ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠠᠷᠪᠠᠨ ᠬᠣᠶᠠᠷ> Хан мунын сүүрс < дээд > – Мөнх зохиоов ᠂ Тэргүүн бодь – Нэгдүгээр бүлэг <12> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠠᠷᠪᠠᠨ ᠬᠣᠶᠠᠷ> Хан мунын сүүрс < дээд > – Мөнх зохиоов ᠂ Тэргүүн бодь – Нэгдүгээр бүлэг <12>

ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠠᠷᠪᠠᠨ ᠬᠣᠶᠠᠷ> Хан мунын сүүрс < дээд > – Мөнх зохиоов ᠂ Тэргүүн бодь – Нэгдүгээр бүлэг <12>

ᠠᠩᠭᠢᠯᠠᠯ:ᠲᠤᠭᠤᠵᠢ ᠷᠣᠮᠠᠨ
2024-05-11

347

ᠲᠡᠷᠢᠭᠦᠨ ᠪᠣᠲᠢ – ᠨᠢᠭᠡᠳᠦᠭᠡᠷ ᠪᠦᠯᠦᠭ < ᠠᠷᠪᠠᠨ ᠬᠣᠶᠠᠷ >


                  ᠠᠷᠪᠠᠨ ᠬᠣᠶᠠᠷ  

       ᠰᠣᠯᠢ ᠶ᠋ᠢᠨ ᠭᠣᠣᠯ ᠤ᠋ᠨ ᠰᠠᠪᠠ ᠪᠠᠷ ᠰᠠᠭᠰᠠᠯᠵᠠᠭᠰᠠᠨ ᠪᠤᠷᠭᠠᠰᠤ᠂ ᠤᠳᠠᠨ ᠤ᠋ ᠮᠥᠴᠢᠷ ᠭᠥᠯᠥᠭᠡᠯᠡᠵᠦ᠂ ᠣᠭ᠌ᠶᠤ ᠱ᠌ᠢᠷᠦ ᠤᠨᠵᠢᠯᠭ᠎ᠠ ᠪᠠᠨ ᠣᠳᠣ ᠪᠠᠷ ᠢ᠋ᠶ᠋ᠠᠨ ᠶᠠᠩᠵᠤᠯᠠᠨ ᠵᠡᠭᠦᠵᠦ ᠨᠠᠢᠭᠠᠳ ᠭᠠᠩᠬᠤᠬᠤ ᠭᠡᠰᠡᠨ ᠬᠡᠦᠬᠡᠨ ᠰᠢᠭ ᠬᠠᠷᠠᠭᠳᠠᠬᠤ ᠳ᠋ᠤ᠌ ᠡᠩᠭᠡᠷ ᠬᠠᠵᠠᠭᠤ ᠶ᠋ᠢᠨ ᠭᠦᠢᠯᠡᠰᠦᠨ ᠴᠡᠴᠡᠭ ᠶᠠᠭᠠᠷᠠᠨ ᠳᠡᠯᠭᠡᠷᠡᠭᠰᠡᠨ ᠨᠢ ᠪᠠᠢᠭᠠᠯᠢ ᠶ᠋ᠢᠨ ᠭᠠᠩᠭᠠᠩ ᠴᠣᠭᠴᠠᠰ ᠤ᠋ᠨ ᠭᠣᠶᠣ ᠬᠡᠭᠡᠨᠴᠢᠷ ᠢ᠋ ᠭᠠᠢᠬᠠᠭᠤᠯᠤᠨ᠎ᠠ᠃ 
       ᠵᠠᠯᠬᠠᠭᠤᠲᠠᠢ ᠨᠡᠭᠡᠭᠡᠬᠦ ᠬᠠᠪᠤᠷ ᠤ᠋ᠨ ᠨᠠᠷᠠᠨ ᠤ᠋ ᠢᠯᠴᠢ ᠮᠣᠷᠢᠨ ᠳᠡᠭᠡᠷ᠎ᠡ ᠤᠳᠠᠭᠠᠨ ᠰᠠᠵᠢᠯᠠᠭᠤᠯᠤᠭᠰᠠᠨ ᠬᠥᠮᠦᠨ ᠢ᠋ ᠥᠯᠥᠭᠡᠢ ᠳ᠋ᠦ᠍ ᠪᠦᠪᠡᠢᠯᠡᠭᠳᠡᠭᠰᠡᠨ ᠨᠢᠯᠬ᠎ᠠ ᠬᠡᠦᠬᠡᠳ ᠰᠢᠭ ᠠᠷᠭ᠎ᠠ ᠦᠭᠡᠢ ᠨᠣᠢᠷ ᠬᠦᠷᠭᠡᠬᠦ ᠨᠢ ᠬᠡᠴᠡᠭᠦᠦ᠃  
       ᠠᠩᠴᠢᠨᠵᠠᠪ ᠡᠳᠡ ᠭᠤᠷᠪᠠᠭᠤᠯᠠ ᠭᠠᠯ ᠨᠡᠢᠯᠡᠵᠦ ᠬᠠᠨᠢᠰᠠᠬᠤ ᠳ᠋ᠠᠭᠠᠨ ᠮᠣᠷᠢᠨ ᠳᠡᠭᠡᠷ᠎ᠡ ᠮᠥᠨ ᠴᠦ᠍ ᠣᠯᠠᠨ ᠬᠣᠨᠣᠭ ᠱᠣᠭᠰᠢᠭᠤᠯᠪᠠ᠃ ᠲᠠᠮᠢᠷ ᠰᠢᠷᠪᠥᠰᠥ ᠪᠡᠷ ᠢ᠋ᠶ᠋ᠡᠨ ᠠᠷᠠᠢ ᠪᠥᠬᠡᠵᠢᠭᠡᠳᠦᠢ ᠠᠩᠴᠢᠨᠵᠠᠪ ᠡᠨᠡ ᠬᠣᠶᠠᠷ ᠰᠠᠢᠨ ᠡᠷ᠎ᠡ ᠶ᠋ᠢᠨ ᠬᠠᠶᠠ ᠳ᠋ᠠᠭᠠᠨ ᠵᠣᠷᠢᠭᠤᠳᠠ ᠲᠡᠭᠦᠨ ᠢ᠋ ᠬᠠᠷᠠᠳᠠᠬᠤ ᠰᠢᠭ᠋ ᠤᠨᠲᠠᠯᠭ᠎ᠠ ᠬᠡᠪᠲᠡᠯᠭᠡ ᠦᠭᠡᠢ᠂ ᠢᠳᠡᠯᠭᠡ ᠤᠤᠭᠤᠯᠭ᠎ᠠ ᠦᠭᠡᠢ ᠱᠣᠭᠰᠢᠳᠠᠭ ᠬᠠᠲᠠᠭᠤ ᠬᠠᠯᠠ ᠶ᠋ᠢ ᠵᠠᠷᠢᠮ ᠳ᠋ᠠᠭᠠᠨ ᠲᠡᠰᠪᠦᠷᠢᠯᠡᠮ᠎ᠡ ᠦᠭᠡᠢ ᠠᠵᠢ᠃ ᠨᠠᠷᠠᠨ ᠤ᠋ ᠢᠯᠴᠢ ᠠᠩᠴᠢᠨᠵᠠᠪ ᠤ᠋ᠨ ᠳᠤᠬᠤ ᠰᠢᠯᠢ᠂ ᠳᠠᠯᠤ ᠮᠥᠷᠥ ᠶ᠋ᠢ ᠠᠶᠠᠲᠠᠢᠬᠠᠨ ᠰᠢᠷᠠᠬᠤ ᠳ᠋ᠤ᠌ ᠬᠠᠶᠠ ᠲᠡᠷᠡ ᠪᠡᠷ ᠪᠦᠭᠦᠷᠭᠡ ᠪᠡᠨ ᠲᠡᠪᠡᠷᠢᠭᠡᠳ ᠦᠷᠭᠡᠯᠡᠨ᠎ᠡ᠃  
       — ᠬᠥᠶᠢ! ᠲᠡᠷᠡ᠂ ᠲᠡᠷᠡ ᠳᠠᠬᠢ ᠶ᠋ᠢᠨ ᠤᠳᠤᠮ ᠲᠠᠢ ᠰᠦᠷᠦᠭ! ᠭᠡᠵᠦ ᠯᠠᠮᠠᠬᠦᠦ ᠬᠠᠰᠬᠢᠷᠤᠭᠰᠠᠨ ᠳ᠋ᠤ᠌ ᠠᠩᠴᠢᠨᠵᠠᠪ ᠳᠠᠪ ᠬᠢᠨ ᠰᠣᠴᠢᠵᠤ ᠪᠡᠶ᠎ᠡ ᠶ᠋ᠢ ᠨᠢ ᠣᠷᠢᠶᠠᠭᠰᠠᠨ ᠬᠣᠪᠳᠣᠭ ᠨᠣᠢᠷ ᠨᠢ ᠰᠡᠷᠭᠦᠪᠡ᠃ 
       ᠮᠣᠷᠢᠲᠠᠢ ᠬᠥᠮᠦᠨ ᠡᠴᠡ ᠦᠷᠭᠦᠭᠰᠡᠨ ᠬᠤᠸᠠ ᠬᠠᠯᠲᠠᠷ ᠴᠥᠭᠡᠬᠡᠨ ᠬᠠᠯᠢᠭᠤᠨ ᠲᠠᠢ ᠬᠣᠷᠢ ᠭᠤᠴᠢᠭᠠᠳ ᠵᠡᠷᠯᠢᠭ ᠠᠳᠤᠭᠤ ᠲᠣᠭᠣᠰᠣ ᠲᠡᠳᠡᠨ ᠪᠢᠵᠢᠭᠢᠨᠡᠵᠦ ᠨᠢᠳᠦ ᠢᠷᠮᠡᠬᠦ ᠶ᠋ᠢᠨ ᠵᠠᠭᠤᠷ᠎ᠠ ᠨᠢᠭᠡ ᠪᠥᠭᠡᠮ ᠰᠢᠷ᠎ᠠ ᠲᠣᠭᠣᠰᠣ ᠣᠷᠬᠢᠴᠢᠬᠠᠭᠠᠳ ᠰᠣᠯᠢ ᠶ᠋ᠢᠨ ᠬᠢᠷ᠎ᠠ ᠳᠠᠪᠠᠨ ᠠᠷᠢᠯᠪᠠ᠃ 
      ᠲᠡᠷᠡ ᠪᠤᠵᠢᠭᠢᠨᠠᠭᠰᠠᠨ ᠲᠣᠭᠣᠰᠣ ᠶ᠋ᠢ ᠰᠢᠪᠲᠤᠯᠤᠨ ᠭᠤᠷᠪᠠᠨ ᠵᠤᠷᠪᠤᠰ ᠱᠤᠭᠤᠮᠳᠠᠭᠰᠠᠨ ᠰᠢᠭ᠋ ᠨᠠᠷᠢᠨ ᠲᠣᠭᠣᠰᠣ ᠪᠣᠰᠴᠤ ᠬᠢᠭᠢᠯᠢ ᠶ᠋ᠢᠨ ᠶᠣᠩᠬᠣᠷ ᠢ᠋ ᠨᠢᠰᠠᠯᠤᠨ ᠬᠥᠭᠵᠢᠮ ᠡᠭᠦᠰᠬᠡᠭᠰᠡᠨ ᠮᠡᠲᠦ ᠠᠭᠲᠠ ᠶ᠋ᠢᠨ ᠲᠦᠪᠡᠷᠭᠡᠨ ᠪᠣᠯᠵᠤ ᠪᠢᠵᠢᠬᠢᠨᠠᠪᠠ᠃ 
      ᠪᠠᠶᠠᠷᠲᠤ ᠶ᠋ᠢᠨ ᠤᠨᠤᠭᠰᠠᠨ ᠥᠨᠳᠥᠷ ᠴᠡᠭᠡᠵᠢ ᠲᠡᠢ ᠬᠠᠯᠲᠠᠷ ᠬᠡᠭᠡᠷ ᠳᠠᠬᠢ ᠶ᠋ᠢᠨ ᠠᠵᠢᠷᠭᠠᠲᠤ ᠶ᠋ᠢᠨ ᠬᠣᠢᠨ᠎ᠠ ᠠ᠋ᠴᠠ ᠪᠥᠭᠰᠡᠳᠡᠵᠦ ᠣᠴᠢᠭᠰᠠᠨ ᠪᠣᠯᠪᠠᠴᠤ ᠴᠠᠭᠠᠭᠤᠷ ᠨᠢ ᠡᠷᠭᠢᠭᠦᠯᠵᠦ ᠪᠤᠴᠠᠭᠠᠶ᠎ᠠ ᠭᠡᠰᠡᠨ ᠨᠢ ᠦᠯᠦ ᠪᠦᠲᠦᠨ ᠤᠯᠠᠮ ᠦᠷᠭᠦᠭᠡᠨ ᠣᠮ ᠬᠣᠮ ᠦᠭᠡᠢ ᠳᠠᠪᠬᠢᠨ ᠠᠯᠠᠭ᠎ᠠ ᠪᠣᠯᠪᠠ᠃ ᠨᠥᠭᠦᠭᠡ ᠬᠠᠷ᠎ᠠ ᠬᠡᠭᠡᠷ ᠪᠠ ᠠᠩᠴᠢᠨᠵᠠᠪ ᠤ᠋ᠨ ᠬᠦᠷᠡᠩ ᠦᠷᠢᠶ᠎ᠡ ᠳᠠᠬᠢ ᠶ᠋ᠢᠨ ᠠᠵᠢᠷᠭᠠᠲᠤ ᠶ᠋ᠢᠨ ᠲᠣᠭᠣᠰᠣ ᠶ᠋ᠢ ᠴᠦ᠍ ᠦᠨᠦᠷᠯᠡᠭᠡ ᠦᠭᠡᠢ᠂ ᠶᠣᠰᠣᠲᠠᠢ ᠯᠠ ᠨᠤᠲᠤᠭ ᠳᠡᠭᠡᠷ᠎ᠡ ᠪᠡᠨ ᠬᠣᠴᠣᠷᠴᠠᠢ᠃ 
       ᠭᠤᠷᠪᠠᠭᠤᠯᠠ ᠳᠡᠮᠡᠢ ᠳᠠᠪᠬᠢᠵᠤ ᠤᠨᠤᠭᠰᠠᠨ ᠮᠣᠷᠢᠨ ᠤ᠋ ᠪᠠᠨ ᠬᠠᠷ᠎ᠠ ᠬᠥᠯᠥᠰᠥ ᠶ᠋ᠢ ᠰᠢᠪᠬᠠᠭᠰᠠᠨ ᠰᠢᠭ᠋ ᠪᠣᠯᠪᠠ᠃ 
       — ᠠ᠂ ᠮᠥᠨ ᠬᠡᠴᠡᠭᠦᠦ ᠬᠤᠷᠳᠤᠨ ᠠᠳᠤᠭᠤᠰᠤ ᠨᠤᠭᠤᠳ ᠶᠤᠮ ᠠ᠋!  ᠳᠠᠭᠠᠷᠢᠵᠤ ᠭᠠᠷᠤᠭᠠᠳ ᠪᠤᠴᠠᠭᠠᠶ᠎ᠠ ᠭᠡᠬᠦ ᠳ᠋ᠦ᠍ ᠳᠠᠩᠴᠤ ᠨᠢᠭᠡ ᠬᠦᠴᠦ ᠮᠡᠬᠦᠰᠳᠡᠭᠡᠳ᠁ ᠰᠦᠷᠦᠭ ᠦ᠋ᠨ ᠡᠴᠦᠰ ᠲᠦ᠍ ᠳᠠᠪᠬᠢᠭᠰᠠᠨ ᠬᠠᠯᠲᠠᠷ ᠬᠠᠯᠢᠭᠤᠨ ᠪᠠᠢᠳᠠᠰᠤ ᠶ᠋ᠢ ᠨᠣᠭᠲᠣᠯᠠᠴᠢᠬᠠᠶ᠎ᠠ ᠭᠡᠳ ᠵᠠᠳᠠᠭᠠᠢ ᠨᠣᠭᠲᠣ ᠰᠢᠳᠡᠭᠰᠡᠨ ᠴᠢᠨᠢ ᠪᠠᠢᠨ᠎ᠠ ᠤᠤ᠂ ᠨᠣᠭᠲᠣ ᠶ᠋ᠢᠨ ᠲᠣᠯᠣᠭᠠᠢ ᠬᠠᠯᠲᠠᠷ ᠬᠠᠯᠢᠭᠤᠨ ᠤ᠋ ᠬᠣᠨᠳᠣᠯᠠᠢ ᠳᠡᠭᠡᠷ᠎ᠡ ᠨᠢ ᠲᠣᠰᠤᠭᠠᠳ ᠨᠣᠭᠲᠣᠯᠠᠭᠰᠠᠨ ᠶᠠᠭᠤᠮ᠎ᠠ ᠪᠠᠢᠬᠤ ᠦᠭᠡᠢ᠂ ᠬᠠᠷᠢᠨ ᠴᠦ᠍《 ᠬᠤᠷᠳᠤᠨ ᠴᠠᠭᠠᠰᠢ ᠳᠤᠲᠠᠭ᠎ᠠ!》 ᠭᠡᠵᠦ ᠬᠣᠨᠳᠣᠯᠠᠢ ᠳᠡᠭᠡᠷ᠎ᠡ ᠨᠢ ᠲᠠᠰᠢᠭᠤᠷ ᠨᠡᠮᠡᠭᠰᠡᠨ ᠰᠢᠭ ᠬᠣᠴᠣᠷᠤᠯ᠎ᠠ᠃ ᠲᠡᠭᠡᠭᠡᠳ ᠥᠨᠥᠬᠢ ᠨᠦ᠍ᠭᠦᠳ ᠢ᠋ ᠪᠦᠷ ᠴᠦ᠍ ᠦᠷᠭᠦᠭᠡᠪᠡ᠃            ᠠ᠂ ᠢᠯᠡᠢ ᠠ᠋! ᠭᠡᠵᠦ ᠭᠡᠵᠦ ᠪᠠᠶᠠᠷᠲᠤ ᠡᠷᠡᠦ ᠪᠡᠨ ᠰᠢᠪᠲᠤᠷᠠᠨ᠎ᠠ᠃   
       一 ᠭᠤᠨᠠᠨ ᠪᠠᠳᠠᠢ ᠬᠠᠮᠲᠤ ᠶᠠᠪᠤᠭᠰᠠᠨ ᠪᠣᠯ ᠪᠠᠰᠠ ᠨᠢᠭᠡ ᠰᠠᠢᠨ ᠠᠭᠲᠠ ᠤᠷᠭᠠᠯᠠᠴᠢᠬᠠᠭᠰᠠᠨ ᠴᠤ᠌ ᠶᠠᠭᠤ ᠮᠠᠭᠠᠳ᠃ ᠠᠢ ᠳᠠ᠂ ᠣᠴᠣᠭ ᠤ᠋ᠨ ᠭᠤᠷᠪᠠᠨ ᠴᠢᠯᠠᠭᠤ ᠰᠢᠭ᠋ ᠭᠤᠷᠪᠠᠭᠤᠯᠠ ᠪᠠᠨ ᠲᠣᠭᠣᠭ᠎ᠠ ᠪᠠᠨ ᠲᠡᠩᠨᠡᠭᠦᠨ ᠲᠤᠯᠤᠭᠠᠳ ᠠᠪᠳᠠᠭ ᠴᠤ᠌ ᠪᠣᠯᠤᠭᠠᠰᠠᠢ ᠳᠠ! ᠢᠩᠭᠢᠬᠦ ᠳ᠋ᠦ᠍ ᠨᠢᠭᠡ ᠪᠡᠨ ᠡᠵᠡᠭᠦᠢ ᠳ᠋ᠦ᠍ ᠳᠣᠭᠣᠯᠠᠩ ᠰᠢᠦ ᠪᠣᠯᠵᠤ ᠣᠷᠬᠢᠭᠠᠳ᠁ ᠭᠡᠵᠦ ᠯᠠᠮᠠᠬᠦᠦ ᠭᠤᠨᠠᠨ ᠪᠠᠳᠠᠢ ᠶ᠋ᠢ ᠦᠭᠡᠢᠯᠡᠨ ᠰᠠᠨᠠᠭᠠᠯᠵᠠᠵᠤ ᠶᠠᠷᠢᠭᠰᠠᠨ ᠶᠠᠷᠢᠶᠠᠨ ᠳ᠋ᠤ᠌ ᠥᠷᠭᠡᠰᠦᠲᠡᠢ ᠦᠭᠡ ᠬᠠᠪᠴᠢᠭᠳᠠᠵᠤ ᠲᠡᠭᠦᠨ ᠢ᠋ ᠬᠥᠮᠦᠨ ᠦ᠌ ᠲᠣᠭᠠᠨ ᠳ᠋ᠤ᠌ ᠪᠣᠳᠣᠭ᠎ᠠ ᠦᠭᠡᠢ ᠬᠠᠷᠢᠨ᠂《ᠡᠨᠡ ᠭᠡᠵᠦ ᠨᠢᠭᠡ ᠬᠥᠮᠦᠨ ᠦ᠌ ᠣᠷᠣᠨᠴᠣᠭ᠂ ᠪᠢᠳᠡᠨ ᠢ᠋ ᠳᠠᠭᠠᠵᠤ ᠳᠡᠷᠪᠡᠬᠦ ᠡᠴᠡ ᠴᠠᠭᠠᠰᠢ ᠨᠡᠮᠡᠷᠢ ᠦᠭᠡᠢ》 ᠭᠡᠰᠡᠨ ᠰᠠᠨᠠᠭ᠎ᠠ ᠨᠢᠭᠤᠭᠳᠠᠭᠰᠠᠨ ᠢ᠋ ᠨᠡᠪᠲᠡ ᠣᠢᠯᠠᠭᠠᠭᠰᠠᠨ ᠠᠩᠴᠢᠨᠵᠠᠪ᠄  
       一 ᠪᠢ ᠴᠦ᠍ ᠡᠷ᠎ᠡ ᠬᠥᠮᠦᠨ ᠦ᠌ ᠲᠣᠭᠠᠨ ᠳ᠋ᠤ᠌ ᠣᠷᠣᠬᠤ ᠦᠭᠡᠢ ᠨᠢ ᠠ᠋᠃ ᠣᠴᠣᠭ ᠤ᠋ᠨ ᠭᠤᠷᠪᠠᠨ ᠴᠢᠯᠠᠭᠤᠨ ᠤ᠋ ᠥᠷᠥᠭᠡᠰᠦᠨ ᠨᠢᠭᠡ ᠪᠡᠷ ᠲᠣᠭᠣᠭ᠎ᠠ ᠶ᠋ᠢ ᠲᠡᠩᠨᠡᠭᠦᠨ ᠲᠤᠯᠬᠤ ᠳ᠋ᠤ᠌ ᠶᠠᠭᠤ ᠨᠢ ᠳᠤᠲᠠᠪᠠ? ᠭᠡᠵᠦ ᠪᠡᠶ᠎ᠡ ᠪᠡᠨ ᠡᠷᠭᠦᠨ ᠨᠥᠭᠦᠭᠡ ᠬᠣᠶᠠᠷ ᠲᠤ᠌ ᠭᠣᠮᠣᠷᠬᠠᠭᠰᠠᠨ ᠦᠭᠡ ᠠᠮᠰᠠᠭᠤᠯᠪᠠ᠃  
       一 ᠳᠡᠭᠦᠦ ᠮᠢᠨᠢ᠂ ᠴᠢ ᠠᠯᠢ ᠨᠢᠭᠡ ᠡᠳᠦᠷ ᠡᠷ᠎ᠡ ᠶ᠋ᠢᠨ ᠰᠠᠢᠨ ᠢ᠋ᠶ᠋ᠠᠷ ᠲᠠᠨᠢᠭᠳᠠᠬᠤ ᠨᠢ ᠯᠠᠪ! ᠣᠳᠣ ᠴᠢ ᠠᠷᠠᠢ ᠢᠳᠡᠭᠡᠰᠢᠭᠡᠳᠦᠢ ᠭᠡᠵᠦ ᠪᠠᠶᠠᠷᠲᠤ ᠠᠩᠴᠢᠨᠵᠠᠪ ᠤ᠋ᠨ ᠮᠥᠷᠥ ᠶ᠋ᠢ ᠲᠠᠪᠰᠢᠨ ᠢᠨᠢᠶᠡᠪᠡ᠃ ᠠᠩᠴᠢᠨᠵᠠᠪ ᠲᠡᠭᠦᠨ ᠦ᠌ ᠪᠠᠰᠤᠭᠰᠠᠨ ᠦᠭᠡᠨ ᠳ᠋ᠦ᠍ ᠠᠲᠠᠭᠠᠷᠬᠠᠵᠤ᠄    
       一 ᠪᠢ ᠲᠡᠷᠡ ᠬᠠᠯᠲᠠᠷ ᠬᠡᠭᠡᠷ ᠢ᠋ ᠴᠢᠨᠢ ᠤᠨᠤᠭᠰᠠᠨ ᠪᠣᠯ ᠳᠠᠬᠢ ᠶ᠋ᠢᠨ ᠬᠠᠯᠲᠠᠷ ᠬᠠᠯᠢᠭᠤᠨ ᠳᠠᠭ᠎ᠠ ᠠ᠋ᠴᠠ ᠨᠢᠭᠡ ᠶ᠋ᠢ ᠮᠣᠷᠢᠨ ᠳᠡᠭᠡᠷ᠎ᠡ ᠡᠴᠡ ᠰᠡᠭᠦᠯᠳᠡᠵᠦ ᠤᠨᠠᠭᠠᠨ᠎ᠠ᠁ ᠭᠡᠵᠦ ᠣᠮᠣᠭᠣᠯᠠᠩ ᠳᠤᠤᠭᠠᠷᠪᠠ᠃    
       一 ᠵᠠ᠂ ᠳᠡᠭᠦᠦ ᠮᠢᠨᠢ᠂ ᠲᠡᠭᠡᠪᠡᠯ ᠮᠠᠷᠭᠠᠲᠤᠷ ᠡᠨᠡ ᠦᠶ᠎ᠡ ᠳ᠋ᠦ᠍ ᠳᠠᠬᠢ ᠶ᠋ᠢᠨ ᠠᠵᠢᠷᠭᠠᠲᠤ ᠶ᠋ᠢᠨ ᠰᠦᠷᠦᠭ ᠮᠥᠨ ᠡᠨᠡ ᠬᠠᠪᠢ ᠪᠠᠷ ᠤᠰᠤᠨ ᠳ᠋ᠤ᠌ ᠣᠷᠣᠵᠤ ᠢᠷᠡᠬᠦ ᠪᠠᠢᠬ᠎ᠠ! ᠲᠡᠭᠡᠬᠦ ᠳ᠋ᠦ᠍ ᠴᠢᠮ᠎ᠠ ᠳ᠋ᠤ᠌ ᠬᠠᠯᠲᠠᠷ ᠬᠡᠭᠡᠷ ᠢ᠋ ᠥᠭᠭᠦᠶ᠎ᠡ! ᠤᠰᠤ ᠤᠤᠭᠤᠭᠰᠠᠨ ᠬᠣᠢᠨ᠎ᠠ ᠨᠢ ᠨᠢᠭᠡ ᠨᠡᠬᠡᠵᠦ ᠦᠵᠡ ᠳᠡ!ᠳᠠᠬᠢ ᠶ᠋ᠢᠨ ᠬᠠᠯᠲᠠᠷ ᠬᠠᠯᠢᠭᠤᠨ ᠳᠠᠭ᠎ᠠ ᠰᠡᠭᠦᠯᠳᠡᠵᠦ ᠳᠠᠷᠤᠬᠤ ᠶ᠋ᠢ ᠴᠢᠨᠢ ᠬᠠᠷᠠᠶ᠎ᠠ ᠪᠠᠢᠵᠠ! ᠭᠡᠵᠦ ᠯᠠᠮᠠᠬᠦᠦ ᠪᠠᠶᠠᠷᠲᠤ ᠶ᠋ᠢ ᠬᠠᠷᠠᠭᠠᠳ ᠠᠩᠴᠢᠨᠵᠠᠪ ᠢ᠋ ᠶᠥᠭᠡᠳᠡᠩᠭᠦᠢ ᠬᠡᠯᠡᠪᠡ᠃ 
       ᠮᠠᠷᠭᠠᠲᠤᠷ ᠨᠢ ᠪᠠᠭ᠎ᠠ ᠦᠳᠡ ᠬᠡᠯᠪᠡᠢᠬᠦ ᠠᠯᠲᠠ ᠪᠠᠷ ᠭᠤᠴᠢᠭᠠᠳ ᠳᠠᠬᠢ ᠶ᠋ᠢᠨ ᠠᠵᠢᠷᠭᠠᠲᠤ ᠶ᠋ᠢᠨ ᠰᠦᠷᠦᠭ ᠤᠰᠤᠨ ᠳ᠋ᠤ᠌ ᠣᠷᠣᠵᠤ ᠢᠷᠡᠪᠡ᠃  
       ᠠᠩᠴᠢᠨᠵᠠᠪ ᠡᠨᠡ ᠲᠣᠬᠢᠶᠠᠯ ᠢ᠋ ᠬᠦᠯᠢᠶᠡᠵᠦ ᠶᠠᠳᠠᠨ ᠪᠠᠢᠲᠠᠯ᠎ᠠ ᠠᠰᠢᠭᠦᠢ ᠬᠦᠷᠦᠭᠡᠳ ᠢᠷᠡᠯ᠎ᠡ᠃ ᠲᠡᠷᠡ ᠳᠣᠭᠳᠣᠯᠤᠯ ᠢ᠋ᠶ᠋ᠠᠨ ᠳᠠᠷᠤᠵᠤ ᠶᠠᠳᠠᠨ ᠬᠥᠪᠬᠡᠯᠵᠡᠵᠦ᠂《ᠠᠭᠲᠠ ᠶ᠋ᠢᠨ ᠨᠢᠷᠤᠭᠤᠨ ᠳᠡᠭᠡᠷ᠎ᠡ ᠡᠴᠡ ᠤᠨᠠᠭ᠎ᠠ ᠰᠠᠷᠪᠠᠭ᠎ᠠ ᠰᠡᠭᠦᠯᠳᠡᠳᠡᠭ ᠡᠷᠳᠡᠮ ᠢ᠋ᠶ᠋ᠡᠨ ᠡᠳᠡ ᠬᠣᠶᠠᠷ ᠲᠤ ᠨᠢᠭᠡ ᠭᠠᠢᠬᠠᠭᠤᠯᠵᠤ ᠨᠢᠳᠦ ᠶ᠋ᠢ ᠨᠢ ᠨᠡᠭᠡᠭᠡᠶ᠎ᠡ ᠪᠠᠢᠵᠠ!》 ᠭᠡᠵᠦ ᠲᠡᠷᠲᠡᠭᠡ ᠰᠣᠯᠢ ᠶ᠋ᠢᠨ ᠬᠢᠷ᠎ᠠ ᠠ᠋ᠴᠠ ᠰᠤᠪᠤᠷᠠᠨ ᠪᠠᠭᠤᠵᠤ ᠢᠷᠡᠬᠦ ᠳᠠᠬᠢ ᠶ᠋ᠢᠨ ᠠᠵᠢᠷᠭᠠᠲᠤ ᠶ᠋ᠢᠨ ᠰᠦᠷᠦᠭ ᠢ᠋ ᠰᠢᠨᠤᠯᠲᠠᠢᠬᠠᠨ ᠪᠠᠷᠠᠭᠠᠯᠠᠵᠤ ᠵᠣᠭᠰᠣᠭᠰᠠᠨ ᠢ᠋ ᠪᠠᠶᠠᠷᠲᠤ ᠬᠠᠷᠠᠭᠠᠳ ᠄ 
       一 ᠳᠡᠭᠦᠦ ᠮᠢᠨᠢ ᠯᠠᠪᠳᠠᠭᠤᠬᠠᠨ ᠬᠦᠯᠢᠶᠡᠵᠦ ᠪᠠᠢ᠂ ᠤᠰᠤᠨ ᠳ᠋ᠤ᠌ ᠣᠷᠣᠭᠠᠳ ᠡᠷᠭᠢᠬᠦ ᠶ᠋ᠢᠨ ᠦᠶ᠎ᠡ ᠳ᠋ᠦ᠍ ᠬᠥᠳᠡᠯ! ᠭᠡᠪᠡᠯ ᠠᠩᠴᠢᠨᠵᠠᠪ᠄  
       一 ᠦᠭᠡᠢ ᠠ᠋! ᠵᠢᠭᠠᠬᠠᠨ ᠣᠢᠷᠠᠲᠤᠭᠤᠯᠵᠤ ᠪᠠᠢᠭᠠᠳ ᠤᠰᠤᠨ ᠳ᠋ᠤ᠌ ᠬᠣᠰᠢᠭᠤ ᠪᠠᠨ ᠬᠦᠷᠭᠡᠬᠦ ᠡᠴᠡ ᠨᠢ ᠡᠮᠦᠨ᠎ᠡ ᠬᠥᠳᠡᠯᠦᠨ᠎ᠡ ᠰᠢᠦ! ᠤᠰᠤ ᠤᠤᠭᠤᠭᠰᠠᠨ ᠠᠳᠤᠭᠤᠨ ᠤ᠋ ᠬᠣᠢᠨ᠎ᠠ ᠠ᠋ᠴᠠ ᠰᠢᠷᠦᠭᠦᠨ ᠬᠥᠭᠡᠭᠡᠵᠦ ᠪᠣᠯᠬᠤ ᠦᠭᠡᠢ᠃ ᠴᠠᠳᠬᠤᠯᠳᠠᠭᠰᠠᠨ ᠠᠳᠤᠭᠤᠨ ᠤ᠋ ᠠᠭᠤᠰᠬᠢᠨ ᠳ᠋ᠤ᠌ ᠤᠰᠤ ᠬᠠᠷᠪᠤᠵᠤ ᠭᠡᠮ ᠪᠣᠯᠤᠨ᠎ᠠ ᠭᠡᠳ ᠵᠠ ᠵᠠ᠂ ᠣᠳᠣ ᠬᠥᠳᠡᠯᠦᠶ᠎ᠡ ᠭᠡᠭᠰᠡᠭᠡᠷ ᠬᠠᠯᠲᠠᠷ ᠬᠡᠭᠡᠷ ᠦ᠋ᠨ ᠡᠮᠡᠭᠡᠯ ᠢ᠋ ᠬᠠᠭᠤᠯᠵᠤ ᠬᠠᠶᠠᠨ ᠨᠠᠪᠲᠠᠰᠬᠢᠬᠦ ᠲᠡᠢ ᠵᠡᠷᠭᠡ ᠬᠠᠯᠲᠠᠷ ᠬᠡᠭᠡᠷ ᠦ᠋ᠨ ᠨᠢᠷᠤᠭᠤᠨ ᠳ᠋ᠤ᠌ ᠱᠠᠯᠵᠠ ᠰᠢᠭ᠋ ᠨᠠᠭᠠᠯᠳᠤᠪᠠ᠃      
       ᠥᠨᠥᠬᠢ ᠳᠠᠬᠢ ᠶ᠋ᠢᠨ ᠠᠵᠢᠷᠭᠠᠲᠤ ᠶ᠋ᠢᠨ ᠰᠦᠷᠦᠭ ᠨᠢ ᠤᠵᠠᠭᠤᠷ ᠠᠨᠢᠷ ᠠᠪᠴᠤ ᠭᠦᠷᠳ᠋ ᠬᠢᠨ ᠦᠷᠭᠦᠪᠡ᠃ ᠨᠢᠭᠡ ᠬᠠᠷᠠᠬᠤᠯ᠎ᠠ ᠬᠠᠯᠲᠠᠷ ᠬᠡᠭᠡᠷ ᠮᠣᠷᠢᠨ ᠤ᠋ ᠨᠢᠷᠤᠭᠤᠨ ᠳᠡᠭᠡᠷ᠎ᠡ ᠪᠠᠢᠭᠰᠠᠨ ᠠᠩᠴᠢᠨᠵᠠᠪ ᠬᠠᠷᠠᠭᠳᠠᠬᠤ ᠦᠭᠡᠢ᠂ ᠭᠠᠭᠴᠠ ᠬᠠᠯᠲᠠᠷ ᠬᠡᠭᠡᠷ ᠯᠡ ᠵᠢᠭᠦᠷ ᠤᠷᠭᠤᠭᠰᠠᠨ ᠶᠤᠮ ᠰᠢᠭ᠋ ᠳᠠᠬᠢ ᠶ᠋ᠢᠨ ᠠᠵᠢᠷᠭᠠᠨᠲᠤ ᠶ᠋ᠢᠨ ᠰᠦᠷᠦᠭ ᠵᠦᠭ ᠰᠤᠮᠤᠳᠠᠨ ᠳᠠᠪᠬᠢᠵᠤ ᠪᠠᠢᠯ᠎ᠠ᠃   
       一 ᠵᠠ᠂ ᠳᠠᠩᠴᠤ ᠨᠢᠭᠡ ᠬᠥᠪᠰᠥᠷᠳᠡᠵᠦ ᠯᠡ ᠪᠠᠢᠭᠰᠠᠨ ᠶᠤᠮ ᠠ᠋! ᠵᠠᠯᠠᠭᠤ ᠬᠥᠮᠦᠨ ᠦ᠌ ᠤᠩᠭᠢᠷᠠᠭ᠎ᠠ ᠣᠮᠣᠭ ᠭᠡᠭᠴᠢ ᠡᠢᠮᠦ ᠰᠢᠳᠡ! ᠬᠠᠯᠲᠠᠷ ᠬᠡᠭᠡᠷ ᠦ᠋ᠨ ᠳᠠᠪᠬᠢᠶᠠᠨ ᠳ᠋ᠤ᠌ ᠥᠨᠥᠬᠢ ᠴᠢᠨᠢ ᠮᠣᠷᠢᠨ ᠤ᠋ ᠰᠤᠭᠤ ᠬᠠᠪᠴᠢᠵᠤ ᠳᠡᠢᠯᠬᠦ ᠦᠭᠡᠢ ᠬᠡᠢᠰᠬᠡᠴᠢᠬᠡᠵᠡᠢ᠃ ᠲᠠᠬᠢ ᠶ᠋ᠢᠨ ᠠᠵᠢᠷᠭᠠᠲᠤ ᠰᠦᠷᠦᠭ ᠡᠴᠡ ᠰᠡᠭᠦᠯᠳᠡᠨ᠎ᠡ᠂ ᠤᠷᠭᠠᠯᠠᠨ᠎ᠠ ᠭᠡᠭᠰᠡᠭᠡᠷ ᠪᠠᠢᠭᠠᠳ ᠥᠨᠥᠬᠢ ᠬᠠᠯᠲᠠᠷ ᠬᠡᠭᠡᠷ ᠢ᠋ᠶ᠋ᠡᠨ ᠴᠦ᠍ ᠢᠵᠢᠯᠢ ᠳ᠋ᠦ᠍ᠨᠢ ᠠᠯᠳᠠᠭᠠᠳ ᠬᠥᠭᠡᠭᠡᠴᠢᠬᠡᠯ᠎ᠡ ᠪᠢᠵᠡ! ᠭᠡᠵᠦ ᠯᠠᠮᠠᠬᠦᠦ ᠲᠣᠭᠲᠠᠪᠤᠷᠢ ᠠᠯᠲᠠᠨ ᠶᠠᠭᠰᠢᠨ᠎ᠠ᠃   
       — ᠨᠣᠬᠠᠢ ᠳ᠋ᠠᠭᠠᠨ ᠢᠲᠡᠭᠡᠵᠦ ᠭᠡᠷ ᠲᠡᠭᠡᠨ ᠪᠠᠭᠠᠪᠠ ᠭᠡᠭᠴᠢ ᠠᠷᠠᠢ ᠲᠡᠢᠮᠦ ᠰᠣᠨᠣᠰᠬᠠᠯ ᠮᠠᠭᠤᠲᠠᠢ ᠶᠠᠭᠤᠮ᠎ᠠ ᠪᠣᠯᠬᠤ ᠦᠭᠡᠢ ᠪᠢᠵᠡ! ᠭᠡᠵᠦ ᠪᠠᠶᠠᠷᠲᠤ ᠢᠲᠡᠭᠡᠵᠦ ᠶᠠᠳᠠᠨ ᠮᠣᠷᠢᠨ ᠳ᠋ᠠᠭᠠᠨ ᠮᠣᠷᠳᠠᠵᠤ《 ᠵᠠ ᠶᠠᠪᠤᠵᠠᠭᠠᠶ᠎ᠠ》 ᠭᠡᠵᠦ ᠯᠠᠮᠠᠬᠦᠦ ᠳ᠋ᠡᠭᠡᠨ ᠳᠣᠬᠢᠶ᠎ᠠ ᠥᠭᠴᠦ ᠠᠩᠴᠢᠨᠵᠠᠪ ᠤ᠋ᠨ ᠠᠷᠤ ᠠ᠋ᠴᠠ ᠬᠥᠳᠡᠯᠪᠡ᠃  
       ᠠᠩᠴᠢᠨᠵᠠᠪ ᠬᠠᠯᠲᠠᠷ ᠬᠡᠭᠡᠷ ᠦ᠋ᠨ ᠨᠢᠷᠤᠭᠤᠨ ᠳ᠋ᠤ᠌ ᠭᠠᠷᠤᠮᠠᠭᠴᠠ ᠥᠪᠡᠷ ᠲᠤᠨᠢ ᠵᠢᠭᠦᠷ ᠣᠷᠭᠣᠴᠢᠬᠠᠭᠰᠠᠨ ᠰᠢᠭ᠋ ᠰᠠᠨᠠᠭᠠᠨ ᠳ᠋ᠤᠨᠢ ᠠᠶᠠᠲᠠᠢᠬᠠᠨ ᠰᠠᠨᠠᠭᠳᠠᠵᠤ ᠬᠤᠷᠳᠤᠨ ᠮᠣᠷᠢᠨ ᠤ᠋ ᠲᠤᠭᠤᠷᠠᠢ ᠲᠠᠴᠢᠭᠢᠨᠠᠬᠤ ᠴᠢᠮᠡᠭᠡ ᠰᠠᠯᠬᠢ ᠲᠡᠳᠡᠨ ᠱᠤᠤᠭᠢᠬᠤ ᠳ᠋ᠤ᠌ ᠨᠢᠳᠦᠨ ᠡᠴᠡ ᠨᠢ ᠲᠦᠮᠡ ᠮᠢᠩᠭᠠᠨ ᠣᠴᠢ ᠬᠠᠷᠪᠤᠬᠤ ᠰᠢᠭ᠋ ᠪᠣᠯᠵᠠᠢ᠃ ᠮᠣᠷᠢᠨ ᠤ᠋ ᠲᠦᠪᠡᠷᠭᠡᠨ ᠢ᠋ᠶ᠋ᠡᠷ ᠦᠷᠭᠦᠭᠰᠡᠨ ᠳᠠᠬᠢ ᠶ᠋ᠢᠨ ᠠᠵᠢᠷᠭᠠᠲᠤ ᠶ᠋ᠢᠨ ᠰᠦᠷᠦᠭ ᠲᠡᠷᠲᠡᠭᠡ ᠰᠣᠯᠢ ᠶ᠋ᠢᠨ ᠬᠢᠷ᠎ᠠ ᠳᠡᠭᠡᠷ᠎ᠡ ᠭᠠᠷᠴᠤ ᠬᠠᠯᠲᠠᠷ ᠬᠠᠯᠢᠭᠤᠨ ᠠᠵᠢᠷᠭ᠎ᠠ《 ᠡᠨᠡ ᠶᠠᠭᠤ ᠪᠣᠯᠴᠢᠬᠠᠪᠠ? ᠭᠡᠰᠡᠨ ᠰᠢᠦᠬᠡᠨ ᠭᠡᠳᠡᠷᠭᠦ ᠬᠠᠷᠠᠵᠤ ᠦᠵᠡᠬᠦᠯ᠎ᠡ ᠰᠦᠷᠦᠭ ᠡᠴᠡ ᠪᠡᠨ ᠬᠣᠴᠣᠷᠤᠭᠰᠠᠨ ᠭᠠᠭᠴᠠ ᠬᠠᠯᠲᠠᠷ ᠬᠡᠭᠡᠷ ᠳᠠᠪᠬᠢᠵᠤ ᠠᠢᠰᠤᠢ ᠳ᠋ᠤ᠌ ᠰᠠᠨᠠᠭ᠎ᠠ ᠨᠢ ᠠᠮᠠᠷᠠᠵᠤ ᠰᠦᠷᠦᠭ ᠢ᠋ᠶ᠋ᠡᠨ ᠬᠤᠮᠢᠵᠤ ᠬᠤᠷᠢᠶᠠᠭᠠᠳ ᠠᠭᠠᠵᠢᠭᠤᠬᠠᠨ ᠬᠥᠲᠥᠯ ᠳᠠᠪᠠᠨ᠎ᠠ᠃       
      ᠠᠩᠴᠢᠨᠵᠠᠪ ᠪᠠᠭ᠎ᠠ ᠠ᠋ᠴᠠ ᠪᠠᠨ ᠬᠦᠯᠦᠭ ᠦ᠋ᠨ ᠨᠢᠷᠤᠭᠤᠨ ᠳᠡᠭᠡᠷ᠎ᠡ ᠬᠥᠯᠪᠡᠷᠢᠵᠦ ᠨᠠᠭᠠᠳᠤᠨ ᠮᠣᠷᠢᠨ ᠤ᠋ ᠭᠡᠳᠡᠰᠦ ᠴᠡᠭᠡᠵᠢᠨ ᠳ᠋ᠦ᠍ᠨᠢ ᠨᠠᠭᠠᠯᠳᠤᠨ ᠳᠠᠪᠬᠢᠭᠤᠯᠵᠤ ᠰᠤᠷᠤᠭᠰᠠᠨ ᠤᠴᠢᠷ ᠴᠠᠭᠠᠳᠤ ᠳᠠᠬᠢ ᠶ᠋ᠢᠨ ᠠᠵᠢᠷᠭᠠᠲᠤ ᠶ᠋ᠢᠨ ᠰᠦᠷᠦᠭ ᠮᠣᠷᠢᠨ ᠤ᠋ ᠨᠢᠷᠤᠭᠤᠨ ᠳᠡᠭᠡᠷ᠎ᠡ ᠱᠣᠪᠣᠢᠵᠤ ᠰᠠᠭᠤᠭᠰᠠᠨ ᠲᠡᠭᠦᠨ ᠡᠴᠡ ᠵᠢᠭᠰᠢᠨ ᠦᠷᠭᠦᠭᠦᠵᠡᠢ ᠭᠡᠵᠦ ᠬᠠᠯᠲᠠᠷ ᠬᠡᠭᠡᠷ ᠦ᠋ᠨ ᠪᠤᠷᠤᠭᠤ ᠲᠠᠯ᠎ᠠ ᠶ᠋ᠢᠨ ᠪᠥᠭᠡᠷᠡᠨ ᠳ᠋ᠦ᠍ ᠪᠡᠶ᠎ᠡ ᠪᠡᠨ ᠳᠠᠯᠳᠠᠯᠠᠵᠠᠢ᠃ ᠲᠡᠭᠡᠬᠦᠯᠡᠷ ᠳᠠᠬᠢ ᠶ᠋ᠢᠨ ᠠᠵᠢᠷᠭ᠎ᠠ ᠴᠤ᠌ ᠲᠡᠭᠦᠨ ᠦ᠌ ᠮᠡᠬᠡᠨ ᠳ᠋ᠦ᠍ ᠤᠨᠠᠵᠤ ᠰᠡᠷᠡᠮᠵᠢ ᠠᠯᠳᠠᠭᠰᠠᠨ ᠢ᠋ ᠶᠠᠷᠢᠬᠤ ᠦᠭᠡᠢ ᠬᠣᠢᠨ᠎ᠠ ᠬᠣᠴᠣᠷᠤᠭᠰᠠᠨ ᠬᠣᠶᠠᠷ ᠴᠤ᠌ ᠲᠡᠭᠦᠨ ᠢ᠋ ᠬᠠᠯᠲᠠᠷ ᠬᠡᠭᠡᠷ ᠦ᠋ᠨ ᠬᠤᠷᠳᠤᠨ ᠳᠠᠪᠬᠢᠶᠠᠨ ᠳ᠋ᠤ᠌ ᠬᠡᠢᠰᠴᠢᠬᠡᠯ᠎ᠡ ᠭᠡᠵᠦ ᠡᠨᠳᠡᠭᠦᠷᠡᠭᠰᠡᠨ ᠪᠠᠢᠵᠠᠢ᠃      
       ᠨᠥᠭᠦᠭᠡ ᠬᠣᠶᠠᠷ ᠰᠣᠯᠢ ᠶ᠋ᠢᠨ ᠬᠢᠷ᠎ᠠ ᠳᠡᠭᠡᠷ᠎ᠡ ᠮᠡᠯᠬᠢᠵᠦ ᠭᠠᠷᠲᠠᠯ᠎ᠠ ᠬᠥᠲᠥᠯ ᠦ᠋ᠨ ᠴᠠᠭᠠᠳᠤ ᠵᠢᠯᠠᠭ᠎ᠠ ᠶ᠋ᠢᠨ ᠠᠮᠠᠨ ᠳ᠋ᠤ᠌ ᠨᠢᠭᠡ ᠪᠥᠭᠡᠮ ᠲᠣᠭᠣᠰᠣ ᠬᠤᠢᠯᠠᠷᠠᠨ᠎ᠠ᠃    
       ᠠᠩᠴᠢᠨᠵᠠᠪ ᠬᠠᠯᠲᠠᠷ ᠬᠡᠭᠡᠷ ᠦ᠋ᠨ ᠭᠡᠳᠡᠰᠦᠨ ᠳ᠋ᠦ᠍ ᠨᠢᠭᠤᠭᠳᠠᠵᠤ ᠶᠠᠪᠤᠨ ᠳᠠᠬᠢ ᠶ᠋ᠢᠨ ᠠᠵᠢᠷᠭᠠᠲᠤ ᠶ᠋ᠢᠨ ᠰᠦᠷᠦᠭ ᠢ᠋ ᠨᠡᠬᠡᠵᠦ ᠬᠦᠷᠦᠭᠡᠳ᠂ ᠤᠷᠲᠤ ᠵᠣ᠂ ᠥᠨᠳᠥᠷ ᠴᠡᠭᠡᠵᠢ ᠲᠡᠢ ᠮᠠᠩᠭᠢᠰᠤᠨ ᠬᠠᠯᠢᠭᠤᠨ ᠰᠢᠳᠦᠯᠡᠩ ᠠᠵᠢᠷᠭ᠎ᠠ ᠶ᠋ᠢ ᠰᠡᠭᠦᠯᠳᠡᠵᠦ ᠤᠨᠠᠭᠠᠨ ᠱᠠᠯᠠᠪ ᠮᠣᠷᠢᠨ ᠠ᠋ᠴᠠ ᠪᠠᠨ ᠬᠥᠯᠪᠡᠷᠢᠨ ᠪᠠᠭᠤᠵᠤ ᠥᠨᠥᠬᠢ ᠶ᠋ᠢ ᠴᠢᠬᠢᠳᠡᠨ ᠳᠠᠷᠤᠵᠤ ᠠᠪᠤᠪᠠ᠃ ᠪᠠᠶᠠᠷᠲᠤ ᠯᠠᠮᠠᠬᠦᠦ ᠬᠣᠶᠠᠷ ᠢ᠋ ᠬᠦᠷᠴᠦ ᠢᠷᠡᠬᠦ ᠳ᠋ᠦ᠍ ᠠᠩᠴᠢᠨᠵᠠᠪ ᠲᠡᠷᠡ ᠮᠠᠩᠬᠢᠰᠤᠨ ᠬᠠᠯᠢᠭᠤᠨ ᠤ᠋ ᠡᠮᠦᠨ᠎ᠡ ᠬᠣᠶᠠᠷ ᠬᠥᠯ ᠳ᠋ᠦ᠍ᠨᠢ ᠴᠢᠳᠥᠷ ᠦ᠋ᠨ ᠠᠯᠠᠭ ᠣᠷᠣᠭᠤᠯᠴᠢᠬᠠᠭᠰᠠᠨ ᠪᠠᠢᠪᠠ᠃       
       ᠴᠢᠳᠥᠷᠯᠡᠭᠳᠡᠭᠰᠡᠨ ᠮᠠᠩᠬᠢᠰᠤᠨ ᠬᠠᠯᠢᠭᠤᠨ ᠴᠢᠳᠥᠷ ᠲᠡᠭᠡᠨ ᠪᠣᠭᠣᠭᠳᠠᠨ ᠪᠦᠳᠦᠴᠢᠵᠦ᠂ ᠲᠣᠢᠯᠠᠨ ᠳᠦᠢᠯᠡᠨ ᠪᠤᠯᠭᠢᠶ᠎ᠠ ᠭᠡᠳ ᠰᠠᠨᠠᠭ᠎ᠠ ᠪᠠᠷ ᠨᠢ ᠪᠣᠯᠳᠠᠭ ᠦᠭᠡᠢ ᠳ᠋ᠦ᠍ ᠲᠦᠷᠦᠭᠦᠰᠢ ᠪᠡᠨ ᠨᠢᠭᠡ ᠲᠦᠭᠵᠢᠵᠦ᠂ ᠠᠷᠤᠨᠰᠢ ᠪᠠᠨ ᠪᠥᠭᠰᠡ ᠪᠡᠷ ᠢ᠋ᠶ᠋ᠡᠨ ᠨᠢᠭᠡ ᠰᠠᠭᠤᠵᠤ ᠦᠢᠴᠢᠨ ᠡᠮᠨᠢᠭ ᠠᠭᠠᠰᠢᠨ ᠳ᠋ᠠᠭᠠᠨ ᠪᠡᠶ᠎ᠡ ᠪᠡᠨ ᠰᠢᠨᠠᠯᠭᠠᠨ᠎ᠠ᠃ ᠪᠡᠶ᠎ᠡ ᠳ᠋ᠡᠭᠡᠨ ᠲᠣᠷᠭᠠᠨ ᠲᠣᠭᠣᠰᠣ ᠴᠤ᠌ ᠭᠥᠷᠬᠡᠭᠡ ᠦᠭᠡᠢ ᠣᠩᠭᠣᠨ ᠭᠦᠶᠦᠭᠰᠡᠨ ᠳᠠᠬᠢ ᠶ᠋ᠢᠨ ᠠᠵᠢᠷᠭ᠎ᠠ ᠵᠡᠭᠦᠳᠦᠯᠡᠵᠦ ᠴᠦ᠍ ᠦᠵᠡᠭᠡ ᠦᠭᠡᠢ ᠬᠡᠴᠡᠭᠦᠦ ᠲᠠᠮᠤ ᠳ᠋ᠤ᠌ ᠠᠶᠤᠨ ᠴᠣᠴᠢᠷᠳᠠᠵᠤ ᠳᠡᠪᠬᠡᠴᠡᠬᠦ ᠲᠣᠰᠤᠮ ᠢ᠋ᠶ᠋ᠠᠨ ᠪᠣᠭᠣᠭᠳᠠᠭᠰᠠᠨ ᠴᠢᠳᠥᠷ ᠡᠴᠡ ᠰᠠᠯᠵᠤ ᠦᠯᠦ ᠴᠢᠳᠠᠨ᠎ᠠ᠃ ᠳᠡᠪᠬᠡᠴᠡᠵᠦ ᠲᠠᠮᠢᠷ ᠢ᠋ᠶ᠋ᠠᠨ ᠰᠢᠪᠬᠠᠭᠰᠠᠨ ᠠ᠋ᠴᠠ ᠪᠡᠶ᠎ᠡ ᠨᠢ ᠴᠢᠭᠢᠭᠲᠦᠵᠦ ᠬᠠᠮᠠᠷ ᠤ᠋ᠨ ᠨᠦᠬᠡ ᠨᠢ ᠣᠩᠭᠣᠯᠵᠠᠨ᠂ ᠰᠢᠷᠦᠭᠦᠨ ᠰᠢᠷᠦᠭᠦᠨ ᠠᠮᠢᠰᠬᠤᠯᠯᠠᠵᠤ ᠴᠠᠪᠢ ᠶ᠋ᠢᠨ ᠬᠢᠨᠢ ᠬᠥᠬᠡ ᠮᠢᠬ᠎ᠠ ᠨᠢ ᠴᠡᠴᠡᠷᠡᠵᠦ ᠪᠠᠢᠪᠠ᠃      
       一 ᠡᠷ᠎ᠡ ᠳᠡᠭᠦᠵᠢᠯᠡᠵᠦ ᠲᠥᠷᠥᠭᠰᠡᠨ ᠨᠡᠷ᠎ᠡ ᠪᠡᠨ ᠭᠤᠲᠤᠭᠠᠮ᠎ᠠ ᠦᠭᠡᠢ ᠰᠠᠢᠨ ᠡᠷ᠎ᠡ ᠪᠣᠯᠬᠤ ᠨᠢ ᠠ᠋ ᠭᠡᠵᠦ ᠯᠠᠮᠠᠬᠦᠦ ᠠᠩᠴᠢᠨᠵᠠᠪ ᠢ᠋ ᠱᠠᠭᠰᠢᠬᠤ ᠳ᠋ᠤ᠌ ᠪᠠᠶᠠᠷᠲᠤ᠄   
       一 ᠮᠠᠨ ᠤ᠋ ᠤᠷᠠᠳ ᠤ᠋ᠨ ᠪᠠᠷᠠᠭᠤᠨ ᠬᠦᠩ ᠦ᠋ᠨ ᠮᠢᠩᠭᠠᠨᠪᠤᠤ ᠲᠤᠰᠠᠯᠠᠭᠴᠢ ᠭᠤᠸᠠᠢ ᠵᠠᠯᠠᠭᠤ ᠳ᠋ᠠᠭᠠᠨ ᠳᠠᠬᠢ ᠶ᠋ᠢᠨ ᠵᠡᠷᠯᠢᠭ ᠠᠵᠢᠷᠭᠠᠲᠤ ᠶ᠋ᠢᠨ ᠰᠦᠷᠦᠭ ᠡᠴᠡ ᠲᠠᠭᠤᠵᠤ ᠠᠪᠤᠭᠠᠳ ᠭᠣᠪᠢ ᠤᠷᠤᠭᠤ ᠣᠷᠣᠵᠤ ᠪᠠᠢᠯ᠎ᠠ ᠭᠡᠳᠡᠭ ᠁ ᠲᠡᠭᠦᠨ ᠦ᠌ ᠤᠨᠤᠵᠤ ᠪᠠᠢᠭᠰᠠᠨ ᠪᠠᠨᠰᠠᠲᠤ ᠬᠠᠯᠢᠭᠤᠨ ᠨᠢ ᠭᠣᠪᠢ ᠶ᠋ᠢᠨ ᠬᠠᠷ᠎ᠠ ᠰᠡᠭᠦᠯᠲᠦ ᠶ᠋ᠢ ᠭᠦᠢᠴᠡᠳᠡᠭ ᠬᠤᠢ ᠰᠢᠭ᠋ ᠲᠦᠷᠭᠡᠨ ᠬᠦᠯᠦᠭ ᠪᠠᠢᠭᠰᠠᠨ ᠭᠡᠰᠡᠨ ᠳᠣᠮᠣᠭ ᠰᠢᠭ᠋ ᠦᠯᠢᠭᠡᠷ ᠪᠠᠢᠳᠠᠭ᠃ ᠥᠨᠥᠳᠥᠷ ᠠᠩᠴᠢᠨᠵᠠᠪ ᠤ᠋ᠨ ᠳᠠᠬᠢ ᠶ᠋ᠢᠨ ᠠᠵᠢᠷᠭᠠᠲᠤ ᠶ᠋ᠢᠨ ᠮᠠᠩᠬᠢᠰᠤᠨ ᠬᠠᠯᠢᠭᠤᠨ ᠰᠡᠭᠦᠯᠳᠡᠬᠦ ᠶ᠋ᠢ ᠨᠢᠳᠦ ᠪᠡᠷ ᠢ᠋ᠶ᠋ᠡᠨ ᠦᠵᠡᠯ᠎ᠡ᠃ ᠳᠠᠯᠠᠢ ᠶ᠋ᠢ ᠪᠤᠤ ᠶᠠᠨᠳᠠ᠂ ᠬᠥᠮᠦᠨ ᠢ᠋ ᠪᠤᠤ ᠪᠠᠰᠤ ᠭᠡᠳᠡᠭ ᠴᠦ᠍ ᠠᠷᠭ᠎ᠠ ᠦᠭᠡᠢ ᠦᠨᠡᠨ ᠦᠭᠡ ᠶᠦᠮ ᠭᠡᠪᠡ᠃ 
       — ᠡᠵᠢ ᠶ᠋ᠢᠨ ᠮᠢᠨᠢ ᠬᠡᠯᠡᠬᠦ ᠪᠡᠷ ᠮᠢᠨᠦ ᠡᠴᠢᠭᠡ ᠴᠦ᠍ ᠪᠠᠰᠠ ᠤᠷᠢᠳᠤ ᠳᠠᠬᠢ ᠶ᠋ᠢᠨ ᠠᠵᠢᠷᠭᠠᠲᠤ ᠶ᠋ᠢᠨ ᠰᠦᠷᠦᠭ ᠰᠠᠯᠭᠠᠵᠤ ᠬᠥᠭᠡᠭᠡᠳᠡᠭ ᠰᠠᠢᠨ ᠡᠷ᠎ᠡ ᠪᠠᠢᠯ᠎ᠠ ᠭᠡᠰᠡᠨ᠁ ᠭᠣᠪᠢ ᠶ᠋ᠢᠨ ᠲᠠᠷᠭᠤᠨ ᠬᠠᠷ᠎ᠠ ᠰᠡᠭᠦᠯᠲᠦ ᠶ᠋ᠢ ᠲᠠᠭᠤᠵᠤ ᠪᠠᠢᠭᠠᠳ ᠮᠣᠷᠢᠨ ᠳᠡᠭᠡᠷ᠎ᠡ ᠡᠴᠡ ᠪᠡᠨ ᠰᠢᠭᠢᠷᠡᠳᠡᠵᠦ᠂ ᠭᠡᠳᠡᠰᠦ ᠳᠣᠲᠣᠷ ᠢ᠋ ᠨᠢ ᠴᠡᠪᠡᠷᠬᠡᠨ ᠭᠠᠵᠠᠷ ᠶᠡᠭᠦᠯᠡᠵᠦ ᠬᠠᠶᠠᠴᠢᠬᠠᠭᠠᠳ ᠳᠡᠭᠦᠷᠦᠭᠡᠳ ᠬᠠᠷᠢᠳᠠᠭ ᠪᠠᠢᠭᠰᠠᠨ ᠭᠡᠨ᠎ᠡ ᠯᠠᠢ ᠭᠡᠵᠦ ᠠᠩᠴᠢᠨᠵᠠᠪ ᠡᠨᠡ ᠬᠣᠶᠠᠷ ᠰᠠᠢᠨ ᠡᠷ᠎ᠡ ᠳ᠋ᠦ᠍ ᠳᠠᠬᠢ ᠶ᠋ᠢᠨ ᠮᠠᠩᠭᠢᠰᠤᠨ ᠬᠠᠯᠢᠭᠤᠨ ᠳ᠋ᠤ᠌ ᠰᠡᠭᠦᠯᠳᠡᠵᠦ ᠴᠢᠳᠥᠷᠯᠡᠭᠰᠡᠨ ᠳ᠋ᠡᠭᠡᠨ ᠪᠠᠷᠳᠠᠵᠤ ᠶᠡᠬᠡ ᠯᠡ ᠬᠥᠭᠵᠢᠯᠲᠡᠢ ᠢᠨᠢᠶᠡᠨ ᠬᠡᠯᠡᠬᠦ ᠳ᠋ᠦ᠍ ᠲᠡᠭᠦᠨ ᠦ᠌ ᠶᠡᠬᠡᠷᠬᠡᠭ ᠬᠠᠷ᠎ᠠ ᠴᠢᠷᠠᠢ ᠳ᠋ᠤ᠌《 ᠡᠴᠢᠭᠡ ᠶ᠋ᠢᠨ ᠰᠢᠨᠳᠠᠰᠤ ᠶ᠋ᠢ ᠥᠪᠴᠢᠵᠦ ᠲᠥᠷᠥᠭᠰᠡᠨ ᠡᠷ᠎ᠡ ᠬᠥᠮᠦᠨ ᠪᠣᠯ ᠡᠢᠮᠦ ᠯᠡ ᠪᠠᠢᠬᠤ ᠶᠣᠰᠣᠲᠠᠢ》 ᠭᠡᠰᠡᠨ ᠪᠠᠷᠳᠠᠮ ᠣᠮᠣᠭᠯᠠᠩ ᠵᠠᠩ ᠢᠯᠡ ᠪᠠᠢᠪᠠ᠃  
       — ᠵᠠ᠂ ᠣᠳᠣ ᠬᠠᠷᠢᠨ ᠭᠤᠨᠠᠨ ᠪᠠᠳᠠᠢ ᠶ᠋ᠢᠨ ᠣᠷᠣᠨ ᠳ᠋ᠤ᠌ ᠮᠠᠨ ᠤ᠋ ᠣᠴᠣᠭ ᠤ᠋ᠨ ᠭᠤᠷᠪᠠᠨ ᠴᠢᠯᠠᠭᠤᠨ ᠤ᠋ ᠨᠢᠭᠡ ᠪᠡᠷ ᠲᠣᠭᠣᠭ᠎ᠠ ᠲᠤᠯᠵᠤ ᠪᠣᠯᠬᠤ ᠲᠦᠰᠢᠭ ᠲᠡᠢ ᠪᠣᠯᠤᠯ᠎ᠠ᠁ ᠵᠠᠯᠠᠭᠤ ᠬᠥᠮᠦᠨ ᠢᠷᠡᠪᠡᠯ ᠬᠦᠴᠦ ᠨᠡᠮᠡᠨ᠎ᠡ ᠭᠡᠳᠡᠭ ᠶᠠᠭ ᠡᠨᠡ ᠳᠡ! ᠭᠡᠵᠦ ᠯᠠᠮᠠᠬᠦᠦ ᠬᠥᠭᠰᠡᠨ ᠢᠨᠢᠶᠡᠨ᠎ᠡ᠃  
       ᠡᠨᠡ ᠬᠣᠶᠠᠷ ᠰᠠᠢᠨ ᠡᠷ᠎ᠡ ᠠᠨᠳᠠ ᠭᠤᠨᠠᠨ ᠪᠠᠳᠠᠢ ᠠ᠋ᠴᠠ ᠰᠠᠯᠤᠭᠰᠠᠨ ᠠ᠋ᠴᠠ ᠬᠣᠢᠰᠢ ᠵᠣᠷᠢᠭ ᠰᠢᠨᠲᠠᠷᠠᠵᠤ᠂ ᠬᠦᠴᠦᠨ ᠮᠡᠬᠦᠰᠳᠡᠬᠦ ᠶ᠋ᠢ ᠬᠡᠯᠡᠬᠦ ᠦᠭᠡᠢ ᠭᠠᠷ ᠮᠤᠬᠤᠷᠳᠠᠨ ᠭᠠᠨᠵᠤᠭ᠎ᠠ ᠰᠤᠯᠠᠷᠠᠬᠤ ᠳ᠋ᠤ᠌ ᠬᠠᠶᠠ ᠠᠩᠴᠢᠨᠵᠠᠪ ᠲᠤ ᠳᠤᠷ᠎ᠠ ᠠᠯᠳᠠᠷᠠᠨ᠂ ᠨᠠᠰᠤ ᠪᠠᠭ᠎ᠠ ᠴᠢᠰᠤ ᠰᠢᠩᠭᠡᠨ ᠭᠡᠵᠦ ᠭᠣᠯᠣᠵᠤ ᠪᠠᠢᠭᠰᠠᠨ ᠨᠢ ᠪᠤᠷᠤᠭᠤᠳᠠᠵᠤ᠂ ᠡᠨᠡ ᠵᠠᠯᠠᠭᠤ ᠬᠥᠮᠦᠨ ᠲᠡᠢ ᠡᠪᠲᠡᠢ ᠬᠠᠨᠢᠯᠠᠪᠠᠯ ᠬᠠᠷᠢᠨ ᠬᠣᠢᠰᠢᠳᠠ ᠶ᠋ᠢᠨ ᠠᠮᠢᠳᠤᠷᠠᠯ ᠤ᠋ᠨ ᠬᠠᠷᠭᠤᠢ ᠳ᠋ᠤ᠌ ᠲᠤᠰᠠ ᠲᠦᠰᠢᠭ ᠪᠣᠯᠬᠤ ᠬᠥᠮᠦᠨ ᠪᠠᠢᠨ᠎ᠠ ᠭᠡᠳᠡᠭ ᠢ᠋ ᠲᠠᠨᠢᠬᠤ ᠳ᠋ᠠᠭᠠᠨ ᠰᠡᠳᠬᠢᠯ ᠨᠢ ᠪᠠᠶᠠᠷᠲᠠᠢ ᠪᠠᠢᠯ᠎ᠠ᠁  
       ᠲᠡᠳᠡ ᠭᠤᠷᠪᠠᠭᠤᠯᠠ ᠬᠠᠯᠬ᠎ᠠ ᠨᠤᠲᠤᠭ ᠢ᠋ᠶ᠋ᠠᠷ ᠰᠠᠷ᠎ᠠ ᠭᠠᠷᠤᠢ ᠶᠠᠪᠤᠵᠤ ᠭᠤᠨᠠᠨ ᠪᠠᠳᠠᠢ ᠶ᠋ᠢᠨ ᠰᠤᠷᠠᠭ ᠢ᠋ ᠬᠠᠢᠪᠠᠯ《 ᠰᠢᠷᠢ ᠲᠡᠢ ᠪᠡᠨ ᠣᠷᠭᠣᠴᠢᠬᠠᠯ᠎ᠠ ᠯᠠ ᠭᠡᠰᠡᠨ᠁ ᠴᠢᠨᠣ᠎ᠠ ᠶ᠋ᠢᠨ ᠬᠣᠭᠣᠯᠠ ᠪᠣᠯᠤᠭᠰᠠᠨ ᠪᠠᠢᠯᠭᠦᠢ》 ᠭᠡᠬᠦ ᠪᠤᠶᠤ《 ᠲᠡᠷᠡ ᠰᠠᠢᠨ ᠡᠷ᠎ᠡ ᠶ᠋ᠢ ᠲᠩᠷᠢ ᠪᠤᠷᠤᠭᠤ ᠦᠵᠡᠬᠦ ᠦᠭᠡᠢ ᠠ᠋! ᠣᠳᠣ ᠪᠠᠰᠠ ᠬᠠᠮᠢᠭ᠎ᠠ ᠨᠢᠭᠡᠨ ᠭᠠᠵᠠᠷ ᠬᠦᠯᠦᠭ ᠦ᠋ᠨ ᠨᠢᠷᠤᠭᠤᠨ ᠳ᠋ᠤ᠌ ᠬᠡᠢᠰᠬᠡᠬᠦᠯᠵᠦ ᠶᠠᠪᠤᠭ᠎ᠠ ᠪᠢᠵᠡ!》 ᠭᠡᠰᠡᠨ ᠪᠠ ᠪᠠᠰᠠ ᠵᠠᠷᠢᠮ ᠨᠢ《 ᠪᠢᠲᠡᠭᠦᠯᠡᠵᠦ ᠲᠣᠪᠬᠢᠭᠰᠠᠨ ᠪᠥᠭᠡᠰᠦ ᠲᠡᠢ ᠰᠢᠷᠢ ᠶ᠋ᠢ ᠨᠢ ᠠᠢᠯ ᠤ᠋ᠨ ᠨᠣᠬᠠᠢ ᠴᠢᠷᠦᠭᠡᠳ ᠶᠠᠪᠤᠵᠤ ᠪᠠᠢᠯ᠎ᠠ᠁》 ᠭᠡᠬᠦ ᠶᠦᠮ᠃ ᠵᠠᠷᠢᠮ ᠨᠢ ᠪᠠᠰᠠ《 ᠵᠠᠪᠬᠠᠨ ᠠᠢᠮᠠᠭ ᠤ᠋ᠨ ᠲᠦᠷᠦᠭᠦᠦ ᠪᠠᠶᠠᠨ ᠤ᠋ ᠠᠳᠤᠭᠤ ᠶ᠋ᠢ ᠭᠡᠯᠢᠭᠡᠳ ᠶᠠᠪᠤᠪᠠ᠁》 ᠭᠡᠰᠡᠨ ᠶᠠᠩᠵᠤ ᠶᠠᠩᠵᠤ ᠶ᠋ᠢᠨ ᠶᠠᠪᠤᠭᠤᠯ ᠴᠢᠮᠡᠭᠡ ᠶ᠋ᠢ ᠰᠣᠨᠣᠰᠤᠭᠠᠳ ᠠᠷᠭ᠎ᠠ ᠪᠤᠶᠤ ᠡᠮᠦᠨᠡᠰᠢᠯᠡᠪᠡ᠃  
        ᠁  
       ᠨᠠᠷᠠ ᠭᠠᠷᠬᠤ ᠲᠠᠢ ᠤᠷᠤᠯᠳᠤᠵᠤ ᠬᠡᠳᠦᠭᠦᠯᠡ ᠭᠡᠯᠢᠭᠰᠡᠨ ᠠᠳᠤᠭᠤ ᠪᠠᠨ ᠬᠠᠲᠤᠨ ᠲᠣᠬᠣᠢ ᠶ᠋ᠢᠨ ᠪᠤᠷᠭᠠᠰᠤᠨ ᠳ᠋ᠤ᠌ ᠲᠣᠭᠲᠠᠭᠠᠵᠤ ᠠᠮᠵᠢᠪᠠ᠃   
       — ᠠᠩᠴᠢᠨᠵᠠᠪ ᠠ᠋᠂ ᠮᠣᠷᠢᠨ ᠤ᠋ ᠪᠠᠨ ᠣᠯᠣᠩ ᠢ᠋ ᠰᠤᠯᠠᠯᠠᠵᠤ᠂ ᠡᠪᠡᠰᠦ ᠬᠠᠵᠠᠭᠤᠯᠴᠢᠬᠠᠭᠠᠳ ᠬᠤᠷᠳᠤᠨ ᠠᠮᠵᠢᠵᠤ ᠵᠢᠭᠠᠬᠠᠨ ᠨᠢᠳᠦ ᠬᠠᠮᠬᠢᠭᠠᠳ ᠠᠪ! ᠪᠦᠷᠦᠢ ᠪᠣᠯᠤᠭᠰᠠᠭᠠᠷ ᠤᠯᠠᠭᠠᠨ ᠬᠠᠲᠤᠨ ᠭᠠᠲᠤᠯᠤᠶ᠎ᠠ ᠭᠡᠵᠦ ᠯᠠᠮᠠᠬᠦᠦ ᠬᠡᠯᠡᠬᠦ ᠳ᠋ᠦ᠍ ᠪᠠᠶᠠᠷᠲᠤ ᠲᠣᠰᠴᠤ᠄  
       — ᠰᠡᠷᠡᠮᠵᠢᠲᠡᠢ ᠤᠨᠲᠠᠭᠠᠷᠠᠢ! ᠬᠠᠲᠤᠨ ᠲᠣᠬᠣᠢ ᠶ᠋ᠢᠨ ᠬᠠᠪᠢ ᠪᠠᠷ ᠬᠠᠷ᠎ᠠ ᠴᠡᠷᠢᠭ ᠦ᠋ᠨ ᠲᠣᠨᠣᠭ᠎ᠠ ᠳᠡᠭᠡᠷᠡᠮ ᠬᠡᠴᠡᠭᠦᠦ ᠭᠡᠵᠦ ᠳᠤᠭᠤᠯᠳᠠᠭᠰᠠᠨ᠁ ᠲᠡᠷᠡ ᠵᠠᠨᠠᠭ ᠤ᠋ᠳ ᠲᠦᠷᠭᠡᠨ ᠫᠤᠤ ᠲᠠᠢ ᠳ᠋ᠠᠭᠠᠨ ᠪᠠᠷᠳᠠᠵᠤ ᠣᠯᠵᠠᠨ ᠤ᠋ ᠪᠠᠨ ᠲᠤᠯᠤᠮ ᠢ᠋ ᠠᠮᠠᠷᠬᠠᠨ ᠳᠦᠭᠦᠷᠭᠡᠳᠡᠭ ᠭᠡᠰᠡᠨ ᠭᠡᠵᠦ ᠬᠡᠯᠡᠪᠡ᠃  
       — ᠮᠠᠨᠤᠰ ᠤ᠋ᠨ ᠭᠠᠨᠵᠤᠭ᠎ᠠ ᠶ᠋ᠢ ᠪᠠᠭᠤᠯᠭᠠᠴᠢᠬᠠᠬᠤ ᠰᠥᠰᠥ ᠲᠡᠢ ᠡᠷ᠎ᠡ ᠪᠠᠢᠨ᠎ᠠ ᠤᠤ⁈ ᠴᠠᠪᠠᠰᠤ! ᠭᠡᠵᠦ ᠠᠩᠴᠢᠨᠵᠠᠪ ᠬᠠᠷ᠎ᠠ ᠴᠡᠷᠢᠭ ᠢ᠋ ᠦᠯᠦ ᠲᠣᠭᠣᠨ ᠬᠠᠷᠢᠶᠠᠯ ᠲᠠᠯᠪᠢᠭᠰᠠᠭᠠᠷ ᠬᠡᠪᠲᠡᠬᠦ ᠳ᠋ᠦ᠍ ᠯᠠᠮᠠᠬᠦᠦ᠄  
       — ᠵᠠ᠂ ᠳᠤᠭᠤᠢ ᠤᠨᠲᠠ᠂ ᠤᠨᠲᠠ! ᠭᠡᠯᠢᠭᠰᠡᠨ ᠠᠳᠤᠭᠤ ᠪᠠᠨ ᠬᠠᠲᠤᠨ ᠤ᠋ ᠴᠠᠭᠠᠨ᠎ᠠ ᠠᠪᠠᠴᠢᠵᠤ ᠠᠮᠤᠷ ᠲᠠᠢᠪᠤᠩ ᠪᠣᠷᠣᠯᠠᠭᠤᠯᠴᠢᠬᠠᠭᠠᠳ ᠡᠵᠢ ᠳᠡᠭᠡᠷ᠎ᠡ ᠪᠡᠨ ᠭᠠᠨᠵᠤᠭ᠎ᠠ ᠲᠠᠢ ᠪᠤᠴᠠᠨ᠎ᠠ ᠪᠢᠵᠡ! ᠡᠵᠢ ᠴᠢᠨᠢ ᠴᠢᠨᠦ ᠬᠣᠢᠨ᠎ᠠ ᠠ᠋ᠴᠠ ᠳᠠᠩᠰᠠᠯᠠᠵᠤ ᠪᠣᠢ ᠳᠠ᠃ ᠳᠡᠭᠦᠦ ᠮᠢᠨᠢ ᠵᠢᠭᠠᠬᠠᠨ ᠶᠠᠰᠤ ᠠᠮᠠᠷᠠᠭᠠᠳ ᠠᠪ! ᠭᠡᠳ ᠪᠢᠲᠡᠭᠦᠦ ᠪᠤᠷᠭᠠᠰᠤᠨ ᠤ᠋ ᠴᠠᠭᠠᠭᠤᠷ ᠠᠳᠤᠭᠤᠨ ᠤ᠋ ᠪᠠᠷ᠎ᠠ ᠬᠠᠷᠠᠬᠤ ᠪᠠᠷ ᠪᠣᠰᠪᠠ᠃ ᠠᠩᠴᠢᠨᠵᠠᠪ ᠨᠥᠭᠦᠭᠡ ᠬᠣᠶᠠᠷ ᠢ᠋ ᠶᠠᠪᠤᠮᠠᠭᠴᠠ ᠤᠨᠲᠠᠵᠤ ᠣᠷᠬᠢᠪᠠ᠃ 
       ᠰᠢᠷ᠎ᠠ ᠪᠦᠷᠦᠢ ᠲᠠᠰᠤᠷᠠᠵᠤ᠂ ᠠᠯᠤᠰ ᠤ᠋ᠨ ᠪᠠᠷ᠎ᠠ ᠪᠥᠷᠲᠥᠯᠵᠡᠵᠦ ᠡᠬᠢᠯᠡᠬᠦ ᠳ᠋ᠦ᠍ ᠬᠡᠳᠦᠭᠦᠯᠡ ᠠᠳᠤᠭᠤ ᠪᠠᠨ ᠬᠤᠮᠢᠵᠤ ᠠᠪᠤᠭᠠᠳ ᠤᠯᠠᠭᠠᠨ ᠬᠠᠲᠤᠨ ᠤ᠋ ᠣᠯᠣᠮ ᠢ᠋ ᠭᠠᠲᠤᠯᠬᠤ ᠪᠠᠷ ᠭᠡᠯᠢᠲᠡᠯ᠎ᠡ ᠤᠯᠠᠭᠠᠨ ᠬᠠᠲᠤᠨ ᠤ᠋ ᠬᠥᠪᠡᠭᠡ ᠡᠴᠡ ᠭᠡᠨᠡᠳᠲᠡ ᠫᠤᠤ ᠲᠠᠴᠢᠭᠢᠨᠠᠪᠠ᠃  
       ᠪᠦᠷᠦᠭ ᠪᠠᠷᠤᠭ ᠲᠤ ᠤᠯᠠᠭᠠᠨ ᠬᠠᠲᠤᠨ ᠤ᠋ ᠬᠥᠪᠡᠭᠡ ᠪᠡᠷ ᠬᠠᠷ᠎ᠠ ᠴᠡᠷᠢᠭ ᠦ᠋ᠨ ᠲᠣᠯᠣᠭᠠᠢ ᠱᠣᠪᠣᠯᠵᠠᠨ᠎ᠠ᠃ ᠤᠯᠠᠰ ᠤᠯᠠᠰ ᠴᠠᠬᠢᠯᠠᠬᠤ ᠭᠡᠷᠡᠯ ᠡᠴᠡ ᠳᠠᠷᠢ ᠶ᠋ᠢᠨ ᠦᠨᠦᠷ ᠬᠠᠩᠬᠤᠯᠵᠤ᠂ ᠲᠦᠷᠭᠡᠨ ᠫᠤᠤ ᠶ᠋ᠢᠨ ᠳᠠᠭᠤᠨ ᠲᠠᠰᠤᠷᠠᠭ᠎ᠠ ᠦᠭᠡᠢ ᠲᠠᠴᠢᠭᠢᠨᠠᠨ᠎ᠠ᠃ ᠠᠳᠤᠭᠤᠳ ᠤ᠋ᠨ ᠲᠣᠯᠣᠭᠠᠢ ᠳᠡᠭᠡᠭᠦᠷ ᠱᠤᠤᠭᠢᠬᠤ ᠰᠤᠮᠤᠨ ᠤ᠋ ᠢᠰᠬᠡᠷᠦᠯ ᠵᠢᠪᠡᠭᠦᠦ ᠲᠡᠢ ᠰᠣᠨᠣᠰᠳᠠᠨ᠎ᠠ᠃ ᠠᠳᠤᠭᠤᠳ ᠦᠷᠭᠦᠪᠡ᠁  
       — ᠪᠣᠯᠣᠮᠵᠢᠲᠠᠢ ᠰᠠᠨ ᠪᠣᠯ ᠠᠳᠤᠭᠤᠨ ᠠ᠋ᠴᠠ ᠲᠠᠰᠤᠯᠵᠤ ᠬᠥᠬᠡᠭᠡ! ᠭᠡᠳ ᠯᠠᠮᠠᠬᠦᠦ ᠠᠩᠴᠢᠨᠵᠠᠪ ᠵᠦᠭ ᠰᠠᠨᠳᠤᠷᠴᠤ ᠬᠠᠰᠬᠢᠷᠤᠨ ᠠᠳᠤᠭᠤᠨ ᠤ᠋ ᠲᠦᠷᠦᠭᠦᠦ ᠶ᠋ᠢ ᠵᠡᠭᠦᠨᠰᠢᠯᠡᠭᠦᠯᠵᠦ ᠲᠠᠭᠤᠨ᠎ᠠ᠃  
       — ᠡᠨᠡ ᠨᠢᠳᠦ ᠦᠭᠡᠢ ᠰᠤᠮᠤᠨ ᠳ᠋ᠤ᠌ ᠣᠨᠣᠭᠳᠠᠪᠠᠯ ᠴᠦ᠍ ᠭᠠᠢ ᠪᠣᠯᠤᠨ᠎ᠠ ᠭᠡᠳ ᠠᠩᠴᠢᠨᠵᠠᠪ ᠴᠥᠭᠡᠪᠦᠷᠢ ᠠᠳᠤᠭᠤ ᠰᠠᠯᠭᠠᠵᠤ ᠠᠪᠤᠭᠠᠳ ᠠᠰ ᠬᠣᠢᠰᠢ ᠪᠠᠨ ᠭᠡᠯᠢᠪᠡ᠃ ᠫᠤᠤ ᠶ᠋ᠢᠨ ᠳᠠᠭᠤ᠂ ᠬᠥᠮᠦᠰ ᠦ᠋ᠨ ᠤᠷᠢᠯᠠᠯᠲᠠ᠂ ᠨᠣᠬᠠᠳ ᠭᠠᠰᠠᠯᠬᠤ ᠡᠯᠳᠡᠪ ᠵᠢᠪᠡᠭᠦᠨ ᠳᠠᠭᠤᠨ ᠠ᠋ᠴᠠ ᠦᠷᠭᠦᠭᠰᠡᠨ ᠠᠳᠤᠭᠤᠳ ᠨᠢᠳᠦ ᠦᠭᠡᠢ ᠳᠠᠪᠬᠢᠯᠳᠤᠪᠠ᠃    
      ᠠᠩᠴᠢᠨᠵᠠᠪ ᠤ᠋ᠨ ᠤᠨᠤᠭᠰᠠᠨ ᠮᠠᠩᠭᠢᠰᠤᠨ ᠬᠠᠯᠢᠭᠤᠨ ᠰᠠᠯᠬᠢ ᠰᠢᠭ᠋ ᠬᠤᠷᠳᠤᠨ ᠳᠠᠪᠬᠢᠵᠤ ᠡᠵᠡᠨ ᠦ᠌ ᠪᠡᠨ ᠡᠷ᠎ᠡ ᠵᠣᠷᠢᠭ ᠢ᠋ ᠬᠥᠪᠴᠢᠯᠡᠨ᠎ᠡ᠃ ᠲᠡᠭᠦᠨ ᠦ᠌ ᠠᠷᠤ ᠠ᠋ᠴᠠ ᠳᠡᠪᠢᠷᠡᠩ ᠳᠡᠪᠢᠷᠡᠩ ᠲᠠᠪᠠᠷᠴᠠᠭᠯᠠᠬᠤ ᠮᠣᠷᠢᠨ ᠤ᠋ ᠲᠤᠭᠤᠷᠠᠢ ᠬᠣᠯᠠ ᠰᠣᠨᠣᠰᠳᠠᠬᠤ ᠪᠣᠯᠪᠠᠴᠤ ᠬᠠᠶᠠ ᠬᠠᠷᠠᠩᠭᠤᠢ ᠶ᠋ᠢ ᠵᠦᠰᠦᠭᠰᠡᠨ ᠰᠤᠮᠤᠨ ᠤ᠋ ᠱᠤᠤᠭᠢᠶ᠎ᠠ ᠲᠣᠯᠣᠭᠠᠢ ᠳᠡᠭᠡᠭᠦᠷ ᠨᠢ ᠢᠰᠬᠡᠷᠦᠨ᠎ᠡ᠁ ᠵᠡᠷᠯᠢᠭ ᠰᠤᠮᠤᠨ ᠳ᠋ᠤ᠌ ᠳᠠᠭᠠᠷᠢᠭᠳᠠᠭᠤᠵᠠᠢ ᠭᠡᠵᠦ ᠠᠩᠴᠢᠨᠵᠠᠪ ᠡᠮᠡᠭᠡᠯ ᠦ᠋ᠨ ᠢ᠋ᠶ᠋ᠡᠨ ᠪᠥᠭᠦᠷᠭᠡᠨ ᠡᠴᠡ ᠳᠡᠭᠦᠵᠢᠯᠡᠭᠳᠡᠵᠦ ᠮᠣᠷᠢᠨ ᠤ᠋ ᠪᠠᠨ ᠪᠤᠷᠤᠭᠤ ᠲᠠᠯ᠎ᠠ ᠪᠠᠷ ᠬᠥᠯᠪᠡᠷᠢᠨ ᠭᠥᠯᠢᠮ ᠳ᠋ᠡᠭᠡᠨ ᠴᠠᠪᠠᠤ ᠰᠢᠭ᠋ ᠨᠠᠭᠠᠯᠳᠤᠪᠠ ᠁ ᠠᠩᠴᠢᠨᠵᠠᠪ ᠭᠡᠨᠡᠳᠲᠡ ᠮᠣᠷᠢ ᠲᠠᠢ ᠪᠠᠨ ᠳᠠᠷᠤᠯᠴᠠᠵᠤ ᠤᠨᠠᠪᠠ᠃ ᠮᠠᠩᠭᠢᠰᠤᠨ ᠬᠠᠯᠢᠭᠤᠨ ᠤ᠋ ᠴᠢᠬᠢᠯᠵᠢᠭᠦᠷ ᠢ᠋ᠶ᠋ᠡᠷ ᠰᠤᠮᠤ ᠣᠷᠣᠵᠤ ᠭᠠᠪᠠᠯᠠ ᠶ᠋ᠢ ᠨᠢ ᠴᠥᠮᠥᠯᠵᠡᠢ᠃ ᠮᠠᠩᠭᠢᠰᠤᠨ ᠬᠠᠯᠢᠭᠤᠨ ᠪᠣᠰᠬᠤ ᠭᠡᠵᠦ ᠬᠡᠳᠦ ᠲᠡᠯᠴᠢᠯᠡᠭᠡᠳ ᠳᠠᠬᠢᠵᠤ ᠬᠥᠳᠡᠯᠦᠭᠰᠡᠨ ᠦᠭᠡᠢ᠃ ᠠᠩᠴᠢᠨᠵᠠᠪ ᠮᠠᠩᠭᠢᠰᠤᠨ ᠬᠠᠯᠢᠭᠤᠨ ᠤ᠋ ᠬᠥᠯᠥᠰᠥᠨ ᠡᠴᠡ ᠮᠠᠩᠨᠠᠢ ᠳ᠋ᠠᠭᠠᠨ ᠲᠦᠷᠬᠢᠵᠦ《ᠴᠤᠴᠠᠯᠲᠠ ᠦᠭᠡᠢ ᠳᠠᠪᠬᠢᠳᠠᠭ ᠬᠡᠢᠮᠣᠷᠢ ᠰᠦᠨᠡᠰᠦ ᠴᠢᠨᠢ ᠡᠵᠡᠨ ᠦ᠌ ᠪᠡᠨ ᠪᠡᠶ᠎ᠡ ᠳ᠋ᠦ᠍ ᠣᠷᠣᠰᠢᠭ!》 ᠭᠡᠳ ᠴᠢᠰᠤ ᠪᠤᠷᠭᠢᠯᠤᠭᠰᠠᠨ ᠮᠣᠷᠢᠨ ᠤ᠋ ᠪᠠᠨ ᠲᠣᠯᠣᠭᠠᠢ ᠶ᠋ᠢ ᠲᠡᠪᠡᠷᠢᠨ ᠴᠤᠷᠬᠢᠷᠠᠨ ᠤᠬᠢᠯᠠᠪᠠ᠁  
       — ᠠᠮᠢᠳᠤ ᠪᠠᠷ ᠨᠢ ᠪᠡᠷᠢ! ᠭᠡᠵᠦ ᠬᠠᠰᠬᠢᠷᠤᠯᠳᠤᠭᠰᠠᠨ ᠬᠠᠷ᠎ᠠ ᠴᠡᠷᠢᠭ ᠦ᠋ᠳ ᠠᠩᠴᠢᠨᠵᠠᠪ ᠢ᠋ ᠪᠦᠰᠡᠯᠡᠭᠰᠡᠨ ᠳ᠋ᠦ᠍ ᠵᠦᠭ ᠵᠦᠭ ᠦ᠋ᠨ ᠫᠤᠤ ᠶ᠋ᠢᠨ ᠬᠠᠷ᠎ᠠ ᠨᠦᠬᠡ ᠲᠡᠭᠦᠨ ᠵᠦᠭ ᠣᠩᠭᠣᠢᠵᠤ ᠬᠠᠷᠠᠭᠳᠠᠨ᠎ᠠ᠃ ᠬᠠᠢᠷᠠᠲᠤ ᠬᠦᠯᠦᠭ ᠢ᠋ᠶ᠋ᠡᠨ ᠬᠠᠷ᠎ᠠ ᠴᠡᠷᠢᠭ ᠦ᠋ᠨ ᠰᠤᠮᠤᠨ ᠳ᠋ᠤ᠌ ᠠᠯᠳᠠᠭᠰᠠᠨ ᠶᠡᠬᠡ ᠭᠠᠰᠢᠭᠤᠳᠠᠯ ᠤ᠋ᠨ ᠮᠠᠨᠠᠨ ᠳ᠋ᠤ᠌ ᠪᠣᠭᠣᠭᠳᠠᠭᠰᠠᠨ ᠠᠩᠴᠢᠨᠵᠠᠪ ᠪᠡᠶ᠎ᠡ ᠶ᠋ᠢ ᠨᠢ ᠣᠨᠢᠯᠠᠭᠰᠠᠨ ᠫᠤᠤ᠂ ᠪᠦᠰᠡᠯᠡᠬᠦ ᠰᠢᠬᠠᠭᠰᠠᠨ ᠬᠠᠷ᠎ᠠ ᠴᠡᠷᠢᠭ ᠢ᠋ ᠶᠠᠭᠤᠮᠠᠨ ᠳ᠋ᠤ᠌ ᠪᠣᠳᠣᠭ᠎ᠠ ᠦᠭᠡᠢ᠂ ᠮᠠᠩᠭᠢᠰᠤᠨ ᠬᠠᠯᠢᠭᠤᠨ ᠤ᠋ ᠪᠠᠨ ᠬᠣᠢᠨ᠎ᠠ ᠠ᠋ᠴᠠ ᠭᠠᠰᠢᠭᠤᠳᠠᠵᠤ ᠵᠣᠭᠰᠣᠨ᠎ᠠ᠃《 ᠮᠣᠩᠭᠣᠯ ᠡᠷ᠎ᠡ ᠮᠣᠷᠢᠨ ᠠ᠋ᠴᠠ ᠪᠠᠨ ᠰᠠᠯᠤᠭᠰᠠᠨ ᠦᠶ᠎ᠡ ᠳ᠋ᠦ᠍ ᠰᠦᠨᠡᠰᠦ ᠦᠭᠡᠢ ᠬᠥᠮᠦᠨ ᠰᠢᠭ᠁》 ᠭᠡᠵᠦ ᠠᠩᠴᠢᠨᠵᠠᠪ ᠭᠠᠰᠠᠯᠤᠨ ᠪᠣᠳᠣᠬᠤ ᠳ᠋ᠤ᠌ ᠨᠢᠳᠦᠨ ᠳ᠋ᠦ᠍ᠨᠢ ᠳᠠᠬᠢᠭᠠᠳ ᠨᠢᠯᠪᠤᠰᠤ ᠴᠡᠢᠯᠡᠭᠡᠨᠡᠪᠡ᠁  
       ᠰᠡᠭᠦᠯ ᠳ᠋ᠦ᠍ᠨᠢ ᠲᠡᠷᠡ ᠸᠠᠩ ᠰᠣᠬᠣᠷ ᠤ᠋ᠨ ᠴᠡᠷᠢᠭ ᠦ᠋ᠨ ᠠᠳᠤᠭᠤ ᠬᠠᠷᠢᠭᠤᠯᠤᠨ ᠴᠡᠷᠢᠭ ᠦ᠋ᠨ ᠠᠭᠲᠠ ᠰᠤᠷᠭᠠᠵᠤ ᠬᠡᠳᠦᠨ ᠵᠢᠯ ᠡᠯᠡᠭᠡᠭᠰᠡᠨ ᠪᠣᠯᠪᠠᠴᠤ ᠴᠡᠷᠢᠭ ᠦ᠋ᠨ ᠬᠠᠲᠠᠭᠤ ᠠᠯᠪᠠ ᠳ᠋ᠤ᠌ ᠪᠠᠷᠢᠭᠳᠠᠨ ᠭᠡᠷ ᠦ᠋ᠨ ᠪᠠᠷ᠎ᠠ ᠬᠠᠷᠠᠵᠤ ᠡᠵᠢ ᠲᠡᠢ ᠪᠡᠨ ᠣᠴᠢᠵᠤ ᠠᠭᠤᠯᠵᠠᠬᠤ ᠵᠠᠪᠰᠢᠶᠠᠨ ᠣᠯᠤᠭ᠎ᠠ ᠦᠭᠡᠢ᠃ ᠠᠩᠴᠢᠨᠵᠠᠪ ᠠᠳᠤᠭᠤ ᠳᠠᠯᠠᠯᠵᠤ᠂ ᠦᠷᠢᠶ᠎ᠡ ᠬᠠᠭᠠᠷᠢᠬᠤ᠂ ᠤᠨᠠᠭ᠎ᠠ ᠰᠠᠷᠪᠠ ᠲᠠᠮᠠᠭᠠᠯᠠᠬᠤ᠂ ᠡᠮᠨᠢᠭ ᠴᠢᠬᠢᠳᠡᠵᠦ ᠠᠭᠲᠠ ᠰᠤᠷᠭᠠᠬᠤ ᠵᠡᠷᠭᠡ ᠠᠳᠤᠭᠤᠨ ᠤ᠋ ᠦᠢᠯᠡ ᠳ᠋ᠦ᠍ ᠴᠠᠭᠠᠷᠠᠭᠰᠠᠨ ᠢ᠋ ᠬᠥᠮᠦᠰ ᠡᠷᠡᠬᠡᠢ ᠭᠤᠵᠤᠢᠯᠠᠭᠠᠨ ᠱᠠᠭᠰᠢᠳᠠᠭ ᠪᠣᠯᠪᠠ᠃  
     ᠸᠠᠩ ᠰᠣᠬᠣᠷ ᠴᠤ᠌ ᠠᠳᠤᠭᠤᠨ ᠳ᠋ᠤ᠌ ᠬᠠᠰᠢᠷ ᠠᠩᠴᠢᠨᠵᠠᠪ ᠢ᠋ ᠮᠠᠰᠢᠳᠠ ᠲᠣᠭᠣᠵᠤ《 ᠮᠣᠩᠭᠣᠯ ᠬᠣᠰᠢᠭᠤᠳ ᠤ᠋ᠨ ᠸᠠᠩ ᠬᠦᠩ᠂ ᠪᠠᠶᠠᠳ ᠨᠣᠶᠠᠳ ᠤ᠋ᠨ ᠠᠳᠤᠭᠤ ᠶ᠋ᠢ ᠤᠬᠠᠭᠠᠯᠠᠬᠤ ᠳ᠋ᠤ᠌ ᠡᠢᠮᠦ ᠨᠢᠭᠡ ᠰᠠᠢᠨ ᠡᠷ᠎ᠡ ᠪᠠᠢᠬᠤ ᠦᠭᠡᠢ ᠪᠠᠰᠠ ᠪᠣᠯᠬᠤ ᠦᠭᠡᠢ》 ᠭᠡᠵᠦ ᠳᠣᠲᠣᠷ᠎ᠠ ᠪᠠᠨ ᠲᠡᠭᠦᠨ ᠢ᠋ ᠠᠰᠢᠭᠯᠠᠬᠤ ᠤᠬᠠᠭᠠᠨ ᠪᠢᠰᠢᠯᠭᠠᠵᠤ ᠪᠠᠢᠯ᠎ᠠ᠃   
      ᠨᠢᠭᠡ ᠤᠳᠠᠭ᠎ᠠ ᠳᠠᠯᠠᠳ ᠬᠦᠩ ᠦ᠋ᠨ ᠣᠢᠷᠤᠪ ᠪᠠᠶᠠᠨ ᠸᠠᠩ ᠰᠣᠬᠣᠷ ᠬᠣᠶᠠᠭᠤᠯᠠ ᠮᠥᠷᠥᠢ ᠲᠡᠢ ᠴᠠᠭᠠᠰᠤᠨ ᠫᠠᠢ ᠨᠠᠭᠠᠳᠪᠠ᠃ 
      ᠳᠡᠯᠡᠳ ᠬᠦᠩ ᠦ᠋ᠨ ᠣᠢᠷᠤᠪ ᠪᠠᠶᠠᠨ ᠱᠦᠭᠦᠭᠳᠡᠪᠡᠯ ᠸᠠᠩ ᠰᠣᠬᠣᠷ ᠲᠡᠭᠦᠨ ᠦ᠌ ᠠᠳᠤᠭᠤᠨ ᠠ᠋ᠴᠠ ᠠᠷᠪᠠᠨ ᠠᠭᠲᠠ ᠰᠣᠩᠭᠣᠬᠤ᠂ ᠸᠠᠩ ᠰᠣᠬᠣᠷ ᠱᠦᠭᠦᠭᠳᠡᠪᠡᠯ ᠣᠢᠷᠤᠪ ᠲᠡᠭᠦᠨ ᠦ᠌ ᠠᠮᠤ ᠶ᠋ᠢᠨ ᠬᠥᠮᠥᠷᠭᠡ ᠡᠴᠡ ᠠᠷᠪᠠᠨ ᠬᠠᠰᠠᠭ( ᠨᠢᠭᠡ ᠬᠠᠰᠠᠭ ᠠᠷᠪᠠᠨ ᠰᠠᠭᠤᠯᠠᠭ᠎ᠠ) ᠬᠠᠷ᠎ᠠ ᠪᠤᠳᠠᠭ᠎ᠠ ᠲᠡᠭᠡᠭᠡᠬᠦ ᠭᠡᠵᠦ ᠬᠣᠶᠠᠷ ᠲᠠᠯ᠎ᠠ ᠪᠠᠷ ᠢ᠋ᠶ᠋ᠠᠨ ᠠᠮᠠᠯᠳᠠᠨ ᠲᠣᠭᠲᠠᠵᠠᠢ᠃ ᠠᠲᠠᠭ᠎ᠠ ᠪᠠᠭᠯᠠᠭᠰᠠᠨ ᠨᠠᠭᠠᠳᠤᠮ ᠳ᠋ᠤ᠌ ᠠᠵᠠ ᠶ᠋ᠢᠨ ᠲᠩᠷᠢ ᠬᠠᠵᠠᠢᠭᠰᠠᠨ ᠳᠠᠯᠠᠳ ᠬᠦᠩ ᠦ᠋ᠨ ᠣᠢᠷᠤᠪ ᠪᠠᠶᠠᠨ ᠸᠠᠩ ᠰᠣᠬᠣᠷ ᠲᠤ ᠱᠦᠭᠦᠭᠳᠡᠵᠦ ᠠᠳᠤᠭᠤᠨ ᠰᠦᠷᠦᠭ ᠡᠴᠡ ᠪᠡᠨ ᠠᠷᠪᠠᠨ ᠰᠠᠢᠨ ᠠᠭᠲᠠ ᠶᠠᠭᠠᠬᠢᠬᠤ ᠠᠷᠭ᠎ᠠ ᠦᠭᠡᠢ ᠰᠢᠯᠢᠭᠦᠯᠬᠦ ᠪᠣᠯᠪᠠ᠃  
       ᠣᠢᠷᠤᠪ ᠪᠠᠶᠠᠨ ᠬᠣᠷᠣ ᠨᠢ ᠪᠤᠴᠠᠯᠵᠤ᠄ 
       — ᠸᠠᠩ ᠵᠠᠩᠭᠤᠢᠳᠠ ᠴᠢ ᠮᠢᠨᠦ ᠠᠳᠤᠭᠤᠨ ᠠ᠋ᠴᠠ ᠣᠩᠭᠣᠨ ᠬᠠᠷ᠎ᠠ ᠶ᠋ᠢ ᠪᠠᠷᠢᠵᠤ ᠴᠢᠳᠠᠪᠠᠯ ᠪᠢ ᠳᠡᠭᠡᠷ᠎ᠡ ᠨᠢ ᠪᠠᠰᠠ ᠠᠷᠪᠠᠨ ᠠᠭᠲᠠ ᠨᠡᠮᠡᠵᠦ ᠱᠠᠩᠨᠠᠶ᠎ᠠ! ᠭᠡᠵᠦ ᠲᠡᠭᠦᠨ ᠢ᠋ ᠳᠣᠣᠷᠠᠰᠢᠶᠠᠵᠤ ᠬᠡᠯᠡᠪᠡ᠃  
       — ᠲᠠ ᠪᠢᠲᠡᠭᠡᠢ ᠬᠡᠯᠡᠭᠰᠡᠨ ᠢ᠋ᠶ᠋ᠡᠨ ᠮᠠᠯᠵᠢᠵᠤ ᠬᠡᠬᠡᠷᠡᠭᠰᠡᠨ ᠢ᠋ᠶ᠋ᠡᠨ ᠵᠠᠯᠭᠢ! ᠪᠢᠳᠡ ᠫᠠᠢ ᠲᠣᠭᠯᠠᠬᠤ ᠠ᠋ᠴᠠ ᠡᠮᠦᠨ᠎ᠡ ᠲᠣᠪ ᠲᠣᠳᠣᠷᠬᠠᠢ ᠮᠥᠷᠥᠢ ᠲᠣᠭᠲᠠᠴᠢᠬᠠᠭᠠᠳ ᠪᠠᠰᠠ ᠶᠠᠭᠠᠬᠢᠵᠤ ᠪᠠᠢᠭ᠎ᠠ ᠨᠢ ᠡᠨᠡ ᠪᠣᠢ⁈ ᠪᠢ ᠲᠡᠷᠡ ᠣᠩᠭᠣᠨ ᠬᠠᠷ᠎ᠠ ᠶ᠋ᠢ ᠴᠢᠨᠢ ᠤᠷᠭᠠᠯᠠᠵᠤ ᠳᠡᠢᠯᠬᠦ ᠦᠭᠡᠢ ᠪᠣᠯ ᠶᠠᠭᠠᠬᠢᠨ᠎ᠠ ᠪᠣᠢ? ᠠᠷᠪᠠᠨ ᠠᠭᠲᠠ ᠴᠦ᠍ ᠠᠯᠠᠭ᠎ᠠ ᠭᠡᠰᠡᠨ ᠦᠭᠡ ᠤᠤ? ᠭᠡᠵᠦ ᠸᠠᠩ ᠰᠣᠬᠣᠷ ᠶᠡᠬᠡ ᠲᠦᠪᠡᠭᠰᠢᠶᠡᠭᠰᠡᠨ ᠪᠠᠢᠳᠠᠯ ᠲᠠᠢ ᠳᠤᠤᠭᠠᠷᠪᠠᠯ ᠣᠢᠷᠤᠪ ᠪᠠᠶᠠᠨ᠄ 
       — ᠳᠡᠭᠡᠯ ᠯᠡ ᠦᠭᠡᠢ᠂ ᠠᠳᠤᠭᠤᠨ ᠳ᠋ᠤ᠌ ᠮᠢᠨᠢ ᠤᠷᠭ᠎ᠠ ᠲᠥᠷᠥᠵᠦ ᠠᠯᠢ ᠰᠠᠢᠨ ᠠ᠋ᠴᠠ ᠨᠢ ᠰᠢᠯᠢᠬᠦ ᠪᠣᠯᠤᠭᠰᠠᠨ ᠳ᠋ᠤ᠌ ᠪᠢ ᠵᠠᠩᠭᠤᠢᠳᠠ ᠲᠠᠨ ᠳ᠋ᠤ᠌ ᠤᠨᠠᠭᠠᠨ ᠠ᠋ᠴᠠ ᠪᠠᠨ ᠣᠩᠭᠣᠨ ᠭᠦᠶᠦᠭᠰᠡᠨ ᠬᠠᠷ᠎ᠠ ᠠᠵᠢᠷᠭ᠎ᠠ ᠶ᠋ᠢ ᠵᠢᠭᠠᠵᠤ ᠥᠭᠭᠦᠶ᠎ᠡ! ᠤᠷᠭᠠᠯᠠᠵᠤ ᠴᠢᠳᠠᠪᠠᠯ ᠠᠷᠤ ᠠ᠋ᠴᠠ ᠨᠢ ᠬᠣᠷᠢᠨ ᠰᠠᠢᠨ ᠠᠭᠲᠠ ᠬᠣᠯᠪᠣᠵᠤ ᠥᠭᠭᠦᠶ᠎ᠡ! ᠭᠡᠵᠦ ᠲᠠᠰᠤ ᠳᠤᠤᠭᠠᠷᠪᠠ᠃  
       — ᠲᠡᠭᠡᠵᠦ ᠶᠡᠬᠡ ᠰᠠᠨᠠᠬᠤ ᠪᠠᠨ ᠪᠣᠯᠢᠶ᠎ᠠ᠂ ᠱᠦᠭᠦᠭᠰᠡᠨ ᠠᠷᠪᠠᠨ ᠠᠭᠲᠠ ᠪᠠᠨ ᠯᠠ ᠨᠤᠭᠲᠤᠯᠭᠠᠳ ᠮᠣᠷᠳᠠᠶ᠎ᠠ ᠭᠡᠳ ᠸᠠᠩ ᠰᠣᠬᠣᠷ ᠬᠠᠯᠠᠭᠠᠬᠤ ᠦᠭᠡᠢ ᠪᠠᠢᠯ᠎ᠠ᠃ 
       ᠸᠠᠩ ᠰᠣᠬᠣᠷ ᠳᠡᠢᠯᠬᠦ ᠦᠭᠡᠢ ᠭᠡᠳ ᠭᠡᠳᠡᠷᠭᠦᠯᠡᠬᠦ ᠲᠣᠰᠤᠮ ᠣᠢᠷᠤᠪ ᠪᠠᠶᠠᠨ ᠳᠠᠪᠰᠢᠭᠤᠷᠠᠵᠤ《ᠣᠩᠭᠣᠨ ᠬᠠᠷ᠎ᠠ ᠶ᠋ᠢ ᠤᠷᠭᠠᠯᠠᠵᠤ ᠳᠡᠢᠯᠬᠦ ᠦᠭᠡᠢ ᠪᠣᠯ ᠠᠷᠪᠠᠨ ᠠᠭᠲᠠ ᠠᠪᠬᠤ ᠰᠠᠨᠠᠭ᠎ᠠ ᠪᠠᠨ ᠬᠤᠷᠢᠶᠠᠴᠢᠬ᠎ᠠ》 ᠭᠡᠳ ᠮᠥᠷᠥᠢ ᠪᠡᠨ ᠥᠭᠳᠡᠭ ᠦᠭᠡᠢ᠃ ᠲᠡᠷᠡ ᠪᠡᠷ ᠣᠩᠭᠣᠨ ᠬᠠᠷ᠎ᠠ ᠪᠠᠷ ᠢ᠋ᠶ᠋ᠠᠨ ᠪᠡᠮᠪᠡᠢᠯᠡᠵᠦ ᠡᠨᠡ ᠲᠡᠷᠡ ᠴᠡᠷᠢᠭ ᠦ᠋ᠨ ᠠᠭᠲᠠ ᠲᠠᠲᠠᠪᠤᠷᠢᠯᠠᠬᠤ ᠠᠯᠪᠠ ᠶ᠋ᠢ ᠣᠯᠠᠨ ᠤᠳᠠᠭ᠎ᠠ ᠲᠦᠯᠬᠢᠵᠦ ᠥᠩᠭᠡᠷᠡᠭᠰᠡᠨ ᠠᠵᠢ᠃ ᠣᠩᠭᠣᠨ ᠬᠠᠷ᠎ᠠ ᠠᠵᠢᠷᠭ᠎ᠠ ᠭᠡᠭᠴᠢ ᠣᠯᠠᠨ ᠰᠠᠢᠨ ᠠᠳᠤᠭᠤᠴᠢ ᠶ᠋ᠢᠨ ᠤᠷᠭ᠎ᠠ ᠬᠤᠭᠤᠯᠵᠤ ᠴᠡᠷᠢᠭ ᠦ᠋ᠨ ᠠᠭᠲᠠ ᠳ᠋ᠤ᠌ ᠲᠠᠲᠠᠪᠤᠷᠢᠯᠠᠬᠤ ᠠ᠋ᠴᠠ ᠮᠤᠯᠲᠤᠷᠠᠭᠰᠠᠨ ᠡᠵᠡᠨ ᠳ᠋ᠡᠭᠡᠨ ᠭᠠᠪᠢᠶ᠎ᠠ ᠲᠠᠢ ᠬᠡᠴᠡᠭᠦᠦ ᠠᠳᠤᠭᠤᠰᠤ ᠪᠠᠢᠵᠠᠢ᠃  
       ᠠᠩᠴᠢᠨᠵᠠᠪ ᠣᠢᠷᠤᠪ ᠪᠠᠶᠠᠨ ᠤ᠋ ᠠᠳᠤᠭᠤᠨ ᠠ᠋ᠴᠠ ᠣᠩᠭᠣᠨ ᠬᠠᠷ᠎ᠠ ᠶ᠋ᠢ ᠤᠷᠭᠠᠯᠠᠬᠤ ᠪᠠᠷ ᠪᠣᠯᠪᠠ᠃ ᠣᠩᠭᠣᠨ ᠬᠠᠷ᠎ᠠ ᠤᠷᠭ᠎ᠠ ᠨᠠᠬᠢᠯᠵᠠᠬᠤ ᠪᠠᠷ ᠠᠳᠤᠭᠤᠨ ᠳ᠋ᠤ᠌ ᠨᠠᠭᠠᠰᠢ ᠴᠠᠭᠠᠰᠢ ᠬᠣᠯᠬᠢᠵᠤ ᠭᠦᠶᠦᠨ᠎ᠡ᠃ ᠴᠢᠬᠢ ᠪᠡᠨ ᠬᠤᠯᠮᠠᠢᠨ ᠲᠣᠯᠣᠭᠠᠢ ᠪᠠᠨ ᠳᠠᠮᠠᠷᠤᠳᠠᠭᠤᠯᠤᠭᠠᠳ ᠶᠡᠷᠦ ᠨᠢ ᠤᠷᠭ᠎ᠠ ᠶ᠋ᠢᠨ ᠳᠠᠮ ᠳ᠋ᠤ᠌ ᠣᠷᠣᠵᠤ ᠥᠭᠳᠡᠭ ᠦᠭᠡᠢ᠃ ᠡᠴᠦᠰ ᠲᠡᠭᠡᠨ ᠠᠩᠴᠢᠨᠵᠠᠪ ᠠᠳᠤᠭᠤᠨ ᠳᠣᠲᠣᠷ᠎ᠠ ᠪᠦᠲᠦᠨ ᠭᠤᠷᠪᠠ ᠡᠷᠭᠢᠯᠳᠦᠭᠡᠳ ᠣᠩᠭᠣᠨ ᠬᠠᠷ᠎ᠠ ᠠᠵᠢᠷᠭᠠᠨ ᠤ᠋ ᠬᠦᠵᠦᠭᠦᠨ ᠳ᠋ᠦ᠍ ᠤᠷᠭ᠎ᠠ ᠬᠢᠪᠡ᠃ ᠴᠢᠬᠢᠯᠵᠡᠭᠦᠷ ᠬᠦᠵᠦᠭᠦᠨ ᠳ᠋ᠦ᠍ᠨᠢ ᠤᠷᠭ᠎ᠠ ᠶ᠋ᠢᠨ ᠬᠤᠢᠪᠢ ᠲᠣᠷᠣᠯᠳᠤᠭᠰᠠᠨ ᠳ᠋ᠤ᠌ ᠣᠩᠭᠣᠨ ᠬᠠᠷ᠎ᠠ ᠲᠣᠯᠣᠭᠠᠢ ᠪᠠᠨ ᠭᠠᠵᠠᠷ ᠰᠢᠭᠠᠭᠠᠳ ᠦᠬᠦᠨ ᠵᠢᠳᠬᠦᠪᠡ᠃ ᠠᠩᠴᠢᠨᠵᠠᠪ ᠮᠣᠷᠢᠨ ᠤ᠋ ᠪᠠᠨ ᠡᠮᠡᠭᠡᠯ ᠦ᠋ᠨ ᠠᠷᠤ ᠳ᠋ᠤ᠌ ᠯᠠᠪᠳᠠᠭᠤᠬᠠᠨ ᠰᠠᠭᠤᠵᠤ ᠭᠡᠳᠡᠢᠪᠡᠯ ᠨᠥᠭᠦᠭᠡ ᠣᠩᠭᠣᠨ ᠬᠠᠷ᠎ᠠ ᠠᠵᠢᠷᠭ᠎ᠠ ᠵᠢᠳᠬᠦᠵᠦ ᠳᠡᠢᠯᠬᠦ ᠦᠭᠡᠢ ᠪᠡᠨ ᠮᠡᠳᠡᠵᠦ ᠤᠬᠤᠰᠬᠢᠨ ᠡᠷᠭᠢᠵᠦ ᠪᠤᠴᠠᠭᠠᠳ ᠭᠦᠶᠦᠪᠡ᠃ ᠠᠩᠴᠢᠨᠵᠠᠪ ᠣᠩᠭᠣᠨ ᠬᠠᠷ᠎ᠠ ᠠᠵᠢᠷᠭᠠᠨ ᠳ᠋ᠤ᠌ ᠬᠠᠭᠤᠷᠲᠠᠵᠤ ᠪᠤᠴᠠᠵᠤ ᠪᠤᠯᠲᠠᠬᠤ ᠳ᠋ᠤᠨᠢ ᠤᠷᠭ᠎ᠠ ᠪᠠᠨ ᠠᠯᠳᠠᠵᠤ ᠣᠷᠬᠢᠪᠠ᠁ ᠣᠩᠭᠣᠨ ᠬᠠᠷ᠎ᠠ ᠠᠵᠢᠷᠭ᠎ᠠ ᠠᠳᠤᠭᠤᠴᠢᠨ ᠡᠷ᠎ᠡ ᠶ᠋ᠢᠨ ᠭᠠᠷ ᠠ᠋ᠴᠠ ᠤᠷᠭ᠎ᠠ ᠠᠯᠳᠠᠭᠤᠯᠵᠤ ᠰᠤᠷᠤᠭᠰᠠᠨ ᠳ᠋ᠠᠭᠠᠨ ᠡᠷᠳᠦᠵᠦ ᠠᠳᠤᠭᠤᠨ ᠳᠣᠲᠣᠷ᠎ᠠ ᠢᠯᠠᠭᠴᠢ ᠶ᠋ᠢᠨ ᠠᠪᠤᠷᠢᠲᠠᠢ ᠰᠡᠭᠰᠡᠯᠵᠡᠨ ᠳᠠᠪᠬᠢᠨ᠎ᠠ᠃《ᠡᠨᠡ ᠠᠳᠤᠭᠤᠰᠤ ᠴᠦ᠍ ᠶᠣᠰᠣᠲᠠᠢ ᠤᠷᠭ᠎ᠠ ᠬᠤᠭᠤᠯᠵᠤ ᠮᠠᠭᠤ ᠵᠠᠩ ᠰᠤᠷᠤᠭᠰᠠᠨ ᠶᠤᠮ ᠪᠠᠢᠨ᠎ᠠ᠃ ᠵᠠ᠂ ᠪᠠᠢᠵᠠ ᠴᠢᠮ᠎ᠠ ᠳ᠋ᠤ᠌ ᠵᠠᠳᠠᠭᠠᠢ ᠨᠣᠭᠲᠣ  ᠱᠠᠩᠨᠠᠵᠤ ᠤᠷᠭᠢᠶ᠎ᠠ!》 ᠭᠡᠳ ᠠᠩᠴᠢᠨᠵᠠᠪ ᠣᠩᠭᠣᠨ ᠬᠠᠷ᠎ᠠ ᠶ᠋ᠢ ᠴᠢᠭᠯᠡᠨ ᠣᠷᠣᠪᠠ᠁  
       ᠠᠩᠴᠢᠨᠵᠠᠪ ᠣᠩᠭᠣᠨ ᠬᠠᠷ᠎ᠠ ᠶ᠋ᠢ ᠤᠷᠭᠠᠯᠠᠵᠤ ᠠᠪᠤᠭᠠᠳ ᠠᠯᠳᠠᠵᠤ ᠲᠠᠭᠤᠭᠰᠠᠨ ᠢ᠋ ᠲᠣᠳᠣᠷᠬᠠᠢ ᠬᠠᠷᠠᠵᠤ ᠵᠣᠭᠰᠣᠭᠰᠠᠨ ᠣᠢᠷᠣᠪ ᠪᠠᠶᠠᠨ ᠠᠯᠠᠭ᠎ᠠ ᠲᠡᠰᠢᠵᠦ《ᠵᠠ᠂ ᠶᠠᠮᠠᠷ ᠪᠣᠢ? ᠪᠠᠷᠤᠭ ᠤ᠋ᠨ ᠡᠷᠡᠰ ᠦ᠋ᠳ ᠣᠩᠭᠣᠨ ᠬᠠᠷ᠎ᠠ ᠳ᠋ᠤ᠌ ᠬᠠᠭᠤᠷᠲᠠᠵᠤ ᠤᠷᠭ᠎ᠠ ᠪᠠᠨ ᠬᠤᠭᠤᠯᠵᠤ ᠣᠷᠬᠢᠳᠠᠭ ᠶᠤᠮ ᠠ᠋》 ᠭᠡᠵᠦ ᠸᠠᠩ ᠰᠣᠬᠣᠷ ᠲᠤ᠌ ᠰᠣᠨᠣᠰᠬᠠᠨ᠎ᠠ᠃ 
       一 ᠠᠩᠴᠢᠨᠵᠠᠪ᠂ ᠪᠤᠳᠠᠭᠠᠨ ᠤ᠋ ᠲᠤᠯᠤᠮ᠁ ᠭᠡᠵᠦ ᠬᠠᠷᠢᠶᠠᠯ ᠲᠠᠯᠪᠢᠭᠰᠠᠨ ᠸᠠᠩ ᠰᠣᠬᠣᠷ ᠣᠢᠷᠣᠪ ᠪᠠᠶᠠᠨ ᠢ᠋ᠶ᠋ᠠᠷ ᠬᠣᠷᠣ ᠪᠠᠨ ᠮᠠᠯᠲᠠᠭᠤᠯᠤᠭᠰᠠᠨ ᠳ᠋ᠠᠭᠠᠨ ᠬᠠᠮᠠᠷ ᠳᠡᠭᠡᠷ᠎ᠡ ᠨᠢ ᠬᠥᠯᠥᠰᠥ ᠪᠤᠷᠴᠠᠭᠯᠠᠨ᠎ᠠ᠃ ᠲᠡᠭᠡᠵᠦ ᠪᠠᠢᠲᠠᠯ᠎ᠠ ᠴᠠᠭᠠᠨ᠎ᠠ ᠬᠥᠮᠦᠰ ᠪᠤᠵᠢᠭᠢᠨᠠᠯᠳᠤᠵᠤ᠄     
       一 ᠬᠥᠶᠢ᠂ ᠥᠨᠥᠬᠢ ᠴᠢᠨᠢ ᠣᠩᠭᠣᠨ ᠬᠠᠷ᠎ᠠ ᠠᠵᠢᠷᠭᠠᠨ ᠤ᠋ ᠨᠢᠷᠤᠭᠤᠨ ᠳᠡᠭᠡᠷ᠎ᠡ ᠭᠠᠷᠴᠢᠬᠠᠭᠠᠳ ᠪᠤᠯᠭᠢᠭᠤᠯᠵᠤ ᠠᠢᠰᠤᠢ! ᠭᠡᠵᠡᠭᠡᠨ᠎ᠡ᠃  
       ᠪᠦᠭᠦᠳᠡ ᠬᠥᠮᠦᠰ ᠲᠡᠷᠡ ᠬᠦ᠌ ᠲᠣᠭᠣᠰᠣ ᠪᠤᠵᠢᠭᠢᠨᠠᠭᠰᠠᠨ ᠵᠦᠭ ᠬᠠᠷᠠᠬᠤᠯ᠎ᠠ ᠠᠩᠴᠢᠨᠵᠠᠪ ᠣᠩᠭᠣᠨ ᠬᠠᠷ᠎ᠠ ᠠᠵᠢᠷᠭᠠᠨ ᠤ᠋ ᠨᠢᠷᠤᠭᠤᠨ ᠳᠡᠭᠡᠷ᠎ᠡ ᠱᠠᠯᠵᠠᠨ ᠬᠠᠳᠠᠭᠠᠰᠤ ᠪᠠᠷ ᠬᠠᠲᠠᠴᠢᠬᠠᠭᠰᠠᠨ ᠶᠤᠮ ᠰᠢᠭ᠋ ᠬᠥᠳᠡᠯᠬᠦ ᠴᠦ᠍ ᠦᠭᠡᠢ ᠪᠤᠯᠭᠢᠭᠤᠯᠤᠨ᠎ᠠ᠁     
        ᠤᠤᠯ ᠨᠢ ᠠᠩᠴᠢᠨᠵᠠᠪ ᠣᠩᠭᠣᠨ ᠬᠠᠷ᠎ᠠ ᠠᠵᠢᠷᠭᠠᠨ ᠳ᠋ᠤ᠌ ᠵᠠᠳᠠᠭᠠᠢ ᠨᠣᠭᠲᠣ ᠬᠠᠶᠠᠵᠤ ᠨᠣᠭᠲᠣᠯᠠᠭᠠᠳ ᠳᠡᠭᠡᠷ᠎ᠡ ᠨᠢ ᠵᠠᠢᠳᠠᠯᠠᠭᠰᠠᠨ ᠪᠠᠢᠯ᠎ᠠ᠃     
        ᠴᠣᠷᠣᠢᠨ ᠪᠤᠯᠭᠢᠭᠰᠠᠨ ᠣᠩᠭᠣᠨ ᠬᠠᠷ᠎ᠠ ᠠᠵᠢᠷᠭ᠎ᠠ ᠶ᠋ᠢᠨ ᠭᠠᠵᠠᠷ ᠰᠢᠭᠦᠷᠡᠭᠰᠡᠨ ᠬᠤᠷ ᠳᠡᠯ ᠪᠠ ᠲᠤᠭ ᠰᠡᠭᠦᠯ ᠨᠢ ᠰᠡᠭᠰᠡᠯᠵᠡᠵᠦ ᠳᠡᠭᠡᠷ᠎ᠡ ᠨᠢ ᠰᠠᠭᠤᠭᠰᠠᠨ ᠠᠩᠴᠢᠨᠵᠠᠪ ᠤ᠋ᠨ ᠰᠠᠳᠠᠷᠠᠭᠰᠠᠨ ᠭᠡᠵᠢᠭᠡ ᠨᠢ ᠬᠠᠷ᠎ᠠ ᠠᠵᠢᠷᠭᠠᠨ ᠤ᠋ ᠪᠤᠯᠬᠢᠶᠠᠨ ᠳ᠋ᠤ᠌ ᠳᠡᠯᠪᠡᠰ ᠳᠡᠯᠪᠡᠰ ᠬᠡᠢᠰᠬᠦ ᠶ᠋ᠢ ᠬᠠᠷᠠᠭᠰᠠᠨ ᠨᠢᠭᠡ ᠨᠢ ᠠᠩᠴᠢᠨᠵᠠᠪ ᠢ᠋《ᠠᠵᠢᠷᠭᠠᠨ ᠬᠠᠷ᠎ᠠ》 ᠭᠡᠵᠦ ᠬᠣᠴᠢᠯᠠᠵᠤ ᠵᠠᠪᠳᠤᠪᠠ᠃ ᠲᠡᠭᠡᠭᠡᠳ ᠣᠢᠷᠣᠪ ᠪᠠᠶᠠᠨ ᠸᠠᠩ ᠰᠣᠬᠣᠷ ᠲᠤ ᠮᠥᠷᠥᠢ ᠱᠦᠭᠦᠭᠳᠡᠭᠡᠳ ᠣᠩᠭᠣᠨ ᠬᠠᠷ᠎ᠠ ᠳᠡᠭᠡᠷ᠎ᠡ ᠪᠡᠨ ᠬᠣᠷᠢᠨ ᠠᠭᠲᠠ ᠠᠯᠳᠠᠪᠠ᠃《 ᠠᠵᠢᠷᠭᠠᠨ ᠬᠠᠷ᠎ᠠ》 ᠭᠡᠭᠴᠢ ᠠᠩᠴᠢᠨᠵᠠᠪ ᠣᠩᠭᠣᠨ ᠬᠠᠷ᠎ᠠ ᠠᠵᠢᠷᠭ᠎ᠠ ᠶ᠋ᠢ ᠨᠣᠭᠲᠣᠯᠠᠵᠤ ᠵᠠᠢᠳᠠᠯᠠᠭᠰᠠᠨ ᠦᠨᠡᠨ ᠦᠯᠢᠭᠡᠷ ᠳᠠᠮ ᠳᠠᠮ ᠳᠡᠮᠵᠢᠵᠦ ᠶᠠᠪᠤᠨ ᠤᠷᠠᠳ ᠤ᠋ᠨ ᠪᠠᠷᠠᠭᠤᠨ ᠬᠦᠩ ᠦᠭᠡᠢ ᠨᠡᠢᠳᠡᠮ ᠲᠠᠷᠬᠠᠭᠰᠠᠨ ᠪᠠᠢᠯ᠎ᠠ᠃  
       ᠬᠡᠵᠢᠶ᠎ᠡ ᠬᠣᠢᠨ᠎ᠠ ᠣᠢᠷᠣᠪ ᠪᠠᠶᠠᠨ ᠸᠠᠩ ᠰᠣᠬᠣᠷ ᠲᠤ ᠨᠠᠶᠠᠨ ᠴᠢᠩ ᠭᠠᠵᠠᠷ ᠳᠡᠭᠡᠰᠦᠯᠡᠵᠦ ᠥᠭᠭᠦᠨ《 ᠠᠵᠢᠷᠭᠠᠨ ᠬᠠᠷ᠎ᠠ》 ᠠᠩᠴᠢᠨᠵᠠᠪ ᠢ᠋ ᠠᠳᠤᠭᠤᠴᠢᠨ ᠢ᠋ᠶ᠋ᠠᠨ ᠪᠣᠯᠭᠠᠯ᠎ᠠ ᠭᠡᠵᠦ ᠬᠥᠮᠦᠰ ᠬᠡᠯᠡᠯᠴᠡᠳᠡᠭ᠃  

         ᠦᠰᠦᠭ ᠠᠮᠢᠯᠠᠭᠤᠯᠤᠭᠰᠠᠨ ᠨᠢ᠄ ᠣᠳᠣᠨᠬᠤᠸᠠᠷ᠂ ᠳᠠᠪᠰᠢᠯᠲᠦ᠂ ᠪᠠᠭᠠᠲᠤᠷ