠨ ᠪᠦᠬᠦᠨ ᠢ᠋ ᠲᠤᠭᠤᠯᠤᠭᠰᠠᠨ ᠪᠠᠷᠠᠭᠤᠨ ᠲᠤᠰᠠᠯᠠᠭᠴᠢ ᠮᠢᠩᠭᠠᠨᠪᠤᠤ ᠳᠣᠲᠣᠷ᠎ᠠ ᠪᠠᠨ ᠰᠦᠵᠢᠭ ᠲᠡᠢ ᠪᠡᠷ ᠣᠪᠣᠭ᠎ᠠ ᠶ᠋ᠢ ᠭᠤᠷᠪᠠᠨᠲᠠ ᠡᠷᠭᠢᠵᠦ᠂ ᠡᠪᠦᠷ ᠡᠴᠡ ᠪᠡᠨ ᠴᠡᠩᠬᠡᠷ ᠬᠠᠳᠠᠭ᠂ ᠰᠢᠯ ᠠᠷᠢᠬᠢ ᠭᠠᠷᠭᠠᠵᠤ ᠳᠡᠭᠡᠵᠢᠯᠡᠨ ᠡᠷᠭᠦᠭᠡᠳ 《 ᠬᠠᠪᠤᠲᠤ ᠬᠠᠰᠠᠷ ᠡᠪᠦᠭᠡ ᠳᠡᠭᠡᠳᠦᠰ᠂ ᠬᠠᠨ ᠮᠤᠨᠠ ᠶ᠋ᠢᠨ ᠰᠠᠬᠢᠭᠤᠰᠤ ᠮᠢᠨᠢ ᠢᠪᠡᠭᠡᠵᠦ ᠬᠠᠢᠷᠠᠯᠠᠭᠠᠴᠢ ! 》 ᠭᠡᠵᠦ ᠳᠠᠬᠢᠨᠲᠠ ᠵᠠᠯᠪᠠᠷᠢᠬᠤ ᠳ᠋ᠤ᠌ ᠮᠤᠨᠠ ᠠᠭᠤᠯᠠ ᠶ᠋ᠢᠨ ᠭᠦᠨ ᠬᠥᠪᠴᠢ ᠳ᠋ᠦ᠍ ᠳᠢᠶᠠᠨᠴᠢ ᠰᠠᠭᠤᠭᠰᠠᠨ ᠮᠡᠷᠭᠡᠨ ᠴᠠᠭᠠᠨ ᠯᠠᠮᠠᠬᠠᠢ ᠶ᠋ᠢᠨ ᠬᠡᠯᠡᠭᠰᠡᠨ ᠦᠭᠡ ᠲᠡᠭᠦᠨ ᠦ᠌ ᠴᠢᠬᠢᠨ ᠳ᠋ᠦ᠍ ᠬᠠᠷᠪᠤᠨ ᠣᠷᠣᠨ᠎ᠠ᠄
— ᠬᠡᠦᠬᠡᠳ ᠦ᠋ᠳ ᠮᠢᠨᠢ ᠠ᠋᠂ ᠮᠠᠨ ᠤ᠋ ᠤᠷᠠᠳ ᠤ᠋ᠳ ᠪᠣᠯ ᠬᠠᠳᠠᠨ ᠪᠠᠭᠠᠲᠤᠷ ᠬᠠᠪᠤᠲᠤ ᠬᠠᠰᠠᠷ ᠤ᠋ᠨ ᠬᠣᠢᠴᠢᠰ ᠶᠤᠮ ! ᠡᠷᠲᠡ ᠳᠡᠭᠡᠷ᠎ᠡ ᠦᠶ᠎ᠡ ᠳ᠋ᠦ᠍ ᠤᠨᠤᠨ ᠮᠥᠷᠡᠨ ᠦ᠌ ᠬᠥᠪᠡᠭᠡ ᠪᠤᠷᠬᠠᠨ ᠬᠠᠯᠳᠤᠨ ᠠᠭᠤᠯᠠᠨ ᠠ᠋ᠴᠠ ᠡᠭᠦᠰᠦᠯᠲᠡᠢ ᠤᠷᠠᠳ ᠤ᠋ᠨ ᠡᠦᠲᠦᠮ ᠤᠭᠰᠠᠭ᠎ᠠ ᠬᠥᠯᠥᠨ ᠪᠤᠢᠷ ᠨᠠᠭᠤᠷ ᠤ᠋ᠨ ᠬᠥᠪᠳᠥ ᠨᠠᠢ᠍ᠮᠠᠨ ᠴᠠᠭᠠᠨ ᠢ᠋ᠶ᠋ᠠᠷ ᠨᠤᠲᠤᠭᠰᠢᠨ ᠪᠠᠢᠭᠠᠳ ᠴᠡᠷᠢᠭ ᠲᠡᠢᠨ ᠦ᠌ ᠳᠠᠢᠴᠢᠯᠠᠯᠭᠠ ᠪᠠᠷ ᠮᠤᠨᠠ ᠠᠭᠤᠯᠠ ᠶ᠋ᠢᠨ ᠠᠷᠤ ᠥᠪᠥᠷ᠂ ᠬᠠᠲᠤᠨ ᠭᠣᠣᠯ ᠤ᠋ᠨ ᠬᠥᠪᠡᠭᠡᠨ᠎ᠡ ᠨᠡᠭᠦᠳᠡᠯᠯᠡᠵᠦ ᠢᠷᠡᠭᠡᠳ ᠬᠥᠨᠳᠡᠯᠢ ᠶ᠋ᠢᠨ ᠭᠣᠣᠯ᠂ ᠬᠠᠳᠤᠮᠠᠯ ᠤ᠋ᠨ ᠠᠮᠠ᠂ ᠮᠣᠯᠴᠣᠭ ᠬᠣᠰᠢᠭᠤ ᠡᠨᠡ ᠭᠤᠷᠪᠠᠨ ᠪᠣᠭᠣᠮᠲᠠ ᠶ᠋ᠢ ᠰᠠᠬᠢᠳᠠᠭ ᠰᠠᠬᠢᠭᠤᠯ ᠴᠡᠷᠢᠭ ᠦ᠋ᠨ ᠠᠯᠪᠠ ᠬᠠᠭᠠᠵᠤ ᠶᠠᠪᠤᠭᠰᠠᠨ ᠲᠡᠦᠬᠡ ᠲᠡᠢ᠃ ᠢᠩᠭᠢᠵᠦ ᠪᠤᠭᠤᠲᠤ ᠶ᠋ᠢᠨ ᠪᠠᠷᠠᠭᠤᠨ ᠰᠢᠯᠢ ᠶ᠋ᠢᠨ ᠣᠪᠣᠭ᠎ᠠ ᠪᠠᠷ ᠤᠷᠠᠳ ᠲᠦᠮᠡᠳ ᠦ᠋ᠨ ᠨᠤᠲᠤᠭ ᠵᠠᠭᠠᠭᠯᠠᠭᠰᠠᠨ ᠪᠡᠯᠭᠡ ᠲᠡᠮᠳᠡᠭ ᠪᠣᠯᠭᠠᠵᠤ᠂ ᠬᠣᠰᠢᠭᠤ ᠣᠪᠣᠭ᠎ᠠ ᠪᠠᠨ ᠠᠭᠤᠯᠠ ᠰᠠᠬᠢᠭᠤᠰᠤᠨ ᠤ᠋ ᠣᠩᠭᠣᠳ ᠤ᠋ᠨ ᠲᠣᠭᠰᠢᠨ ᠲᠠᠬᠢᠯᠭ᠎ᠠ ᠲᠠᠢ᠂ ᠬᠠᠷ᠎ᠠ ᠴᠢᠰᠤ ᠪᠠᠷ ᠬᠠᠰᠠᠷ ᠤ᠋ᠨ ᠠᠯᠠᠭ ᠰᠦᠯᠳᠡ ᠶ᠋ᠢ ᠪᠢᠯᠳᠠᠵᠤ ᠳᠠᠬᠢᠳᠠᠭ ᠪᠣᠯᠤᠭᠰᠠᠨ ᠪᠢᠯᠡ ᠁ ᠭᠡᠵᠦ ᠮᠡᠷᠭᠡᠨ ᠴᠠᠭᠠᠨ ᠯᠠᠮᠠᠬᠠᠢ ᠲᠡᠭᠦᠨ ᠳ᠋ᠦ᠍ ᠬᠡᠯᠡᠭᠰᠡᠨ ᠳᠣᠮᠣᠭ ᠰᠠᠨᠠᠭᠳᠠᠨ᠎ᠠ᠃
ᠮᠢᠩᠭᠠᠨᠪᠤᠤ ᠪᠠᠭ᠎ᠠ ᠪᠠᠢᠬᠤ ᠳ᠋ᠠᠭᠠᠨ ᠠᠪᠤ ᠪᠠᠨ ᠳᠠᠭᠠᠵᠤ ᠶᠠᠪᠤᠨ ᠤᠷᠠᠳ ᠤᠨ ᠬᠤᠰᠢᠭᠤᠳ ᠲᠠᠭᠠᠨ ᠠᠯᠳᠠᠷ ᠴᠤᠤᠲᠠᠢ ᠮᠥᠩᠭᠥᠨ ᠦ᠌ ᠳᠠᠷᠬᠠᠨ ᠢ᠋ᠶ᠋ᠠᠷ ᠮᠥᠩᠭᠥᠨ ᠡᠮᠡᠭᠡᠯ ᠬᠠᠵᠠᠭᠠᠷ᠂ ᠲᠣᠨᠣᠭ ᠵᠢᠮᠰᠡᠭ ᠤᠷᠠᠯᠠᠵᠤ ᠳᠠᠷᠬᠠᠯᠠᠭᠤᠯᠬᠤ ᠪᠠᠷ ᠥᠨᠳᠥᠷ ᠥᠨᠳᠥᠷ ᠡᠯᠢᠭᠡᠨ ᠬᠦᠷᠡᠩ ᠬᠠᠳᠠ ᠲᠠᠢ᠂ ᠪᠢᠲᠡᠭᠦᠦ ᠵᠤᠵᠠᠭᠠᠨ ᠰᠢᠭᠤᠢ ᠲᠠᠢ ᠨᠢᠭᠡ ᠠᠭᠤᠯᠠᠨ ᠳ᠋ᠤ᠌ ᠭᠠᠷᠴᠤ ᠣᠴᠢᠭᠰᠠᠨ ᠶᠤᠮ᠃ ᠬᠠᠳᠠᠨ ᠤ᠋ ᠬᠣᠩᠭᠢᠯ ᠳ᠋ᠤ᠌ ᠨᠢᠭᠡᠨ ᠬᠥᠮᠥᠰᠬᠡ ᠰᠠᠬᠠᠯ ᠨᠢ ᠴᠠᠪ ᠴᠠᠭᠠᠨ ᠮᠥᠩᠭᠥᠨ ᠦ᠌ ᠳᠠᠷᠬᠠᠨ ᠲᠡᠭᠦᠨ ᠳ᠋ᠦ᠍ ᠴᠢᠩᠭᠢᠰ ᠬᠠᠭᠠᠨ ᠲᠠᠩᠭᠤᠳ ᠢ ᠳᠠᠢᠯᠠᠷ᠎ᠠ ᠮᠤᠨᠠ ᠶ᠋ᠢᠨ ᠬᠥᠭᠡᠪᠦᠷ ᠢ᠋ ᠲᠤᠭᠤᠯᠤᠭᠰᠠᠨ ᠦᠨᠡᠨ ᠦᠯᠢᠭᠡᠷ ᠢ᠋ ᠶᠠᠷᠢᠵᠤ ᠦᠭᠭᠦᠭᠰᠡᠨ ᠶᠦ᠍ᠮ ᠄
ᠡᠷᠲᠡ ᠦᠶ᠎ᠡ ᠳ᠋ᠦ᠍ ᠴᠢᠩᠭᠢᠰ ᠬᠠᠭᠠᠨ ᠲᠠᠩᠭᠤᠳ ᠢ᠋ ᠳᠠᠢᠯᠠᠬᠤ ᠭᠡᠵᠦ ᠨᠣᠬᠠᠢ ᠵᠢᠯ ᠦ᠋ᠨ ᠵᠤᠨ ᠶᠢᠰᠦᠢ ᠬᠠᠲᠤᠨ ᠢ᠋ᠶ᠋ᠠᠨ ᠠᠪᠴᠤ ᠪᠤᠷᠬᠠᠨ ᠬᠠᠯᠳᠤᠨ ᠠᠭᠤᠯᠠᠨ ᠠ᠋ᠴᠠ ᠮᠣᠷᠳᠠᠵᠠᠢ᠃ ᠴᠢᠩᠭᠢᠰ ᠦ᠋ᠨ ᠶᠡᠬᠡ ᠴᠡᠷᠢᠭ ᠮᠤᠨᠠ ᠠᠭᠤᠯᠠ ᠶ᠋ᠢᠨ ᠠᠷᠤ ᠬᠥᠪᠴᠢᠨ ᠳ᠋ᠦ᠍ ᠲᠤᠯᠵᠤ ᠢᠷᠡᠬᠦ ᠳ᠋ᠦ᠍ ᠪᠢᠲᠡᠭᠦᠦ ᠰᠢᠷᠢᠩᠭᠢ᠂ ᠣᠢ ᠰᠢᠭᠤᠢ ᠲᠠᠢ ᠠᠭᠤᠯᠠ ᠬᠠᠢᠷᠬᠠᠨ ᠴᠡᠷᠢᠭ ᠤᠷᠤᠭᠰᠢᠯᠠᠬᠤ ᠵᠠᠮ ᠢ᠋ ᠨᠢ ᠬᠠᠭᠠᠪᠠ᠃ ᠴᠢᠩᠭᠢᠰ ᠬᠠᠭᠠᠨ ᠠᠷᠭ᠎ᠠ ᠪᠤᠰᠤ ᠠᠷᠪᠠᠨ ᠲᠦᠮᠡᠨ ᠴᠡᠷᠢᠭ ᠢ᠋ᠶ᠋ᠡᠨ ᠳᠠᠢᠴᠢᠯᠠᠵᠤ ᠠᠭᠤᠯᠠ ᠶ᠋ᠢᠨ ᠪᠢᠲᠡᠭᠦᠦ ᠰᠢᠷᠢᠩᠭᠢ ᠶ᠋ᠢ ᠬᠠᠳᠤᠵᠤ ᠴᠡᠷᠢᠭ ᠤᠷᠤᠭᠰᠢᠯᠠᠬᠤ ᠵᠠᠮ ᠨᠡᠭᠡᠭᠡᠵᠦ ᠮᠤᠨᠠ ᠠᠭᠤᠯᠠ ᠶ᠋ᠢ ᠲᠤᠭᠤᠯᠵᠤ ᠭᠠᠷᠤᠭᠰᠠᠨ ᠶᠤᠮ᠃ ᠢᠢᠨ ᠬᠦ᠌ ᠰᠢᠷᠢᠩᠭᠢ ᠬᠠᠳᠤᠵᠤ ᠵᠠᠮ ᠨᠡᠭᠡᠭᠡᠭᠰᠡᠨ ᠡᠴᠡ ᠬᠣᠵᠢᠮ ᠤ᠋ᠨ ᠬᠥᠮᠦᠰ ᠴᠢᠩᠭᠢᠰ ᠦ᠋ᠨ ᠶᠡᠬᠡ ᠴᠡᠷᠢᠭ ᠪᠢᠲᠡᠭᠦᠦ ᠰᠢᠷᠢᠩᠭᠢ ᠬᠠᠳᠤᠵᠤ ᠶᠠᠪᠤᠭᠰᠠᠨ ᠵᠠᠮ ᠢ᠋ᠶ᠋ᠠᠷ ᠪᠠᠢᠩᠭᠤ ᠨᠠᠭᠠᠰᠢ ᠴᠠᠭᠠᠰᠢ ᠶᠠᠪᠤᠳᠠᠭ ᠪᠣᠯᠤᠭᠰᠠᠨ ᠢ᠋ᠶ᠋ᠠᠷ ᠪᠠᠷᠠᠬᠤ ᠦᠭᠡᠢ᠂ ᠡᠨᠡ ᠪᠢᠲᠡᠭᠦᠦ ᠰᠢᠷᠢᠩᠭᠢ ᠲᠡᠢ ᠭᠣᠣᠯ ᠤ᠋ᠨ ᠨᠡᠷ᠎ᠡ ᠶ᠋ᠢ 《 ᠬᠠᠳᠤᠮᠠᠯ ᠤ᠋ᠨ ᠭᠣᠣᠯ 》 ᠭᠡᠵᠦ ᠨᠡᠷᠡᠢᠳᠪᠡ᠃ ᠮᠥᠨ ᠲᠡᠷᠡ ᠤᠳᠠᠭ᠎ᠠ ᠮᠤᠨᠠ ᠠᠭᠤᠯᠠ ᠶ᠋ᠢᠨ ᠠᠷᠤ ᠬᠥᠪᠴᠢᠨ ᠳ᠋ᠦ᠍ ᠢᠷᠡᠭᠡᠳ ᠣᠯᠠᠨ ᠴᠡᠷᠢᠭ ᠰᠢᠷᠢᠩᠭᠢ ᠬᠠᠳᠤᠵᠤ ᠪᠤᠵᠢᠭᠢᠨᠠᠯᠳᠤᠬᠤ ᠳᠤᠮᠳᠠ ᠴᠢᠩᠭᠢᠰ ᠬᠠᠭᠠᠨ ᠰᠠᠭᠠᠳᠠᠭ ᠢ᠋ᠶ᠋ᠠᠨ ᠭᠡᠭᠡᠭᠰᠡᠨ ᠭᠡᠨ᠎ᠡ᠃ ᠬᠥᠮᠦᠰ ᠴᠢᠩᠭᠢᠰ ᠦ᠋ᠨ ᠰᠠᠭᠠᠳᠠᠭ ᠭᠡᠭᠡᠭᠰᠡᠨ ᠭᠠᠵᠠᠷ ᠢ᠋ 《 ᠰᠠᠭᠠᠳᠠᠭ 》 ᠭᠡᠵᠦ ᠨᠡᠷᠡᠯᠡᠭᠰᠡᠨ ᠭᠡᠨ᠎ᠡ᠃ ᠴᠢᠩᠭᠢᠰ ᠬᠠᠭᠠᠨ ᠶᠡᠬᠡ ᠴᠡᠷᠢᠭ ᠢ᠋ᠶ᠋ᠡᠨ ᠳᠠᠢᠴᠢᠯᠠᠵᠤ ᠬᠠᠳᠤᠮᠠᠯ ᠤ᠋ᠨ ᠭᠣᠣᠯ ᠠ᠋ᠴᠠ ᠪᠠᠷᠠᠭᠤᠨᠰᠢᠯᠠᠵᠤ ᠥᠨᠳᠥᠷ ᠰᠦᠷᠯᠢᠭ ᠮᠤᠨᠠ ᠬᠠᠢᠷᠠᠬᠠᠨ ᠤ᠋ ᠶᠠᠭ ᠥᠪᠥᠷ ᠳᠣᠣᠷ᠎ᠠ ᠬᠦᠷᠴᠦ ᠢᠷᠡᠭᠡᠳ ᠱᠣᠪᠬᠣ ᠰᠠᠷᠢᠳᠠᠭᠲᠤ ᠰᠢᠷ᠎ᠠ ᠣᠷᠣᠢ᠂ ᠭᠤᠷᠪᠠᠨ ᠰᠠᠢᠬᠠᠨ ᠬᠠᠳᠠ᠂ ᠮᠣᠯᠴᠣᠭ ᠲᠣᠯᠣᠭᠠᠢᠲᠤ ᠶ᠋ᠢ ᠦᠵᠡᠭᠡᠳ ᠮᠠᠰᠢ ᠰᠣᠨᠢᠷᠬᠠᠨ ᠪᠠᠬᠠᠳᠤᠵᠤ 《 ᠡᠪᠳᠡᠷᠡᠭᠰᠡᠨ ᠲᠥᠷᠥ ᠳ᠋ᠦ᠍ᠷ ᠬᠣᠷᠭᠣᠳᠠᠯᠲᠠᠢ᠂ ᠡᠩᠬᠡ ᠲᠥᠷᠥ ᠳ᠋ᠦ᠍ᠷ ᠨᠤᠲᠤᠭᠯᠠᠯᠲᠠᠢ 》 ᠭᠣᠢᠳᠠ ᠭᠠᠵᠠᠷ ᠶᠤᠮᠰᠠᠨ ᠭᠡᠵᠦ ᠠᠢᠯᠠᠳᠤᠭᠰᠠᠨ ᠶᠤᠮ ᠭᠡᠨ᠎ᠡ᠃ ᠢᠩᠭᠢᠭᠡᠳ ᠴᠢᠩᠭᠢᠰ ᠬᠠᠭᠠᠨ ᠠᠳᠠ ᠲᠦᠷ ᠴᠡᠷᠢᠭ ᠪᠠᠭᠤᠳᠠᠯᠯᠠᠵᠤ᠂ ᠠᠶᠠᠨ ᠤ᠋ ᠬᠥᠯ ᠢ᠋ᠶ᠋ᠡᠨ ᠠᠮᠠᠷᠠᠭᠠᠨ ᠠᠪᠠ ᠬᠣᠮᠣᠷᠭ᠎ᠠ ᠬᠢᠵᠦ ᠶᠠᠪᠤᠵᠡᠢ ᠭᠡᠨ᠎ᠡ᠃ ᠮᠤᠨᠠ ᠠᠭᠤᠯᠠᠨ᠎ᠠ ᠠᠪᠠᠯᠠᠵᠤ ᠶᠠᠪᠤᠬᠤ ᠵᠠᠭᠤᠷ᠎ᠠ ᠡᠮᠦᠨ᠎ᠡ ᠮᠣᠳᠣᠨ ᠳ᠋ᠤᠷ ᠮᠠᠭᠤ ᠢᠷᠣ᠎ᠠ ᠲᠠᠢ ᠣᠭᠣᠯᠢ ᠲᠣᠬᠢᠶᠠᠯᠳᠤᠪᠠ᠃ ᠳᠡᠭᠦᠦ ᠬᠠᠪᠤᠲᠤ ᠬᠠᠰᠠᠷ ᠢ᠋ᠶ᠋ᠠᠨ 《 ᠲᠡᠷᠡ ᠬᠦ ᠮᠠᠭᠤ ᠢᠷᠣ᠎ᠠ ᠶ᠋ᠢᠨ ᠣᠭᠣᠯᠢ ᠶ᠋ᠢ ᠬᠠᠷᠪᠤ ! 》 ᠭᠡᠵᠦ ᠬᠠᠷᠪᠤᠭᠤᠯᠤᠭᠰᠠᠨ ᠶᠤᠮ ᠭᠡᠨ᠎ᠡ᠃ ᠲᠡᠭᠡᠬᠦ ᠳ᠋ᠦ᠍ᠨᠢ ᠬᠠᠷᠪᠤᠭᠰᠠᠨ ᠰᠤᠮᠤᠨ ᠳ᠋ᠤ᠌ ᠮᠠᠭᠤ ᠢᠷᠣ᠎ᠠ ᠲᠠᠢ ᠣᠭᠣᠯᠢ ᠣᠨᠣᠭᠳᠠᠭᠰᠠᠨ ᠦᠭᠡᠢ ᠥᠷᠪᠥᠯᠵᠡᠨ ᠨᠢᠰᠴᠦ ᠣᠲᠣᠭᠠᠳ᠂ ᠣᠷᠣᠨ ᠳ᠋ᠤᠨᠢ ᠬᠠᠷᠢᠨ ᠰᠠᠢᠨ ᠪᠡᠯᠭᠡᠲᠦ ᠱᠠᠭᠠᠵᠠᠭᠠᠢ ᠨᠢᠰᠦᠨ ᠢᠷᠡᠵᠦ ᠣᠨᠣᠭᠳᠠᠭᠠᠳ ᠦᠬᠦᠪᠡ᠃ ᠡᠭᠦᠨ ᠡᠴᠡ ᠡᠮᠦᠨ᠎ᠡ ᠴᠢᠩᠭᠢᠰ ᠬᠠᠭᠠᠨ ᠬᠥᠲᠥᠴᠢ ᠮᠡᠴᠢᠨ ᠢ᠋ ᠢᠯᠡᠬᠡᠨ ᠬᠠᠰᠠᠷ ᠠ᠋ᠴᠠ ᠳᠡᠰ ᠰᠢᠪᠠᠭᠤᠨ ᠤ᠋ ᠥᠳᠥ ᠠᠪᠤᠨ᠎ᠠ ᠭᠡᠰᠡᠨ ᠳ᠋ᠦ᠍ ᠬᠠᠰᠠᠷ ᠰᠠᠨᠠᠭᠰᠠᠨ ᠶᠣᠰᠣᠭᠠᠷ ᠠᠯᠠᠵᠤ ᠥᠭᠪᠡ᠃ ᠭᠡᠲᠡᠯ᠎ᠡ ᠬᠥᠲᠥᠴᠢ ᠳᠡᠰ ᠦ᠋ᠨ ᠥᠳᠥ ᠶ᠋ᠢ ᠠᠪᠠᠴᠢᠵᠤ ᠥᠭᠭᠦᠭᠰᠡᠨ ᠦᠭᠡᠢ ᠳᠠᠷᠤᠵᠤ ᠣᠷᠬᠢᠪᠠ᠃ ᠳᠠᠷᠠᠭ᠎ᠠ ᠨᠢ ᠪᠠᠰᠠ ᠮᠡᠴᠢᠨ ᠢ᠋ᠶ᠋ᠡᠷ ᠬᠠᠷ᠎ᠠ ᠬᠠᠯᠵᠠᠨ ᠭᠠᠯᠠᠭᠤᠨ ᠤ᠋ ᠶᠠᠩᠵᠤ ᠠᠪᠤᠨ᠎ᠠ ᠭᠡᠵᠦ ᠬᠡᠯᠡᠭᠦᠯᠵᠡᠢ᠃ ᠬᠠᠪᠤᠲᠤ ᠬᠠᠰᠠᠷ ᠬᠡᠯᠡᠭᠰᠡᠨ ᠶᠣᠰᠣᠭᠠᠷ ᠬᠠᠷ᠎ᠠ ᠬᠠᠯᠵᠠᠨ ᠭᠠᠯᠠᠭᠤᠨ ᠤ᠋ ᠬᠣᠰᠢᠭᠤ ᠶ᠋ᠢ ᠲᠠᠰᠤ ᠬᠠᠷᠪᠤᠨ ᠤᠨᠠᠭᠠᠵᠤ ᠠᠪᠠᠴᠢᠨ ᠥᠭᠭᠦᠭᠰᠡᠨ ᠳ᠋ᠦ᠍ ᠮᠡᠴᠢᠨ《 ᠬᠠᠷ᠎ᠠ ᠬᠠᠯᠵᠠᠨ ᠭᠠᠯᠠᠭᠤᠨ ᠤ᠋ ᠥᠲᠥᠨ ᠳ᠋ᠦ᠍ ᠴᠢᠰᠤ ᠨᠠᠭᠠᠯᠳᠤᠪᠠ》 ᠭᠡᠳ ᠴᠢᠩᠭᠢᠰ ᠬᠠᠭᠠᠨ ᠳ᠋ᠤ᠌ ᠬᠦᠷᠭᠡᠭᠰᠡᠨ ᠦᠭᠡᠢ᠃ ᠡᠨᠡ ᠦᠶ᠎ᠡ ᠳ᠋ᠦ᠍ ᠴᠢᠩᠭᠢᠰ ᠬᠠᠭᠠᠨ ᠬᠠᠪᠤᠲᠤ ᠬᠠᠰᠠᠷ ᠲᠤ ᠮᠠᠰᠢ ᠳᠤᠷ᠎ᠠ ᠦᠭᠡᠢᠴᠡᠵᠦ ᠪᠠᠢᠭᠰᠠᠨ ᠢ᠋ ᠳᠠᠯᠢᠮᠳᠠᠭᠤᠯᠵᠤ ᠬᠥᠲᠥᠴᠢ ᠮᠡᠴᠢᠨ ᠬᠠᠪᠤᠲᠤ ᠬᠠᠰᠠᠷ ᠤ᠋ᠨ ᠮᠠᠭᠤ ᠢᠷᠣ᠎ᠠ ᠶ᠋ᠢᠨ ᠣᠭᠣᠯᠢ ᠶ᠋ᠢ ᠠᠯᠳᠠᠵᠤ ᠰᠠᠢᠨ ᠪᠡᠯᠭᠡᠲᠦ ᠱᠠᠭᠠᠵᠠᠭᠠᠢ ᠶ᠋ᠢ ᠬᠠᠷᠪᠤᠭᠰᠠᠨ ᠢ᠋ ᠴᠢᠩᠭᠢᠰ ᠬᠠᠭᠠᠨ ᠳ᠋ᠤ᠌᠄《 ᠬᠠᠰᠠᠷ ᠳᠡᠭᠦᠦ ᠴᠢᠨᠢ ᠠᠷᠢᠬᠢ ᠤᠤᠭᠤᠵᠤ ᠰᠣᠭᠲᠣᠭᠠᠳ ᠬᠤᠯᠠᠨ ᠬᠠᠲᠤᠨ ᠤ᠋ ᠭᠠᠷ ᠠ᠋ᠴᠠ ᠪᠠᠷᠢᠪᠠᠢ》 ᠭᠡᠵᠦ ᠬᠣᠪᠯᠠᠭᠰᠠᠨ ᠳ᠋ᠤ᠌ ᠴᠢᠩᠭᠢᠰ ᠬᠠᠭᠠᠨ ᠶᠡᠬᠡ ᠬᠢᠯᠢᠩᠨᠡᠵᠦ ᠮᠣᠯᠴᠣᠭ ᠬᠤᠰᠢᠭᠤᠨ ᠤ᠋ ᠬᠠᠰᠢᠶᠠᠲᠦ ᠬᠠᠭᠤᠷᠠᠢ ᠬᠤᠳᠳᠤᠭ ᠲᠤ ᠬᠠᠪᠤᠲᠤ ᠬᠠᠰᠠᠷ ᠢ᠋ ᠳᠠᠷᠤᠵᠤ᠂ ᠪᠤᠬ᠎ᠠ ᠭᠥᠷᠦᠭᠡᠰᠦᠨ ᠦ᠌ ᠮᠢᠬ᠎ᠠ ᠥᠭᠴᠦ ᠥᠯ ᠵᠠᠯᠭᠠᠭᠤᠯᠤᠨ ᠵᠠᠯᠬᠠᠭᠠᠨ ᠴᠡᠭᠡᠷᠯᠡᠭᠦᠯᠪᠡ᠃
ᠲᠡᠷᠡ ᠵᠢᠯ ᠴᠢᠩᠭᠢᠰ ᠬᠠᠭᠠᠨ ᠮᠤᠨᠠ ᠠᠭᠤᠯᠠ ᠶ᠋ᠢᠨ ᠬᠥᠭᠡᠪᠦᠷ ᠲᠤ ᠡᠪᠦᠯᠵᠢᠵᠦ ᠴᠡᠷᠢᠭ ᠦ᠋ᠨ ᠠᠭᠲᠠ ᠮᠣᠷᠢᠳ ᠢ᠋ᠶ᠋ᠠᠨ ᠲᠡᠩᠬᠡᠷᠡᠭᠦᠯᠵᠦ ᠳᠠᠷᠠᠭ᠎ᠠ ᠬᠠᠪᠤᠷ ᠲᠤᠨᠢ ᠲᠠᠩᠭᠤᠳ ᠢ᠋ ᠳᠠᠢᠯᠠᠷ᠎ᠠ ᠮᠤᠨᠠ ᠶ᠋ᠢᠨ ᠬᠥᠭᠡᠪᠦᠷ ᠡᠴᠡ ᠬᠥᠳᠡᠯᠦᠭᠰᠡᠨ ᠳ᠋ᠦ᠍ ᠭᠡᠨᠡᠳᠲᠡ ᠵᠠᠮ ᠳ᠋ᠤᠨᠢ ᠭᠠᠭᠴᠠ ᠡᠪᠡᠷᠲᠦ ᠪᠤᠭᠤ ᠶ᠋ᠢᠨ ᠲᠣᠯᠣᠭᠠᠢ ᠲᠠᠢ᠂ ᠮᠣᠷᠢᠨ ᠰᠡᠭᠦᠯ ᠲᠡᠢ᠂ ᠪᠤᠬᠠᠨ ᠪᠡᠶ᠎ᠡ ᠲᠡᠢ ᠬᠠᠷ᠎ᠠ ᠲᠡᠷᠢᠭᠦᠲᠡᠨ ᠦ᠌ ᠬᠡᠯᠡ ᠮᠡᠳᠡᠳᠡᠭ ᠨᠢᠭᠡ ᠰᠣᠨᠢᠨ ᠠᠮᠢᠲᠠᠨ ᠲᠠᠭᠠᠷᠠᠯᠳᠤᠵᠤ ᠥᠭᠦᠯᠡᠬᠦ ᠨᠢ᠄
— ᠬᠠᠭᠠᠨ ᠡᠵᠡᠨ ᠲᠠᠨ ᠳ᠋ᠤᠷ ᠬᠠᠷᠰᠢ ᠪᠣᠯᠬᠤᠢ ᠴᠢᠮᠡᠭᠡ ᠰᠣᠨᠣᠰᠬᠠᠶᠤ᠄ ᠲᠠᠩᠭᠤᠳ ᠯᠤᠭ᠎ᠠ ᠬᠠᠳᠬᠤᠯᠳᠤᠬᠤᠢ ᠳ᠋ᠤᠷ ᠬᠠᠷᠰᠢ ᠲᠦᠪᠡᠭ ᠲᠣᠬᠢᠶᠠᠯᠳᠤᠮᠤᠢ ᠵᠡ᠃ ᠬᠠᠭᠠᠨ ᠪᠡᠶ᠎ᠡ ᠰᠡᠳᠬᠢᠯ ᠢ᠋ᠶ᠋ᠡᠷ ᠳᠡᠭᠡᠷᠡᠯᠬᠡᠵᠦ ᠶᠠᠪᠤ᠂ ᠪᠡᠷᠬᠡ ᠲᠣᠳᠬᠠᠷ ᠢ᠋ ᠬᠡᠷᠰᠡᠦᠯᠡᠵᠦ ᠶᠠᠪᠤ᠃ ᠲᠠᠨ ᠤ᠋ ᠠᠶᠠᠨ ᠳ᠋ᠤ᠌ ᠬᠠᠷᠢᠶᠠᠯᠴᠢ ᠬᠠᠷ᠎ᠠ ᠰᠠᠮᠠᠭᠠᠨ ᠲᠣᠬᠢᠶᠠᠯᠳᠤᠶᠤ᠃ ᠲᠡᠭᠡᠭᠡᠳ ᠬᠠᠷ᠎ᠠ ᠢᠮᠠᠭᠠᠨ ᠲᠤᠯᠤᠮᠤᠨ ᠬᠥᠭᠡᠷᠭᠡ ᠪᠡᠷ ᠡᠯᠡᠰᠦ ᠬᠤᠳᠬᠤᠵᠤ ᠬᠤᠢ ᠰᠠᠯᠬᠢᠨ ᠳᠡᠭᠳᠡᠭᠡᠨ ᠤᠯᠠᠭᠠᠨ ᠰᠢᠭᠤᠷᠭ᠎ᠠ ᠬᠥᠭᠡᠷᠭᠡᠳᠡᠶᠦ᠃ ᠬᠠᠷ᠎ᠠ ᠬᠠᠪᠲᠠᠰᠤᠨ ᠲᠡᠮᠦᠷ ᠰᠢᠨᠠᠭ᠎ᠠ ᠪᠠᠷ ᠬᠠᠷ᠎ᠠ ᠤᠰᠤ ᠰᠠᠮᠤᠷᠴᠤ᠂ ᠠᠵᠢᠷᠭᠠᠨ ᠪᠣᠷᠣᠭᠠᠨ ᠣᠷᠣᠭᠤᠯᠵᠤ ᠠᠶᠤᠯᠲᠤ ᠦᠶᠡᠷ ᠤᠷᠤᠰᠬᠠᠶᠤ᠃ ᠬᠠᠮᠰᠢᠭᠢᠷ ᠢᠩᠭᠡᠨ( ᠨᠢᠮᠭᠡᠨ) ᠬᠣᠩᠰᠢᠶᠠᠷ ᠢ᠋ᠶ᠋ᠠᠷ ᠬᠠᠷᠢᠶᠠᠯ ᠲᠠᠯᠪᠢᠵᠤ᠂ ᠬᠠᠮᠤᠭ ᠤ᠋ᠨ ᠮᠠᠭᠤ ᠬᠣᠣᠷ ᠬᠥᠨᠥᠭᠡᠯ ᠤᠴᠠᠷᠠᠭᠤᠯᠶᠤ ᠲᠠᠨ ᠳ᠋ᠤᠷ ᠁ ᠪᠣᠭᠳᠠ ᠡᠵᠡᠨ ᠴᠢᠩᠭᠢᠰ ᠬᠠᠭᠠᠨ ᠲᠠ ᠬᠠᠳᠠᠨ ᠴᠡᠷᠢᠭ ᠦ᠋ᠨ ᠠᠭᠲᠠ ᠪᠠᠨ ᠲᠡᠩᠬᠡᠷᠡᠭᠦᠯ᠂ ᠡᠰᠡ ᠲᠡᠭᠡᠪᠡᠰᠦ ᠬᠠᠯᠳᠠᠷ᠎ᠠ ᠲᠦᠢᠳᠬᠦ ᠬᠠᠷᠰᠢ ᠰᠠᠭᠠᠳ ᠲᠤᠷ ᠭᠡᠨᠡᠳᠡᠭᠦᠵᠡᠢ᠂ ᠬᠠᠮᠤᠭ ᠢᠷᠭᠡᠳ ᠲᠠᠨᠢ ᠬᠣᠬᠢᠷᠠᠭᠤᠵᠠᠢ ᠁ ᠬᠠᠰᠢᠶᠠᠲᠦ ᠬᠠᠭᠤᠷᠠᠢ ᠬᠤᠳᠳᠤᠭ ᠲᠤᠷ ᠳᠠᠷᠤᠭᠳᠠᠭᠰᠠᠨ ᠬᠠᠪᠤᠲᠤ ᠬᠠᠰᠠᠷ ᠳᠡᠭᠦᠦ ᠲᠠᠨᠢ ᠬᠥᠭᠡᠷᠦᠬᠦᠢ᠂ ᠬᠥᠭᠡᠷᠦᠬᠦᠢ! ᠭᠡᠵᠦ ᠬᠡᠯᠡᠪᠡ᠃
ᠴᠢᠩᠭᠢᠰ ᠬᠠᠭᠠᠨ᠂ ᠥᠷᠯᠥᠭ ᠵᠠᠩᠵᠤᠨ ᠪᠦᠬᠦᠨ ᠡᠨᠡ ᠬᠦ᠌ ᠭᠠᠭᠴᠠ ᠡᠪᠡᠷᠲᠦ ᠪᠤᠭᠤ ᠶ᠋ᠢᠨ ᠲᠣᠯᠣᠭᠠᠢ ᠲᠠᠢ᠂ ᠮᠣᠷᠢᠨ ᠰᠡᠭᠦᠯ ᠲᠡᠢ᠂ ᠪᠤᠬᠠᠨ ᠪᠡᠶ᠎ᠡ ᠲᠡᠢ ᠰᠣᠨᠢᠨ ᠠᠮᠢᠲᠠᠨ ᠤ᠋ ᠬᠡᠯᠡᠬᠦ ᠶ᠋ᠢ ᠰᠣᠨᠣᠰᠤᠭᠠᠳ ᠭᠠᠢᠬᠠᠯᠳᠤᠨ᠄《 ᠡᠨᠡ ᠶᠠᠭᠤᠨ ᠭᠡᠭᠴᠢ ᠠᠮᠢᠲᠠᠨ ᠪᠢᠯᠡ?》 ᠭᠡᠵᠦ ᠨᠢᠭᠡ ᠨᠢᠭᠡᠨ ᠢ᠋ᠶ᠋ᠡᠨ ᠰᠢᠷᠲᠡᠯᠵᠡᠬᠦ ᠳ᠋ᠦ᠍ ᠭᠡᠨᠡᠳᠲᠡ ᠲᠡᠭᠷᠢ ᠭᠠᠵᠠᠷ ᠤᠷᠪᠠᠨ ᠬᠥᠷᠪᠡᠬᠦ ᠰᠢᠭ ᠤᠯᠠᠭᠠᠨ ᠰᠢᠭᠤᠷᠭ᠎ᠠ ᠳᠡᠭᠳᠡᠨ ᠨᠢᠳᠦ ᠨᠡᠭᠡᠭᠡᠬᠦ ᠠᠷᠭ᠎ᠠ ᠦᠭᠡᠢ ᠪᠣᠯᠵᠠᠢ᠃ ᠲᠡᠷᠡᠬᠡᠨ ᠠᠭᠱᠠᠨ᠎ᠠ ᠥᠨᠥᠬᠢ ᠰᠣᠨᠢᠬᠠᠨ ᠠᠮᠢᠲᠠᠨ ᠪᠠᠷ᠎ᠠ ᠳᠣᠷᠣ ᠦᠭᠡᠢ ᠪᠣᠯᠪᠠ᠃
ᠴᠢᠩᠭᠢᠰ ᠬᠠᠭᠠᠨ ᠥᠷᠯᠥᠭ ᠵᠠᠩᠵᠤᠨ ᠨᠠᠷ ᠠ᠋ᠴᠠ ᠪᠠᠨ᠄
— ᠡᠨᠡ ᠴᠣᠬᠣᠮ ᠰᠠᠢᠨ ᠪᠡᠯᠭᠡ ᠪᠤᠶᠤ? ᠮᠠᠭᠤ ᠢᠷᠣ᠎ᠠ ᠪᠤᠶᠤ? ᠭᠡᠬᠦ ᠳ᠋ᠦ᠍ ᠣᠯᠠᠨ ᠵᠠᠩᠵᠤᠨ ᠨᠢᠭᠡ ᠨᠢᠭᠡᠨ ᠢ᠋ᠶ᠋ᠡᠨ ᠬᠠᠷᠠᠵᠤ ᠭᠥᠯᠢᠷᠡᠭᠰᠡᠨ ᠢ᠋ᠶ᠋ᠡᠨ ᠬᠠᠭᠠᠨ ᠤ᠋ ᠪᠠᠨ ᠥᠭᠡᠳᠡ ᠡᠴᠡ ᠦᠭᠡ ᠣᠯᠵᠤ ᠥᠴᠢᠭᠰᠡᠨ ᠦᠭᠡᠢ᠃ ᠭᠠᠭᠴᠠ ᠮᠤᠬᠤᠯᠠᠢ ᠵᠠᠩᠵᠤᠨ ᠨᠡᠯᠢᠶᠡᠳ ᠪᠣᠳᠣᠯᠭ᠎ᠠ ᠪᠣᠯᠤᠭᠰᠠᠨ ᠢ᠋ᠶ᠋ᠠᠨ᠄
— ᠬᠠᠭᠠᠨ ᠳ᠋ᠤᠷ ᠠᠶᠤᠮᠰᠢᠭ ᠦᠭᠡᠢ ᠠᠢᠯᠠᠳᠬᠠᠬᠤ ᠠᠨᠤ᠄ ᠡᠨᠡ ᠪᠤᠭᠤ ᠶ᠋ᠢᠨ ᠲᠣᠯᠣᠭᠠᠢᠲᠤ᠂ ᠮᠣᠷᠢᠨ ᠰᠡᠭᠦᠯᠲᠦ ᠠᠮᠢᠲᠠᠨ ᠪᠣᠯᠪᠠᠰᠤ ᠡᠨᠡ ᠬᠦ᠌ ᠰᠦᠷᠯᠢᠭ ᠪᠠᠷᠲᠠᠭᠠᠲᠤ ᠮᠤᠨᠠ ᠠᠭᠤᠯᠠ ᠶ᠋ᠢᠨ ᠨᠠᠪᠲᠠᠭ ᠰᠠᠪᠳᠠᠭ ᠪᠤᠶᠤ᠃ ᠬᠠᠭᠠᠨ ᠤ᠋ ᠶᠡᠬᠡ ᠴᠡᠷᠢᠭ ᠲᠦ᠍ ᠰᠠᠢᠨ ᠪᠡᠯᠭᠡ ᠶ᠋ᠢᠨ ᠰᠤᠪᠢᠨ ᠪᠢᠰᠢ ᠠᠵᠤᠭᠤ! ᠲᠠᠩᠭᠤᠳ ᠢ᠋ ᠡᠵᠡᠯᠡᠬᠦ ᠵᠠᠮ ᠳ᠋ᠤᠷ ᠰᠠᠭᠠᠳ ᠲᠣᠳᠬᠠᠷ ᠳᠠᠪᠬᠤᠷ ᠳᠠᠪᠬᠤᠷ ᠪᠣᠢ ᠵᠡ᠂ ᠬᠢᠴᠢᠶᠡᠨ ᠪᠠᠢᠯᠳᠤᠪᠠᠰᠤ ᠢᠯᠠᠶᠤ᠂ ᠭᠡᠨᠡᠳᠡᠪᠡᠰᠦ ᠭᠠᠢ ᠭᠠᠴᠢᠭ ᠲᠤ ᠲᠤᠯᠭᠠᠷᠠᠶᠤ᠃ ᠬᠠᠪᠤᠲᠤ ᠬᠠᠰᠠᠷ ᠢ᠋ ᠬᠠᠰᠢᠶᠠᠲᠦ ᠬᠠᠭᠤᠷᠠᠢ ᠬᠤᠳᠳᠤᠭ ᠲᠤ ᠶᠠᠯᠠᠯᠠᠨ ᠳᠠᠷᠤᠭᠰᠠᠨ ᠢ᠋ ᠪᠤᠷᠤᠭᠤᠰᠢᠶᠠᠭᠰᠠᠨ ᠦᠭᠡ ᠪᠤᠶᠤ ᠭᠡᠰᠡᠨ ᠳ᠋ᠦ᠍ ᠥᠷᠯᠥᠭ ᠵᠠᠩᠵᠤᠨ ᠨᠤᠭᠤᠳ《 ᠵᠥᠪ᠂ ᠵᠥᠪ!》 ᠭᠡᠮᠡᠨ ᠥᠴᠢᠪᠡ᠃
ᠴᠢᠩᠭᠢᠰ ᠬᠠᠭᠠᠨ ᠠᠷᠪᠠᠨ ᠲᠦᠮᠡᠨ ᠴᠡᠷᠢᠭ ᠮᠣᠷᠢ ᠪᠠᠨ ᠲᠡᠭᠰᠢᠯᠡᠵᠦ ᠠᠪᠤᠭᠠᠳ ᠪᠠᠷᠠᠭᠤᠨᠰᠢ ᠠᠶᠠᠯᠠᠨ ᠲᠠᠩᠭᠤᠳ ᠢ᠋ ᠳᠠᠢᠯᠠᠷ᠎ᠠ ᠬᠥᠳᠡᠯᠪᠡ᠃ ᠵᠠᠮ ᠵᠠᠭᠤᠷ᠎ᠠ ᠪᠣᠷᠣᠭᠠᠨ ᠰᠠᠯᠬᠢᠨ ᠬᠤᠳᠬᠤᠨ ᠬᠤᠢᠯᠠᠷᠠᠵᠤ᠂ ᠭᠣᠣᠯ ᠮᠥᠷᠡᠨ ᠦᠶᠡᠷᠯᠡᠨ ᠴᠢᠩᠭᠢᠰ ᠬᠠᠭᠠᠨ ᠲᠠᠢ ᠥᠰᠢᠯᠳᠦᠵᠦ ᠪᠠᠢᠭ᠎ᠠ ᠶᠤᠮ ᠰᠢᠭ᠋ ᠵᠠᠮ ᠬᠠᠭᠠᠭᠳᠠᠵᠤ ᠴᠡᠷᠢᠭ ᠮᠣᠷᠢ ᠤᠷᠤᠭᠰᠢᠯᠠᠬᠤ ᠠᠷᠭ᠎ᠠ ᠦᠭᠡᠢ ᠪᠣᠯᠪᠠ᠃ ᠡᠨᠡ ᠨᠢ ᠥᠭᠡᠷ᠎ᠡ ᠰᠢᠯᠲᠠᠭᠠᠨ ᠪᠤᠰᠤ᠂ ᠥᠨᠥᠬᠢ ᠰᠣᠨᠢᠬᠠᠨ ᠠᠮᠢᠲᠠᠨ ᠤ᠋ ᠬᠡᠯᠡᠭᠰᠡᠨ ᠢ᠋ᠶ᠋ᠡᠷ ᠬᠠᠷᠢᠶᠠᠯᠴᠢ ᠬᠠᠷ᠎ᠠ ᠰᠠᠮᠠᠭᠠᠨ ᠰᠠᠭᠠᠳ ᠬᠢᠵᠦ ᠪᠠᠢᠭ᠎ᠠ ᠨᠢ ᠡᠨᠡ ᠠᠵᠢ᠃ ᠡᠨᠡ ᠦᠶ᠎ᠡ ᠳ᠋ᠦ᠍ ᠰᠦᠪᠡᠭᠡᠳᠠᠢ ᠵᠠᠩᠵᠤᠨ᠄
— ᠬᠠᠰᠢᠶᠠᠲᠦ ᠬᠤᠳᠳᠤᠭ ᠲᠤ ᠳᠠᠷᠤᠭᠰᠠᠨ ᠬᠠᠪᠤᠲᠤ ᠬᠠᠰᠠᠷ ᠢ᠋ ᠭᠠᠷᠭᠠᠵᠤ᠂ ᠬᠠᠷᠢᠶᠠᠯᠴᠢ ᠬᠠᠷ᠎ᠠ ᠰᠠᠮᠠᠭᠠᠨ ᠢ᠋ ᠳᠠᠷᠤᠩᠭᠤᠢᠯᠠᠬᠤ ᠠ᠋ᠴᠠ ᠥᠭᠡᠷ᠎ᠡ ᠠᠷᠭ᠎ᠠ ᠦᠭᠡᠢ ᠪᠤᠶᠤ᠃ ᠬᠠᠭᠠᠨ ᠲᠤᠩᠭᠠᠨ ᠰᠣᠶᠣᠷᠬᠠᠮᠤ ᠭᠡᠬᠦ ᠳ᠋ᠦ᠍ ᠴᠢᠩᠭᠢᠰ ᠬᠠᠭᠠᠨ ᠰᠦᠪᠡᠭᠡᠳᠠᠢ ᠵᠠᠩᠵᠤᠨ ᠤ᠋ ᠰᠠᠨᠠᠯ ᠢ᠋ ᠵᠥᠪᠰᠢᠶᠡᠷᠡᠪᠡ᠃
ᠲᠡᠨᠳᠡ ᠬᠠᠪᠤᠲᠤ ᠬᠠᠰᠠᠷ ᠴᠢᠩᠭᠢᠰ ᠬᠠᠭᠠᠨ ᠤ᠋ ᠵᠠᠷᠯᠢᠭ ᠢ᠋ᠶ᠋ᠠᠷ ᠬᠠᠰᠢᠶᠠᠲᠦ ᠬᠠᠭᠤᠷᠠᠢ ᠬᠤᠳᠳᠤᠭ ᠠ᠋ᠴᠠ ᠥᠨᠳᠡᠢᠨ ᠪᠣᠰᠬᠤ ᠭᠡᠬᠦ ᠳ᠋ᠦ᠍ ᠤᠳᠠᠭᠠᠨ ᠡᠳᠦᠷ ᠬᠥᠳᠡᠯᠦᠯ ᠦᠭᠡᠢ ᠳᠠᠷᠤᠭᠳᠠᠭᠰᠠᠨ ᠬᠥᠯ ᠨᠢ ᠡᠪᠦᠳᠦᠭ ᠢ᠋ᠶ᠋ᠡᠷ ᠢ᠋ᠶ᠋ᠡᠨ ᠬᠥᠰᠢᠵᠦ ᠪᠡᠶ᠎ᠡ ᠨᠢ ᠰᠤᠯᠳᠠᠢᠵᠤ ᠲᠠᠮᠢᠷ ᠠᠯᠳᠠᠨ᠎ᠠ᠃ ᠲᠡᠭᠡᠭᠡᠳ ᠬᠠᠷ᠎ᠠ ᠬᠣᠨᠢᠨ ᠤ᠋ ᠱᠥᠯᠥ ᠤᠤᠭᠤᠵᠤ ᠪᠡᠶ᠎ᠡ ᠲᠡᠩᠬᠡᠷᠡᠭᠡᠳ ᠬᠠᠷᠢᠶᠠᠯᠴᠢ ᠬᠠᠷ᠎ᠠ ᠰᠠᠮᠠᠭᠠᠨ ᠲᠠᠢ ᠳᠠᠭᠠᠷᠢᠯᠴᠠᠪᠠ᠃
ᠬᠠᠪᠤᠲᠤ ᠬᠠᠰᠠᠷ ᠮᠣᠯᠴᠣᠭ ᠬᠣᠰᠢᠭᠤ ᠶ᠋ᠢᠨ ᠮᠤᠬᠤᠷ ᠣᠷᠣᠢ ᠳᠡᠭᠡᠷ᠎ᠡ ᠭᠠᠷᠴᠤ ᠵᠣᠭᠰᠣᠭᠠᠳ ᠨᠢᠭᠡ ᠡᠪᠰᠢᠶᠡᠨ ᠰᠤᠨᠢᠶᠠᠵᠤ ᠠᠪᠤᠭᠠᠳ ᠠᠯᠤᠰ ᠤ᠋ᠨ ᠪᠠᠷ᠎ᠠ ᠶ᠋ᠢ ᠰᠢᠷᠳᠡᠪᠡᠯ ᠠᠵᠢᠭ ᠮᠡᠳᠡᠭᠰᠡᠨ ᠬᠠᠷᠢᠶᠠᠯᠴᠢ ᠬᠠᠷ᠎ᠠ ᠰᠠᠮᠠᠭᠠᠨ ᠤᠯᠠᠭᠠᠨ ᠰᠤᠬᠠᠢ ᠶ᠋ᠢᠨ ᠨᠠᠭᠤᠷ ᠤ᠋ᠨ ᠬᠥᠪᠡᠭᠡᠨᠠ ᠥᠷᠪᠥᠢᠵᠦ ᠰᠠᠭᠤᠭᠠᠳ ᠬᠠᠷ᠎ᠠ ᠰᠠᠮᠠᠭᠠᠨ ᠲᠤᠯᠤᠮᠤᠨ ᠬᠥᠭᠡᠷᠭᠡ ᠪᠡᠨ ᠬᠠᠪᠰᠢᠵᠤ ᠤᠯᠠᠭᠠᠨ ᠰᠢᠭᠤᠷᠭᠠᠨ ᠳᠡᠭᠳᠡᠭᠡᠬᠦ ᠭᠡᠵᠦ ᠪᠠᠢᠪᠠ᠃ ᠬᠠᠪᠤᠲᠤ ᠬᠠᠰᠠᠷ ᠡᠭᠦᠨ ᠢ᠋ ᠬᠠᠷᠠᠭᠠᠳ ᠪᠤᠬᠠᠨ ᠭᠥᠷᠥᠭᠡᠰᠦ ᠶ᠋ᠢᠨ ᠲᠦᠭᠦᠬᠡᠢ ᠰᠢᠷᠢ ᠪᠡᠷ ᠬᠥᠪᠴᠢᠯᠡᠭᠰᠡᠨ ᠨᠤᠮᠤ ᠰᠤᠮᠤ ᠪᠠᠨ ᠬᠦᠴᠦᠯᠡᠨ ᠲᠠᠲᠠᠭᠠᠳ ᠬᠠᠷᠪᠤᠭᠰᠠᠨ ᠳ᠋ᠤ᠌ ᠴᠢᠪ ᠭᠡᠮᠡᠨ ᠬᠡᠢ ᠳᠦᠭᠦᠷᠦᠭᠰᠡᠨ ᠬᠠᠷ᠎ᠠ ᠢᠮᠠᠭᠠᠨ ᠲᠤᠯᠤᠮᠤᠨ ᠬᠥᠭᠡᠷᠭᠡ ᠶ᠋ᠢ ᠨᠢ ᠤᠨᠤᠪᠠᠯ ᠫᠦᠷᠳ᠋ ᠬᠢᠨ ᠳᠠᠭᠤᠨ ᠭᠠᠷᠴᠤ ᠬᠡᠢ ᠨᠢ ᠭᠠᠷᠤᠭᠠᠳ ᠬᠠᠪᠰᠢᠯᠭᠠ ᠦᠭᠡᠢ ᠪᠣᠯᠪᠠ᠃ ᠬᠠᠷᠢᠶᠠᠯᠴᠢ ᠰᠠᠮᠠᠭᠠᠨ《 ᠠᠱ᠂ ᠢᠯᠡᠢ》 ᠭᠡᠵᠦ ᠭᠠᠰᠠᠯᠤᠨ ᠬᠠᠷ᠎ᠠ ᠬᠠᠪᠲᠠᠰᠤᠨ ᠲᠡᠮᠦᠷ ᠰᠢᠨᠠᠭ᠎ᠠ ᠪᠠᠨ ᠪᠤᠰᠢᠭᠤᠬᠠᠨ ᠰᠢᠭᠦᠷᠡᠵᠦ ᠬᠠᠷ᠎ᠠ ᠤᠰᠤ ᠰᠠᠮᠤᠷᠴᠤ ᠠᠵᠢᠷᠭᠠᠨ ᠪᠣᠷᠣᠭᠠᠨ ᠴᠢᠳᠬᠤᠵᠤ ᠦᠶᠡᠷ ᠦ᠋ᠨ ᠭᠠᠮᠰᠢᠭ ᠲᠠᠷᠢᠬᠤ ᠶ᠋ᠢ ᠵᠠᠪᠳᠤᠪᠠ᠃ ᠡᠭᠦᠨ ᠢ᠋ ᠨᠢ ᠬᠠᠪᠤᠲᠤ ᠬᠠᠰᠠᠷ ᠮᠡᠳᠡᠭᠡᠳ ᠰᠢᠨᠠᠭ᠎ᠠ ᠠᠳᠬᠤᠭᠰᠠᠨ ᠭᠠᠷ ᠤ᠋ᠨ ᠬᠢᠨᠢ ᠪᠠᠭᠤᠤ ᠶ᠋ᠢ ᠨᠢ ᠲᠠᠰᠤ ᠬᠠᠷᠪᠤᠪᠠ᠃ ᠬᠠᠷᠢᠶᠠᠯᠴᠢ ᠬᠠᠷ᠎ᠠ ᠰᠠᠮᠠᠭᠠᠨ ᠡᠪᠡᠳᠬᠦ ᠳ᠋ᠡᠭᠡᠨ《 ᠫᠠᠢ! ᠬᠠᠷᠠᠯ᠎ᠠ》 ᠭᠡᠳ ᠰᠢᠨᠠᠭ᠎ᠠ ᠪᠠᠨ ᠰᠢᠳᠡᠬᠦ ᠳ᠋ᠦ᠍ ᠰᠢᠨᠠᠭᠠᠨ ᠤ᠋ ᠲᠣᠯᠣᠭᠠᠢ ᠦᠰᠦᠷᠴᠦ ᠰᠢᠲᠦᠭᠡᠨ ᠦ᠌ ᠲᠠᠯ᠎ᠠ ᠶ᠋ᠢᠨ ᠠᠷᠤ ᠠᠭᠤᠯᠠᠨ ᠤ᠋ ᠰᠡᠷᠪᠡᠩ ᠲᠣᠯᠣᠭᠠᠢ ᠶ᠋ᠢᠨ ᠱᠣᠷᠣᠩ ᠤᠯᠠᠭᠠᠨ ᠬᠠᠳᠠᠨ ᠳ᠋ᠤ᠌ ᠲᠣᠰᠴᠤ ᠳ᠋ᠢᠩ ᠭᠡᠵᠦ ᠳᠤᠤᠭᠠᠷᠤᠨ ᠭᠠᠵᠠᠷ ᠤᠨᠠᠪᠠ᠃ ᠲᠡᠭᠡᠭᠡᠳ ᠲᠡᠷᠡ ᠠᠭᠤᠯᠠ ᠶ᠋ᠢ ᠬᠥᠮᠦᠰ《 ᠰᠢᠨᠠᠭᠠᠨ ᠠᠭᠤᠯᠠ》 ᠭᠡᠳᠡᠭ ᠪᠣᠯᠵᠠᠢ᠃
ᠬᠠᠷᠢᠶᠠᠯᠴᠢ ᠬᠠᠷ᠎ᠠ ᠰᠠᠮᠠᠭᠠᠨ ᠭᠤᠷᠪᠠᠨ ᠶᠡᠬᠡ ᠣᠪᠵᠠᠭᠠ ᠲᠠᠢ ᠭᠡᠨ᠎ᠡ᠃ ᠡᠩ ᠲᠦᠷᠦᠭᠦᠨ ᠳ᠋ᠦ᠍ ᠬᠠᠷᠰᠢᠯᠳᠤᠬᠤ ᠳᠠᠢᠰᠤᠨ ᠤ᠋ ᠡᠮᠦᠨ᠎ᠡ ᠡᠴᠡ ᠬᠠᠷ᠎ᠠ ᠢᠮᠠᠭᠠᠨ ᠲᠤᠯᠤᠮᠤᠨ ᠬᠥᠭᠡᠷᠭᠡ ᠪᠡᠷ ᠢ᠋ᠶ᠋ᠡᠨ ᠡᠯᠡᠰᠦ ᠬᠤᠳᠬᠤᠵᠤ ᠰᠠᠯᠬᠢ ᠰᠢᠭᠤᠷᠭ᠎ᠠ ᠳᠡᠭᠳᠡᠭᠡᠵᠦ᠂ ᠵᠠᠮ ᠲᠥᠭᠡᠷᠢᠭᠦᠯᠬᠦ᠂ ᠳᠠᠷᠠᠭ᠎ᠠ ᠳ᠋ᠤᠨᠢ ᠬᠠᠷ᠎ᠠ ᠬᠠᠪᠲᠠᠰᠤᠨ ᠲᠡᠮᠦᠷ ᠰᠢᠨᠠᠭ᠎ᠠ ᠪᠠᠷ ᠢ᠋ᠶ᠋ᠠᠨ ᠤᠰᠤ ᠰᠠᠮᠤᠷᠴᠤ ᠦᠶᠡᠷ ᠤᠰᠤᠨ ᠤ᠋ ᠠᠶᠤᠯ ᠲᠠᠷᠢᠬᠤ᠂ ᠬᠠᠮᠤᠭ ᠤ᠋ᠨ ᠰᠡᠭᠦᠯ ᠳ᠋ᠦ᠍ᠨᠢ ᠬᠠᠷᠢᠶᠠᠯ ᠬᠢᠬᠦ ᠣᠪᠵᠠᠭᠠ ᠨᠢ ᠨᠡᠩ ᠬᠡᠴᠡᠭᠦᠦ᠃ ᠬᠠᠷᠢᠶᠠᠯ ᠳ᠋ᠤᠨᠢ ᠥᠷᠲᠥᠭᠰᠡᠭᠡᠷ ᠲᠡᠷᠡ ᠬᠠᠷᠢᠶᠠᠯ ᠤ᠋ᠨ ᠬᠢᠨᠢ ᠶᠣᠰᠣᠭᠠᠷ ᠮᠠᠭᠤ ᠢᠷᠣ᠎ᠠ ᠪᠣᠯᠳᠠᠭ ᠭᠡᠨ᠎ᠡ᠃ ᠬᠠᠪᠤᠲᠤ ᠬᠠᠰᠠᠷ ᠱᠠᠯᠠᠮᠠᠭᠠᠢ ᠬᠥᠳᠡᠯᠵᠦ ᠬᠠᠷᠢᠶᠠᠯᠴᠢ ᠬᠠᠷ᠎ᠠ ᠰᠠᠮᠠᠭᠠᠨ ᠳ᠋ᠤ᠌ ᠣᠯᠠᠨ ᠬᠠᠷᠢᠶᠠᠯ ᠲᠠᠯᠪᠢᠬᠤ ᠵᠠᠪᠰᠢᠶᠠᠨ ᠣᠯᠭᠣᠬᠤ ᠦᠭᠡᠢ ᠪᠡᠷ ᠬᠠᠷᠪᠤᠵᠤ ᠰᠥᠨᠥᠭᠡᠬᠦ ᠭᠡᠲᠡᠯ᠎ᠡ ᠬᠠᠷᠢᠶᠠᠯᠴᠢ ᠬᠠᠷ᠎ᠠ ᠰᠠᠮᠠᠭᠠᠨ ᠳᠤᠲᠠᠭᠠᠭᠰᠠᠨ ᠳ᠋ᠤ᠌ ᠲᠡᠷᠡ ᠠᠷᠤ ᠠ᠋ᠴᠠ ᠨᠢ ᠠᠯᠳᠠᠯ ᠦᠭᠡᠢ ᠲᠠᠭᠤᠵᠠᠢ᠃ ᠬᠠᠷᠢᠶᠠᠯᠴᠢ ᠬᠠᠷ᠎ᠠ ᠰᠠᠮᠠᠭᠠᠨ ᠠᠮᠢ ᠵᠢᠭᠤᠲᠠᠨ ᠳᠤᠲᠠᠭᠠᠵᠤ ᠭᠠᠩᠭ᠎ᠠ ᠶ᠋ᠢᠨ ᠡᠷᠭᠢ ᠳᠣᠣᠭᠤᠷ ᠨᠢᠭᠤᠭᠳᠠᠪᠠ᠃ ᠨᠢᠭᠤᠭᠳᠠᠬᠤ ᠭᠡᠳ ᠳᠡᠢᠯᠬᠦ ᠦᠭᠡᠢ ᠰᠠᠨᠳᠤᠷᠬᠤ ᠳ᠋ᠠᠭᠠᠨ ᠢᠷᠮᠡᠭ ᠲᠦ᠋ᠨᠢ ᠤᠷᠭᠤᠭᠰᠠᠨ ᠬᠠᠮᠬᠤᠤᠯ ᠠ᠋ᠴᠠ ᠵᠣᠯᠭᠠᠭᠠᠳ ᠪᠣᠰᠬᠤ ᠭᠡᠬᠦᠯᠡᠷ ᠬᠠᠮᠬᠤᠤᠯ ᠦᠨᠳᠦᠰᠦ ᠪᠡᠷ ᠢ᠋ᠶ᠋ᠡᠨ ᠪᠤᠯᠭᠤᠷᠠᠵᠤ ᠬᠠᠷᠢᠶᠠᠯᠴᠢ ᠬᠠᠷ᠎ᠠ ᠰᠠᠮᠠᠭᠠᠨ ᠢ᠋ ᠭᠠᠩᠭ᠎ᠠ ᠳᠣᠲᠣᠷ᠎ᠠ ᠤᠨᠠᠭᠠᠪᠠ᠃ ᠬᠠᠷᠢᠶᠠᠯᠴᠢ ᠬᠠᠷ᠎ᠠ ᠰᠠᠮᠠᠭᠠᠨ ᠤᠴᠠᠭᠠᠷᠳᠠᠨ《 ᠬᠠᠮᠬᠤᠤᠯ ᠡᠪᠡᠰᠦ ᠦᠨᠳᠦᠰᠦ ᠭᠦᠨ ᠪᠤᠤ ᠬᠠᠳᠬᠤ! ᠬᠠᠪᠤᠷ ᠲᠠᠭᠠᠨ ᠰᠠᠯᠬᠢ ᠳᠠᠭᠠᠵᠤ ᠪᠥᠮᠪᠥᠷᠢ! ᠴᠢᠭᠢᠶᠡᠲᠤᠷᠤᠤ 》ᠭᠡᠵᠦ ᠬᠠᠷᠢᠶᠠᠭᠰᠠᠨ ᠢ᠋ᠶ᠋ᠠᠷ ᠬᠠᠮᠬᠤᠤᠯ ᠲᠡᠭᠡᠳᠡᠭ ᠪᠣᠯᠵᠠᠢ᠃ ᠲᠡᠭᠡᠭᠡᠳ ᠴᠠᠭᠠᠰᠢ ᠵᠢᠭᠤᠲᠠᠵᠤ ᠶᠠᠪᠤᠭᠰᠠᠭᠠᠷ ᠲᠠᠷᠢᠶᠠᠨ ᠤ᠋ ᠠᠢᠯ ᠳᠥᠭᠥᠵᠦ ᠡᠯᠵᠢᠭᠡ ᠮᠣᠷᠢᠨ ᠤ᠋ ᠬᠢᠨᠢ ᠰᠠᠷᠠᠪᠴᠢᠨ ᠳᠣᠲᠣᠷ᠎ᠠ ᠨᠢ ᠪᠡᠶ᠎ᠡ ᠳᠠᠯᠳᠠᠯᠠᠬᠤ ᠭᠡᠳ ᠣᠷᠣᠪᠠ᠃ ᠣᠷᠣᠭᠰᠠᠨ ᠴᠢᠨᠢ ᠡᠯᠵᠢᠭᠡ ᠮᠣᠷᠢᠨ ᠤ᠋ ᠠᠯᠢ ᠨᠢ ᠴᠦ᠍ ᠪᠢᠰᠢ ᠯᠠᠭᠤᠰᠠ ᠲᠣᠬᠢᠶᠠᠯᠳᠤᠵᠠᠢ᠃ ᠬᠠᠷᠢᠶᠠᠯᠴᠢ ᠬᠠᠷ᠎ᠠ ᠰᠠᠮᠠᠭᠠᠨ ᠯᠠᠭᠤᠰᠠᠨ ᠤ᠋ ᠪᠥᠭᠰᠡᠨ ᠳ᠋ᠦ᠍ ᠣᠴᠣᠢᠵᠤ ᠬᠠᠪᠤᠲᠤ ᠬᠠᠰᠠᠷ ᠤ᠋ᠨ ᠰᠤᠮᠤᠨ ᠠ᠋ᠴᠠ ᠨᠢᠭᠤᠨ ᠪᠤᠯᠳᠠᠲᠠᠯᠠ ᠥᠨᠥᠬᠢ ᠯᠠᠭᠤᠰᠠ ᠲᠡᠭᠦᠨ ᠢ᠋ ᠢᠰᠬᠦᠯᠵᠦ ᠲᠣᠩᠭᠣᠷᠠᠭᠰᠠᠨ ᠳ᠋ᠤ᠌ ᠡᠪᠦᠳᠦᠭ ᠢ᠋ᠶ᠋ᠡᠨ ᠮᠡᠳᠡᠭᠡ ᠠᠯᠳᠠᠲᠠᠯ᠎ᠠ ᠢᠰᠬᠦᠯᠦᠭᠦᠯᠦᠭᠰᠡᠨ ᠬᠠᠷᠢᠶᠠᠯᠴᠢ ᠬᠠᠷ᠎ᠠ ᠰᠠᠮᠠᠭᠠᠨ ᠠᠭᠤᠷᠯᠠᠬᠤ ᠶ᠋ᠢᠨ ᠶᠡᠬᠡ ᠪᠡᠷ ᠠᠭᠤᠷᠯᠠᠵᠤ᠄《 ᠬᠡᠢᠲᠦᠬᠦ ᠦᠶ᠎ᠡ ᠳ᠋ᠡᠭᠡᠨ ᠬᠡᠢᠲᠦᠵᠦ ᠶᠠᠪᠤ᠂ ᠬᠡᠪᠡᠯᠢ ᠴᠢᠨᠢ ᠬᠡᠵᠢᠶᠡᠳᠡ ᠦᠷ᠎ᠡ ᠪᠤᠤ ᠲᠣᠭᠲᠠᠭ》 ᠭᠡᠵᠦ ᠬᠠᠷᠢᠶᠠᠭᠰᠠᠨ ᠳ᠋ᠤ᠌ ᠨᠡᠭᠡᠷᠡᠨ ᠯᠠᠭᠤᠰᠠ ᠳᠤᠳᠠᠷᠠᠢᠯᠠᠳᠠᠭ ᠦᠭᠡᠢ ᠪᠣᠯᠤᠭᠰᠠᠨ ᠭᠡᠨ᠎ᠡ᠃ ᠬᠠᠷᠢᠶᠠᠯᠴᠢ ᠬᠠᠷ᠎ᠠ ᠰᠠᠮᠠᠭᠠᠨ ᠴᠠᠭᠠᠰᠢ ᠪᠠᠨ ᠪᠠᠰᠠ ᠳᠤᠲᠠᠭᠠᠭᠠᠳ ᠲᠠᠷᠢᠶᠠᠨ ᠳᠣᠲᠣᠷ᠎ᠠ ᠣᠷᠣᠵᠤ ᠥᠯᠪᠡᠷᠬᠦ ᠳ᠋ᠡᠭᠡᠨ ᠲᠠᠷᠢᠶᠠᠨ ᠤ᠋ ᠰᠦᠷᠡᠯ ᠰᠢᠪᠲᠤᠷᠠᠵᠤ ᠭᠠᠷ ᠲᠦ᠍ ᠥᠭᠲᠡᠭᠰᠡᠨ ᠢ᠋ᠶ᠋ᠡᠨ ᠡᠮᠬᠦᠯᠡᠵᠦ ᠶᠠᠪᠤᠵᠠᠢ᠃ ᠰᠢᠰᠢ ᠶ᠋ᠢᠨ ᠨᠢᠯᠬ᠎ᠠ ᠰᠦᠷᠡᠯ ᠢ᠋ ᠰᠢᠪᠲᠤᠷᠠᠭᠰᠠᠨ ᠳ᠋ᠤ᠌ ᠠᠯᠠᠭ᠎ᠠ ᠨᠢ ᠴᠢᠮᠴᠢᠭᠢᠨᠡᠵᠦ ᠡᠪᠡᠳᠪᠡ᠃ ᠦᠵᠡᠬᠦᠯ᠎ᠡ ᠬᠤᠷᠤᠭᠤᠨ ᠤ᠋ ᠬᠢᠨᠢ ᠥᠨᠳᠡᠭᠡ ᠰᠢᠯᠪᠤᠷᠠᠭᠠᠳ ᠴᠢᠰᠤ ᠳᠠᠭᠠᠭᠠᠪᠤᠷᠢᠯᠠᠭᠰᠠᠨ ᠳ᠋ᠤ᠌《ᠴᠢᠭᠢᠶᠡᠲᠦᠷᠦᠦ᠂ ᠰᠢᠨᠵᠢ ᠦᠭᠡᠢ ᠰᠢᠰᠢ ᠶ᠋ᠢᠨ ᠲᠣᠯᠣᠭᠠᠢ ᠤᠯᠠᠭᠠᠨ ᠪᠣᠯᠤᠭ!》 ᠭᠡᠬᠦ ᠪᠡᠷ ᠨᠣᠶᠠᠨ ᠰᠢᠰᠢ ᠪᠣᠯᠪᠠᠰᠤᠷᠠᠬᠤ ᠳ᠋ᠠᠭᠠᠨ ᠤᠯᠠᠭᠠᠨ ᠲᠣᠯᠣᠭᠠᠢ ᠲᠠᠢ ᠪᠣᠯᠵᠠᠢ ᠭᠡᠨ᠎ᠡ᠃ ᠬᠠᠪᠤᠲᠤ ᠬᠠᠰᠠᠷ ᠬᠠᠷᠢᠶᠠᠯᠴᠢ ᠬᠠᠷ᠎ᠠ ᠰᠠᠮᠠᠭᠠᠨ ᠲᠠᠢ ᠰᠤᠨᠤᠮ᠎ᠠ ᠨᠢᠭᠡ ᠡᠳᠦᠷ ᠲᠠᠭᠤᠯᠴᠠᠭᠠᠳ ᠥᠨᠳᠥᠷ ᠮᠤᠨᠠ ᠶ᠋ᠢᠨ ᠠᠭᠤᠯᠠ ᠶ᠋ᠢᠨ ᠬᠥᠭᠡᠪᠦᠷ ᠲᠦ᠍ ᠬᠥᠭᠡᠭᠡᠵᠦ ᠭᠦᠢᠴᠡᠨ ᠱᠤᠤᠭᠢᠵᠤ ᠪᠠᠭᠤᠭᠰᠠᠨ ᠭᠤᠷᠪᠠᠳᠠᠬᠢ ᠰᠤᠮᠤ ᠨᠢ ᠬᠠᠷᠢᠶᠠᠯᠴᠢ ᠬᠠᠷ᠎ᠠ ᠰᠠᠮᠠᠭᠠᠨ ᠤ᠋ ᠡᠪᠦᠳᠦᠭ ᠦ᠋ᠨ ᠨᠢᠳᠦ ᠶ᠋ᠢ ᠨᠢ ᠰᠢᠪᠲᠤ ᠬᠠᠷᠪᠤᠪᠠ᠃ ᠬᠠᠷᠢᠶᠠᠯᠴᠢ ᠬᠠᠷ᠎ᠠ ᠰᠠᠮᠠᠭᠠᠨ ᠬᠠᠪᠢᠷᠭᠠᠯᠠᠵᠤ ᠤᠨᠠᠭᠠᠳ᠄《 ᠬᠠᠪᠤᠲᠤ ᠬᠠᠰᠠᠷ ᠬᠠᠷ᠎ᠠ ᠬᠣᠨᠢᠨ ᠤ᠋ ᠱᠥᠯᠥ ᠤᠤᠭᠤᠵᠤ ᠲᠡᠩᠬᠡᠷᠡᠭᠰᠡᠨ ᠦᠭᠡᠢ ᠪᠣᠯ ᠠᠷᠠᠢ ᠪᠢ ᠢᠩᠭᠢᠬᠦ ᠦᠭᠡᠢ》 ᠭᠡᠵᠦ ᠳᠣᠲᠣᠷ᠎ᠠ ᠪᠠᠨ ᠵᠠᠨᠤᠨ ᠬᠣᠷᠣᠰᠴᠤ᠄《 ᠬᠠᠷ᠎ᠠ ᠬᠣᠨᠢ ᠦᠷᠡᠵᠢᠬᠦ ᠪᠡᠷ ᠢ᠋ᠶ᠋ᠡᠨ ᠦᠷᠡᠵᠢ᠂ ᠵᠠᠭᠤ ᠪᠢᠲᠡᠭᠡᠢ ᠬᠥᠷ᠂ ᠬᠠᠷ᠎ᠠ ᠲᠡᠷᠢᠭᠦᠲᠡᠨ ᠵᠠᠭᠤ ᠪᠢᠲᠡᠭᠡᠢ ᠨᠠᠰᠤᠯᠠ! ᠬᠠᠪᠤᠲᠤ ᠬᠠᠰᠠᠷ ᠤ᠋ᠨ ᠰᠦᠨᠡᠰᠦ ᠨᠢ ᠵᠠᠭᠤᠷᠮᠠᠭᠯᠠ᠃ ᠬᠠᠰᠠᠷ ᠤ᠋ᠨ ᠨᠤᠭᠤᠨ ᠦᠷ᠎ᠡ ᠨᠢ ᠰᠢᠷᠬᠠᠨ ᠳ᠋ᠤ᠌ ᠦᠬᠦᠬᠦ ᠪᠣᠯᠲᠤᠭᠠᠢ᠂ ᠥᠬᠢᠨ ᠦᠷ᠎ᠡ ᠨᠢ ᠡᠷ᠎ᠡ ᠳ᠋ᠡᠭᠡᠨ ᠭᠡᠭᠡᠭᠳᠡᠲᠦᠭᠡᠢ᠂ ᠬᠠᠮᠤᠭ ᠤ᠋ᠨ ᠰᠡᠭᠦᠯ ᠳ᠋ᠡᠭᠡᠨ ᠦᠷ᠎ᠡ ᠦᠨᠳᠦᠰᠦ ᠨᠢ ᠲᠠᠰᠤᠷᠠᠭ! 》ᠭᠡᠵᠦ ᠬᠠᠷᠢᠶᠠᠯ ᠤ᠋ᠨ ᠮᠠᠭᠤ ᠪᠠᠷ ᠬᠠᠷᠢᠶᠠᠭᠠᠳ ᠦᠬᠦᠪᠡ ᠭᠡᠨ᠎ᠡ᠃ ᠲᠡᠭᠦᠨ ᠡᠴᠡ ᠬᠣᠢᠰᠢ ᠳᠡᠰ ᠬᠠᠷ᠎ᠠ ᠬᠣᠨᠢ ᠬᠡᠳᠦᠢ ᠦᠷᠡᠵᠢᠪᠡᠴᠦ ᠵᠠᠭᠤ ᠬᠦᠷᠳᠡᠭ ᠦᠭᠡᠢ ᠪᠣᠯᠤᠭᠰᠠᠨ ᠭᠡᠳᠡᠭ᠃
ᠲᠡᠭᠦᠨ ᠦ᠌ ᠳᠠᠷᠠᠭ᠎ᠠ ᠬᠠᠪᠤᠲᠤ ᠬᠠᠰᠠᠷ ᠴᠤ᠌ ᠬᠥᠯ ᠦ᠋ᠨ ᠦᠶ᠎ᠡ ᠭᠡᠰᠢᠭᠦᠦ ᠶ᠋ᠢᠨ ᠬᠠᠪᠤᠳᠠᠷᠲᠤ ᠬᠡᠷᠡᠬᠦ ᠡᠪᠡᠳᠴᠢᠨ ᠳ᠋ᠦ᠍ ᠨᠡᠷᠪᠡᠭᠳᠡᠵᠦ ᠮᠥᠨ ᠮᠤᠨᠠ ᠠᠭᠤᠯᠠᠨ ᠳ᠋ᠤ᠌ ᠨᠠᠰᠤ ᠨᠥᠭᠴᠢᠪᠡ ᠭᠡᠵᠡᠢ᠃
ᠴᠢᠩᠭᠢᠰ ᠬᠠᠭᠠᠨ ᠲᠡᠨᠳᠡ ᠡᠴᠡ ᠪᠡᠨ ᠮᠣᠷᠳᠠᠵᠤ ᠠᠷᠪᠠᠬᠠ ᠶ᠋ᠢᠨ ᠠᠭᠤᠯᠨᠨᠠ ᠡᠪᠦᠯᠵᠢᠵᠦ ᠠᠷᠪᠢᠨ ᠬᠤᠯᠠᠨ ᠠᠪᠠᠯᠠᠵᠤ ᠶᠠᠪᠤᠭᠠᠳ ᠳᠠᠷᠠᠭ᠎ᠠ ᠵᠢᠯ ᠳ᠋ᠦ᠍ᠨᠢ《ᠲᠠᠷᠮ᠎ᠠ ᠶ᠋ᠢᠨ ᠭᠡᠷ ᠲᠡᠢ᠂ ᠲᠡᠮᠡᠭᠡᠨ ᠬᠥᠰᠬᠡ ᠲᠡᠢ》 ᠬᠠᠷ᠎ᠠ ᠲᠠᠩᠭᠤᠳ ᠢ᠋ ᠳᠠᠷᠤᠵᠤ ᠳᠡᠢᠯᠦᠭᠡᠳ ᠡᠷᠬᠡᠨ ᠳ᠋ᠡᠭᠡᠨ ᠣᠷᠣᠭᠤᠯᠵᠠᠢ᠃ ᠪᠤᠴᠠᠯᠭᠠᠨ ᠳ᠋ᠠᠭᠠᠨ ᠯᠢᠦ ᠫᠠᠨ ᠱᠠᠨ ᠠᠭᠤᠯᠠᠨ ᠤ᠋ ᠬᠣᠷᠮᠣᠢ ᠳ᠋ᠠᠬᠢ ᠲᠦᠷᠢᠮᠡᠬᠡᠢ ᠪᠠᠯᠭᠠᠰᠤᠨ ᠳ᠋ᠤ᠌ ᠨᠠᠰᠤ ᠪᠠᠷᠠᠪᠠ᠃ ᠲᠡᠭᠡᠭᠡᠳ ᠴᠢᠩᠭᠢᠰ ᠬᠠᠭᠠᠨ ᠤ᠋ ᠭᠡᠭᠡᠨ ᠴᠢᠨᠳᠠᠷ ᠢ᠋ ᠬᠠᠮᠤᠭ ᠲᠦᠰᠢᠮᠡᠳ ᠨᠢ ᠬᠠᠰᠠᠭ ᠲᠡᠷᠭᠡᠨ ᠳ᠋ᠦ᠍ ᠲᠡᠭᠡᠭᠡᠭᠡᠳ ᠤᠭ ᠨᠤᠲᠤᠭ ᠪᠤᠷᠬᠠᠨ ᠬᠠᠯᠳᠤᠨ ᠠᠭᠤᠯᠠᠨ ᠳ᠋ᠤᠨᠢ ᠬᠦᠷᠭᠡᠵᠦ ᠶᠠᠪᠤᠬᠤ ᠵᠠᠭᠤᠷ᠎ᠠ ᠴᠢᠩᠭᠢᠰ ᠬᠠᠭᠠᠨ ᠤ᠋ ᠠᠮᠢᠳᠤ ᠰᠡᠷᠡᠭᠦᠨ ᠪᠠᠢᠬᠤ ᠳ᠋ᠠᠭᠠᠨ ᠥᠴᠢᠭᠰᠡᠨ ᠥᠴᠢᠯ ᠦ᠋ᠨ ᠬᠢᠨᠢ ᠰᠢᠯᠲᠠᠭᠠᠨ ᠢ᠋ᠶ᠋ᠠᠷ ᠮᠤᠨᠠ ᠶ᠋ᠢᠨ ᠬᠥᠭᠡᠪᠦᠷ ᠲᠦ᠍ ᠬᠠᠰᠠᠭ ᠲᠡᠷᠭᠡᠨ ᠦ᠌ ᠪᠤᠯᠤ ᠲᠡᠩᠭᠡᠯᠢᠭ ᠲᠡᠭᠡᠨ ᠬᠦᠷᠲᠡᠯ᠎ᠡ ᠰᠢᠭᠢᠳᠴᠦ ᠲᠠᠪᠤᠨ ᠬᠦᠯᠦᠭ ᠢ᠋ᠶ᠋ᠡᠷ ᠲᠠᠲᠠᠵᠤ ᠬᠥᠳᠡᠯᠭᠡᠵᠦ ᠡᠰᠡ ᠴᠢᠳᠠᠭᠠᠳ ᠬᠦᠷᠦ ᠶᠡᠬᠡ ᠤᠯᠤᠰ ᠵᠣᠪᠠᠬᠤ ᠳ᠋ᠤ᠌᠂ ᠰᠥᠨᠢᠳ ᠦ᠋ᠨ ᠬᠢᠯᠤᠬᠡᠲᠡᠢ ᠪᠠᠭᠠᠲᠤᠷ《 ᠬᠥᠬᠡ ᠮᠥᠩᠬᠡ ᠲᠩᠷᠢ ᠡᠴᠡ ᠵᠠᠶᠠᠭ᠎ᠠ ᠪᠠᠷ ᠲᠥᠷᠥᠭᠰᠡᠨ᠂ ᠥᠷᠯᠥᠭ ᠪᠣᠭᠳᠠ ᠡᠵᠡᠨ ᠮᠢᠨᠢ᠂ ᠬᠦᠷᠦ ᠶᠡᠬᠡ ᠤᠯᠤᠰ ᠢ᠋ᠶ᠋ᠠᠨ ᠣᠷᠬᠢᠵᠤ ᠣᠳᠪᠠ ᠴᠢ? ᠁》 ᠭᠡᠵᠦ ᠢᠳᠬᠠᠭᠰᠠᠨ ᠳ᠋ᠤ᠌ ᠬᠠᠰᠠᠭ ᠲᠡᠷᠭᠡ ᠨᠢ ᠰᠠᠶᠢ ᠬᠠᠩᠭᠢᠷᠠᠰᠤᠨ ᠬᠥᠳᠡᠯᠪᠡ ᠭᠡᠨ᠎ᠡ᠃ ᠢᠩᠭᠢᠭᠡᠳ ᠲᠡᠨᠳᠡ ᠨᠢ ᠪᠤᠶᠤ ᠣᠳᠣ ᠶ᠋ᠢᠨ ᠮᠤᠨᠠ ᠬᠣᠰᠢᠭᠤ ᠶ᠋ᠢᠨ ᠵᠡᠭᠦᠨᠲᠡᠢ ᠪᠠᠢᠭ᠎ᠠ ᠬᠥᠬᠡ ᠲᠣᠯᠣᠭᠠᠢ ᠲᠠᠢ ᠠᠭᠤᠯᠠ ᠶ᠋ᠢᠨ ᠡᠩᠭᠡᠷ ᠲᠦ᠍ ᠴᠠᠭᠠᠨ ᠭᠡᠷ ᠪᠣᠰᠬᠠᠵᠤ ᠡᠮᠦᠰᠦᠭᠰᠡᠨ ᠴᠠᠮᠴᠠ᠂ ᠥᠷᠭᠥᠭᠡ ᠭᠡᠷ᠂ ᠥᠷᠥᠭᠡᠰᠦᠨ ᠣᠢᠮᠣᠰᠤ ᠶ᠋ᠢ ᠨᠢ ᠣᠩᠭᠣᠯᠠᠨ ᠲᠠᠯᠪᠢᠭᠰᠠᠨ ᠶᠤᠮ ᠭᠡᠨ᠎ᠡ᠃ ᠴᠢᠩᠭᠢᠰ ᠬᠠᠭᠠᠨ ᠲᠠᠩᠭᠤᠳ ᠢ᠋ ᠳᠠᠢᠯᠠᠷ᠎ᠠ ᠶᠠᠪᠤᠬᠤ ᠳ᠋ᠠᠭᠠᠨ ᠮᠤᠨᠠ ᠶ᠋ᠢᠨ ᠬᠥᠬᠡᠪᠦᠷ ᠲᠦ᠍ ᠮᠠᠭᠤ ᠢᠷᠣ᠎ᠠ ᠶ᠋ᠢᠨ ᠥᠨᠥᠴᠢᠨ ᠣᠭᠣᠯᠢ ᠲᠣᠬᠢᠶᠠᠭᠰᠠᠨ ᠢ᠋ ᠬᠠᠪᠤᠲᠤ ᠬᠠᠰᠠᠷ ᠬᠠᠷᠪᠤᠵᠤ ᠡᠰᠡ ᠴᠢᠳᠠᠭᠠᠳ ᠰᠠᠢᠨ ᠪᠡᠯᠭᠡᠲᠤ ᠱᠠᠭᠠᠵᠠᠭᠠᠢ ᠶ᠋ᠢ ᠬᠠᠷᠪᠤᠭᠰᠠᠨ ᠪᠠ ᠬᠥᠮᠦᠨ ᠦ᠌ ᠬᠡᠯᠡ ᠮᠡᠳᠡᠳᠡᠭ ᠭᠠᠭᠴᠠ ᠡᠪᠡᠷ ᠲᠡᠢ ᠪᠤᠭᠤ ᠶ᠋ᠢᠨ ᠲᠣᠯᠣᠭᠠᠢ ᠲᠠᠢ᠂ ᠮᠣᠷᠢᠨ ᠰᠡᠭᠦᠯ ᠲᠡᠢ ᠰᠣᠨᠢᠨ ᠠᠮᠢᠲᠠᠨ ᠲᠣᠬᠢᠶᠠᠯᠳᠤᠭᠰᠠᠨ᠁ ᠳᠡᠭᠦᠦ ᠬᠠᠪᠤᠲᠤ ᠬᠠᠰᠠᠷ ᠢ᠋ᠶ᠋ᠠᠨ ᠬᠠᠰᠢᠶᠠᠲᠤ ᠬᠠᠭᠤᠷᠠᠢ ᠬᠤᠤᠳᠤᠭ ᠲᠤ ᠳᠠᠷᠤᠭᠰᠠᠨ᠁ ᠬᠠᠷᠢᠶᠠᠯᠴᠢ ᠬᠠᠷ᠎ᠠ ᠰᠠᠮᠠᠭᠠᠨ ᠢ᠋ ᠬᠠᠷᠪᠤᠵᠤ ᠠᠯᠠᠨ ᠴᠡᠷᠢᠭ ᠤᠷᠤᠭᠰᠢᠯᠠᠭᠰᠠᠨ᠁ ᠵᠡᠷᠭᠡ ᠲᠣᠬᠢᠶᠠᠯᠳᠤᠯ ᠢ᠋ᠶ᠋ᠠᠨ ᠰᠠᠨᠠᠵᠤ ᠭᠠᠪᠢᠶᠠᠲᠤ ᠬᠠᠪᠤᠲᠤ ᠬᠠᠰᠠᠷ ᠳᠡᠭᠦᠦ ᠶ᠋ᠢᠨ ᠢ᠋ᠶ᠋ᠡᠨ ᠰᠦᠨᠡᠰᠦᠨ ᠳ᠋ᠦ᠍ ᠡᠷᠭᠢᠵᠦ ᠬᠠᠭᠠᠨ ᠬᠦᠨᠳᠦ ᠪᠡᠶ᠎ᠡ ᠨᠢ ᠡᠨᠳᠡ ᠡᠴᠡ ᠶᠠᠪᠤ ᠶᠠᠳᠠᠭᠰᠠᠨ ᠶᠤᠮ ᠠ᠋! ᠁ ᠭᠡᠵᠦ ᠮᠡᠷᠭᠡᠨ ᠴᠠᠭᠠᠨ ᠯᠠᠮᠠᠬᠠᠢ ᠬᠠᠭᠤᠴᠢᠯᠠᠵᠤ ᠪᠠᠢᠭᠰᠠᠨ᠃
ᠲᠡᠢᠨ ᠬᠦ᠌ ᠬᠣᠰᠢᠭᠤ ᠣᠪᠣᠭ᠎ᠠ ᠪᠣᠯ ᠬᠠᠪᠤᠲᠤ ᠬᠠᠰᠠᠷ ᠢ᠋ ᠣᠩᠭᠣᠯᠠᠭᠰᠠᠨ ᠣᠩᠭᠣᠨ ᠨᠢ ᠭᠡᠮᠡᠷ ᠲᠣᠭᠰᠢᠨ ᠣᠪᠣᠭ᠎ᠠ ᠪᠣᠯᠵᠤ ᠤᠷᠠᠳ ᠤ᠋ᠳ ᠰᠦᠵᠢᠭᠯᠡᠨ ᠳᠠᠬᠢᠳᠠᠭ ᠶᠤᠮ᠃ ᠲᠡᠷᠡ ᠮᠥᠷᠲᠡᠭᠡᠨ ᠬᠠᠷᠢᠶᠠᠯᠴᠢ ᠬᠠᠷ᠎ᠠ ᠰᠠᠮᠠᠭᠠᠨ ᠡᠮ᠎ᠡ ᠬᠦᠢᠰᠦ ᠲᠡᠢ ᠠᠳᠡᠯᠡ ᠪᠡᠨ ᠴᠡᠭᠡᠵᠢᠨ ᠳ᠋ᠡᠭᠡᠨ ᠬᠠᠷ᠎ᠠ ᠦᠰᠦᠲᠡᠢ ᠪᠠᠢᠵᠠᠢ᠃ ᠬᠠᠪᠤᠲᠤ ᠬᠠᠰᠠᠷ ᠬᠠᠰᠢᠶᠠᠲᠤ ᠬᠠᠭᠤᠷᠠᠢ ᠬᠤᠳᠳᠤᠭ ᠲᠤ ᠳᠠᠷᠤᠭᠳᠠᠵᠤ ᠪᠠᠢᠬᠤ ᠳ᠋ᠠᠭᠠᠨ ᠪᠤᠬ᠎ᠠ ᠭᠥᠷᠦᠭᠡᠰᠦᠨ ᠦ᠌ ᠮᠢᠬ᠎ᠠ ᠪᠠᠷ ᠥᠯ ᠵᠠᠯᠭᠠᠵᠤ ᠪᠠᠢᠭᠰᠠᠨ ᠪᠣᠯᠬᠣᠷ ᠮᠤᠨᠠ ᠬᠣᠰᠢᠭᠤ ᠣᠪᠣᠭ᠎ᠠ ᠶ᠋ᠢ ᠴᠡᠭᠡᠵᠢᠨ ᠳ᠋ᠡᠭᠡᠨ ᠦᠰᠦᠲᠡᠢ ᠬᠥᠮᠦᠨ ᠢ᠋ ᠵᠣᠯᠢᠭᠯᠠᠵᠤ ᠳᠠᠬᠢᠳᠠᠭ ᠪᠠᠢᠭᠰᠠᠨ ᠪᠠ ᠰᠡᠭᠦᠯ ᠳ᠋ᠡᠭᠡᠨ ᠪᠤᠬ᠎ᠠ ᠠᠯᠠᠵᠤ ᠲᠠᠬᠢᠬᠤ ᠪᠣᠯᠤᠭᠰᠠᠨ ᠭᠡᠵᠦ ᠨᠠᠰᠤᠲᠠᠢ ᠲᠣᠮᠤᠭᠠᠲᠠᠳ ᠬᠠᠭᠤᠴᠢᠯᠲᠠᠭ ᠪᠢᠯᠡ᠃
ᠮᠢᠩᠭᠠᠨᠪᠤᠤ ᠬᠣᠰᠢᠭᠤ ᠣᠪᠣᠭᠠᠨ ᠳ᠋ᠤ᠌ ᠲᠠᠩᠳᠠ ᠲᠠᠬᠢᠯ ᠡᠷᠭᠦᠨ ᠰᠦᠵᠢᠭᠯᠡᠨ ᠮᠥᠷᠭᠥᠳᠡᠭ ᠦ᠋ᠨ ᠤᠴᠢᠷ ᠡᠢᠮᠦ᠃
ᠮᠠᠷᠭᠠᠲᠤᠷ ᠤ᠋ᠨ ᠬᠢᠨᠢ ᠨᠠᠷᠠ ᠦᠳᠡ ᠬᠡᠯᠪᠡᠢᠬᠦ ᠠᠶᠠᠳᠬᠤ ᠳ᠋ᠤ᠌ ᠪᠠᠭ᠎ᠠ ᠬᠠᠲᠤᠨ ᠢ᠋ ᠠᠰᠠᠷᠠᠵᠤ ᠶᠠᠪᠤᠭᠰᠠᠨ ᠪᠠᠷᠠᠭᠤᠨ ᠲᠤᠰᠠᠯᠠᠭᠴᠢ ᠮᠢᠩᠭᠠᠨᠪᠤᠤ ᠤᠯᠠᠭᠠᠨ ᠬᠠᠲᠤᠨ ᠤ᠋ ᠳᠠᠷᠠᠰᠤᠲᠠᠢ ᠪᠤᠯᠤᠩ ᠳ᠋ᠤ᠌ ᠵᠤᠰᠠᠭᠰᠠᠨ ᠨᠣᠶᠠᠨ ᠰᠠᠩ ᠤ᠋ᠨ ᠵᠤᠰᠠᠭᠠᠯ ᠳ᠋ᠤ᠌ ᠭᠠᠨᠵᠤᠭ᠎ᠠ ᠲᠠᠢ ᠪᠠᠭᠤᠵᠤ ᠣᠴᠢᠯ᠎ᠠ᠃
ᠦᠰᠦᠭ ᠠᠮᠢᠯᠠᠭᠤᠯᠤᠭᠰᠠᠨ ᠨᠢ᠄ ᠴᠣᠯᠮᠣᠨᠲᠤᠶᠠᠭ᠎ᠠ᠂ ᠠᠯᠲᠠᠨᠴᠢᠮᠡᠭ᠂ ᠣᠳᠣᠨᠬᠤᠸᠠᠷ᠂ ᠪᠠᠭᠠᠲᠤᠷ
ᠬᠢᠨᠠᠭᠴᠢ᠄ ᠳᠠᠪᠰᠢᠯᠲᠦ
